9 ᠳ᠋ᠤᠭᠡᠷ ᠰᠠᠷ᠎ᠠ ᠵᠢᠨ 29᠎ᠤ ᠡᠳᠤᠷ᠂ ᠦᠪᠡᠷᠳᠡᠭᠡᠨ ᠵᠠᠰᠠᠬᠤ ᠤᠷᠤᠨ᠎ᠤ ᠲᠡᠤᠭᠡ ᠵᠢᠨ ᠲᠤᠷᠠᠰᠬᠠᠯᠳᠤ ᠵᠦᠢ᠍ᠯᠡᠰ ᠬᠠᠭᠤᠴᠢ ᠰᠤᠳᠤᠯᠤᠯ᠎ᠤᠨ ᠬᠦᠷᠢᠶᠡᠯᠡᠩ᠎ᠤᠨ ᠬᠠᠭᠤᠴᠢ ᠰᠤᠳᠤᠯᠤᠯ᠎ᠤᠨ ᠵᠠᠭᠪᠤᠷ᠎ᠤᠨ ᠬᠦᠮᠦᠷᠭᠡ ᠵᠢᠨ ᠪᠦᠳᠦᠭᠡᠨ ᠪᠠᠶ᠋ᠢᠭᠤᠯᠤᠯᠳᠠ ᠵᠢᠨ ᠲᠦᠷᠦᠯ ᠵᠦᠢ᠍ᠯ᠎ᠢ ᠤᠷᠳᠤᠰ ᠬᠤᠳᠠ ᠵᠢᠨ ᠡᠵᠡᠨ ᠬᠤᠷᠤᠭ᠎ᠠ ᠬᠤᠰᠢᠭᠤᠨ᠎ᠳᠤ ᠵᠢᠩᠬᠢᠨᠢ᠎ᠪᠠᠷ ᠡᠬᠢᠯᠡᠭᠦᠯᠪᠠ᠂ ᠡᠨᠡ ᠪᠤᠯ ᠮᠠᠨ᠎ᠤ ᠤᠷᠤᠨ᠎ᠤ ᠤᠯᠤᠰ᠎ᠤᠨ ᠲᠡᠤᠭᠡ ᠵᠢᠨ ᠲᠤᠷᠠᠰᠬᠠᠯᠳᠤ ᠵᠦᠢ᠍ᠯᠡᠰ᠎ᠢ ᠬᠠᠮᠠᠭ᠋ᠠᠯᠠᠬᠤ ᠪᠠᠶ᠋ᠢᠯᠳᠤᠬᠤ ᠪᠤᠳᠤᠯᠭ᠎ᠠ ᠵᠢ ᠲᠤᠭᠤᠰᠢᠯᠠᠭᠤᠯᠤᠨ ᠨᠠᠶ᠋ᠢᠳᠠᠪᠤᠷᠢᠵᠢᠭᠤᠯᠵᠤ᠂ ᠬᠠᠭᠤᠴᠢ ᠰᠤᠳᠤᠯᠤᠯ᠎ᠤᠨ ᠦᠢ᠍ᠯᠡᠰ᠎ᠤᠨ ᠴᠢᠨᠠᠷ ᠰᠠᠶ᠋ᠢᠳᠠᠢ ᠭᠦᠭᠵᠢᠯᠳᠠ ᠵᠢ ᠠᠬᠢᠭᠤᠯᠬᠤ ᠴᠢᠬᠤᠯᠠ ᠠᠷᠭ᠎ᠠ ᠪᠠᠷᠢᠯ ᠪᠤᠯᠤᠨ᠎ᠠ᠃
ᠥᠪᠡᠷᠲᠡᠭᠡᠨ ᠵᠠᠰᠠᠬᠤ ᠣᠷᠣᠨ᠎ᠤ ᠲᠡᠤᠬᠡ ᠵᠢᠨ ᠳᠤᠷᠠᠰᠬᠠᠯᠲᠤ ᠵᠦᠢ᠍ᠯᠡᠰ᠎ᠤᠨ ᠬᠠᠭᠤᠴᠢ ᠰᠤᠳᠤᠯᠤᠯ᠎ᠤᠨ ᠰᠤᠳᠤᠯᠭ᠋ᠠᠨ᠎ᠤ ᠬᠦᠷᠢᠶᠡᠯᠡᠩ᠎ᠤᠨ ᠬᠠᠭᠤᠴᠢ ᠰᠤᠳᠤᠯᠤᠯ᠎ᠤᠨ ᠵᠠᠭᠪᠤᠷ᠎ᠤᠨ ᠬᠥᠮᠥᠷᠭᠡ ᠵᠢᠨ ᠪᠥᠲᠥᠭᠡᠨ ᠪᠠᠶ᠋ᠢᠭᠤᠯᠤᠯᠲᠠ ᠵᠢᠨ ᠲᠥᠷᠥᠯ ᠵᠦᠢ᠍ᠯ ᠪᠣᠯ ᠤᠯᠤᠰ᠎ᠤᠨ 《ᠠᠷᠪᠠᠨ ᠳᠥᠷᠪᠡᠳᠦᠭᠡᠷ ᠲᠠᠪᠤᠨ ᠵᠢᠯ》᠎ᠤᠨ ᠲᠥᠯᠥᠪᠵᠢᠭᠦᠯᠭᠡ᠎ᠳᠤ ᠲᠣᠳᠣᠷᠬᠠᠶ ᠳᠤᠷᠠᠳᠤᠭᠰᠠᠨ 《ᠤᠯᠤᠰ᠎ᠤᠨ ᠭᠤᠤᠯᠳᠠᠯᠭ᠎ᠠ᠎ᠲᠠᠢ ᠣᠷᠣᠨ ᠪᠦᠰᠡ ᠵᠢᠨ ᠬᠠᠭᠤᠴᠢ ᠰᠤᠳᠤᠯᠤᠯ᠎ᠤᠨ ᠬᠡᠪ ᠵᠠᠭᠪᠤᠷ᠎ᠤᠨ ᠬᠥᠮᠥᠷᠭᠡ ᠵᠢ ᠪᠠᠶ᠋ᠢᠭᠤᠯᠬᠤ》 ᠴᠢᠬᠤᠯᠠ ᠪᠦᠷᠢᠯᠳᠦᠬᠦᠨ ᠬᠡᠰᠡᠭ ᠮᠥᠨ᠂ ᠡᠨᠡ᠎ᠨᠢ ᠤᠯᠤᠰ᠎ᠠᠴᠠ ᠥᠪᠥᠷ ᠮᠣᠩᠭᠤᠯ᠎ᠤᠨ ᠲᠡᠤᠬᠡ ᠵᠢᠨ ᠳᠤᠷᠠᠰᠬᠠᠯᠲᠤ ᠵᠦᠢ᠍ᠯᠡᠰ᠎ᠤᠨ ᠬᠠᠭᠤᠴᠢ ᠰᠤᠳᠤᠯᠤᠯ᠎ᠤᠨ ᠠᠵᠢᠯ᠎ᠢ ᠳᠡᠭᠡᠳᠦ ᠬᠡᠮᠵᠢᠶ᠎ᠡ᠎ᠪᠠᠷ ᠴᠢᠬᠤᠯᠠᠴᠢᠯᠠᠵᠤ ᠪᠠᠶ᠋ᠢᠬᠤ ᠵᠢ ᠭᠦᠢ᠍ᠴᠡᠳ ᠬᠠᠷᠠᠭᠤᠯᠵᠤ ᠪᠠᠶ᠋ᠢᠨ᠎ᠠ᠃ ᠲᠥᠷᠥᠯ ᠵᠦᠢ᠍ᠯ ᠪᠠᠶ᠋ᠢᠭᠤᠯᠤᠭᠳᠠᠭᠰᠠᠨ᠎ᠤ ᠳᠠᠷᠠᠭ᠎ᠠ ᠮᠠᠨ᠎ᠤ ᠣᠷᠣᠨ᠎ᠤ ᠬᠠᠭᠤᠴᠢ ᠰᠤᠳᠤᠯᠤᠯ᠎ᠠᠴᠠ ᠮᠠᠯᠲᠠᠵᠤ ᠭᠠᠷᠭ᠋ᠠᠭᠰᠠᠨ ᠴᠢᠯᠠᠭᠤᠨ ᠬᠡᠷᠡᠭᠰᠡᠯ᠂ ᠸᠠᠭ᠋ᠠᠷ ᠰᠠᠪᠠ᠂ ᠱᠠᠭ᠋ᠠᠵᠠᠩ ᠰᠠᠪᠠ᠂ ᠵᠡᠰ ᠲᠡᠮᠦᠷ ᠡᠳ᠋ᠯᠡᠯ᠂ ᠰᠢᠷᠳᠡᠮᠡᠯ ᠰᠠᠪᠠ᠂ ᠲᠣᠷᠭ᠋ᠠᠨ ᠨᠡᠬᠡᠮᠡᠯ ᠵᠡᠷᠭᠡ ᠡᠯ᠎ᠡ ᠲᠥᠷᠥᠯ᠎ᠤᠨ ᠲᠡᠤᠬᠡ ᠵᠢᠨ ᠳᠤᠷᠠᠰᠬᠠᠯᠲᠤ ᠵᠦᠢ᠍ᠯ᠎ᠢ ᠡᠮᠬᠢᠯᠡᠬᠦ᠂ ᠵᠠᠰᠠᠨ ᠰᠡᠷᠭᠦᠭᠡᠬᠦ ᠪᠠ ᠬᠠᠳᠠᠭ᠋ᠠᠯᠠᠬᠤ᠎ᠳᠤ ᠲᠤᠰᠬᠠᠶ᠋ᠢᠯᠠᠨ ᠬᠡᠷᠡᠭᠯᠡᠵᠦ᠂ ᠲᠡᠤᠬᠡ ᠵᠢᠨ ᠳᠤᠷᠠᠰᠬᠠᠯᠲᠤ ᠵᠦᠢ᠍ᠯ᠎ᠢ ᠬᠠᠮᠠᠭ᠋ᠠᠯᠠᠬᠤ᠎ᠳᠤ ᠪᠠᠲᠤ ᠪᠠᠬᠢ ᠪᠠᠲᠤᠯᠠᠭ᠎ᠠ ᠬᠠᠩᠭ᠋ᠠᠵᠤ ᠦᠭᠴᠡᠢ᠃ ᠡᠭᠦᠨ᠎ᠤ ᠬᠠᠮᠲᠤ᠂ ᠲᠣᠰ ᠲᠥᠷᠥᠯ ᠵᠦᠢ᠍ᠯ᠎ᠨᠢ ᠮᠠᠨ᠎ᠤ ᠣᠷᠣᠨ᠎ᠤ ᠬᠠᠭᠤᠴᠢ ᠰᠤᠳᠤᠯᠤᠯ᠎ᠤᠨ ᠰᠤᠳᠤᠯᠭ᠋ᠠᠨ᠎ᠤ ᠰᠠᠭᠤᠷᠢ ᠪᠡᠯᠡᠳᠬᠡᠮᠵᠢ ᠵᠢᠨ ᠰᠢᠰᠲ᠋ᠧᠮᠵᠢ ᠵᠢ ᠪᠦᠲᠦᠮᠵᠢᠲᠡᠶ ᠲᠡᠭᠦᠯᠳᠡᠷᠵᠢᠭᠦᠯᠵᠦ᠂ ᠥᠪᠥᠷ ᠮᠣᠩᠭᠤᠯ᠎ᠤᠨ ᠥᠪᠡᠷᠲᠡᠭᠡᠨ ᠵᠠᠰᠠᠬᠤ ᠣᠷᠣᠨ᠎ᠤ ᠲᠡᠤᠬᠡ ᠵᠢᠨ ᠳᠤᠷᠠᠰᠬᠠᠯᠲᠤ ᠵᠦᠢ᠍ᠯᠡᠰ᠎ᠤᠨ ᠬᠠᠭᠤᠴᠢ ᠰᠤᠳᠤᠯᠤᠯ᠎ᠤᠨ ᠬᠦᠷᠢᠶᠡᠯᠡᠩ᠎ᠤᠨ ᠲᠡᠤᠬᠡ ᠵᠢᠨ ᠳᠤᠷᠠᠰᠬᠠᠯᠲᠤ ᠵᠦᠢ᠍ᠯᠡᠰ᠎ᠢ ᠰᠡᠷᠭᠦᠭᠡᠨ ᠬᠠᠮᠠᠭ᠋ᠠᠯᠠᠬᠤ᠂ ᠬᠠᠭᠤᠴᠢ ᠰᠤᠳᠤᠯᠤᠯ᠎ᠤᠨ ᠮᠠᠲ᠋ᠧᠷᠢᠶᠠᠯ᠎ᠢ ᠡᠮᠬᠢᠯᠡᠬᠦ ᠲᠠᠯ᠎ᠠ᠎ᠪᠠᠷ᠎ᠬᠢ ᠬᠢᠷᠢ ᠲᠦᠪᠰᠢᠨ᠎ᠢ ᠢᠯᠡᠳᠲᠡ ᠳᠡᠭᠡᠭᠰᠢᠯᠡᠭᠦᠯᠵᠦ᠂ ᠪᠥᠬᠦ ᠣᠷᠣᠨ᠎ᠤ ᠲᠠᠷᠠᠬᠠᠶ ᠪᠤᠲᠠᠷᠬᠠᠶ ᠲᠡᠤᠬᠡ ᠵᠢᠨ ᠳᠤᠷᠠᠰᠬᠠᠯᠲᠤ ᠵᠦᠢ᠍ᠯᠡᠰ᠎ᠤᠨ ᠡᠬᠢ ᠪᠠᠶᠠᠯᠢᠭ᠎ᠢ ᠰᠢᠰᠲ᠋ᠧᠮ᠎ᠲᠠᠢ᠎ᠪᠠᠷ ᠡᠮᠬᠢᠯᠡᠨ ᠨᠡᠶ᠋ᠢᠯᠡᠭᠦᠯᠬᠦ ᠵᠢ ᠤᠯᠠᠮ ᠨᠢᠭᠡ ᠠᠯᠬᠤᠮ ᠳᠥᠯᠭᠢᠨ ᠠᠬᠢᠭᠤᠯᠵᠤ᠂ ᠠᠵᠢᠯᠯᠠᠭ᠋ᠠᠨ᠎ᠤ ᠥᠪᠡᠷ᠎ᠤᠨ ᠥᠷᠲᠡᠭ᠎ᠢ ᠵᠦᠶ ᠵᠣᠬᠢᠰᠲᠠᠶ ᠠᠷᠪᠢᠯᠠᠬᠤ ᠵᠢ ᠪᠡᠶᠡᠯᠡᠭᠦᠯᠦᠨ᠂ ᠲᠡᠤᠬᠡ ᠵᠢᠨ ᠳᠤᠷᠠᠰᠬᠠᠯᠲᠤ ᠵᠦᠢ᠍ᠯᠡᠰ᠎ᠢ ᠬᠠᠮᠠᠭ᠋ᠠᠯᠠᠬᠤ ᠪᠠ ᠰᠤᠳᠤᠯᠬᠤ ᠠᠵᠢᠯ᠎ᠤᠨ ᠭᠦᠨᠵᠡᠭᠡᠶ ᠠᠭᠤᠰᠤᠯᠴᠠᠯ᠎ᠢ ᠴᠢᠩᠭ᠋ᠠᠷᠠᠭᠤᠯᠬᠤ ᠪᠣᠯᠤᠨ᠎ᠠ᠃
ᠲᠣᠰ ᠲᠥᠷᠥᠯ ᠵᠦᠢ᠍ᠯ᠎ᠤᠨ ᠭᠠᠵᠠᠷ᠎ᠢ ᠣᠷᠳᠣᠰ᠎ᠤᠨ ᠰᠣᠶᠣᠯ᠎ᠤᠨ ᠠᠵᠤ ᠦᠢ᠍ᠯᠡᠰ᠎ᠤᠨ ᠬᠦᠷᠢᠶᠡᠯᠡᠩ ᠲᠣᠭᠤᠷᠢᠭ᠎ᠲᠤ ᠰᠣᠩᠭᠤᠵᠤ᠂ ᠬᠡᠷᠡᠭᠯᠡᠭᠰᠡᠨ ᠶᠡᠷᠦᠩᠬᠡᠶ ᠲᠠᠯᠠᠪᠠᠶ᠎ᠨᠢ 38269 ᠲᠡᠭᠰᠢ ᠳᠥᠷᠪᠡᠯᠵᠢᠨ ᠮᠸᠲᠷ᠎ᠲᠤ ᠬᠦᠷᠴᠦ᠂ ᠶᠡᠷᠦᠩᠬᠡᠶ ᠪᠠᠷᠢᠯᠭ᠎ᠠ ᠵᠢᠨ ᠲᠠᠯᠠᠪᠠᠶ᠎ᠨᠢ 7273.92 ᠲᠡᠭᠰᠢ ᠳᠥᠷᠪᠡᠯᠵᠢᠨ ᠮᠸᠲᠷ ᠪᠠᠶ᠋ᠢᠵᠤ᠂ ᠭᠤᠤᠯ ᠪᠣᠯᠬᠤ ᠪᠥᠲᠥᠭᠡᠨ ᠪᠠᠶ᠋ᠢᠭᠤᠯᠤᠯᠲᠠ ᠵᠢᠨ ᠠᠭᠤᠯᠭ᠎ᠠ᠎ᠳᠤ ᠰᠢᠨ᠎ᠡ᠎ᠪᠠᠷ ᠪᠠᠶ᠋ᠢᠭᠤᠯᠤᠭᠰᠠᠨ ᠲᠡᠤᠬᠡ ᠵᠢᠨ ᠳᠤᠷᠠᠰᠬᠠᠯᠲᠤ ᠵᠦᠢ᠍ᠯᠡᠰ᠎ᠤᠨ ᠵᠠᠭᠪᠤᠷ᠎ᠤᠨ ᠬᠥᠮᠥᠷᠭᠡ᠂ ᠲᠡᠤᠬᠡ ᠵᠢᠨ ᠳᠤᠷᠠᠰᠬᠠᠯᠲᠤ ᠵᠦᠢ᠍ᠯᠡᠰ᠎ᠤᠨ ᠬᠠᠮᠠᠭ᠋ᠠᠯᠠᠯᠲᠠ ᠵᠢᠨ ᠲᠤᠷᠰᠢᠯᠲᠠ ᠵᠢᠨ ᠣᠷᠣᠨ ᠵᠡᠷᠭᠡ ᠵᠢ ᠪᠠᠭᠲᠠᠭ᠋ᠠᠵᠤ᠂ ᠭᠠᠵᠠᠷ ᠳᠡᠭᠡᠷᠡᠬᠢ ᠬᠤᠶᠠᠷ ᠳᠠᠪᠬᠤᠷ ᠪᠠᠷᠢᠯᠭ᠎ᠠ᠎ᠪᠠᠷ ᠲᠥᠯᠥᠪᠵᠢᠭᠦᠯᠪᠡ᠃

ᠡᠭᠦᠨ᠎ᠠᠴᠠ ᠭᠠᠳᠠᠨ᠎ᠠ᠂ ᠲᠣᠰ ᠲᠥᠷᠥᠯ ᠵᠦᠢ᠍ᠯ᠎ᠤᠨ ᠪᠥᠲᠥᠭᠡᠨ ᠪᠠᠶ᠋ᠢᠭᠤᠯᠤᠯᠲᠠ᠎ᠨᠢ ᠪᠠᠰᠠ ᠠᠷᠠᠳ᠎ᠤᠨ ᠠᠮᠢᠳᠤᠷᠠᠯ᠎ᠳᠤ ᠴᠢᠬᠤᠯᠠ ᠠᠴᠢ ᠬᠤᠯᠪᠣᠭᠳᠠᠯ᠎ᠲᠠᠢ ᠶᠤᠮ᠂ ᠮᠠᠨ᠎ᠤ ᠣᠷᠣᠨ᠎ᠤ ᠬᠤᠪᠣᠷ ᠨᠠᠨᠳᠢᠨ ᠲᠡᠤᠬᠡ ᠵᠢᠨ ᠳᠤᠷᠠᠰᠬᠠᠯᠲᠤ ᠵᠦᠢ᠍ᠯᠡᠰ᠎ᠨᠢ 《ᠰᠢᠨ᠎ᠡ ᠪᠠᠢ᠌ᠷᠢ᠎ᠳᠤ ᠤᠷᠤᠭᠰᠠᠨ》 ᠮᠥᠷᠲᠡᠭᠡᠨ ᠪᠠᠰᠠ ᠲᠡᠤᠬᠡ ᠵᠢᠨ ᠳᠤᠷᠠᠰᠬᠠᠯᠲᠤ ᠵᠦᠢ᠍ᠯ᠎ᠤᠨ ᠬᠠᠳᠠᠭ᠋ᠠᠯᠠᠬᠤ ᠣᠷᠴᠢᠨ ᠲᠣᠭᠤᠷᠢᠨ᠎ᠢ ᠲᠦᠢ᠍ᠯ᠎ᠤᠨ ᠶᠡᠭᠡ᠎ᠪᠠᠷ ᠰᠠᠶ᠋ᠢᠵᠢᠷᠠᠭᠤᠯᠵᠠᠢ᠃ ᠢᠷᠡᠭᠡᠳᠦᠢ᠎ᠳᠤ᠂ ᠠᠳᠡ ᠥᠪᠥᠷ ᠮᠣᠩᠭᠤᠯ᠎ᠤᠨ ᠲᠡᠦᠬᠡ ᠰᠣᠶᠣᠯ᠎ᠤᠨ 《ᠬᠠᠳᠠᠭ᠋ᠠᠯᠠᠨ ᠬᠠᠮᠢᠶᠠᠷᠬᠤ ᠬᠥᠮᠥᠷᠭᠡ》 ᠪᠣᠯᠤᠨ 《ᠮᠡᠳᠡᠯᠭᠡ ᠵᠢᠨ ᠴᠣᠩᠬᠤ》 ᠪᠤᠯᠵᠤ᠂ ᠲᠡᠦᠬᠡ ᠵᠢᠨ ᠳᠤᠷᠠᠰᠬᠠᠯᠲᠤ ᠵᠦᠢ᠍ᠯᠡᠰ᠎ᠤᠨ ᠬᠠᠮᠠᠭ᠋ᠠᠯᠠᠯᠲᠠ ᠵᠢᠨ ᠦᠷ᠎ᠡ ᠪᠦᠲᠦᠭᠡᠯ᠎ᠢ ᠥᠷᠭᠡᠨ ᠤᠯᠠᠨ ᠠᠷᠠᠳ ᠲᠦᠮᠡᠨ᠎ᠳᠤ ᠨᠡᠩ ᠤᠯᠠᠨ ᠨᠡᠩ ᠭᠤᠣᠯᠴᠢ᠎ᠪᠠᠷ ᠬᠦᠷᠲᠡᠭᠡᠬᠦ ᠵᠢ ᠠᠬᠢᠭᠤᠯᠵᠤ᠂ ᠳᠤᠮᠳᠠᠳᠤ ᠵᠢᠨ ᠰᠢᠯᠢᠳᠡᠭ ᠤᠯᠠᠮᠵᠢᠯᠠᠯᠲᠤ ᠰᠣᠶᠣᠯ᠎ᠢ ᠤᠯᠠᠮᠵᠢᠯᠠᠨ ᠪᠠᠳᠠᠷᠠᠭᠤᠯᠬᠤ᠂ ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠴᠣᠭᠴᠠ ᠵᠢᠨ ᠤᠬᠠᠮᠰᠠᠷ᠎ᠢ ᠪᠠᠲᠤ ᠴᠣᠭᠴᠠᠯᠠᠬᠤ᠎ᠳᠤ ᠢᠳᠡᠪᠬᠢᠲᠡᠢ ᠬᠤᠪᠢ ᠨᠡᠮᠡᠷᠢ ᠦᠵᠡᠭᠦᠯᠬᠦ ᠪᠣᠯᠤᠨ᠎ᠠ᠃