ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠰᠤᠷᠠᠭ ᠵᠠᠩᠬᠢ
ᠬᠡᠷᠡᠭᠯᠡᠭᠡ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠲᠡᠷᠢᠭᠦᠨ ᠬᠠᠭᠤᠳᠠᠰᠤ   -   ᠬᠠᠤᠯᠢ ᠴᠠᠭᠠᠵᠠ ᠳᠦᠷᠢᠮ ᠳᠤᠭᠲᠠᠭᠠᠯ
ᠦᠪᠦᠷ ᠮᠤᠩᠭᠤᠯ᠎ᠤᠨ ᠦᠪᠡᠷᠲᠡᠭᠡᠨ ᠵᠠᠰᠠᠬᠤ ᠤᠷᠤᠨ᠎ᠤ ᠰᠤᠶᠤᠯ᠎ᠤᠨ ᠲᠢᠩᠭᠢᠮ᠎ᠤᠨ 《ᠦᠪᠦᠷ ᠮᠤᠩᠭᠤᠯ᠎ᠤᠨ ᠦᠪᠡᠷᠲᠡᠭᠡᠨ ᠵᠠᠰᠠᠬᠤ ᠤᠷᠤᠨ᠎ᠤ ᠰᠤᠶᠦᠯ᠎ᠤᠨ ᠰᠠᠢ᠌ᠨ ᠳᠤᠷᠠᠴᠤᠳ᠎ᠢ ᠬᠠᠮᠢᠶᠠᠷᠬᠤ ᠬᠠᠮᠢᠶᠠᠷᠤᠯᠲᠠ ᠵᠢᠨ ᠠᠷᠭ᠎ᠠ (ᠲᠤᠷᠰᠢᠨ ᠬᠡᠷᠡᠭᠯᠡᠬᠦ)》 ᠵᠢ ᠳᠠᠷᠤᠮᠠᠯᠯᠠᠨ ᠲᠠᠷᠬᠠᠭ᠋ᠠᠬᠤ ᠲᠤᠬᠠᠢ ᠮᠡᠳᠡᠭᠳᠡᠯ
ᠨᠡᠶᠢᠲᠡᠯᠡᠭᠰᠡᠨ ᠴᠠᠭ᠄ 2019-10-28

   

      ᠡᠯ᠎ᠡ ᠠᠢ᠌ᠮᠠᠭ ᠬᠤᠲᠠ ᠵᠢᠨ ᠰᠤᠶᠦᠯ ᠰᠤᠨᠢᠨ ᠷᠠᠳᠢᠤ᠋ ᠲᠸᠯᠸᠢᠰ (ᠪᠡᠶ᠎ᠡ ᠵᠢᠨ ᠲᠠᠮᠢᠷ)᠎ᠤᠨ ᠲᠤᠪᠴᠢᠶ᠎ᠠ᠂ ᠮᠠᠨᠵᠤᠤᠷ ᠬᠤᠲᠠ᠂   ᠡᠷᠢᠶᠡᠨ ᠬᠤᠲᠠ ᠵᠢᠨ ᠰᠤᠶᠦᠯ ᠰᠤᠨᠢᠨ ᠷᠠᠳᠢᠤ᠋ ᠲᠸᠯᠸᠢᠰ (ᠪᠡᠶ᠎ᠡ ᠵᠢᠨ ᠲᠠᠮᠢᠷ)᠎ᠤᠨ ᠲᠤᠪᠴᠢᠶ᠎ᠠ᠂ ᠡᠯ᠎ᠡ ᠰᠢᠭᠤᠳ ᠬᠠᠷᠢᠶ᠎ᠠ ᠨᠢᠭᠡᠴᠢ᠎ᠳᠤ᠄
      ᠰᠤᠶᠤᠯ᠎ᠤᠨ ᠶᠠᠮᠤᠨ ᠪᠤᠯᠤᠨ ᠲᠦᠪ᠎ᠤᠨ ᠤᠶᠤᠨ᠎ᠤ ᠪᠤᠯᠪᠠᠰᠤᠨ᠎ᠤ ᠪᠠᠢ᠌ᠭᠤᠯᠤᠯᠲᠠ ᠵᠢᠨ ᠵᠢᠭ᠋ᠠᠨ ᠵᠢᠯᠤᠭᠤᠳᠬᠤ ᠵᠥᠪᠯᠡᠯ᠎ᠤᠨ ᠠᠯᠪᠠᠨ ᠭᠡᠷ᠎ᠤᠨ ᠪᠠᠭᠤᠯᠭ᠋ᠠᠭᠰᠠᠨ 《ᠦᠨᠳᠦᠰᠦᠨ ᠱᠠᠲᠤᠨ᠎ᠤ ᠰᠤᠶᠦᠯ᠎ᠤᠨ ᠰᠠᠢ᠌ᠨ ᠳᠤᠷ᠎ᠠ ᠵᠢᠨ ᠦᠢ᠍ᠯᠡᠴᠢᠯᠡᠭᠡᠨ᠎ᠤ ᠠᠵᠢᠯᠯᠠᠭ᠎ᠠ ᠵᠢ ᠦᠷᠭᠡᠨ ᠳᠡᠯᠭᠡᠷᠡᠩᠭᠦᠢ᠎ᠪᠠᠷ ᠦᠷᠨᠢᠬᠦᠯᠬᠦ ᠲᠤᠬᠠᠢ ᠰᠠᠨᠠᠯ》᠂ ᠰᠤᠶᠤᠯ᠎ᠤᠨ ᠶᠠᠮᠤᠨ᠎ᠤ ᠪᠠᠭᠤᠯᠭ᠋ᠠᠭᠰᠠᠨ 《ᠰᠤᠶᠦᠯ᠎ᠤᠨ ᠰᠠᠢ᠌ᠨ ᠳᠤᠷ᠎ᠠ ᠵᠢᠨ ᠦᠢ᠍ᠯᠡᠴᠢᠯᠡᠭᠡᠨ᠎ᠤ ᠠᠵᠢᠯ᠎ᠤᠨ ᠬᠠᠮᠢᠶᠠᠷᠤᠯᠲᠠ ᠵᠢᠨ ᠠᠷᠭ᠎ᠠ》᠂ ᠦᠪᠡᠷᠲᠡᠭᠡᠨ ᠵᠠᠰᠠᠬᠤ ᠤᠷᠤᠨ᠎ᠤ ᠨᠠᠮ᠎ᠤᠨ ᠬᠤᠷᠢᠶᠠᠨ᠎ᠤ ᠤᠬᠠᠭᠤᠯᠬᠤ ᠬᠡᠯᠲᠡᠰ ᠪᠤᠯᠤᠨ ᠤᠶᠤᠨ᠎ᠤ ᠪᠤᠯᠪᠠᠰᠤᠨ᠎ᠤ ᠪᠠᠢ᠌ᠭᠤᠯᠤᠯᠲᠠ ᠵᠢᠨ ᠵᠢᠭ᠋ᠠᠨ ᠵᠢᠯᠤᠭᠤᠳᠬᠤ ᠵᠥᠪᠯᠡᠯ᠎ᠤᠨ ᠠᠯᠪᠠᠨ ᠭᠡᠷ᠎ᠤᠨ ᠪᠠᠭᠤᠯᠭ᠋ᠠᠭᠰᠠᠨ 《ᠦᠪᠦᠷ ᠮᠤᠩᠭᠤᠯ᠎ᠤᠨ ᠦᠪᠡᠷᠲᠡᠭᠡᠨ ᠵᠠᠰᠠᠬᠤ ᠤᠷᠤᠨ᠎ᠤ ᠰᠠᠢ᠌ᠨ ᠳᠤᠷ᠎ᠠ ᠵᠢᠨ ᠦᠢ᠍ᠯᠡᠴᠢᠯᠡᠭᠡᠨ᠎ᠤ ᠠᠵᠢᠯ᠎ᠤᠨ ᠬᠠᠮᠢᠶᠠᠷᠤᠯᠲᠠ ᠵᠢᠨ ᠠᠷᠭ᠎ᠠ》 ᠵᠡᠷᠭᠡ ᠪᠢᠴᠢᠭ ᠮᠠᠲᠸᠷᠢᠶᠠᠯ᠎ᠤᠨ ᠵᠤᠷᠢᠭ ᠰᠠᠨᠠᠭ᠎ᠠ ᠵᠢ ᠲᠤᠭᠤᠰᠢᠯᠠᠭᠤᠯᠤᠨ ᠨᠠᠢ᠌ᠳᠠᠪᠤᠷᠢᠵᠢᠭᠤᠯᠵᠤ᠂ ᠪᠦᠬᠦ ᠤᠷᠤᠨ᠎ᠤ ᠰᠤᠶᠦᠯ᠎ᠤᠨ ᠰᠠᠢ᠌ᠨ ᠳᠤᠷ᠎ᠠ ᠵᠢᠨ ᠦᠢ᠍ᠯᠡᠴᠢᠯᠡᠭᠡᠨ᠎ᠤ ᠠᠵᠢᠯᠯᠠᠭ᠎ᠠ ᠵᠢ ᠦᠷᠭᠡᠨ ᠳᠡᠯᠭᠡᠷᠡᠩᠭᠦᠢ ᠬᠦᠨ ᠬᠦᠨᠵᠡᠭᠡᠢ ᠦᠷᠨᠢᠭᠦᠯᠬᠦ ᠶᠠᠪᠤᠳᠠᠯ᠎ᠢ ᠵᠤᠷᠢᠭᠵᠢᠭᠤᠯᠤᠨ ᠵᠢᠯᠤᠭᠤᠳᠴᠤ᠂ ᠦᠪᠡᠷᠲᠡᠭᠡᠨ ᠵᠠᠰᠠᠬᠤ ᠤᠷᠤᠨ᠎ᠤ ᠰᠤᠶᠤᠯ᠎ᠤᠨ ᠰᠠᠢ᠌ᠨ ᠳᠤᠷ᠎ᠠ ᠵᠢᠨ ᠦᠢ᠍ᠯᠡᠴᠢᠯᠡᠭᠡᠨ᠎ᠤ ᠠᠵᠢᠯ᠎ᠢ ᠵᠢᠷᠤᠮᠵᠢᠭᠤᠯᠤᠨ ᠳᠦᠷᠢᠮᠵᠢᠬᠦᠯᠬᠦ ᠪᠠᠢ᠌ᠭᠤᠯᠤᠯᠲᠠ ᠵᠢ ᠠᠬᠢᠭᠤᠯᠤᠨ᠂ ᠤᠳᠤ ᠦᠶ᠎ᠡ ᠵᠢᠨ ᠤᠯᠠᠨ ᠨᠡᠢ᠌ᠲᠡ ᠵᠢᠨ ᠰᠤᠶᠤᠯ᠎ᠤᠨ ᠦᠢ᠍ᠯᠡᠴᠢᠯᠡᠭᠡᠨ᠎ᠤ ᠠᠵᠢᠯ᠎ᠤᠨ ᠰᠢᠰᠲ᠋ᠧᠮ᠎ᠳᠤ᠎ᠬᠢ ᠰᠤᠶᠦᠯ᠎ᠤᠨ ᠰᠠᠢ᠌ᠨ ᠳᠤᠷ᠎ᠠ ᠵᠢᠨ ᠦᠢ᠍ᠯᠡᠴᠢᠯᠡᠭᠡᠨ᠎ᠤ ᠠᠵᠢᠯ᠎ᠤᠨ ᠦᠵᠡᠭᠦᠯᠬᠦ ᠢᠳᠡᠪᠬᠢᠲᠦ ᠦᠢ᠍ᠯᠡᠳᠦᠯ᠎ᠢ ᠨᠡᠩ ᠰᠠᠢ᠌ᠳᠤᠷ ᠪᠠᠳᠠᠷᠠᠭᠤᠯᠬᠤ ᠵᠢᠨ ᠲᠦᠯᠦᠭᠡ ᠦᠪᠡᠷᠲᠡᠭᠡᠨ ᠵᠠᠰᠠᠬᠤ ᠤᠷᠤᠨ᠎ᠤ ᠰᠤᠶᠤᠯ᠎ᠤᠨ ᠲᠢᠩᠭᠢᠮ 《ᠦᠪᠦᠷ ᠮᠤᠩᠭᠤᠯ᠎ᠤᠨ ᠦᠪᠡᠷᠲᠡᠭᠡᠨ ᠵᠠᠰᠠᠬᠤ ᠤᠷᠤᠨ᠎ᠤ ᠰᠤᠶᠦᠯ᠎ᠤᠨ ᠰᠠᠢ᠌ᠨ ᠳᠤᠷᠠᠴᠤᠳ᠎ᠢ ᠬᠠᠮᠢᠶᠠᠷᠬᠤ ᠬᠠᠮᠢᠶᠠᠷᠤᠯᠲᠠ ᠵᠢᠨ ᠠᠷᠭ᠎ᠠ (ᠲᠤᠷᠰᠢᠨ ᠬᠡᠷᠡᠭᠯᠡᠬᠦ)》 ᠵᠢ ᠲᠣᠭᠲᠠᠭ᠋ᠠᠭ᠋ᠠᠳ ᠡᠳᠦᠭᠡ ᠲᠠ ᠨᠠᠷ᠎ᠲᠤ ᠲᠠᠷᠬᠠᠭ᠋ᠠᠪᠠ᠃ ᠪᠤᠳᠠᠲᠠᠢ ᠪᠠᠢ᠌ᠳᠠᠯ᠎ᠲᠠᠢ᠎ᠪᠠᠨ ᠤᠶᠠᠯᠳᠤᠭᠤᠯᠵᠤ ᠪᠠᠢ᠌ᠭ᠋ᠠᠳ ᠨᠠᠷᠢᠨ ᠬᠢᠨᠠᠮᠠᠭ᠋ᠠᠢ ᠲᠤᠭᠤᠰᠢᠯᠠᠭᠤᠯᠤᠨ ᠬᠡᠷᠡᠭᠵᠢᠭᠦᠯᠦᠭᠲᠦᠨ᠃
      ᠡᠭᠦᠨ᠎ᠤ ᠲᠤᠯᠠ ᠤᠨᠴᠠᠭ᠋ᠠᠢ᠌ᠯᠠᠨ ᠮᠡᠳᠡᠭᠳᠡᠪᠡ᠃

                    ᠦᠪᠦᠷ ᠮᠤᠩᠭᠤᠯ᠎ᠤᠨ ᠦᠪᠡᠷᠲᠡᠭᠡᠨ ᠵᠠᠰᠠᠬᠤ ᠤᠷᠤᠨ᠎ᠤ ᠰᠤᠶᠤᠯ᠎ᠤᠨ ᠲᠢᠩᠬᠢᠮ  

                                 2017 ᠤᠨ᠎ᠤ 9 ᠰᠠᠷ᠎ᠠ ᠵᠢᠨ 27᠎ᠤ ᠡᠳᠦᠷ


      ᠦᠪᠦᠷ ᠮᠤᠩᠭᠤᠯ᠎ᠤᠨ ᠦᠪᠡᠷᠳᠡᠭᠡᠨ ᠵᠠᠰᠠᠬᠤ ᠤᠷᠤᠨ᠎ᠤ ᠰᠤᠶᠦᠯ᠎ᠤᠨ ᠰᠠᠢ᠌ᠨ ᠳᠤᠷᠠᠴᠤᠳ᠎ᠢ ᠬᠠᠮᠢᠶᠠᠷᠬᠤ ᠬᠠᠮᠢᠶᠠᠷᠣᠯᠲᠠ ᠵᠢᠨ ᠠᠷᠭ᠎ᠠ (ᠲᠤᠷᠰᠢᠨ ᠬᠡᠷᠡᠭᠯᠡᠬᠦ)              

                  ᠨᠢᠭᠡᠳᠦᠭᠡᠷ ᠪᠦᠯᠦᠭ         ᠶᠡᠷᠦᠩᠭᠡᠢ ᠳᠦᠷᠢᠮ


      ᠨᠢᠭᠡᠳᠦᠭᠡᠷ ᠵᠦᠢ᠍ᠯ   ᠤᠳᠤ ᠦᠶ᠎ᠡ ᠵᠢᠨ ᠤᠯᠠᠨ ᠨᠡᠢ᠌ᠲᠡ ᠵᠢᠨ ᠰᠤᠶᠤᠯ᠎ᠤᠨ ᠦᠢ᠍ᠯᠡᠴᠢᠯᠡᠭᠡᠨ᠎ᠤ ᠰᠢᠰᠲ᠋ᠧᠮ᠎ᠳᠤ᠎ᠬᠢ ᠰᠤᠶᠦᠯ᠎ᠤᠨ ᠰᠠᠢ᠌ᠨ ᠳᠤᠷ᠎ᠠ ᠵᠢᠨ ᠦᠢ᠍ᠯᠡᠴᠢᠯᠡᠭᠡᠨ᠎ᠤ ᠠᠵᠢᠯ᠎ᠤᠨ ᠦᠵᠡᠭᠦᠯᠬᠦ ᠢᠳᠡᠪᠬᠢᠲᠦ ᠦᠢ᠍ᠯᠡᠳᠦᠯ᠎ᠢ ᠪᠠᠳᠠᠷᠠᠭᠤᠯᠵᠤ᠂ ᠰᠤᠶᠦᠯ᠎ᠤᠨ ᠰᠠᠢ᠌ᠨ ᠳᠤᠷ᠎ᠠ ᠵᠢᠨ ᠦᠢ᠍ᠯᠡᠴᠢᠯᠡᠭᠡᠨ᠎ᠤ ᠠᠵᠢᠯᠯᠠᠭ᠎ᠠ ᠵᠢ ᠦᠷᠭᠡᠨ ᠳᠡᠯᠭᠡᠷᠡᠩᠭᠦᠢ ᠬᠦᠨ ᠬᠦᠨᠵᠡᠭᠡᠢ ᠦᠷᠨᠢᠭᠦᠯᠬᠦ ᠶᠠᠪᠤᠳᠠᠯ᠎ᠢ ᠵᠤᠷᠢᠭᠵᠢᠭᠤᠯᠤᠨ ᠵᠢᠯᠤᠭᠤᠳᠬᠤ ᠵᠢᠨ ᠲᠦᠯᠦᠭᠡ᠂ ᠰᠤᠶᠤᠯ᠎ᠤᠨ ᠶᠠᠮᠤᠨ᠎ᠤ ᠪᠠᠭᠤᠯᠭ᠋ᠠᠭᠰᠠᠨ 《ᠰᠤᠶᠦᠯ᠎ᠤᠨ ᠰᠠᠢ᠌ᠨ ᠳᠤᠷ᠎ᠠ ᠵᠢᠨ ᠦᠢ᠍ᠯᠡᠴᠢᠯᠡᠭᠡᠨ᠎ᠤ ᠠᠵᠢᠯ᠎ᠤᠨ ᠬᠠᠮᠢᠶᠠᠷᠤᠯᠲᠠ ᠵᠢᠨ ᠠᠷᠭ᠎ᠠ》᠎ᠳᠤ ᠦᠨᠳᠦᠰᠦᠯᠡᠨ᠂ ᠦᠪᠡᠷᠲᠡᠭᠡᠨ ᠵᠠᠰᠠᠬᠤ ᠤᠷᠤᠨ᠎ᠤ ᠪᠤᠳᠠᠲᠠᠢ ᠪᠠᠢ᠌ᠳᠠᠯ᠎ᠲᠠᠢ ᠤᠶᠠᠯᠳᠤᠭᠤᠯᠵᠤ ᠪᠠᠢ᠌ᠭ᠋ᠠᠳ ᠲᠤᠰ ᠠᠷᠭ᠎ᠠ ᠵᠢ ᠲᠤᠭᠲᠠᠭ᠋ᠠᠪᠠ᠃
      ᠬᠤᠶᠠᠳᠤᠭ᠋ᠠᠷ ᠵᠦᠢ᠍ᠯ   ᠲᠤᠰ ᠠᠷᠭ᠎ᠠ᠎ᠳᠤ ᠬᠡᠯᠡᠵᠦ ᠪᠦᠬᠦᠢ ᠰᠤᠶᠤᠯ᠎ᠤᠨ ᠰᠠᠢ᠌ᠨ ᠳᠤᠷᠠᠴᠤᠳ ᠭᠡᠳᠡᠭ᠎ᠨᠢ ᠦᠪᠡᠷ᠎ᠤᠨ ᠴᠠᠭ᠂ ᠮᠡᠳᠡᠯᠭᠡ  ᠂ ᠮᠡᠷᠭᠡᠵᠢᠯ ᠴᠢᠳᠠᠪᠤᠷᠢ ᠵᠡᠷᠭᠡ᠎ᠪᠠᠨ ᠠᠰᠢᠭᠯᠠᠨ᠂ ᠰᠠᠢ᠌ᠨ ᠳᠤᠷ᠎ᠠ᠎ᠠᠴᠠ᠎ᠪᠠᠨ᠂ ᠬᠠᠷᠠᠮᠵᠢ ᠦᠭᠡᠢ᠎ᠪᠠᠷ ᠨᠡᠢ᠌ᠭᠡᠮ ᠨᠡᠢ᠌ᠲᠡ᠎ᠳᠤ ᠪᠤᠶᠤ ᠪᠤᠰᠤᠳ ᠬᠦᠮᠦᠰ᠎ᠲᠤ ᠨᠡᠢ᠌ᠲᠡ ᠵᠢᠨ ᠠᠰᠠᠷᠠᠮᠵᠢ ᠵᠢᠨ ᠴᠢᠨᠠᠷᠲᠠᠢ ᠰᠤᠶᠦᠯ᠎ᠤᠨ ᠦᠢ᠍ᠯᠡᠴᠢᠯᠡᠭᠡ ᠵᠢ ᠬᠠᠩᠭ᠋ᠠᠳᠠᠭ ᠪᠦᠯᠬᠦᠮ ᠨᠡᠢ᠌ᠲᠡ ᠪᠤᠶᠤ ᠬᠤᠪᠢ ᠬᠦᠮᠦᠨ᠎ᠢ ᠬᠡᠯᠡᠵᠦ ᠪᠤᠢ᠃ ᠰᠤᠶᠤᠯ᠎ᠤᠨ ᠰᠠᠢ᠌ᠨ ᠳᠤᠷ᠎ᠠ ᠵᠢᠨ ᠦᠢ᠍ᠯᠡᠴᠢᠯᠡᠭᠡᠨ᠎ᠤ ᠠᠵᠢᠯ᠎ᠢ ᠵᠤᠬᠢᠶᠠᠨ ᠪᠠᠢ᠌ᠭᠤᠯᠬᠤ ᠨᠢᠭᠡᠴᠢ ᠭᠡᠳᠡᠭ᠎ᠨᠢ ᠰᠤᠶᠤᠯ᠎ᠤᠨ ᠰᠠᠢ᠌ᠨ ᠳᠤᠷ᠎ᠠ ᠵᠢᠨ ᠦᠢ᠍ᠯᠡᠴᠢᠯᠡᠭᠡᠨ᠎ᠤ ᠠᠵᠢᠯ᠎ᠢ ᠵᠤᠬᠢᠶᠠᠨ ᠪᠠᠢ᠌ᠭᠤᠯᠵᠤ ᠦᠷᠨᠢᠭᠦᠯᠳᠡᠭ ᠰᠤᠶᠤᠯ᠎ᠤᠨ ᠵᠠᠰᠠᠭ ᠵᠠᠬᠢᠷᠭ᠋ᠠᠨ᠎ᠤ ᠰᠠᠯᠠᠭ᠎ᠠ ᠮᠦᠴᠢᠷ᠂ ᠰᠤᠶᠤᠯ᠎ᠤᠨ ᠨᠢᠭᠡᠴᠡ ᠵᠢ ᠵᠢᠭ᠋ᠠᠵᠤ ᠪᠠᠢ᠌ᠨ᠎ᠠ᠃ ᠰᠤᠶᠤᠯ᠎ᠤᠨ ᠰᠠᠢ᠌ᠨ ᠳᠤᠷ᠎ᠠ ᠵᠢᠨ ᠦᠢ᠍ᠯᠡᠴᠢᠯᠡᠭᠡᠨ᠎ᠤ ᠠᠵᠢᠯ᠎ᠤᠨ ᠵᠤᠬᠢᠶᠠᠨ ᠪᠠᠢ᠌ᠭᠤᠯᠤᠯᠲᠠ ᠭᠡᠳᠡᠭ᠎ᠨᠢ ᠰᠤᠶᠤᠯ᠎ᠤᠨ ᠰᠠᠢ᠌ᠨ ᠳᠤᠷ᠎ᠠ ᠵᠢᠨ ᠦᠢ᠍ᠯᠡᠴᠢᠯᠡᠭᠡᠨ᠎ᠤ ᠠᠵᠢᠯ᠎ᠢ ᠦᠷᠨᠢᠭᠦᠯᠦᠨ ᠬᠢᠬᠦ᠎ᠪᠠᠷ ᠵᠤᠷᠢᠯᠲᠠ᠎ᠪᠠᠨ ᠪᠤᠯᠭ᠋ᠠᠭᠰᠠᠨ ᠠᠰᠢᠭ ᠬᠤᠨᠵᠢᠪᠦᠷᠢ ᠵᠢᠨ ᠪᠤᠰᠤ ᠨᠡᠢ᠌ᠭᠡᠮ᠎ᠤᠨ ᠵᠤᠬᠢᠶᠠᠨ ᠪᠠᠢ᠌ᠭᠤᠯᠤᠯᠲᠠ ᠵᠢ ᠬᠡᠯᠡᠵᠦ ᠪᠤᠢ᠃
      ᠭᠤᠷᠪᠠᠳᠤᠭ᠋ᠠᠷ ᠵᠦᠢ᠍ᠯ   ᠰᠤᠶᠤᠯ᠎ᠤᠨ ᠰᠠᠢ᠌ᠨ ᠳᠤᠷ᠎ᠠ ᠵᠢᠨ ᠦᠢ᠍ᠯᠡᠴᠢᠯᠡᠭᠡᠨ᠎ᠤ ᠠᠵᠢᠯ᠎ᠢ ᠦᠷᠨᠢᠭᠦᠯᠦᠨ ᠬᠢᠬᠦ᠎ᠳᠤ ᠲᠤᠷᠠᠰᠢᠯ᠎ᠠᠴᠠ᠎ᠪᠠᠨ ᠬᠠᠨᠳᠢᠪᠯᠠᠨ ᠵᠤᠷᠢᠭᠤᠯᠳᠠᠭ ᠪᠠᠢ᠌ᠬᠤ᠂ ᠨᠦᠬᠦᠷᠰᠡᠭ ᠬᠠᠢ᠌ᠷᠠᠲᠠᠢ ᠪᠠᠢ᠌ᠬᠤ᠂ ᠬᠠᠷᠢᠯᠴᠠᠨ ᠬᠠᠪᠰᠤᠷᠤᠯᠴᠠᠳᠠᠭ ᠪᠠᠢ᠌ᠬᠤ᠂ ᠳᠠᠪᠰᠢᠨ ᠤᠷᠤᠭᠰᠢᠯᠠᠳᠠᠭ ᠪᠠᠢ᠌ᠬᠤ ᠵᠤᠷᠢᠭ ᠰᠠᠨᠠᠭ᠎ᠠ ᠵᠢ ᠪᠠᠳᠠᠷᠠᠭᠤᠯᠤᠨ ᠮᠠᠨᠳᠤᠭᠤᠯᠵᠤ᠂ ᠰᠠᠢ᠌ᠨ ᠳᠤᠷ᠎ᠠ᠎ᠠᠴᠠ᠎ᠪᠠᠨ ᠪᠠᠢ᠌ᠬᠤ᠂ ᠬᠠᠷᠠᠮᠵᠢ ᠦᠭᠡᠢ ᠪᠠᠢ᠌ᠬᠤ᠂ ᠪᠤᠰᠤᠳ᠎ᠲᠤ ᠠᠰᠢᠭᠲᠠᠢ ᠪᠠᠢ᠌ᠬᠤ᠂ ᠡᠷᠭᠡ ᠲᠡᠭᠰᠢ ᠪᠠᠢ᠌ᠬᠤ ᠵᠠᠷᠴᠢᠮ᠎ᠢ ᠪᠠᠷᠢᠮᠳᠠᠯᠠᠭᠰᠠᠨ ᠪᠠᠢ᠌ᠬᠤ ᠬᠡᠷᠡᠭᠲᠡᠢ᠃


                  ᠬᠤᠶᠠᠳᠤᠭ᠋ᠠᠷ ᠪᠦᠯᠦᠭ         ᠵᠤᠬᠢᠶᠠᠨ ᠪᠠᠢ᠌ᠭᠤᠯᠬᠤ ᠬᠢᠭᠡᠳ ᠬᠠᠮᠢᠶᠠᠷᠬᠤ


      ᠳᠦᠷᠪᠡᠳᠦᠭᠡᠷ ᠵᠦᠢ᠍ᠯ   ᠦᠪᠡᠷᠲᠡᠭᠡᠨ ᠵᠠᠰᠠᠬᠤ ᠤᠷᠤᠨ᠎ᠤ ᠡᠯ᠎ᠡ ᠱᠠᠲᠤᠨ᠎ᠤ ᠰᠤᠶᠤᠯ᠎ᠤᠨ ᠵᠠᠰᠠᠭ ᠵᠠᠬᠢᠷᠭ᠋ᠠᠨ᠎ᠤ ᠭᠤᠤᠯᠯᠠᠨ ᠬᠠᠮᠢᠶᠠᠷᠬᠤ ᠰᠠᠯᠠᠭ᠎ᠠ ᠮᠦᠴᠢᠷ᠎ᠨᠢ ᠲᠤᠰ ᠱᠠᠳᠤᠨ᠎ᠤ᠎ᠪᠠᠨ ᠰᠤᠶᠤᠯ᠎ᠤᠨ ᠰᠠᠢ᠌ᠨ ᠳᠤᠷᠠᠴᠤᠳ᠎ᠤᠨ ᠬᠠᠮᠢᠶᠠᠷᠤᠯᠲᠠ ᠵᠢᠨ ᠠᠵᠢᠯ᠎ᠤᠨ ᠠᠯᠪᠠᠨ ᠭᠡᠷ᠎ᠢ ᠪᠠᠢ᠌ᠭᠤᠯᠵᠤ᠂ ᠬᠠᠷᠢᠶᠠᠨ᠎ᠤ ᠤᠷᠤᠨ ᠭᠠᠵᠠᠷ᠎ᠤᠨ ᠵᠶ᠋ᠠᠨ ᠬᠠᠮᠢᠶᠠᠷᠤᠯᠲᠠ ᠵᠢᠨ ᠵᠠᠷᠴᠢᠮ ᠶᠤᠰᠤᠭ᠋ᠠᠷ ᠲᠤᠬᠠᠢ ᠵᠢᠨ ᠤᠷᠤᠨ᠎ᠤ ᠰᠤᠶᠤᠯ᠎ᠤᠨ ᠰᠠᠢ᠌ᠨ ᠳᠤᠷᠠᠴᠤᠳ᠎ᠤᠨ ᠬᠠᠮᠢᠶᠠᠷᠤᠯᠲᠠ ᠵᠢᠨ ᠠᠵᠢᠯ᠎ᠢ ᠬᠠᠷᠢᠭᠤᠴᠠᠨ ᠬᠢᠵᠦ᠂ ᠰᠤᠶᠤᠯ᠎ᠤᠨ ᠰᠠᠢ᠌ᠨ ᠳᠤᠷ᠎ᠠ ᠵᠢᠨ ᠠᠵᠢᠯᠯᠠᠭ᠎ᠠ ᠵᠢᠨ ᠲᠢᠭᠯᠢᠮ ᠵᠢᠷᠤᠮᠵᠢᠯ᠎ᠲᠠᠢ ᠶᠠᠪᠤᠭᠳᠠᠬᠤ ᠵᠢ ᠦᠨᠡᠨ ᠬᠦ᠌ ᠪᠠᠳᠤᠯᠠᠬᠤ ᠬᠡᠷᠡᠭᠲᠡᠢ᠃
      ᠲᠠᠪᠤᠳᠤᠭ᠋ᠠᠷ ᠵᠦᠢ᠍ᠯ   ᠦᠪᠡᠷᠲᠡᠭᠡᠨ ᠵᠠᠰᠠᠬᠤ ᠤᠷᠤᠨ᠎ᠤ ᠡᠯ᠎ᠡ ᠱᠠᠲᠤᠨ᠎ᠤ ᠤᠯᠠᠨ ᠨᠡᠢ᠌ᠲᠡ ᠵᠢᠨ ᠰᠤᠶᠤᠯ᠎ᠤᠨ ᠪᠠᠢ᠌ᠭᠤᠯᠤᠮᠵᠢ᠎ᠨᠢ ᠰᠤᠶᠤᠯ᠎ᠤᠨ ᠰᠠᠢ᠌ᠨ ᠳᠤᠷ᠎ᠠ ᠵᠢᠨ ᠦᠢ᠍ᠯᠡᠴᠢᠯᠡᠭᠡᠨ᠎ᠤ ᠠᠵᠢᠯ᠎ᠤᠨ ᠶᠡᠷᠦᠩᠭᠡᠢ ᠠᠩᠭᠢ᠂ ᠰᠠᠯᠪᠤᠷᠢ ᠠᠩᠭᠢ᠂ ᠬᠤᠪᠢᠶᠠᠷᠢ ᠠᠩᠭᠢ ᠵᠢ ᠪᠠᠢ᠌ᠭᠤᠯᠬᠤ ᠬᠡᠷᠡᠭᠲᠡᠢ᠃ ᠦᠪᠡᠷᠲᠡᠭᠡᠨ ᠵᠠᠰᠠᠬᠤ ᠤᠷᠤᠨ᠎ᠤ ᠰᠤᠶᠤᠯ᠎ᠤᠨ ᠰᠠᠢ᠌ᠨ ᠳᠤᠷ᠎ᠠ ᠵᠢᠨ ᠦᠢ᠍ᠯᠡᠴᠢᠯᠡᠭᠡᠨ᠎ᠤ ᠠᠵᠢᠯ᠎ᠤᠨ ᠶᠡᠷᠦᠩᠭᠡᠢ ᠠᠩᠭᠢ ᠵᠢ ᠦᠪᠦᠷ ᠮᠤᠩᠭᠤᠯ᠎ᠤᠨ ᠦᠪᠡᠷᠲᠡᠭᠡᠨ ᠵᠠᠰᠠᠬᠤ ᠤᠷᠤᠨ᠎ᠤ ᠰᠤᠶᠦᠯ᠎ᠤᠨ ᠤᠷᠳᠤᠨ᠎ᠳᠤ ᠪᠠᠢ᠌ᠭᠤᠯᠤᠨ᠎ᠠ; ᠦᠪᠡᠷᠲᠡᠭᠡᠨ ᠵᠠᠰᠠᠬᠤ ᠤᠷᠤᠨ᠎ᠤ ᠱᠠᠲᠤᠨ᠎ᠤ ᠪᠠ ᠠᠢ᠌ᠮᠠᠭ ᠬᠤᠲᠠ ᠵᠢᠨ ᠱᠠᠲᠤᠨ᠎ᠤ ᠤᠯᠠᠨ ᠨᠡᠢ᠌ᠲᠡ ᠵᠢᠨ ᠰᠤᠶᠤᠯ᠎ᠤᠨ ᠪᠠᠢ᠌ᠭᠤᠯᠤᠮᠵᠢ᠎ᠨᠢ ᠰᠤᠶᠤᠯ᠎ᠤᠨ ᠰᠠᠢ᠌ᠨ ᠳᠤᠷ᠎ᠠ ᠵᠢᠨ ᠦᠢ᠍ᠯᠡᠴᠢᠯᠡᠭᠡᠨ᠎ᠤ ᠠᠵᠢᠯ᠎ᠤᠨ ᠰᠠᠯᠪᠤᠷᠢ ᠠᠩᠭᠢ ᠵᠢ ᠪᠠᠢ᠌ᠭᠤᠯᠤᠨ᠎ᠠ; ᠬᠤᠰᠢᠭᠤ ᠰᠢᠶᠠᠨ᠎ᠤ ᠱᠠᠲᠤᠨ᠎ᠤ ᠤᠯᠠᠨ ᠨᠡᠢ᠌ᠲᠡ ᠵᠢᠨ ᠰᠤᠶᠤᠯ᠎ᠤᠨ ᠨᠢᠭᠡᠴᠢ᠎ᠨᠢ ᠰᠤᠶᠤᠯ᠎ᠤᠨ ᠰᠠᠢ᠌ᠨ ᠳᠤᠷ᠎ᠠ ᠵᠢᠨ ᠦᠢ᠍ᠯᠡᠴᠢᠯᠡᠭᠡᠨ᠎ᠤ ᠠᠵᠢᠯ᠎ᠤᠨ ᠬᠤᠪᠢᠶᠠᠷᠢ ᠠᠩᠭᠢ ᠵᠢ ᠪᠠᠢ᠌ᠭᠤᠯᠵᠤ᠂ ᠲᠤᠰ ᠭᠠᠵᠠᠷ ᠤᠷᠤᠨ᠎ᠤ᠎ᠪᠠᠨ ᠰᠤᠶᠤᠯ᠎ᠤᠨ ᠰᠠᠢ᠌ᠨ ᠳᠤᠷᠠᠴᠤᠳ᠎ᠤᠨ ᠲᠤᠬᠠᠢ ᠬᠠᠮᠢᠶᠠᠷᠤᠯᠲᠠ ᠵᠢᠨ ᠠᠵᠢᠯ ᠪᠤᠯᠤᠨ ᠦᠢ᠍ᠯᠡᠴᠢᠯᠡᠭᠡᠨ᠎ᠤ ᠠᠵᠢᠯᠯᠠᠭ᠎ᠠ ᠵᠢ ᠦᠷᠨᠢᠬᠦᠯᠦᠨ ᠬᠢᠬᠦ ᠶᠠᠪᠤᠳᠠᠯ᠎ᠢ ᠬᠠᠷᠢᠭᠤᠴᠠᠨ᠎ᠠ᠃
      ᠵᠢᠷᠭᠤᠳᠤᠭ᠋ᠠᠷ ᠵᠦᠢ᠍ᠯ   ᠡᠯ᠎ᠡ ᠱᠠᠳᠤᠨ᠎ᠤ ᠰᠤᠶᠤᠯ᠎ᠤᠨ ᠰᠠᠢ᠌ᠨ ᠳᠤᠷ᠎ᠠ ᠵᠢᠨ ᠦᠢ᠍ᠯᠡᠴᠢᠯᠡᠭᠡᠨ᠎ᠤ ᠠᠵᠢᠯ᠎ᠤᠨ ᠶᠡᠷᠦᠩᠭᠡᠢ ᠠᠩᠭᠢ᠂ ᠰᠠᠯᠪᠤᠷᠢ ᠠᠩᠭᠢ᠂ ᠬᠤᠪᠢᠶᠠᠷᠢ ᠠᠩᠭᠢ᠎ᠨᠢ ᠲᠤᠬᠠᠢ ᠵᠢᠨ ᠤᠷᠤᠨ᠎ᠤ ᠰᠤᠶᠤᠯ᠎ᠤᠨ ᠰᠠᠢ᠌ᠨ ᠳᠤᠷᠠᠴᠤᠳ᠎ᠤᠨ ᠬᠠᠮᠢᠶᠠᠷᠤᠯᠲᠠ ᠵᠢᠨ ᠠᠵᠢᠯ᠎ᠤᠨ ᠠᠯᠪᠠᠨ ᠭᠡᠷ᠎ᠤᠨ ᠵᠢᠭ᠋ᠠᠨ ᠵᠢᠯᠤᠭᠤᠳᠤᠯᠭ᠎ᠠ ᠳᠤᠤᠷ᠎ᠠ ᠳᠤᠤᠷᠠᠬᠢ ᠮᠡᠳᠦ ᠵᠢᠨ ᠠᠭᠤᠯᠭ᠎ᠠ ᠪᠦᠬᠦᠢ ᠡᠯ᠎ᠡ ᠲᠦᠷᠦᠯ᠎ᠤᠨ ᠰᠤᠶᠤᠯ᠎ᠤᠨ ᠦᠢ᠍ᠯᠡᠴᠢᠯᠡᠭᠡᠨ᠎ᠤ ᠠᠵᠢᠯᠯᠠᠭ᠎ᠠ ᠵᠢ ᠲᠦᠯᠦᠪᠵᠢᠭᠦᠯᠵᠦ᠂ ᠵᠣᠬᠢᠶᠠᠨ ᠪᠠᠢ᠌ᠭᠤᠯᠵᠤ᠂ ᠦᠷᠨᠢᠭᠦᠯᠬᠦ ᠵᠢᠨ ᠬᠠᠮᠲᠤ ᠡᠳᠡᠭᠡᠷ ᠠᠵᠢᠯᠯᠠᠭ᠎ᠠ᠎ᠳᠤ ᠤᠷᠤᠯᠴᠠᠬᠤ ᠬᠡᠷᠡᠭᠲᠡᠢ᠄
    (ᠨᠢᠭᠡ) ᠤᠯᠠᠨ ᠨᠡᠢ᠌ᠲᠡ ᠵᠢᠨ ᠨᠤᠮ᠎ᠤᠨ ᠰᠠᠩ᠂ ᠰᠤᠶᠤᠯ᠎ᠤᠨ ᠤᠷᠳᠤᠨ (ᠦᠷᠲᠡᠭᠡ)᠂ ᠦᠵᠡᠰᠭᠦᠯᠡᠩ᠎ᠤᠨ ᠤᠷᠳᠤᠨ᠂ ᠮᠦᠽᠧᠢ᠂ ᠤᠷᠠᠨ ᠵᠢᠷᠤᠭ᠎ᠤᠨ ᠤᠷᠳᠤᠨ ᠵᠡᠷᠭᠡ ᠤᠯᠠᠨ ᠨᠡᠢ᠌ᠲᠡ ᠵᠢᠨ ᠰᠤᠶᠤᠯ᠎ᠤᠨ ᠲᠦᠭᠦᠭᠡᠷᠦᠮᠵᠢ ᠪᠤᠯᠤᠨ ᠳᠠᠯᠠᠪᠤᠷ᠎ᠲᠤ ᠨᠡᠢ᠌ᠲᠡ ᠵᠢᠨ ᠠᠰᠠᠷᠠᠮᠵᠢ ᠵᠢᠨ ᠴᠢᠨᠠᠷᠲᠡᠢ ᠰᠤᠶᠤᠯ᠎ᠤᠨ ᠦᠢ᠍ᠯᠡᠴᠢᠯᠡᠭᠡᠨ᠎ᠤ ᠠᠵᠢᠯ᠎ᠢ ᠦᠷᠨᠢᠭᠦᠯᠦᠨ ᠬᠢᠨ᠎ᠡ;
    (ᠬᠤᠶᠠᠷ) ᠦᠨᠳᠦᠰᠦᠨ ᠱᠠᠲᠤᠨ᠎ᠳᠤ ᠬᠦᠨᠵᠡᠭᠡᠢ᠌ᠷᠡᠵᠦ᠂ ᠤᠷᠠᠨ ᠰᠠᠢ᠌ᠬᠠᠨ᠎ᠤ ᠲᠤᠭᠯᠠᠯᠲᠠ ᠭᠠᠷᠭ᠋ᠠᠬᠤ᠂ ᠵᠢᠭ᠋ᠠᠨ ᠵᠢᠯᠤᠭᠤᠳᠴᠤ ᠪᠤᠯᠪᠠᠰᠤᠷᠠᠭᠤᠯᠬᠤ᠂ ᠳᠡᠯᠭᠡᠨ ᠦᠵᠡᠬᠦᠯᠬᠦ᠂ ᠤᠩᠰᠢᠨ ᠳᠡᠯᠭᠡᠷᠡᠭᠦᠯᠬᠦ ᠮᠡᠲᠦ ᠵᠢᠨ ᠨᠡᠢ᠌ᠲᠡ ᠵᠢᠨ ᠠᠰᠠᠷᠠᠮᠵᠢ ᠵᠢᠨ ᠴᠢᠨᠠᠷᠲᠡᠢ ᠰᠤᠶᠤᠯ᠎ᠤᠨ ᠦᠢ᠍ᠯᠡᠴᠢᠯᠡᠭᠡᠨ᠎ᠤ ᠠᠵᠢᠯ᠎ᠢ ᠦᠷᠨᠢᠭᠦᠯᠦᠨ ᠬᠢᠨ᠎ᠡ;
    (ᠭᠤᠷᠪᠠ) ᠦᠲᠡᠭᠦᠰ᠂ ᠨᠠᠰᠤᠨ᠎ᠳᠤ ᠦᠯᠦ ᠬᠦᠷᠦᠭᠰᠡᠳ᠂ ᠵᠡᠮᠳᠡᠭᠴᠦᠳ᠂ ᠮᠠᠯᠴᠢᠨ ᠲᠠᠷᠢᠶᠠᠴᠢᠨ ᠭᠠᠷᠤᠯᠲᠠᠢ ᠬᠦᠴᠦᠨ᠎ᠤ ᠠᠵᠢᠯ ᠬᠢᠭᠰᠡᠳ ᠪᠤᠯᠤᠨ ᠠᠮᠢᠳᠤᠷᠠᠯ ᠤᠨᠳᠤᠷᠤᠯᠭ᠎ᠠ᠎ᠨᠢ ᠬᠦᠴᠢᠷ ᠵᠤᠪᠠᠯᠠᠩ᠎ᠲᠠᠢ ᠪᠠᠢ᠌ᠬᠤ ᠤᠯᠠᠨ ᠲᠦᠮᠡᠨ᠎ᠳᠤ ᠨᠡᠢ᠌ᠲᠠ ᠵᠢᠨ ᠠᠰᠠᠷᠠᠮᠵᠢ ᠵᠢᠨ ᠴᠢᠨᠠᠷᠲᠠᠢ ᠰᠤᠶᠤᠯ᠎ᠤᠨ ᠦᠢ᠍ᠯᠡᠴᠢᠯᠡᠭᠡ ᠵᠢ ᠬᠠᠩᠭ᠋ᠠᠨ᠎ᠠ;
    (ᠳᠦᠷᠪᠡ) ᠰᠤᠶᠤᠯ᠎ᠤᠨ ᠠᠵᠢᠯ᠎ᠤᠨ ᠰᠠᠯᠠᠭ᠎ᠠ ᠮᠦᠴᠢᠷ᠎ᠤᠨ ᠦᠷᠨᠢᠭᠦᠯᠦᠨ ᠬᠢᠳᠡᠭ ᠦᠨᠳᠦᠰᠦᠨ ᠱᠠᠲᠤᠨ᠎ᠤ ᠰᠤᠶᠤᠯ᠎ᠤᠨ ᠲᠦᠬᠦᠭᠡᠷᠦᠮᠵᠢ᠎ᠳᠤ ᠬᠠᠮᠢᠶᠠᠷᠤᠯᠲᠠ ᠶᠠᠪᠤᠭᠤᠯᠬᠤ᠂ ᠤᠯᠠᠨ ᠲᠦᠮᠡᠨ᠎ᠤ ᠰᠤᠶᠤᠯ᠎ᠤᠨ ᠠᠵᠢᠯᠯᠠᠭ᠎ᠠ ᠵᠢ ᠵᠤᠬᠢᠶᠠᠨ ᠪᠠᠢ᠌ᠭᠤᠯᠬᠤ᠂ ᠰᠤᠶᠤᠯ᠎ᠤᠨ ᠬᠠᠭᠤᠴᠢ ᠦᠯᠡᠳᠡᠭᠳᠡᠯ᠎ᠢ ᠬᠠᠮᠠᠭ᠋ᠠᠯᠠᠬᠤ᠂ ᠰᠤᠶᠤᠯ᠎ᠤᠨ ᠵᠠᠬ᠎ᠠ ᠳᠡᠯᠭᠡᠭᠦᠷ᠎ᠲᠤ ᠬᠢᠨᠠᠯᠲᠠ ᠲᠠᠯᠪᠢᠬᠤ ᠵᠡᠷᠭᠡ ᠠᠵᠢᠯ᠎ᠳᠤ ᠤᠷᠤᠯᠴᠠᠨ᠎ᠠ;
    (ᠲᠠᠪᠤ) ᠪᠤᠰᠤᠳ ᠵᠦᠢ᠍ᠯ᠎ᠤᠨ ᠨᠡᠢ᠌ᠲᠡ ᠵᠢᠨ ᠠᠰᠠᠷᠠᠮᠵᠢ ᠵᠢᠨ ᠴᠢᠨᠠᠷᠲᠠᠢ ᠰᠤᠶᠦᠯ᠎ᠤᠨ ᠦᠢ᠍ᠯᠡᠴᠢᠯᠡᠭᠡᠨ᠎ᠤ ᠠᠵᠢᠯ᠎ᠢ ᠬᠦᠢ᠍ᠴᠡᠳᠭᠡᠨ᠎ᠡ᠃
      ᠳᠤᠯᠤᠳᠤᠭ᠋ᠠᠷ ᠵᠦᠢ᠍ᠯ   ᠡᠯ᠎ᠡ ᠱᠠᠲᠤᠨ᠎ᠤ ᠰᠤᠶᠤᠯ᠎ᠤᠨ ᠰᠠᠢ᠌ᠨ ᠳᠤᠷ᠎ᠠ ᠵᠢᠨ ᠦᠢ᠍ᠯᠡᠴᠢᠯᠡᠭᠡᠨ᠎ᠤ ᠠᠵᠢᠯ᠎ᠤᠨ ᠶᠡᠷᠦᠩᠭᠡᠢ ᠠᠩᠭᠢ᠂ ᠰᠠᠯᠪᠤᠷᠢ ᠠᠩᠭᠢ᠂ ᠬᠤᠪᠢᠶᠠᠷᠢ ᠠᠩᠭᠢ᠎ᠨᠢ ᠰᠤᠶᠤᠯ᠎ᠤᠨ ᠰᠠᠢ᠌ᠨ ᠳᠤᠷᠠᠴᠤᠳ᠎ᠤᠨ ᠦᠨᠳᠦᠰᠦᠨ ᠮᠡᠳᠡᠭᠡ ᠵᠠᠩᠭᠢ᠂ ᠦᠢ᠍ᠯᠡᠴᠢᠯᠡᠭᠡᠨ᠎ᠤ ᠴᠢᠨᠠᠷ ᠴᠢᠨᠰᠠᠭ᠎ᠠ᠂ ᠦᠢ᠍ᠯᠡᠴᠢᠯᠡᠭᠰᠡᠨ ᠪᠦᠬᠦ ᠴᠠᠭ ᠵᠡᠷᠭᠡ ᠵᠢ ᠪᠠᠭᠲᠠᠭ᠋ᠠᠨ ᠲᠡᠮᠳᠡᠭᠯᠡᠭᠰᠡᠨ ᠰᠤᠶᠦᠯ᠎ᠤᠨ ᠰᠠᠢ᠌ᠨ ᠳᠤᠷᠠᠴᠤᠳ᠎ᠤᠨ ᠲᠠᠩᠰᠠ ᠡᠪᠬᠡᠮᠡᠯ᠎ᠤᠨ ᠬᠠᠮᠢᠶᠠᠷᠤᠯᠲᠠ ᠵᠢᠨ ᠰᠢᠰᠲ᠋ᠧᠮ᠎ᠢ ᠪᠠᠢ᠌ᠭᠤᠯᠤᠨ ᠲᠡᠭᠦᠯᠲᠡᠷᠵᠢᠭᠦᠯᠵᠦ᠂ ᠬᠦᠳᠡᠯᠦᠩᠭᠦᠢ ᠬᠠᠮᠢᠶᠠᠷᠤᠯᠲᠠ ᠵᠢ ᠶᠠᠪᠤᠭᠤᠯᠬᠤ ᠬᠡᠷᠡᠭᠲᠡᠢ; ᠤᠳᠤᠬᠢᠴᠢᠯᠠᠭᠰᠠᠨ ᠰᠦᠯᠵᠢᠶ᠎ᠡ ᠪᠤᠯᠤᠨ ᠮᠡᠳᠡᠭᠡ ᠵᠠᠩᠭᠢ ᠵᠢᠨ ᠮᠡᠷᠭᠡᠵᠢᠯ᠎ᠢ ᠪᠦᠷᠢᠨ ᠠᠰᠢᠭᠯᠠᠵᠤ ᠰᠦᠯᠵᠢᠶ᠎ᠡ᠎ᠪᠠᠷ ᠳᠠᠮᠵᠢᠨ ᠡᠯᠰᠡᠬᠦ᠂ ᠳᠠᠩᠰᠠᠯᠠᠬᠤ᠂ ᠬᠠᠮᠢᠶᠠᠷᠬᠤ ᠵᠡᠷᠭᠡ ᠠᠵᠢᠯ᠎ᠢ ᠠᠯᠬᠤᠮ ᠠᠯᠬᠤᠮ ᠵᠶ᠋ᠠᠷ ᠭᠦᠢ᠍ᠴᠡᠳᠭᠡᠨ ᠬᠢᠵᠦ᠂ ᠬᠠᠮᠢᠶᠠᠷᠤᠯᠲᠠ ᠵᠢᠨ ᠠᠵᠢᠯ᠎ᠤᠨ ᠰᠢᠨᠵᠢᠯᠡᠭᠦ ᠤᠬᠠᠭ᠋ᠠᠨᠴᠢᠯᠠᠬᠤ᠂ ᠳᠦᠷᠢᠮᠵᠢᠭᠦᠯᠬᠦ᠂ ᠵᠢᠷᠤᠮᠵᠢᠭᠤᠯᠬᠤ ᠶᠠᠪᠤᠳᠠᠯ᠎ᠢ ᠠᠬᠢᠭᠤᠯᠬᠤ ᠬᠡᠷᠡᠭᠲᠡᠢ᠃
      ᠲᠤᠰ ᠬᠦᠮᠦᠨ᠎ᠤ ᠬᠢᠨᠢ ᠵᠦᠪᠰᠢᠶᠡᠷᠡᠯ᠎ᠢ ᠤᠯᠤᠭᠰᠠᠨ ᠦᠭᠡᠢ ᠪᠠᠢ᠌ᠳᠠᠯ ᠳᠤᠤᠷ᠎ᠠ ᠰᠤᠶᠤᠯ᠎ᠤᠨ ᠰᠠᠢ᠌ᠨ ᠳᠤᠷᠠᠴᠤᠳ᠎ᠤᠨ ᠬᠤᠪᠢ ᠬᠦᠮᠦᠨ᠎ᠤ ᠮᠡᠳᠡᠭᠡ ᠵᠠᠩᠭᠢ ᠵᠢ ᠢᠯᠡ ᠨᠡᠢ᠌ᠳᠡᠯᠡᠵᠦ ᠪᠤᠯᠬᠤ ᠦᠭᠡᠢ᠃
      ᠨᠠᠢ᠍ᠮᠠᠳᠤᠭ᠋ᠠᠷ ᠵᠦᠢ᠍ᠯ   ᠦᠢ᠍ᠯᠡᠴᠢᠯᠡᠭᠡ ᠬᠦᠷᠲᠡᠭᠰᠡᠳ ᠪᠤᠶᠤ ᠦᠢ᠍ᠯᠡᠴᠢᠯᠡᠭᠡᠨ᠎ᠤ ᠠᠵᠢᠯ᠎ᠢ ᠵᠤᠬᠢᠶᠠᠨ ᠪᠠᠢ᠌ᠭᠤᠯᠤᠭᠰᠠᠳ᠎ᠨᠢ ᠴᠠᠭ ᠵᠶ᠋ᠠᠷ ᠨᠢᠭᠡᠴᠢ ᠪᠤᠯᠭ᠋ᠠᠵᠤ ᠪᠠᠢ᠌ᠭ᠋ᠠᠳ ᠰᠠᠢ᠌ᠨ ᠳᠤᠷ᠎ᠠ ᠵᠢᠨ ᠦᠢ᠍ᠯᠡᠴᠢᠯᠡᠭᠡᠨ᠎ᠤ ᠠᠵᠢᠯ᠎ᠳᠤ ᠤᠷᠤᠯᠴᠠᠭᠰᠠᠨ ᠰᠤᠶᠤᠯ᠎ᠤᠨ ᠰᠠᠢ᠌ᠨ ᠳᠤᠷᠠᠴᠤᠳ᠎ᠤᠨ ᠬᠢᠭᠰᠡᠨ ᠦᠢ᠍ᠯᠡᠴᠢᠯᠡᠭᠡᠨ᠎ᠤ ᠠᠵᠢᠯ᠎ᠤᠨ ᠴᠠᠭ᠂ ᠦᠢ᠍ᠯᠡᠴᠢᠯᠡᠭᠡᠨ᠎ᠤ ᠠᠵᠢᠯ᠎ᠤᠨ ᠠᠭᠤᠯᠭ᠎ᠠ ᠵᠡᠷᠭᠡ ᠵᠢᠨ ᠲᠤᠬᠠᠢ ᠭᠡᠷᠡᠴᠢ ᠪᠠᠷᠢᠮᠲᠠ ᠵᠢ ᠬᠠᠩᠭ᠋ᠠᠨ ᠤᠯᠭᠤᠬᠤ ᠬᠡᠷᠡᠭᠲᠡᠢ᠃
      ᠶᠢᠰᠤᠳᠦᠭᠡᠷ ᠵᠦᠢ᠍ᠯ     ᠰᠤᠶᠤᠯ᠎ᠤᠨ ᠰᠠᠢ᠌ᠨ ᠳᠤᠷ᠎ᠠ ᠵᠢᠨ ᠦᠢ᠍ᠯᠡᠴᠢᠯᠡᠭᠡᠨ᠎ᠤ ᠠᠵᠢᠯ᠎ᠢ ᠵᠤᠬᠢᠶᠠᠨ ᠪᠠᠢ᠌ᠭᠤᠯᠬᠤ ᠨᠢᠭᠡᠴᠢ᠎ᠨᠢ ᠲᠦᠯᠦᠪᠵᠢᠭᠦᠯᠭᠡ ᠲᠤᠭᠲᠠᠭ᠋ᠠᠨ᠂ ᠰᠤᠶᠦᠯ᠎ᠤᠨ ᠰᠠᠢ᠌ᠨ ᠳᠤᠷᠠᠴᠤᠳ᠎ᠤᠨ ᠦᠢ᠍ᠯᠡᠴᠢᠯᠡᠭᠡᠨ᠎ᠤ ᠴᠢᠳᠠᠪᠤᠷᠢ ᠪᠤᠯᠤᠨ ᠦᠢ᠍ᠯᠡᠴᠢᠯᠡᠭᠡᠨ᠎ᠤ ᠬᠢᠷᠢ ᠲᠦᠪᠰᠢᠨ᠎ᠢ ᠲᠡᠭᠡᠭᠰᠢᠯᠡᠭᠦᠯᠬᠦ᠎ᠪᠠᠷ ᠵᠤᠷᠢᠯᠭ᠎ᠠ ᠪᠤᠯᠭ᠋ᠠᠵᠦ᠂ ᠡᠩ᠎ᠤᠨ ᠪᠤᠯᠪᠠᠰᠤᠷᠠᠭᠤᠯᠤᠯ ᠪᠤᠯᠤᠨ ᠠᠵᠢᠯ᠎ᠤᠨ ᠪᠠᠢ᠌ᠷᠢ᠎ᠳᠤ ᠭᠠᠷᠬᠤ᠎ᠠᠴᠠ ᠡᠮᠦᠨᠡᠬᠢ ᠪᠤᠯᠪᠠᠰᠤᠷᠠᠭᠤᠯᠤᠯ᠎ᠢ ᠤᠶᠠᠯᠳᠤᠭᠤᠯᠵᠤ ᠪᠠᠢ᠌ᠭ᠋ᠠᠳ ᠰᠤᠶᠤᠯ᠎ᠤᠨ ᠰᠠᠢ᠌ᠨ ᠳᠤᠷᠠᠴᠤᠳ᠎ᠲᠤ ᠶᠡᠷᠦᠩᠭᠡᠢ᠌ᠯᠡᠭᠰᠡᠨ ᠪᠤᠯᠪᠠᠰᠤᠷᠠᠭᠤᠯᠤᠯ ᠬᠦᠷᠲᠡᠭᠡᠬᠦ ᠬᠡᠷᠡᠭᠲᠡᠢ᠃ ᠡᠩ᠎ᠤᠨ ᠪᠤᠯᠪᠠᠰᠤᠷᠠᠭᠤᠯᠤᠯ᠎ᠳᠤ᠎ᠪᠠᠨ ᠰᠤᠶᠤᠯ᠎ᠤᠨ ᠰᠠᠢ᠌ᠨ ᠳᠤᠷ᠎ᠠ ᠵᠢᠨ ᠦᠢ᠍ᠯᠡᠴᠢᠯᠡᠭᠡᠨ᠎ᠤ ᠤᠢ᠌ᠯᠠᠭ᠋ᠠᠭᠳᠠᠬᠤᠨ᠂ ᠡᠵᠡᠮᠰᠢᠬᠦ ᠴᠢᠬᠤᠯᠠᠲᠠᠢ ᠮᠡᠳᠡᠯᠭᠡ᠂ ᠦᠨᠳᠦᠰᠦᠨ ᠮᠡᠷᠭᠡᠵᠢᠯ ᠴᠢᠳᠠᠪᠤᠷᠢ ᠭᠡᠬᠦ ᠵᠡᠷᠭᠡ᠎ᠪᠠᠷ ᠭᠤᠤᠯ ᠠᠭᠤᠯᠭ᠎ᠠ ᠪᠤᠯᠭ᠋ᠠᠭᠰᠠᠨ ᠪᠤᠯᠪᠠᠰᠤᠷᠠᠭᠤᠯᠤᠯ᠎ᠢ ᠬᠦᠷᠲᠡᠭᠡᠵᠦ᠂ ᠠᠵᠢᠯ᠎ᠤᠨ ᠪᠠᠢ᠌ᠷᠢ᠎ᠳᠤ ᠭᠠᠷᠬᠤ᠎ᠠᠴᠠ ᠡᠮᠦᠨᠡᠭᠢ ᠪᠤᠯᠪᠠᠰᠤᠷᠠᠭᠤᠯᠤᠯ᠎ᠳᠤ᠎ᠪᠠᠨ ᠠᠵᠢᠯ᠎ᠤᠨ ᠳᠦᠷᠦᠯ ᠵᠦᠢ᠍ᠯ᠎ᠤᠨ ᠲᠠᠨᠢᠯᠴᠠᠭᠤᠯᠭ᠎ᠠ᠂ ᠠᠵᠢᠯ᠎ᠤᠨ ᠱᠠᠭ᠋ᠠᠷᠳᠠᠯᠭ᠎ᠠ᠂ ᠠᠶᠤᠯᠬᠦᠢ ᠵᠢᠨ ᠰᠤᠷᠭ᠋ᠠᠨ ᠬᠦᠮᠦᠵᠢᠯ ᠭᠡᠬᠦ ᠵᠡᠷᠭᠡ᠎ᠪᠠᠷ ᠭᠤᠤᠯ ᠠᠭᠤᠯᠭ᠎ᠠ ᠪᠤᠯᠭ᠋ᠠᠭᠰᠠᠨ ᠪᠤᠯᠪᠠᠰᠤᠷᠠᠭᠤᠯᠤᠯ᠎ᠢ ᠬᠦᠷᠲᠡᠭᠡᠬᠦ ᠬᠡᠷᠡᠭᠲᠡᠢ᠃
      ᠠᠷᠪᠠᠳᠤᠭ᠋ᠠᠷ ᠵᠦᠢ᠍ᠯ   ᠰᠤᠶᠦᠯ᠎ᠤᠨ ᠰᠠᠢ᠌ᠨ ᠳᠤᠷ᠎ᠠ ᠵᠢᠨ ᠦᠢ᠍ᠯᠡᠴᠢᠯᠡᠭᠡᠨ᠎ᠤ ᠠᠵᠢᠯ᠎ᠢ ᠵᠤᠬᠢᠶᠠᠨ ᠪᠠᠢ᠌ᠭᠤᠯᠬᠤ ᠨᠢᠭᠡᠴᠢ᠎ᠨᠢ ᠠᠵᠢᠯ᠎ᠤᠨ ᠬᠡᠷᠡᠭᠴᠡᠭᠡ ᠪᠤᠯᠤᠨ ᠲᠤᠰ ᠪᠡᠶ᠎ᠡ ᠵᠢᠨ ᠲᠤᠰᠢᠶᠠᠯ ᠬᠠᠷᠢᠭᠤᠴᠠᠯᠭ᠎ᠠ᠎ᠳᠤ᠎ᠪᠠᠨ ᠦᠨᠳᠦᠰᠦᠯᠡᠵᠦ ᠪᠠᠢ᠌ᠭ᠋ᠠᠳ ᠰᠤᠶᠤᠯ᠎ᠤᠨ ᠰᠠᠢ᠌ᠨ ᠳᠤᠷ᠎ᠠ ᠵᠢᠨ ᠠᠵᠢᠯᠯᠠᠭ᠎ᠠ ᠵᠢ ᠦᠷᠨᠢᠭᠦᠯᠦᠨ ᠬᠢᠪᠡᠯ ᠵᠤᠬᠢᠨ᠎ᠠ᠃ ᠲᠡᠭᠦᠨᠴᠢᠯᠡᠨ ᠰᠤᠶᠦᠯ᠎ᠤᠨ ᠰᠠᠢ᠌ᠨ ᠳᠤᠷ᠎ᠠ ᠵᠢᠨ ᠦᠢ᠍ᠯᠡᠴᠢᠯᠡᠭᠡ ᠬᠡᠷᠡᠭᠴᠡᠭᠡ᠎ᠲᠠᠢ ᠪᠠᠢ᠌ᠭ᠎ᠠ ᠨᠢᠭᠡᠴᠢ ᠪᠤᠶᠤ ᠬᠤᠪᠢ ᠬᠦᠮᠦᠨ᠎ᠤ ᠭᠤᠶᠤᠴᠢᠯᠠᠯ᠎ᠳᠤ ᠦᠨᠳᠦᠰᠦᠯᠡᠵᠦ ᠪᠠᠢ᠌ᠭ᠋ᠠᠳ ᠰᠤᠶᠤᠯ᠎ᠤᠨ ᠰᠠᠢ᠌ᠨ ᠳᠤᠷ᠎ᠠ ᠵᠢᠨ ᠦᠢ᠍ᠯᠡᠴᠢᠯᠡᠭᠡ ᠵᠢ ᠬᠠᠩᠭ᠋ᠠᠵᠤ ᠪᠤᠯᠤᠨ᠎ᠠ᠃
      ᠠᠷᠪᠠᠨ ᠨᠢᠭᠡᠳᠦᠭᠡᠷ ᠵᠦᠢ᠍ᠯ   ᠰᠤᠶᠤᠯ᠎ᠤᠨ ᠰᠠᠢ᠌ᠨ ᠳᠤᠷ᠎ᠠ ᠵᠢᠨ ᠦᠢ᠍ᠯᠡᠴᠢᠯᠡᠭᠡᠨ᠎ᠤ ᠠᠵᠢᠯ᠎ᠢ ᠦᠷᠨᠢᠭᠦᠯᠦᠨ ᠬᠢᠬᠦ᠎ᠳᠤ᠎ᠪᠠᠨ ᠰᠤᠶᠦᠯ᠎ᠤᠨ ᠰᠠᠢ᠌ᠨ ᠳᠤᠷ᠎ᠠ ᠵᠢᠨ ᠦᠢ᠍ᠯᠡᠴᠢᠯᠡᠭᠡᠨ᠎ᠤ ᠠᠵᠢᠯ᠎ᠢ ᠵᠤᠬᠢᠶᠠᠨ ᠪᠠᠢ᠌ᠭᠤᠯᠬᠤ ᠨᠢᠭᠡᠴᠢ ᠪᠤᠯᠤᠨ ᠰᠤᠶᠤᠯ᠎ᠤᠨ ᠰᠠᠢ᠌ᠨ ᠳᠤᠷᠠᠴᠤᠳ᠎ᠨᠢ ᠰᠤᠶᠤᠯ᠎ᠤᠨ ᠰᠠᠢ᠌ᠨ ᠳᠤᠷ᠎ᠠ ᠵᠢᠨ ᠦᠢ᠍ᠯᠡᠴᠢᠯᠡᠭᠡ ᠬᠡᠷᠡᠭᠴᠡᠭᠡ᠎ᠲᠠᠢ ᠪᠠᠢ᠌ᠭ᠎ᠠ ᠲᠠᠯ᠎ᠠ ᠵᠢᠨ᠎ᠬᠢᠨ᠎ᠯᠤᠭ᠎ᠠ ᠰᠤᠶᠤᠯ᠎ᠤᠨ ᠰᠠᠢ᠌ᠨ ᠳᠤᠷ᠎ᠠ ᠵᠢᠨ ᠦᠢ᠍ᠯᠡᠴᠢᠯᠡᠭᠡᠨ᠎ᠤ ᠠᠵᠢᠯ᠎ᠤᠨ ᠠᠭᠤᠯᠭ᠎ᠠ᠂ ᠡᠷᠭᠡ ᠠᠰᠢᠭ ᠡᠭᠦᠷᠭᠡ ᠬᠠᠷᠢᠭᠤᠴᠠᠯᠭ᠎ᠠ ᠪᠤᠯᠤᠨ ᠬᠠᠤᠯᠢ ᠴᠠᠭ᠋ᠠᠵᠠ ᠵᠢᠨ ᠬᠠᠷᠢᠭᠤᠴᠠᠯᠭ᠎ᠠ ᠭᠡᠬᠦ ᠵᠡᠷᠭᠡ ᠵᠢᠨ ᠲᠤᠬᠠᠢ ᠵᠦᠪᠳᠡᠯᠴᠡᠨ ᠬᠡᠯᠡᠯᠴᠡᠵᠦ ᠪᠠᠢ᠌ᠭ᠋ᠠᠳ ᠰᠠᠨᠠᠯ ᠵᠶ᠋ᠠᠨ ᠨᠢᠭᠡᠳᠭᠡᠪᠡᠯ ᠵᠤᠬᠢᠨ᠎ᠠ᠃ ᠳᠤᠤᠷᠠᠬᠢ ᠮᠡᠲᠦ ᠵᠢᠨ ᠨᠢᠭᠡ ᠵᠦᠢ᠍ᠯ᠎ᠤᠨ ᠪᠠᠢ᠌ᠳᠠᠯ᠎ᠲᠠᠢ ᠪᠤᠯᠤᠭᠰᠠᠨ ᠪᠠᠢ᠌ᠪᠠᠯ᠂ ᠰᠤᠶᠤᠯ᠎ᠤᠨ ᠰᠠᠢ᠌ᠨ ᠳᠤᠷ᠎ᠠ ᠵᠢᠨ ᠦᠢ᠍ᠯᠡᠴᠢᠯᠡᠭᠡᠨ᠎ᠤ ᠠᠵᠢᠯ᠎ᠢ ᠵᠤᠬᠢᠶᠠᠨ ᠪᠠᠢ᠌ᠭᠤᠯᠬᠤ ᠨᠢᠭᠡᠴᠢ᠎ᠨᠢ ᠰᠤᠶᠦᠯ᠎ᠤᠨ ᠰᠠᠢ᠌ᠨ ᠳᠤᠷᠠᠴᠤᠳ᠎ᠯᠤᠭ᠎ᠠ᠂ ᠰᠤᠶᠤᠯ᠎ᠤᠨ ᠰᠠᠢ᠌ᠨ ᠳᠤᠷ᠎ᠠ ᠵᠢᠨ ᠦᠢ᠍ᠯᠡᠴᠢᠯᠡᠭᠡᠨ᠎ᠤ ᠠᠵᠢᠯ᠎ᠢ ᠵᠤᠬᠢᠶᠠᠨ ᠪᠠᠢ᠌ᠭᠤᠯᠬᠤ ᠨᠢᠭᠡᠴᠢ᠎ᠨᠢ ᠰᠤᠶᠤᠯ᠎ᠤᠨ ᠰᠠᠢ᠌ᠨ ᠳᠤᠷ᠎ᠠ ᠵᠢᠨ ᠦᠢ᠍ᠯᠡᠴᠢᠯᠡᠭᠡ ᠬᠡᠷᠡᠭᠰᠡᠬᠦ ᠭᠡᠵᠦ ᠪᠠᠢ᠌ᠭ᠎ᠠ ᠲᠠᠯ᠎ᠠ ᠵᠢᠨ᠎ᠬᠢᠨ᠎ᠯᠤᠭ᠎ᠠ ᠪᠢᠴᠢᠭ᠎ᠤᠨ ᠵᠦᠪᠳᠡᠯᠴᠡᠭᠡᠷ᠎ᠢ ᠭᠠᠷ᠎ᠤᠨ ᠦᠰᠦᠭ ᠵᠢᠷᠤᠵᠤ ᠪᠠᠢ᠌ᠭ᠋ᠠᠳ ᠲᠤᠭᠲᠠᠪᠠᠯ ᠵᠤᠬᠢᠨ᠎ᠠ᠄
     (ᠨᠢᠭᠡ) ᠶᠠᠮᠠᠷᠪᠠ ᠨᠢᠭᠡ ᠲᠠᠯ᠎ᠠ ᠵᠢᠨ᠎ᠬᠢᠨ᠎ᠨᠢ ᠪᠢᠴᠢᠭ᠎ᠤᠨ ᠵᠦᠪᠳᠡᠯᠴᠡᠭᠡᠷ᠎ᠢ ᠭᠠᠷ᠎ᠤᠨ ᠦᠰᠦᠭ ᠵᠢᠷᠤᠵᠤ ᠪᠠᠢ᠌ᠭ᠋ᠠᠳ ᠲᠤᠭᠲᠠᠬᠤ ᠵᠢ ᠱᠠᠭ᠋ᠠᠷᠳᠠᠭᠰᠠᠨ ᠪᠠᠢ᠌ᠪᠠᠯ;
     (ᠬᠤᠶᠠᠷ) ᠬᠦᠮᠦᠨ᠎ᠤ ᠪᠡᠶ᠎ᠡ ᠮᠠᠬᠠᠪᠤᠳ᠎ᠤᠨ ᠠᠮᠤᠷ ᠲᠦᠪᠰᠢᠨ᠂ ᠪᠡᠶ᠎ᠡ ᠰᠡᠳᠬᠢᠯ᠎ᠤᠨ ᠡᠷᠡᠭᠦᠯ ᠮᠡᠨᠲᠤ᠎ᠳᠤ ᠨᠡᠯᠢᠶᠡᠳ ᠠᠶᠤᠯᠲᠠᠢ ᠪᠠᠢ᠌ᠬᠤ ᠪᠠᠢ᠌ᠳᠠᠯ᠎ᠲᠠᠢ ᠪᠠᠢ᠌ᠪᠠᠯ;
     (ᠭᠤᠷᠪᠠ) ᠲᠤᠮᠤ ᠬᠡᠪᠴᠢᠶᠡᠨ᠎ᠤ ᠨᠡᠢ᠌ᠲᠡ ᠵᠢᠨ ᠠᠰᠠᠷᠠᠮᠵᠢ ᠵᠢᠨ ᠴᠢᠨᠠᠷᠲᠠᠢ ᠰᠤᠶᠤᠯ᠎ᠤᠨ ᠠᠵᠢᠯᠯᠠᠭ᠎ᠠ᠎ᠳᠤ ᠰᠤᠶᠤᠯ᠎ᠤᠨ ᠰᠠᠢ᠌ᠨ ᠳᠤᠷ᠎ᠠ ᠵᠢᠨ ᠦᠢ᠍ᠯᠡᠴᠢᠯᠡᠭᠡ ᠵᠢ ᠬᠠᠩᠭ᠋ᠠᠬᠤ ᠭᠡᠵᠦ ᠪᠠᠢ᠌ᠪᠠᠯ;
     (ᠳᠦᠷᠪᠡ) ᠬᠠᠤᠯᠢ ᠴᠠᠭ᠋ᠠᠵᠠ᠂ ᠬᠠᠤᠯᠢ ᠳᠦᠷᠢᠮ᠎ᠤᠨ ᠲᠤᠭᠲᠠᠭ᠋ᠠᠯ ᠵᠶ᠋ᠠᠷ ᠪᠢᠴᠢᠭ᠎ᠤᠨ ᠵᠦᠪᠳᠡᠯᠴᠡᠭᠡᠷ᠎ᠢ ᠭᠠᠷ᠎ᠤᠨ ᠦᠰᠦᠭ ᠵᠢᠷᠤᠵᠤ ᠪᠠᠢ᠌ᠭ᠋ᠠᠳ ᠲᠤᠭᠲᠠᠭ᠋ᠠᠬᠤ   ᠬᠡᠷᠡᠭᠲᠡᠢ ᠪᠠᠢ᠌ᠪᠠᠯ᠃
      ᠠᠷᠪᠠᠨ ᠬᠤᠶᠠᠳᠤᠭ᠋ᠠᠷ ᠵᠦᠢ᠍ᠯ   ᠰᠤᠶᠤᠯ᠎ᠤᠨ ᠰᠠᠢ᠌ᠨ ᠳᠤᠷ᠎ᠠ ᠵᠢᠨ ᠦᠢ᠍ᠯᠡᠴᠢᠯᠡᠭᠡᠨ᠎ᠤ ᠠᠵᠢᠯ᠎ᠤᠨ ᠵᠦᠪᠳᠡᠯᠴᠡᠭᠡᠷ᠎ᠲᠤ᠎ᠨᠢ ᠲᠤᠤᠷᠠᠬᠢ ᠮᠡᠲᠦ ᠵᠢᠨ ᠠᠭᠤᠯᠭ᠎ᠠ ᠪᠠᠭᠳᠠᠨ᠎ᠠ᠄

     (ᠨᠢᠭᠡ) ᠰᠤᠶᠤᠯ᠎ᠤᠨ ᠰᠠᠢ᠌ᠨ ᠳᠤᠷ᠎ᠠ ᠵᠢᠨ ᠦᠢ᠍ᠯᠡᠴᠢᠯᠡᠭᠡᠨ᠎ᠤ ᠠᠵᠢᠯ᠎ᠤᠨ ᠲᠤᠬᠠᠢ ᠠᠭᠤᠯᠭ᠎ᠠ᠂ ᠴᠠᠭ᠂ ᠭᠠᠵᠠᠷ;
     (ᠬᠤᠶᠠᠷ) ᠰᠤᠶᠤᠯ᠎ᠤᠨ ᠰᠠᠢ᠌ᠨ ᠳᠤᠷ᠎ᠠ ᠵᠢᠨ ᠦᠢ᠍ᠯᠡᠴᠢᠯᠡᠭᠡᠨ᠎ᠤ ᠠᠵᠢᠯ᠎ᠳᠤ ᠬᠤᠯᠪᠤᠭᠳᠠᠬᠤ ᠬᠦᠮᠦᠨ᠎ᠤ ᠡᠷᠭᠡ ᠠᠰᠢᠭ᠂ ᠡᠭᠦᠷᠭᠡ ᠬᠠᠷᠢᠭᠤᠴᠠᠯᠭ᠎ᠠ;
     (ᠭᠤᠷᠪᠠ) ᠠᠮᠤᠷ ᠲᠦᠪᠰᠢᠨ᠎ᠢ ᠪᠠᠲᠤᠯᠠᠬᠤ ᠠᠷᠭ᠎ᠠ ᠬᠡᠮᠵᠢᠶ᠎ᠡ;
     (ᠳᠦᠷᠪᠡ) ᠵᠦᠪᠳᠡᠯᠴᠡᠭᠡᠷ᠎ᠢ ᠬᠤᠪᠢᠷᠠᠭᠤᠯᠬᠤ ᠪᠠ ᠬᠦᠴᠦᠨ ᠦᠭᠡᠢ ᠪᠤᠯᠭ᠋ᠠᠬᠤ ᠶᠠᠪᠤᠳᠠᠯ;
     (ᠲᠠᠪᠤ) ᠬᠠᠤᠯᠢ ᠴᠠᠭ᠋ᠠᠵᠠ ᠵᠢᠨ ᠬᠠᠷᠢᠭᠤᠴᠠᠯᠭ᠎ᠠ ᠵᠢᠴᠢ ᠮᠠᠷᠭᠤᠭ᠋ᠠᠨ᠎ᠢ ᠰᠢᠢ᠍ᠳᠪᠦᠷᠢᠯᠡᠬᠦ ᠠᠷᠭ᠎ᠠ ᠬᠡᠯᠪᠡᠷᠢ;
     (ᠵᠢᠷᠭᠤᠭ᠎ᠠ) ᠲᠤᠳᠤᠷᠬᠠᠢ᠌ᠯᠠᠬᠤ ᠴᠢᠬᠤᠯᠠᠲᠠᠢ ᠪᠤᠰᠤᠳ ᠶᠠᠪᠤᠳᠠᠯ ᠤᠴᠢᠷ᠃
      ᠠᠷᠪᠠᠨ ᠭᠤᠷᠪᠠᠳᠤᠭ᠋ᠠᠷ ᠵᠦᠢ᠍ᠯ   ᠰᠤᠶᠤᠯ᠎ᠤᠨ ᠰᠠᠢ᠌ᠨ ᠳᠤᠷ᠎ᠠ ᠵᠢᠨ ᠦᠢ᠍ᠯᠡᠴᠢᠯᠡᠭᠡᠨ᠎ᠤ ᠠᠵᠢᠯ᠎ᠢ ᠦᠷᠨᠢᠬᠦᠯᠦᠨ ᠬᠢᠬᠦ  ᠎ᠳᠤ᠎ᠪᠠᠨ ᠰᠤᠶᠤᠯ᠎ᠤᠨ ᠰᠠᠢ᠌ᠨ ᠳᠤᠷ᠎ᠠ ᠵᠢᠨ ᠦᠢ᠍ᠯᠡᠴᠢᠯᠡᠭᠡᠨ᠎ᠤ ᠠᠵᠢᠯ᠎ᠢ ᠵᠤᠬᠢᠶᠠᠨ ᠪᠠᠢ᠌ᠭᠤᠯᠬᠤ ᠨᠢᠭᠡᠴᠢ᠎ᠨᠢ ᠪᠤᠳᠠᠳᠠᠢ ᠪᠠᠢ᠌ᠳᠠᠯ᠎ᠳᠤ᠎ᠪᠠᠨ ᠦᠨᠳᠦᠰᠦᠯᠡᠵᠦ ᠪᠠᠢ᠌ᠭ᠋ᠠᠳ ᠰᠤᠶᠤᠯ᠎ᠤᠨ ᠰᠠᠢ᠌ᠨ ᠳᠤᠷᠠᠴᠤᠳ᠎ᠢ ᠪᠡᠶ᠎ᠡ ᠮᠠᠬᠠᠪᠤᠳ᠎ᠤᠨ ᠰᠠᠨᠠᠭ᠋ᠠᠨ᠎ᠳᠤ ᠦᠭᠡᠢ ᠭᠡᠮᠳᠦᠯ᠎ᠤᠨ ᠳᠠᠭ᠋ᠠᠳᠬᠠᠯ᠎ᠳᠤ ᠤᠷᠤᠭᠤᠯᠤᠨ ᠭᠦᠢ᠍ᠴᠡᠳᠭᠡᠵᠦ ᠦᠭᠪᠡᠯ ᠵᠤᠬᠢᠨ᠎ᠠ᠃
      ᠠᠷᠪᠠᠨ ᠳᠦᠷᠪᠡᠳᠦᠭᠡᠷ ᠵᠦᠢ᠍ᠯ   ᠰᠤᠶᠦᠯ᠎ᠤᠨ ᠰᠠᠢ᠌ᠨ ᠳᠤᠷ᠎ᠠ ᠵᠢᠨ ᠦᠢ᠍ᠯᠡᠴᠢᠯᠡᠭᠡᠨ᠎ᠤ ᠠᠵᠢᠯ᠎ᠢ ᠦᠷᠨᠢᠭᠦᠯᠦᠨ ᠬᠢᠬᠦ᠎ᠳᠤ᠎ᠪᠠᠨ ᠨᠢᠭᠡᠳᠦᠯᠲᠡᠢ ᠲᠡᠮᠳᠡᠭ ᠢᠯᠡᠷᠭᠡᠢ᠌ᠯᠡᠯ᠎ᠢ ᠬᠡᠷᠡᠭᠯᠡᠪᠡᠯ ᠵᠤᠬᠢᠨ᠎ᠠ᠃


                  ᠭᠤᠷᠪᠠᠳᠤᠭ᠋ᠠᠷ ᠪᠦᠯᠦᠭ         ᠡᠯᠰᠡᠬᠦ


      ᠠᠷᠪᠠᠨ ᠲᠠᠪᠤᠳᠤᠭ᠋ᠠᠷ ᠵᠦᠢ᠍ᠯ   ᠰᠤᠶᠤᠯ᠎ᠤᠨ ᠰᠠᠢ᠌ᠨ ᠲᠤᠷᠠᠴᠤᠳ ᠭᠡᠲᠡᠭ᠎ᠲᠤ ᠪᠦᠯᠬᠦᠮ ᠨᠡᠢ᠌ᠲᠡᠲᠦ ᠰᠠᠢ᠌ᠨ ᠳᠤᠷᠠᠴᠤᠳ ᠪᠤᠯᠤᠨ ᠬᠤᠪᠢ ᠬᠦᠮᠦᠨ᠎ᠤ ᠰᠠᠢ᠌ᠨ ᠳᠤᠷᠠᠴᠤᠳ ᠪᠠᠭᠳᠠᠵᠤ ᠪᠠᠢ᠌ᠨ᠎ᠠ᠃
      ᠪᠦᠯᠬᠦᠮ ᠨᠡᠢ᠌ᠲᠡᠲᠦ ᠰᠠᠢ᠌ᠨ ᠳᠤᠷᠠᠴᠤᠳ ᠭᠡᠳᠡᠭ᠎ᠨᠢ ᠦᠨᠳᠦᠰᠦᠨ ᠱᠠᠲᠤᠨ᠎ᠤ ᠤᠯᠠᠨ ᠲᠦᠮᠡᠨᠴᠢ ᠰᠤᠶᠤᠯ᠎ᠤᠨ ᠬᠦᠭᠵᠢᠯᠲᠡ ᠴᠡᠴᠡᠭᠯᠡᠯᠲᠡ᠎ᠳᠤ ᠰᠠᠢ᠌ᠨ ᠳᠤᠷ᠎ᠠ ᠵᠢᠨ ᠦᠢ᠍ᠯᠡᠴᠢᠯᠡᠭᠡ ᠬᠠᠩᠭ᠋ᠠᠬᠤ ᠬᠦᠰᠡᠯ ᠵᠤᠷᠢᠯᠭ᠎ᠠ᠎ᠲᠠᠢ ᠪᠠᠢ᠌ᠳᠠᠭ ᠡᠯ᠎ᠡ ᠱᠠᠲᠤᠨ᠎ᠤ ᠡᠯ᠎ᠡ ᠳᠦᠷᠦᠯ᠎ᠤᠨ ᠰᠤᠶᠤᠯ᠎ᠤᠨ ᠠᠵᠤ ᠠᠬᠤᠢ᠌ᠯᠠᠯ ᠠᠵᠢᠯ ᠦᠢ᠍ᠯᠡᠰ᠎ᠤᠨ ᠨᠢᠭᠡᠴᠡ᠂ ᠰᠤᠷᠭ᠋ᠠᠭᠤᠯᠢ ᠪᠤᠯᠤᠨ ᠨᠡᠢ᠌ᠭᠡᠮ ᠨᠡᠢ᠌ᠲᠡ ᠵᠢᠨ ᠰᠤᠶᠦᠯ᠎ᠤᠨ ᠪᠦᠯᠬᠦᠮ᠎ᠢ ᠬᠡᠯᠡᠵᠦ ᠪᠠᠢ᠌ᠨ᠎ᠠ᠃ ᠵᠢᠱ᠌ᠢᠶᠡᠯᠡᠪᠡᠯ ᠲᠤᠰᠬᠠᠢ ᠮᠡᠷᠭᠡᠵᠢᠯ᠎ᠤᠨ ᠪᠠ ᠠᠷᠠᠳ᠎ᠤᠨ ᠤᠷᠠᠯᠢᠭ᠎ᠤᠨ ᠲᠤᠭᠯᠠᠯᠲᠠ ᠵᠢᠨ ᠪᠦᠯᠬᠦᠮ᠂ ᠡᠯ᠎ᠡ ᠱᠠᠲᠤᠨ᠎ᠤ ᠡᠯ᠎ᠡ ᠳᠦᠷᠦᠯ᠎ᠤᠨ ᠨᠤᠮ᠎ᠤᠨ ᠰᠠᠩ᠂ ᠰᠤᠶᠤᠯ᠎ᠤᠨ ᠤᠷᠳᠤᠨ (ᠦᠷᠲᠡᠭᠡ)᠂ ᠦᠵᠡᠰᠭᠦᠯᠡᠩ᠎ᠤᠨ ᠤᠷᠳᠤᠨ᠂ ᠮᠦᠽᠧᠢ᠂ ᠳᠤᠷᠠᠰᠬᠠᠯ᠎ᠤᠨ ᠤᠷᠳᠤᠨ ᠭᠡᠬᠦ ᠵᠡᠷᠭᠡ᠃
      ᠬᠤᠪᠢ ᠬᠦᠮᠦᠨ᠎ᠤ ᠰᠠᠢ᠌ᠨ ᠳᠤᠷᠠᠴᠤᠳ ᠭᠡᠳᠡᠭ᠎ᠨᠢ ᠰᠤᠶᠤᠯ᠎ᠤᠨ ᠰᠠᠢ᠌ᠨ ᠳᠤᠷ᠎ᠠ ᠵᠢᠨ ᠦᠢ᠍ᠯᠡᠴᠢᠯᠡᠭᠡᠨ᠎ᠤ ᠠᠵᠢᠯ ᠬᠢᠬᠦ ᠬᠦᠰᠡᠯ ᠵᠤᠷᠢᠯᠭ᠎ᠠ᠎ᠲᠠᠢ ᠪᠠᠢ᠌ᠳᠠᠭ ᠳᠤᠰᠬᠠᠢ ᠮᠡᠷᠭᠡᠵᠢᠯ᠎ᠤᠨ ᠪᠤᠯᠤᠨ ᠠᠷᠠᠳ᠎ᠤᠨ ᠤᠷᠠᠨ ᠰᠠᠢ᠌ᠬᠠᠨ᠎ᠤ ᠬᠦᠷᠢᠶᠡᠯᠡᠩ ᠪᠦᠯᠬᠦᠮ᠎ᠤᠨ ᠠᠵᠢᠯᠲᠠᠳ᠂ ᠡᠯ᠎ᠡ ᠱᠠᠲᠤᠨ᠎ᠤ ᠡᠯ᠎ᠡ ᠲᠦᠷᠦᠯ᠎ᠤᠨ ᠰᠤᠶᠤᠯ᠎ᠤᠨ ᠠᠵᠤ ᠠᠬᠤᠢ᠌ᠯᠠᠯ ᠠᠵᠢᠯ ᠦᠢ᠍ᠯᠡᠰ᠎ᠤᠨ ᠨᠢᠭᠡᠴᠢ ᠵᠢᠨ ᠠᠵᠢᠯᠲᠠᠳ᠂ ᠰᠤᠶᠤᠯ ᠤᠷᠠᠯᠢᠭ᠎ᠤᠨ ᠤᠨᠴᠠ ᠴᠢᠳᠠᠪᠤᠷᠢ᠎ᠲᠠᠢ ᠨᠡᠢ᠌ᠭᠡᠮ᠎ᠤᠨ ᠡᠯ᠎ᠡ ᠡᠳᠡᠭᠡᠳ᠎ᠤᠨ ᠬᠦᠮᠦᠰ ᠪᠠ ᠰᠤᠷᠤᠭᠴᠢᠳ᠎ᠢ ᠬᠡᠯᠡᠵᠦ ᠪᠠᠢ᠌ᠨ᠎ᠠ᠃
      ᠠᠷᠪᠠᠨ ᠵᠢᠷᠭᠤᠳᠤᠭ᠋ᠠᠷ ᠵᠦᠢ᠍ᠯ   ᠰᠤᠶᠦᠯ᠎ᠤᠨ ᠰᠠᠢ᠌ᠨ ᠳᠤᠷᠠᠴᠤᠳ᠎ᠨᠢ ᠳᠤᠤᠷᠠᠬᠢ ᠮᠡᠲᠦ ᠵᠢᠨ ᠨᠦᠭᠦᠴᠡᠯ᠎ᠢ ᠪᠦᠷᠢᠯᠳᠦᠭᠦᠯᠦᠭᠰᠡᠨ ᠪᠠᠢ᠌ᠬᠤ ᠬᠡᠷᠡᠭᠲᠡᠢ᠄
     (ᠨᠢᠭᠡ) 18 ᠪᠦᠬᠦᠯᠢ᠎ᠠᠴᠠ 65 ᠪᠦᠬᠦᠯᠢ ᠨᠠᠰᠤᠨ᠎ᠤ ᠬᠤᠭᠤᠷᠤᠨᠳᠤᠬᠢ ᠬᠦᠮᠦᠨ (ᠤᠨᠴᠠᠭ᠋ᠠᠢ ᠪᠠᠢ᠌ᠳᠠᠯ᠎ᠲᠠᠢ ᠵᠢ ᠦᠯᠦ ᠪᠠᠭᠲᠠᠭ᠋ᠠᠨ᠎ᠠ) ᠪᠠᠢ᠌ᠬᠤ ᠬᠡᠷᠡᠭᠲᠡᠢ;

     (ᠬᠤᠶᠠᠷ) ᠰᠤᠶᠦᠯ᠎ᠤᠨ ᠠᠵᠢᠯ ᠦᠢ᠍ᠯᠡᠰ᠎ᠲᠤ ᠬᠠᠢ᠌ᠷᠠᠲᠠᠢ ᠪᠠᠢ᠌ᠵᠤ᠂ ᠰᠤᠶᠦᠯ᠎ᠤᠨ ᠰᠠᠢ᠌ᠨ ᠳᠤᠷ᠎ᠠ ᠵᠢᠨ ᠦᠢ᠍ᠯᠡᠴᠢᠯᠡᠭᠡᠨ᠎ᠤ ᠠᠵᠢᠯ᠎ᠳᠤ ᠳᠤᠷᠠᠰᠢᠯ᠎ᠠᠴᠠ᠎ᠪᠠᠨ ᠤᠷᠤᠯᠴᠠᠳᠠᠭ ᠪᠠᠢ᠌ᠬᠤ ᠬᠡᠷᠡᠭᠲᠡᠢ;
     (ᠭᠤᠷᠪᠠ) ᠰᠠᠢ᠌ᠨ ᠰᠠᠢ᠌ᠬᠠᠨ ᠦᠵᠡᠯ ᠰᠠᠨᠠᠭ᠎ᠠ ᠵᠠᠩ ᠮᠤᠷᠠᠯ ᠬᠡᠪ ᠰᠤᠷᠲᠠᠯ᠎ᠲᠠᠢ ᠪᠠᠢ᠌ᠵᠤ᠂ ᠨᠡᠢ᠌ᠭᠡᠮ ᠨᠡᠢ᠌ᠲᠡ᠎ᠳᠤ ᠬᠠᠨᠳᠢᠪᠯᠠᠨ ᠵᠤᠷᠢᠭᠤᠯᠬᠤ ᠵᠤᠷᠢᠭ ᠰᠠᠨᠠᠭ᠎ᠠ᠎ᠲᠠᠢ ᠪᠠᠢ᠌ᠬᠤ ᠬᠡᠷᠡᠭᠲᠡᠢ;
     (ᠳᠦᠷᠪᠡ) ᠰᠤᠶᠤᠯ᠎ᠤᠨ ᠰᠠᠢ᠌ᠨ ᠳᠤᠷ᠎ᠠ ᠵᠢᠨ ᠦᠢ᠍ᠯᠡᠴᠢᠯᠡᠭᠡᠨ᠎ᠤ ᠠᠵᠢᠯ ᠭᠦᠢ᠍ᠴᠡᠳᠭᠡᠬᠦ ᠮᠡᠷᠭᠡᠵᠢᠯ ᠴᠢᠳᠠᠪᠤᠷᠢ᠂ ᠴᠠᠭ ᠪᠤᠯᠤᠨ ᠪᠡᠶ᠎ᠡ ᠮᠠᠬᠠᠪᠤᠳ᠎ᠤᠨ ᠬᠡᠪ ᠴᠢᠨᠠᠷ᠎ᠲᠠᠢ ᠪᠠᠢ᠌ᠬᠤ ᠬᠡᠷᠡᠭᠲᠡᠢ;
     (ᠲᠠᠪᠤ) ᠬᠠᠤᠯᠢ ᠴᠠᠭ᠋ᠠᠵᠠᠨ᠎ᠳᠤ ᠨᠡᠢ᠌ᠴᠡᠭᠰᠡᠨ ᠪᠡᠶ᠎ᠡ ᠵᠢᠨ ᠭᠡᠷᠡᠴᠢ ᠲᠡᠮᠳᠡᠭ᠎ᠲᠠᠢ ᠪᠠᠢ᠌ᠬᠤ ᠬᠡᠷᠡᠭᠲᠡᠢ᠃
      ᠠᠷᠪᠠᠨ ᠳᠤᠯᠤᠳᠤᠭ᠋ᠠᠷ ᠵᠦᠢ᠍ᠯ   ᠰᠤᠶᠤᠯ᠎ᠤᠨ ᠰᠠᠢ᠌ᠨ ᠳᠤᠷ᠎ᠠ ᠵᠢᠨ ᠦᠢ᠍ᠯᠡᠴᠢᠯᠡᠭᠡᠨ᠎ᠤ ᠠᠵᠢᠯ᠎ᠤᠨ ᠶᠡᠷᠦᠩᠭᠡᠢ ᠠᠩᠭᠢ᠂ ᠰᠠᠯᠪᠤᠷᠢ ᠠᠩᠭᠢ᠂ ᠬᠤᠪᠢᠶᠠᠷᠢ ᠠᠩᠭᠢ᠎ᠨᠢ ᠳᠤᠰ ᠪᠡᠶ᠎ᠡ ᠵᠢᠨ ᠬᠡᠷᠡᠭᠴᠡᠭᠡ᠎ᠳᠤ᠎ᠪᠠᠨ ᠦᠨᠳᠦᠰᠦᠯᠡᠵᠦ ᠪᠠᠢ᠌ᠭ᠋ᠠᠳ ᠲᠤᠰ ᠭᠠᠵᠠᠷ ᠤᠷᠤᠨ᠂ ᠲᠤᠰ ᠠᠵᠢᠯ ᠲᠦᠷᠦᠯ᠎ᠠᠴᠠ᠎ᠪᠠᠨ ᠰᠤᠶᠤᠯ᠎ᠤᠨ ᠰᠠᠢ᠌ᠨ ᠳᠤᠷᠠᠴᠤᠳ᠎ᠢ ᠡᠯᠰᠡᠨ ᠠᠪᠬᠤ ᠠᠵᠢᠯ᠎ᠢ ᠬᠠᠷᠢᠭᠤᠴᠠᠨ ᠬᠢᠵᠦ᠂ ᠡᠯᠰᠡᠨ ᠠᠪᠤᠭᠰᠠᠨ ᠰᠤᠶᠦᠯ᠎ᠤᠨ ᠰᠠᠢ᠌ᠨ ᠳᠤᠷᠠᠴᠤᠳ ᠵᠶ᠋ᠠᠨ ᠠᠳᠠᠯᠢ ᠨᠢᠭᠡ ᠱᠠᠲᠤᠨ᠎ᠤ ᠰᠤᠶᠦᠯ᠎ᠤᠨ ᠵᠠᠰᠠᠭ ᠵᠠᠬᠢᠷᠭ᠋ᠠᠨ᠎ᠤ ᠭᠤᠤᠯᠯᠠᠨ ᠬᠠᠮᠢᠶᠠᠷᠬᠤ ᠰᠠᠯᠠᠭ᠎ᠠ ᠮᠦᠴᠢᠷ᠎ᠲᠤ ᠮᠡᠳᠡᠭᠦᠯᠦᠨ ᠲᠡᠮᠳᠡᠭᠯᠡᠬᠦᠯᠵᠦ᠂ ᠲᠤᠬᠠᠢ ᠵᠢᠨ ᠤᠷᠤᠨ᠎ᠤ᠎ᠪᠠᠨ ᠰᠤᠶᠤᠯ᠎ᠤᠨ ᠰᠠᠢ᠌ᠨ ᠳᠤᠷᠠᠴᠤᠳ᠎ᠤᠨ ᠡᠩᠨᠡᠭᠡᠨ᠎ᠳᠤ ᠤᠷᠤᠭᠤᠯᠤᠨ ᠬᠠᠮᠢᠶᠠᠷᠬᠤ ᠬᠡᠷᠡᠭᠲᠡᠢ᠃
      ᠠᠷᠪᠠᠨ ᠨᠠᠢ᠍ᠮᠠᠳᠤᠭ᠋ᠠᠷ ᠵᠦᠢ᠍ᠯ   ᠳᠤᠤᠷᠠᠬᠢ ᠠᠯᠬᠤᠮ ᠳᠠᠷᠠᠭ᠎ᠠ ᠶᠤᠰᠤᠭ᠋ᠠᠷ ᠰᠤᠶᠤᠯ᠎ᠤᠨ ᠰᠠᠢ᠌ᠨ ᠳᠤᠷᠠᠴᠤᠳ᠎ᠢ ᠡᠯᠰᠡᠨ ᠠᠪᠬᠤ ᠬᠡᠷᠡᠭᠲᠡᠢ᠄
     (ᠨᠢᠭᠡ) ᠰᠤᠶᠤᠯ᠎ᠤᠨ ᠰᠠᠢ᠌ᠨ ᠳᠤᠷᠠᠴᠤᠳ ᠪᠤᠯᠬᠤ᠎ᠪᠠᠷ ᠡᠷᠡᠮᠡᠯᠵᠡᠨ ᠳᠠᠩᠰᠠᠯᠠᠭᠤᠯᠬᠤ ᠭᠡᠵᠦ ᠪᠠᠢ᠌ᠭ᠎ᠠ ᠪᠦᠯᠬᠦᠮ ᠨᠡᠢ᠌ᠲᠡ ᠪᠤᠶᠤ ᠬᠤᠪᠢ ᠬᠦᠮᠦᠨ᠎ᠨᠢ ᠰᠤᠶᠤᠯ᠎ᠤᠨ ᠰᠠᠢ᠌ᠨ ᠳᠤᠷ᠎ᠠ ᠵᠢᠨ ᠦᠢ᠍ᠯᠡᠴᠢᠯᠡᠭᠡᠨ᠎ᠤ ᠠᠵᠢᠯ᠎ᠤᠨ ᠶᠡᠷᠦᠩᠭᠡᠢ ᠠᠩᠭᠢ᠂ ᠰᠠᠯᠪᠤᠷᠢ ᠠᠩᠭᠢ᠂ ᠬᠤᠪᠢᠶᠠᠷᠢ ᠠᠩᠭᠢ᠎ᠳᠤ ᠦᠪᠡᠷ᠎ᠤᠨ ᠡᠷᠡᠮᠡᠯᠵᠡᠯ ᠵᠶ᠋ᠡᠨ ᠰᠢᠭᠤᠳ ᠡᠷᠭᠦᠨ ᠳᠡᠪᠰᠢᠭᠦᠯᠵᠦ ᠪᠤᠯᠤᠨ᠎ᠠ᠃ ᠪᠦᠯᠬᠦᠮ ᠨᠡᠢ᠌ᠲᠡ᠎ᠨᠢ 《ᠦᠪᠦᠷ ᠮᠤᠩᠭᠤᠯ᠎ᠤᠨ ᠦᠪᠡᠷᠲᠡᠭᠡᠨ ᠵᠠᠰᠠᠬᠤ ᠤᠷᠤᠨ᠎ᠤ ᠰᠤᠶᠤᠯ᠎ᠤᠨ ᠰᠠᠢ᠌ᠨ ᠳᠤᠷ᠎ᠠ ᠵᠢᠨ ᠦᠢ᠍ᠯᠡᠴᠢᠯᠡᠭᠡᠨ᠎ᠤ ᠠᠵᠢᠯ᠎ᠤᠨ ᠪᠦᠯᠬᠦᠮ ᠨᠡᠢ᠌ᠲᠡ ᠵᠢᠨ ᠲᠡᠮᠳᠡᠭᠯᠡᠭᠦᠯᠦᠨ ᠲᠠᠩᠰᠠᠯᠠᠭᠤᠯᠬᠤ ᠡᠷᠡᠮᠡᠯᠵᠡᠯ᠎ᠤᠨ ᠬᠦᠰᠦᠨᠦᠭ》᠎ᠢ ᠲᠠᠭᠯᠠᠵᠤ᠂ ᠬᠤᠪᠢ ᠬᠦᠮᠦᠨ᠎ᠨᠢ 《ᠦᠪᠦᠷ ᠮᠤᠩᠭᠤᠯ᠎ᠤᠨ ᠦᠪᠡᠷᠲᠡᠭᠡᠨ ᠵᠠᠰᠠᠬᠤ ᠤᠷᠤᠨ᠎ᠤ ᠰᠤᠶᠤᠯ᠎ᠤᠨ ᠰᠠᠢ᠌ᠨ ᠳᠤᠷᠠᠴᠤᠳ᠎ᠤᠨ ᠡᠷᠡᠮᠡᠯᠵᠡᠯ᠎ᠤᠨ ᠬᠦᠰᠦᠨᠦᠭ》᠎ᠢ ᠲᠠᠭᠯᠠᠬᠤ ᠵᠢᠨ ᠬᠠᠮᠲᠤ ᠦᠪᠡᠷ᠎ᠤᠨ ᠤᠷᠤᠯᠴᠠᠬᠤ᠎ᠪᠠᠷ ᠡᠷᠡᠮᠡᠯᠵᠡᠵᠦ ᠪᠠᠢ᠌ᠭ᠎ᠠ ᠰᠠᠢ᠌ᠨ ᠳᠤᠷᠠᠴᠤᠳ᠎ᠤᠨ ᠪᠦᠯᠬᠦᠮ ᠨᠡᠢ᠌ᠲᠡ ᠵᠢᠨ ᠰᠦᠯᠵᠢᠶᠡᠨ ᠦᠷᠲᠡᠭᠡᠨ᠎ᠳᠤ ᠨᠡᠷ᠎ᠡ᠎ᠪᠠᠨ ᠳᠡᠮᠳᠡᠭᠯᠡᠭᠦᠯᠦᠨ ᠳᠠᠩᠰᠠᠯᠠᠭᠤᠯᠬᠤ ᠬᠡᠷᠡᠭᠲᠡᠢ᠃
     (ᠬᠤᠶᠠᠷ) ᠰᠤᠶᠦᠯ᠎ᠤᠨ ᠰᠠᠢ᠌ᠨ ᠳᠤᠷ᠎ᠠ ᠵᠢᠨ ᠦᠢ᠍ᠯᠡᠴᠢᠯᠡᠭᠡᠨ᠎ᠤ ᠠᠵᠢᠯ᠎ᠤᠨ ᠶᠡᠷᠦᠩᠭᠡᠢ ᠠᠩᠭᠢ᠂ ᠰᠠᠯᠪᠤᠷᠢ ᠠᠩᠭᠢ᠂ ᠬᠤᠪᠢᠶᠠᠷᠢ ᠠᠩᠭᠢ᠎ᠨᠢ ᠡᠷᠡᠮᠡᠯᠵᠡᠨ ᠳᠠᠩᠰᠠᠯᠠᠭᠤᠯᠬᠤ᠎ᠪᠠᠷ ᠪᠠᠢ᠌ᠭ᠎ᠠ ᠪᠦᠯᠬᠦᠮ ᠨᠡᠢ᠌ᠲᠡ ᠪᠤᠶᠤ ᠬᠤᠪᠢ ᠬᠦᠮᠦᠨ᠎ᠤ ᠲᠤᠬᠠᠢ ᠬᠢᠨᠠᠨ ᠬᠠᠷᠭᠤᠭᠤᠯᠬᠤ ᠠᠵᠢᠯ᠎ᠢ ᠬᠠᠷᠢᠭᠤᠴᠠᠨ ᠬᠢᠵᠦ᠂ ᠨᠦᠬᠦᠴᠠᠯ᠎ᠳᠤ ᠨᠡᠢ᠌ᠴᠡᠭᠰᠡᠳ᠎ᠢ᠎ᠨᠢ ᠨᠢᠭᠤᠷᠳᠠᠵᠤ ᠰᠢᠯᠭ᠋ᠠᠨ᠂ ᠨᠢᠭᠤᠷᠳᠠᠵᠤ ᠰᠢᠯᠭ᠋ᠠᠭ᠋ᠠᠳ ᠬᠢᠷᠢ ᠳᠡᠩᠴᠡᠭᠰᠡᠳ᠎ᠢ᠎ᠨᠢ ᠳᠡᠮᠳᠡᠭᠯᠡᠨ ᠳᠠᠩᠰᠠᠯᠠᠬᠤ ᠵᠢᠨ ᠬᠠᠮᠲᠤ ᠨᠢᠭᠡᠲᠦᠯᠲᠡᠢ ᠪᠠᠢ᠌ᠬᠤ ᠦᠪᠦᠷ ᠮᠤᠩᠭᠤᠯ᠎ᠤᠨ ᠰᠤᠶᠤᠯ᠎ᠤᠨ ᠰᠠᠢ᠌ᠨ ᠳᠤᠷᠠᠴᠤᠳ᠎ᠤᠨ ᠦᠨᠡᠮᠯᠡᠯ᠎ᠢ ᠤᠯᠭᠤᠨ ᠭᠠᠷᠳᠠᠭᠤᠯᠤᠨ᠎ᠠ᠃ ᠰᠤᠶᠤᠯ᠎ᠤᠨ ᠰᠠᠢ᠌ᠨ ᠲᠤᠷᠠᠴᠤᠳ᠎ᠤᠨ ᠪᠦᠯᠭᠦᠮ ᠨᠡᠢ᠌ᠲᠡ ᠪᠤᠶᠤ ᠬᠤᠪᠢ ᠬᠦᠮᠦᠨ᠎ᠤ ᠲᠡᠮᠳᠡᠭᠯᠡᠭᠦᠯᠦᠨ ᠳᠠᠩᠰᠠᠯᠠᠭᠤᠯᠤᠭᠰᠠᠨ ᠪᠠᠢ᠌ᠳᠠᠯ᠎ᠢ ᠲᠤᠰ ᠱᠠᠲᠤᠨ᠎ᠤ ᠰᠤᠶᠤᠯ᠎ᠤᠨ ᠰᠠᠢ᠌ᠨ ᠳᠤᠷ᠎ᠠ ᠵᠢᠨ ᠦᠢ᠍ᠯᠡᠴᠢᠯᠡᠭᠡᠨ᠎ᠤ ᠬᠠᠮᠢᠶᠠᠷᠤᠯᠲᠠ ᠵᠢᠨ ᠠᠵᠢᠯ᠎ᠤᠨ ᠠᠯᠪᠠᠨ ᠭᠡᠷ᠎ᠲᠤ ᠮᠡᠳᠡᠭᠦᠯᠦᠨ ᠲᠡᠮᠳᠡᠭᠯᠡᠬᠦᠯᠬᠦ ᠬᠡᠷᠡᠭᠲᠡᠢ᠃


                  ᠲᠦᠷᠪᠡᠳᠦᠭᠡᠷ ᠪᠦᠯᠦᠭ         ᠡᠷᠭᠡ ᠠᠰᠢᠭ ᠬᠢᠭᠡᠳ ᠡᠭᠦᠷᠭᠡ ᠬᠠᠷᠢᠭᠤᠴᠠᠯᠭ᠎ᠠ


      ᠠᠷᠪᠠᠨ ᠶᠢᠰᠦᠳᠦᠭᠡᠷ ᠵᠦᠢ᠍ᠯ   ᠰᠤᠶᠤᠯ᠎ᠤᠨ ᠰᠠᠢ᠌ᠨ ᠳᠤᠷᠠᠴᠤᠳ᠎ᠨᠢ ᠳᠤᠤᠷᠠᠬᠢ ᠮᠡᠲᠦ ᠵᠢᠨ ᠡᠷᠭᠡ ᠠᠰᠢᠭ᠎ᠲᠠᠢ᠄
     (ᠨᠢᠭᠡ) ᠦᠪᠡᠷ᠎ᠤᠨ ᠬᠦᠰᠡᠯ ᠰᠠᠨᠠᠭ᠎ᠠ᠂ ᠴᠠᠭ ᠪᠤᠯᠤᠨ ᠡᠷᠳᠡᠮ ᠴᠢᠳᠠᠪᠤᠷᠢ᠎ᠳᠤ᠎ᠪᠠᠨ ᠦᠨᠳᠦᠰᠦᠯᠡᠵᠦ᠂ ᠰᠤᠶᠤᠯ᠎ᠤᠨ ᠰᠠᠢ᠌ᠨ ᠳᠤᠷ᠎ᠠ ᠵᠢᠨ ᠦᠢ᠍ᠯᠡᠴᠢᠯᠡᠭᠡ ᠵᠢ ᠬᠠᠩᠭ᠋ᠠᠨ᠎ᠠ;
     (ᠬᠤᠶᠠᠷ) ᠰᠤᠶᠤᠯ᠎ᠤᠨ ᠰᠠᠢ᠌ᠨ ᠳᠤᠷ᠎ᠠ ᠵᠢᠨ ᠦᠢ᠍ᠯᠡᠴᠢᠯᠡᠭᠡᠨ᠎ᠤ ᠠᠵᠢᠯ᠎ᠤᠨ ᠪᠤᠯᠪᠠᠰᠤᠷᠠᠭᠤᠯᠤᠯ᠎ᠳᠤ ᠤᠷᠤᠯᠴᠠᠨ᠎ᠠ;
     (ᠭᠤᠷᠪᠠ) ᠰᠤᠶᠤᠯ᠎ᠤᠨ ᠰᠠᠢ᠌ᠨ ᠳᠤᠷ᠎ᠠ ᠵᠢᠨ ᠦᠢ᠍ᠯᠡᠴᠢᠯᠡᠭᠡᠨ᠎ᠤ ᠠᠵᠢᠯ ᠬᠢᠬᠦ᠎ᠳᠤ ᠪᠠᠢ᠌ᠪᠠᠰᠤ ᠵᠤᠬᠢᠬᠤ ᠨᠦᠬᠦᠴᠠᠯ ᠪᠤᠯᠤᠨ ᠪᠠᠲᠤᠯᠠᠭ᠎ᠠ ᠵᠢ ᠤᠯᠵᠤ ᠬᠦᠷᠲᠡᠨ᠎ᠡ;
     (ᠳᠦᠷᠪᠡ) ᠰᠤᠶᠤᠯ᠎ᠤᠨ ᠰᠠᠢ᠌ᠨ ᠳᠤᠷ᠎ᠠ ᠵᠢᠨ ᠦᠢ᠍ᠯᠡᠴᠢᠯᠡᠭᠡᠨ᠎ᠤ ᠠᠵᠢᠯ᠎ᠳᠤ ᠰᠠᠨᠠᠯ ᠰᠠᠨᠠᠭᠤᠯᠭ᠎ᠠ᠎ᠪᠠᠨ ᠳᠤᠷᠠᠳᠴᠤ ᠦᠭᠭᠦᠨ᠎ᠡ;
     (ᠲᠠᠪᠤ) ᠰᠠᠢ᠌ᠨ ᠳᠤᠷ᠎ᠠ ᠵᠢᠨ ᠦᠢ᠍ᠯᠡᠴᠢᠯᠡᠭᠡᠨ᠎ᠤ ᠵᠤᠬᠢᠶᠠᠨ ᠪᠠᠢ᠌ᠭᠤᠯᠤᠯᠲᠠ᠎ᠠᠴᠠ ᠤᠬᠤᠷᠢᠵᠤ ᠭᠠᠷᠬᠤ ᠵᠢ ᠡᠷᠡᠮᠡᠯᠵᠡᠨ᠎ᠡ;
     (ᠵᠢᠷᠭᠤᠭ᠎ᠠ) ᠬᠠᠮᠢᠶ᠎ᠠ ᠪᠦᠬᠦᠢ ᠬᠠᠤᠯᠢ ᠴᠠᠭ᠋ᠠᠵᠠ᠂ ᠬᠠᠤᠯᠢ ᠳᠦᠷᠢᠮ ᠵᠢᠴᠢ ᠲᠤᠭᠲᠠᠭ᠋ᠠᠯ ᠳᠦᠷᠢᠮ᠎ᠠᠴᠠ ᠤᠯᠭᠤᠭᠰᠠᠨ ᠪᠤᠰᠤᠳ ᠡᠷᠬᠡ ᠠᠰᠢᠭ᠎ᠢ ᠤᠯᠵᠤ ᠬᠦᠷᠲᠡᠨ᠎ᠠ᠃
      ᠬᠤᠷᠢᠳᠤᠭ᠋ᠠᠷ ᠵᠦᠢ᠍ᠯ   ᠰᠤᠶᠤᠯ᠎ᠤᠨ ᠰᠠᠢ᠌ᠨ ᠳᠤᠷᠠᠴᠤᠳ ᠲᠤᠤᠷᠠᠬᠢ ᠮᠡᠲᠦ ᠵᠢᠨ ᠡᠭᠦᠷᠭᠡ ᠬᠠᠷᠢᠭᠤᠴᠠᠯᠭ᠎ᠠ ᠵᠢ ᠭᠦᠢ᠍ᠴᠡᠳᠭᠡᠬᠦ ᠬᠡᠷᠡᠭᠲᠡᠢ᠄
     (ᠨᠢᠭᠡ) ᠤᠯᠤᠰ ᠭᠡᠷ᠎ᠤᠨ ᠬᠠᠤᠯᠢ ᠴᠠᠭ᠋ᠠᠵᠠ᠂ ᠬᠠᠤᠯᠢ ᠳᠦᠷᠢᠮ ᠵᠢᠴᠢ ᠰᠤᠶᠤᠯ᠎ᠤᠨ ᠰᠠᠢ᠌ᠨ ᠳᠤᠷᠠᠴᠤᠳ᠎ᠤᠨ ᠵᠤᠬᠢᠶᠠᠨ ᠪᠠᠢ᠌ᠭᠤᠯᠤᠯᠲᠠ ᠵᠢᠨ ᠬᠠᠮᠢᠶ᠎ᠠ ᠪᠦᠬᠦᠢ ᠲᠤᠭᠲᠠᠭ᠋ᠠᠯ᠎ᠢ ᠵᠢᠷᠤᠮᠯᠠᠨ ᠳᠠᠭ᠋ᠠᠨ᠎ᠠ;
     (ᠬᠤᠶᠠᠷ) ᠰᠤᠶᠤᠯ᠎ᠤᠨ ᠰᠠᠢ᠌ᠨ ᠳᠤᠷᠠᠴᠤᠳ᠎ᠤᠨ ᠵᠤᠬᠢᠶᠠᠨ ᠪᠠᠢ᠌ᠭᠤᠯᠤᠯᠲᠠ ᠪᠤᠯᠤᠨ ᠰᠤᠶᠤᠯ᠎ᠤᠨ ᠰᠠᠢ᠌ᠨ ᠳᠤᠷᠠᠴᠤᠳ᠎ᠤᠨ ᠳᠦᠷᠢ ᠲᠦᠷᠬᠦ ᠵᠢ ᠤᠬᠠᠮᠰᠠᠷ᠎ᠠᠴᠠ᠎ᠪᠠᠨ ᠬᠠᠮᠠᠭ᠋ᠠᠯᠠᠨ᠎ᠠ;
     (ᠭᠤᠷᠪᠠ) ᠰᠤᠶᠤᠯ᠎ᠤᠨ ᠰᠠᠢ᠌ᠨ ᠳᠤᠷᠠᠴᠤᠳ᠎ᠤᠨ ᠦᠢ᠍ᠯᠡᠴᠢᠯᠡᠭᠡᠨ᠎ᠤ ᠠᠵᠢᠯ᠎ᠤᠨ ᠠᠮᠠᠯᠠᠯᠲᠠ᠎ᠪᠠᠨ ᠬᠦᠢ᠍ᠴᠡᠳᠭᠡᠵᠦ᠂ ᠬᠠᠮᠢᠶᠠᠷᠤᠯᠲᠠ ᠵᠢ᠎ᠲᠠᠭᠠᠨ᠂ ᠰᠤᠶᠤᠯ᠎ᠤᠨ ᠰᠠᠢ᠌ᠨ ᠳᠤᠷᠠᠴᠤᠳ᠎ᠤᠨ ᠬᠠᠮᠢᠶᠠᠷᠤᠯᠲᠠ ᠵᠢᠨ ᠠᠵᠢᠯ᠎ᠤᠨ ᠰᠠᠯᠠᠭ᠎ᠠ ᠮᠦᠴᠢᠷ᠎ᠤᠨ ᠲᠤᠬᠢᠷᠠᠭᠤᠯᠤᠯᠲᠠ᠎ᠪᠠᠷ ᠦᠢ᠍ᠯᠡᠴᠢᠯᠡᠭᠡᠨ᠎ᠤ ᠠᠵᠢᠯᠯᠠᠭ᠎ᠠ᠎ᠳᠤ ᠤᠷᠤᠯᠴᠠᠨ᠎ᠠ;
     (ᠳᠦᠷᠪᠡ) ᠵᠢᠯ ᠪᠦᠷᠢ ᠵᠢᠨ ᠰᠤᠶᠤᠯ᠎ᠤᠨ ᠰᠠᠢ᠌ᠨ ᠳᠤᠷ᠎ᠠ ᠵᠢᠨ ᠦᠢ᠍ᠯᠡᠴᠢᠯᠡᠭᠡᠨ᠎ᠤ ᠠᠵᠢᠯ᠎ᠳᠤ ᠤᠷᠤᠯᠴᠠᠬᠤ ᠪᠦᠬᠦ ᠴᠠᠭ ᠵᠶ᠋ᠠᠨ 20 ᠴᠠᠭ᠎ᠠᠴᠠ ᠲᠤᠲᠠᠭᠤ ᠪᠠᠢ᠌ᠯᠭ᠋ᠠᠵᠤ ᠪᠤᠯᠬᠤ ᠦᠭᠡᠢ;
     (ᠲᠠᠪᠤ) ᠰᠤᠶᠤᠯ᠎ᠤᠨ ᠰᠠᠢ᠌ᠨ ᠳᠤᠷᠠᠴᠤᠳ ᠭᠡᠬᠦ ᠨᠡᠷ᠎ᠡ ᠵᠢ ᠪᠠᠷᠢᠵᠤ᠂ ᠠᠰᠢᠭ ᠬᠤᠨᠵᠢᠪᠤᠷᠢ ᠤᠯᠬᠤ᠎ᠪᠠᠷ ᠵᠤᠷᠢᠯᠭ᠎ᠠ ᠪᠤᠯᠭ᠋ᠠᠭᠰᠠᠨ ᠪᠤᠶᠤ ᠨᠡᠢ᠌ᠭᠡᠮ ᠨᠡᠢ᠌ᠲᠡ ᠵᠢᠨ ᠶᠤᠰᠤ ᠰᠤᠷᠲᠠᠬᠤᠨ᠎ᠠᠴᠠ ᠲᠡᠷᠰᠯᠡᠭᠰᠡᠨ ᠠᠵᠢᠯᠯᠠᠭ᠎ᠠ ᠪᠤᠯᠤᠨ ᠦᠢ᠍ᠯᠡ ᠬᠡᠷᠡᠭ᠎ᠢ ᠦᠢ᠍ᠯᠡᠳᠴᠦ ᠪᠤᠯᠬᠤ ᠦᠭᠡᠢ;
     (ᠵᠢᠷᠭᠤᠭ᠎ᠠ) ᠶᠠᠮᠠᠷ ᠨᠢᠭᠡᠨ ᠤᠴᠢᠷ ᠰᠢᠯᠲᠠᠭ᠋ᠠᠨ᠎ᠠᠴᠠ ᠪᠤᠯᠵᠤ ᠲᠦᠰᠦᠪᠯᠡᠵᠦ ᠲᠤᠭᠲᠠᠭ᠋ᠠᠭᠰᠠᠨ ᠰᠤᠶᠤᠯ᠎ᠤᠨ ᠰᠠᠢ᠌ᠨ ᠳᠤᠷ᠎ᠠ ᠵᠢᠨ ᠦᠢ᠍ᠯᠡᠴᠢᠯᠡᠭᠡᠨ᠎ᠤ ᠠᠵᠢᠯᠯᠠᠭ᠎ᠠ᠎ᠳᠤ ᠤᠷᠤᠯᠴᠠᠵᠤ ᠴᠢᠳᠠᠬᠤ ᠦᠭᠡᠢ ᠪᠤᠶᠤ ᠠᠵᠢᠯᠯᠠᠭ᠋ᠠᠨ᠎ᠤ ᠡᠭᠦᠷᠭᠡ᠎ᠪᠠᠨ ᠪᠡᠶᠡᠯᠡᠭᠦᠯᠵᠦ ᠴᠢᠳᠠᠬᠤ ᠦᠭᠡᠢ ᠪᠤᠯᠤᠭᠰᠠᠨ ᠪᠠᠢ᠌ᠪᠠᠯ᠂ ᠵᠦᠢ ᠵᠤᠬᠢᠰᠲᠠᠢ᠎ᠪᠠᠷ ᠬᠡᠯᠡᠵᠦ ᠮᠡᠳᠡᠬᠦᠯᠬᠦ ᠡᠭᠦᠷᠭᠡ᠎ᠪᠠᠨ ᠭᠦᠢ᠍ᠴᠡᠳᠭᠡᠵᠦ ᠪᠠᠢ᠌ᠬᠤ ᠬᠡᠷᠡᠭᠲᠡᠢ;
     (ᠳᠤᠯᠤᠭ᠎ᠠ) ᠬᠠᠮᠢᠶ᠎ᠠ ᠪᠦᠬᠦᠢ ᠬᠠᠤᠯᠢ ᠴᠠᠭ᠋ᠠᠵᠠ᠂ ᠬᠠᠤᠯᠢ ᠳᠦᠷᠢᠮ ᠵᠢᠴᠢ ᠰᠤᠶᠤᠯ᠎ᠤᠨ ᠰᠠᠢ᠌ᠨ ᠳᠤᠷᠠᠴᠤᠳ᠎ᠤᠨ ᠵᠤᠬᠢᠶᠠᠨ ᠪᠠᠢ᠌ᠭᠤᠯᠤᠯᠲᠠ ᠵᠢᠨ ᠲᠤᠭᠲᠠᠭ᠋ᠠᠭᠰᠠᠨ ᠦᠭᠡᠷ᠎ᠡ ᠪᠤᠰᠤᠳ ᠡᠭᠦᠷᠭᠡ ᠵᠢ ᠡᠭᠦᠷᠭᠡᠯᠡᠨ ᠪᠡᠶᠡᠯᠡᠭᠦᠯᠬᠦ ᠭᠡᠷᠡᠭᠲᠡᠢ᠃


                  ᠲᠠᠪᠤᠳᠤᠭ᠋ᠠᠷ ᠪᠦᠯᠦᠭ         ᠪᠠᠳᠤᠯᠠᠬᠤ ᠬᠢᠭᠡᠳ ᠵᠤᠷᠢᠭᠵᠢᠭᠤᠯᠬᠤ


      ᠬᠤᠷᠢᠨ ᠨᠢᠭᠡᠳᠦᠭᠡᠷ ᠵᠦᠢ᠍ᠯ   ᠰᠤᠶᠤᠯ᠎ᠤᠨ ᠰᠠᠢ᠌ᠨ ᠳᠤᠷ᠎ᠠ ᠵᠢᠨ ᠦᠢ᠍ᠯᠡᠴᠢᠯᠡᠭᠡᠨ᠎ᠤ ᠠᠵᠢᠯ᠎ᠤᠨ ᠵᠠᠷᠤᠳᠠᠯ ᠮᠦᠩᠭᠦᠨ᠎ᠤ ᠢᠷᠡᠯᠲᠡ᠄
     (ᠨᠢᠭᠡ) ᠵᠠᠰᠠᠭ᠎ᠤᠨ ᠤᠷᠳᠤᠨ᠎ᠤ ᠡᠳ᠋᠎ᠤᠨ ᠵᠠᠰᠠᠭ᠎ᠤᠨ ᠳᠡᠮᠵᠢᠯᠭᠡ;
     (ᠬᠤᠶᠠᠷ) ᠬᠠᠤᠯᠢ ᠶᠤᠰᠤᠭ᠋ᠠᠷ ᠤᠯᠤᠭᠰᠠᠨ ᠨᠡᠢ᠌ᠭᠡᠮ᠎ᠤᠨ ᠡᠳ᠋ ᠮᠦᠩᠭᠦᠨ᠎ᠤ ᠲᠤᠰᠠᠯᠠᠮᠵᠢ ᠳᠡᠮᠵᠢᠯᠭᠡ;
     (ᠭᠤᠷᠪᠠ) ᠰᠠᠭᠤᠷᠢ ᠮᠦᠩᠭᠦᠨ᠎ᠤ ᠨᠡᠢ᠌ᠭᠡᠮᠯᠢᠭ᠎ᠤᠨ ᠡᠳ᠋ ᠮᠦᠩᠭᠦᠨ᠎ᠤ ᠲᠤᠰᠠᠯᠠᠮᠵᠢ;
     (ᠳᠦᠷᠪᠡ) ᠪᠤᠰᠤᠳ ᠬᠠᠤᠯᠢ ᠶᠤᠰᠤᠨ᠎ᠤ ᠤᠷᠤᠯᠭ᠎ᠠ᠃
      ᠬᠤᠷᠢᠨ ᠬᠤᠶᠠᠳᠤᠭ᠋ᠠᠷ ᠵᠦᠢ᠍ᠯ   ᠰᠤᠶᠤᠯ᠎ᠤᠨ ᠰᠠᠢ᠌ᠨ ᠳᠤᠷ᠎ᠠ ᠵᠢᠨ ᠦᠢ᠍ᠯᠡᠴᠢᠯᠡᠭᠡᠨ᠎ᠤ ᠠᠵᠢᠯ᠎ᠤᠨ ᠵᠠᠷᠤᠳᠠᠯ ᠮᠦᠩᠭᠦ ᠵᠢ ᠲᠤᠤᠷᠠᠬᠢ ᠮᠡᠲᠦ ᠵᠢᠨ ᠵᠦᠢ᠍ᠯ᠎ᠳᠤ ᠬᠡᠷᠡᠭᠯᠡᠨ᠎ᠡ᠄
     (ᠨᠢᠭᠡ) ᠰᠤᠶᠤᠯ᠎ᠤᠨ ᠰᠠᠢ᠌ᠨ ᠳᠤᠷ᠎ᠠ ᠵᠢᠨ ᠦᠢ᠍ᠯᠡᠴᠢᠯᠡᠭᠡᠨ᠎ᠤ ᠠᠵᠢᠯᠯᠠᠭ᠎ᠠ ᠦᠷᠨᠢᠬᠦᠯᠬᠦ᠎ᠳᠤ ᠬᠡᠷᠡᠭᠯᠡᠨ᠎ᠡ;
     (ᠬᠤᠶᠠᠷ) ᠰᠤᠶᠤᠯ᠎ᠤᠨ ᠰᠠᠢ᠌ᠨ ᠳᠤᠷᠠᠴᠤᠳ᠎ᠲᠤ ᠪᠤᠯᠪᠠᠰᠤᠷᠠᠭᠤᠯᠤᠯ ᠬᠦᠷᠳᠡᠭᠡᠬᠦ᠂ ᠰᠤᠶᠤᠯ᠎ᠤᠨ ᠰᠠᠢ᠌ᠨ ᠳᠤᠷ᠎ᠠ ᠵᠢᠨ ᠦᠢ᠍ᠯᠡᠴᠢᠯᠡᠭᠡᠨ᠎ᠤ ᠠᠵᠢᠯ᠎ᠢ ᠰᠤᠷᠲᠠᠯᠴᠢᠯᠠᠨ ᠤᠬᠠᠭᠤᠯᠬᠤ ᠶᠠᠪᠤᠳᠠᠯ᠎ᠳᠤ ᠬᠡᠷᠡᠭᠯᠡᠨ᠎ᠡ;
     (ᠭᠤᠷᠪᠠ) ᠰᠤᠶᠤᠯ᠎ᠤᠨ ᠰᠠᠢ᠌ᠨ ᠳᠤᠷ᠎ᠠ ᠵᠢᠨ ᠦᠢ᠍ᠯᠡᠴᠢᠯᠡᠭᠡᠨ᠎ᠤ ᠠᠵᠢᠯ᠎ᠳᠤ ᠤᠷᠤᠯᠴᠠᠬᠤ ᠰᠤᠶᠤᠯ᠎ᠤᠨ ᠰᠠᠢ᠌ᠨ ᠳᠤᠷᠠᠴᠤᠳ᠎ᠢ ᠪᠡᠶ᠎ᠡ ᠮᠠᠬᠠᠪᠤᠳ᠎ᠤᠨ ᠰᠠᠨᠠᠭ᠋ᠠᠨ᠎ᠳᠤ ᠦᠭᠡᠢ ᠭᠡᠮᠳᠦᠯ᠎ᠤᠨ ᠳᠠᠭ᠋ᠠᠳᠬᠠᠯ᠎ᠳᠤ ᠤᠷᠤᠭᠤᠯᠬᠤ ᠶᠠᠪᠤᠳᠠᠯ᠎ᠳᠤ ᠬᠡᠷᠡᠭᠯᠡᠨ᠎ᠡ;
     (ᠳᠦᠷᠪᠡ) ᠰᠤᠶᠤᠯ᠎ᠤᠨ ᠰᠠᠢ᠌ᠨ ᠳᠤᠷ᠎ᠠ ᠵᠢᠨ ᠦᠢ᠍ᠯᠡᠴᠢᠯᠡᠭᠡᠨ᠎ᠤ ᠠᠵᠢᠯᠯᠠᠭ᠎ᠠ ᠵᠢ ᠦᠷᠨᠢᠭᠦᠯᠵᠦ ᠪᠠᠢ᠌ᠭ᠎ᠠ ᠬᠤᠭᠤᠴᠠᠭ᠋ᠠᠨ᠎ᠳᠤ ᠪᠡᠶ᠎ᠡ ᠮᠠᠬᠠᠪᠤᠳ᠎ᠤᠨ ᠰᠠᠨᠠᠭ᠋ᠠᠨ᠎ᠳᠤ ᠦᠭᠡᠢ ᠭᠡᠮᠳᠦᠯ᠎ᠳᠤ ᠤᠴᠠᠷᠠᠭᠰᠠᠨ ᠰᠤᠶᠤᠯ᠎ᠤᠨ ᠰᠠᠢ᠌ᠨ ᠳᠤᠷᠠᠴᠤᠳ᠎ᠢ ᠲᠡᠩᠬᠡᠷᠡᠭᠦᠯᠦᠨ ᠲᠤᠰᠠᠯᠠᠬᠤ ᠶᠠᠪᠤᠳᠠᠯ᠎ᠳᠤ ᠬᠡᠷᠡᠭᠯᠡᠨ᠎ᠡ;
     (ᠲᠠᠪᠤ) ᠰᠤᠶᠤᠯ᠎ᠤᠨ ᠰᠠᠢ᠌ᠨ ᠳᠤᠷ᠎ᠠ ᠵᠢᠨ ᠦᠢ᠍ᠯᠡᠴᠢᠯᠡᠭᠡᠨ᠎ᠤ ᠠᠵᠢᠯ ᠦᠢ᠍ᠯᠡᠰ᠎ᠲᠤ ᠳᠤᠪᠤᠢ᠌ᠮ᠎ᠠ ᠬᠤᠪᠢ ᠨᠡᠮᠡᠷᠢ᠎ᠪᠠᠨ ᠦᠵᠡᠭᠦᠯᠦᠭᠰᠡᠨ ᠵᠤᠬᠢᠶᠠᠨ ᠪᠠᠢ᠌ᠭᠤᠯᠤᠯᠲᠠ ᠪᠤᠯᠤᠨ ᠬᠤᠪᠢ ᠬᠦᠮᠦᠨ᠎ᠢ ᠱᠠᠩᠨᠠᠨ ᠬᠦᠬᠢᠭᠦᠯᠬᠦ ᠶᠠᠪᠤᠳᠠᠯ᠎ᠳᠤ ᠬᠡᠷᠡᠭᠯᠡᠨ᠎ᠡ;
     (ᠵᠢᠷᠭᠤᠭ᠎ᠠ) ᠰᠤᠶᠤᠯ᠎ᠤᠨ ᠰᠠᠢ᠌ᠨ ᠳᠤᠷ᠎ᠠ ᠵᠢᠨ ᠦᠢ᠍ᠯᠡᠴᠢᠯᠡᠭᠡᠨ᠎ᠤ ᠦᠭᠡᠷ᠎ᠡ ᠪᠤᠰᠤᠳ ᠬᠠᠮᠢᠶ᠎ᠠ ᠪᠦᠬᠦᠢ ᠠᠵᠢᠯ᠎ᠤᠨ ᠵᠦᠢ᠍ᠯ᠎ᠳᠤ ᠬᠡᠷᠡᠭᠯᠡᠨ᠎ᠡ᠃
      ᠰᠤᠶᠤᠯ᠎ᠤᠨ ᠰᠠᠢ᠌ᠨ ᠳᠤᠷ᠎ᠠ ᠵᠢᠨ ᠦᠢ᠍ᠯᠡᠴᠢᠯᠡᠭᠡᠨ᠎ᠤ ᠠᠵᠢᠯ᠎ᠤᠨ ᠵᠠᠷᠤᠳᠠᠯ ᠮᠦᠩᠭᠦ ᠵᠢ ᠲᠤᠰᠬᠠᠢ ᠮᠦᠩᠭᠦ ᠵᠢ ᠲᠤᠰᠬᠠᠢ ᠵᠠᠷᠤᠬᠤ ᠠᠷᠭ᠎ᠠ᠎ᠪᠠᠷ ᠵᠠᠷᠤᠬᠤ ᠬᠡᠷᠡᠭᠲᠡᠢ᠃ ᠡᠨᠡ ᠬᠦ᠌ ᠵᠠᠷᠤᠳᠠᠯ ᠮᠦᠩᠭᠦ ᠵᠢ ᠶᠠᠮᠠᠷᠪᠠ ᠵᠤᠬᠢᠶᠠᠨ ᠪᠠᠢ᠌ᠭᠤᠯᠤᠯᠲᠠ ᠪᠤᠯᠤᠨ ᠬᠤᠪᠢ ᠬᠦᠮᠦᠨ ᠰᠢᠯᠵᠢᠭᠦᠯᠦᠨ ᠵᠠᠷᠤᠵᠤ ᠪᠤᠯᠬᠤ ᠦᠭᠡᠢ᠂   ᠬᠤᠪᠢᠴᠢᠯᠠᠨ ᠬᠤᠪᠢᠶᠠᠵᠤ ᠠᠪᠬᠤ ᠪᠤᠶᠤ ᠡᠵᠡᠯᠡᠨ ᠠᠪᠴᠤ ᠪᠤᠯᠬᠤ ᠦᠭᠡᠢ᠃ ᠰᠤᠶᠤᠯ᠎ᠤᠨ ᠰᠠᠢ᠌ᠨ ᠳᠤᠷ᠎ᠠ ᠵᠢᠨ ᠦᠢ᠍ᠯᠡᠴᠢᠯᠡᠭᠡᠨ᠎ᠤ ᠠᠵᠢᠯ᠎ᠤᠨ ᠵᠠᠷᠤᠳᠠᠯ ᠮᠦᠨᠭᠭᠦ ᠵᠢ ᠴᠤᠭᠯᠠᠭᠤᠯᠬᠤ᠂ ᠬᠡᠷᠡᠭᠯᠡᠬᠦ ᠪᠠ ᠬᠠᠮᠢᠶᠠᠷᠬᠤ ᠶᠠᠪᠤᠳᠠᠯ᠎ᠳᠤ ᠬᠤᠯᠪᠤᠭᠳᠠᠯ ᠪᠦᠬᠦᠢ ᠰᠠᠯᠠᠭ᠎ᠠ ᠮᠦᠴᠢᠷ ᠪᠤᠯᠤᠨ ᠨᠡᠢ᠌ᠭᠡᠮ᠎ᠠᠴᠠ ᠬᠠᠤᠯᠢ ᠶᠤᠰᠤᠭ᠋ᠠᠷ ᠬᠢᠨᠠᠯᠲᠠ ᠲᠠᠯᠪᠢᠨ᠎ᠠ᠃
      ᠬᠤᠷᠢᠨ ᠭᠤᠷᠪᠠᠳᠤᠭ᠋ᠠᠷ ᠵᠦᠢ᠍ᠯ   ᠨᠦᠬᠦᠴᠠᠯ᠎ᠲᠠᠢ ᠭᠠᠵᠠᠷ ᠤᠷᠤᠨ᠎ᠨᠢ ᠰᠤᠶᠤᠯ᠎ᠤᠨ ᠰᠠᠢ᠌ᠨ ᠳᠤᠷ᠎ᠠ ᠵᠢᠨ ᠦᠢ᠍ᠯᠡᠴᠢᠯᠡᠭᠡᠨ᠎ᠤ ᠠᠵᠢᠯ᠎ᠤᠨ ᠰᠠᠭᠤᠷᠢ ᠮᠦᠩᠭᠦᠨ᠎ᠤ ᠨᠡᠢ᠌ᠭᠡᠮᠯᠢᠭ᠎ᠢ ᠬᠠᠤᠯᠢ ᠶᠤᠰᠤᠭ᠋ᠠᠷ ᠪᠠᠢ᠌ᠭᠤᠯᠵᠤ᠂ ᠰᠤᠶᠤᠯ᠎ᠤᠨ ᠰᠠᠢ᠌ᠨ ᠳᠤᠷ᠎ᠠ ᠵᠢᠨ ᠦᠢ᠍ᠯᠡᠴᠢᠯᠡᠭᠡᠨ᠎ᠤ ᠠᠵᠢᠯ ᠦᠢ᠍ᠯᠡᠰ᠎ᠤᠨ ᠬᠦᠭᠵᠢᠯᠲᠡ᠎ᠳᠤ ᠳᠡᠮᠵᠢᠯᠭᠡ ᠪᠠᠳᠤᠯᠠᠭ᠎ᠠ ᠵᠢ ᠬᠠᠩᠭ᠋ᠠᠵᠤ ᠪᠤᠯᠤᠨ᠎ᠠ᠃
      ᠬᠤᠷᠢᠨ ᠳᠦᠷᠪᠡᠳᠦᠭᠡᠷ ᠵᠦᠢ᠍ᠯ   ᠳᠡᠮᠳᠡᠭᠯᠡᠬᠦᠯᠦᠨ ᠳᠠᠩᠰᠠᠯᠠᠭᠤᠯᠤᠭᠰᠠᠨ ᠰᠤᠶᠤᠯ᠎ᠤᠨ ᠰᠠᠢ᠌ᠨ ᠳᠤᠷᠠᠴᠤᠳ᠎ᠤᠨ ᠦᠢ᠍ᠯᠡᠴᠢᠯᠡᠭᠡ ᠬᠠᠩᠭ᠋ᠠᠭᠰᠠᠨ ᠪᠦᠬᠦ ᠴᠠᠭ ᠪᠤᠯᠤᠨ ᠠᠮᠵᠢᠯᠲᠠ ᠪᠦᠳᠦᠮᠵᠢ ᠵᠢᠨ ᠦᠨᠡᠯᠡᠯᠲᠡ ᠵᠢᠨ ᠦᠷ᠎ᠡ ᠳ᠋ᠦᠩ᠎ᠳᠤ᠎ᠨᠢ ᠦᠨᠳᠦᠰᠦᠯᠡᠵᠦ ᠪᠠᠢ᠌ᠭ᠋ᠠᠳ ᠤᠳᠤᠨ ᠳᠡᠰ᠎ᠤᠨ ᠰᠤᠶᠤᠯ᠎ᠤᠨ ᠰᠠᠢ᠌ᠨ ᠳᠤᠷᠠᠴᠤᠳ᠎ᠢ ᠬᠡᠷᠡᠴᠢᠯᠡᠬᠦ ᠬᠡᠷᠡᠴᠢᠯᠡᠯ᠎ᠤᠨ ᠳᠦᠷᠢᠮ᠎ᠢ ᠬᠡᠷᠡᠭᠵᠢᠭᠦᠯᠦᠨ᠎ᠡ᠄
     (ᠨᠢᠭᠡ) 100 ᠴᠠᠭ᠎ᠠᠴᠠ ᠳᠡᠭᠡᠭᠰᠢ᠎ᠳᠤ ᠬᠦᠷᠦᠭᠰᠡᠳ᠎ᠢ ᠨᠢᠭᠡ ᠤᠳᠤᠳᠤ ᠰᠠᠢ᠌ᠨ ᠳᠤᠷᠠᠴᠤᠳ ᠭᠡᠨ᠎ᠡ;
     (ᠬᠤᠶᠠᠷ) 300 ᠴᠠᠭ᠎ᠠᠴᠠ ᠳᠡᠭᠡᠭᠰᠢ᠎ᠳᠤ ᠬᠦᠷᠦᠭᠰᠡᠳ᠎ᠢ ᠬᠤᠶᠠᠷ ᠤᠳᠤᠲᠤ ᠰᠠᠢ᠌ᠨ ᠳᠤᠷᠠᠴᠤᠳ ᠭᠡᠨ᠎ᠡ;
     (ᠭᠤᠷᠪᠠ) 600 ᠴᠠᠭ᠎ᠠᠴᠠ ᠳᠡᠭᠡᠭᠰᠢ᠎ᠳᠤ ᠬᠦᠷᠦᠭᠰᠡᠳ᠎ᠢ ᠭᠤᠷᠪᠠᠨ ᠤᠳᠤᠲᠤ ᠰᠠᠢ᠌ᠨ ᠳᠤᠷᠠᠴᠤᠳ ᠭᠡᠨ᠎ᠡ;
     (ᠳᠦᠷᠪᠡ) 1000 ᠴᠠᠭ᠎ᠠᠴᠠ ᠳᠡᠭᠡᠭᠰᠢ᠎ᠳᠤ ᠬᠦᠷᠦᠭᠰᠡᠳ᠎ᠢ ᠳᠦᠷᠪᠡᠨ ᠤᠳᠤᠲᠤ ᠰᠠᠢ᠌ᠨ ᠳᠤᠷᠠᠴᠤᠳ ᠭᠡᠨ᠎ᠡ;
     (ᠲᠠᠪᠤ) 1500 ᠴᠠᠭ᠎ᠠᠴᠠ ᠳᠡᠭᠡᠭᠰᠢ᠎ᠳᠤ ᠬᠦᠷᠦᠭᠰᠡᠳ᠎ᠢ ᠲᠠᠪᠤᠨ ᠤᠳᠤᠲᠤ ᠰᠠᠢ᠌ᠨ ᠳᠤᠷᠠᠴᠤᠳ ᠭᠡᠨ᠎ᠡ᠃
      ᠬᠤᠷᠢᠨ ᠲᠠᠪᠤᠳᠤᠭ᠋ᠠᠷ ᠵᠤᠢ᠌ᠯ   ᠬᠡᠷᠡᠭᠯᠡᠭᠡᠨ᠎ᠤ ᠺᠠᠷᠲ᠂ ᠬᠠᠷᠠᠭ᠋ᠠᠯᠵᠠᠯ᠎ᠤᠨ ᠺᠠᠷᠲ ᠵᠡᠷᠭᠡ ᠵᠢ ᠤᠯᠭᠤᠬᠤ ᠠᠷᠭ᠎ᠠ᠎ᠪᠠᠷ ᠳᠠᠮᠵᠢᠨ ᠤᠳᠤᠲᠤ ᠴᠤᠯᠠ᠎ᠲᠠᠢ ᠰᠤᠶᠤᠯ᠎ᠤᠨ ᠰᠠᠢ᠌ᠨ ᠳᠤᠷᠠᠴᠤᠳ᠎ᠤᠨ ᠲᠤᠭᠯᠠᠯᠲᠠ ᠰᠤᠨᠢᠷᠬᠠᠬᠤ᠂ ᠨᠤᠮ ᠪᠢᠴᠢᠭ ᠬᠤᠳᠠᠯᠳᠤᠨ ᠠᠪᠬᠤ᠂ ᠺᠢᠨᠤ᠋ ᠦᠵᠡᠬᠦ   ᠵᠡᠷᠭᠡ ᠰᠤᠶᠤᠯ ᠤᠷᠠᠯᠢᠭ᠎ᠤᠨ ᠬᠡᠷᠡᠭᠯᠡᠭᠡᠨ᠎ᠤ ᠠᠵᠢᠯᠯᠠᠭ᠎ᠠ᠎ᠳᠤ᠎ᠨᠢ ᠬᠠᠷᠠᠭ᠋ᠠᠯᠵᠠᠯ ᠦᠵᠡᠭᠦᠯᠦᠨ᠎ᠡ᠃
      ᠬᠤᠷᠢᠨ ᠵᠢᠷᠭᠤᠳᠤᠭ᠋ᠠᠷ ᠵᠦᠢ᠍ᠯ   ᠡᠯ᠎ᠡ ᠱᠠᠲᠤᠨ᠎ᠤ ᠰᠤᠶᠤᠯ᠎ᠤᠨ ᠰᠠᠢ᠌ᠨ ᠳᠤᠷᠠᠴᠤᠳ᠎ᠤᠨ ᠬᠠᠮᠢᠶᠠᠷᠤᠯᠲᠠ ᠵᠢᠨ ᠠᠵᠢᠯ᠎ᠤᠨ ᠠᠯᠪᠠᠨ ᠭᠡᠷ᠎ᠨᠢ ᠬᠤᠯᠪᠤᠭᠳᠠᠯ ᠪᠦᠬᠦᠢ ᠰᠠᠯᠠᠭ᠎ᠠ ᠮᠦᠴᠢᠷ᠎ᠲᠠᠢ ᠬᠠᠮᠳᠤᠷᠠᠨ᠂ ᠲᠤᠭᠲᠠᠭᠰᠠᠨ ᠴᠠᠭ ᠬᠤᠭᠤᠴᠠᠭ᠎ᠠ᠎ᠲᠠᠢ᠎ᠪᠠᠷ ᠰᠢᠯᠢᠳᠡᠭ ᠰᠤᠶᠤᠯ᠎ᠤᠨ ᠰᠠᠢ᠌ᠨ ᠳᠤᠷᠠᠴᠤᠳ᠂ ᠰᠢᠯᠢᠳᠡᠭ ᠰᠠᠢ᠌ᠨ ᠳᠤᠷ᠎ᠠ ᠵᠢᠨ ᠦᠢ᠍ᠯᠡᠴᠢᠯᠡᠭᠡᠨ᠎ᠤ ᠠᠵᠢᠯ᠎ᠤᠨ ᠵᠦᠢ᠍ᠯ᠂ ᠰᠢᠯᠢᠳᠡᠭ ᠰᠠᠢ᠌ᠨ ᠳᠤᠷ᠎ᠠ ᠵᠢᠨ ᠦᠢ᠍ᠯᠡᠴᠢᠯᠡᠭᠡᠨ᠎ᠤ ᠠᠵᠢᠯ᠎ᠤᠨ ᠵᠤᠬᠢᠶᠠᠨ ᠪᠠᠢ᠌ᠭᠤᠯᠤᠯᠲᠠ ᠭᠡᠬᠦ ᠵᠡᠷᠭᠡ ᠵᠢ ᠰᠢᠯᠭ᠋ᠠᠷᠠᠭᠤᠯᠤᠨ ᠭᠠᠷᠭ᠋ᠠᠵᠤ ᠬᠦᠬᠢᠬᠦᠯᠬᠦ ᠬᠡᠷᠡᠭᠲᠡᠢ᠃   ᠳᠤᠪᠤᠢ᠌ᠮ᠎ᠠ ᠰᠠᠢ᠌ᠬᠠᠨ ᠦᠢ᠍ᠯᠡ ᠶᠠᠪᠤᠳᠠᠯ᠎ᠲᠠᠢ ᠂ ᠨᠡᠯᠢᠶᠡᠳ ᠶᠡᠬᠡ ᠬᠤᠪᠢ ᠨᠠᠮᠡᠷᠢ ᠦᠵᠡᠭᠦᠯᠦᠭᠰᠡᠨ᠂ ᠨᠡᠯᠢᠶᠡᠳ ᠰᠠᠢ᠌ᠨ ᠨᠡᠢ᠌ᠭᠡᠮ᠎ᠤᠨ ᠲᠤᠰᠬᠠᠯ᠎ᠲᠠᠢ ᠰᠤᠶᠤᠯ᠎ᠤᠨ ᠰᠠᠢ᠌ᠨ ᠳᠤᠷᠠᠴᠤᠳ᠎ᠲᠤ ᠰᠤᠶᠤᠯ᠎ᠤᠨ ᠰᠠᠢ᠌ᠨ ᠳᠤᠷ᠎ᠠ ᠵᠢᠨ ᠦᠢ᠍ᠯᠡᠴᠢᠯᠡᠭᠡᠨ᠎ᠤ ᠠᠵᠢᠯ᠎ᠳᠤ ᠭᠠᠷᠮᠠᠭ᠋ᠠᠢ ᠬᠤᠪᠢ ᠨᠡᠮᠡᠷᠢ ᠦᠵᠡᠭᠦᠯᠦᠭᠰᠡᠨ ᠱᠠᠩᠨᠠᠯ᠎ᠢ ᠤᠯᠭᠤᠵᠤ ᠪᠤᠯᠤᠨ᠎ᠠ᠃
      ᠬᠤᠷᠢᠨ ᠳᠤᠯᠤᠳᠤᠭ᠋ᠠᠷ ᠵᠦᠢ᠍ᠯ     ᠡᠯ᠎ᠡ ᠤᠯᠠᠨ ᠨᠡᠢ᠌ᠲᠡ ᠵᠢᠨ ᠰᠤᠶᠤᠯ᠎ᠤᠨ ᠪᠠᠢ᠌ᠭᠤᠯᠤᠮᠵᠢ᠎ᠨᠢ ᠷᠠᠳᠢᠤ᠋᠂ ᠲᠧᠯᠸᠢᠰ᠂ ᠰᠤᠨᠢᠨ ᠰᠡᠳᠭᠦᠯ᠂ ᠰᠦᠯᠵᠢᠶᠡᠨ ᠦᠷᠲᠡᠭᠡ᠂ ᠸᠢᠴᠠᠲ᠎ᠤᠨ ᠤᠯᠠᠨ ᠨᠡᠢ᠌ᠲᠡ ᠵᠢᠨ ᠲᠠᠪᠴᠠᠨᠭ᠌ ᠵᠡᠷᠭᠡ᠎ᠪᠠᠷ ᠳᠠᠮᠵᠢᠨ᠂   ᠳᠤᠪᠤᠢ᠌ᠮ᠎ᠠ ᠰᠠᠢ᠌ᠨ ᠢᠯᠡᠷᠡᠯ᠎ᠲᠠᠢ ᠰᠤᠶᠤᠯ᠎ᠤᠨ ᠰᠠᠢ᠌ᠨ ᠳᠤᠷᠠᠴᠤᠳ᠎ᠢ ᠤᠬᠠᠭᠤᠯᠤᠨ ᠲᠠᠨᠢᠯᠴᠠᠭᠤᠯᠵᠤ ᠪᠤᠯᠤᠨ᠎ᠠ᠃


                  ᠵᠢᠷᠭᠤᠳᠤᠭ᠋ᠠᠷ ᠪᠦᠯᠦᠭ         ᠳᠠᠭ᠋ᠠᠯᠲᠠ ᠳᠦᠷᠢᠮ


      ᠬᠤᠷᠢᠨ ᠨᠠᠢ᠍ᠮᠠᠳᠤᠭ᠋ᠠᠷ ᠵᠦᠢ᠍ᠯ   ᠲᠤᠰ ᠠᠷᠭ᠎ᠠ ᠵᠢᠨ ᠲᠤᠬᠠᠢ ᠦᠪᠦᠷ ᠮᠤᠩᠭᠤᠯ᠎ᠤᠨ ᠦᠪᠡᠷᠲᠡᠭᠡᠨ ᠵᠠᠰᠠᠬᠤ ᠤᠷᠤᠨ᠎ᠤ ᠰᠤᠶᠤᠯ᠎ᠤᠨ ᠲᠢᠩᠭᠢᠮ᠎ᠠᠴᠠ ᠲᠠᠢ᠌ᠯᠪᠤᠷᠢᠯᠠᠯᠲᠠ ᠬᠢᠬᠦ ᠶᠠᠪᠤᠳᠠᠯ᠎ᠢ ᠬᠠᠷᠢᠭᠤᠴᠠᠨ᠎ᠠ᠃
      ᠬᠤᠷᠢᠨ ᠶᠢᠰᠦᠳᠦᠭᠡᠷ ᠵᠦᠢ᠍ᠯ   ᠲᠤᠰ ᠠᠷᠭ᠎ᠠ ᠵᠢ 2017 ᠤᠨ᠎ᠤ 10 ᠰᠠᠷ᠎ᠠ ᠵᠢᠨ 1᠎ᠠᠴᠠ ᠡᠬᠢᠯᠡᠨ ᠬᠡᠷᠡᠭᠵᠢᠭᠦᠯᠦᠨ᠎ᠡ᠃

ᠢᠷᠡᠯᠲᠡ᠄
          
ᠬᠠᠮᠢᠶ᠎ᠡ ᠪᠦᠬᠦᠢ ᠰᠣᠨᠢᠨ
ᠦᠪᠦᠷ ᠮᠤᠨᠭ᠌ᠭᠤᠯ᠎ᠤᠨ ᠦᠪᠡᠷᠲᠡᠭᠡᠨ ᠵᠠᠰᠠᠬᠤ ᠤᠷᠤᠨ᠎ᠤ ᠶᠤᠸᠠᠨ᠎ᠤ ᠲᠡᠭᠡᠳᠦ ᠨᠡᠢ᠌ᠰᠯᠡᠯ᠎ᠤᠨ ᠪᠠᠭᠣᠷᠢ ᠵᠢᠨ ᠬᠠᠮᠠᠭ᠋ᠠᠯᠠᠯᠲᠠ ᠵᠢᠨ ᠲᠦᠷᠢᠮ
ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠤᠯᠠᠭ᠋ᠠᠨᠮᠥ᠋ᠴᠢᠷ᠎ᠤᠨ ᠳᠦᠷᠢᠮ
ᠮᠤᠷᠢ ᠲᠡᠮᠡᠭᠡᠨ᠎ᠤ ᠡᠳ᠋ᠯᠡᠯᠭᠡᠨ᠎ᠤ ᠵᠢᠭᠤᠯᠴᠢᠯᠡᠯ᠎ᠤᠨ ᠪᠦᠳᠦᠭᠡᠭᠳᠡᠭᠦᠨ᠎ᠤ ᠤᠢ᠌ᠯᠡᠴᠢᠯᠡᠭᠡᠨ᠎ᠤ ᠳᠦᠷᠢᠮᠵᠢᠭᠦᠯᠤᠯᠳᠡ
ᠤᠨᠴᠠᠯᠢᠭᠳᠤ ᠰᠤᠶᠤᠯ᠎ᠤᠨ ᠭᠤᠤᠯ ᠰᠡᠳᠤᠪᠲᠤ ᠵᠤᠴᠢᠳ᠎ᠤᠨ ᠪᠠᠭᠤᠳᠠᠯ᠎ᠤᠨ ᠳᠦᠭᠦᠭᠡᠷᠤᠮᠵᠢ ᠵᠢᠴᠢ ᠤᠢ᠌ᠯᠡᠴᠢᠯᠡᠭᠡᠨ᠎ᠤ ᠳᠦᠷᠢᠮᠵᠢᠭᠦᠯᠤᠯᠳᠡ
ᠮᠠᠯᠴᠢᠨ ᠠᠢ᠌ᠯ᠎ᠤᠨ ᠵᠢᠭᠤᠯᠴᠢᠯᠡᠯ᠎ᠤᠨ ᠡᠵᠡᠩᠨᠡᠯᠲᠡ ᠵᠢᠨ ᠳᠦᠷᠢᠮᠵᠢᠭᠦᠯᠤᠯᠳᠡ
 
            