ᠬᠠᠮᠠᠭ᠋ᠠᠯᠠᠯᠲᠠ ᠵᠢᠨ ᠪᠡᠯᠡ ᠮᠥᠩᠭᠥ ᠵᠢᠨ ᠬᠡᠷᠡᠭᠯᠡᠯᠲᠡ ᠪᠠ ᠵᠠᠷᠤᠯᠭ᠎ᠠ ᠵᠢᠨ ᠬᠡᠪᠴᠢᠶ᠎ᠡ ᠵᠢᠨ ᠬᠣᠶᠠᠳᠤᠭ᠋ᠠᠷ ᠪᠦᠯᠦᠭ
ᠲᠠᠪᠤᠳᠤᠭ᠋ᠠᠷ ᠵᠦᠢ᠍ᠯ ᠬᠠᠮᠠᠭ᠋ᠠᠯᠠᠯᠲᠠ ᠵᠢᠨ ᠪᠡᠯᠡ ᠮᠥᠩᠭᠥ ᠵᠢ ᠬᠡᠷᠡᠭᠯᠡᠬᠦ ᠬᠡᠪᠴᠢᠶ᠎ᠡ᠎ᠳᠤ ᠭᠣᠣᠯᠳᠠᠭᠤ᠄
(ᠨᠢᠭᠡ) ᠲᠡᠦᠬᠡ ᠵᠢᠨ ᠳᠤᠷᠠᠰᠬᠠᠯᠲᠤ ᠵᠦᠢ᠍ᠯ ᠵᠶ᠋ᠡᠷ ᠬᠠᠮᠠᠭ᠋ᠠᠯᠠᠭᠳᠠᠬᠤ ᠨᠢᠭᠡᠴᠢ ᠵᠢᠨ ᠬᠠᠮᠠᠭ᠋ᠠᠯᠠᠯᠲᠠ᠃ ᠭᠣᠣᠯᠳᠠᠭᠤ ᠥᠪᠡᠷᠲᠡᠭᠡᠨ ᠵᠠᠰᠠᠬᠤ ᠣᠷᠣᠨ᠎ᠤ ᠳᠡᠰ ᠵᠢᠴᠢ ᠥᠪᠡᠷᠲᠡᠭᠡᠨ ᠵᠠᠰᠠᠬᠤ ᠣᠷᠣᠨ᠎ᠠᠴᠠ ᠳᠣᠷᠣᠭᠰᠢᠬᠢ ᠤᠯᠤᠰ᠎ᠤᠨ ᠥᠮᠴᠢᠯᠡᠯ᠎ᠤᠨ ᠲᠡᠦᠬᠡ ᠵᠢᠨ ᠳᠤᠷᠠᠰᠬᠠᠯᠲᠤ ᠵᠦᠢ᠍ᠯ᠎ᠤᠨ ᠬᠠᠮᠠᠭ᠋ᠠᠯᠠᠯᠲᠠ ᠵᠢᠨ ᠨᠢᠭᠡᠴᠡ᠂ ᠬᠤᠪᠢᠰᠬᠠᠯ᠎ᠤᠨ ᠲᠡᠦᠬᠡ ᠵᠢᠨ ᠳᠤᠷᠠᠰᠬᠠᠯᠲᠤ ᠵᠦᠢ᠍ᠯ᠎ᠤᠨ ᠠᠰᠢᠭᠯᠠᠯᠲᠠ ᠵᠢᠨ ᠬᠡᠰᠡᠭ ᠲᠣᠭᠣᠷᠢᠭ᠎ᠤᠨ ᠲᠡᠦᠬᠡ ᠵᠢᠨ ᠳᠤᠷᠠᠰᠬᠠᠯᠲᠤ ᠵᠦᠢ᠍ᠯ᠎ᠤᠨ ᠤᠭ ᠴᠣᠭᠴᠠ ᠵᠢ ᠰᠡᠯᠪᠢᠨ ᠵᠠᠰᠠᠬᠤ᠂ ᠬᠠᠮᠠᠭ᠋ᠠᠯᠠᠬᠤ ᠪᠠ ᠳᠡᠯᠭᠡᠨ ᠦᠵᠡᠭᠦᠯᠬᠦ᠎ᠳᠤ ᠡᠭᠦᠨ᠎ᠳᠤ᠄ ᠬᠠᠮᠠᠭ᠋ᠠᠯᠠᠯᠲᠠ ᠵᠢᠨ ᠲᠥᠯᠦᠪᠵᠢᠭᠦᠯᠭᠡ ᠪᠠ ᠲᠥᠰᠥᠯ᠎ᠢ ᠨᠠᠢ᠌ᠷᠠᠭᠤᠯᠤᠨ ᠵᠣᠬᠢᠶᠠᠬᠤ᠂ ᠲᠡᠦᠬᠡ ᠵᠢᠨ ᠳᠤᠷᠠᠰᠬᠠᠯᠲᠤ ᠵᠦᠢ᠍ᠯ᠎ᠤᠨ ᠤᠭ ᠴᠣᠭᠴᠠ ᠵᠢ ᠰᠡᠯᠪᠢᠨ ᠵᠠᠰᠠᠵᠤ ᠬᠠᠮᠠᠭ᠋ᠠᠯᠠᠬᠤ᠂ ᠠᠮᠤᠷ ᠲᠦᠪᠰᠢᠨ᠎ᠤ ᠰᠡᠷᠭᠡᠢ᠌ᠯᠡᠯᠲᠡ᠂ ᠭᠠᠯ ᠤᠨᠲᠠᠷᠠᠭ᠋ᠠᠬᠤ᠂ ᠠᠶᠤᠩᠭ᠎ᠠ᠎ᠠᠴᠠ ᠰᠡᠷᠭᠡᠢ᠌ᠯᠡᠬᠦ ᠵᠢᠴᠢ ᠭᠠᠮᠰᠢᠭ᠎ᠢ ᠰᠡᠷᠭᠡᠢ᠌ᠯᠡᠵᠦ ᠭᠠᠮᠰᠢᠭ᠎ᠢ ᠪᠠᠭ᠋ᠠᠰᠬᠠᠬᠤ ᠵᠡᠷᠭᠡ ᠬᠠᠮᠠᠭ᠋ᠠᠯᠠᠯᠲᠠ ᠵᠢᠨ ᠴᠢᠨᠠᠷᠲᠠᠢ ᠲᠥᠬᠦᠭᠡᠷᠦᠮᠵᠢ ᠵᠢᠨ ᠪᠦᠲᠦᠭᠡᠨ ᠪᠠᠢ᠌ᠭᠤᠯᠤᠯᠲᠠ᠂ ᠲᠡᠦᠬᠡ ᠵᠢᠨ ᠳᠤᠷᠠᠰᠬᠠᠯᠲᠤ ᠵᠦᠢ᠍ᠯ᠎ᠤᠨ ᠤᠭ ᠴᠣᠭᠴᠠ ᠵᠢᠨ ᠬᠠᠮᠠᠭ᠋ᠠᠯᠠᠯᠲᠠ ᠵᠢᠨ ᠬᠡᠪᠴᠢᠶᠡᠨ ᠳᠣᠲᠣᠷᠠᠬᠢ ᠬᠠᠳᠠᠭ᠋ᠠᠯᠠᠬᠤ ᠣᠷᠴᠢᠨ ᠲᠣᠭᠣᠷᠢᠨ᠎ᠢ ᠵᠠᠰᠠᠬᠤ᠂ ᠳᠡᠯᠭᠡᠨ ᠦᠵᠡᠭᠦᠯᠬᠦ᠂ ᠲᠣᠭ᠋ᠠᠴᠢᠯᠠᠭᠰᠠᠨ ᠬᠠᠮᠠᠭ᠋ᠠᠯᠠᠯᠲᠠ᠂ ᠤᠷᠢᠳᠴᠢᠯᠠᠨ ᠰᠡᠷᠭᠡᠢ᠌ᠯᠡᠬᠦ ᠴᠢᠨᠠᠷᠲᠠᠢ ᠬᠠᠮᠠᠭ᠋ᠠᠯᠠᠯᠲᠠ᠂ ᠲᠡᠦᠬᠡ ᠵᠢᠨ ᠳᠤᠷᠠᠰᠬᠠᠯᠲᠤ ᠵᠦᠢ᠍ᠯ᠎ᠤᠨ ᠠᠮᠤᠷ ᠲᠦᠪᠰᠢᠨ᠎ᠢ ᠬᠢᠨᠠᠨ ᠬᠡᠮᠵᠢᠬᠦ ᠬᠠᠮᠢᠶᠠᠷᠤᠯᠲᠠ ᠵᠢᠨ ᠰᠢᠰᠲ᠋ᠥᠮ᠎ᠤᠨ ᠪᠦᠲᠦᠭᠡᠨ ᠪᠠᠢ᠌ᠭᠤᠯᠤᠯᠲᠠ᠂ ᠲᠦᠷᠭᠡᠨ ᠴᠢᠨᠠᠷᠲᠠᠢ ᠲᠡᠦᠬᠡ ᠵᠢᠨ ᠳᠤᠷᠠᠰᠬᠠᠯᠲᠤ ᠵᠦᠢ᠍ᠯ᠎ᠢ ᠬᠠᠮᠠᠭ᠋ᠠᠯᠠᠬᠤ ᠭᠡᠨᠡᠳᠲᠡ ᠵᠢᠨ ᠲᠦᠷᠦᠯ ᠵᠦᠢ᠍ᠯ ᠵᠡᠷᠭᠡ ᠵᠢ ᠪᠠᠭᠲᠠᠭ᠋ᠠᠨ᠎ᠠ᠃ ᠥᠪᠡᠷᠲᠡᠭᠡᠨ ᠵᠠᠰᠠᠬᠤ ᠣᠷᠣᠨ᠎ᠤ ᠲᠠᠰ᠎ᠤᠨ ᠤᠯᠤᠰ᠎ᠤᠨ ᠥᠮᠴᠢᠯᠡᠯ᠎ᠤᠨ ᠪᠤᠰᠤ ᠲᠡᠦᠬᠡ ᠵᠢᠨ ᠳᠤᠷᠠᠰᠬᠠᠯᠲᠤ ᠵᠦᠢ᠍ᠯ᠎ᠤᠨ ᠬᠠᠮᠠᠭ᠋ᠠᠯᠠᠯᠲᠠ ᠵᠢᠨ ᠨᠢᠭᠡᠴᠡ᠎ᠳᠤ᠂ ᠲᠡᠭᠦᠨ᠎ᠤ ᠵᠥᠪᠰᠢᠶᠡᠷᠡᠭᠦᠯᠦᠭᠰᠡᠨ ᠲᠡᠦᠬᠡ ᠵᠢᠨ ᠳᠤᠷᠠᠰᠬᠠᠯᠲᠤ ᠵᠦᠢ᠍ᠯ᠎ᠤᠨ ᠬᠠᠮᠠᠭ᠋ᠠᠯᠠᠯᠲᠠ ᠵᠢᠨ ᠲᠥᠷᠥᠯ ᠵᠦᠢ᠍ᠯ᠎ᠢ ᠬᠡᠷᠡᠭᠵᠢᠭᠦᠯᠬᠦ ᠵᠢ ᠪᠡᠶᠡᠯᠡᠭᠦᠯᠬᠦ ᠵᠢᠨ ᠬᠠᠮᠲᠤ ᠦᠨᠡᠯᠡᠨ ᠵᠢᠱ᠌ᠢᠵᠦ ᠰᠢᠯᠭ᠋ᠠᠨ ᠠᠪᠤᠭᠰᠠᠨ᠎ᠤ ᠳᠠᠷᠠᠭ᠎ᠠ᠂ ᠭᠤᠶᠤᠴᠢᠯᠠᠯ᠎ᠢ ᠦᠨᠳᠦᠰᠦᠯᠡᠨ ᠵᠣᠬᠢᠰᠲᠠᠢ ᠨᠥᠬᠥᠪᠦᠷᠢ ᠣᠯᠭᠣᠵᠤ ᠪᠣᠯᠣᠨ᠎ᠠ᠃
(ᠬᠣᠶᠠᠷ) ᠬᠠᠭᠤᠴᠢ ᠰᠤᠳᠤᠯᠤᠯ᠎ᠤᠨ ᠨᠡᠭᠡᠭᠡᠨ ᠮᠠᠯᠲᠠᠬᠤ᠃ ᠭᠣᠣᠯᠳᠠᠭᠤ ᠬᠠᠭᠤᠴᠢ ᠰᠤᠳᠤᠯᠤᠯ᠎ᠤᠨ ᠪᠠᠢ᠌ᠴᠠᠭ᠋ᠠᠯᠲᠠ ᠬᠢᠬᠦ᠂ ᠬᠠᠢ᠌ᠨ ᠰᠢᠨᠵᠢᠯᠡᠬᠦ ᠪᠠ ᠨᠡᠭᠡᠭᠡᠨ ᠮᠠᠯᠲᠠᠬᠤ᠂ ᠬᠠᠭᠤᠴᠢ ᠰᠤᠳᠤᠯᠤᠯ᠎ᠤᠨ ᠮᠠᠲ᠋ᠧᠷᠢᠶᠠᠯ᠎ᠢ ᠡᠮᠬᠢᠳᠬᠡᠬᠦ ᠵᠢᠴᠢ ᠮᠡᠳᠡᠭᠦᠯᠦᠯᠲᠡ ᠬᠡᠪᠯᠡᠭᠦᠯᠬᠦ᠂ ᠬᠠᠭᠤᠴᠢ ᠰᠤᠳᠤᠯᠤᠯ᠎ᠤᠨ ᠴᠢᠬᠤᠯᠠ ᠦᠯᠡᠳᠡᠭᠳᠡᠯ᠎ᠢ ᠬᠠᠮᠠᠭ᠋ᠠᠯᠠᠨ ᠳᠡᠯᠭᠡᠨ ᠦᠵᠡᠭᠦᠯᠬᠦ ᠵᠢᠴᠢ ᠮᠠᠯᠲᠠᠵᠤ ᠭᠠᠷᠭ᠋ᠠᠭᠰᠠᠨ ᠴᠢᠬᠤᠯᠠ ᠲᠡᠦᠬᠡ ᠵᠢᠨ ᠳᠤᠷᠠᠰᠬᠠᠯᠲᠤ ᠵᠦᠢ᠍ᠯ᠎ᠤᠨ ᠲᠤᠬᠠᠢ ᠵᠢᠨ ᠭᠠᠵᠠᠷ᠎ᠢ ᠬᠠᠮᠠᠭ᠋ᠠᠯᠠᠬᠤ ᠪᠠ ᠵᠠᠰᠠᠨ ᠰᠡᠷᠭᠦᠭᠡᠬᠦ ᠵᠢᠴᠢ ᠮᠠᠯᠲᠠᠵᠤ ᠭᠠᠷᠭ᠋ᠠᠭᠰᠠᠨ ᠴᠢᠬᠤᠯᠠ ᠲᠡᠦᠬᠡ ᠵᠢᠨ ᠳᠤᠷᠠᠰᠬᠠᠯᠲᠤ ᠵᠦᠢ᠍ᠯ᠎ᠢ ᠪᠠᠢ᠌ᠴᠠᠭ᠋ᠠᠨ ᠬᠡᠮᠵᠢᠬᠦ᠂ ᠬᠠᠭᠤᠴᠢ ᠰᠤᠳᠤᠯᠤᠯ᠎ᠤᠨ ᠮᠠᠯᠲᠠᠵᠤ ᠭᠠᠷᠭ᠋ᠠᠭᠰᠠᠨ ᠲᠤᠬᠠᠢ ᠵᠢᠨ ᠭᠠᠵᠠᠷ᠎ᠤᠨ ᠲᠦᠷ ᠴᠠᠭ᠎ᠤᠨ ᠬᠠᠮᠠᠭ᠋ᠠᠯᠠᠯᠲᠠ ᠵᠢᠨ ᠴᠢᠨᠠᠷᠲᠠᠢ ᠲᠥᠬᠦᠭᠡᠷᠦᠮᠵᠢ ᠵᠢᠨ ᠪᠦᠲᠦᠭᠡᠨ ᠪᠠᠢ᠌ᠭᠤᠯᠤᠯᠲᠠ ᠵᠡᠷᠭᠡ᠎ᠳᠤ ᠬᠡᠷᠡᠭᠯᠡᠨ᠎ᠡ᠃
(ᠭᠤᠷᠪᠠ) ᠰᠢᠯᠵᠢᠭᠦᠯᠵᠦ ᠪᠣᠯᠬᠤ ᠲᠡᠦᠬᠡ ᠵᠢᠨ ᠳᠤᠷᠠᠰᠬᠠᠯᠲᠤ ᠵᠦᠢ᠍ᠯ᠎ᠤᠨ ᠬᠠᠮᠠᠭ᠋ᠠᠯᠠᠯᠲᠠ᠃ ᠭᠣᠣᠯᠳᠠᠭᠤ ᠤᠯᠤᠰ᠎ᠤᠨ ᠥᠮᠴᠢᠯᠡᠯᠲᠦ ᠪᠤᠶᠤ ᠪᠤᠰᠤᠳ ᠲᠡᠦᠬᠡ ᠵᠢᠨ ᠳᠤᠷᠠᠰᠬᠠᠯᠲᠤ ᠵᠦᠢ᠍ᠯ᠎ᠢ ᠬᠣᠷᠢᠶᠠᠨ ᠬᠠᠳᠠᠭ᠋ᠠᠯᠠᠬᠤ ᠨᠢᠭᠡᠴᠡ ᠵᠢᠨ ᠨᠣᠮ᠎ᠤᠨ ᠰᠠᠩ ᠪᠠ ᠮᠦᠽᠧᠢ᠎ᠳᠤ ᠬᠠᠳᠠᠭ᠋ᠠᠯᠠᠵᠤ ᠪᠠᠢ᠌ᠭ᠎ᠠ ᠬᠣᠪᠣᠷ ᠨᠠᠨᠳᠢᠨ ᠲᠡᠦᠬᠡ ᠵᠢᠨ ᠳᠤᠷᠠᠰᠬᠠᠯᠲᠤ ᠵᠦᠢ᠍ᠯ᠂ ᠬᠤᠪᠢᠰᠬᠠᠯ᠎ᠤᠨ ᠲᠡᠦᠬᠡ ᠵᠢᠨ ᠳᠤᠷᠠᠰᠬᠠᠯᠲᠤ ᠵᠦᠢ᠍ᠯ᠎ᠤᠨ ᠠᠪᠤᠷᠠᠯᠳᠠ ᠵᠢᠨ ᠴᠢᠨᠠᠷᠲᠠᠢ ᠬᠠᠮᠠᠭ᠋ᠠᠯᠠᠯᠲᠠ᠂ ᠰᠡᠷᠭᠡᠢ᠌ᠯᠡᠯᠲᠡ ᠵᠢᠨ ᠴᠢᠨᠠᠷᠲᠠᠢ ᠬᠠᠮᠠᠭ᠋ᠠᠯᠠᠯᠲᠠ᠂ ᠲᠡᠦᠬᠡ ᠵᠢᠨ ᠳᠤᠷᠠᠰᠬᠠᠯᠲᠤ ᠵᠦᠢ᠍ᠯ᠎ᠤᠨ ᠮᠡᠷᠭᠡᠵᠢᠯ᠎ᠤᠨ ᠬᠠᠮᠠᠭ᠋ᠠᠯᠠᠯᠲᠠ (ᠲᠡᠦᠬᠡ ᠵᠢᠨ ᠳᠤᠷᠠᠰᠬᠠᠯᠲᠤ ᠵᠦᠢ᠍ᠯ᠎ᠤᠨ ᠤᠭ ᠴᠣᠭᠴᠠ ᠵᠢ ᠵᠠᠰᠠᠨ ᠰᠡᠷᠭᠦᠭᠡᠬᠦ ᠪᠠᠭᠲᠠᠨ᠎ᠠ)᠂ ᠲᠣᠭ᠋ᠠᠴᠢᠯᠠᠨ ᠬᠠᠮᠠᠭ᠋ᠠᠯᠠᠬᠤ ᠪᠠ ᠠᠰᠢᠭᠯᠠᠬᠤ ᠵᠢᠴᠢ ᠰᠢᠯᠵᠢᠭᠦᠯᠵᠦ ᠪᠣᠯᠬᠤ ᠲᠡᠦᠬᠡ ᠵᠢᠨ ᠳᠤᠷᠠᠰᠬᠠᠯᠲᠤ ᠵᠦᠢ᠍ᠯ᠎ᠤᠨ ᠪᠠᠢ᠌ᠴᠠᠭ᠋ᠠᠯᠲᠠ᠂ ᠥᠪᠡᠷᠲᠡᠭᠡᠨ ᠵᠠᠰᠠᠬᠤ ᠣᠷᠣᠨ᠎ᠤ ᠴᠢᠬᠤᠯᠠ ᠶᠡᠬᠡ ᠳᠡᠯᠭᠡᠨ ᠦᠵᠡᠭᠦᠯᠦᠯᠭᠡ ᠵᠢᠨ ᠤᠬᠠᠭ᠋ᠠᠯᠠᠨ ᠲᠥᠯᠥᠪᠯᠡᠵᠦ ᠳᠡᠯᠭᠡᠨ ᠦᠵᠡᠭᠦᠯᠬᠦ ᠵᠡᠷᠭᠡ᠎ᠳᠤ ᠬᠡᠷᠡᠭᠯᠡᠨ᠎ᠡ᠃
(ᠳᠥᠷᠪᠡ) 《ᠳᠥᠷᠪᠡ ᠵᠢ ᠪᠦᠷᠢᠳᠦᠭᠦᠯᠦᠭᠰᠡᠨ》 ᠲᠠᠨᠭ᠌ᠰᠠ ᠡᠪᠬᠡᠮᠡᠯ᠂ ᠲᠣᠭᠣᠷᠢᠨ ᠪᠠᠢ᠌ᠴᠠᠭ᠋ᠠᠵᠤ ᠲᠣᠭᠣᠷᠢᠨ ᠬᠠᠮᠠᠭ᠋ᠠᠯᠠᠬᠤ᠃ ᠭᠣᠣᠯᠳᠠᠭᠤ ᠪᠥᠬᠥ ᠣᠷᠣᠨ᠎ᠤ ᠰᠢᠯᠵᠢᠭᠦᠯᠵᠦ ᠪᠣᠯᠣᠰᠢ ᠦᠭᠡᠢ ᠲᠡᠦᠬᠡ ᠵᠢᠨ ᠳᠤᠷᠠᠰᠬᠠᠯᠲᠤ ᠵᠦᠢ᠍ᠯᠡᠰ᠎ᠲᠤ ᠣᠷᠳᠣ ᠴᠠᠭ᠋ᠠᠨ ᠬᠡᠷᠡᠮ᠎ᠤᠨ ᠬᠠᠮᠠᠭ᠋ᠠᠯᠠᠯᠲᠠ ᠵᠢᠨ ᠲᠥᠯᠦᠪᠵᠢᠭᠦᠯᠭᠡ ᠪᠠ ᠲᠥᠰᠥᠯ᠎ᠢ ᠨᠠᠢ᠌ᠷᠠᠭᠤᠯᠤᠨ ᠵᠣᠬᠢᠶᠠᠬᠤ᠂ 《ᠳᠥᠷᠪᠡ᠎ᠲᠠᠢ》 ᠲᠠᠩᠰᠠ ᠡᠪᠬᠡᠮᠡᠯ᠂ ᠲᠣᠭᠣᠷᠢᠨ ᠪᠠᠢ᠌ᠴᠠᠭ᠋ᠠᠵᠤ ᠲᠣᠭᠣᠷᠢᠨ ᠬᠠᠮᠠᠭ᠋ᠠᠯᠠᠬᠤ᠂ ᠬᠠᠮᠠᠭ᠋ᠠᠯᠠᠬᠤ ᠲᠡᠮᠳᠡᠭ᠂ ᠬᠢᠯᠢ ᠵᠢᠨ ᠱᠣᠩ ᠪᠠᠶ᠋ᠢᠭᠤᠯᠬᠤ᠂ ᠴᠢᠬᠤᠯᠠ ᠴᠢᠭ᠋᠎ᠤᠨ ᠬᠡᠰᠡᠭ᠎ᠢ ᠬᠦᠷᠢᠶᠡᠯᠡᠨ ᠬᠠᠮᠠᠭ᠋ᠠᠯᠠᠬᠤ ᠪᠠ ᠣᠷᠴᠢᠨ ᠲᠣᠭᠣᠷᠢᠨ᠎ᠢ ᠬᠠᠮᠠᠭ᠋ᠠᠯᠠᠨ ᠵᠠᠰᠠᠬᠤ ᠵᠡᠷᠭᠡ ᠵᠢ ᠪᠠᠭᠲᠠᠭ᠋ᠠᠨ᠎ᠠ᠃
(ᠲᠠᠪᠤ) ᠲᠡᠦᠬᠡ ᠵᠢᠨ ᠳᠤᠷᠠᠰᠬᠠᠯᠲᠤ ᠵᠦᠢ᠍ᠯ᠎ᠢ ᠬᠠᠮᠠᠭ᠋ᠠᠯᠠᠬᠤ ᠵᠣᠬᠢᠶᠠᠨ ᠪᠠᠢ᠌ᠭᠤᠯᠤᠯᠲᠠ ᠵᠢᠨ ᠬᠠᠮᠢᠶᠠᠷᠤᠯᠲᠠ᠃ ᠭᠣᠣᠯᠳᠠᠭᠤ ᠥᠪᠡᠷᠲᠡᠭᠡᠨ ᠵᠠᠰᠠᠬᠤ ᠣᠷᠣᠨ᠎ᠤ ᠲᠣᠰ ᠱᠠᠲᠤᠨ᠎ᠤ ᠲᠡᠦᠬᠡ ᠵᠢᠨ ᠳᠤᠷᠠᠰᠬᠠᠯᠲᠤ ᠵᠦᠢ᠍ᠯ᠎ᠤᠨ ᠰᠠᠯᠠᠭ᠎ᠠ ᠮᠥᠴᠢᠷ᠎ᠤᠨ ᠥᠷᠨᠢᠭᠦᠯᠦᠭᠰᠡᠨ ᠲᠥᠯᠦᠪᠵᠢᠭᠦᠯᠭᠡ ᠵᠢ ᠨᠠᠢ᠌ᠷᠠᠭᠤᠯᠤᠨ ᠵᠣᠬᠢᠶᠠᠬᠤ᠂ ᠤᠬᠠᠭᠤᠯᠤᠨ ᠳᠡᠯᠭᠡᠷᠡᠭᠦᠯᠬᠦ᠂ ᠨᠡᠢ᠌ᠭᠡᠮ᠎ᠤᠨ ᠰᠤᠷᠭ᠋ᠠᠨ ᠬᠥᠮᠦᠵᠢᠯ᠂ ᠴᠢᠳᠠᠪᠤᠷᠢᠲᠠᠨ᠎ᠤ ᠪᠣᠯᠪᠠᠰᠤᠷᠠᠭᠤᠯᠤᠯ᠂ ᠠᠵᠢᠯ᠎ᠤᠨ ᠠᠮᠵᠢᠯᠲᠠ ᠪᠦᠲᠦᠮᠵᠢ ᠵᠢ ᠦᠨᠡᠯᠡᠬᠦ ᠵᠡᠷᠭᠡ ᠠᠵᠢᠯ ᠲᠥᠷᠥᠯ᠎ᠤᠨ ᠬᠠᠮᠢᠶᠠᠷᠤᠯᠲᠠ ᠵᠢᠨ ᠵᠠᠷᠤᠯᠭ᠎ᠠ᠎ᠳᠤ ᠬᠡᠷᠡᠭᠯᠡᠨ᠎ᠡ᠃
(ᠵᠢᠷᠭᠤᠭ᠎ᠠ) ᠥᠪᠡᠷᠲᠡᠭᠡᠨ ᠵᠠᠰᠠᠬᠤ ᠣᠷᠣᠨ᠎ᠤ ᠲᠡᠦᠬᠡ ᠵᠢᠨ ᠳᠤᠷᠠᠰᠬᠠᠯᠲᠤ ᠵᠦᠢ᠍ᠯ᠎ᠤᠨ ᠲᠣᠪᠴᠢᠶ᠎ᠠ ᠪᠣᠯᠣᠨ ᠥᠪᠡᠷᠲᠡᠭᠡᠨ ᠵᠠᠰᠠᠬᠤ ᠣᠷᠣᠨ᠎ᠤ ᠡᠳ᠋᠎ᠤᠨ ᠵᠠᠰᠠᠭ᠎ᠤᠨ ᠲᠢᠩᠬᠢᠮ ᠵᠶ᠋ᠡᠷ ᠵᠥᠪᠰᠢᠶᠡᠷᠡᠭᠦᠯᠦᠭᠰᠡᠨ ᠲᠡᠦᠬᠡ ᠵᠢᠨ ᠳᠤᠷᠠᠰᠬᠠᠯᠲᠤ ᠵᠦᠢ᠍ᠯ᠎ᠢ ᠬᠠᠮᠠᠭ᠋ᠠᠯᠠᠬᠤ ᠠᠵᠢᠯ᠎ᠲᠠᠢ ᠬᠣᠯᠪᠣᠭᠳᠠᠬᠤ ᠪᠤᠰᠤᠳ ᠵᠦᠢ᠍ᠯ᠎ᠤᠳ᠃
ᠵᠢᠷᠭᠤᠳᠤᠭ᠋ᠠᠷ ᠵᠦᠢ᠍ᠯ ᠬᠠᠮᠠᠭ᠋ᠠᠯᠠᠯᠲᠠ ᠵᠢᠨ ᠪᠡᠯᠡ ᠮᠥᠩᠭᠥ ᠵᠢᠨ ᠵᠠᠷᠤᠯᠭ᠎ᠠ ᠵᠢᠨ ᠠᠭᠤᠯᠭ᠎ᠠ ᠳᠤ ᠭᠣᠣᠯᠳᠠᠭᠤ᠄
(ᠨᠢᠭᠡ) ᠲᠡᠦᠬᠡ ᠵᠢᠨ ᠳᠤᠷᠠᠰᠬᠠᠯᠲᠤ ᠵᠦᠢ᠍ᠯ᠎ᠢ ᠰᠡᠯᠪᠢᠨ ᠵᠠᠰᠠᠵᠤ ᠬᠠᠮᠠᠭ᠋ᠠᠯᠠᠬᠤ ᠢᠨᠵᠧᠨᠧᠷᠢᠩ᠎ᠤᠨ ᠵᠠᠷᠤᠯᠭ᠎ᠠ᠃ ᠡᠭᠦᠨ᠎ᠳᠤ ᠭᠣᠣᠯᠳᠠᠭᠤ ᠬᠠᠢ᠌ᠨ ᠬᠡᠮᠵᠢᠬᠦ ᠰᠦᠢ᠍ᠳᠬᠡᠯ᠂ ᠲᠥᠯᠦᠪᠵᠢᠭᠦᠯᠭᠡ ᠵᠢᠴᠢ ᠲᠥᠰᠥᠯ᠎ᠢ ᠵᠢᠷᠤᠵᠤ ᠲᠥᠯᠥᠪᠯᠡᠬᠦ ᠰᠦᠢ᠍ᠳᠬᠡᠯ᠂ ᠮᠠᠲ᠋ᠧᠷᠢᠶᠠᠯ᠎ᠤᠨ ᠰᠦᠢ᠍ᠳᠬᠡᠯ᠂ ᠲᠦᠯᠡᠰᠢ ᠰᠢᠲᠠᠭ᠋ᠠᠯᠭ᠎ᠠ ᠵᠢᠨ ᠬᠥᠳᠡᠯᠭᠡᠭᠴᠢ ᠬᠦᠴᠦᠨ᠎ᠤ ᠰᠦᠢ᠍ᠳᠬᠡᠯ᠂ ᠲᠥᠬᠦᠭᠡᠷᠦᠮᠵᠢ ᠵᠢᠨ ᠰᠦᠢ᠍ᠳᠬᠡᠯ᠂ ᠪᠠᠷᠢᠯᠭ᠎ᠠ ᠵᠢᠨ ᠰᠦᠢ᠍ᠳᠬᠡᠯ᠂ ᠬᠢᠨᠠᠨ ᠬᠠᠮᠢᠶᠠᠷᠬᠤ ᠰᠦᠢ᠍ᠳᠬᠡᠯ᠂ ᠬᠥᠳᠡᠯᠮᠦᠷᠢ ᠦᠢ᠍ᠯᠡᠴᠢᠯᠡᠭᠡᠨ᠎ᠤ ᠰᠦᠢ᠍ᠳᠬᠡᠯ᠂ ᠵᠥᠪᠯᠡᠯᠭᠡ ᠥᠭᠴᠦ ᠦᠨᠡᠯᠡᠨ ᠵᠢᠱ᠌ᠢᠬᠦ ᠰᠦᠢ᠍ᠳᠬᠡᠯ᠂ ᠰᠢᠯᠭ᠋ᠠᠨ ᠰᠢᠯᠭ᠋ᠠᠵᠤ ᠪᠣᠯᠪᠠᠰᠤᠷᠠᠭᠤᠯᠬᠤ ᠰᠦᠢ᠍ᠳᠬᠡᠯ᠂ ᠬᠠᠮᠢᠶᠠᠷᠤᠯᠲᠠ ᠵᠢᠨ ᠰᠦᠢ᠍ᠳᠬᠡᠯ ᠵᠢᠴᠢ ᠮᠠᠲ᠋ᠧᠷᠢᠶᠠᠯ᠎ᠢ ᠡᠮᠬᠢᠳᠬᠡᠬᠦ ᠪᠠ ᠮᠡᠳᠡᠭᠦᠯᠵᠦ ᠬᠡᠪᠯᠡᠭᠦᠯᠬᠦ ᠰᠦᠢ᠍ᠳᠬᠡᠯ ᠵᠡᠷᠭᠡ ᠪᠠᠭᠲᠠᠨ᠎ᠠ᠃
(ᠬᠣᠶᠠᠷ) ᠲᠡᠦᠬᠡ ᠵᠢᠨ ᠳᠤᠷᠠᠰᠬᠠᠯᠲᠤ ᠵᠦᠢ᠍ᠯ᠎ᠤᠨ ᠬᠠᠭᠤᠴᠢ ᠰᠤᠳᠤᠯᠤᠯ᠎ᠤᠨ ᠪᠠᠢ᠌ᠴᠠᠭ᠋ᠠᠯᠲᠠ ᠬᠢᠬᠦ᠂ ᠨᠡᠭᠡᠭᠡᠨ ᠮᠠᠯᠲᠠᠬᠤ ᠵᠠᠷᠤᠯᠭ᠎ᠠ᠃ ᠡᠭᠦᠨ᠎ᠳᠤ ᠭᠣᠣᠯᠳᠠᠭᠤ ᠪᠠᠢ᠌ᠴᠠᠭ᠋ᠠᠨ ᠰᠢᠨᠵᠢᠬᠦ ᠰᠦᠢ᠍ᠳᠬᠡᠯ᠂ ᠬᠡᠮᠵᠢᠨ ᠵᠢᠷᠤᠬᠤ ᠰᠦᠢ᠍ᠳᠬᠡᠯ᠂ ᠨᠡᠭᠡᠭᠡᠨ ᠮᠠᠯᠲᠠᠬᠤ ᠰᠦᠢ᠍ᠳᠬᠡᠯ᠂ ᠨᠡᠭᠡᠭᠡᠨ ᠮᠠᠯᠲᠠᠬᠤ ᠲᠤᠬᠠᠢ ᠵᠢᠨ ᠲᠠᠯᠠᠪᠤᠷ᠎ᠤᠨ ᠠᠮᠤᠷ ᠲᠦᠪᠰᠢᠨ᠎ᠤ ᠬᠠᠮᠠᠭ᠋ᠠᠯᠠᠯᠲᠠ ᠵᠢᠨ ᠰᠦᠢ᠍ᠳᠬᠡᠯ᠂ ᠬᠥᠬᠡ ᠴᠢᠬᠢ ᠵᠢᠨ ᠲᠥᠯᠥᠪᠦᠷᠢ ᠵᠢᠨ ᠰᠦᠢ᠍ᠳᠬᠡᠯ᠂ ᠬᠥᠳᠡᠯᠮᠦᠷᠢ ᠦᠢ᠍ᠯᠡᠴᠢᠯᠡᠭᠡᠨ᠎ᠤ ᠰᠦᠢ᠍ᠳᠬᠡᠯ᠂ ᠲᠡᠦᠬᠡ ᠵᠢᠨ ᠳᠤᠷᠠᠰᠬᠠᠯᠲᠤ ᠵᠦᠢ᠍ᠯ᠎ᠤᠨ ᠦᠯᠢᠭᠡᠷ ᠬᠡᠪ᠎ᠢ ᠰᠢᠯᠭ᠋ᠠᠨ ᠰᠢᠯᠭ᠋ᠠᠵᠤ ᠬᠢᠨᠠᠨ ᠲᠣᠭᠲᠠᠭ᠋ᠠᠬᠤ ᠰᠦᠢ᠍ᠳᠬᠡᠯ᠂ ᠬᠠᠭᠤᠴᠢ ᠰᠤᠳᠤᠯᠤᠯ᠎ᠤᠨ ᠦᠯᠡᠳᠡᠭᠳᠡᠯ᠎ᠢ ᠲᠤᠬᠠᠢ ᠵᠢᠨ ᠲᠠᠯᠠᠪᠤᠷ᠎ᠠᠴᠠ ᠬᠠᠮᠠᠭ᠋ᠠᠯᠠᠬᠤ ᠰᠦᠢ᠍ᠳᠬᠡᠯ᠂ ᠮᠠᠯᠲᠠᠵᠤ ᠭᠠᠷᠭ᠋ᠠᠭᠰᠠᠨ (ᠤᠰᠤᠨ᠎ᠠᠴᠠ ᠭᠠᠷᠭ᠋ᠠᠭᠰᠠᠨ) ᠲᠡᠦᠬᠡ ᠵᠢᠨ ᠳᠤᠷᠠᠰᠬᠠᠯᠲᠤ ᠵᠦᠢ᠍ᠯ᠎ᠢ ᠬᠠᠮᠠᠭ᠋ᠠᠯᠠᠬᠤ ᠪᠠ ᠵᠠᠰᠠᠨ ᠰᠡᠷᠭᠦᠭᠡᠬᠦ ᠰᠦᠢ᠍ᠳᠬᠡᠯ ᠵᠢᠴᠢ ᠮᠠᠲ᠋ᠧᠷᠢᠶᠠᠯ᠎ᠢ ᠡᠮᠬᠢᠳᠬᠡᠬᠦ ᠪᠠ ᠮᠡᠳᠡᠭᠦᠯᠵᠦ ᠬᠡᠪᠯᠡᠭᠦᠯᠬᠦ ᠰᠦᠢ᠍ᠳᠬᠡᠯ ᠵᠡᠷᠭᠡ ᠪᠠᠭᠲᠠᠨ᠎ᠠ᠃
(ᠭᠤᠷᠪᠠ) ᠲᠡᠦᠬᠡ ᠵᠢᠨ ᠳᠤᠷᠠᠰᠬᠠᠯᠲᠤ ᠵᠦᠢ᠍ᠯ᠎ᠤᠨ ᠠᠶᠤᠯᠭᠦᠢ ᠵᠢᠨ ᠰᠡᠷᠭᠡᠢ᠌ᠯᠡᠯᠲᠡ᠂ ᠭᠠᠯ ᠰᠡᠷᠭᠡᠢ᠌ᠯᠡᠨ ᠤᠨᠲᠠᠷᠠᠭ᠋ᠠᠬᠤ ᠵᠢᠴᠢ ᠠᠶᠤᠩᠭ᠎ᠠ᠎ᠠᠴᠠ ᠰᠡᠷᠭᠡᠢ᠌ᠯᠡᠬᠦ ᠵᠡᠷᠭᠡ ᠬᠠᠮᠠᠭ᠋ᠠᠯᠠᠯᠲᠠ ᠵᠢᠨ ᠴᠢᠨᠠᠷᠲᠠᠢ ᠢᠨᠵᠧᠨᠧᠷᠢᠩ᠎ᠤᠨ ᠵᠠᠷᠤᠯᠭ᠎ᠠ᠃ ᠡᠭᠦᠨ᠎ᠳᠤ ᠭᠣᠣᠯᠳᠠᠭᠤ ᠲᠥᠯᠦᠪᠵᠢᠭᠦᠯᠭᠡ ᠵᠢᠴᠢ ᠲᠥᠰᠥᠯ᠎ᠢ ᠵᠢᠷᠤᠵᠤ ᠲᠥᠯᠥᠪᠯᠡᠬᠦ ᠰᠦᠢ᠍ᠳᠬᠡᠯ᠂ ᠠᠶᠤᠯ ᠲᠦᠭᠰᠢᠭᠦᠷᠢ ᠵᠢ ᠦᠨᠡᠯᠡᠨ ᠵᠢᠱ᠌ᠢᠬᠦ ᠰᠦᠢ᠍ᠳᠬᠡᠯ᠂ ᠮᠠᠲ᠋ᠧᠷᠢᠶᠠᠯ᠎ᠤᠨ ᠰᠦᠢ᠍ᠳᠬᠡᠯ᠂ ᠲᠥᠬᠦᠭᠡᠷᠦᠮᠵᠢ ᠵᠢᠨ ᠰᠦᠢ᠍ᠳᠬᠡᠯ᠂ ᠬᠥᠳᠡᠯᠮᠦᠷᠢ ᠦᠢ᠍ᠯᠡᠴᠢᠯᠡᠭᠡᠨ᠎ᠤ ᠰᠦᠢ᠍ᠳᠬᠡᠯ᠂ ᠪᠠᠷᠢᠯᠭ᠎ᠠ ᠵᠢᠨ ᠰᠦᠢ᠍ᠳᠬᠡᠯ᠂ ᠬᠢᠨᠠᠨ ᠬᠠᠮᠢᠶᠠᠷᠬᠤ ᠰᠦᠢ᠍ᠳᠬᠡᠯ᠂ ᠮᠠᠲ᠋ᠧᠷᠢᠶᠠᠯ᠎ᠢ ᠡᠮᠬᠢᠳᠬᠡᠬᠦ ᠪᠠ ᠮᠡᠳᠡᠭᠦᠯᠵᠦ ᠬᠡᠪᠯᠡᠭᠦᠯᠬᠦ ᠰᠦᠢ᠍ᠳᠬᠡᠯ ᠵᠡᠷᠭᠡ ᠪᠠᠭᠲᠠᠨ᠎ᠠ᠃
(ᠳᠥᠷᠪᠡ) ᠲᠡᠦᠬᠡ ᠵᠢᠨ ᠳᠤᠷᠠᠰᠬᠠᠯᠲᠤ ᠵᠦᠢ᠍ᠯ᠎ᠤᠨ ᠠᠶᠤᠯᠭᠦᠢ ᠵᠢᠨ ᠲᠣᠭᠣᠷᠢᠨ ᠬᠠᠮᠠᠭ᠋ᠠᠯᠠᠬᠤ ᠵᠠᠷᠤᠯᠭ᠎ᠠ᠃ ᠡᠭᠦᠨ᠎ᠳᠤ ᠭᠣᠣᠯᠳᠠᠭᠤ ᠲᠡᠦᠬᠡ ᠵᠢᠨ ᠳᠤᠷᠠᠰᠬᠠᠯᠲᠤ ᠵᠦᠢ᠍ᠯ᠎ᠤᠨ ᠠᠮᠤᠷ ᠲᠦᠪᠰᠢᠨ᠎ᠲᠠᠢ ᠬᠣᠯᠪᠣᠭᠳᠠᠬᠤ ᠲᠦᠯᠡᠰᠢ ᠰᠢᠲᠠᠭ᠋ᠠᠯᠭ᠎ᠠ ᠵᠢᠨ ᠬᠥᠳᠡᠯᠭᠡᠬᠦ ᠬᠦᠴᠦᠨ᠎ᠤ ᠵᠠᠷᠤᠳᠠᠯ᠂ ᠪᠠᠭ᠋ᠠᠵᠢ ᠬᠡᠷᠡᠭᠰᠡᠯ ᠲᠣᠨᠣᠭᠯᠠᠯ᠎ᠤᠨ ᠲᠣᠬᠢᠷᠠᠭᠤᠯᠤᠯᠲᠠ ᠵᠢᠨ ᠵᠠᠷᠤᠳᠠᠯ ᠵᠢᠴᠢ ᠬᠥᠳᠡᠯᠮᠦᠷᠢ ᠦᠢ᠍ᠯᠡᠴᠢᠯᠡᠭᠡᠨ᠎ᠤ ᠵᠠᠷᠤᠯᠭ᠎ᠠ ᠵᠡᠷᠭᠡ ᠪᠠᠭᠲᠠᠨ᠎ᠠ᠃
(ᠲᠠᠪᠤ) ᠲᠡᠦᠬᠡ ᠵᠢᠨ ᠳᠤᠷᠠᠰᠬᠠᠯᠲᠤ ᠵᠦᠢ᠍ᠯ᠎ᠤᠨ ᠲᠧᠭᠨᠢᠭ ᠮᠡᠷᠭᠡᠵᠢᠯ᠎ᠤᠨ ᠬᠠᠮᠠᠭ᠋ᠠᠯᠠᠯᠲᠠ ᠵᠢᠨ ᠵᠠᠷᠤᠯᠭ᠎ᠠ᠃ ᠡᠭᠦᠨ᠎ᠳᠤ ᠭᠣᠣᠯᠳᠠᠭᠤ ᠲᠥᠰᠥᠯ᠎ᠢ ᠵᠢᠷᠤᠵᠤ ᠲᠥᠯᠥᠪᠯᠡᠬᠦ ᠰᠦᠢ᠍ᠳᠬᠡᠯ᠂ ᠰᠢᠯᠭ᠋ᠠᠨ ᠪᠠᠢ᠌ᠴᠠᠭ᠋ᠠᠵᠤ ᠪᠣᠯᠪᠠᠰᠤᠷᠠᠭᠤᠯᠬᠤ ᠰᠦᠢ᠍ᠳᠬᠡᠯ᠂ ᠮᠠᠲ᠋ᠧᠷᠢᠶᠠᠯ᠎ᠤᠨ ᠰᠦᠢ᠍ᠳᠬᠡᠯ᠂ ᠲᠥᠬᠦᠭᠡᠷᠦᠮᠵᠢ ᠵᠢᠨ ᠰᠦᠢ᠍ᠳᠬᠡᠯ᠂ ᠬᠥᠳᠡᠯᠮᠦᠷᠢ ᠦᠢ᠍ᠯᠡᠴᠢᠯᠡᠭᠡᠨ᠎ᠤ ᠰᠦᠢ᠍ᠳᠬᠡᠯ᠂ ᠲᠤᠰᠬᠠᠢ ᠮᠡᠷᠭᠡᠵᠢᠯᠲᠡᠨ᠎ᠤ ᠵᠥᠪᠯᠡᠯᠭᠡ ᠥᠭᠬᠦ ᠰᠦᠢ᠍ᠳᠬᠡᠯ᠂ ᠮᠠᠲ᠋ᠧᠷᠢᠶᠠᠯ᠎ᠢ ᠡᠮᠬᠢᠳᠬᠡᠬᠦ ᠪᠠ ᠮᠡᠳᠡᠭᠦᠯᠦᠯᠲᠡ ᠬᠡᠪᠯᠡᠭᠦᠯᠬᠦ ᠰᠦᠢ᠍ᠳᠬᠡᠯ ᠵᠡᠷᠭᠡ ᠪᠠᠭᠲᠠᠨ᠎ᠠ᠃
(ᠵᠢᠷᠭᠤᠭ᠎ᠠ) ᠤᠷᠢᠳᠴᠢᠯᠠᠨ ᠰᠡᠷᠭᠡᠢ᠌ᠯᠡᠬᠦ ᠴᠢᠨᠠᠷᠲᠠᠢ ᠬᠠᠮᠠᠭ᠋ᠠᠯᠠᠯᠲᠠ ᠵᠢᠨ ᠵᠠᠷᠤᠯᠭ᠎ᠠ᠃ ᠡᠭᠦᠨ᠎ᠳᠤ ᠭᠣᠣᠯᠳᠠᠭᠤ ᠲᠥᠰᠥᠯ᠎ᠢ ᠵᠢᠷᠤᠵᠤ ᠲᠥᠯᠥᠪᠯᠡᠬᠦ ᠰᠦᠢ᠍ᠳᠬᠡᠯ᠂ ᠲᠥᠬᠦᠭᠡᠷᠦᠮᠵᠢ ᠵᠢᠨ ᠰᠦᠢ᠍ᠳᠬᠡᠯ᠂ ᠮᠠᠲ᠋ᠧᠷᠢᠶᠠᠯ᠎ᠤᠨ ᠰᠦᠢ᠍ᠳᠬᠡᠯ᠂ ᠦᠨᠡᠯᠡᠨ ᠵᠢᠱ᠌ᠢᠵᠦ ᠰᠢᠯᠭ᠋ᠠᠨ ᠬᠡᠮᠵᠢᠬᠦ ᠰᠦᠢ᠍ᠳᠬᠡᠯ᠂ ᠬᠥᠳᠡᠯᠮᠦᠷᠢ ᠦᠢ᠍ᠯᠡᠴᠢᠯᠡᠭᠡᠨ᠎ᠤ ᠰᠦᠢ᠍ᠳᠬᠡᠯ᠂ ᠲᠤᠰᠬᠠᠢ ᠮᠡᠷᠭᠡᠵᠢᠯᠲᠡᠨ᠎ᠤ ᠵᠥᠪᠯᠡᠯᠭᠡ ᠥᠭᠬᠦ ᠰᠦᠢ᠍ᠳᠬᠡᠯ᠂ ᠮᠠᠲ᠋ᠧᠷᠢᠶᠠᠯ᠎ᠢ ᠡᠮᠬᠢᠳᠬᠡᠬᠦ ᠪᠠ ᠮᠡᠳᠡᠭᠦᠯᠵᠦ ᠬᠡᠪᠯᠡᠭᠦᠯᠬᠦ ᠰᠦᠢ᠍ᠳᠬᠡᠯ ᠵᠡᠷᠭᠡ ᠪᠠᠭᠲᠠᠨ᠎ᠠ᠃
(ᠳᠣᠯᠣᠭ᠎ᠠ) ᠲᠣᠭ᠋ᠠᠴᠢᠯᠠᠭᠰᠠᠨ ᠬᠠᠮᠠᠭ᠋ᠠᠯᠠᠯᠲᠠ ᠵᠢᠨ ᠵᠠᠷᠤᠯᠭ᠎ᠠ᠃ ᠡᠭᠦᠨ᠎ᠳᠤ ᠭᠣᠣᠯᠳᠠᠭᠤ ᠬᠡᠭᠡᠷ᠎ᠡ ᠵᠢᠨ ᠪᠠᠢ᠌ᠴᠠᠭ᠋ᠠᠯᠲᠠ ᠬᠢᠵᠦ ᠬᠡᠮᠵᠢᠨ ᠵᠢᠷᠤᠬᠤ ᠰᠦᠢ᠍ᠳᠬᠡᠯ᠂ ᠲᠥᠰᠥᠯ᠎ᠢ ᠵᠢᠷᠤᠵᠤ ᠲᠥᠯᠥᠪᠯᠡᠬᠦ ᠰᠦᠢ᠍ᠳᠬᠡᠯ᠂ ᠲᠥᠬᠦᠭᠡᠷᠦᠮᠵᠢ ᠵᠢᠨ ᠰᠦᠢ᠍ᠳᠬᠡᠯ᠂ ᠮᠠᠲ᠋ᠧᠷᠢᠶᠠᠯ᠎ᠤᠨ ᠰᠦᠢ᠍ᠳᠬᠡᠯ᠂ ᠵᠥᠭᠡᠯᠡᠨ ᠬᠡᠷᠡᠭᠰᠡᠯ᠎ᠢ ᠨᠡᠭᠡᠭᠡᠨ ᠠᠰᠢᠭᠯᠠᠵᠤ ᠬᠤᠳᠠᠯᠳᠤᠨ ᠠᠪᠬᠤ ᠰᠦᠢ᠍ᠳᠬᠡᠯ᠂ ᠦᠨᠡᠯᠡᠨ ᠵᠢᠱ᠌ᠢᠵᠦ ᠰᠢᠯᠭ᠋ᠠᠨ ᠬᠡᠮᠵᠢᠬᠦ ᠰᠦᠢ᠍ᠳᠬᠡᠯ᠂ ᠬᠥᠳᠡᠯᠮᠦᠷᠢ ᠦᠢ᠍ᠯᠡᠴᠢᠯᠡᠭᠡᠨ᠎ᠤ ᠰᠦᠢ᠍ᠳᠬᠡᠯ᠂ ᠵᠥᠪᠯᠡᠯᠭᠡ ᠥᠭᠴᠦ ᠦᠨᠡᠯᠡᠨ ᠵᠢᠱ᠌ᠢᠬᠦ ᠰᠦᠢ᠍ᠳᠬᠡᠯ᠂ ᠮᠠᠲ᠋ᠧᠷᠢᠶᠠᠯ᠎ᠢ ᠡᠮᠬᠢᠳᠬᠡᠬᠦ ᠪᠠ ᠮᠡᠳᠡᠭᠦᠯᠵᠦ ᠬᠡᠪᠯᠡᠭᠦᠯᠬᠦ ᠰᠦᠢ᠍ᠳᠬᠡᠯ ᠵᠡᠷᠭᠡ ᠪᠠᠭᠲᠠᠨ᠎ᠠ᠃
(ᠨᠠᠢ᠍ᠮᠠ) ᠲᠡᠦᠬᠡ ᠵᠢᠨ ᠳᠤᠷᠠᠰᠬᠠᠯᠲᠤ ᠵᠦᠢ᠍ᠯ᠎ᠢ ᠳᠡᠯᠭᠡᠨ ᠦᠵᠡᠭᠦᠯᠬᠦ ᠵᠠᠷᠤᠯᠭ᠎ᠠ᠃ ᠡᠭᠦᠨ᠎ᠳᠤ ᠭᠣᠣᠯᠳᠠᠭᠤ ᠲᠥᠰᠥᠯ᠎ᠢ ᠵᠢᠷᠤᠵᠤ ᠲᠥᠯᠥᠪᠯᠡᠬᠦ ᠰᠦᠢ᠍ᠳᠬᠡᠯ᠂ ᠮᠠᠲ᠋ᠧᠷᠢᠶᠠᠯ᠎ᠤᠨ ᠰᠦᠢ᠍ᠳᠬᠡᠯ᠂ ᠲᠥᠬᠦᠭᠡᠷᠦᠮᠵᠢ ᠵᠢᠨ ᠰᠦᠢ᠍ᠳᠬᠡᠯ᠂ ᠬᠥᠳᠡᠯᠮᠦᠷᠢ ᠦᠢ᠍ᠯᠡᠴᠢᠯᠡᠭᠡᠨ᠎ᠤ ᠰᠦᠢ᠍ᠳᠬᠡᠯ᠂ ᠪᠠᠷᠢᠯᠭ᠎ᠠ ᠵᠢᠨ ᠰᠦᠢ᠍ᠳᠬᠡᠯ᠂ ᠬᠢᠨᠠᠨ ᠬᠠᠮᠢᠶᠠᠷᠬᠤ ᠰᠦᠢ᠍ᠳᠬᠡᠯ᠂ ᠵᠥᠪᠯᠡᠯᠭᠡ ᠥᠭᠴᠦ ᠦᠨᠡᠯᠡᠨ ᠵᠢᠱ᠌ᠢᠬᠦ ᠰᠦᠢ᠍ᠳᠬᠡᠯ᠂ ᠮᠠᠲ᠋ᠧᠷᠢᠶᠠᠯ᠎ᠢ ᠡᠮᠬᠢᠳᠬᠡᠬᠦ ᠪᠠ ᠮᠡᠳᠡᠭᠦᠯᠵᠦ ᠬᠡᠪᠯᠡᠭᠦᠯᠬᠦ ᠰᠦᠢ᠍ᠳᠬᠡᠯ ᠵᠡᠷᠭᠡ ᠪᠠᠭᠲᠠᠨ᠎ᠠ᠃
(ᠶᠢᠰᠦ) ᠲᠡᠦᠬᠡ ᠵᠢᠨ ᠳᠤᠷᠠᠰᠬᠠᠯᠲᠤ ᠵᠦᠢ᠍ᠯ᠎ᠢ ᠬᠠᠮᠠᠭ᠋ᠠᠯᠠᠬᠤ ᠬᠠᠮᠢᠶᠠᠷᠤᠯᠲᠠ ᠵᠢᠨ ᠰᠢᠰᠲ᠋ᠧᠮ᠎ᠤᠨ ᠪᠠᠢ᠌ᠭᠤᠯᠤᠯᠲᠠ ᠵᠢᠨ ᠵᠠᠷᠤᠯᠭ᠎ᠠ᠃ ᠡᠭᠦᠨ᠎ᠳᠤ ᠭᠣᠣᠯᠳᠠᠭᠤ ᠲᠥᠯᠦᠪᠵᠢᠭᠦᠯᠭᠡ ᠵᠢᠴᠢ ᠲᠥᠰᠥᠯ᠎ᠤᠨ ᠵᠢᠷᠤᠭ ᠲᠥᠯᠥᠪᠯᠡᠭᠡ ᠵᠢᠨ ᠵᠠᠷᠤᠳᠠᠯ᠂ ᠳᠡᠯᠭᠡᠨ ᠦᠵᠡᠭᠦᠯᠬᠦ ᠲᠠᠨᠢᠯᠴᠠᠭᠤᠯᠭ᠎ᠠ᠂ ᠤᠬᠠᠭᠤᠯᠭ᠎ᠠ ᠬᠡᠪᠯᠡᠯ᠂ ᠰᠣᠯᠢᠯᠴᠠᠭ᠎ᠠ ᠬᠠᠮᠲᠤᠷᠠᠯᠴᠠᠭ᠎ᠠ᠂ ᠳ᠋ᠠᠢ᠌ᠲ᠋ᠠ ᠬᠥᠮᠥᠷᠭᠡ ᠵᠢᠨ ᠪᠠᠢ᠌ᠭᠤᠯᠤᠯᠲᠠ᠂ ᠲᠤᠰᠬᠠᠢ ᠲᠥᠬᠦᠭᠡᠷᠦᠮᠵᠢ ᠬᠤᠳᠠᠯᠳᠤᠨ ᠠᠪᠬᠤ᠂ ᠲᠥᠷᠥᠯ ᠵᠦᠢ᠍ᠯ᠎ᠢ ᠬᠢᠨᠠᠨ ᠲᠣᠭᠲᠠᠭ᠋ᠠᠬᠤ᠂ ᠬᠢᠨᠠᠯᠲᠠ ᠲᠠᠯᠪᠢᠵᠤ ᠪᠠᠢ᠌ᠴᠠᠭ᠋ᠠᠬᠤ᠂ ᠠᠵᠢᠯ᠎ᠤᠨ ᠠᠮᠵᠢᠯᠲᠠ ᠪᠦᠲᠦᠮᠵᠢ ᠵᠢ ᠦᠨᠡᠯᠡᠬᠦ᠂ ᠪᠠᠢ᠌ᠴᠠᠭ᠋ᠠᠨ ᠰᠤᠳᠤᠯᠤᠯᠲᠠ ᠵᠢᠨ ᠵᠠᠷᠤᠳᠠᠯ ᠵᠡᠷᠭᠡ ᠪᠠᠭᠲᠠᠨ᠎ᠠ᠃