ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠰᠤᠷᠠᠭ ᠵᠠᠩᠬᠢ
ᠬᠡᠷᠡᠭᠯᠡᠭᠡ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠢᠨ ᠮᠡᠳᠡᠭᠡ   -   ᠰᠣᠨᠢᠨ ᠮᠡᠳᠡᠭᠡ
ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠰᠣᠶᠣᠯ ᠪᠠ ᠵᠢᠭᠤᠯᠴᠢᠯᠠᠯ᠎ᠤᠨ ᠠᠵᠢᠯ ᠲᠥᠷᠥᠯ᠎ᠤᠨ ᠠᠶᠤᠯ ᠦᠭᠡᠢ ᠦᠢ᠍ᠯᠡᠳᠪᠦᠷᠢᠯᠡᠯ ᠪᠠ ᠠᠮᠠᠷᠠᠯᠲᠠ ᠵᠢᠨ ᠡᠳᠦᠷ᠎ᠤᠨ ᠵᠠᠬ᠎ᠠ ᠳᠡᠯᠭᠡᠭᠦᠷ᠎ᠤᠨ ᠠᠵᠢᠯ᠎ᠤᠨ ᠸᠢᠳᠢᠣ᠋ ᠬᠤᠷᠠᠯ ᠬᠤᠷᠠᠯᠳᠤᠪᠠ
ᠨᠡᠶᠢᠲᠡᠯᠡᠭᠰᠡᠨ ᠴᠠᠭ᠄ 2025-05-08

     4 ᠳ᠋ᠤᠭᠡᠷ ᠰᠠᠷ᠎ᠠ ᠵᠢᠨ 29᠎ᠤ ᠡᠳᠦᠷ᠂ ᠥᠪᠡᠷᠲᠡᠭᠡᠨ ᠵᠠᠰᠠᠬᠤ ᠣᠷᠣᠨ᠎ᠤ ᠰᠣᠶᠣᠯ ᠪᠠ ᠵᠢᠭᠤᠯᠴᠢᠯᠠᠯ᠎ᠤᠨ ᠲᠢᠩᠬᠢᠮ ᠪᠦᠬᠦ ᠣᠷᠣᠨ᠎ᠤ ᠰᠣᠶᠣᠯ ᠪᠠ ᠵᠢᠭᠤᠯᠴᠢᠯᠠᠯ᠎ᠤᠨ ᠠᠵᠢᠯ ᠲᠥᠷᠥᠯ᠎ᠤᠨ ᠠᠶᠤᠯ ᠦᠭᠡᠶ ᠦᠢ᠍ᠯᠡᠳᠪᠦᠷᠢᠯᠡᠯ ᠪᠠ ᠠᠮᠠᠷᠠᠯᠲᠠ ᠵᠢᠨ ᠡᠳᠦᠷ᠎ᠤᠨ ᠵᠠᠬ᠎ᠠ ᠳᠡᠯᠭᠡᠭᠦᠷ᠎ᠤᠨ ᠠᠵᠢᠯ᠎ᠤᠨ ᠸᠢᠳᠢᠣ᠋ ᠬᠤᠷᠠᠯ᠎ᠢ ᠵᠣᠬᠢᠶᠠᠨ ᠪᠠᠢ᠌ᠭᠤᠯᠵᠤ ᠬᠤᠷᠠᠯᠳᠤᠭᠤᠯᠵᠤ᠂ ᠰᠢ ᠵᠢᠨ ᠫᠢᠩ ᠶᠡᠷᠦᠩᠬᠡᠶ ᠱᠦᠵᠢ ᠵᠢᠨ ᠠᠶᠤᠯ ᠦᠭᠡᠢ ᠦᠢ᠍ᠯᠡᠳᠪᠦᠷᠢᠯᠡᠯ᠎ᠤᠨ ᠲᠤᠬᠠᠶ ᠴᠢᠬᠤᠯᠠ ᠥᠭᠦᠯᠡᠯᠲᠡ ᠪᠠ ᠴᠢᠬᠤᠯᠠ ᠵᠢᠭ᠋ᠠᠪᠤᠷᠢ ᠴᠣᠬᠣᠯᠠᠪᠤᠷᠢ ᠵᠢᠨ ᠵᠣᠷᠢᠭ ᠰᠠᠨᠠᠭ᠎ᠠ ᠵᠢ ᠰᠤᠷᠤᠯᠴᠠᠨ ᠲᠤᠭᠤᠰᠢᠯᠠᠭᠤᠯᠵᠤ᠂ ᠪᠥᠬᠥ ᠤᠯᠤᠰ᠎ᠤᠨ ᠰᠣᠶᠣᠯ ᠪᠠ ᠵᠢᠭᠤᠯᠴᠢᠯᠠᠯ᠎ᠤᠨ ᠠᠶᠤᠯ ᠥᠬᠡᠶ   ᠦᠢ᠍ᠯᠡᠳᠪᠦᠷᠢᠯᠡᠯ ᠪᠠ ᠠᠮᠠᠷᠠᠯᠲᠠ ᠵᠢᠨ ᠡᠳᠦᠷ᠎ᠤᠨ ᠵᠠᠬ᠎ᠠ ᠳᠡᠯᠭᠡᠭᠦᠷ᠎ᠤᠨ ᠠᠵᠢᠯ᠎ᠤᠨ ᠸᠢᠳᠢᠤ᠋ ᠬᠤᠷᠠᠯ᠎ᠤᠨ ᠵᠣᠷᠢᠭ ᠰᠠᠨᠠᠭ᠎ᠠ ᠪᠠ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶ᠎ᠠ᠂ ᠵᠠᠰᠠᠭ᠎ᠤᠨ ᠣᠷᠳᠣᠨ᠎ᠤ ᠬᠣᠯᠪᠣᠭᠳᠠᠯ ᠪᠥᠬᠥᠶ ᠠᠶᠤᠯ ᠥᠬᠡᠶ   ᠦᠢ᠍ᠯᠡᠳᠪᠦᠷᠢᠯᠡᠯ᠎ᠤᠨ ᠠᠵᠢᠯ᠎ᠤᠨ ᠰᠢᠢ᠍ᠳᠪᠦᠷᠢᠲᠦ ᠪᠣᠳᠣᠯᠭ᠎ᠠ ᠵᠢᠨ ᠪᠠᠶ᠋ᠢᠷᠢᠯᠠᠭᠤᠯᠤᠯᠲᠠ ᠵᠢ ᠲᠤᠭᠤᠰᠢᠯᠠᠭᠤᠯᠤᠨ ᠨᠠᠶ᠋ᠢᠳᠠᠪᠤᠷᠢᠵᠢᠭᠤᠯᠵᠤ᠂ 《5.1》᠎ᠤ ᠠᠮᠠᠷᠠᠯᠲᠠ ᠵᠡᠷᠭᠡ ᠭᠣᠤᠯᠳᠠᠯᠭ᠎ᠠ᠎ᠲᠠᠢ ᠴᠠᠭ ᠬᠤᠭᠤᠴᠠᠭ᠋ᠠᠨ᠎ᠳᠤ᠎ᠬᠢ ᠪᠥᠬᠥ ᠣᠷᠣᠨ᠎ᠤ ᠰᠣᠶᠣᠯ ᠪᠠ ᠵᠢᠭᠤᠯᠴᠢᠯᠠᠯ᠎ᠤᠨ ᠠᠵᠢᠯ ᠲᠥᠷᠥᠯ᠎ᠤᠨ ᠠᠶᠤᠯ ᠥᠬᠡᠶ ᠦᠢ᠍ᠯᠡᠳᠪᠦᠷᠢᠯᠡᠯ᠂ ᠠᠮᠠᠷᠠᠯᠲᠠ ᠵᠢᠨ ᠡᠳᠦᠷ᠎ᠤᠨ ᠵᠠᠬ᠎ᠠ ᠳᠡᠯᠭᠡᠭᠦᠷ ᠵᠡᠷᠭᠡ ᠠᠵᠢᠯ᠎ᠢ ᠳᠣᠭᠢᠷᠠᠭᠤᠯᠤᠨ ᠪᠠᠢ᠌ᠷᠢᠯᠠᠭᠤᠯᠪᠠ᠃ ᠥᠪᠡᠷᠲᠡᠭᠡᠨ ᠵᠠᠰᠠᠬᠤ ᠣᠷᠣᠨ᠎ᠤ ᠰᠣᠶᠣᠯ ᠪᠠ ᠵᠢᠭᠤᠯᠴᠢᠯᠠᠯ᠎ᠤᠨ ᠲᠢᠩᠬᠢᠮ᠎ᠤᠨ ᠨᠠᠮ᠎ᠤᠨ ᠤᠳᠤᠷᠢᠳᠬᠤ ᠳᠤᠭᠤᠶ᠋ᠢᠯᠠᠩ᠎ᠤᠨ ᠱᠦᠵᠢ ᠵᠠᠩ ᠷᠦᠢ ᠬᠤᠷᠠᠯ᠎ᠢ ᠡᠷᠬᠢᠯᠡᠬᠦ ᠵᠢᠨ ᠬᠠᠮᠲᠤ ᠶᠠᠷᠢᠶ᠎ᠠ ᠳᠠᠯᠪᠢᠪᠠ᠃
      ᠬᠡᠷ᠎ᠲᠤ᠎ᠪᠠᠨ ᠪᠠᠢ᠌ᠬᠤ ᠲᠢᠩᠬᠢᠮ᠎ᠤᠨ ᠤᠳᠤᠷᠢᠳᠤᠯᠭ᠎ᠠ ᠬᠤᠷᠠᠯ᠎ᠳᠤ ᠣᠷᠣᠯᠴᠠᠭᠰᠠᠨ ᠪᠥᠭᠡᠳ ᠬᠣᠯᠪᠣᠭᠳᠠᠯ ᠪᠥᠬᠥᠶ ᠠᠵᠢᠯ᠎ᠢ ᠳᠣᠭᠢᠷᠠᠭᠤᠯᠤᠨ ᠪᠠᠶ᠋ᠢᠷᠢᠯᠠᠭᠤᠯᠪᠠ᠃ ᠥᠪᠡᠷᠲᠡᠭᠡᠨ ᠵᠠᠰᠠᠬᠤ ᠣᠷᠣᠨ᠎ᠤ ᠲᠡᠤᠬᠡ ᠵᠢᠨ ᠳᠤᠷᠠᠰᠬᠠᠯᠲᠤ ᠵᠦᠢ᠍ᠯᠡᠰ᠎ᠤᠨ   ᠲᠤᠪᠴᠢᠶᠠᠨ ᠎ᠤ ᠳᠡᠳ᠋ ᠳᠠᠷᠤᠭ᠎ᠠ ᠪᠣᠯᠤᠨ ᠲᠢᠩᠬᠢᠮ᠎ᠤᠨ ᠪᠠᠶ᠋ᠢᠭᠤᠯᠭ᠎ᠠ᠂ ᠲᠡᠤᠬᠡ ᠵᠢᠨ ᠳᠤᠷᠠᠰᠬᠠᠯᠲᠤ ᠵᠦᠢ᠍ᠯᠡᠰ᠎ᠤᠨ ᠲᠤᠪᠴᠢᠶᠠᠨ᠎ᠤ ᠡᠯ᠎ᠡ ᠭᠠᠵᠠᠷ ᠬᠡᠷ᠂ ᠡᠯ᠎ᠡ ᠰᠢᠭᠤᠳ ᠬᠠᠷᠢᠶ᠎ᠠ ᠨᠢᠭᠡᠴᠢ ᠵᠢᠨ ᠭᠣᠤᠯ ᠬᠠᠷᠢᠭᠤᠴᠠᠯᠭ᠋ᠠᠲᠠᠨ ᠨᠥᠬᠥᠳ ᠭᠣᠤᠯ ᠬᠤᠷᠠᠯ᠎ᠤᠨ ᠲᠠᠯᠠᠪᠠᠶ᠎ᠳᠤ ᠬᠤᠷᠠᠯ᠎ᠳᠤ ᠣᠷᠣᠯᠴᠠᠵᠤ᠂ ᠡᠯ᠎ᠡ ᠠᠶ᠋ᠢᠮᠠᠭ ᠬᠣᠲᠠ ᠪᠣᠯᠤᠨ ᠮᠠᠨᠵᠦᠦᠷ ᠬᠣᠲᠠ᠂ ᠡᠷᠢᠶᠡᠨ ᠬᠣᠲᠠ ᠵᠢᠨ ᠰᠣᠶᠣᠯ ᠵᠢᠭᠤᠯᠴᠢᠯᠠᠯ᠎ᠤᠨ ᠵᠠᠰᠠᠭ ᠵᠠᠬᠢᠷᠭ᠋ᠠᠨ᠎ᠤ ᠰᠠᠯᠠᠭ᠎ᠠ ᠮᠥᠴᠢᠷ᠎ᠤᠨ ᠬᠠᠷᠢᠭᠤᠴᠠᠯᠭ᠋ᠠᠲᠠᠨ ᠨᠥᠬᠥᠳ ᠬᠤᠪᠢᠶᠠᠷᠢ ᠬᠤᠷᠠᠯ᠎ᠤᠨ ᠲᠠᠯᠠᠪᠠᠶ᠎ᠳᠤ ᠬᠤᠷᠠᠯ᠎ᠳᠤ ᠣᠷᠣᠯᠴᠠᠪᠠ᠃

ᠢᠷᠡᠯᠲᠡ᠄ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠰᠣᠶᠣᠯ ᠪᠠ ᠵᠢᠭᠤᠯᠴᠢᠯᠠᠯ᠎ᠤᠨ ᠲᠢᠩᠬᠢᠮ
          
ᠬᠠᠮᠢᠶ᠎ᠡ ᠪᠦᠬᠦᠢ ᠰᠣᠨᠢᠨ
 
            