ᠣᠢ᠌ᠷ᠎ᠠ᠎ᠳᠤ ᠲᠥᠪ᠎ᠤᠨ ᠤᠬᠠᠭᠤᠯᠬᠤ ᠬᠡᠯᠲᠡᠰ᠂ ᠰᠣᠶᠣᠯ ᠪᠠ ᠵᠢᠭᠤᠯᠴᠢᠯᠠᠯ᠎ᠤᠨ ᠶᠠᠮᠤᠨ᠂ ᠤᠯᠤᠰ᠎ᠤᠨ ᠷᠠᠳᠢᠤ᠋ ᠲᠸᠯᠸᠢᠰ᠎ᠤᠨ ᠶᠡᠷᠦᠩᠬᠡᠶ ᠲᠣᠪᠴᠢᠶ᠎ᠠ ᠶᠢᠰᠦᠳᠦᠭᠡᠷ ᠬᠤᠭᠤᠴᠠᠭ᠋ᠠᠨ᠎ᠤ ᠪᠦᠬᠦ ᠤᠯᠤᠰ᠎ᠤᠨ ᠲᠠᠷᠢᠶᠠᠴᠢᠳ᠎ᠲᠤ ᠦᠢᠯᠡᠴᠢᠯᠡᠬᠦ᠂ ᠦᠨᠳᠦᠰᠦᠨ ᠱᠠᠲᠤᠨ᠎ᠤ ᠰᠣᠶᠣᠯ᠎ᠤᠨ ᠪᠠᠢ᠌ᠭᠤᠯᠤᠯᠲᠠ᠎ᠳᠤ ᠦᠢᠯᠡᠴᠢᠯᠡᠬᠦ ᠲᠡᠷᠢᠭᠦᠨ᠎ᠤ ᠬᠠᠮᠲᠤ ᠨᠢᠭᠡᠴᠢ ᠵᠢᠨ᠎ᠬᠢᠨ᠎ᠢ ᠨᠡᠢ᠌ᠲᠡᠯᠡᠵᠦ᠂ 346 ᠨᠢᠭᠡᠴᠢ ᠶᠢᠰᠦᠳᠦᠭᠡᠷ ᠬᠤᠭᠤᠴᠠᠭ᠋ᠠᠨ᠎ᠤ ᠪᠦᠬᠦ ᠤᠯᠤᠰ᠎ᠤᠨ ᠲᠠᠷᠢᠶᠠᠴᠢᠳ᠎ᠲᠤ ᠦᠢᠯᠡᠴᠢᠯᠡᠬᠦ᠂ ᠦᠨᠳᠦᠰᠦᠨ ᠱᠠᠲᠤᠨ᠎ᠤ ᠰᠣᠶᠣᠯ᠎ᠤᠨ ᠪᠠᠢ᠌ᠭᠤᠯᠤᠯᠲᠠ᠎ᠳᠤ ᠦᠢᠯᠡᠴᠢᠯᠡᠬᠦ ᠲᠡᠷᠢᠭᠦᠨ᠎ᠤ ᠬᠠᠮᠲᠤ ᠨᠢᠭᠡᠴᠢ ᠵᠢᠨ ᠢᠷᠠᠭᠤ ᠠᠯᠳᠠᠷ᠎ᠢ ᠬᠦᠷᠲᠡᠵᠡᠶ᠃ ᠡᠭᠦᠨ᠎ᠳᠤ᠂ ᠰᠢᠯᠢ ᠵᠢᠨ ᠭᠣᠤᠯ ᠠᠢ᠌ᠮᠠᠭ᠎ᠤᠨ ᠠᠪᠠᠭ᠎ᠠ ᠬᠣᠰᠢᠭᠤᠨ᠎ᠤ ᠤᠯᠠᠭ᠋ᠠᠨᠮᠥ᠋ᠴᠢᠷ 《ᠦᠨᠳᠦᠰᠦᠨ ᠱᠠᠲᠤᠨ᠎ᠤ ᠤᠳᠬ᠎ᠠ ᠤᠷᠠᠯᠢᠭ᠎ᠤᠨ ᠬᠦᠷᠢᠶᠡᠯᠡᠩ ᠪᠦᠯᠬᠦᠮ᠎ᠤᠨ ᠲᠡᠷᠢᠭᠦᠨ᠎ᠤ ᠬᠠᠮᠲᠤ ᠨᠢᠭᠡᠴᠢ》 ᠵᠢᠨ ᠢᠷᠠᠭᠤ ᠠᠯᠳᠠᠷ᠎ᠢ ᠭᠥᠷᠳᠡᠪᠡ᠃
ᠠᠪᠠᠭ᠎ᠠ ᠬᠣᠰᠢᠭᠤᠨ᠎ᠤ ᠤᠯᠠᠭ᠋ᠠᠨᠮᠥ᠋ᠴᠢᠷ ᠤᠯᠠᠭ᠋ᠠᠨᠮᠥ᠋ᠴᠢᠷ᠎ᠤᠨ ᠰᠢᠯᠢᠳᠡᠭ ᠤᠯᠠᠮᠵᠢᠯᠠᠯ᠎ᠢ ᠪᠠᠳᠠᠷᠠᠭᠤᠯᠵᠤ᠂ ᠨᠠᠮ᠎ᠤᠨ ᠰᠣᠶᠣᠯ᠎ᠤᠨ ᠱᠤᠭᠤᠮ᠎ᠢ ᠵᠢᠷᠤᠮᠯᠠᠨ᠂ 《ᠤᠳᠬ᠎ᠠ ᠤᠷᠠᠯᠢᠭ ᠠᠷᠠᠳ ᠲᠦᠮᠡᠨ᠎ᠳᠤ ᠦᠢᠯᠡᠴᠢᠯᠡᠬᠦ᠂ ᠨᠡᠢ᠌ᠭᠡᠮ ᠵᠢᠷᠤᠮᠳᠤ ᠦᠢᠯᠡᠴᠢᠯᠡᠬᠦ》 ᠵᠢ ᠢᠮᠠᠭᠲᠠ ᠪᠠᠷᠢᠮᠲᠠᠯᠠᠵᠤ᠂ ᠣᠷᠳᠣ ᠬᠤᠭᠤᠴᠠᠭ᠎ᠠ᠎ᠪᠠᠷ ᠲᠠᠯ᠎ᠠ ᠨᠤᠲᠤᠭ ᠵᠶ᠋ᠠᠷ ᠠᠶᠠᠯᠠᠵᠤ᠂ ᠥᠷᠭᠡᠨ ᠣᠯᠠᠨ ᠮᠠᠯᠴᠢᠳ᠎ᠲᠤ ᠪᠠᠶᠠᠷ ᠪᠠᠶᠠᠰᠤᠯ ᠪᠠ ᠪᠣᠯᠪᠠᠰᠤᠨ᠎ᠢ ᠬᠦᠷᠭᠡᠭᠰᠡᠨ ᠵᠶ᠋ᠡᠷ ᠪᠠᠷᠠᠬᠤ ᠥᠬᠡᠶ ᠪᠠᠰᠠ ᠨᠡᠢ᠌ᠭᠡᠮ ᠳᠠᠶᠠᠭ᠋ᠠᠷ᠎ᠲᠤ ᠤᠯᠠᠭ᠋ᠠᠨᠮᠥ᠋ᠴᠢᠷ᠎ᠤᠨ ᠵᠣᠷᠢᠭ ᠰᠠᠨᠠᠭ᠎ᠠ ᠵᠢ ᠶᠡᠬᠡ᠎ᠪᠠᠷ ᠪᠠᠳᠠᠷᠠᠭᠤᠯᠵᠤ᠂ ᠣᠯᠠᠨ ᠲᠦᠮᠡᠨ᠎ᠢ ᠬᠥᠲᠥᠯᠥᠨ ᠵᠢᠯᠣᠭᠣᠳᠴᠤ᠂ ᠣᠯᠠᠨ ᠲᠦᠮᠡᠨ᠎ᠳᠤ ᠦᠢᠯᠡᠴᠢᠯᠡᠵᠦ᠂ ᠦᠨᠳᠦᠰᠦᠨ ᠱᠠᠲᠤᠨ᠎ᠤ ᠣᠯᠠᠨ ᠲᠦᠮᠡᠨ᠎ᠤ ᠣᠶᠤᠨ᠎ᠤ ᠰᠣᠶᠣᠯ᠎ᠤᠨ ᠠᠮᠢᠳᠤᠷᠠᠯ᠎ᠢ ᠪᠠᠶᠠᠯᠢᠭᠵᠢᠭᠤᠯᠵᠤ᠂ ᠰᠢᠨ᠎ᠡ ᠴᠠᠭ ᠦᠶ᠎ᠡ ᠵᠢᠨ ᠤᠯᠠᠭ᠋ᠠᠨᠮᠥ᠋ᠴᠢᠷ᠎ᠤᠨ ᠦᠢᠯᠡᠰ᠎ᠢ ᠴᠡᠴᠡᠭᠯᠡᠭᠦᠯᠦᠨ ᠬᠥᠭᠵᠢᠭᠦᠯᠪᠡ᠃
ᠡᠭᠦᠨ᠎ᠤ ᠬᠠᠮᠲᠤ᠂ ᠠᠪᠠᠭ᠎ᠠ ᠬᠣᠰᠢᠭᠤᠨ᠎ᠤ ᠤᠯᠠᠭ᠋ᠠᠨᠮᠥ᠋ᠴᠢᠷ ᠤᠳᠬ᠎ᠠ ᠤᠷᠠᠯᠢᠭ᠎ᠤᠨ ᠰᠢᠨ᠎ᠡ ᠵᠢ ᠡᠭᠦᠳᠬᠦ ᠵᠢ ᠢᠳᠡᠪᠬᠢᠲᠡᠶ ᠠᠬᠢᠭᠤᠯᠵᠤ᠂ ᠣᠯᠠᠨ ᠲᠦᠮᠡᠨ᠎ᠲᠠᠢ ᠣᠢ᠌ᠷᠠᠲᠤᠭᠰᠠᠨ᠂ ᠣᠯᠠᠨ ᠲᠦᠮᠡᠨ᠎ᠤ ᠳᠤᠮᠳᠠ ᠳᠡᠯᠭᠡᠷᠡᠵᠦ ᠲᠠᠭ᠋ᠠᠰᠢᠶᠠᠭᠳᠠᠭᠰᠠᠨ ᠰᠢᠯᠢᠳᠡᠭ ᠪᠦᠲᠦᠭᠡᠯ᠎ᠢ ᠨᠠᠩ ᠣᠯᠠᠨ ᠵᠣᠬᠢᠶᠠᠨ ᠪᠦᠲᠦᠭᠡᠬᠦ᠎ᠪᠠᠷ ᠴᠢᠷᠮᠠᠢ᠌ᠵᠤ ᠪᠠᠢ᠌ᠨ᠎ᠠ᠃ ᠢᠯᠠᠩᠭᠤᠶ᠎ᠠ ᠰᠢᠨ᠎ᠡ᠎ᠪᠠᠷ ᠵᠣᠬᠢᠶᠠᠨ ᠪᠦᠲᠦᠭᠡᠵᠦ ᠲᠣᠭᠯᠠᠭᠰᠠᠨ ᠳᠠᠭᠤᠤ ᠬᠥᠭᠵᠢᠮᠲᠦ ᠵᠦᠴᠦᠭᠡ 《ᠲᠠᠯ᠎ᠠ ᠨᠤᠲᠤᠭ᠎ᠤᠨ ᠬᠥᠪᠡᠭᠦᠨ — ᠲᠢᠩ ᠪᠠᠭ᠋ᠠᠲᠤᠷ》᠎ᠨᠢ ᠥᠷᠭᠡᠨ ᠤᠯᠠᠨ ᠲᠦᠮᠡᠨ᠎ᠤ ᠳᠤᠷ᠎ᠠ ᠪᠠᠬ᠎ᠠ ᠪᠠ ᠰᠠᠢ᠍ᠢ᠍ᠨ ᠦᠨᠡᠯᠡᠯᠲᠡ ᠵᠢ ᠣᠯᠤᠭᠰᠠᠨ ᠪᠠᠢ᠌ᠨ᠎ᠠ᠃