ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠰᠤᠷᠠᠭ ᠵᠠᠩᠬᠢ
ᠬᠡᠷᠡᠭᠯᠡᠭᠡ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠢᠨ ᠮᠡᠳᠡᠭᠡ   -   ᠠᠶ᠋ᠢᠮᠠᠭ ᠬᠤᠲᠠ᠎ᠶᠢᠨ ᠰᠣᠨᠣᠰᠬᠠᠯ
ᠰᠢᠯᠢ ᠵᠢᠨ ᠭᠣᠤᠯ ᠠᠢ᠌ᠮᠠᠭ᠎ᠤᠨ ᠨᠢᠭᠡᠨ ᠵᠠᠮ 《ᠬᠥᠳᠡᠭᠡ ᠲᠣᠰᠬᠣᠨ᠎ᠤ ᠳᠥᠷᠪᠡᠨ ᠴᠠᠭ᠎ᠤᠨ ᠰᠠᠢ᠌ᠨ ᠰᠠᠢ᠌ᠬᠠᠨ ᠥᠩᠭᠡ ᠦᠵᠡᠮᠵᠢ — ᠬᠠᠪᠤᠷ ᠲᠦᠯᠵᠢᠵᠦ ᠵᠣᠨ ᠪᠣᠢ᠌ᠵᠢᠬᠤ ᠲᠦᠮᠡᠨ ᠪᠣᠳᠠᠰ ᠭᠡᠭᠡᠨᠴᠢᠷ》 ᠪᠥᠬᠥ ᠤᠯᠤᠰ᠎ᠤᠨ ᠬᠥᠳᠡᠭᠡ ᠲᠣᠰᠬᠣᠨ᠎ᠤ ᠵᠢᠭᠤᠯᠴᠢᠯᠠᠯ᠎ᠤᠨ ᠰᠣᠳᠣᠨ ᠱᠤᠭᠤᠮ᠎ᠳᠤ ᠰᠣᠩᠭᠣᠭᠳᠠᠪᠠ
ᠨᠡᠶᠢᠲᠡᠯᠡᠭᠰᠡᠨ ᠴᠠᠭ᠄ 2022-05-09

      ᠣᠢ᠌ᠷ᠎ᠠ᠎ᠳᠤ᠂ ᠰᠣᠶᠣᠯ ᠵᠢᠭᠤᠯᠴᠢᠯᠠᠯ᠎ᠤᠨ ᠶᠠᠮᠤᠨ 《ᠬᠥᠳᠡᠭᠡ ᠲᠣᠰᠬᠣᠨ᠎ᠤ ᠳᠥᠷᠪᠡᠨ ᠴᠠᠭ᠎ᠤᠨ ᠰᠠᠢ᠌ᠨ ᠰᠠᠢ᠌ᠬᠠᠨ ᠥᠩᠭᠡ ᠦᠵᠡᠮᠵᠢ —— ᠬᠠᠪᠤᠷ ᠲᠦᠯᠵᠢᠵᠦ ᠵᠣᠨ ᠪᠣᠢ᠌ᠵᠢᠬᠤ ᠲᠦᠮᠡᠨ ᠪᠣᠳᠠᠰ ᠭᠡᠭᠡᠨᠴᠢᠷ》 ᠪᠥᠬᠥ ᠤᠯᠤᠰ᠎ᠤᠨ ᠬᠥᠳᠡᠭᠡ ᠲᠣᠰᠬᠣᠨ᠎ᠤ ᠵᠢᠭᠤᠯᠴᠢᠯᠠᠯ᠎ᠤᠨ ᠰᠣᠳᠣᠨ ᠱᠤᠭᠤᠮ᠎ᠢ ᠭᠠᠷᠭ᠋ᠠᠪᠠ᠃ ᠥᠪᠡᠷᠲᠡᠭᠡᠨ ᠵᠠᠰᠠᠬᠤ ᠣᠷᠣᠨ᠎ᠤ ᠳᠥᠷᠪᠡᠨ ᠵᠠᠮ ᠱᠤᠭᠤᠮ ᠰᠤᠩᠭᠤᠭᠳᠠᠭᠰᠠᠨ᠎ᠳᠤ᠎ᠨᠢ ᠰᠢᠯᠢ ᠵᠢᠨ ᠭᠣᠤᠯ ᠠᠢ᠌ᠮᠠᠭ᠎ᠤᠨ  《ᠵᠣᠯ ᠵᠢᠷᠭ᠋ᠠᠯ᠎ᠤᠨ ᠴᠡᠴᠡᠭ᠎ᠤᠨ ᠪᠣᠯᠵᠣᠭ᠋ᠠᠨ᠎ᠤ ᠠᠶᠠᠯᠠᠯ》 ᠵᠢᠭᠰᠠᠭ᠋ᠠᠭᠳᠠᠵᠠᠢ᠃ 4 ᠳ᠋ᠦ᠍ᠭᠡᠷ ᠰᠠᠷ᠎ᠠ ᠵᠢᠨ 28᠎ᠤ ᠡᠳᠦᠷ᠂ ᠰᠢᠯᠢ ᠵᠢᠨ ᠭᠣᠤᠯ ᠠᠢ᠌ᠮᠠᠭ᠎ᠤᠨ ᠰᠣᠶᠣᠯ ᠪᠡᠶ᠎ᠡ ᠵᠢᠨ ᠲᠠᠮᠢᠷ ᠵᠢᠭᠤᠯᠴᠢᠯᠠᠯ ᠷᠠᠳᠢᠣ᠋ ᠲᠧᠯᠸᠢᠰ᠎ᠤᠨ ᠲᠣᠪᠴᠢᠶ᠎ᠠ ᠵᠢᠴᠢ ᠲᠠᠢ᠌ᠫᠦᠰᠧ ᠬᠣᠰᠢᠭᠤᠨ᠎ᠤ ᠠᠷᠠᠳ᠎ᠤᠨ ᠵᠠᠰᠠᠭ᠎ᠤᠨ ᠣᠷᠳᠣᠨ ᠭᠣᠤᠯᠯᠠᠨ ᠡᠷᠭᠢᠯᠡᠭᠰᠡᠨ 2022 ᠣᠨ᠎ᠤ ᠰᠢᠯᠢ ᠵᠢᠨ ᠭᠣᠤᠯ ᠠᠢ᠌ᠮᠠᠭ᠎ᠤᠨ ᠮᠢᠩᠭ᠋ᠠᠨ ᠭᠠᠵᠠᠷ᠎ᠤᠨ ᠲᠠᠯ᠎ᠠ ᠨᠤᠲᠤᠭ᠎ᠤᠨ ᠦᠵᠡᠮᠵᠢ ᠵᠢᠨ ᠶᠡᠬᠡ ᠵᠠᠮ᠎ᠤᠨ ᠨᠢᠭᠡᠳᠦᠭᠡᠷ ᠥᠷᠲᠡᠭᠡ· ᠲᠠᠢ᠌ᠫᠦᠰᠧ ᠬᠣᠰᠢᠭᠤᠨ᠎ᠤ ᠭᠦᠢ᠍ᠯᠡᠰᠦᠨ ᠬᠤᠸᠠᠷ᠎ᠤᠨ ᠤᠯᠠᠷᠢᠯ᠎ᠤᠨ ᠠᠵᠢᠯᠯᠠᠭ᠎ᠠ ᠵᠢᠩᠬᠢᠨᠢ᠎ᠪᠠᠷ ᠡᠬᠢᠯᠡᠵᠦ᠂ 《ᠵᠣᠯ ᠵᠢᠷᠭ᠋ᠠᠯ᠎ᠤᠨ ᠴᠡᠴᠡᠭ᠎ᠤᠨ ᠪᠣᠯᠵᠣᠭ᠋ᠠᠨ᠎ᠤ ᠠᠶᠠᠯᠠᠯ》 ᠵᠶ᠋ᠡᠨ ᠵᠡᠷᠭᠡ᠎ᠪᠠᠷ ᠬᠦᠳᠡᠯᠭᠡᠵᠡᠢ᠃
      ᠲᠣᠰ ᠱᠤᠭᠤᠮ᠎ᠤᠨ ᠬᠠᠮᠤᠭ᠎ᠤᠨ ᠣᠬᠢ ᠵᠢᠭᠤᠯᠴᠢᠯᠠᠯ᠎ᠤᠨ ᠴᠠᠭ᠎ᠨᠢ 4 ᠳ᠋ᠦ᠍ᠭᠡᠷ ᠰᠠᠷ᠎ᠠ ᠵᠢᠨ 26᠎ᠤ ᠡᠳᠦᠷ᠎ᠠᠴᠠ 5 ᠳ᠋ᠤᠭ᠋ᠠᠷ ᠰᠠᠷ᠎ᠠ ᠵᠢᠨ 5᠎ᠤ ᠡᠳᠦᠷ ᠬᠦᠷᠲᠡᠯ᠎ᠡ ᠪᠠᠢ᠌ᠳᠠᠭ᠃ ᠲᠣᠰ ᠱᠤᠭᠤᠮ ᠵᠶ᠋ᠠᠷ ᠵᠢᠭᠤᠯᠴᠢᠯᠠᠪᠠᠯ ᠬᠠᠭ᠋ᠠᠨ᠎ᠤ ᠠᠳᠤᠭᠤᠨ᠎ᠤ ᠰᠣᠶᠣᠯ ᠪᠠ ᠳᠠᠯᠠᠩ ᠳᠡᠭᠡᠷᠡᠬᠢ ᠲᠠᠷᠢᠶᠠᠯᠠᠬᠤ ᠰᠣᠶᠣᠯ᠎ᠢ ᠣᠢ᠌ᠯᠠᠭ᠋ᠠᠵᠤ᠂ ᠲᠠᠢ᠌ᠪᠤᠰᠧ ᠬᠣᠰᠢᠭᠤᠨ᠎ᠤ ᠰᠢᠩ ᠹᠦ᠋ ᠰᠢᠶᠠᠩ᠎ᠤᠨ ᠲᠦᠮᠡᠨ ᠮᠥ᠍ ᠭᠦᠢ᠍ᠯᠡᠰᠦᠨ ᠬᠤᠸᠠᠷ᠎ᠤᠨ ᠰᠢᠭᠤᠶ ᠵᠢ ᠰᠣᠨᠢᠷᠬᠠᠨ᠂ ᠬᠥᠳᠡᠭᠡ ᠨᠤᠲᠤᠭ᠎ᠤᠨ ᠵᠠᠬ᠎ᠠ ᠳᠡᠯᠭᠡᠭᠦᠷ᠎ᠤᠨ ᠴᠤᠭᠯᠠᠭ᠎ᠠ ᠮᠠᠢ᠌ᠮᠠᠶ ᠵᠢ ᠰᠣᠨᠢᠷᠬᠠᠵᠤ᠂ ᠴᠡᠴᠡᠭ ᠰᠣᠨᠢᠷᠬᠠᠨ ᠵᠤᠭ᠋ᠠᠴᠠᠨ ᠰᠡᠭᠦᠳᠡᠷᠯᠡᠵᠦ᠂ ᠵᠠᠩ ᠦᠢᠯᠡ ᠵᠢᠨ ᠬᠡᠷᠡᠯ ᠵᠢᠷᠤᠭ ᠠᠪᠤᠨ᠂ ᠮᠠᠯᠴᠢᠨ ᠠᠢ᠌ᠯ᠎ᠠ ᠪᠠ ᠲᠠᠷᠢᠶᠠᠴᠢᠨ ᠠᠢ᠌ᠯ᠎ᠤᠨ ᠵᠢᠭᠤᠯᠴᠢᠯᠠᠯ᠎ᠢ ᠪᠡᠶᠡᠴᠢᠯᠡᠨ ᠣᠢ᠌ᠯᠠᠭ᠋ᠠᠵᠤ᠂ ᠪᠥᠬᠥ ᠤᠯᠤᠰ᠎ᠤᠨ ᠬᠥᠳᠡᠭᠡ ᠲᠣᠰᠬᠣᠨ᠎ᠤ ᠵᠢᠭᠤᠯᠴᠢᠯᠠᠯ᠎ᠤᠨ ᠭᠣᠤᠯᠳᠠᠯᠭ᠎ᠠ᠎ᠲᠠᠢ ᠲᠣᠰᠬᠣᠨ᠎ᠢ ᠲᠣᠭᠤᠷᠢᠵᠤ ᠦᠵᠡᠨ᠂ ᠬᠥᠳᠡᠭᠡ ᠲᠣᠰᠬᠣᠨ᠂ ᠲᠠᠯ᠎ᠠ ᠨᠤᠲᠤᠭ᠎ᠤᠨ ᠬᠣᠶᠠᠷ ᠵᠦᠢᠯ᠎ᠤᠨ ᠵᠠᠩ ᠦᠢᠯᠡ ᠵᠢ ᠣᠢ᠌ᠯᠠᠭ᠋ᠠᠵᠤ᠂ ᠮᠣᠩᠭᠣᠯ ᠬᠣᠭᠣᠯᠠ ᠪᠠ ᠥᠪᠡᠷᠮᠢᠴᠡ ᠤᠨᠴᠠᠯᠢᠭᠳᠤ ᠲᠠᠷᠢᠶᠠᠴᠢᠨ ᠠᠢ᠌ᠯ᠎ᠤᠨ ᠠᠮᠲᠠᠲᠤ ᠢᠳᠡᠭᠡᠨ᠎ᠢ ᠠᠮᠲᠠᠯᠠᠨ᠂ ᠤᠨᠴᠠᠯᠢᠬᠳᠤ ᠠᠷᠠᠳ᠎ᠤᠨ ᠰᠠᠭᠤᠴᠠ᠎ᠳᠤ ᠬᠣᠨᠤᠵᠤ᠂ 《ᠬᠥᠳᠡᠭᠡ ᠲᠣᠰᠬᠣᠨ᠎ᠳᠤ ᠪᠣᠯᠵᠣᠭ᠋ᠠᠯᠠᠬᠤ》 ᠵᠢᠨ ᠰᠠᠢ᠌ᠬᠠᠨ᠎ᠢ ᠮᠡᠳᠡᠷᠡᠬᠦ ᠶᠤᠮ᠃
      ᠵᠠᠮ ᠱᠤᠭᠤᠮ᠄ ᠬᠠᠢ ᠵᠠᠩ (ᠬᠠᠢ᠌ᠯᠠᠷ ᠴᠢᠭᠤᠯᠤᠯᠲᠤ ᠬᠠᠭ᠋ᠠᠯᠭ᠎ᠠ) ᠥᠨᠳᠥᠷ ᠬᠤᠷᠳᠤᠴᠠᠲᠤ ᠵᠠᠰᠠᠮᠠᠯ ᠵᠠᠮ᠎ᠤᠨ ᠪᠣᠤᠴᠠᠩ᠎ᠤᠨ ᠡᠮᠦᠨ᠎ᠡ   ᠭᠠᠷᠴᠠ / ᠬᠠᠢ ᠵᠠᠩ ᠥᠨᠳᠥᠷ ᠬᠤᠷᠳᠤᠴᠠᠲᠤ ᠵᠠᠰᠠᠮᠠᠯ ᠵᠠᠮ᠎ᠤᠨ ᠭᠦᠨᠪᠤᠯᠠᠭ ᠰᠤᠮᠤ ᠵᠢᠨ ᠭᠠᠷᠴᠠ—— ᠲᠠᠢ᠌ᠫᠤᠰᠸ ᠬᠣᠰᠢᠭᠤᠨ᠎ᠤ ᠰᠢᠩ ᠹᠦ᠋   ᠰᠢᠶᠠᠩ ᠲᠦᠮᠡᠨ ᠮᠦ᠍ ᠭᠦᠢ᠍ᠯᠡᠰᠦᠨ ᠬᠤᠸᠠᠷ᠎ᠤᠨ ᠰᠢᠭᠤᠢ —— ᠦᠳᠡ ᠵᠢᠨ ᠬᠣᠭᠣᠯᠠ (ᠲᠠᠷᠢᠶᠠᠴᠢᠨ ᠠᠢ᠌ᠯ᠎ᠤᠨ ᠣᠨᠴᠠᠯᠢᠭᠲᠤ ᠠᠮᠲᠠᠲᠤ ᠢᠳᠡᠭᠡᠨ᠎ᠢ ᠠᠮᠲᠠᠯᠠᠵᠤ᠂ ᠲᠠᠷᠢᠶᠠᠴᠢᠨ ᠠᠢ᠌ᠯ᠎ᠤᠨ ᠵᠢᠭᠤᠯᠴᠢᠯᠠᠯ᠎ᠢ ᠪᠡᠶᠡᠴᠢᠯᠡᠨ ᠣᠢ᠌ᠯᠠᠭ᠋ᠠᠨ᠎ᠠ)  ——   ᠲᠠᠢ᠌ᠫᠤᠰᠸ ᠵᠢᠨ ᠬᠠᠭ᠋ᠠᠨ᠎ᠤ ᠠᠳᠤᠭᠤᠨ᠎ᠤ ᠬᠦᠷᠢᠶᠡᠯᠡᠩ᠎ᠤᠨ ᠵᠢᠭᠤᠯᠴᠢᠯᠠᠯ᠎ᠤᠨ ᠣᠷᠣᠨ —— ᠴᠢᠶᠠᠨ ᠸᠠ ᠶᠣᠣ᠂ ᠬᠠᠰᠢᠶᠠᠲᠤ᠂ ᠪᠣᠮᠪᠣᠨ (ᠪᠣᠭᠤ ᠵᠢᠨ ᠪᠡᠯ?) ᠭᠠᠴᠠᠭ᠋ᠠᠨ᠎ᠤ ᠮᠠᠯᠴᠢᠨ ᠡᠷᠦᠬᠡ ᠵᠢᠨ ᠵᠢᠭᠤᠯᠴᠢᠯᠠᠯ᠎ᠤᠨ ᠴᠤᠭᠯᠠᠷᠠᠯ—— ᠪᠢᠶᠠᠨ ᠴᠢᠶᠠᠩ ᠼᠦᠨ ᠲᠣᠰᠬᠣᠨ (ᠪᠦᠬᠦ ᠤᠯᠤᠰ᠎ᠤᠨ ᠬᠥᠳᠡᠭᠡ ᠲᠣᠰᠬᠣᠨ᠎ᠤ ᠵᠢᠭᠤᠯᠴᠢᠯᠠᠯ᠎ᠤᠨ ᠭᠣᠣᠯᠳᠠᠯᠭ᠋ᠠᠲᠤ ᠲᠣᠰᠬᠣᠨ) —— ᠣᠷᠣᠢ ᠵᠢᠨ ᠬᠣᠭᠣᠯᠠ (ᠪᠢᠶᠠᠨ ᠴᠢᠶᠠᠩ ᠼᠦᠨ ᠲᠣᠰᠬᠣᠨ)᠃

ᠢᠷᠡᠯᠲᠡ᠄ ᠰᠢᠯᠢ ᠵᠢᠨ ᠭᠣᠤᠯ ᠠᠢ᠌ᠮᠠᠭ᠎ᠤᠨ ᠰᠣᠶᠣᠯ ᠪᠡᠶ᠎ᠡ ᠵᠢᠨ ᠲᠠᠮᠢᠷ ᠵᠢᠭᠤᠯᠴᠢᠯᠠᠯ ᠷᠠᠳᠢᠣ᠋ ᠲᠧᠯᠸᠢᠰ᠎ᠤᠨ ᠲᠣᠪᠴᠢᠶ᠎ᠠ
          
ᠬᠠᠮᠢᠶ᠎ᠡ ᠪᠦᠬᠦᠢ ᠰᠣᠨᠢᠨ
ᠦᠬᠠᠶ ᠬᠣᠲᠠ ᠵᠢᠨ ᠰᠣᠶᠣᠯ ᠪᠡᠶ᠎ᠡ ᠵᠢᠨ ᠲᠠᠮᠢᠷ ᠵᠢᠭᠤᠯᠴᠢᠯᠠᠯ ᠷᠠᠳᠢᠣ᠋ ᠲᠧᠯᠸᠢᠰ᠎ᠤᠨ ᠲᠣᠪᠴᠢᠶ᠎ᠠ 《5·19》 ᠳᠤᠮᠳᠠᠳᠤ ᠤᠯᠤᠰ᠎ᠤᠨ ᠵᠢᠭᠤᠯᠴᠢᠯᠠᠯ᠎ᠤᠨ ᠡᠳᠦᠷ᠎ᠤᠨ ᠠᠵᠢᠯᠯᠠᠭ᠎ᠠ ᠵᠢ ᠵᠣᠯᠭ᠋ᠠᠭᠤᠯᠬᠤ ᠬᠤᠷᠠᠯ ᠬᠤᠷᠠᠯᠳᠤᠭᠤᠯᠪᠠ
ᠦᠬᠠᠶ ᠬᠣᠲᠠ ᠵᠢᠨ ᠰᠣᠶᠣᠯ ᠷᠠᠳᠢᠣ᠋ ᠲᠧᠯᠸᠢᠰ᠎ᠤᠨ ᠦᠢᠯᠡᠰ᠎ᠤᠨ ᠬᠥᠭᠵᠢᠯᠲᠡ ᠵᠢᠨ ᠲᠥᠪ᠎ᠤᠨ ᠨᠣᠮ᠎ᠤᠨ ᠰᠠᠩ 《ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠦᠨᠳᠦᠰᠦᠲᠡᠨ᠎ᠤ ᠪᠦᠯᠬᠦᠮᠳᠡᠯ ᠳᠠᠪᠰᠢᠯᠲᠠ ᠵᠢ ᠠᠬᠢᠭᠤᠯᠬᠤ ᠲᠦᠷᠢᠮ》᠎ᠤᠨ ᠤᠬᠠᠭᠤᠯᠭ᠎ᠠ ᠬᠥᠮᠦᠵᠢᠯ᠎ᠤᠨ ᠠᠵᠢᠯᠯᠠᠭ᠎ᠠ ᠦᠷᠨᠢᠭᠦᠯᠪᠡ
ᠦᠨᠳᠦᠰᠦᠲᠡᠨ᠎ᠤ ᠲᠥᠷᠥ ᠵᠢᠨ ᠪᠣᠳᠣᠯᠭ᠎ᠠ ᠵᠢᠨ ᠤᠬᠠᠭᠤᠯᠭ᠎ᠠ᠎ᠳᠤ ᠬᠦᠴᠦᠨ ᠨᠡᠮᠡᠷᠢᠯᠡᠵᠦ ᠣᠶᠤᠨ ᠰᠠᠨᠠᠭ᠎ᠠ ᠰᠣᠶᠣᠯ᠎ᠤᠨ ᠬᠡᠷᠡᠭᠴᠡᠭᠡ ᠵᠢ ᠪᠠᠶᠠᠯᠢᠭᠵᠢᠭᠤᠯᠤᠨ᠎ᠠ
ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠣᠳᠣᠨ ᠲᠠᠰ᠎ᠤᠨ ᠪᠠᠭᠤᠳᠠᠯ᠎ᠤᠨ ᠠᠵᠢᠯ ᠡᠷᠬᠢᠯᠡᠭᠴᠢᠳ᠎ᠤᠨ ᠦᠢᠯᠡᠴᠢᠯᠡᠭᠡᠨ᠎ᠤ ᠤᠷ᠎ᠠ ᠴᠢᠳᠠᠪᠤᠷᠢ ᠵᠢᠨ ᠤᠷᠤᠯᠳᠤᠭ᠋ᠠᠨ᠎ᠤ ᠪᠤᠭᠤᠲᠤ᠎ᠳᠤ᠎ᠬᠢ ᠰᠢᠯᠭ᠋ᠠᠷᠠᠭᠤᠯᠬᠤ ᠤᠷᠤᠯᠳᠤᠭ᠋ᠠᠨ ᠡᠬᠢᠯᠡᠪᠡ
ᠪᠤᠭᠤᠲᠤ ᠬᠣᠲᠠ ᠵᠢᠨ ᠰᠣᠶᠣᠯ ᠵᠢᠭᠤᠯᠴᠢᠯᠠᠯ ᠷᠠᠳᠢᠣ᠋ ᠲᠧᠯᠸᠢᠰ᠎ᠤᠨ ᠲᠣᠪᠴᠢᠶ᠎ᠠ ᠲᠡᠦᠬᠡ ᠵᠢᠨ ᠳᠤᠷᠠᠰᠬᠠᠯᠲᠤ ᠵᠦᠢᠯᠡᠰ᠎ᠤᠨ ᠬᠠᠮᠠᠭ᠋ᠠᠯᠠᠯᠲᠠ ᠵᠢᠨ ᠨᠢᠭᠡᠴᠢ ᠵᠢᠨ ᠠᠮᠤᠷ ᠲᠦᠪᠰᠢᠨ᠎ᠤ ᠶᠡᠬᠡ ᠬᠢᠨᠠᠯᠲᠠ ᠪᠠᠢ᠌ᠴᠠᠭ᠋ᠠᠯᠲᠠ ᠵᠢᠨ ᠠᠵᠢᠯ᠎ᠢ ᠵᠣᠬᠢᠶᠠᠨ ᠪᠠᠢ᠌ᠭᠤᠯᠵᠤ ᠥᠷᠨᠢᠭᠦᠯᠪᠡ
 
            