ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠰᠤᠷᠠᠭ ᠵᠠᠩᠬᠢ
ᠬᠡᠷᠡᠭᠯᠡᠭᠡ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠢᠨ ᠮᠡᠳᠡᠭᠡ   -   ᠠᠶ᠋ᠢᠮᠠᠭ ᠬᠤᠲᠠ᠎ᠶᠢᠨ ᠰᠣᠨᠣᠰᠬᠠᠯ
ᠬᠠᠷᠠᠴᠢᠨ ᠬᠣᠰᠢᠭᠤᠨ᠎ᠤ ᠠᠩᠬᠠᠳᠤᠭ᠋ᠠᠷ ᠬᠤᠭᠤᠴᠠᠭ᠋ᠠᠨ᠎ᠤ ᠰᠣᠶᠣᠯ ᠵᠢᠭᠤᠯᠴᠢᠯᠠᠯ᠎ᠤᠨ ᠨᠠᠢ᠌ᠷ ᠡᠬᠢᠯᠡᠪᠡ
ᠨᠡᠶᠢᠲᠡᠯᠡᠭᠰᠡᠨ ᠴᠠᠭ᠄ 2022-06-23

      ᠣᠢ᠌ᠷ᠎ᠠ᠎ᠳᠤ᠂ ᠬᠠᠷᠠᠴᠢᠨ ᠬᠣᠰᠢᠭᠤᠨ᠎ᠤ ᠠᠩᠬᠠᠳᠤᠭ᠋ᠠᠷ ᠬᠤᠭᠤᠴᠠᠭ᠋ᠠᠨ᠎ᠤ ᠰᠣᠶᠣᠯ ᠵᠢᠭᠤᠯᠴᠢᠯᠠᠯ᠎ᠤᠨ ᠨᠠᠢ᠌ᠷ ᠸᠠᠩ᠎ᠤᠨ ᠣᠷᠳᠣᠨ᠎ᠤ ᠭᠣᠪᠢ ᠵᠢᠨ ᠡᠮᠦᠨᠡᠬᠢ ᠠᠭᠤᠳᠠᠮ ᠲᠠᠯᠠᠪᠠᠶ᠎ᠳᠤ ᠦᠪᠡᠳᠡᠭᠰᠢ ᠶᠡᠬᠡ᠎ᠪᠠᠷ ᠡᠬᠢᠯᠡᠪᠡ᠃
    ᠲᠤᠰ ᠤᠳᠠᠭ᠋ᠠᠨ᠎ᠤ ᠰᠣᠶᠣᠯ ᠵᠢᠭᠤᠯᠴᠢᠯᠠᠯ᠎ᠤᠨ ᠨᠠᠢ᠌ᠷ 6 ᠳ᠋ᠤᠭ᠋ᠠᠷ ᠰᠠᠷ᠎ᠠ ᠵᠢᠨ 2᠎ᠤᠨ ᠡᠳᠦᠷ᠎ᠠᠴᠠ ᠡᠬᠢᠯᠡᠵᠦ 30᠎ᠤ ᠡᠳᠦᠷ ᠳᠠᠭᠤᠰᠤᠨ᠎ᠠ᠂ ᠡᠨᠡ ᠬᠤᠭᠤᠴᠠᠭ᠋ᠠᠨ᠎ᠳᠤ 《ᠬᠠᠷᠠᠴᠢᠨ᠎ᠤ ᠦᠨᠦᠷ ᠠᠮᠳᠠ》 ᠸᠠᠩ᠎ᠤᠨ ᠣᠷᠳᠣᠨ᠎ᠤ ᠮᠢᠬ᠎ᠠ ᠰᠢᠷᠠᠬᠤ ᠤᠷᠤᠯᠳᠤᠭ᠋ᠠᠨ ᠶᠠᠪᠤᠭᠳᠠᠭᠤᠯᠤᠨ᠎ᠠ; ᠠᠽᠢᠶ᠎ᠠ ᠲᠢᠪ ᠨᠣᠮᠣᠬᠠᠨ ᠲᠡᠯᠡᠶ ᠵᠢᠨ ᠣᠷᠣᠨ᠎ᠤ ᠣᠶ ᠰᠢᠭᠤᠶ ᠵᠢᠨ ᠵᠣᠬᠢᠶᠠᠨ ᠪᠠᠢ᠌ᠭᠤᠯᠤᠯᠲᠠ ᠵᠢᠨ ᠣᠯᠠᠨ ᠴᠢᠳᠠᠮᠵᠢᠲᠤ ᠣᠶ ᠰᠢᠭᠤᠶ ᠵᠢ ᠪᠡᠶᠡᠴᠢᠯᠡᠨ ᠣᠢ᠌ᠯᠠᠭ᠋ᠠᠬᠤ ᠰᠠᠭᠤᠷᠢᠨ ᠭᠠᠵᠠᠷ᠂ ᠮᠡᠢ᠌ᠷᠡᠨ ᠵᠢᠯᠠᠭ᠎ᠠ ᠵᠢᠨ ᠥᠨᠳᠥᠷᠯᠢᠭ᠎ᠤᠨ ᠬᠥᠳᠡᠯᠭᠡᠭᠡᠨ ᠰᠡᠯᠡᠭᠦᠴᠡᠯ ᠠᠮᠠᠷᠠᠯᠲᠠ ᠵᠢᠨ ᠣᠷᠣᠨ᠂ ᠱᠠᠨ ᠷᠦᠩ ᠠᠢ᠌ᠮᠠᠭ ᠦᠵᠡᠮᠵᠢ ᠵᠢᠨ ᠣᠷᠣᠨ᠂ ᠸᠠᠩ᠎ᠤᠨ ᠣᠷᠳᠣᠨ᠎ᠤ ᠦᠨᠳᠦᠰᠦᠲᠡᠨ᠎ᠤ ᠪᠦᠯᠬᠦᠮᠳᠡᠯ ᠳᠠᠪᠰᠢᠯᠲᠠ ᠵᠢᠨ ᠬᠥᠮᠦᠵᠢᠯ᠎ᠤᠨ ᠰᠠᠭᠤᠷᠢᠨ ᠭᠠᠵᠠᠷ᠂ ᠡᠮᠡᠭᠡᠯ ᠠᠭᠤᠯᠠ ᠵᠢᠨ ᠬᠤᠪᠢᠰᠬᠠᠯ᠎ᠤᠨ ᠬᠥᠮᠦᠵᠢᠯ᠎ᠤᠨ ᠰᠠᠭᠤᠷᠢᠨ ᠭᠠᠵᠠᠷ᠂ ᠢᠦᠢ ᠯᠦᠩ ᠴᠤᠸᠠᠨ ᠬᠥᠳᠡᠭᠡ ᠲᠣᠰᠬᠣᠨ᠎ᠤ ᠶᠡᠷᠦᠩᠬᠡᠢ᠌ᠯᠡᠭᠰᠡᠨ ᠴᠣᠭᠴᠠ ᠵᠡᠷᠭᠡ ᠵᠢᠷᠭᠤᠭ᠋ᠠᠨ ᠶᠡᠬᠡ ᠭᠣᠤᠯ ᠦᠵᠡᠮᠵᠢ ᠵᠢᠨ ᠣᠷᠣᠨ ᠵᠡᠷᠭᠡ᠎ᠪᠠᠷ ᠬᠥᠳᠡᠯᠦᠯᠴᠡᠵᠦ᠂ ᠤᠬᠠᠭᠤᠯᠭ᠎ᠠ ᠵᠢᠨ ᠦᠵᠡᠭᠦᠯᠭᠡ᠂ ᠬᠠᠮᠲᠤᠷᠠᠭᠰᠠᠨ ᠪᠢᠯᠧᠲ ᠬᠦᠷᠭᠡᠬᠦ᠂ ᠰᠦᠯᠵᠢᠶᠡᠨ᠎ᠤ ᠨᠡᠷᠡᠲᠦ ᠬᠦᠮᠦᠰ ᠵᠶ᠋ᠠᠷ ᠤᠬᠠᠭᠤᠯᠬᠤ ᠵᠡᠷᠭᠡ ᠠᠵᠢᠯᠯᠠᠭ᠎ᠠ ᠥᠷᠨᠢᠭᠦᠯᠦᠨ᠎ᠡ᠃ ᠡᠨᠡ ᠵᠢᠯ ᠪᠠᠰᠠ ᠭᠡᠷᠡᠯ ᠵᠢᠷᠤᠭ ᠵᠢᠷᠤᠭᠯᠠᠬᠤ ᠤᠷᠤᠯᠳᠤᠭ᠋ᠠᠨ᠂ ᠤᠯᠠᠭ᠋ᠠᠨ ᠨᠠᠪᠴᠢ ᠵᠢᠨ ᠪᠠᠶᠠᠷ᠂ ᠮᠥᠰᠥ ᠴᠠᠰᠤᠨ᠎ᠤ ᠪᠠᠶᠠᠷ ᠵᠡᠷᠭᠡ ᠰᠢᠷᠢᠰ ᠠᠵᠢᠯᠯᠠᠭ᠎ᠠ ᠵᠢ ᠴᠠᠭ᠎ᠲᠤ᠎ᠨᠢ ᠲᠣᠬᠢᠷᠠᠭᠤᠯᠤᠨ ᠶᠠᠪᠤᠭᠳᠠᠭᠤᠯᠤᠨ᠎ᠠ᠃
      ᠣᠢ᠌ᠷ᠎ᠠ ᠵᠢᠨ ᠵᠢᠯ᠎ᠳᠤ᠂ ᠬᠠᠷᠠᠴᠢᠨ ᠬᠣᠰᠢᠭᠤ 《ᠬᠠᠷᠠᠴᠢᠨ᠎ᠤ ᠡᠷᠡᠭᠦᠯ ᠡᠩᠬᠡ ᠠᠮᠢ ᠠᠬᠤᠶ ᠵᠢᠨ ᠵᠢᠭᠤᠯᠴᠢᠯᠠᠯ》 ᠭᠡᠬᠦ ᠡᠨᠡ ᠬᠦ᠌ ᠬᠥᠭᠵᠢᠯᠲᠡ ᠵᠢᠨ ᠪᠠᠢ᠌ᠷᠢ ᠲᠣᠭᠲᠠᠭ᠋ᠠᠯᠲᠠ ᠵᠢᠨ ᠲᠣᠭᠣᠷᠢᠨ᠎ᠳᠤ 《ᠤᠯᠤᠰ᠎ᠤᠨ ᠪᠥᠬᠥ ᠣᠷᠣᠨ ᠪᠦᠰᠡ ᠵᠢᠨ ᠵᠢᠭᠤᠯᠴᠢᠯᠠᠯ᠎ᠤᠨ ᠵᠢᠱ᠌ᠢᠶ᠎ᠡ ᠦᠵᠡᠭᠦᠯᠬᠦ ᠣᠷᠣᠨ》᠎ᠢ ᠡᠭᠦᠳᠦᠨ ᠪᠠᠢ᠌ᠭᠤᠯᠬᠤ᠎ᠪᠠᠷ ᠬᠠᠷᠠᠯᠲᠠ ᠪᠣᠯᠭ᠋ᠠᠵᠤ᠂ ᠭᠣᠤᠯ ᠦᠵᠡᠮᠵᠢ ᠵᠢᠨ ᠣᠷᠣᠨ᠎ᠢ ᠪᠤᠵᠠᠭ᠋ᠠᠢ᠌ᠷᠠᠭᠤᠯᠤᠨ ᠬᠦᠴᠦᠷᠬᠡᠭᠵᠢᠭᠦᠯᠵᠦ᠂ ᠰᠤᠳᠤᠯᠤᠨ ᠰᠤᠷᠤᠯᠴᠠᠬᠤ ᠵᠢᠱ᠌ᠢᠶ᠎ᠡ ᠦᠵᠡᠭᠦᠯᠬᠦ ᠰᠠᠭᠤᠷᠢᠨ ᠭᠠᠵᠠᠷ᠎ᠢ ᠪᠥᠬᠥ ᠬᠦᠴᠦᠨ ᠵᠶ᠋ᠡᠷ ᠵᠶ᠋ᠡᠨ ᠪᠥᠲᠥᠭᠡᠨ ᠪᠠᠢ᠌ᠭᠤᠯᠵᠤ᠂ 《ᠰᠣᠶᠣᠯ᠎ᠤᠨ ᠮᠦᠽᠧᠶ ᠵᠢ ᠦᠵᠡᠮᠵᠢ ᠵᠢᠨ ᠣᠷᠣᠨ᠎ᠳᠤ ᠣᠷᠣᠭᠤᠯᠬᠤ》 ᠢᠨᠵᠧᠨᠧᠷᠢᠩ᠎ᠢ ᠢᠳᠡᠪᠬᠢᠲᠡᠶ ᠳᠥᠯᠭᠢᠨ ᠠᠬᠢᠭᠤᠯᠵᠤ᠂ ᠰᠣᠶᠣᠯ ᠵᠢᠭᠤᠯᠴᠢᠯᠠᠯ᠎ᠤᠨ ᠣᠨᠴᠠᠯᠢᠭᠲᠤ ᠨᠠᠷᠠᠲᠤ ᠲᠡᠮᠳᠡᠭᠲᠦ ᠵᠢ ᠪᠥᠬᠥ ᠲᠠᠯ᠎ᠠ᠎ᠪᠠᠷ ᠪᠣᠶ ᠪᠣᠯᠭ᠋ᠠᠵᠤ᠂ 《ᠬᠠᠷᠠᠴᠢᠨ᠎ᠤ ᠦᠨᠦᠷ ᠠᠮᠳᠠ》 ᠰᠢᠷᠢᠰ ᠣᠨᠴᠠᠯᠢᠭᠲᠤ ᠢᠳᠡᠭᠡᠨ᠎ᠤ ᠨᠠᠷᠠᠲᠤ ᠲᠡᠮᠳᠡᠭᠲᠦ ᠵᠢ ᠬᠦᠴᠦ᠎ᠪᠠᠨ ᠲᠥᠪᠯᠡᠷᠡᠭᠦᠯᠦᠨ ᠪᠣᠶ ᠪᠣᠯᠭ᠋ᠠᠵᠤ᠂ ᠰᠣᠶᠣᠯ ᠵᠢᠭᠤᠯᠴᠢᠯᠠᠯ᠎ᠤᠨ ᠦᠢᠯᠡᠰ᠎ᠢ ᠦᠢᠯᠡᠴᠢᠯᠡᠭᠡᠨ᠎ᠤ ᠦᠢᠯᠡᠰ᠎ᠤᠨ ᠬᠥᠲᠥᠴᠢ ᠠᠵᠤ ᠦᠢᠯᠡᠰ᠂ ᠪᠥᠬᠥ ᠠᠷᠠᠳ᠎ᠤᠨ ᠵᠣᠯ ᠵᠢᠷᠭ᠋ᠠᠯᠲᠤ ᠠᠵᠤ ᠦᠢᠯᠡᠰ ᠪᠣᠯᠭ᠋ᠠᠨ ᠴᠣᠭᠴᠠᠯᠠᠵᠤ᠂ ᠬᠦᠮᠦᠨ ᠰᠣᠶᠣᠯ᠎ᠤᠨ ᠦᠨ᠎ᠡ ᠥᠷᠲᠡᠭ᠎ᠢ ᠭᠦᠢᠴᠡᠳ ᠢᠯᠡᠷᠡᠭᠦᠯᠵᠦ᠂ ᠬᠥᠬᠡᠮᠳᠦᠭ ᠨᠣᠭᠣᠭ᠋ᠠᠨ ᠠᠭᠤᠯᠠ ᠤᠰᠤ᠎ᠠᠴᠠ ᠠᠯᠲᠠ ᠮᠥᠩᠭᠥ ᠭᠠᠷᠭ᠋ᠠᠨ᠎ᠠ  ᠃
      ᠥᠪᠡᠷᠮᠢᠴᠡ ᠣᠨᠴᠠᠯᠢᠭ ᠪᠦᠬᠦᠢ ᠵᠢᠭᠤᠯᠴᠢᠯᠠᠯ᠎ᠤᠨ ᠡᠬᠢ ᠪᠠᠶᠠᠯᠢᠭ᠎ᠲᠤ᠎ᠪᠠᠨ ᠲᠦᠰᠢᠭᠯᠡᠨ᠂ ᠬᠠᠷᠠᠴᠢᠨ ᠬᠣᠰᠢᠭᠤ ᠥᠪᠡᠷᠲᠡᠭᠡᠨ ᠵᠠᠰᠠᠬᠤ ᠣᠷᠣᠨ᠎ᠤ ᠲᠡᠰ᠎ᠤᠨ ᠪᠦᠬᠦ ᠣᠷᠣᠨ ᠪᠦᠰᠡ ᠵᠢᠨ ᠵᠢᠭᠤᠯᠴᠢᠯᠠᠯ᠎ᠤᠨ ᠵᠢᠱ᠌ᠢᠶ᠎ᠡ ᠦᠵᠡᠭᠦᠯᠬᠦ ᠣᠷᠣᠨ᠎ᠢ ᠠᠮᠵᠢᠯᠲᠠ᠎ᠲᠠᠢ᠎ᠪᠠᠷ ᠡᠭᠦᠳᠦᠨ ᠪᠠᠢ᠌ᠭᠤᠯᠵᠤ᠂ 《ᠤᠷᠲᠤ ᠴᠠᠭ᠋ᠠᠨ ᠬᠡᠷᠡᠮ᠎ᠤᠨ ᠳᠣᠲᠣᠨ᠎ᠠ ᠭᠠᠳᠠᠨ᠎ᠠ · ᠮᠥᠰᠥ ᠴᠠᠰᠤᠨ᠎ᠤ ᠲᠣᠷᠭ᠋ᠠᠨ ᠪᠦᠰᠡ》 ᠵᠢᠨ ᠴᠢᠬᠤᠯᠠ ᠱᠤᠭᠤᠮ᠎ᠳᠤ ᠰᠣᠩᠭᠣᠭᠳᠠᠨ ᠣᠷᠣᠵᠤ᠂ 《ᠬᠠᠷᠠᠴᠢᠨ᠎ᠤ ᠡᠷᠡᠭᠦᠯ ᠡᠩᠬᠡ ᠠᠮᠢ ᠠᠬᠤᠢ ᠵᠢᠨ ᠵᠢᠭᠤᠯᠴᠢᠯᠠᠯ》᠂  《ᠬᠠᠷᠠᠴᠢᠨ᠎ᠤ ᠦᠨᠦᠷ ᠠᠮᠳᠠ》 ᠵᠡᠷᠭᠡ ᠵᠢᠭᠤᠯᠴᠢᠯᠠᠯ᠎ᠤᠨ ᠨᠡᠷᠡᠲᠦ ᠲᠡᠮᠳᠡᠭ᠎ᠢ ᠪᠦᠬᠦ ᠲᠠᠯ᠎ᠠ᠎ᠪᠠᠷ ᠪᠣᠢ ᠪᠤᠯᠭ᠋ᠠᠵᠤ᠂ ᠵᠢᠷᠭᠤᠭ᠋ᠠᠨ ᠶᠡᠬᠡ ᠭᠣᠣᠯᠯᠠᠬᠤ ᠦᠵᠡᠮᠵᠢ ᠵᠢᠨ ᠣᠷᠣᠨ᠎ᠨᠢ ᠬᠣᠯᠠ ᠤᠢ᠌ᠷ᠎ᠠ᠎ᠳᠤ ᠨᠡᠷ᠎ᠡ ᠠᠯᠳᠠᠷᠰᠢᠪᠠ᠃

ᠢᠷᠡᠯᠲᠡ᠄ ᠤᠯᠠᠭ᠋ᠠᠨᠬᠠᠳᠠ ᠵᠢᠨ ᠡᠳᠦᠷ᠎ᠤᠨ ᠰᠣᠨᠢᠨ᠎ᠤ ᠬᠣᠷᠢᠶ᠎ᠠ
          
ᠬᠠᠮᠢᠶ᠎ᠡ ᠪᠦᠬᠦᠢ ᠰᠣᠨᠢᠨ
2022 ᠣᠨ᠎ᠤ ᠬᠢᠩᠭ᠋ᠠᠨ ᠠᠢ᠌ᠮᠠᠭ᠎ᠤᠨ ᠪᠣᠳᠠᠰ᠎ᠤᠨ ᠪᠤᠰᠤ ᠰᠣᠶᠣᠯ᠎ᠤᠨ ᠥᠪ᠎ᠤᠨ ᠤᠯᠠᠮᠵᠢᠯᠠᠨ ᠵᠠᠯᠭ᠋ᠠᠮᠵᠢᠯᠠᠭᠴᠢᠳ᠎ᠤᠨ ᠰᠤᠳᠤᠯᠤᠨ ᠪᠣᠯᠪᠠᠰᠤᠷᠠᠭᠤᠯᠬᠤ ᠠᠩᠭᠢ ᠡᠬᠢᠯᠡᠪᠡ
ᠬᠢᠩᠭ᠋ᠠᠨ ᠠᠢ᠌ᠮᠠᠭ᠎ᠤᠨ ᠰᠣᠶᠣᠯ ᠵᠢᠭᠤᠯᠴᠢᠯᠠᠯ ᠪᠡᠶ᠎ᠡ ᠵᠢᠨ ᠲᠠᠮᠢᠷ᠎ᠤᠨ ᠲᠣᠪᠴᠢᠶ᠎ᠠ ᠨᠠᠰᠤᠵᠢᠯ᠎ᠤᠨ ᠠᠰᠠᠷᠠᠮᠵᠢ ᠵᠢᠨ ᠮᠡᠬᠡᠯᠡᠯ᠎ᠳᠤ ᠴᠣᠬᠢᠯᠲᠠ ᠥᠭᠴᠦ ᠴᠡᠭᠴᠡᠯᠡᠨ ᠵᠠᠰᠠᠬᠤ ᠤᠬᠠᠭᠤᠯᠭ᠎ᠠ ᠵᠢᠨ ᠠᠵᠢᠯᠯᠠᠭ᠎ᠠ ᠥᠷᠨᠢᠭᠦᠯᠪᠡ
ᠪᠤᠭᠤᠲᠤ ᠬᠣᠲᠠ ᠵᠢᠨ ᠰᠣᠶᠣᠯ ᠵᠢᠭᠤᠯᠴᠢᠯᠠᠯ ᠷᠠᠳᠢᠣ᠋ ᠲᠧᠯᠸᠢᠰ᠎ᠤᠨ ᠲᠣᠪᠴᠢᠶ᠎ᠠ 《ᠰᠣᠶᠣᠯ ᠪᠠ ᠪᠠᠢ᠌ᠭ᠋ᠠᠯᠢ ᠵᠢᠨ ᠥᠪ᠎ᠤᠨ ᠡᠳᠦᠷ》᠎ᠤᠨ ᠤᠬᠠᠭᠤᠯᠭ᠎ᠠ ᠵᠢᠨ ᠠᠵᠢᠯᠯᠠᠭ᠎ᠠ ᠥᠷᠨᠢᠭᠦᠯᠪᠡ
ᠠᠯᠠᠱ᠌ᠠ ᠠᠢ᠌ᠮᠠᠭ᠎ᠤᠨ ᠵᠠᠬᠢᠷᠭ᠎ᠠ ᠪᠣᠯᠤᠨ ᠬᠤᠸᠠ ᠴᠢᠶᠤᠤ ᠴᠸᠩ ᠵᠢᠭᠤᠯᠴᠢᠯᠠᠯ᠎ᠤᠨ ᠪᠠᠯᠠ ᠣᠷᠣᠭᠤᠯᠤᠯᠲᠠ ᠵᠢᠨ ᠪᠦᠯᠦᠭᠯᠡᠯ ᠵᠢᠭᠤᠯᠴᠢᠯᠠᠯ᠎ᠤᠨ ᠡᠬᠢ ᠪᠠᠶᠠᠯᠢᠭ᠎ᠢ ᠨᠡᠭᠡᠭᠡᠨ ᠬᠥᠭᠵᠢᠭᠦᠯᠵᠦ ᠬᠠᠮᠲᠤᠷᠠᠯᠴᠠᠬᠤ ᠲᠤᠬᠠᠶ ᠰᠠᠭᠤᠳᠠᠯ᠎ᠤᠨ ᠬᠤᠷᠠᠯ ᠬᠢᠪᠠ
ᠲᠦᠩᠯᠢᠶᠣᠤ ᠬᠣᠲᠠ ᠵᠢᠨ ᠰᠣᠶᠣᠯ ᠵᠢᠭᠤᠯᠴᠢᠯᠠᠯ ᠷᠠᠳᠢᠣ᠋ ᠲᠧᠯᠸᠢᠰ᠎ᠤᠨ ᠲᠣᠪᠴᠢᠶ᠎ᠠ 2022 ᠣᠨ᠎ᠤ ᠪᠥᠬᠥ ᠬᠣᠲᠠ ᠵᠢᠨ ᠵᠢᠭᠤᠯᠴᠢᠯᠠᠯ ᠎ᠤᠨ ᠬᠥᠲᠥᠴᠢ (ᠲᠠᠢ᠌ᠯᠪᠤᠷᠢᠯᠠᠭᠴᠢ) ᠵᠢᠨ ᠪᠣᠯᠪᠠᠰᠤᠷᠠᠯ᠎ᠤᠨ ᠠᠩᠭᠢ ᠡᠷᠭᠢᠯᠡᠪᠡ
 
            