ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠰᠤᠷᠠᠭ ᠵᠠᠩᠬᠢ
ᠬᠡᠷᠡᠭᠯᠡᠭᠡ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠢᠨ ᠮᠡᠳᠡᠭᠡ   -   ᠠᠶ᠋ᠢᠮᠠᠭ ᠬᠤᠲᠠ᠎ᠶᠢᠨ ᠰᠣᠨᠣᠰᠬᠠᠯ
ᠰᠢᠯᠢ ᠵᠢᠨ ᠭᠣᠣᠯ ᠣᠯᠠᠨ ᠵᠦᠢ᠍ᠯ᠎ᠤᠨ ᠠᠷᠭ᠎ᠠ ᠬᠡᠮᠵᠢᠶ᠎ᠡ ᠠᠪᠴᠤ ᠵᠢᠭᠤᠯᠴᠢᠯᠠᠭᠴᠢᠳ᠎ᠲᠤ ᠦᠢ᠍ᠯᠡᠴᠢᠯᠡᠨ᠎ᠡ
ᠨᠡᠶᠢᠲᠡᠯᠡᠭᠰᠡᠨ ᠴᠠᠭ᠄ 2024-11-03



      ᠰᠢᠯᠢ ᠵᠢᠨ ᠭᠣᠣᠯ ᠠᠢ᠌ᠮᠠᠭ᠎ᠤᠨ ᠵᠢᠭᠤᠯᠴᠢᠯᠠᠯ᠎ᠤᠨ ᠦᠢ᠍ᠯᠡᠴᠢᠯᠡᠭᠡᠨ᠎ᠤ ᠲᠦᠪᠰᠢᠨ ᠵᠶ᠋ᠠᠨ ᠲᠠᠰᠤᠷᠠᠯᠲᠠ ᠦᠭᠡᠢ ᠳᠡᠭᠡᠭᠰᠢᠯᠡᠭᠦᠯᠵᠦ᠂ ᠴᠢᠨᠠᠷ ᠰᠠᠢ᠌ᠲᠠᠢ ᠵᠢᠭᠤᠯᠴᠢᠯᠠᠯ᠎ᠤᠨ ᠦᠢ᠍ᠯᠡᠴᠢᠯᠡᠭᠡᠨ᠎ᠤ ᠣᠷᠴᠢᠨ ᠨᠥᠬᠥᠴᠡᠯ᠎ᠢ ᠪᠣᠶ ᠪᠣᠯᠭ᠋ᠠᠵᠤ᠂ ᠠᠷᠠᠳ ᠣᠯᠠᠨ᠎ᠤ ᠣᠯᠠᠨ ᠶᠠᠩᠵᠤᠴᠢᠯᠠᠭᠰᠠᠨ᠂ ᠴᠢᠨᠠᠷᠵᠢᠭᠰᠠᠨ ᠵᠢᠭᠤᠯᠴᠢᠯᠠᠯ᠎ᠤᠨ ᠬᠡᠷᠡᠭᠴᠡᠭᠡ ᠵᠢ ᠲᠠᠰᠤᠷᠠᠯᠲᠠ ᠦᠭᠡᠢ ᠬᠠᠩᠭ᠋ᠠᠬᠤ ᠵᠢᠨ ᠲᠥᠯᠥᠭᠡ᠂ ᠰᠢᠯᠢ ᠵᠢᠨ ᠭᠣᠣᠯ ᠠᠢ᠌ᠮᠠᠭ ᠲᠠᠪᠤᠨ ᠲᠠᠯ᠎ᠠ᠎ᠪᠠᠷ ᠵᠢᠭᠤᠯᠴᠢᠯᠠᠭᠴᠢᠳ᠎ᠲᠤ ᠳᠣᠲᠣᠨᠣᠰᠤᠭ ᠦᠢ᠍ᠯᠡᠴᠢᠯᠡᠭᠡ ᠬᠠᠩᠭ᠋ᠠᠬᠤ ᠪᠣᠯᠣᠨ᠎ᠠ᠃

      ᠨᠢᠭᠡ᠎ᠳᠤ᠂ ᠥᠪᠡᠷᠲᠡᠭᠡᠨ ᠲᠡᠷᠭᠡ ᠵᠢᠯᠤᠭᠣᠳᠬᠤ ᠵᠢᠭᠤᠯᠴᠢᠯᠠᠭᠴᠢᠳ ᠰᠢᠯᠢ ᠵᠢᠨ ᠭᠣᠣᠯ ᠠᠢ᠌ᠮᠠᠭ᠎ᠲᠤ ᠵᠠᠮ ᠬᠠᠷᠢᠯᠴᠠᠭ᠋ᠠᠨ᠎ᠤ ᠲᠠᠯ᠎ᠠ᠎ᠪᠠᠷ ᠬᠠᠤᠯᠢ ᠵᠢ ᠬᠥᠩᠭᠡᠪᠲᠦᠷ ᠵᠥᠷᠢᠴᠡᠬᠦ᠎ᠳᠤ᠂ ᠤᠶᠠᠨ ᠬᠠᠲᠠᠨ ᠴᠢᠨᠠᠷᠲᠠᠢ᠎ᠪᠠᠷ ᠬᠠᠤᠯᠢ ᠬᠡᠷᠡᠭᠵᠢᠭᠦᠯᠬᠦ ᠵᠢ ᠪᠠᠷᠢᠮᠲᠠᠯᠠᠨ᠂ ᠰᠤᠷᠭ᠋ᠠᠨ ᠬᠥᠮᠥᠵᠢᠭᠦᠯᠬᠦ᠎ᠪᠠᠷ ᠭᠣᠣᠯᠯᠠᠨ᠂ 《ᠠᠩᠬᠠᠳᠠᠭᠴᠢ ᠵᠥᠷᠢᠴᠡᠯ᠎ᠢ ᠲᠣᠷᠭ᠋ᠠᠭᠤᠯᠢ᠎ᠠᠴᠠ ᠬᠡᠯᠲᠦᠷᠢᠭᠦᠯᠦᠨ᠎ᠡ》᠃ ᠬᠣᠶᠠᠷ᠎ᠲᠤ᠂ ᠠᠢ᠌ᠮᠠᠭ᠎ᠤᠨ ᠳᠣᠲᠣᠭ᠋ᠠᠳᠤ᠎ᠳᠤ᠎ᠪᠠᠨ ᠥᠪᠡᠷᠲᠡᠭᠡᠨ ᠲᠡᠷᠭᠡ ᠵᠢᠯᠤᠭᠣᠳᠬᠤ ᠵᠢᠭᠤᠯᠴᠢᠯᠠᠭᠴᠢᠳ᠎ᠤᠨ ᠵᠠᠮ ᠬᠠᠷᠢᠯᠴᠠᠭ᠋ᠠᠨ᠎ᠤ ᠠᠳᠡᠯ᠎ᠢ ᠲᠦᠷᠭᠡᠨ ᠰᠢᠢ᠍ᠳᠪᠦᠷᠢᠯᠡᠨ᠎ᠡ᠃ ᠬᠠᠤᠯᠢ ᠴᠠᠭ᠋ᠠᠵᠠ ᠵᠢᠨ ᠲᠣᠭᠲᠠᠭ᠋ᠠᠭᠰᠠᠨ ᠬᠡᠪᠴᠢᠶᠡᠨ᠎ᠳᠤ᠂ ᠥᠪᠡᠷᠲᠡᠭᠡᠨ ᠲᠡᠷᠭᠡ ᠵᠢᠯᠤᠭᠣᠳᠬᠤ ᠵᠢᠭᠤᠯᠴᠢᠯᠠᠭᠴᠢᠳ᠎ᠲᠤ ᠬᠣᠯᠪᠣᠭᠳᠠᠬᠤ ᠵᠠᠮ ᠬᠠᠷᠢᠯᠴᠠᠭ᠋ᠠᠨ᠎ᠤ ᠠᠳᠠᠯ᠎ᠳᠤ ᠲᠦᠷᠭᠡᠨ ᠰᠢᠢ᠍ᠳᠪᠦᠷᠢᠯᠡᠬᠦ ᠵᠠᠷᠴᠢᠮ᠎ᠢ ᠨᠠᠢ᠌ᠳᠠᠪᠤᠷᠢᠵᠢᠭᠤᠯᠤᠨ᠎ᠠ᠃ ᠭᠤᠷᠪᠠ᠎ᠳᠤ᠂ 《ᠠᠭᠤᠳᠠᠮ ᠲᠠᠯ᠎ᠠ- ᠰᠢᠯᠢ ᠵᠢᠨ ᠭᠣᠣᠯ》 ᠰᠣᠶᠣᠯ ᠵᠢᠭᠤᠯᠴᠢᠯᠠᠯ᠎ᠤᠨ ᠠᠯᠪᠠᠨ᠎ᠤ ᠣᠯᠠᠨ ᠨᠡᠶ᠋ᠢᠲᠡ ᠵᠢᠨ ᠸᠢᠴᠠᠲ ᠲᠠᠪᠴᠠᠩ᠎ᠠᠴᠠ ᠭᠣᠣᠯᠳᠠᠯᠭ᠎ᠠ᠎ᠲᠠᠢ ᠵᠢᠭᠤᠯᠴᠢᠯᠠᠯ᠎ᠤᠨ ᠦᠵᠡᠮᠵᠢ ᠵᠢᠨ ᠣᠷᠣᠨ᠎ᠤ ᠴᠠᠭ ᠠᠭᠤᠷ᠎ᠤᠨ ᠤᠷᠢᠳᠴᠢᠯᠠᠭᠰᠠᠨ ᠮᠡᠳᠡᠭᠡ ᠵᠢ ᠡᠳᠦᠷ ᠪᠦᠷᠢ ᠬᠦᠷᠭᠡᠨ᠎ᠡ᠃ ᠳᠥᠷᠪᠡ᠎ᠳᠤ᠂ ᠵᠢᠭᠤᠯᠴᠢᠯᠠᠯ᠎ᠤᠨ ᠦᠢ᠍ᠯᠡᠴᠢᠯᠡᠭᠡᠨ᠎ᠤ ᠠᠷᠠᠳ᠎ᠲᠤ ᠲᠥᠬᠦᠮ ᠦᠵᠡᠭᠦᠯᠬᠦ ᠬᠠᠯᠠᠮᠰᠢᠯ ᠤᠲᠠᠰᠤᠨ᠎ᠤ ᠦᠢ᠍ᠯᠡᠴᠢᠯᠡᠭᠡᠨ᠎ᠤ ᠶᠠᠰᠤ ᠴᠢᠨᠠᠷ ᠪᠠ ᠦᠢ᠍ᠯᠡᠳᠦᠯ ᠴᠢᠳᠠᠪᠤᠷᠢ ᠵᠢ ᠲᠠᠰᠤᠷᠠᠯᠲᠠ ᠦᠭᠡᠢ ᠳᠡᠭᠡᠭᠰᠢᠯᠡᠭᠦᠯᠵᠦ᠂ 12345 ᠵᠠᠰᠠᠭ᠎ᠤᠨ ᠶᠠᠪᠤᠳᠠᠯ᠎ᠤᠨ ᠦᠢ᠍ᠯᠡᠴᠢᠯᠡᠭᠡᠨ᠎ᠤ ᠠᠷᠠᠳ᠎ᠲᠤ ᠲᠥᠬᠦᠮ ᠦᠵᠡᠭᠦᠯᠬᠦ ᠬᠠᠯᠠᠮᠰᠢᠯ ᠤᠲᠠᠰᠤᠨ᠎ᠳᠤ ᠵᠢᠭᠤᠯᠴᠢᠯᠠᠯ᠎ᠤᠨ ᠠᠰᠠᠭᠤᠨ ᠯᠠᠪᠯᠠᠬᠤ ᠲᠤᠰᠬᠠᠢ ᠰᠠᠭᠤᠳᠠᠯ ᠭᠠᠷᠭ᠋ᠠᠵᠤ᠂ ᠵᠢᠭᠤᠯᠴᠢᠯᠠᠯ᠎ᠤᠨ ᠠᠰᠠᠭᠤᠨ ᠯᠠᠪᠯᠠᠬᠤ ᠦᠢ᠍ᠯᠡᠴᠢᠯᠡᠭᠡᠨ᠎ᠤ ᠠᠰᠠᠭᠤᠳᠠᠯ᠎ᠢ ᠭᠥᠯᠢᠶᠡᠨ ᠠᠪᠴᠤ ᠰᠢᠢ᠍ᠳᠪᠦᠷᠢᠯᠡᠵᠦ᠂ ᠭᠤᠶᠤᠴᠢᠯᠠᠯ ᠪᠠᠢ᠌ᠪᠠᠯ ᠵᠠᠪᠠᠯ ᠬᠦᠯᠢᠶᠡᠵᠦ᠂ ᠭᠤᠶᠤᠴᠢᠯᠠᠯ ᠪᠠᠢ᠌ᠪᠠᠯ ᠵᠠᠪᠠᠯ ᠬᠠᠷᠢᠭᠤᠯᠬᠤ ᠵᠢ ᠪᠡᠶᠡᠯᠡᠭᠦᠯᠦᠨ᠎ᠡ᠃ ᠲᠠᠪᠤ᠎ᠳᠤ᠂ ᠪᠥᠬᠦ ᠠᠢ᠌ᠮᠠᠭ᠎ᠤᠨ ᠡᠯ᠎ᠡ ᠭᠠᠵᠠᠷ ᠴᠢᠨᠠᠷ ᠰᠠᠢ᠌ᠲᠠᠢ ᠵᠢᠭᠤᠯᠴᠢᠯᠠᠯ᠎ᠤᠨ ᠬᠡᠷᠡᠭᠯᠡᠭᠡᠨ᠎ᠤ ᠣᠷᠴᠢᠨ ᠨᠥᠬᠥᠴᠡᠯ᠎ᠢ ᠪᠣᠶ ᠪᠣᠯᠭ᠋ᠠᠵᠤ᠂ ᠢᠳᠡᠭᠡᠨ ᠤᠮᠳᠠᠭ᠋ᠠᠨ᠂ ᠬᠣᠨᠣᠭ ᠪᠠᠭᠤᠳᠠᠯ᠂ ᠵᠠᠮ ᠬᠠᠷᠢᠯᠴᠠᠭ᠎ᠠ᠂ ᠪᠠᠷᠠᠭ᠎ᠠ ᠬᠤᠳᠠᠯᠳᠤᠭ᠎ᠠ᠂ ᠵᠤᠭ᠎ᠠ ᠴᠡᠩᠭᠡᠯ ᠵᠡᠷᠭᠡ ᠬᠣᠯᠪᠣᠭᠳᠠᠯ ᠪᠦᠬᠦᠢ ᠬᠦᠷᠢᠶᠡᠨ᠎ᠳᠠᠬᠢ ᠵᠢᠭᠤᠯᠴᠢᠯᠠᠭᠴᠢᠳ᠎ᠲᠤ ᠦᠢ᠍ᠯᠡᠴᠢᠯᠡᠬᠦ ᠪᠠᠲᠤᠯᠠᠭ᠎ᠠ ᠵᠢᠨ ᠠᠵᠢᠯ᠎ᠢ ᠰᠠᠢ᠌ᠲᠤᠷ ᠬᠢᠵᠦ᠂ ᠠᠯᠪᠠᠳᠠᠯᠭ᠎ᠠ᠎ᠪᠠᠷ ᠠᠷᠠᠯᠵᠢᠶᠠᠯᠠᠬᠤ᠂ ᠬᠤᠳᠠᠯ ᠬᠠᠭᠤᠷᠮᠠᠭ ᠵᠶ᠋ᠠᠷ ᠤᠬᠠᠭᠤᠯᠬᠤ᠂ ᠠᠶᠠᠨᠴᠢᠳ᠎ᠢ ᠮᠡᠬᠡᠯᠡᠵᠦ ᠬᠢᠬᠠᠬᠤ ᠵᠡᠷᠭᠡ ᠬᠠᠤᠯᠢ ᠲᠣᠭᠲᠠᠭ᠋ᠠᠯ᠎ᠠᠴᠠ ᠵᠥᠷᠢᠴᠡᠭᠰᠡᠨ ᠦᠢ᠍ᠯᠡ ᠠᠵᠢᠯᠯᠠᠭ᠎ᠠ ᠵᠢ ᠡᠷᠡᠰ ᠬᠣᠷᠢᠭᠯᠠᠨ᠎ᠠ᠃

      ᠣᠢ᠌ᠷ᠎ᠠ ᠵᠢᠨ ᠵᠢᠯ᠎ᠤᠳ᠎ᠲᠤ᠂ ᠰᠢᠯᠢ ᠵᠢᠨ ᠭᠣᠣᠯ ᠠᠢ᠌ᠮᠠᠭ ᠵᠢᠭᠤᠯᠴᠢᠯᠠᠯ᠎ᠤᠨ ᠦᠢ᠍ᠯᠡᠰ᠎ᠤᠨ ᠬᠥᠭᠵᠢᠯᠲᠡ᠎ᠪᠠᠨ ᠶᠡᠬᠡ᠎ᠪᠠᠷ ᠠᠬᠢᠭᠤᠯᠵᠤ᠂ ᠵᠢᠭᠤᠯᠴᠢᠯᠠᠯ᠎ᠤᠨ ᠰᠠᠭᠤᠷᠢ ᠲᠥᠬᠦᠭᠡᠷᠦᠮᠵᠢ᠎ᠪᠠᠨ ᠲᠠᠰᠤᠷᠠᠯᠲᠠ ᠦᠭᠡᠢ ᠳᠡᠭᠡᠭᠰᠢᠯᠡᠭᠦᠯᠦᠨ᠂ ᠵᠢᠭᠤᠯᠴᠢᠯᠠᠯ᠎ᠤᠨ ᠦᠢ᠍ᠯᠡᠰ᠎ᠤᠨ ᠪᠠᠢ᠌ᠳᠠᠯ ᠵᠶ᠋ᠠᠨ ᠪᠠᠶᠠᠯᠢᠭᠵᠢᠭᠤᠯᠵᠤ᠂ ᠦᠢ᠍ᠯᠡᠴᠢᠯᠡᠭᠡᠨ᠎ᠤ ᠲᠦᠪᠰᠢᠨ᠎ᠢ ᠳᠡᠭᠡᠭᠰᠢᠯᠡᠭᠦᠯᠦᠨ᠂ ᠵᠢᠭᠤᠯᠴᠢᠯᠠᠯ᠎ᠤᠨ ᠡᠮᠬᠢ ᠳᠢᠭᠯᠢᠮ ᠵᠶ᠋ᠠᠨ ᠵᠢᠷᠤᠮᠵᠢᠭᠤᠯᠵᠤ᠂ 《ᠶᠠᠪᠤᠬᠤ᠎ᠳᠤ ᠰᠠᠨᠠᠭ᠎ᠠ᠎ᠪᠠᠷ᠂ ᠬᠣᠨᠣᠭᠯᠠᠬᠤ᠎ᠳᠤ ᠰᠡᠳᠬᠢᠯ ᠠᠮᠤᠷ᠂ ᠢᠳᠡᠬᠦ᠎ᠳᠤ ᠰᠠᠨᠠᠭ᠎ᠠ ᠠᠮᠤᠷ᠂ ᠨᠠᠭ᠋ᠠᠳᠬᠤ᠎ᠳᠤ ᠪᠠᠶᠠᠷ ᠬᠦᠷ᠎ᠲᠠᠢ᠂ ᠬᠤᠳᠠᠯᠳᠤᠨ ᠠᠪᠬᠤ᠎ᠳᠤ ᠬᠠᠨᠤᠮᠵᠢᠲᠠᠶ᠂ ᠵᠤᠭ᠋ᠠᠴᠠᠬᠤ᠎ᠳᠤ ᠲᠠᠭ᠋ᠠᠯᠠᠮᠵᠢᠲᠠᠢ》 ᠰᠠᠢ᠌ᠨ ᠰᠠᠢ᠌ᠬᠠᠨ ᠵᠢᠭᠤᠯᠴᠢᠯᠠᠯ᠎ᠤᠨ ᠣᠷᠴᠢᠨ ᠨᠥᠬᠥᠴᠡᠯ᠎ᠢ ᠪᠥᠬᠦ ᠬᠦᠴᠦᠨ ᠵᠶ᠋ᠠᠷ ᠵᠶ᠋ᠠᠨ ᠪᠣᠶ ᠪᠣᠯᠭ᠋ᠠᠵᠤ ᠪᠠᠢ᠌ᠨ᠎ᠠ᠃

ᠢᠷᠡᠯᠲᠡ᠄ ᠦᠪᠦᠷ ᠮᠣᠩᠭᠤᠯ᠎ᠤᠨ ᠵᠠᠰᠠᠭ᠎ᠤᠨ ᠣᠷᠳᠤᠨ
          
ᠬᠠᠮᠢᠶ᠎ᠡ ᠪᠦᠬᠦᠢ ᠰᠣᠨᠢᠨ
 
            