ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠰᠤᠷᠠᠭ ᠵᠠᠩᠬᠢ
ᠬᠡᠷᠡᠭᠯᠡᠭᠡ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠢᠨ ᠮᠡᠳᠡᠭᠡ   -   ᠠᠶ᠋ᠢᠮᠠᠭ ᠬᠤᠲᠠ᠎ᠶᠢᠨ ᠰᠣᠨᠣᠰᠬᠠᠯ
ᠼᠦᠢ ᠵᠢᠩ ᠶᠢᠩ ᠦᠬᠠᠢ ᠨᠠᠭᠤᠷ᠎ᠤᠨ ᠰᠡᠯᠡᠭᠦᠴᠡᠯ ᠠᠮᠠᠷᠠᠯᠲᠠ ᠵᠢᠨ ᠵᠢᠭᠤᠯᠴᠢᠯᠠᠯ᠎ᠤᠨ ᠣᠷᠣᠨ᠎ᠤ ᠨᠡᠭᠡᠭᠡᠯᠲᠡ ᠡᠵᠡᠩᠨᠡᠯᠲᠡ ᠵᠢᠨ ᠠᠵᠢᠯ᠎ᠳᠤ ᠪᠠᠶ᠋ᠢᠴᠠᠭ᠋ᠠᠨ ᠰᠤᠳᠤᠯᠤᠯᠲᠠ ᠬᠢᠪᠡ
ᠨᠡᠶᠢᠲᠡᠯᠡᠭᠰᠡᠨ ᠴᠠᠭ᠄ 2024-12-03


   12 ᠰᠠᠷ᠎ᠠ ᠵᠢᠨ 2᠎ᠤᠨ ᠡᠳᠦᠷ᠂ ᠬᠤᠲᠠ ᠵᠢᠨ ᠨᠠᠮ᠎ᠤᠨ ᠬᠤᠷᠢᠶᠠᠨ᠎ᠤ ᠳᠡᠳ᠋ ᠱᠦᠵᠢ᠂ ᠬᠤᠲᠠ ᠵᠢᠨ ᠳᠠᠷᠤᠭ᠎ᠠ ᠼᠦᠢ ᠵᠢᠩ ᠶᠢᠩ ᠦᠬᠠᠶ ᠨᠠᠭᠤᠷ᠎ᠤᠨ ᠰᠡᠯᠡᠭᠦᠴᠡᠯ ᠠᠮᠠᠷᠠᠯᠲᠠ ᠵᠢᠨ ᠵᠢᠭᠤᠯᠴᠢᠯᠠᠯ᠎ᠤᠨ ᠣᠷᠣᠨ᠎ᠤ ᠨᠡᠭᠡᠭᠡᠯᠲᠡ ᠡᠵᠡᠩᠨᠡᠯᠲᠡ ᠵᠢᠨ ᠠᠵᠢᠯ᠎ᠳᠤ ᠪᠠᠶ᠋ᠢᠴᠠᠭ᠋ᠠᠨ ᠰᠤᠳᠤᠯᠤᠯᠲᠠ ᠬᠢᠪᠡ᠃ ᠬᠤᠳᠠ ᠵᠢᠨ ᠳᠡᠳ᠋ ᠳᠠᠷᠤᠭ᠎ᠠ ᠵᠠᠩ ᠶᠦᠩ ᠣᠷᠣᠯᠴᠠᠪᠠ᠃ ᠼᠦᠢ ᠵᠢᠩ ᠶᠢᠩ ᠨᠡᠷ ᠤᠷᠢᠳ ᠬᠤᠵᠢᠳ ᠦᠬᠠᠢ ᠨᠠᠭᠤᠷ᠎ᠤᠨ ᠨᠢᠭᠡᠳᠦᠭᠡᠷ ᠨᠣᠮᠧᠷᠲᠤ ᠭᠠᠷᠠᠮ᠂ ᠡᠯᠡᠰᠦᠨ ᠴᠦᠯ᠎ᠤᠨ ᠬᠤᠸᠠᠷᠠᠨ ᠵᠡᠷᠭᠡ ᠭᠠᠵᠠᠷ᠎ᠲᠤ ᠬᠦᠷᠴᠦ᠂ ᠦᠵᠡᠮᠵᠢ ᠵᠢᠨ ᠣᠷᠣᠨ᠎ᠤ ᠨᠡᠭᠡᠭᠡᠯᠲᠡ ᠡᠵᠡᠩᠨᠡᠯᠲᠡ᠂ ᠢᠵᠢ ᠪᠦᠷᠢᠳᠦᠭᠦᠯᠬᠦ ᠲᠥᠬᠦᠭᠡᠷᠦᠮᠵᠢ ᠵᠢᠨ ᠪᠦᠳᠦᠭᠡᠨ ᠪᠠᠶ᠋ᠢᠭᠤᠯᠤᠯᠲᠠ ᠪᠣᠯᠤᠨ ᠤᠯᠤᠰ᠎ᠤᠨ ᠲᠡᠰ᠎ᠤᠨ ᠵᠢᠭᠤᠯᠴᠢᠯᠠᠯ᠎ᠤᠨ ᠠᠮᠠᠷᠠᠯᠲᠠ ᠵᠢᠨ ᠣᠷᠣᠨ᠎ᠢ ᠡᠭᠦᠳᠦᠨ ᠪᠠᠶ᠋ᠢᠭᠤᠯᠤᠭᠰᠠᠨ ᠠᠵᠢᠯ᠎ᠤᠨ ᠪᠠᠶ᠋ᠢᠳᠠᠯ᠎ᠢ᠎ᠨᠢ ᠨᠠᠷᠢᠨ ᠣᠶ᠋ᠢᠯᠠᠭ᠋ᠠᠪᠠ᠃ ᠼᠦᠢ ᠵᠢᠩ ᠶᠢᠩ ᠬᠡᠯᠡᠭᠰᠡᠨ᠎ᠨᠢ᠂ ᠦᠬᠠᠢ ᠨᠠᠭᠤᠷ᠎ᠤᠨ ᠰᠡᠯᠡᠭᠦᠴᠡᠯ ᠠᠮᠠᠷᠠᠯᠲᠠ ᠵᠢᠨ ᠵᠢᠭᠤᠯᠴᠢᠯᠠᠯ᠎ᠤᠨ ᠣᠷᠣᠨ ᠎ᠳᠤ ᠡᠯᠡᠰᠦ ᠳᠠᠯᠠᠢ ᠬᠠᠷᠢᠯᠴᠠᠨ ᠲᠦᠰᠢᠭᠯᠡᠯᠴᠡᠵᠦ᠂ ᠬᠥᠭᠵᠢᠯᠲᠡ ᠵᠢᠨ ᠳᠠᠯᠳᠠ ᠬᠦᠴᠦᠨ ᠯᠤᠲᠤ ᠶᠡᠭᠡ ᠪᠠᠶ᠋ᠢᠨ᠎ᠠ᠂ ᠡᠨᠡ ᠬᠦ᠌ ᠡᠬᠢ ᠪᠠᠶᠠᠯᠢᠭ᠎ᠤᠨ ᠳᠠᠪᠠᠭᠤᠯᠢᠭ ᠵᠶ᠋ᠠᠨ ᠭᠦᠢ᠍ᠴᠡᠳ ᠠᠰᠢᠭᠯᠠᠵᠤ᠂ ᠠᠭᠤᠯᠠ᠂ ᠤᠰᠤ᠂ ᠡᠯᠡᠰᠦ ᠵᠡᠷᠭᠡ ᠤᠨᠴᠠᠯᠢᠬᠳᠤ ᠵᠢᠭᠤᠯᠴᠢᠯᠠᠯ᠎ᠤᠨ ᠡᠬᠢ ᠪᠠᠶᠠᠯᠢᠭ᠎ᠢ ᠨᠢᠭᠡᠳᠦᠯᠲᠡᠢ ᠲᠥᠯᠥᠪᠵᠢᠭᠦᠯᠦᠨ ᠲᠥᠯᠥᠪᠯᠡᠵᠦ᠂ 《ᠢᠳᠡᠬᠦ ᠤᠤᠭᠤᠬᠤ ᠵᠤᠭ᠋ᠠᠴᠠᠬᠤ ᠬᠤᠳᠠᠯᠳᠤᠨ ᠠᠪᠬᠤ ᠴᠡᠩᠭᠡᠬᠦ》᠎ᠤᠨ ᠬᠡᠷᠡᠭᠴᠡᠭᠡ ᠱᠠᠭ᠋ᠠᠷᠳᠠᠯᠭ᠎ᠠ ᠵᠢᠨ ᠲᠣᠭᠤᠷᠢᠨ᠎ᠳᠤ᠂ ᠵᠢᠭᠤᠯᠴᠢᠯᠠᠯ᠎ᠤᠨ ᠢᠵᠢ ᠪᠦᠷᠢᠳᠦᠭᠦᠯᠬᠦ ᠲᠥᠬᠦᠭᠡᠷᠦᠮᠵᠢ ᠵᠢᠨ ᠳᠤᠲᠠᠭᠤᠳᠠᠯ ᠵᠶ᠋ᠠᠨ ᠴᠢᠨᠠᠭᠰᠢᠳᠠ ᠨᠥᠬᠦᠪᠥᠷᠢᠯᠡᠵᠦ᠂ ᠭᠠᠵᠠᠷ ᠣᠷᠣᠨ᠎ᠤ ᠪᠠᠶ᠋ᠢᠳᠠᠯ᠎ᠳᠠᠭᠠᠨ ᠲᠤᠬᠢᠷᠠᠭᠤᠯᠤᠨ ᠨᠢᠭᠡ ᠪᠦᠯᠦᠭ ᠰᠢᠯᠢᠳᠡᠭ ᠪᠦᠷᠢᠳᠦᠭᠦᠯᠬᠦ᠎ᠤᠨ ᠲᠦᠷᠦᠯ ᠵᠦᠢ᠍ᠯ ᠪᠣᠯᠤᠨ ᠪᠦᠷᠢᠳᠦᠭᠦᠯᠬᠦ᠎ᠤᠨ ᠵᠠᠮ ᠱᠤᠭᠤᠮ᠎ᠢ ᠲᠥᠰᠦᠪᠯᠡᠵᠦ᠂ ᠦᠬᠠᠢ ᠵᠢᠨ ᠣᠨᠴᠠᠯᠢᠭ᠎ᠲᠠᠢ ᠰᠣᠶᠣᠯ᠎ᠤᠨ ᠡᠭᠦᠳᠦᠯᠲᠡ ᠵᠢᠨ ᠪᠦᠲᠦᠭᠡᠭᠳᠡᠬᠦᠨ᠎ᠢ ᠡᠭᠦᠳᠴᠦ᠂ ᠬᠤᠳᠠ ᠵᠢᠨ ᠠᠷᠠᠳ ᠪᠣᠯᠤᠨ ᠵᠤᠭ᠋ᠠᠴᠠᠭᠰᠠᠳ᠎ᠤᠨ ᠤᠯᠠᠨ ᠶᠠᠩᠵᠤ ᠵᠢᠨ ᠬᠡᠷᠡᠭᠴᠡᠭᠡ ᠵᠢ ᠨᠡᠩ ᠰᠠᠶ᠋ᠢᠲᠤᠷ ᠬᠠᠩᠭ᠋ᠠᠬᠤ ᠬᠡᠷᠡᠭᠲᠡᠢ᠃ ᠤᠬᠠᠭᠤᠯᠤᠨ ᠳᠡᠯᠭᠡᠷᠡᠭᠦᠯᠬᠦ ᠡᠷᠴᠢᠮ ᠵᠶ᠋ᠠᠨ ᠴᠢᠩᠭ᠋ᠠᠷᠠᠭᠤᠯᠵᠤ᠂ ᠨᠠᠷᠢᠨ ᠨᠢᠮᠪᠠᠶ ᠤᠬᠠᠭ᠋ᠠᠯᠠᠨ ᠲᠥᠯᠥᠪᠯᠡᠵᠦ᠂ ᠲᠠᠪᠠᠭᠤᠯᠢᠭ ᠪᠠᠶ᠋ᠢᠳᠠᠯ ᠪᠤᠯᠤᠨ ᠬᠦᠴᠦᠨ ᠵᠶ᠋ᠠᠨ ᠥᠷᠭᠡᠨ ᠵᠶ᠋ᠠᠷ ᠠᠰᠢᠭᠯᠠᠵᠤ᠂ ᠡᠯ᠎ᠡ ᠲᠥᠷᠥᠯ᠎ᠤᠨ ᠲᠠᠪᠴᠠᠩ᠎ᠤᠨ ᠠᠴᠢᠶᠠᠯᠠᠪᠤᠷᠢ᠎ᠳᠤ ᠲᠦᠰᠢᠭᠯᠡᠨ᠂ 《ᠡᠯᠡᠰᠦᠨ ᠴᠦᠯ᠎ᠳᠤ ᠲᠡᠯᠡᠶ ᠵᠢ ᠦᠵᠡᠬᠦ · ᠳᠤᠮᠳᠠᠳᠤ ᠤᠯᠤᠰ᠎ᠤᠨ ᠦᠬᠠᠶ》 ᠵᠢ ᠦᠷᠭᠦᠯᠵᠢᠯᠡᠨ ᠨᠥᠯᠥᠭᠡᠯᠡᠬᠦ ᠬᠦᠴᠦᠨ ᠪᠠ ᠥᠪᠡᠷᠮᠢᠴᠡ ᠲᠠᠲᠠᠬᠤ ᠬᠦᠴᠦᠨ᠎ᠲᠠᠢ ᠰᠣᠶᠣᠯ ᠵᠢᠭᠤᠯᠴᠢᠯᠠᠯ᠎ᠤᠨ ᠨᠠᠷᠠᠲᠤ ᠲᠥᠷᠥᠯ ᠲᠡᠮᠳᠡᠭᠲᠦ ᠪᠣᠯᠭ᠋ᠠᠬᠤ ᠬᠡᠷᠡᠭᠲᠡᠶ᠃ ᠠᠯᠠᠱ᠌ᠠ ᠠᠶ᠋ᠢᠮᠠᠭ᠎ᠯᠤᠭ᠎ᠠ ᠵᠢᠨ ᠵᠢᠭᠤᠯᠴᠢᠯᠠᠯ᠎ᠤᠨ ᠬᠠᠮᠲᠤᠷᠠᠯᠴᠠᠭ᠋ᠠᠨ᠎ᠤ ᠭᠠᠷᠳᠠᠬᠤ ᠴᠢᠭ᠎ᠢ ᠣᠨᠣᠪᠴᠢᠲᠠᠢ ᠣᠯᠵᠤ᠂ ᠵᠢᠭᠤᠯᠴᠢᠯᠠᠯ᠎ᠤᠨ ᠲᠥᠬᠦᠭᠡᠷᠦᠮᠵᠢ ᠵᠢᠨ ᠬᠤᠯᠪᠣᠯᠳᠤᠨ ᠨᠡᠪᠲᠡᠷᠡᠯᠴᠡᠬᠦ᠂ ᠵᠢᠭᠤᠯᠴᠢᠯᠠᠯ᠎ᠤᠨ ᠱᠤᠭᠤᠮ᠎ᠢ ᠵᠣᠯᠭ᠋ᠠᠭᠤᠯᠵᠤ ᠨᠡᠶ᠋ᠢᠳᠬᠡᠬᠦ ᠵᠡᠷᠭᠡ ᠲᠠᠯ᠎ᠠ᠎ᠪᠠᠷ ᠬᠠᠮᠲᠤᠷᠠᠯᠴᠠᠨ ᠨᠡᠭᠡᠭᠡᠨ ᠬᠥᠭᠵᠢᠭᠦᠯᠬᠦ ᠡᠷᠴᠢᠮ ᠵᠶ᠋ᠠᠨ ᠦᠷᠭᠦᠯᠵᠢᠯᠡᠨ ᠴᠢᠩᠭ᠋ᠠᠷᠠᠭᠤᠯᠵᠤ᠂ ᠳᠠᠪᠠᠭᠤᠯᠢᠭ ᠵᠶ᠋ᠠᠨ ᠬᠠᠷᠢᠯᠴᠠᠨ ᠨᠥᠬᠦᠪᠥᠷᠢᠯᠡᠬᠦ᠂ ᠬᠠᠷᠢᠯᠴᠠᠨ ᠠᠰᠢᠭᠲᠠᠢ ᠬᠠᠮᠲᠤᠪᠠᠷ ᠠᠰᠢᠭ ᠬᠦᠷᠳᠡᠬᠦ ᠣᠷᠣᠨ ᠪᠦᠰᠡ ᠵᠢᠨ ᠬᠠᠮᠲᠤᠷᠠᠯᠴᠠᠭ᠋ᠠᠨ᠎ᠤ ᠰᠢᠨ᠎ᠡ ᠪᠠᠶ᠋ᠢᠳᠠᠯ᠎ᠢ ᠬᠦᠴᠦᠯᠡᠨ ᠪᠠᠶ᠋ᠢᠭᠤᠯᠬᠤ ᠬᠡᠷᠡᠭᠲᠡᠢ ᠭᠡᠵᠡᠢ᠃

ᠢᠷᠡᠯᠲᠡ᠄ ᠦᠬᠠᠢ ᠬᠤᠲᠠ ᠵᠢᠨ ᠠᠷᠠᠳ᠎ᠤᠨ ᠵᠠᠰᠠᠭ᠎ᠤᠨ ᠣᠷᠳᠣᠨ
          
ᠬᠠᠮᠢᠶ᠎ᠡ ᠪᠦᠬᠦᠢ ᠰᠣᠨᠢᠨ
ᠦᠬᠠᠶ ᠵᠢᠨ ᠡᠪᠦᠯ᠎ᠤᠨ ᠤᠯᠠᠷᠢᠯ᠎ᠤᠨ ᠨᠠᠭ᠋ᠠᠳᠤᠮ᠎ᠤᠨ ᠰᠣᠶᠣᠯ ᠲᠠᠮᠢᠷ ᠵᠢᠭᠤᠯᠴᠢᠯᠠᠯ᠎ᠤᠨ ᠰᠢᠷᠢᠰ ᠠᠵᠢᠯᠯᠠᠭ᠎ᠠ ᠡᠬᠢᠯᠡᠪᠡ
ᠲᠠᠩᠺ ᠦᠬᠡᠷ ᠫᠤᠤ᠎ᠲᠠᠢ ᠨᠢᠭᠲᠠ ᠣᠶ᠋ᠢᠷᠠᠲᠤᠯᠴᠠᠬᠤ
ᠬᠦᠮᠦᠨ᠎ᠤ ᠣᠷᠴᠢᠯᠠᠩ᠎ᠤᠨ ᠴᠡᠴᠡᠭ ᠪᠦᠵᠢᠭ᠎ᠲᠤ ᠤᠯᠤᠰ᠎ᠤᠨ ᠤᠷᠤᠰᠬᠠᠯ᠎ᠢ ᠰᠣᠨᠢᠷᠬᠠᠬᠤ
ᠳᠤᠯᠤᠭ᠋ᠠᠨ ᠥᠩᠭᠡᠲᠦ ᠡᠬᠡ ᠭᠠᠵᠠᠷ᠎ᠲᠤ ᠴᠡᠴᠡᠭ ᠰᠣᠨᠢᠷᠬᠠᠭ᠋ᠠᠷᠠᠢ
ᠣᠬᠤᠷ ᠺᠢᠨᠣ᠋ 《ᠬᠤᠷᠢᠨ ᠳᠥᠷᠪᠡᠨ ᠴᠠᠭ》᠎ᠢ ᠳᠠᠭᠤᠰᠬᠠᠪᠠ
 
            