ᠠᠯᠲᠠᠨ ᠰᠢᠷᠭ᠋ᠠᠯ ᠡᠯᠡᠰᠤᠨ ᠲᠤᠬᠤᠢ ᠠᠮᠢ ᠠᠬᠤᠢ ᠵᠢᠨ ᠵᠤᠭ᠋ᠠᠴᠠᠯ᠎ᠤᠨ ᠤᠷᠤᠨ 2002 ᠤᠨ᠎ᠤ 4 ᠳ᠋ᠤᠭᠡᠷ ᠰᠠᠷ᠎ᠠ᠎ᠳᠤ ᠪᠠᠶ᠋ᠢᠭᠤᠯᠤᠭᠳᠠᠵᠦ᠂ 2012 ᠤᠨ᠎ᠤ ᠵᠢᠯ᠎ᠤᠨ ᠰᠡᠭᠦᠯᠴᠢ᠎ᠳᠤ ᠤᠯᠤᠰ᠎ᠤᠨ 4A ᠳᠡᠰ᠎ᠤᠨ ᠵᠢᠭᠤᠯᠴᠢᠯᠠᠯ ᠤᠨ ᠦᠵᠡᠮᠵᠢ ᠵᠢᠨ ᠤᠷᠤᠨ ᠵᠶ᠋ᠠᠷ ᠦᠨᠡᠯᠡᠭᠳᠡᠪᠡ᠃ ᠬᠠᠶ᠋ᠢᠷᠤᠪ᠎ᠤᠨ ᠲᠤᠬᠤᠢ ᠲᠤᠭᠤᠷᠢᠭ᠎ᠤᠨ ᠬᠤᠶ᠋ᠢᠨ᠎ᠠ 11 ᠺᠢᠯᠤᠮᠧᠳ᠋ᠷ᠎ᠳᠤ ᠪᠠᠶ᠋ᠢᠷᠢᠯᠠᠵᠦ ᠪᠤᠢ᠂ 3.5 ᠲᠦᠮᠡᠨ ᠮᠤ᠌ ᠭᠠᠵᠠᠷ ᠡᠵᠡᠯᠡᠵᠦ᠂ ᠦᠬᠠᠢ ᠵᠢᠨ ᠨᠢᠰᠭᠡᠯ᠎ᠤᠨ ᠪᠠᠭᠤᠳᠠᠯ᠎ᠠᠴᠠ ᠵᠦᠪᠬᠡᠨ 3 ᠺᠢᠯᠤᠮᠧᠳ᠋ᠷ ᠵᠠᠶ᠋ᠢᠲᠠᠢ᠃ ᠡᠯᠡᠰᠤᠨ ᠲᠤᠬᠤᠢ ᠲᠤᠳᠤᠷ᠎ᠠ ᠡᠮᠦᠨ᠎ᠡ ᠤᠮᠠᠷ᠎ᠠ ᠬᠤᠶᠠᠷ ᠡᠯᠡᠰᠤᠨ ᠠᠭᠤᠯᠠ᠎ᠨᠢ ᠬᠠᠷᠢᠯᠴᠠᠨ ᠪᠠᠷᠠᠯᠠᠵᠦ᠂ ᠶᠠᠭ ᠯᠤᠤ ᠴᠠᠭ᠋ᠠᠷᠢᠭᠯᠠᠨ ᠪᠠᠷᠰ ᠤᠴᠤᠶ᠋ᠢᠬᠤ ᠮᠡᠳᠤ᠃ ᠵᠡᠭᠦᠨ ᠬᠡᠰᠡᠭ᠎ᠤᠨ ᠡᠯᠡᠰᠤᠨ ᠠᠭᠤᠯᠠ ᠬᠠᠮᠤᠭ ᠦᠨᠳᠤᠷ ᠭᠠᠵᠠᠷ᠎ᠨᠢ 156 ᠮᠧᠳ᠋ᠷ᠎ᠳᠤ ᠬᠦᠷᠴᠦ᠂ ᠡᠯᠡᠰᠤᠨ ᠠᠭᠤᠯᠠ᠂ ᠡᠯᠡᠰᠤᠨ ᠬᠤᠳᠤᠭᠤᠷ᠎ᠤᠨ ᠬᠡᠯᠪᠡᠷᠢ ᠨᠢ ᠪᠤᠳᠤᠯᠢᠶᠠᠨᠲᠠᠢ᠂ ᠡᠯᠡᠰᠤ᠂ ᠠᠭᠤᠯᠠ᠂ ᠤᠰᠤ ᠨᠢᠭᠡ ᠴᠤᠭᠴᠠ ᠪᠤᠯᠭ᠋ᠠᠭᠰᠡᠨ ᠲᠤᠮᠦ ᠬᠡᠯᠪᠡᠷᠢ ᠵᠢᠨ ᠠᠮᠢ ᠠᠬᠤᠢ ᠵᠢᠨ ᠵᠤᠭ᠋ᠠᠴᠠᠯ᠎ᠤᠨ ᠤᠷᠤᠨ᠃ ᠵᠤᠭ᠋ᠠᠴᠠᠯ᠎ᠤᠨ ᠤᠷᠤᠨ᠎ᠤ ᠪᠦᠳᠤᠭᠡᠨ ᠪᠠᠶ᠋ᠢᠭᠤᠯᠤᠯᠲᠡ ᠵᠢᠨ ᠬᠠᠷᠠᠯᠲᠡ ᠪᠤᠯ ᠡᠯᠡᠰᠦ᠂ ᠠᠭᠤᠯᠠ᠂ ᠤᠰᠤ᠂ ᠤᠢ ᠰᠢᠭᠤᠢ᠂ ᠠᠮᠢ ᠠᠬᠤᠢ ᠵᠢᠨ ᠵᠠᠰᠠᠯᠲᠠ᠂ ᠰᠡᠯᠡᠭᠦᠴᠡᠯ᠎ᠤᠨ ᠪᠡᠶᠡᠴᠢ ᠤᠶ᠋ᠢᠯᠠᠭ᠋ᠠᠯᠲᠡ᠂ ᠵᠠᠩ ᠦᠢ᠍ᠯᠡ ᠵᠢᠨ ᠦᠵᠡᠭᠦᠯᠦᠯᠭᠡ᠂ ᠬᠡᠬᠡᠷ᠎ᠡ ᠵᠢᠨ ᠠᠮᠢᠳᠠᠨ ᠤᠷᠭᠤᠮᠠᠯ᠎ᠤᠨ ᠰᠤᠳᠤᠯᠤᠯ᠂ ᠬᠦᠳᠡᠭᠡ ᠠᠶ᠋ᠢᠯ᠎ᠤᠨ ᠬᠤᠭᠤᠯᠠ ᠤᠮᠳᠠ᠂ ᠲᠠᠷᠢᠵᠦ ᠲᠡᠵᠢᠭᠡᠬᠦ ᠵᠢᠨ ᠵᠢᠱ᠌ᠢᠶ᠎ᠡ ᠦᠵᠡᠭᠦᠯᠬᠦ ᠪᠤᠯᠤᠨ ᠲᠤᠭᠤᠷᠢᠨ ᠦᠵᠡᠬᠦ ᠵᠤᠭ᠋ᠠᠴᠠᠯ᠎ᠢ ᠨᠢᠭᠡ ᠴᠤᠭᠴᠠᠵᠢᠭᠤᠯᠤᠭᠰᠡᠨ ᠲᠤᠮᠦ ᠬᠡᠯᠪᠡᠷᠢ ᠵᠢᠨ ᠠᠮᠢ ᠠᠬᠤᠢ ᠵᠢᠨ ᠵᠤᠭ᠋ᠠᠴᠠᠯ᠎ᠤᠨ ᠤᠷᠤᠨ᠃ ᠤᠳᠤ ᠨᠢᠭᠡᠨᠲᠡ ᠪᠠᠶ᠋ᠢᠭᠤᠯᠵᠦ ᠳᠠᠭᠤᠰᠤᠭᠰᠡᠨ ᠤᠨᠴᠠᠯᠢᠭ ᠪᠦᠬᠦᠢ ᠢᠳᠡᠭᠡᠨ ᠤᠮᠳᠠᠭ᠋ᠠᠨ᠎ᠤ ᠰᠤᠶᠤᠯ᠎ᠤᠨ ᠰᠤᠯᠠ ᠰᠡᠯᠡᠭᠦᠤ ᠠᠮᠠᠷᠠᠯᠲᠠ ᠵᠢᠨ ᠤᠷᠤᠨ᠂ ᠦᠵᠤᠮ᠎ᠤᠨ ᠬᠦᠷᠢᠶᠡᠯᠡᠩ ᠲᠤᠭᠤᠷᠢᠨ ᠦᠵᠡᠬᠦ᠂ ᠲᠡᠭᠦᠭᠦ ᠤᠷᠤᠨ᠂ ᠡᠯᠡᠰᠤᠨ ᠴᠦᠯ ᠰᠡᠯᠡᠭᠦᠴᠡᠯ ᠵᠤᠭ᠎ᠠ ᠴᠡᠩᠬᠡᠯ᠎ᠤᠨ ᠤᠷᠤᠨ᠂ ᠦᠵᠡᠮᠤᠷᠢ ᠵᠢᠨ ᠡᠪᠡᠰᠦ ᠮᠤᠳᠤ ᠴᠡᠴᠡᠭ ᠲᠠᠷᠢᠬᠤ ᠰᠠᠭᠤᠷᠢᠨ ᠭᠠᠵᠠᠷ ᠵᠡᠷᠭᠡ 5 ᠶᠡᠭᠡ ᠴᠢᠳᠠᠮᠵᠢᠳᠤ ᠤᠷᠤᠨ ᠪᠠᠶ᠋ᠢᠨ᠎ᠠ᠃