ᠯᠢ ᠺᠧ ᠴᠢᠶᠠᠩ ᠯᠢ ᠵᠠᠨ ᠱᠤ᠌ ᠸᠠᠩ ᠶᠠᠩ ᠸᠠᠩ ᠬᠤ᠌ ᠨᠢᠩ ᠵᠤᠤ ᠯᠧ ᠵᠢᠢ ᠬᠠᠨ ᠵᠧᠩ ᠸᠠᠩ ᠴᠢ ᠱᠠᠨ ᠦᠵᠡᠰᠬᠦᠯᠡᠩ᠎ᠢ ᠲᠣᠭᠤᠷᠢᠨ ᠦᠵᠡᠪᠡ
ᠳᠤᠮᠳᠠᠳᠤ ᠤᠯᠤᠰ᠎ᠤᠨ ᠠᠷᠠᠳ᠎ᠤᠨ ᠰᠠᠶ᠋ᠢᠨ ᠳᠤᠷ᠎ᠠ ᠵᠢᠨ ᠴᠡᠷᠢᠭ᠎ᠤᠨ ᠠᠮᠧᠷᠢᠺᠠ ᠵᠢ ᠡᠰᠡᠷᠭᠦᠴᠡᠵᠥ ᠰᠣᠯᠣᠩᠭᠤᠰ᠎ᠢ ᠲᠤᠰᠠᠯᠠᠬᠤ᠎ᠪᠠᠷ ᠭᠠᠳᠠᠭ᠋ᠠᠳᠤ᠎ᠳᠤ ᠭᠠᠷᠴᠤ ᠳᠠᠶ᠋ᠢᠨ ᠬᠢᠭᠰᠡᠨ 70 ᠵᠢᠯ᠎ᠤᠨ ᠣᠶ ᠵᠢᠨ ᠲᠠᠰᠢᠷᠠᠮ᠎ᠳᠤ᠂ ᠨᠠᠮ᠎ᠤᠨ ᠲᠥᠪ ᠬᠤᠷᠢᠶᠠᠨ᠎ᠤ ᠶᠡᠷᠦᠩᠬᠡᠶ ᠱᠦᠵᠢ᠂ ᠤᠯᠤᠰ᠎ᠤᠨ ᠲᠡᠷᠢᠭᠦᠯᠡᠭᠴᠢ᠂ ᠲᠥᠪ᠎ᠤᠨ ᠴᠡᠷᠢᠭ᠎ᠤᠨ ᠶᠠᠪᠤᠳᠠᠯ᠎ᠤᠨ ᠬᠤᠷᠢᠶᠠᠨ᠎ᠤ ᠲᠡᠷᠢᠭᠦᠯᠡᠭᠴᠢ ᠰᠢ ᠵᠢᠨ ᠫᠢᠩ 19᠎ᠤ ᠡᠳᠦᠷ ᠳᠤᠮᠳᠠᠳᠤ ᠤᠯᠤᠰ᠎ᠤᠨ ᠠᠷᠠᠳ᠎ᠤᠨ ᠬᠤᠪᠢᠰᠬᠠᠯᠲᠤ ᠴᠡᠷᠢᠭ᠎ᠤᠨ ᠶᠠᠪᠤᠳᠠᠯ᠎ᠤᠨ ᠮᠦᠽᠧᠶ᠎ᠳᠤ ᠬᠦᠷᠴᠦ᠂ 《ᠠᠭᠤᠤ ᠶᠡᠭᠡ ᠢᠯᠠᠯᠲᠠ ᠵᠢ ᠪᠠᠲᠤ ᠴᠡᠭᠡᠵᠢᠯᠡᠵᠦ ᠡᠩᠬᠡ ᠲᠠᠶ᠋ᠢᠪᠤᠩ ᠰᠢᠳᠤᠷᠭᠤ ᠶᠣᠰᠣ ᠵᠢ ᠬᠠᠮᠠᠭ᠋ᠠᠯᠠᠨᠠᠮ — ᠳᠤᠮᠳᠠᠳᠤ ᠤᠯᠤᠰ᠎ᠤᠨ ᠠᠷᠠᠳ᠎ᠤᠨ ᠰᠠᠶ᠋ᠢᠨ ᠳᠤᠷ᠎ᠠ ᠵᠢᠨ ᠴᠡᠷᠢᠭ᠎ᠤᠨ ᠠᠮᠧᠷᠢᠺᠠ ᠵᠢ ᠡᠰᠡᠷᠭᠦᠴᠡᠵᠦ ᠰᠣᠯᠣᠩᠭᠤᠰ᠎ᠢ ᠲᠤᠰᠠᠯᠠᠬᠤ᠎ᠪᠠᠷ ᠭᠠᠳᠠᠭ᠋ᠠᠳᠤ᠎ᠳᠤ ᠭᠠᠷᠴᠤ ᠳᠠᠶ᠋ᠢᠨ ᠬᠢᠭᠰᠡᠨ 70 ᠵᠢᠯ᠎ᠤᠨ ᠤᠢ ᠵᠢ ᠳᠤᠷᠠᠰᠬᠠᠬᠤ ᠭᠤᠣᠯ ᠰᠡᠳᠦᠪᠲᠦ ᠦᠵᠡᠰᠬᠦᠯᠡᠩ》᠎ᠢ ᠲᠣᠭᠤᠷᠢᠨ ᠦᠵᠡᠪᠡ᠃ ᠲᠡᠷᠡ᠂ 70 ᠵᠢᠯ᠎ᠤᠨ ᠡᠮᠦᠨ᠎ᠡ᠂ ᠡᠩᠬᠡ ᠲᠠᠶ᠋ᠢᠪᠤᠩ᠎ᠢ ᠬᠠᠮᠠᠭ᠋ᠠᠯᠠᠵᠤ ᠲᠦᠷᠢᠮᠡᠬᠡᠶ᠋ᠢᠯᠡᠯ᠎ᠢ ᠡᠰᠡᠷᠭᠦᠴᠡᠬᠦ ᠵᠢᠨ ᠲᠥᠯᠥᠭᠡ᠂ ᠳᠤᠮᠳᠠᠳᠤ ᠤᠯᠤᠰ᠎ᠤᠨ ᠨᠠᠮ ᠪᠣᠯᠤᠨ ᠵᠠᠰᠠᠭ᠎ᠤᠨ ᠣᠷᠳᠣᠨ ᠠᠮᠧᠷᠢᠺᠠ ᠵᠢ ᠡᠰᠡᠷᠭᠦᠴᠡᠵᠥ ᠰᠣᠯᠣᠩᠭᠤᠰ᠎ᠢ ᠲᠤᠰᠠᠯᠠᠬᠤ᠂ ᠤᠯᠤᠰ ᠭᠡᠷ ᠵᠶ᠋ᠠᠨ ᠬᠠᠮᠠᠭ᠋ᠠᠯᠠᠬᠤ ᠲᠡᠤᠬᠡᠲᠦ ᠴᠢᠨᠠᠷᠲᠠᠶ ᠰᠢᠢ᠍ᠳᠪᠦᠷᠢᠲᠦ ᠪᠣᠳᠣᠯᠭ᠎ᠠ ᠭᠠᠷᠭ᠋ᠠᠵᠤ᠂ ᠡᠷᠡᠯᠬᠡᠭ ᠪᠠᠭ᠋ᠠᠳᠤᠷᠯᠢᠭ ᠳᠤᠮᠳᠠᠳᠤ ᠤᠯᠤᠰ᠎ᠤᠨ ᠠᠷᠠᠳ᠎ᠤᠨ ᠰᠠᠶ᠋ᠢᠨ ᠳᠤᠷ᠎ᠠ ᠵᠢᠨ ᠴᠡᠷᠢᠭ ᠰᠢᠳᠤᠷᠭᠤ ᠶᠣᠰᠣᠨ᠎ᠤ ᠲᠤᠭ᠎ᠢ ᠥᠨᠳᠥᠷ ᠮᠠᠨᠳᠤᠭᠤᠯᠤᠨ᠂ ᠰᠣᠯᠣᠩᠭᠤᠰ᠎ᠤᠨ ᠠᠷᠠᠳ ᠲᠦᠮᠡᠨ ᠪᠠ ᠴᠡᠷᠢᠭ ᠠᠩᠭᠢ᠎ᠲᠠᠢ ᠬᠠᠮᠲᠤ᠎ᠪᠠᠷ ᠦᠬᠦᠵᠦ ᠰᠡᠬᠡᠬᠦ ᠵᠢ ᠬᠠᠶ᠋ᠢᠬᠤᠷᠤᠯ ᠦᠭᠡᠢ᠎ᠪᠠᠷ ᠴᠢᠰᠤᠳᠤ ᠪᠠᠶ᠋ᠢᠯᠳᠤᠭ᠋ᠠᠨ ᠬᠢᠵᠦ᠂ ᠠᠮᠧᠷᠢᠺᠠ ᠵᠢ ᠡᠰᠡᠷᠭᠦᠴᠡᠵᠥ ᠰᠣᠯᠣᠩᠭᠤᠰ᠎ᠢ ᠲᠤᠰᠠᠯᠠᠬᠤ ᠳᠠᠶ᠋ᠢᠨ᠎ᠤ ᠠᠭᠤᠤ ᠶᠡᠭᠡ ᠢᠯᠠᠯᠲᠠ ᠵᠢ ᠣᠯᠵᠤ᠂ ᠳᠡᠯᠡᠬᠡᠶ ᠵᠢᠨ ᠡᠩᠬᠡ ᠲᠠᠶ᠋ᠢᠪᠤᠩ ᠪᠣᠯᠤᠨ ᠬᠥᠮᠦᠨ ᠲᠥᠷᠥᠯᠬᠢᠲᠡᠨ᠎ᠤ ᠳᠠᠪᠰᠢᠯᠲᠤ ᠦᠶᠯᠡᠰ᠎ᠲᠤ ᠯᠤᠲᠤ ᠶᠡᠭᠡ ᠬᠤᠪᠢ ᠨᠡᠮᠡᠷᠢ ᠦᠵᠡᠭᠦᠯᠵᠠᠢ᠃ ᠠᠮᠧᠷᠢᠺᠠ ᠵᠢ ᠡᠰᠡᠷᠭᠦᠴᠡᠵᠥ ᠰᠣᠯᠣᠩᠭᠤᠰ᠎ᠢ ᠲᠤᠰᠠᠯᠠᠬᠤ ᠳᠠᠶ᠋ᠢᠨ᠎ᠤ ᠢᠯᠠᠯᠲᠠ ᠪᠣᠯ ᠰᠢᠳᠤᠷᠭᠤ ᠶᠣᠰᠣᠨ᠎ᠤ ᠢᠯᠠᠯᠲᠠ᠂ ᠡᠩᠬᠡ ᠲᠠᠶ᠋ᠢᠪᠤᠩ᠎ᠤᠨ ᠢᠯᠠᠯᠲᠠ᠂ ᠠᠷᠠᠳ ᠲᠦᠮᠡᠨ᠎ᠤ ᠢᠯᠠᠯᠲᠠ ᠮᠥᠨ᠃ ᠠᠮᠧᠷᠢᠺᠠ ᠵᠢ ᠡᠰᠡᠷᠭᠦᠴᠡᠵᠥ ᠰᠣᠯᠣᠩᠭᠤᠰ᠎ᠢ ᠲᠤᠰᠠᠯᠠᠬᠤ ᠳᠠᠶ᠋ᠢᠨ᠎ᠤ ᠲᠠᠪᠳᠠᠵᠦ ᠪᠦᠷᠢᠯᠳᠦᠬᠦᠯᠦᠭᠰᠡᠨ ᠠᠮᠧᠷᠢᠺᠠ ᠵᠢ ᠡᠰᠡᠷᠭᠦᠴᠡᠵᠦ ᠰᠣᠯᠣᠩᠭᠤᠰ᠎ᠢ ᠲᠤᠰᠠᠯᠠᠬᠤ ᠠᠭᠤᠤ ᠶᠡᠭᠡ ᠵᠣᠷᠢᠭ ᠰᠠᠨᠠᠭ᠎ᠠ ᠪᠤᠯ ᠡᠷᠬᠢᠮ ᠨᠠᠨᠳᠢᠨ ᠤᠶᠤᠨ᠎ᠤ ᠡᠳ᠋ ᠪᠠᠶᠠᠯᠢᠭ ᠮᠥᠨ᠂ ᠡᠨᠡ᠎ᠨᠢ ᠳᠤᠮᠳᠠᠳᠤ ᠤᠯᠤᠰ᠎ᠤᠨ ᠠᠷᠠᠳ ᠲᠦᠮᠡᠨ ᠪᠣᠯᠤᠨ ᠳᠤᠮᠳᠠᠳᠤ ᠵᠢᠨ ᠦᠨᠳᠦᠰᠦᠲᠡᠨ᠎ᠤ ᠠᠯᠢᠪᠠ ᠬᠦᠴᠢᠷ ᠪᠡᠷᠬᠡᠰᠢᠶᠡᠯ ᠬᠠᠷᠰᠢ ᠰᠠᠭ᠋ᠠᠳ᠎ᠢ ᠢᠯᠠᠨ ᠳᠠᠪᠠᠵᠤ᠂ ᠠᠯᠢᠪᠠ ᠬᠦᠴᠦᠷᠬᠡᠭ ᠶᠡᠭᠡ ᠳᠠᠶ᠋ᠢᠰᠤᠨ᠎ᠢ ᠢᠯᠠᠨ ᠳᠠᠪᠠᠭ᠍ᠤ ᠵᠢ ᠤᠷᠮᠠᠰᠢᠭᠤᠯᠬᠤ᠎ᠨᠢ ᠯᠠᠪᠲᠠᠶ᠃ ᠳᠤᠮᠳᠠᠳᠤ ᠤᠯᠤᠰ᠎ᠤᠨ ᠠᠷᠠᠳ᠎ᠤᠨ ᠰᠠᠶ᠋ᠢᠨ ᠳᠤᠷ᠎ᠠ ᠵᠢᠨ ᠴᠡᠷᠢᠭ᠎ᠤᠨ ᠪᠠᠭ᠋ᠠᠲᠤᠷᠯᠢᠭ ᠦᠢ᠍ᠯᠡ ᠠᠵᠢᠯᠯᠠᠭ᠎ᠠ ᠪᠣᠯᠤᠨ ᠬᠤᠪᠢᠰᠬᠠᠯᠲᠤ ᠵᠣᠷᠢᠭ ᠰᠠᠨᠠᠭ᠎ᠠ ᠵᠢ ᠭᠦᠨᠵᠡᠭᠡᠶ ᠰᠤᠷᠤᠯᠴᠠᠨ ᠤᠬᠠᠭᠤᠯᠵᠤ᠂ ᠨᠠᠮ᠎ᠤᠨ ᠲᠡᠤᠬᠡ᠂ ᠰᠢᠨ᠎ᠡ ᠳᠤᠮᠳᠠᠳᠤ ᠤᠯᠤᠰ᠎ᠤᠨ ᠲᠡᠤᠬᠡ᠂ ᠥᠭᠡᠷᠡᠴᠢᠯᠡᠯᠲᠡ ᠨᠡᠭᠡᠭᠡᠯᠲᠡ ᠵᠢᠨ ᠲᠡᠤᠬᠡ᠂ ᠨᠡᠶ᠋ᠢᠭᠡᠮ ᠵᠢᠷᠤᠮ᠎ᠤᠨ ᠬᠥᠭᠵᠢᠯᠲᠡ ᠵᠢᠨ ᠲᠡᠤᠬᠡ ᠵᠢ ᠰᠠᠶ᠋ᠢᠲᠤᠷ ᠰᠤᠷᠤᠯᠴᠠᠵᠤ᠂ ᠪᠦᠬᠦ ᠨᠠᠮ ᠪᠦᠬᠦ ᠴᠡᠷᠢᠭ ᠪᠦᠬᠦ ᠤᠯᠤᠰ᠎ᠤᠨ ᠦᠨᠳᠦᠰᠦᠲᠡᠨ᠎ᠨᠦᠭᠦᠳ᠎ᠤᠨ ᠠᠷᠠᠳ ᠲᠦᠮᠡᠨ᠎ᠤ ᠨᠠᠮ᠎ᠤᠨ ᠲᠥᠪ ᠬᠤᠷᠢᠶᠠᠨ᠎ᠤ ᠲᠣᠭᠤᠷᠢᠨ᠎ᠳᠤ ᠨᠡᠩ ᠨᠢᠭᠲᠠᠷᠠᠨ ᠪᠦᠯᠬᠦᠮᠳᠡᠭᠦ ᠵᠢ ᠤᠷᠮᠠᠰᠢᠭᠤᠯᠵᠦ᠂ ᠤᠭ ᠰᠠᠨᠠᠭ᠎ᠠ ᠡᠭᠦᠷᠭᠡ ᠬᠠᠷᠢᠭᠤᠴᠠᠯᠭ᠎ᠠ᠎ᠪᠠᠨ ᠪᠠᠲᠤ ᠴᠡᠭᠡᠵᠢᠯᠡᠵᠦ᠂ ᠵᠠᠪᠠᠯ ᠢᠯᠠᠬᠤ ᠢᠲᠡᠭᠡᠯ ᠵᠣᠷᠢᠭ ᠵᠶ᠋ᠠᠨ ᠪᠠᠲᠤᠳᠬᠠᠨ᠂ ᠲᠡᠮᠡᠴᠡᠯ᠎ᠤᠨ ᠵᠣᠷᠢᠭ ᠰᠠᠨᠠᠭ᠎ᠠ ᠵᠢ ᠪᠠᠳᠠᠷᠠᠭᠤᠯᠵᠤ᠂ ᠲᠡᠮᠡᠴᠡᠯ᠎ᠤᠨ ᠴᠢᠳᠠᠪᠤᠷᠢ᠎ᠪᠠᠨ ᠨᠡᠮᠡᠭᠳᠡᠭᠦᠯᠵᠦ᠂ ᠴᠢᠨᠡᠭᠡᠯᠢᠭ ᠨᠡᠶ᠋ᠢᠭᠡᠮ᠎ᠢ ᠪᠦᠬᠦ ᠲᠠᠯ᠎ᠠ᠎ᠪᠠᠷ ᠪᠡᠶᠡᠯᠡᠭᠦᠯᠬᠦ ᠰᠢᠶᠳᠪᠦᠷᠢᠲᠦ ᠢᠯᠠᠯᠲᠠ ᠵᠢ ᠣᠯᠬᠤ᠂ ᠰᠢᠨ᠎ᠡ ᠴᠠᠭ ᠦᠶ᠎ᠡ ᠵᠢᠨ ᠳᠤᠮᠳᠠᠳᠤ ᠤᠯᠤᠰ᠎ᠤᠨ ᠣᠨᠴᠠᠯᠢᠭ᠎ᠲᠠᠢ ᠨᠡᠶ᠋ᠢᠭᠡᠮ ᠵᠢᠷᠤᠮ᠎ᠤᠨ ᠠᠭᠤᠤ ᠶᠡᠭᠡ ᠢᠯᠠᠯᠲᠠ ᠵᠢ ᠣᠯᠬᠤ᠂ ᠳᠤᠮᠳᠠᠳᠤ ᠵᠢᠨ ᠵᠡᠭᠦᠳᠦ ᠴᠡᠷᠢᠭ᠎ᠢ ᠬᠦᠴᠦᠷᠬᠡᠭᠵᠢᠭᠦᠯᠬᠦ ᠵᠡᠭᠦᠳᠦ᠎ᠪᠠᠨ ᠲᠡᠷᠭᠡᠯᠰᠢᠭᠦᠯᠬᠦ ᠵᠢᠨ ᠲᠥᠯᠥᠭᠡ ᠴᠥᠬᠦᠷᠡᠰᠢ ᠦᠭᠡᠢ ᠲᠡᠮᠡᠴᠡᠵᠤ᠂ ᠳᠡᠯᠡᠬᠡᠶ ᠵᠢᠨ ᠡᠩᠬᠡ ᠲᠠᠶ᠋ᠢᠪᠤᠩ᠎ᠢ ᠬᠠᠮᠠᠭ᠋ᠠᠯᠠᠬᠤ᠂ ᠬᠥᠮᠦᠨ ᠲᠥᠷᠥᠯᠬᠢᠲᠡᠨ᠎ᠤ ᠬᠤᠪᠢ ᠵᠠᠶᠠᠭ᠋ᠠᠨ᠎ᠤ ᠬᠠᠮᠲᠤ ᠵᠢᠨ ᠴᠣᠭᠴᠠ ᠵᠢᠨ ᠪᠠᠶ᠋ᠢᠭᠤᠯᠤᠯᠲᠠ ᠵᠢ ᠠᠬᠢᠭᠤᠯᠬᠤ᠎ᠳᠤ ᠨᠠᠩ ᠶᠡᠭᠡ ᠬᠤᠪᠢ ᠨᠡᠮᠡᠷᠢ ᠦᠵᠡᠭᠦᠯᠬᠦ ᠬᠡᠷᠡᠭᠲᠡᠶ ᠭᠡᠵᠤ ᠴᠢᠬᠤᠯᠠᠴᠢᠯᠠᠪᠠ᠃
ᠯᠢ ᠺᠧ ᠴᠢᠶᠠᠩ᠂ ᠯᠢ ᠵᠠᠨ ᠱᠦ᠍᠂ ᠸᠠᠩ ᠶᠠᠩ᠂ ᠸᠠᠩ ᠬᠤ᠌ ᠨᠢᠩ᠂ ᠵᠤᠤ ᠯᠧ ᠵᠢᠢ᠂ ᠬᠠᠨ ᠵᠧᠩ᠂ ᠸᠠᠩ ᠴᠢ ᠱᠠᠨ ᠦᠵᠡᠰᠬᠦᠯᠡᠩ᠎ᠢ ᠲᠣᠭᠤᠷᠢᠨ ᠦᠵᠡᠪᠡ᠃

10 ᠰᠠᠷ᠎ᠠ ᠵᠢᠨ 19᠎ᠤ ᠡᠳᠤᠷ᠂ ᠨᠠᠮ ᠪᠠ ᠲᠦᠷᠦ ᠵᠢᠨ ᠤᠳᠤᠷᠢᠳᠤᠯᠭ᠎ᠠ ᠰᠢ ᠵᠢᠨ ᠫᠢᠩ᠂ ᠯᠢ ᠺᠧ ᠴᠢᠶᠠᠩ᠂ ᠯᠢ ᠵᠠᠨ ᠱᠤ᠌᠂ ᠸᠠᠩ ᠶᠠᠩ᠂ ᠸᠠᠩ ᠬᠤ᠌ ᠨᠢᠩ᠂ ᠵᠤᠤ ᠯᠧ ᠵᠢᠢ᠂ ᠬᠠᠨ ᠵᠧᠩ᠂ ᠸᠠᠩ ᠴᠢ ᠱᠠᠨ ᠨᠠᠷ ᠳᠤᠮᠳᠠᠳᠤ ᠤᠯᠤᠰ᠎ᠤᠨ ᠠᠷᠠᠳ᠎ᠤᠨ ᠬᠤᠪᠢᠰᠬᠠᠯᠲᠤ ᠴᠡᠷᠢᠭ᠎ᠤᠨ ᠶᠠᠪᠤᠳᠠᠯ᠎ᠤᠨ ᠮᠦᠽᠧᠶ᠎ᠳᠤ ᠬᠦᠷᠴᠦ᠂ 《ᠠᠭᠤᠤ ᠶᠡᠭᠡ ᠢᠯᠠᠯᠲᠠ ᠵᠢ ᠪᠠᠲᠤ ᠴᠡᠭᠡᠵᠢᠯᠡᠵᠦ ᠡᠩᠬᠡ ᠲᠠᠶ᠋ᠢᠪᠤᠩ ᠰᠢᠳᠤᠷᠭᠤ ᠶᠣᠰᠣ ᠵᠢ ᠬᠠᠮᠠᠭ᠋ᠠᠯᠠᠨᠠᠮ — ᠳᠤᠮᠳᠠᠳᠤ ᠤᠯᠤᠰ᠎ᠤᠨ ᠠᠷᠠᠳ᠎ᠤᠨ ᠰᠠᠶ᠋ᠢᠨ ᠳᠤᠷ᠎ᠠ ᠵᠢᠨ ᠴᠡᠷᠢᠭ᠎ᠤᠨ ᠠᠮᠧᠷᠢᠺᠠ ᠵᠢ ᠡᠰᠡᠷᠭᠦᠴᠡᠵᠦ ᠰᠣᠯᠣᠩᠭᠤᠰ᠎ᠢ ᠲᠤᠰᠠᠯᠠᠬᠤ᠎ᠪᠠᠷ ᠭᠠᠳᠠᠭ᠋ᠠᠳᠤ᠎ᠳᠤ ᠭᠠᠷᠴᠤ ᠳᠠᠶ᠋ᠢᠨ ᠬᠢᠭᠰᠡᠨ 70 ᠵᠢᠯ᠎ᠤᠨ ᠤᠢ ᠵᠢ ᠳᠤᠷᠠᠰᠬᠠᠬᠤ ᠭᠤᠣᠯ ᠰᠡᠳᠦᠪᠲᠦ ᠦᠵᠡᠰᠬᠦᠯᠡᠩ》᠎ᠢ ᠲᠣᠭᠤᠷᠢᠨ ᠦᠵᠡᠪᠡ᠃
ᠰᠢᠨᠬᠤᠸᠠ ᠬᠤᠷᠢᠶᠠᠨ᠎ᠤ ᠰᠤᠷᠪᠤᠯᠵᠢᠯᠠᠭᠴᠢ ᠵᠢᠤᠢ ᠫᠧᠩ ᠰᠡᠬᠦᠳᠡᠷᠯᠡᠪᠡ
ᠦᠳᠡ ᠵᠢᠨ ᠬᠤᠶ᠋ᠢᠨᠠᠬᠢ 3 ᠴᠠᠭ 5 ᠮᠢᠨᠦ᠋ᠲ᠎ᠲᠤ᠂ ᠰᠢ ᠵᠢᠨ ᠫᠢᠩ ᠵᠡᠷᠭᠡ ᠨᠠᠮ ᠪᠠ ᠲᠦᠷᠦ ᠵᠢᠨ ᠤᠳᠤᠷᠢᠳᠬᠤ ᠨᠥᠬᠦᠳ ᠳᠤᠮᠳᠠᠳᠤ ᠤᠯᠤᠰ᠎ᠤᠨ ᠠᠷᠠᠳ᠎ᠤᠨ ᠬᠤᠪᠢᠰᠬᠠᠯᠳᠤ ᠴᠡᠷᠢᠭ᠎ᠤᠨ ᠶᠠᠪᠤᠳᠠᠯ᠎ᠤᠨ ᠮᠦᠽᠧᠢ᠎ᠳᠤ ᠬᠦᠷᠴᠦ᠂ ᠦᠵᠡᠭᠦᠯᠭᠡ ᠵᠢᠨ ᠲᠢᠩᠬᠢᠮ᠎ᠳᠤ ᠣᠷᠣᠵᠤ ᠦᠵᠡᠰᠬᠦᠯᠡᠩ᠎ᠢ ᠲᠣᠭᠤᠷᠢᠨ ᠦᠵᠡᠪᠡ᠃ ᠦᠵᠡᠰᠬᠦᠯᠡᠩ᠎ᠨᠢ ᠡᠬᠡ ᠣᠷᠣᠨᠴᠢ ᠦᠵᠡᠯ᠎ᠤᠨ ᠵᠣᠷᠢᠭ ᠰᠠᠨᠠᠭ᠎ᠠ ᠪᠣᠯᠤᠨ ᠬᠤᠪᠢᠰᠬᠠᠯᠲᠤ ᠪᠠᠭ᠋ᠠᠲᠤᠷᠯᠢᠭ ᠦᠵᠡᠯ᠎ᠤᠨ ᠵᠣᠷᠢᠭ ᠰᠠᠨᠠᠭ᠎ᠠ ᠵᠢ ᠪᠠᠳᠠᠷᠠᠭᠤᠯᠬᠤ ᠭᠤᠤᠯ ᠰᠡᠳᠦᠪ᠎ᠤᠨ ᠲᠤᠭᠤᠷᠢᠨ᠎ᠳᠤ ᠳᠤᠮᠳᠠᠳᠤ ᠤᠯᠤᠰ᠎ᠤᠨ ᠡᠪ ᠬᠠᠮᠲᠤ ᠨᠠᠮ᠂ ᠳᠤᠮᠳᠠᠳᠤ ᠤᠯᠤᠰ᠎ᠤᠨ ᠠᠷᠠᠳ ᠲᠦᠮᠡᠨ ᠪᠣᠯᠤᠨ ᠳᠤᠮᠳᠠᠳᠤ ᠤᠯᠤᠰ᠎ᠤᠨ ᠠᠷᠠᠳ ᠲᠦᠮᠡᠨ᠎ᠤ ᠰᠠᠶ᠋ᠢᠨ ᠳᠤᠷ᠎ᠠ ᠵᠢᠨ ᠴᠡᠷᠢᠭ ᠵᠶ᠋ᠠᠷ ᠭᠤᠤᠯ ᠬᠠᠷᠠᠭ᠋ᠠᠰᠤ ᠪᠣᠯᠭ᠋ᠠᠵᠤ᠂ ᠳᠠᠶ᠋ᠢᠨ᠎ᠤ ᠭᠤᠤᠯ ᠰᠢᠵᠢᠮ ᠵᠶ᠋ᠠᠷ ᠭᠤᠤᠯᠳᠠᠭᠤᠯᠤᠨ᠂ ᠳᠠᠶ᠋ᠢᠨ᠎ᠤ ᠲᠠᠯᠠᠪᠤᠷ᠎ᠤᠨ ᠦᠵᠡᠯᠴᠡᠭᠡᠨ᠎ᠢ ᠳᠣᠪᠤᠶ᠋ᠢᠯᠭ᠋ᠠᠵᠤ᠂ ᠤᠷᠤᠰᠢᠯ᠎ᠤᠨ ᠲᠢᠩᠭᠢᠮ᠂ 《ᠰᠢᠳᠤᠷᠭᠤ ᠶᠣᠰᠣ ᠵᠢ ᠵᠢᠷᠤᠮᠯᠠᠵᠦ ᠴᠡᠷᠢᠭ ᠲᠤᠮᠢᠯᠠᠬᠤ᠎ᠪᠠᠷ ᠰᠢᠢ᠍ᠳᠦᠭᠰᠡᠨ᠎ᠨᠢ》᠂ 《ᠬᠦᠳᠡᠯᠭᠡᠭᠡᠨ᠎ᠳᠤ ᠳᠠᠶ᠋ᠢᠨ ᠵᠶ᠋ᠠᠷ ᠳᠠᠶ᠋ᠢᠰᠤᠨ᠎ᠢ ᠰᠦᠨᠦᠭᠡᠵᠦ ᠳᠠᠶ᠋ᠢᠨ᠎ᠤ ᠹᠷᠤᠨᠲ᠎ᠢ ᠲᠤᠭᠳᠠᠪᠤᠷᠢᠵᠢᠭᠤᠯᠤᠭᠰᠠᠨ᠎ᠨᠢ》᠂ 《ᠪᠠᠶ᠋ᠢᠯᠳᠤᠭ᠋ᠠᠨ ᠵᠶ᠋ᠠᠷ ᠬᠡᠯᠡᠯᠴᠡᠭᠡ ᠬᠢᠬᠦ ᠵᠢ ᠠᠬᠢᠭᠤᠯᠵᠦ ᠪᠠᠶ᠋ᠢᠯᠳᠤᠬᠤ ᠲᠤᠲᠤᠮ ᠬᠦᠴᠦᠷᠬᠡᠭᠵᠢᠭᠰᠡᠨ᠎ᠨᠢ》᠂ 《ᠲᠠᠶ᠋ᠢᠨ᠎ᠢ ᠵᠣᠭᠰᠣᠭ᠋ᠠᠵᠤ ᠢᠯᠠᠯᠲᠠ᠎ᠲᠠᠢ᠎ᠪᠠᠷ ᠤᠯᠤᠰ᠎ᠲᠠᠭᠠᠨ ᠪᠤᠴᠠᠭᠰᠠᠨ᠎ᠨᠢ》᠂ 《ᠠᠮᠧᠷᠢᠺᠠ ᠵᠢ ᠡᠰᠡᠷᠭᠦᠴᠡᠵᠦ ᠰᠣᠯᠣᠩᠭᠤᠰ᠎ᠢ ᠲᠤᠰᠠᠯᠠᠬᠤ ᠲᠡᠶ᠋ᠢᠨ᠎ᠤ ᠢᠯᠠᠯᠲᠠ ᠵᠢ ᠤᠯᠤᠭᠰᠠᠨ ᠠᠭᠤᠤ ᠶᠡᠭᠡ ᠠᠴᠢ ᠬᠤᠯᠪᠣᠭᠳᠠᠯ ᠪᠠ ᠲᠡᠤᠬᠡᠲᠦ ᠬᠤᠪᠢ ᠨᠡᠮᠡᠷᠢ᠂ ᠲᠡᠭᠦᠰᠬᠡᠯ᠎ᠤᠨ ᠦᠭᠡ ᠵᠡᠷᠭᠡ 7 ᠬᠡᠰᠡᠭ ᠵᠶ᠋ᠠᠷ ᠨᠠᠷᠢᠯᠢᠭ ᠲᠦᠰᠦᠪᠯᠡᠵᠦ᠂ 《ᠣᠭ ᠰᠠᠨᠠᠭ᠎ᠠ᠎ᠪᠠᠨ ᠥᠯᠥ ᠮᠠᠷᠲᠠᠨ ᠡᠭᠦᠷᠭᠡ ᠬᠠᠷᠢᠭᠤᠴᠠᠯᠭ᠎ᠠ᠎ᠪᠠᠨ ᠪᠠᠲᠤ ᠴᠡᠭᠡᠵᠢᠯᠡᠵᠦ ᠦᠨᠢ ᠡᠭᠦᠷᠢᠳᠡ ᠲᠡᠮᠡᠴᠡᠬᠦ》 ᠲᠤᠰᠬᠠᠶ ᠰᠡᠳᠦᠪ ᠳᠣᠭᠢᠷᠠᠭᠤᠯᠤᠨ᠂ 540 ᠭᠠᠷᠤᠢ ᠭᠡᠷᠡᠯ ᠵᠢᠷᠤᠭ᠂ 1900 ᠭᠠᠷᠤᠢ ᠲᠡᠤᠬᠡ ᠵᠢᠨ ᠳᠤᠷᠠᠰᠬᠠᠯᠲᠤ ᠵᠦᠶᠯ ᠵᠢᠴᠢ ᠶᠡᠭᠡ ᠬᠡᠮᠵᠢᠶᠡᠨ᠎ᠤ ᠸᠢᠳᠢᠣ᠋᠂ ᠪᠣᠳᠠᠲᠤ ᠪᠣᠳᠠᠰ᠎ᠤᠨ ᠦᠵᠡᠮᠵᠢ ᠵᠡᠷᠭᠡ᠎ᠪᠠᠷ ᠳᠠᠮᠵᠢᠨ ᠴᠢᠬᠤᠯᠠ ᠶᠡᠭᠡ ᠰᠢᠶᠳᠪᠦᠷᠢᠲᠦ ᠪᠣᠳᠣᠯᠭ᠎ᠠ ᠲᠣᠭᠲᠠᠭ᠋ᠠᠭᠰᠠᠨ ᠶᠠᠪᠤᠴᠠ᠂ ᠴᠢᠬᠤᠯᠠ ᠶᠡᠭᠡ ᠲᠡᠤᠬᠡᠨ ᠬᠡᠷᠡᠭ ᠶᠠᠪᠤᠳᠠᠯ᠂ ᠴᠢᠬᠤᠯᠠ ᠳᠠᠶ᠋ᠢᠨ ᠪᠠᠶ᠋ᠢᠯᠳᠤᠭ᠋ᠠᠨ᠂ ᠴᠢᠬᠤᠯᠠ ᠲᠡᠤᠬᠡᠳᠦ ᠬᠥᠮᠦᠰ᠎ᠢ ᠭᠦᠶᠴᠡᠳ ᠦᠵᠡᠬᠦᠯᠦᠭᠰᠡᠨ ᠪᠦᠭᠡᠳ ᠤᠯᠤᠰ ᠲᠥᠷᠥ᠂ ᠠᠵᠤ ᠠᠬᠤᠶ᠂ ᠭᠠᠳᠠᠭ᠋ᠠᠳᠤ ᠬᠠᠷᠢᠯᠴᠠᠭ᠎ᠠ ᠵᠡᠷᠭᠡ ᠲᠠᠯ᠎ᠠ ᠵᠢᠨ ᠲᠡᠮᠡᠴᠡᠯ᠎ᠢ ᠴᠤ᠌ ᠵᠡᠷᠭᠡ᠎ᠪᠠᠷ ᠦᠵᠡᠬᠦᠯᠵᠤ᠂ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠠᠮᠧᠷᠢᠺᠠ ᠵᠢ ᠡᠰᠡᠷᠭᠦᠴᠡᠵᠥ ᠰᠣᠯᠣᠩᠭᠤᠰ᠎ᠢ ᠲᠤᠰᠠᠯᠠᠬᠤ ᠳᠠᠶ᠋ᠢᠨ᠎ᠢ ᠤᠳᠤᠷᠢᠳᠤᠭᠰᠠᠨ ᠭᠡᠷᠡᠯ ᠰᠠᠴᠤᠷᠠᠩᠭᠤᠶ ᠥᠩᠭᠡᠷᠡᠯᠲᠡ ᠪᠣᠯᠤᠨ ᠡᠷᠬᠢᠮ ᠨᠠᠨᠳᠢᠨ ᠲᠤᠷᠰᠢᠯᠭ᠎ᠠ ᠵᠢ ᠪᠦᠬᠦ ᠲᠠᠯ᠎ᠠ᠎ᠪᠠᠷ ᠡᠷᠭᠢᠴᠡᠭᠦᠯᠤᠨ᠂ ᠠᠮᠧᠷᠢᠺᠠ ᠵᠢ ᠡᠰᠡᠷᠭᠦᠴᠡᠵᠥ ᠰᠣᠯᠣᠩᠭᠤᠰ᠎ᠢ ᠲᠤᠰᠠᠯᠠᠬᠤ ᠠᠭᠤᠤ ᠶᠡᠭᠡ ᠵᠣᠷᠢᠭ ᠰᠠᠨᠠᠭ᠋ᠠᠨ᠎ᠤ ᠪᠠᠶᠠᠯᠢᠭ ᠠᠭᠤᠯᠤᠭᠳᠠᠬᠤᠨ ᠪᠣᠯᠤᠨ ᠴᠠᠭ ᠦᠶ᠎ᠡ ᠵᠢᠨ ᠦᠨ᠎ᠡ ᠥᠷᠲᠡᠭ᠎ᠢ ᠠᠮᠢᠳᠤᠯᠢᠭ ᠵᠶ᠋ᠠᠷ ᠲᠤᠰᠬᠠᠵᠤ᠂ ᠰᠠᠶ᠋ᠢᠨ ᠳᠤᠷ᠎ᠠ ᠵᠢᠨ ᠴᠡᠷᠢᠭ᠎ᠤᠨ ᠳᠠᠷᠤᠭ᠎ᠠ ᠪᠠᠶ᠋ᠢᠯᠳᠤᠭᠴᠢ ᠵᠢᠨ ᠡᠷᠡᠯᠬᠡᠭ ᠵᠣᠷᠢᠭ ᠪᠤᠯᠤᠨ ᠬᠦᠴᠦᠷᠬᠡᠭ ᠳᠠᠶ᠋ᠢᠰᠤᠨ᠎ᠠᠴᠠ ᠰᠦᠷᠳᠡᠬᠦ ᠦᠭᠡᠢ᠂ ᠬᠦᠴᠦᠷᠬᠡᠭ ᠳᠠᠶ᠋ᠢᠰᠤᠨ᠎ᠢ ᠢᠯᠠᠬᠤ ᠵᠣᠷᠢᠭ ᠰᠠᠨᠠᠭ᠋ᠠᠨ᠎ᠤ ᠳᠠᠪᠠᠭᠤᠯᠢᠭ᠎ᠢ ᠭᠤᠤᠯᠳᠠᠯᠭ᠎ᠠ᠎ᠲᠠᠢ ᠬᠠᠷᠠᠭᠤᠯᠵᠤ᠂ ᠪᠦᠬᠦ ᠤᠯᠤᠰ᠎ᠤᠨ ᠦᠨᠳᠦᠰᠦᠲᠡᠨ᠎ᠨᠦᠭᠦᠳ᠎ᠤᠨ ᠠᠷᠠᠳ ᠲᠦᠮᠡᠨ᠎ᠤ ᠥᠰᠢᠶᠡᠲᠡᠨ ᠳᠠᠶ᠋ᠢᠰᠤᠨ᠎ᠢ ᠬᠠᠮᠲᠤ᠎ᠪᠠᠷ ᠬᠤᠷᠣᠰᠤᠨ ᠲᠦᠮᠡᠨ ᠣᠯᠠᠨ ᠵᠶ᠋ᠠᠷ ᠵᠶ᠋ᠠᠨ ᠰᠡᠳᠬᠢᠯ ᠨᠢᠭᠡᠳᠬᠦ ᠤᠯᠤᠰ ᠵᠶ᠋ᠠᠨ ᠬᠠᠶ᠋ᠢᠷᠠᠯᠠᠬᠤ ᠰᠡᠳᠬᠢᠯᠭᠡ ᠵᠢ ᠬᠠᠷᠠᠭᠤᠯᠵᠤ᠂ ᠳᠤᠮᠳᠠᠳᠤ ᠵᠢᠨ ᠦᠨᠳᠦᠰᠦᠲᠡᠨ᠎ᠤ ᠬᠦᠴᠦᠷᠭᠡᠭᠯᠡᠯ᠎ᠠᠴᠠ ᠰᠦᠷᠳᠡᠬᠦ ᠦᠭᠡᠢ᠂ ᠡᠩᠬᠡ ᠲᠠᠶ᠋ᠢᠪᠤᠩ᠎ᠢ ᠬᠠᠮᠠᠭ᠋ᠠᠯᠠᠬᠤ ᠡᠷᠡᠰ ᠪᠠᠲᠤ ᠵᠣᠷᠢᠭ᠎ᠢ ᠬᠠᠷᠠᠭᠤᠯᠤᠭᠰᠠᠨ ᠪᠠᠶ᠋ᠢᠨ᠎ᠠ᠃
ᠰᠠᠶ᠋ᠢᠨ ᠳᠤᠷ᠎ᠠ ᠵᠢᠨ ᠴᠡᠷᠢᠭ᠎ᠤᠨ ᠪᠠᠶ᠋ᠢᠯᠳᠤᠭ᠋ᠠᠨ᠎ᠤ ᠳᠠᠭᠤᠤ ᠵᠢᠨ ᠬᠤᠪᠣᠷ ᠨᠠᠨᠳᠢᠨ ᠪᠢᠴᠢᠮᠡᠯ ᠡᠬᠡ ᠨᠤᠤᠷᠠᠭ᠂ ᠰᠤᠩᠭᠦ᠋ ᠤᠷᠭᠢᠯ᠎ᠳᠤ ᠰᠢᠷᠦᠭᠦᠨ ᠲᠤᠯᠤᠯᠳᠤᠬᠰᠠᠠ ᠪᠠᠶ᠋ᠢᠲᠠᠯ᠎ᠢ ᠦᠵᠡᠬᠦᠯᠦᠭᠰᠡᠨ ᠲᠣᠰᠣᠨ ᠪᠤᠳᠤᠬ᠎ᠤᠨ ᠵᠢᠷᠤᠭ᠂ ᠴᠠᠩᠵᠢᠨ ᠨᠠᠭᠤᠷ᠎ᠤᠨ ᠰᠢᠷᠦᠭᠦᠨ ᠪᠠᠶ᠋ᠢᠯᠲᠤᠭ᠋ᠠᠠ᠂ ᠱᠠᠩ ᠭᠠᠨ ᠯᠢᠩ ᠳᠠᠪᠠᠭ᠎ᠠ᠎ᠳᠤ ᠴᠢᠰᠦ᠎ᠲᠦ ᠪᠠᠶ᠋ᠢᠯᠲᠤᠭ᠋ᠠᠠ ᠬᠢᠭᠰᠡᠡ ᠵᠡᠷᠭᠡ ᠵᠢ ᠳᠤᠰᠬᠠᠭᠰᠠᠠ ᠦᠵᠡᠮᠵᠢ᠂ ᠣᠨᠴᠠ ᠲᠡᠰ᠎ᠤᠨ ᠪᠠᠭ᠋ᠠᠲᠤᠷ ᠬᠤᠸᠠᠩ ᠵᠢᠶ ᠭᠤᠸᠠᠩ᠎ᠤᠨ ᠪᠡᠶ᠎ᠡ ᠦᠷᠡᠭᠳᠡᠭᠰᠡᠨ ᠭᠠᠵᠠᠷ᠎ᠠᠴᠠ ᠮᠠᠯᠲᠠᠵᠤ ᠭᠠᠷᠭ᠋ᠠᠭᠰᠠᠨ ᠳᠡᠯᠪᠡᠴᠢᠬᠦ ᠰᠢᠳᠠᠮ᠎ᠤᠨ ᠲᠠᠮᠲᠤᠭ᠂ ᠣᠯᠵᠠᠯᠠᠭᠰᠠᠨ ᠵᠡᠪᠰᠡᠭ ᠲᠣᠨᠣᠭᠯᠠᠯ᠂ ᠤᠯᠤᠰ᠎ᠤᠨ ᠳᠣᠲᠣᠭ᠋ᠠᠳᠤ᠎ᠳᠤ ᠳᠠᠶ᠋ᠢᠨ᠎ᠳᠤ ᠣᠷᠣᠯᠴᠠᠵᠤ ᠡᠮᠦᠨ᠎ᠡ ᠹᠷᠣᠨᠲ᠎ᠢ ᠳᠡᠮᠵᠢᠭᠦ ᠦᠷᠨᠢᠯᠲᠠ ᠭᠠᠷᠭ᠋ᠠᠭᠰᠠᠠ ᠪᠠᠶ᠋ᠢᠳᠠᠯ᠎ᠢ ᠬᠠᠷᠠᠭᠤᠯᠤᠭᠰᠠᠠ ᠲᠡᠤᠬᠡᠨ ᠭᠡᠷᠡᠯ ᠵᠢᠷᠤᠭ᠂ ᠰᠣᠯᠣᠩᠭᠤᠰ᠎ᠤᠨ ᠳᠠᠶ᠋ᠢᠨ ᠵᠣᠭᠰᠣᠬᠤ ᠬᠡᠯᠡᠯᠴᠡᠭᠡᠷ᠎ᠤᠨ ᠭᠠᠷᠤᠨ ᠦᠰᠦᠭ ᠵᠢᠷᠤᠬᠤ ᠶᠣᠰᠣᠯᠠᠯ᠎ᠤᠨ ᠲᠤᠬᠠᠶ ᠵᠢᠨ ᠲᠠᠯᠠᠪᠠᠶ᠎ᠳᠤ ᠬᠡᠷᠡᠭᠯᠡᠭᠰᠡᠡ ᠪᠢᠴᠢᠭ᠎ᠤᠨ ᠬᠡᠷᠡᠭᠰᠡᠯ᠂ ᠰᠣᠯᠣᠩᠭᠤᠰ᠎ᠤᠨ ᠠᠷᠠᠳ ᠲᠦᠮᠡᠨ᠎ᠤ ᠰᠠᠶ᠋ᠢᠨ ᠳᠤᠷ᠎ᠠ ᠵᠢᠨ ᠴᠡᠷᠢᠭ᠎ᠲᠤ ᠬᠦᠷᠭᠡᠭᠰᠡᠨ ᠪᠡᠯᠡᠭ᠂ ᠠᠮᠧᠷᠢᠺᠠ ᠵᠢ ᠡᠰᠡᠷᠭᠦᠴᠡᠵᠦ ᠰᠣᠯᠣᠩᠭᠤᠰ᠎ᠢ ᠲᠤᠰᠠᠯᠠᠭᠰᠠᠨ ᠵᠢᠱ᠌ᠢᠶᠡᠴᠢ ᠵᠢᠨ ᠨᠡᠷᠡᠰ᠎ᠢ ᠰᠡᠶ᠋ᠢᠯᠦᠭᠰᠡᠨ ᠰᠢᠯ ᠬᠥᠰᠢᠭᠡᠲᠦ ᠬᠡᠷᠡᠮ ᠁ ᠡᠯᠪᠡᠭ ᠪᠠᠶᠠᠯᠢᠭ ᠲᠡᠦᠬᠡ ᠵᠢᠨ ᠳᠤᠷᠠᠰᠬᠠᠯᠲᠤ ᠵᠦᠢ᠍ᠯ᠂ ᠨᠠᠷᠢᠨ ᠪᠣᠳᠠᠲᠠᠢ ᠲᠤᠯᠭᠤᠷ ᠪᠢᠴᠢᠭ᠎ᠤᠨ ᠮᠠᠲ᠋ᠧᠷᠢᠶᠠᠯ᠂ ᠰᠢᠨ᠎ᠡ ᠰᠡᠪᠡᠭᠦᠨ ᠳᠡᠯᠭᠡᠨ ᠦᠵᠡᠭᠦᠯᠬᠦ ᠠᠷᠭ᠎ᠠ ᠪᠠᠷᠢᠯ᠎ᠨᠢ ᠰᠢ ᠵᠢᠨ ᠫᠢᠩ ᠵᠡᠷᠭᠡ ᠤᠳᠤᠷᠢᠳᠬᠤ ᠨᠥᠬᠦᠳ᠎ᠤᠨ ᠠᠩᠬᠠᠷᠤᠯ᠎ᠢ ᠲᠠᠲᠠᠪᠠ᠃ ᠲᠡᠳᠡ ᠪᠠᠶ᠋ᠢᠨ ᠪᠠᠶ᠋ᠢᠨ ᠵᠣᠭᠰᠣᠨ ᠨᠠᠷᠢᠨ ᠠᠵᠢᠠᠠᠯᠠᠵᠤ᠂ ᠲᠠᠶ᠋ᠢᠯᠪᠤᠷᠢᠯᠠᠯᠲᠠ ᠵᠢ ᠬᠢᠨᠠᠮᠠᠭ᠋ᠠᠢ ᠰᠣᠨᠣᠰᠴᠤ᠂ ᠬᠤᠯᠪᠣᠭᠳᠠᠯ ᠪᠦᠬᠦᠢ ᠪᠠᠶ᠋ᠢᠳᠠᠯ᠎ᠢ ᠨᠠᠷᠢᠨ ᠠᠰᠠᠭᠤᠨ ᠯᠠᠪᠯᠠᠵᠦ ᠪᠠᠶ᠋ᠢᠯ᠎ᠠ᠃
ᠪᠡᠭᠡᠵᠢᠩ᠎ᠳᠤ ᠪᠠᠶ᠋ᠢᠭ᠎ᠠ ᠨᠠᠮ᠎ᠤᠨ ᠲᠥᠪ ᠬᠤᠷᠢᠶᠠᠨ᠎ᠤ ᠤᠯᠤᠰ ᠲᠥᠷᠥ ᠵᠢᠨ ᠲᠣᠪᠴᠢᠶᠠᠨ᠎ᠤ ᠭᠡᠰᠢᠭᠦᠨ᠂ ᠨᠠᠮ᠎ᠤᠨ ᠲᠥᠪ ᠬᠤᠷᠢᠶᠠᠨ᠎ᠤ ᠱᠦᠵᠢ ᠨᠡᠷ᠎ᠤᠨ ᠭᠠᠵᠠᠷ᠎ᠤᠨ ᠱᠦᠵᠢ᠂ ᠪᠦᠬᠦ ᠤᠯᠤᠰ᠎ᠤᠨ ᠠᠷᠠᠳ᠎ᠤᠨ ᠲᠥᠯᠥᠭᠡᠯᠡᠭᠴᠢᠳ᠎ᠤᠨ ᠶᠡᠭᠡ ᠬᠤᠷᠠᠯ᠎ᠤᠨ ᠪᠠᠶ᠋ᠢᠩᠭᠤ ᠵᠢᠨ ᠬᠤᠷᠢᠶᠠᠨ᠎ᠤ ᠳᠡᠳ᠋ ᠬᠤᠷᠢᠶᠠᠨ ᠳᠠᠷᠤᠭ᠎ᠠ᠂ ᠲᠦᠷᠦ ᠵᠢᠨ ᠶᠠᠪᠤᠳᠠᠯ᠎ᠤᠨ ᠭᠡᠰᠢᠭᠦᠨ᠂ ᠠᠷᠠᠳ᠎ᠤᠨ ᠳᠡᠭᠡᠳᠦ ᠰᠢᠭᠦᠬᠦ ᠬᠤᠷᠢᠶᠠᠨ᠎ᠤ ᠳᠠᠷᠤᠭ᠎ᠠ᠂ ᠠᠷᠠᠳ᠎ᠤᠨ ᠳᠡᠭᠡᠳᠦ ᠪᠠᠶ᠋ᠢᠴᠠᠭ᠋ᠠᠬᠤ ᠬᠤᠷᠢᠶᠠᠨ᠎ᠤ ᠪᠠᠶ᠋ᠢᠴᠠᠭ᠋ᠠᠬᠤ ᠳᠠᠷᠤᠭ᠎ᠠ᠂ ᠪᠡᠭᠡᠵᠢᠩ᠎ᠳᠤ ᠪᠠᠶ᠋ᠢᠭ᠎ᠠ ᠪᠦᠬᠦ ᠤᠯᠤᠰ᠎ᠤᠨ ᠤᠯᠤᠰ ᠲᠦᠷᠦ ᠵᠢᠨ ᠵᠥᠪᠯᠡᠯᠭᠡᠨ᠎ᠤ ᠳᠡᠳ᠋ ᠲᠡᠷᠢᠭᠦᠯᠡᠭᠴᠢ ᠵᠢᠴᠢ ᠲᠥᠪ᠎ᠤᠨ ᠴᠡᠷᠢᠭ᠎ᠤᠨ ᠶᠠᠪᠤᠳᠠᠯ᠎ᠤᠨ ᠬᠤᠷᠢᠶᠠᠨ᠎ᠤ ᠭᠡᠰᠢᠭᠦᠳ ᠦᠵᠡᠰᠬᠦᠯᠡᠩ᠎ᠢ ᠲᠣᠭᠤᠷᠢᠨ ᠦᠵᠡᠵᠠᠢ᠃