12 ᠳ᠋ᠤᠭ᠋ᠠᠷ ᠰᠠᠷ᠎ᠠ ᠵᠢᠨ 7᠎ᠤ ᠡᠳᠦᠷ᠂ 《ᠦᠨᠢ ᠡᠭᠦᠷᠢᠳᠡ ᠨᠠᠮ ᠵᠶ᠋ᠠᠨ ᠳᠠᠭ᠋ᠠᠨ᠎ᠠ》 ᠬᠤᠪᠢᠰᠬᠠᠯᠲᠤ ᠺᠢᠨᠣ᠋ ᠵᠢᠨ ᠵᠠᠷᠯᠠᠯ᠎ᠤᠨ ᠦᠵᠡᠭᠦᠯᠭᠡ ᠥᠪᠥᠷ ᠮᠣᠩᠭᠣᠯ᠎ᠤᠨ ᠦᠵᠡᠰᠬᠦᠯᠡᠩ᠎ᠤᠨ ᠣᠷᠳᠣᠨ᠎ᠳᠤ ᠶᠠᠪᠤᠭᠳᠠᠪᠠ᠃
ᠲᠣᠰ ᠤᠳᠠᠭ᠋ᠠᠨ᠎ᠤ ᠦᠵᠡᠰᠬᠦᠯᠡᠩ᠎ᠨᠢ ᠵᠠᠭᠤᠨ ᠵᠢᠯ᠎ᠤᠨ ᠨᠠᠮ᠎ᠤᠨ ᠲᠡᠦᠬᠡ᠎ᠪᠠᠷ ᠭᠣᠤᠯ ᠰᠢᠵᠢᠮ ᠪᠣᠯᠭ᠋ᠠᠨ ᠳᠥᠷᠪᠡᠨ ᠬᠡᠰᠡᠭ ᠬᠤᠪᠢᠶᠠᠵᠤ᠂ ᠤᠭ ᠬᠡᠪᠯᠡᠯ᠎ᠤᠨ ᠬᠤᠪᠢᠰᠬᠠᠯᠲᠤ ᠺᠢᠨᠣ᠋ ᠵᠢᠨ ᠵᠠᠷᠯᠠᠯ᠎ᠢ 130 ᠭᠠᠷᠤᠶ ᠳᠡᠯᠭᠡᠨ ᠦᠵᠡᠭᠦᠯᠵᠦ᠂ ᠬᠣᠶᠠᠷ ᠬᠡᠮᠵᠢᠯᠳᠦ ᠺᠣᠳ᠋ ᠲᠣᠬᠢᠷᠠᠭᠤᠯᠵᠤ᠂ ᠺᠣᠳ᠋ ᠰᠢᠷᠪᠢᠪᠡᠯ ᠳᠠᠷᠤᠶ ᠺᠢᠨᠣ᠋ ᠵᠢᠨ ᠲᠣᠪᠴᠢ ᠲᠠᠨᠢᠯᠴᠠᠭᠤᠯᠭ᠎ᠠ ᠵᠢ ᠣᠢ᠌ᠯᠠᠭ᠋ᠠᠬᠤ ᠪᠤᠶᠤ ᠺᠢᠨᠣ᠋ ᠦᠵᠡᠵᠦ ᠪᠣᠯᠤᠨ᠎ᠠ; ᠡᠯ᠎ᠡ ᠴᠠᠭ ᠦᠶ᠎ᠡ ᠵᠢᠨ ᠺᠢᠨᠣ᠋ ᠭᠠᠷᠭ᠋ᠠᠬᠤ ᠮᠠᠰᠢᠨ᠂ ᠰᠡᠭᠦᠳᠡᠷᠯᠡᠬᠦ ᠮᠠᠰᠢᠨ᠂ ᠬᠠᠭᠤᠴᠢᠨ ᠺᠢᠨᠣ᠋ ᠵᠢᠨ ᠵᠦᠴᠦᠭᠡ ᠵᠢᠨ ᠳᠡᠪᠲᠡᠷ᠂ ᠬᠠᠭᠤᠴᠢᠨ ᠺᠢᠨᠣ᠋ ᠵᠢᠨ ᠰᠡᠳᠬᠦᠯ ᠵᠡᠷᠭᠡ ᠵᠢ 100 ᠭᠠᠷᠤᠶ ᠳᠡᠯᠭᠡᠨ ᠦᠵᠡᠭᠦᠯᠵᠦ᠂ ᠺᠢᠨᠣ᠋ ᠦᠵᠡᠬᠦ ᠲᠠᠯᠠᠪᠤᠷ ᠦᠵᠡᠮᠵᠢ᠂ ᠬᠠᠷᠢᠯᠴᠠᠨ ᠬᠥᠳᠡᠯᠦᠯᠴᠡᠬᠦ ᠣᠷᠣᠨ ᠵᠠᠶ ᠵᠡᠷᠭᠡ ᠵᠢ ᠪᠠᠢ᠌ᠭᠤᠯᠪᠠ᠃ ᠤᠯᠠᠨ ᠵᠦᠢ᠍ᠯ᠎ᠤᠨ ᠠᠷᠭ᠎ᠠ ᠬᠡᠯᠪᠡᠷᠢ᠎ᠪᠠᠷ ᠳᠠᠮᠵᠢᠭᠤᠯᠤᠨ᠂ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠠᠷᠠᠳ ᠲᠦᠮᠡᠨ᠎ᠢ ᠪᠦᠯᠬᠦᠮᠳᠡᠭᠦᠯᠦᠨ ᠳᠠᠭ᠋ᠠᠭᠤᠯᠵᠤ ᠵᠠᠭᠤᠨ ᠵᠢᠯ ᠡᠷᠡᠮᠡᠬᠡᠢ᠌ᠯᠡᠨ ᠤᠷᠤᠭᠰᠢᠯᠠᠵᠤ᠂ ᠡᠷᠢᠨ ᠵᠠᠭᠤᠨ᠎ᠤ ᠬᠦᠰᠡᠯ ᠵᠡᠭᠦᠳᠦ᠎ᠪᠠᠨ ᠬᠦᠭᠡᠭᠡᠴᠡᠯᠳᠦᠵᠦ ᠬᠦᠰᠡᠯ ᠵᠡᠭᠦᠳᠦ᠎ᠪᠠᠨ ᠲᠡᠷᠭᠡᠯᠰᠢᠭᠦᠯᠬᠦ ᠲᠡᠦᠬᠡᠨ ᠠᠶᠠᠨ᠎ᠢ ᠠᠮᠢᠳᠤᠯᠢᠭ ᠵᠶ᠋ᠠᠷ ᠳᠡᠯᠭᠡᠨ ᠦᠵᠡᠭᠦᠯᠪᠡ᠃
ᠦᠵᠡᠰᠬᠦᠯᠡᠩ᠎ᠤᠨ ᠵᠣᠷᠢᠯᠭ᠎ᠠ᠎ᠨᠢ ᠪᠥᠬᠥ ᠣᠷᠣᠨ᠎ᠤ ᠠᠷᠠᠳ ᠣᠯᠠᠨ᠎ᠢ ᠬᠥᠲᠥᠯᠥᠨ ᠵᠢᠯᠣᠭᠣᠳᠴᠤ ᠬᠡᠷᠡᠯ ᠰᠡᠭᠦᠳᠡᠷ᠎ᠤᠨ ᠤᠯᠠ ᠮᠥᠷ᠎ᠠᠴᠠ ᠨᠠᠮ᠎ᠤᠨ ᠲᠡᠦᠬᠡ ᠵᠢ ᠳᠠᠬᠢᠨ ᠡᠷᠭᠢᠴᠡᠭᠦᠯᠵᠦ᠂ ᠬᠤᠪᠢᠰᠬᠠᠯ᠎ᠤᠨ ᠤᠳᠤᠮᠰᠢᠯ᠎ᠢ ᠵᠠᠯᠭ᠋ᠠᠮᠵᠢᠯᠠᠵᠤ᠂ ᠣᠶᠤᠨ ᠰᠠᠨᠠᠭ᠋ᠠᠨ᠎ᠤ ᠬᠦᠴᠦᠨ ᠴᠢᠳᠠᠯ᠎ᠢ ᠰᠢᠩᠭᠡᠭᠡᠨ ᠠᠪᠴᠤ᠂ ᠦᠨᠢ ᠡᠭᠦᠷᠢᠳᠡ ᠨᠠᠮ ᠵᠶ᠋ᠠᠨ ᠳᠠᠭ᠋ᠠᠵᠤ᠂ ᠬᠡᠷᠡᠯ ᠰᠠᠴᠤᠷᠠᠩᠭᠤᠶ ᠠᠮᠵᠢᠯᠲᠠ ᠵᠢ ᠳᠠᠬᠢᠨᠲᠠ ᠡᠭᠦᠳᠬᠦ᠎ᠳᠤ ᠪᠣᠶ᠃ ᠦᠵᠡᠭᠦᠯᠭᠡ ᠵᠢᠨ ᠬᠤᠭᠤᠴᠠᠭ᠋ᠠᠨ᠎ᠳᠤ ᠪᠠᠰᠠ 《ᠺᠢᠨᠣ᠋᠎ᠳᠤ᠎ᠬᠢ ᠨᠠᠮ᠎ᠤᠨ ᠲᠡᠦᠬᠡ ᠵᠢᠨ ᠮᠡᠳᠡᠯᠭᠡ ᠵᠢᠨ ᠤᠷᠤᠯᠳᠤᠭ᠋ᠠᠨ》᠂ 《ᠬᠤᠪᠢᠰᠬᠠᠯᠲᠤ ᠺᠢᠨᠣ᠋ ᠵᠢᠨ ᠦᠵᠡᠭᠦᠯᠭᠡ》 ᠵᠡᠷᠭᠡ ᠠᠵᠢᠯᠯᠠᠭ᠎ᠠ ᠦᠷᠨᠢᠭᠦᠯᠪᠡ᠃ ᠦᠵᠡᠰᠬᠦᠯᠡᠩ ᠪᠠ ᠠᠵᠢᠯᠯᠠᠭ᠎ᠠ 2022 ᠣᠨ᠎ᠤ 1 ᠳ᠋ᠣᠭᠡᠷ ᠰᠠᠷ᠎ᠠ ᠵᠢᠨ 3᠎ᠤ ᠡᠳᠦᠷ ᠳᠠᠭᠤᠰᠤᠨ᠎ᠠ᠃
ᠲᠣᠰ ᠤᠳᠠᠭ᠋ᠠᠨ᠎ᠤ ᠦᠵᠡᠰᠬᠦᠯᠡᠩ᠎ᠢ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠺᠢᠨᠣ᠋ ᠵᠢᠨ ᠲᠣᠪᠴᠢᠶ᠎ᠠ᠎ᠠᠴᠠ ᠵᠢᠯᠣᠭᠣᠳᠴᠤ᠂ ᠥᠪᠥᠷ ᠮᠣᠩᠭᠣᠯ᠎ᠤᠨ ᠺᠢᠨᠣ᠋ ᠵᠢᠨ ᠪᠦᠯᠦᠭᠯᠡᠯ᠎ᠤᠨ ᠬᠢᠵᠠᠭ᠋ᠠᠷᠲᠤ ᠬᠠᠷᠢᠭᠤᠴᠠᠯᠭ᠋ᠠᠲᠤ ᠺᠣᠮᠫᠠᠨᠢ᠂ ᠥᠪᠥᠷ ᠮᠣᠩᠭᠣᠯ᠎ᠤᠨ ᠺᠢᠨᠣ᠋ ᠵᠢᠨ ᠮᠦᠽᠧᠶ᠂ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠦᠵᠡᠰᠬᠦᠯᠡᠩ᠎ᠤᠨ ᠣᠷᠳᠣᠨ᠎ᠠᠴᠠ ᠭᠣᠤᠯᠯᠠᠨ ᠡᠷᠬᠢᠯᠡᠪᠡ᠂ ᠦᠵᠡᠰᠭᠦᠯᠡᠩ᠎ᠨᠢ ᠮᠥᠨ ᠴᠦ᠍ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶᠠᠨ᠎ᠤ ᠤᠬᠠᠭᠤᠯᠬᠤ ᠬᠡᠯᠲᠡᠰ᠎ᠤᠨ ᠳᠤᠮᠳᠠᠳᠤ ᠤᠯᠤᠰ᠎ᠤᠨ ᠡᠪ ᠬᠠᠮᠲᠤ ᠨᠠᠮ ᠪᠠᠢ᠌ᠭᠤᠯᠤᠭᠳᠠᠭᠰᠠᠨ 100 ᠵᠢᠯ᠎ᠤᠨ ᠣᠶ ᠵᠢ ᠪᠡᠯᠭᠡᠯᠡᠬᠦ ᠣᠯᠠᠨ ᠲᠦᠮᠡᠨᠴᠢ ᠴᠢᠨᠠᠷᠲᠠᠶ ᠭᠣᠤᠯ ᠰᠡᠳᠦᠪᠲᠦ ᠬᠥᠮᠦᠵᠢᠯ ᠪᠠ ᠰᠣᠶᠣᠯ᠎ᠤᠨ ᠠᠵᠢᠯᠯᠠᠭ᠎ᠠ ᠵᠢᠨ ᠨᠢᠭᠡ ᠪᠣᠯᠤᠨ᠎ᠠ᠃