ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠰᠤᠷᠠᠭ ᠵᠠᠩᠬᠢ
ᠬᠡᠷᠡᠭᠯᠡᠭᠡ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠢᠨ ᠮᠡᠳᠡᠭᠡ   -   ᠳᠤᠰᠬᠠᠢ ᠮᠡᠳᠡᠭᠡᠯᠡᠯ
ᠥᠪᠥᠷ ᠮᠣᠩᠭᠣᠯ᠎ᠠᠴᠠ ᠢᠷᠡᠭᠰᠡᠨ ᠮᠥᠰᠥ ᠴᠠᠰᠤᠨ᠎ᠤ ᠤᠷᠢᠯᠭ᠎ᠠ! ᠰᠣᠶᠣᠯ ᠪᠠ ᠵᠢᠭᠤᠯᠴᠢᠯᠠᠯ᠎ᠤᠨ ᠲᠢᠩᠬᠢᠮ᠎ᠤᠨ ᠳᠠᠷᠤᠭ᠎ᠠ 《ᠪᠠᠷᠠᠭᠤᠨᠰᠢ ᠨᠢᠭᠡ ᠠᠯᠬᠤᠵᠤ ᠴᠠᠰᠤᠨ᠎ᠳᠤ ᠴᠠᠨᠠᠯᠠᠬᠤ᠎ᠪᠠᠷ ᠶᠠᠪᠤᠶ᠎ᠠ》 ᠭᠡᠵᠦ ᠳᠠᠢ᠌ᠴᠢᠯᠠᠪᠠ
ᠨᠡᠶᠢᠲᠡᠯᠡᠭᠰᠡᠨ ᠴᠠᠭ᠄ 2023-12-01

      ᠥᠪᠥᠷ ᠮᠣᠩᠭᠣᠯ᠎ᠤᠨ ᠡᠪᠦᠯ᠎ᠤᠨ ᠤᠯᠠᠷᠢᠯ᠎ᠤᠨ ᠵᠢᠭᠤᠯᠴᠢᠯᠠᠯ᠎ᠤᠨ ᠡᠬᠢ ᠪᠠᠶᠠᠯᠢᠭ᠎ᠢ ᠤᠯᠠᠮ ᠨᠢᠭᠡ ᠠᠯᠬᠤᠮ ᠠᠭᠤᠳᠠᠯᠬᠤ ᠵᠢᠨ ᠲᠥᠯᠥᠭᠡ ᠮᠥᠰᠥ ᠴᠠᠰᠤᠨ᠎ᠤ ᠵᠢᠭᠤᠯᠴᠢᠯᠠᠯ᠎ᠢ ᠶᠡᠬᠡ᠎ᠪᠠᠷ ᠬᠥᠭᠵᠢᠭᠦᠯᠵᠦ ᠰᠣᠶᠣᠯ ᠪᠠ ᠵᠢᠭᠤᠯᠴᠢᠯᠠᠯ᠎ᠤᠨ ᠠᠵᠤ ᠦᠢ᠍ᠯᠡᠰ᠎ᠤᠨ ᠬᠦᠴᠦᠨ᠎ᠢ ᠲᠥᠪᠯᠡᠷᠡᠭᠦᠯᠬᠦ ᠵᠢᠨ ᠲᠥᠯᠥᠭᠡ 12 ᠳ᠋ᠤᠭ᠋ᠠᠷ ᠰᠠᠷ᠎ᠠ ᠵᠢᠨ 2᠎ᠤᠨ ᠡᠳᠦᠷ ᠥᠪᠥᠷ ᠮᠣᠩᠭᠣᠯ᠎ᠤᠨ ᠰᠣᠶᠣᠯ ᠪᠠ ᠵᠢᠭᠤᠯᠴᠢᠯᠠᠯ᠎ᠤᠨ ᠲᠢᠩᠬᠢᠮ ᠭᠣᠣᠯᠯᠠᠨ ᠡᠷᠭᠢᠯᠡᠭᠰᠡᠨ 《ᠪᠠᠷᠠᠭᠤᠨᠰᠢ ᠨᠢᠭᠡ ᠠᠯᠬᠤᠵᠤ ᠴᠠᠰᠤᠨ᠎ᠳᠤ ᠴᠠᠨᠠᠯᠠᠬᠤ》 ᠮᠥᠰᠥ ᠴᠠᠰᠤᠨ᠎ᠤ ᠪᠡᠶ᠎ᠡ ᠵᠢᠨ ᠲᠠᠮᠢᠷ ᠰᠣᠶᠣᠯ ᠵᠢᠭᠤᠯᠴᠢᠯᠠᠯ᠎ᠤᠨ ᠰᠢᠷᠢᠰ ᠠᠵᠢᠯᠯᠠᠭ᠎ᠠ ᠵᠢ ᠬᠥᠬᠡᠬᠣᠲᠠ ᠵᠢᠨ ᠳᠡᠯ (ᠮᠠ ᠽᠦᠩ ᠱᠠᠨ) ᠠᠭᠤᠯᠠ ᠵᠢᠨ ᠴᠠᠰᠤᠨ᠎ᠳᠤ ᠴᠠᠨᠠᠯᠠᠬᠤ ᠲᠠᠯᠠᠪᠠᠶ ᠪᠠ ᠤᠯᠠᠭ᠋ᠠᠨᠴᠠᠪ ᠬᠣᠲᠠ ᠵᠢᠨ ᠳ᠋ᠠ ᠾᠧ ᠸᠠᠨ᠎ᠤ ᠴᠠᠰᠤᠨ᠎ᠳᠤ ᠴᠠᠨᠠᠯᠠᠬᠤ ᠲᠠᠯᠠᠪᠠᠶ᠎ᠳᠤ ᠵᠡᠷᠭᠡ᠎ᠪᠠᠷ ᠡᠬᠢᠯᠡᠭᠦᠯᠪᠡ᠃
      ᠥᠪᠥᠷ ᠮᠣᠩᠭᠣᠯ᠎ᠠᠴᠠ ᠢᠷᠡᠭᠰᠡᠨ ᠮᠥᠰᠥ ᠴᠠᠰᠤᠨ᠎ᠤ ᠤᠷᠢᠯᠭ᠎ᠠ! ᠰᠣᠶᠣᠯ ᠪᠠ ᠵᠢᠭᠤᠯᠴᠢᠯᠠᠯ᠎ᠤᠨ ᠲᠢᠩᠬᠢᠮ᠎ᠤᠨ ᠳᠠᠷᠤᠭ᠎ᠠ 《ᠪᠠᠷᠠᠭᠤᠨᠰᠢ ᠨᠢᠭᠡ ᠠᠯᠬᠤᠵᠤ ᠴᠠᠰᠤᠨ᠎ᠳᠤ ᠴᠠᠨᠠᠯᠠᠬᠤ᠎ᠪᠠᠷ ᠶᠠᠪᠤᠶ᠎ᠠ》 ᠭᠡᠵᠦ ᠳᠠᠢ᠌ᠴᠢᠯᠠᠪᠠ᠃
      ᠲᠤᠰ ᠤᠳᠠᠭ᠋ᠠᠨ᠎ᠤ ᠠᠵᠢᠯᠯᠠᠭ᠎ᠠ᠎ᠨᠢ ᠬᠣᠶᠠᠷ ᠭᠣᠣᠯ ᠬᠤᠷᠠᠯ᠎ᠤᠨ ᠲᠠᠯᠠᠪᠠᠢ ᠪᠠ ᠬᠣᠶᠠᠷ ᠬᠤᠪᠢᠶᠠᠷᠢ ᠬᠤᠷᠠᠯ᠎ᠤᠨ ᠲᠠᠯᠠᠪᠠᠢ᠎ᠪᠠᠷ ᠲᠤᠰ ᠲᠤᠰ ᠬᠥᠬᠡᠬᠣᠲᠠ ᠵᠢᠨ ᠳᠡᠯ (ᠮᠠ ᠽᠦᠩ ᠱᠠᠨ) ᠠᠭᠤᠯᠠ ᠵᠢᠨ ᠴᠠᠨᠠᠯᠠᠬᠤ ᠲᠠᠯᠠᠪᠠᠢ᠂ ᠤᠯᠠᠭ᠋ᠠᠨᠴᠠᠪ ᠬᠤᠲᠠ ᠵᠢᠨ ᠳ᠋ᠠ ᠾᠧ ᠸᠠᠨ ᠤᠯᠠᠨ ᠤᠯᠤᠰ᠎ᠤᠨ ᠴᠠᠨᠠᠯᠠᠬᠤ ᠲᠠᠯᠠᠪᠠᠢ᠂ ᠵᠢᠨᠢᠩ ᠴᠠ ᠬᠠᠨ ᠶᠢᠩ ᠴᠠᠨᠠᠯᠠᠬᠤ ᠲᠠᠯᠠᠪᠠᠢ ᠪᠠ ᠳᠠᠭ᠎ᠠ ᠵᠢᠨ ᠨᠠᠭᠤᠷ ᠤᠯᠠᠨ ᠤᠯᠤᠰ᠎ᠤᠨ ᠴᠠᠨᠠᠯᠠᠬᠤ ᠲᠠᠯᠠᠪᠠᠢ ᠵᠢᠨ ᠠᠵᠢᠯᠯᠠᠭ᠎ᠠ ᠲᠤᠬᠠᠢ ᠵᠢᠨ ᠲᠠᠯᠠᠪᠠᠢ ᠵᠢᠨ ᠠᠭᠤᠷ ᠠᠮᠢᠰᠬᠤᠯ ᠵᠶ᠋ᠠᠷ ᠪᠢᠯᠬᠠᠵᠤ᠂ ᠴᠠᠨᠠᠯᠠᠬᠤ ᠳᠤᠷᠠᠲᠠᠢ ᠬᠥᠮᠥᠰ ᠤᠯᠠᠨ ᠵᠦᠢ᠍ᠯ᠎ᠤᠨ ᠴᠠᠰᠤᠨ ᠬᠤᠪᠴᠠᠰᠤ᠎ᠪᠠᠨ ᠡᠮᠦᠰᠴᠦ᠂ ᠴᠠᠰᠤ ᠮᠥᠰᠥᠨ᠎ᠤ ᠲᠠᠯᠠᠪᠠᠢ᠎ᠳᠤ ᠲᠣᠭᠯᠠᠬᠤ ᠬᠤᠷᠳᠤᠴᠠ ᠪᠠ ᠣᠷᠭᠢᠯᠤᠮ᠎ᠠ ᠬᠠᠯᠠᠭᠤᠨ ᠰᠡᠳᠬᠢᠯᠭᠡ᠎ᠪᠠᠷ ᠪᠢᠯᠬᠠᠨ᠎ᠠ᠃
      ᠠᠵᠢᠯᠯᠠᠭ᠎ᠠ ᠵᠢᠨ ᠲᠤᠬᠠᠢ ᠵᠢᠨ ᠲᠠᠯᠠᠪᠠᠢ᠃ ᠳᠠᠳᠤᠯᠭ᠎ᠠ ᠵᠢᠨ ᠰᠤᠷᠤᠭᠴᠢ ᠭᠦᠸᠧ ᠱᠠᠩ ᠹᠧᠢ ᠰᠡᠭᠦᠳᠡᠷᠯᠡᠪᠡ
      ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠰᠣᠶᠣᠯ ᠪᠠ ᠵᠢᠭᠤᠯᠴᠢᠯᠠᠯ᠎ᠤᠨ ᠲᠢᠩᠬᠢᠮ᠎ᠤᠨ ᠨᠠᠮ᠎ᠤᠨ ᠤᠳᠤᠷᠢᠳᠬᠤ ᠳᠤᠭᠤᠢ᠌ᠯᠠᠩ᠎ᠤᠨ ᠱᠦᠵᠢ᠂ ᠲᠢᠩᠬᠢᠮ᠎ᠤᠨ ᠳᠠᠷᠤᠭ᠎ᠠ ᠴᠢᠨ ᠶᠠᠨ ᠤᠯᠠᠭ᠋ᠠᠨᠴᠠᠪ ᠬᠤᠳᠠ ᠵᠢᠨ ᠳ᠋ᠠ ᠾᠧ ᠸᠠᠨ ᠤᠯᠠᠨ ᠤᠯᠤᠰ᠎ᠤᠨ ᠴᠠᠰᠤᠨ᠎ᠳᠤ   ᠴᠠᠨᠠᠯᠠᠬᠤ ᠲᠠᠯᠠᠪᠠᠢ᠎ᠳᠤ ᠪᠠᠢ᠌ᠴᠠᠭ᠋ᠠᠨ ᠰᠤᠳᠤᠯᠤᠯᠲᠠ ᠬᠢᠬᠦ ᠵᠢᠨ ᠬᠠᠮᠲᠤ ᠰᠢᠭᠤᠳ ᠨᠡᠪᠲᠡᠷᠡᠭᠦᠯᠭᠡ ᠵᠢᠨ ᠦᠢ᠍ᠯᠡᠳᠦᠯᠴᠡᠯ᠎ᠳᠤ ᠣᠷᠣᠯᠴᠠᠵᠤ᠂ ᠮᠥᠰᠥ ᠴᠠᠰᠤᠨ᠎ᠤ ᠵᠢᠭᠤᠯᠴᠢᠯᠠᠯ᠎ᠤᠨ ᠡᠬᠢ ᠪᠠᠶᠠᠯᠢᠭ᠎ᠢ ᠲᠠᠨᠢᠯᠴᠠᠭᠤᠯᠪᠠ᠃ ᠪᠦᠬᠦᠯᠢ ᠴᠣᠭᠴᠠ ᠵᠢᠨ ᠠᠵᠢᠯᠯᠠᠭ᠎ᠠ ᠵᠢ ᠳᠠᠭᠤᠤ ᠪᠥᠵᠢᠭ᠎ᠤᠨ ᠲᠣᠭᠯᠠᠯᠲᠠ᠎ᠪᠠᠷ ᠡᠬᠢᠯᠡᠭᠦᠯᠵᠦ᠂ ᠴᠠᠰᠤᠨ ᠵᠠᠮ᠎ᠤᠨ ᠲᠦᠷᠭᠡᠨ ᠲᠡᠰᠢᠯᠲᠡ ᠵᠢᠨ ᠤᠷᠤᠯᠳᠤᠭ᠋ᠠᠨ᠂ ᠴᠠᠰᠤᠲᠤ ᠭᠠᠵᠠᠷ ᠳᠡᠭᠡᠰᠦ ᠲᠠᠲᠠᠬᠤ᠂ ᠪᠠᠨᠠᠨᠠ ᠣᠩᠭᠣᠴᠠᠨ᠎ᠤ ᠤᠷᠤᠯᠳᠤᠭ᠋ᠠᠨ ᠵᠡᠷᠭᠡ ᠮᠥᠰᠥ ᠴᠠᠰᠤᠨ᠎ᠤ ᠤᠷᠤᠯᠳᠤᠭ᠋ᠠᠨ᠎ᠢ ᠥᠷᠨᠢᠭᠦᠯᠵᠦ᠂ ᠡᠨᠡ ᠬᠤᠭᠤᠴᠠᠭ᠋ᠠᠨ᠎ᠳᠤ ᠡᠯ᠎ᠡ ᠭᠠᠵᠠᠷ᠎ᠤᠨ ᠴᠠᠰᠤᠨ᠎ᠳᠤ ᠴᠠᠨᠠᠯᠠᠬᠤ ᠲᠠᠯᠠᠪᠠᠢ ᠬᠣᠯᠪᠤᠭ᠋ᠠᠯᠠᠨ ᠬᠥᠳᠡᠯᠦᠯᠴᠡᠵᠦ᠂ ᠬᠣᠯᠪᠣᠯᠳᠤᠨ ᠰᠢᠭᠤᠳ ᠨᠠᠪᠲᠠᠷᠡᠭᠦᠯᠵᠦ᠂ ᠥᠪᠥᠷ ᠮᠣᠩᠭᠣᠯ᠎ᠤᠨ ᠡᠪᠦᠯ᠎ᠤᠨ ᠤᠯᠠᠷᠢᠯ᠎ᠤᠨ ᠵᠢᠭᠤᠯᠴᠢᠯᠠᠯ᠎ᠤᠨ ᠡᠬᠢ ᠪᠠᠶᠠᠯᠢᠭ᠎ᠢ   ᠬᠠᠮᠲᠤ᠎ᠪᠠᠷ ᠤᠬᠠᠭᠤᠯᠵᠤ᠂ 《ᠠᠷᠪᠠᠨ ᠳᠦᠷᠪᠡᠳᠦᠭᠡᠷ ᠬᠤᠭᠤᠴᠠᠭ᠋ᠠᠨ᠎ᠤ ᠡᠪᠦᠯ᠎ᠤᠨ ᠪᠡᠶ᠎ᠡ ᠵᠢᠨ ᠲᠠᠮᠢᠷ᠎ᠤᠨ ᠤᠷᠤᠯᠳᠤᠭ᠋ᠠᠨ》᠎ᠳᠤ ᠬᠦᠴᠦ ᠨᠡᠮᠡᠷᠢᠯᠡᠪᠡ᠃
      ᠠᠵᠢᠯᠯᠠᠭ᠎ᠠ ᠵᠢᠨ ᠲᠤᠬᠠᠢ ᠵᠢᠨ ᠲᠠᠯᠠᠪᠠᠢ᠃ ᠳᠠᠳᠤᠯᠭ᠎ᠠ ᠵᠢᠨ ᠰᠤᠷᠤᠭᠴᠢ ᠭᠦᠸᠧ ᠱᠠᠩ ᠹᠧᠢ ᠰᠡᠭᠦᠳᠡᠷᠯᠡᠪᠡ
     《ᠲᠡᠰᠬᠢᠮ᠎ᠠ ᠬᠦᠢ᠍ᠲᠡᠨ ᠰᠠᠯᠬᠢᠨ ᠦᠯᠢᠶᠡᠨ ᠣᠷᠣᠵᠤ ᠳᠡᠢ᠌ᠯᠦᠯ ᠦᠭᠡᠢ᠂ ᠳᠤᠯᠠᠭ᠋ᠠᠨ ᠬᠠᠯᠠᠭᠤᠨ ᠰᠡᠳᠬᠢᠯ ᠡᠪᠴᠢᠭᠦᠦ ᠳᠦᠭᠦᠷᠡᠩ ᠪᠢᠯᠬᠠᠨ᠎ᠠ》᠃ ᠣᠢ᠌ᠷ᠎ᠠ ᠵᠢᠨ ᠵᠢᠯ᠎ᠳᠤ᠂ ᠬᠥᠬᠡᠬᠣᠲᠠ ᠵᠢᠨ᠎ᠬᠢᠨ 《ᠬᠥᠬᠡᠬᠣᠲᠠ ᠵᠢᠨ ᠮᠥᠰᠥ ᠴᠠᠰᠤᠨ᠎ᠤ ᠪᠠᠶᠠᠷ》᠎ᠤᠨ ᠠᠵᠢᠯᠯᠠᠭ᠎ᠠ ᠵᠢ ᠢᠳᠡᠪᠬᠢᠲᠡᠢ ᠥᠷᠨᠢᠭᠦᠯᠵᠦ᠂ ᠵᠢᠭᠤᠯᠴᠢᠯᠠᠯ᠎ᠤᠨ ᠵᠠᠮ ᠱᠤᠭᠤᠮ᠎ᠤᠨ ᠰᠢᠨ᠎ᠡ ᠵᠢ ᠡᠭᠦᠳᠴᠦ᠂ ᠮᠥᠰᠥ ᠴᠠᠰᠤᠨ᠎ᠤ ᠵᠢᠭᠤᠯᠴᠢᠯᠠᠯ᠂ ᠮᠥᠰᠥ ᠴᠠᠰᠤᠨ᠎ᠤ ᠠᠵᠤ ᠦᠢ᠍ᠯᠡᠰ᠂ ᠮᠥᠰᠥ ᠴᠠᠰᠤᠨ᠎ᠤ ᠠᠵᠤ ᠠᠬᠤᠢ ᠪᠠ ᠰᠢᠨ᠎ᠡ ᠴᠠᠭ ᠦᠶ᠎ᠡ ᠵᠢᠨ ᠰᠣᠶᠣᠯ ᠵᠢᠭᠤᠯᠴᠢᠯᠠᠯ᠎ᠤᠨ ᠦᠢ᠍ᠯᠡᠰ᠎ᠤᠨ ᠴᠢᠨᠠᠷ ᠰᠠᠢ᠌ᠲᠠᠢ ᠬᠥᠭᠵᠢᠯᠲᠡ ᠵᠢ ᠴᠢᠷᠮᠠᠢ᠌ᠨ ᠠᠬᠢᠭᠤᠯᠵᠤ᠂ ᠮᠥᠰᠥ ᠴᠠᠰᠤᠨ᠎ᠤ ᠰᠣᠶᠣᠯ ᠬᠢᠭᠡᠳ ᠵᠢᠭᠤᠯᠴᠢᠯᠠᠯ᠎ᠤᠨ ᠠᠵᠤ ᠦᠢ᠍ᠯᠡᠰ ᠵᠡᠷᠭᠡ ᠣᠯᠠᠨ ᠲᠠᠯ᠎ᠠ ᠵᠢᠨ ᠠᠭᠤᠰᠤᠯᠴᠠᠯ᠎ᠢ ᠪᠡᠶᠡᠯᠡᠭᠦᠯᠦᠨ᠂ ᠣᠷᠣᠨ ᠪᠦᠰᠡ ᠵᠢᠨ ᠰᠡᠯᠡᠭᠦᠴᠡᠯ ᠠᠮᠠᠷᠠᠯᠲᠠ ᠵᠢᠨ ᠲᠥᠪ ᠪᠠ ᠵᠢᠭᠤᠯᠴᠢᠯᠠᠬᠤ᠎ᠳᠤ ᠲᠣᠬᠢᠷᠠᠮᠵᠢᠲᠠᠢ ᠬᠣᠲᠠ ᠵᠢ ᠪᠠᠶ᠋ᠢᠭᠤᠯᠬᠤ᠎ᠳᠤ ᠬᠦᠴᠦᠨ ᠨᠡᠮᠡᠷᠢᠯᠡᠵᠦ᠂ 《ᠮᠥᠰᠥ ᠴᠠᠰᠤᠨ᠎ᠤ ᠰᠢᠨ᠎ᠡ ᠬᠠᠭᠤᠳᠠᠰᠤ》 ᠵᠢ ᠨᠡᠭᠡᠭᠡᠨ᠎ᠡ᠃


ᠢᠷᠡᠯᠲᠡ᠄ ᠠᠷᠠᠳ᠎ᠤᠨ ᠰᠦᠯᠵᠢᠶ᠎ᠡ ᠵᠢᠨ ᠥᠪᠥᠷ ᠮᠣᠩᠭᠣᠯ
          
ᠬᠠᠮᠢᠶ᠎ᠡ ᠪᠦᠬᠦᠢ ᠰᠣᠨᠢᠨ
ᠥᠪᠥᠷ ᠮᠣᠩᠭᠤᠯ᠎ᠤᠨ ᠪᠠᠩᠬᠢ ᠵᠢᠨ ᠦᠢ᠍ᠯᠡᠰ᠎ᠤᠨ ᠦᠢ᠍ᠯᠡᠴᠢᠯᠡᠭᠡᠨ᠎ᠤ ᠲᠠᠪᠤᠨ ᠶᠡᠭᠡ ᠡᠭᠦᠷᠭᠡ᠎ᠪᠠᠷ ᠠᠵᠤ ᠠᠬᠤᠢ ᠵᠢᠨ ᠴᠢᠨᠠᠷ ᠰᠠᠶ᠋ᠢᠲᠠᠢ ᠬᠥᠭᠵᠢᠯᠲᠡ ᠵᠢ ᠳᠡᠮᠵᠢᠬᠦ ᠶᠠᠷᠢᠯᠴᠠᠬᠤ ᠬᠤᠷᠠᠯ ᠬᠤᠷᠠᠯᠳᠤᠪᠠ ᠬᠤᠸᠠᠩ ᡁᠢ ᠴᠢᠶᠠᠩ ᠬᠤᠷᠠᠯ᠎ᠢ ᠡᠷᠭᠢᠯᠡᠵᠡᠢ
ᠪᠦᠭᠦ ᠣᠷᠣᠨ᠎ᠤ ᠡᠨᠧᠷᠭᠢ ᠵᠢᠨ ᠴᠢᠬᠤᠯᠠ ᠶᠡᠭᠡ ᠲᠥᠷᠥᠯ ᠵᠦᠢ᠍ᠯ᠎ᠤᠨ ᠪᠦᠲᠦᠭᠡᠨ ᠪᠠᠶ᠋ᠢᠭᠤᠯᠤᠯᠲᠠ ᠵᠢ ᠠᠬᠢᠭᠤᠯᠬᠤ ᠬᠤᠷᠠᠯ ᠬᠤᠷᠠᠯᠳᠤᠪᠠ ᠬᠤᠸᠠᠩ ᡁᠢ ᠴᠢᠶᠠᠩ ᠬᠤᠷᠠᠯ᠎ᠢ ᠡᠷᠭᠢᠯᠡᠪᠡ
 
            