ᠬᠥᠯᠥᠨ ᠪᠣᠶ᠋ᠢᠷ ᠬᠣᠲᠠ ᠵᠢᠨ ᠰᠣᠶᠣᠯ ᠵᠢᠭᠤᠯᠴᠢᠯᠠᠯ ᠷᠠᠳᠢᠣ᠋ ᠲᠧᠯᠸᠢᠰᠤᠨ ᠲᠣᠪᠴᠢᠶᠠᠠᠴᠠ ᠭᠣᠣᠯᠯᠠᠨ ᠡᠷᠭᠢᠯᠡᠭᠰᠡᠨ 《ᠲᠦᠮᠡᠨ ᠭᠠᠵᠠᠷᠤᠨ ᠴᠠᠢ ᠵᠢᠨ ᠵᠠᠮᠢ ᠮᠦᠷᠳᠡᠵᠦ᠂ ᠭᠤᠷᠪᠠᠨ ᠤᠯᠤᠰᠤᠨ ᠨᠥᠬᠥᠷᠯᠡᠯ ᠵᠶ᠋ᠠᠨ ᠪᠠᠲᠤᠳᠬᠠᠶᠠ》 ᠭᠡᠬᠦ ᠳᠤᠮᠳᠠᠳᠤ ᠣᠷᠣᠰ ᠮᠣᠩᠭᠣᠯᠤᠨ ᠥᠪᠡᠷ ᠵᠶ᠋ᠡᠨ ᠲᠡᠷᠭᠡ ᠵᠢᠯᠤᠭᠣᠳᠬᠤ ᠵᠢᠭᠤᠯᠴᠢᠯᠠᠯ 5 ᠳ᠋ᠤᠭ᠋ᠠᠷ ᠰᠠᠷᠠ ᠵᠢᠨ 19ᠤ ᠡᠳᠦᠷ ᠬᠥᠯᠥᠨ ᠪᠣᠶ᠋ᠢᠷ ᠬᠣᠲᠠᠳᠤ ᠠᠶᠠᠯᠠᠯ ᠵᠶ᠋ᠠᠨ ᠡᠬᠢᠯᠡᠪᠡ᠃ ᠤᠯᠤᠰᠤᠨ ᠳᠣᠲᠣᠭ᠋ᠠᠳᠤ ᠵᠢᠨ 7 ᠮᠤᠵᠢ᠂ ᠬᠣᠲᠠ ᠵᠢᠨ ᠥᠪᠡᠷ ᠵᠶ᠋ᠡᠨ ᠲᠡᠷᠭᠡ ᠵᠢᠯᠤᠭᠣᠳᠬᠤ ᠳᠤᠷᠠᠲᠠᠢ 35 ᠬᠥᠮᠥᠨ᠂ ᠥᠪᠡᠷ ᠵᠶ᠋ᠡᠨ ᠲᠡᠷᠭᠡ ᠵᠢᠯᠤᠭᠣᠳᠬᠤᠪᠠᠷ ᠪᠦᠷᠢᠯᠳᠦᠭᠰᠡᠨ 15 ᠲᠡᠷᠭᠡᠨ ᠠᠩᠭᠢ ᠳᠤᠮᠳᠠᠳᠤ ᠣᠷᠣᠰ ᠮᠣᠩᠭᠣᠯ ᠭᠤᠷᠪᠠᠨ ᠤᠯᠤᠰᠤᠨ ᠵᠠᠮ ᠳᠠᠭ᠋ᠠᠤ ᠵᠢᠨ ᠬᠣᠲᠠᠪᠠᠷ ᠶᠠᠪᠤᠵᠤ᠂ ᠵᠠᠮ ᠳᠠᠭ᠋ᠠᠤᠳᠤᠪᠠᠨ ᠦᠵᠡᠰᠬᠦᠯᠡᠩᠲᠦ ᠰᠠᠢ᠌ᠬᠠᠨ ᠦᠵᠡᠮᠵᠢ ᠵᠢ ᠰᠣᠨᠢᠷᠬᠠᠵᠤ᠂ ᠠᠳᠠᠯᠢ ᠪᠤᠰᠤ ᠰᠣᠶᠣᠯᠤᠨ ᠵᠠᠩ ᠦᠢᠯᠡ ᠵᠢ ᠤᠢ᠌ᠯᠠᠭ᠋ᠠᠭᠰᠠᠨ ᠪᠠᠢ᠌ᠨᠠ᠃
ᠵᠢᠶᠠᠩᠰᠤ ᠮᠤᠵᠢ ᠵᠢᠨ ᠰᠦᠵᠧᠦ ᠬᠣᠲᠠ ᠵᠢᠨ ᠥᠪᠡᠷ ᠵᠶ᠋ᠡᠨ ᠲᠡᠷᠭᠡ ᠵᠢᠯᠤᠭᠣᠳᠬᠤ ᠳᠤᠷᠠ ᠪᠠᠬᠠᠲᠠᠨ ᠶᠢᠨ ᠪᠦᠦ ᠬᠤᠸᠠ᠄ 《ᠪᠢᠳᠡ ᠪᠠᠭᠠ ᠵᠢᠨ ᠦᠶᠡᠠᠴᠠᠪᠠᠨ ᠴᠠᠢ ᠵᠢᠨ ᠵᠠᠮᠤᠨ ᠲᠤᠬᠠᠢ ᠰᠤᠨᠤᠰᠴᠤ ᠪᠠᠢ᠌ᠭᠰᠠᠨ ᠪᠣᠯᠬᠣᠷ ᠡᠨᠡ ᠤᠳᠠᠭᠠ ᠵᠢᠨ ᠲᠤᠬᠢᠶᠠᠯ ᠵᠶ᠋ᠠᠷ ᠡᠬᠡ ᠤᠯᠤᠰᠤᠨ ᠵᠶ᠋ᠠᠨ ᠦᠵᠡᠰᠬᠦᠯᠡᠩᠲᠦ ᠰᠠᠢ᠌ᠬᠠᠨ ᠠᠭᠤᠯᠠ ᠤᠰᠤ ᠵᠢ ᠣᠢ᠌ᠯᠠᠭ᠋ᠠᠬᠤᠪᠠᠷ ᠢᠷᠡᠭᠰᠡᠨ ᠶᠤᠮ᠃》
ᠨᠢᠭᠡᠨ ᠵᠢᠭᠤᠯᠴᠢᠯᠠᠯᠤᠨ ᠬᠤᠷᠢᠶᠠ ᠵᠢᠨ ᠶᠡᠷᠦᠩᠬᠡᠢ ᠳᠠᠭ᠋ᠠᠭ᠋ᠠᠮᠠᠯ ᠸᠠᠩ ᠰᠢᠶᠣᠣ ᠭᠤᠸᠠᠩ᠄ 《ᠪᠦᠬᠦᠯᠢ ᠬᠠᠭ᠋ᠠᠰ ᠰᠠᠷᠠ ᠵᠢᠨ ᠵᠢᠭᠤᠯᠴᠢᠯᠠᠯᠤᠨ ᠬᠤᠭᠤᠴᠠᠭ᠋ᠠᠨᠳᠤ ᠪᠢᠳᠡ ᠪᠠᠢ᠌ᠭ᠋ᠠᠯ ᠨᠠᠭᠤᠷ᠂ ᠣᠶ ᠰᠢᠭᠤᠢ᠂ ᠭᠣᠪᠢ ᠨᠤᠲᠤᠭ ᠵᠶ᠋ᠠᠷ ᠶᠠᠪᠤᠵᠤ᠂ 5000 ᠭᠠᠷᠤᠢ ᠺᠢᠯᠣᠮᠧᠲᠷ ᠠᠶᠠᠯᠠᠬᠤ ᠪᠤᠯᠤᠨᠠ᠃》