9 ᠳ᠋ᠦ᠍ᠭᠡᠷ ᠰᠠᠷ᠎ᠠ ᠵᠢᠨ 23᠎ᠤ ᠡᠳᠦᠷ᠂ ᠷᠦᠩ ᠱᠧᠩ ᠡᠨᠧᠷᠭᠢ ᠵᠢᠨ ᠰᠢᠨᠵᠢᠯᠡᠬᠦ ᠤᠬᠠᠭ᠋ᠠᠨ ᠲᠧᠭᠨᠢᠭ ᠮᠡᠷᠭᠡᠵᠢᠯ (ᠥᠪᠥᠷ ᠮᠣᠩᠭᠤᠯ)᠎ᠤᠨ ᠬᠢᠵᠠᠭ᠋ᠠᠷᠲᠤ ᠺᠣᠮᠫᠠᠨᠢ 138.62 ᠳ᠋ᠦᠩᠰᠢᠭᠤᠷ ᠲᠥᠭᠦᠷᠢᠭ ᠵᠶ᠋ᠠᠷ ᠵᠡᠭᠦᠨᠭ᠋ᠠᠷ᠎ᠤᠨ ᠳᠤᠮᠳᠠ ᠬᠡᠰᠡᠭ᠎ᠲᠠᠬᠢ ᠠᠭᠤᠷᠬᠠᠶ ᠵᠢᠨ ᠲᠤᠭᠤᠷᠢᠭ᠎ᠤᠨ ᠬᠠᠳᠠᠲᠤ ᠠᠭᠤᠷᠬᠠᠶ ᠵᠢᠨ ᠰᠠᠪᠠ ᠵᠢᠨ ᠨᠡᠭᠦᠷᠡᠰᠦᠨ᠎ᠤ ᠡᠬᠢ ᠪᠠᠶᠠᠯᠢᠭ᠎ᠤᠨ ᠬᠠᠶ᠋ᠢᠨ ᠰᠢᠨᠵᠢᠬᠦ ᠡᠷᠬᠡ ᠵᠢ ᠥᠷᠢᠰᠦᠯᠳᠦᠨ ᠣᠯᠪᠠ᠃ 59.44 ᠺᠦᠸᠠᠳ᠋ ᠺᠢᠯᠣᠮᠧᠳ᠋ᠷ ᠲᠠᠯᠠᠪᠠᠢ᠎ᠲᠠᠢ ᠠᠭᠤᠷᠬᠠᠢ ᠵᠢᠨ ᠰᠠᠪᠠ ᠵᠢᠨ ᠡᠬᠢ ᠪᠠᠶᠠᠯᠢᠭ᠎ᠤᠨ ᠬᠡᠮᠵᠢᠶ᠎ᠡ᠎ᠨᠢ ᠪᠠᠷᠤᠭ 20 ᠳ᠋ᠦᠩᠰᠢᠭᠤᠷ ᠲᠣᠨ ᠪᠣᠯᠬᠤ ᠵᠢ ᠪᠠᠶ᠋ᠢᠴᠠᠭ᠋ᠠᠨ ᠲᠣᠳᠣᠯᠠᠵᠤ᠂ ᠵᠢᠯ᠎ᠳᠤ 800 ᠲᠦᠮᠡᠨ ᠲᠣᠨ ᠦᠢ᠍ᠯᠡᠳᠪᠦᠷᠢᠯᠡᠬᠦ ᠬᠡᠪᠴᠢᠶᠡᠵᠢᠯ᠎ᠲᠠᠢ ᠪᠠᠶ᠋ᠢᠯᠭ᠋ᠠᠬᠤ᠎ᠪᠠᠷ ᠲᠦᠯᠦᠪᠵᠢᠭᠦᠯᠵᠦ ᠪᠠᠶ᠋ᠢᠨ᠎ᠠ᠃ (ᠪᠠᠶ᠋ᠢᠭ᠋ᠠᠯᠢ ᠵᠢᠨ ᠡᠬᠢ ᠪᠠᠶᠠᠯᠢᠭ᠎ᠤᠨ ᠲᠢᠩᠬᠢᠮ᠂ ᠵᠡᠭᠦᠨᠭ᠋ᠠᠷ ᠬᠤᠰᠢᠭᠤᠨ᠎ᠤ ᠵᠠᠰᠠᠭ᠎ᠤᠨ ᠣᠷᠳᠣᠨ)
9 ᠳ᠋ᠦ᠍ᠭᠡᠷ ᠰᠠᠷ᠎ᠠ ᠵᠢᠨ 23᠎ᠤ ᠡᠳᠦᠷ᠎ᠠᠴᠠ 24᠎ᠤ ᠡᠳᠦᠷ ᠪᠣᠯᠲᠠᠯ᠎ᠠ᠂ ᠠᠯᠠᠱ᠌ᠠ ᠠᠶ᠋ᠢᠮᠠᠭ ᠦᠬᠠᠶ ᠬᠤᠲᠠ᠎ᠯᠤᠭ᠎ᠠ ᠤᠯᠠᠭ᠋ᠠᠨᠪᠤᠬ᠎ᠠ ᠵᠢᠨ ᠦᠬᠠᠶ ᠨᠠᠭᠤᠷ᠎ᠤᠨ ᠤᠯᠤᠰ᠎ᠤᠨ ᠲᠠᠰ᠎ᠤᠨ ᠵᠢᠭᠤᠯᠴᠢᠯᠠᠯ᠎ᠤᠨ ᠠᠮᠠᠷᠠᠯᠲᠠ ᠵᠢᠨ ᠣᠷᠣᠨ᠎ᠢ ᠡᠭᠦᠳᠦᠨ ᠪᠠᠶ᠋ᠢᠭᠤᠯᠬᠤ ᠬᠠᠮᠲᠤᠷᠠᠯᠴᠠᠭ᠋ᠠᠨ᠎ᠤ ᠵᠥᠪᠯᠡᠯᠴᠡᠭᠡᠷ ᠲᠣᠭᠲᠠᠪᠠ᠃ (ᠦᠬᠠᠢ ᠬᠤᠳᠠ ᠵᠢᠨ ᠵᠠᠰᠠᠭ᠎ᠤᠨ ᠤᠷᠳᠤᠨ᠂ ᠠᠯᠠᠱ᠌ᠠ ᠠᠶ᠋ᠢᠮᠠᠭ᠎ᠤᠨ ᠵᠠᠬᠢᠷᠭ᠎ᠠ)
ᠣᠶ᠋ᠢᠷ᠎ᠠ᠎ᠳᠤ᠂ ᠪᠠᠷᠠᠭᠤᠨ ᠦᠵᠦᠮᠦᠴᠢᠨ ᠬᠤᠰᠢᠭᠤᠨ᠎ᠤ ᠬᠠᠬᠢᠷ ᠬᠦᠢ᠍ᠲᠡᠨ ᠭᠠᠵᠠᠷ ᠣᠷᠣᠨ ᠵᠶ᠋ᠠᠷ ᠵᠢᠯ᠎ᠳᠤ ᠬᠤᠶᠠᠷ ᠤᠳᠠᠭ᠎ᠠ ᠬᠤᠷᠢᠶᠠᠬᠤ ᠨᠣᠬᠠᠢ ᠵᠢᠨ ᠬᠤᠰᠢᠭᠤ ᠵᠢ ᠲᠤᠷᠰᠢᠨ ᠲᠠᠷᠢᠭ᠋ᠠᠳ ᠠᠮᠵᠢᠯᠲᠠ ᠣᠯᠵᠤ᠂ ᠪᠦᠬᠦ ᠣᠷᠣᠨ᠎ᠳᠠᠬᠢ ᠠᠳᠠᠯᠢ ᠥᠷᠭᠡᠷᠢᠭ᠎ᠲᠦ ᠬᠠᠬᠢᠷ ᠬᠦᠢ᠍ᠲᠡᠨ ᠭᠠᠵᠠᠷ ᠣᠷᠣᠨ ᠵᠶ᠋ᠠᠷ ᠨᠣᠬᠠᠢ ᠵᠢᠨ ᠬᠤᠰᠢᠭᠤ ᠵᠢ ᠵᠢᠯ᠎ᠳᠤ ᠬᠤᠶᠠᠷ ᠤᠳᠠᠭ᠎ᠠ ᠬᠤᠷᠢᠶᠠᠬᠤ ᠠᠩᠬᠠᠳᠠᠭᠴᠢ ᠭᠠᠵᠠᠷ ᠣᠷᠣᠨ ᠪᠣᠯᠣᠭᠰᠠᠨ ᠪᠠᠶ᠋ᠢᠨ᠎ᠠ᠃ (ᠰᠢᠯᠢ ᠵᠢᠨ ᠭᠤᠣᠯ ᠠᠶ᠋ᠢᠮᠠᠭ᠎ᠤᠨ ᠵᠠᠬᠢᠷᠭ᠎ᠠ)
ᠣᠳᠣᠬᠠᠨ ᠪᠣᠯᠲᠠᠯ᠎ᠠ᠂ ᠮᠧᠩ ᠱᠠᠩ ᠪᠠᠩᠬᠢ ᠵᠢᠨ ᠲᠠᠷᠢᠶᠠᠯᠠᠩ᠎ᠳᠤ ᠬᠤᠯᠪᠣᠭᠳᠠᠭᠰᠠᠨ ᠵᠢᠭᠡᠯᠡᠯᠭᠡ ᠵᠢᠨ ᠦᠯᠡᠳᠡᠪᠦᠷᠢ 103 ᠳ᠋ᠦᠩᠰᠢᠭᠤᠷ ᠲᠥᠭᠦᠷᠢᠭ ᠪᠠᠶ᠋ᠢᠵᠤ᠂ ᠲᠥᠪ᠎ᠤᠨ ᠪᠠᠶ᠋ᠢᠭᠤᠯᠭ᠎ᠠ ᠵᠢᠨ ᠴᠡᠭ ᠲᠣᠭᠲᠠᠭ᠋ᠠᠨ ᠬᠠᠪᠰᠤᠷᠤᠨ ᠲᠡᠳᠬᠦᠬᠦ ᠨᠢᠭᠡᠴᠢ᠎ᠳᠤ 160 ᠲᠦᠮᠡ ᠭᠠᠷᠤᠶ ᠲᠥᠭᠦᠷᠢᠭ᠎ᠤᠨ ᠶᠠᠳᠠᠭᠤ ᠵᠢ ᠲᠡᠳᠬᠦᠬᠦ ᠪᠡᠯᠡ ᠮᠥᠩᠭᠦ ᠣᠷᠣᠭᠤᠯᠪᠠ᠃ (ᠮᠧᠩ ᠱᠠᠩ ᠪᠠᠩᠬᠢ)