ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠰᠤᠷᠠᠭ ᠵᠠᠩᠬᠢ
ᠬᠡᠷᠡᠭᠯᠡᠭᠡ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠢᠨ ᠮᠡᠳᠡᠭᠡ   -   ᠳᠤᠰᠬᠠᠢ ᠮᠡᠳᠡᠭᠡᠯᠡᠯ
ᠮᠠᠨ᠎ᠤ ᠣᠷᠣᠨ 《ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠴᠣᠭᠴᠠ ᠵᠢᠨ ᠣᠨᠣᠯ᠎ᠤᠨ ᠲᠣᠶ᠋ᠢᠮᠤ》 ᠵᠢᠨ ᠪᠦᠷᠢᠨ ᠢᠵᠢᠲᠦ ᠵᠢᠭ᠋ᠠᠨ ᠰᠤᠷᠭ᠋ᠠᠯᠲᠠ ᠵᠢᠨ ᠡᠬᠢ ᠪᠠᠶᠠᠯᠢᠭ᠎ᠤᠨ ᠬᠥᠮᠥᠷᠭᠡ ᠵᠢ ᠤᠷᠢᠳ ᠵᠶ᠋ᠠᠷ ᠪᠠᠶ᠋ᠢᠭᠤᠯᠪᠠ
ᠨᠡᠶᠢᠲᠡᠯᠡᠭᠰᠡᠨ ᠴᠠᠭ᠄ 2024-10-15


    ᠡᠨᠡ ᠵᠢᠯ᠎ᠠᠴᠠ ᠨᠠᠭ᠋ᠠᠰᠢ᠂ ᠰᠤᠷᠭ᠋ᠠᠨ ᠬᠥᠮᠦᠵᠢᠯ᠎ᠤᠨ ᠲᠢᠩᠭᠢᠮ ᠪᠦᠬᠦ ᠣᠷᠣᠨ᠎ᠤ ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠴᠣᠭᠴᠠ ᠵᠢᠨ ᠤᠬᠠᠮᠰᠠᠷ᠎ᠢ ᠪᠠᠲᠤᠳᠬᠠᠬᠤ 《ᠵᠢᠱ᠌ᠢᠶ᠎ᠡ ᠦᠵᠡᠭᠦᠯᠬᠦ ᠰᠢᠯᠭ᠋ᠠᠷᠠᠭᠰᠠᠨ ᠪᠠᠭᠰᠢ》 ᠨᠠᠷ᠎ᠢ ᠵᠣᠬᠢᠶᠠᠨ ᠪᠠᠶ᠋ᠢᠭᠤᠯᠤᠨ 《ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠴᠣᠭᠴᠠ ᠵᠢᠨ ᠣᠨᠣᠯ᠎ᠤᠨ ᠲᠣᠶ᠋ᠢᠮᠤ》 ᠵᠢᠨ ᠤᠯᠤᠰ᠎ᠤᠨ ᠨᠢᠭᠡᠲᠦᠯᠲᠡᠢ ᠨᠠᠶ᠋ᠢᠷᠠᠭᠤᠯᠤᠭᠰᠠᠨ ᠵᠢᠭ᠋ᠠᠬᠤ ᠮᠠᠲ᠋ᠧᠷᠢᠶᠠᠯ᠎ᠤᠨ ᠲᠣᠭᠤᠷᠢᠨ᠎ᠳᠤ ᠪᠦᠷᠢᠨ ᠢᠵᠢᠲᠦ ᠵᠢᠭ᠋ᠠᠨ ᠰᠤᠷᠭ᠋ᠠᠯᠲᠠ ᠵᠢᠨ ᠡᠬᠢ ᠪᠠᠶᠠᠯᠢᠭ᠎ᠤᠨ ᠬᠥᠮᠥᠷᠭᠡ ᠵᠢ ᠪᠠᠶ᠋ᠢᠭᠤᠯᠵᠤ᠂ ᠣᠳᠣ ᠨᠢᠭᠡᠨᠲᠡ ᠰᠦᠯᠵᠢᠶᠡᠨ᠎ᠳᠤ ᠭᠠᠷᠭ᠋ᠠᠪᠠ᠃ ᠲᠣᠰ ᠡᠬᠢ ᠪᠠᠶᠠᠯᠢᠭ᠎ᠤᠨ ᠬᠥᠮᠥᠷᠭᠡ᠎ᠨᠢ ᠵᠢᠭ᠋ᠠᠨ ᠰᠤᠷᠭ᠋ᠠᠯᠲᠠ ᠵᠢᠨ ᠡᠬᠢ ᠪᠠᠶᠠᠯᠢᠭ᠎ᠤᠨ ᠵᠢᠷᠤᠭ ᠲᠥᠯᠥᠪᠯᠡᠭᠡ ᠵᠢᠨ ᠲᠠᠯ᠎ᠠ᠎ᠪᠠᠷ᠂ ᠵᠢᠭ᠋ᠠᠨ ᠰᠤᠷᠭ᠋ᠠᠯᠲᠠ ᠵᠢᠨ ᠵᠢᠷᠤᠭ ᠲᠥᠯᠥᠪᠯᠡᠭᠡ᠂ ᠵᠢᠭ᠋ᠠᠨ ᠰᠤᠷᠭ᠋ᠠᠯᠲᠠ ᠵᠢᠨ ᠵᠥᠭᠡᠯᠡᠨ ᠲᠣᠨᠤᠭ᠂ ᠵᠢᠭ᠋ᠠᠨ ᠰᠤᠷᠭ᠋ᠠᠯᠲᠠ ᠵᠢᠨ ᠲᠤᠰᠠᠯᠠᠬᠤ ᠸᠢᠳᠢᠤ᠋ ᠦᠢ᠍ᠯᠡᠳᠬᠦ ᠵᠢᠴᠢ ᠵᠢᠭ᠋ᠠᠨ ᠰᠤᠷᠭ᠋ᠠᠯᠲᠠ ᠵᠢᠨ ᠬᠡᠷᠡᠭ᠎ᠤᠨ ᠵᠢᠱ᠌ᠢᠶ᠎ᠡ ᠬᠢᠭᠡᠳ ᠵᠠᠳᠠᠯᠤᠯᠲᠠ᠂ ᠵᠢᠭ᠋ᠠᠨ ᠰᠤᠷᠭ᠋ᠠᠯᠲᠠ ᠵᠢᠨ ᠦᠨᠡᠯᠡᠯᠲᠡ ᠪᠠ ᠦᠢ᠍ᠯᠡᠳᠦᠯᠭᠡ ᠵᠢᠨ ᠵᠢᠭ᠋ᠠᠨ ᠰᠤᠷᠭ᠋ᠠᠯᠲᠠ ᠵᠡᠷᠭᠡ ᠵᠢᠷᠭᠤᠭ᠋ᠠᠨ ᠲᠥᠷᠥᠯ᠎ᠤᠨ 183 ᠬᠤᠪᠢ ᠡᠬᠢ ᠪᠠᠶᠠᠯᠢᠭ᠎ᠢ ᠬᠠᠮᠤᠷᠴᠤ᠂ ᠵᠢᠭ᠋ᠠᠬᠤ ᠮᠠᠲ᠋ᠧᠷᠢᠶᠠᠯ᠎ᠤᠨ ᠠᠭᠤᠯᠭ᠎ᠠ ᠵᠢ ᠵᠢᠭ᠋ᠠᠨ ᠰᠤᠷᠭ᠋ᠠᠯᠲᠠ ᠵᠢᠨ ᠠᠭᠤᠯᠭ᠎ᠠ ᠪᠣᠯᠭ᠋ᠠᠨ᠂ ᠲᠧᠺᠰᠲ᠂ ᠵᠢᠷᠤᠭ ᠳᠦᠷᠰᠦ᠂ ᠠᠦ᠋ᠳᠢᠣ᠋ ᠸᠢᠳᠢᠣ᠋ ᠵᠡᠷᠭᠡ ᠣᠯᠠᠨ ᠵᠦᠢ᠍ᠯ᠎ᠤᠨ ᠬᠡᠯᠪᠡᠷᠢ᠎ᠪᠠᠷ ᠳᠠᠮᠵᠢᠭᠤᠯᠤᠨ᠂ ᠪᠥᠬᠦ ᠨᠡᠶ᠋ᠢᠭᠡᠮ ᠵᠶ᠋ᠠᠷ ᠵᠶ᠋ᠠᠨ ᠬᠠᠮᠲᠤ᠎ᠪᠠᠷ ᠪᠠᠶ᠋ᠢᠭᠤᠯᠵᠤ ᠬᠠᠮᠲᠤ᠎ᠪᠠᠷ ᠬᠦᠷᠲᠡᠵᠦ ᠪᠣᠯᠬᠤ ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠴᠣᠭᠴᠠ ᠵᠢᠨ ᠤᠬᠠᠮᠰᠠᠷ᠎ᠤᠨ ᠬᠥᠮᠦᠵᠢᠯ᠎ᠤᠨ 《ᠭᠤᠣᠯ ᠲᠣᠭᠤᠭ᠋ᠠᠨ ᠬᠡᠷ》᠎ᠢ ᠪᠠᠶ᠋ᠢᠭᠤᠯᠪᠠ᠃ (ᠰᠤᠷᠭ᠋ᠠᠨ ᠬᠥᠮᠦᠵᠢᠯ᠎ᠤᠨ ᠲᠢᠩᠬᠢᠮ)

ᠢᠷᠡᠯᠲᠡ᠄ ᠦᠪᠦᠷ ᠮᠣᠩᠭᠤᠯ᠎ᠤᠨ ᠵᠠᠰᠠᠭ᠎ᠤᠨ ᠣᠷᠳᠤᠨ
          
ᠬᠠᠮᠢᠶ᠎ᠡ ᠪᠦᠬᠦᠢ ᠰᠣᠨᠢᠨ
ᠮᠠᠨ᠎ᠤ ᠣᠷᠣᠨ᠎ᠤ ᠰᠢᠰᠲ᠋ᠧᠮᠲᠦ ᠨᠥᠬᠦᠷᠰᠡᠭ ᠬᠡᠯᠪᠡᠷᠢ ᠵᠢᠨ ᠰᠢᠨ᠎ᠡ ᠡᠨᠧᠷᠭᠢ ᠵᠢᠨ ᠲᠥᠷᠥᠯ ᠵᠦᠢ᠍ᠯ᠎ᠢ ᠤᠯᠤᠰ᠎ᠤᠨ ᠡᠨᠧᠷᠭᠢ ᠵᠢᠨ ᠲᠣᠪᠴᠢᠶ᠎ᠠ᠎ᠠᠴᠠ ᠵᠢᠱ᠌ᠢᠶ᠎ᠡ ᠦᠵᠡᠭᠦᠯᠦᠨ ᠳᠡᠯᠭᠡᠷᠡᠭᠦᠯᠪᠡ
ᠬᠢᠨᠠᠨ ᠪᠤᠳᠤᠬᠤ ᠲᠢᠩᠬᠢᠮ ᠤᠯᠤᠰ᠎ᠤᠨ ᠴᠢᠬᠤᠯᠠ ᠲᠠᠷᠢᠶᠠᠯᠠᠩ ᠮᠠᠯ᠎ᠤᠨ ᠠᠰᠢᠭ ᠰᠢᠮ᠎ᠡ ᠵᠢᠨ ᠪᠦᠲᠦᠭᠡᠭᠳᠡᠬᠦᠨ᠎ᠤ ᠦᠢ᠍ᠯᠡᠳᠪᠦᠷᠢᠯᠡᠯ᠎ᠤᠨ ᠰᠠᠭᠤᠷᠢᠨ ᠭᠠᠵᠠᠷ᠎ᠤᠨ ᠪᠥᠲᠥᠭᠡᠨ ᠪᠠᠶ᠋ᠢᠭᠤᠯᠤᠯᠲᠠ ᠪᠠ ᠬᠥᠳᠡᠭᠡ ᠲᠣᠰᠬᠤᠨ᠎ᠢ ᠬᠥᠭᠵᠢᠭᠦᠯᠦᠨ ᠮᠠᠨᠳᠤᠭᠤᠯᠬᠤ ᠬᠥᠭᠵᠢᠯᠲᠡ ᠵᠢ ᠪᠥᠬᠦ ᠬᠦᠴᠦᠨ ᠵᠶ᠋ᠠᠷ ᠵᠶ᠋ᠠᠨ ᠠᠬᠢᠭᠤᠯᠪᠠ
10 ᠳ᠋ᠤᠭ᠋ᠠᠷ ᠰᠠᠷ᠎ᠠ ᠵᠢᠨ 15᠎ᠤ ᠡᠳᠦᠷ ᠪᠦᠬᠦ ᠪᠥᠮᠪᠥᠷᠴᠡᠭ᠎ᠲᠠᠬᠢ ᠬᠠᠮᠤᠭ᠎ᠤᠨ ᠶᠡᠭᠡ ᠬᠤᠪᠣᠷ ᠰᠢᠷᠣᠢ ᠵᠢᠨ ᠲᠦᠭᠦᠬᠡᠶ ᠮᠠᠲ᠋ᠧᠷᠢᠶᠠᠯ᠎ᠤᠨ ᠦᠢ᠍ᠯᠡᠳᠪᠦᠷᠢᠯᠡᠯ᠎ᠤᠨ ᠰᠠᠭᠤᠷᠢᠨ ᠭᠠᠵᠠᠷ ᠪᠤᠭᠤᠲᠤ ᠬᠤᠲᠠ᠎ᠳᠤ ᠠᠰᠢᠭᠯᠠᠯᠲᠠ᠎ᠳᠤ ᠣᠷᠣᠪᠠ
10 ᠳ᠋ᠤᠭ᠋ᠠᠷ ᠰᠠᠷ᠎ᠠ ᠵᠢᠨ 18᠎ᠤ ᠡᠳᠦᠷ᠎ᠤᠨ ᠲᠣᠪᠴᠢ ᠮᠡᠳᠡᠭᠡ
ᠬᠥᠯᠥᠨ ᠪᠤᠶ᠋ᠢᠷ ᠬᠤᠲᠠ ᠡᠪᠦᠯ᠎ᠤᠨ ᠤᠯᠠᠷᠢᠯ᠎ᠤᠨ ᠮᠠᠰᠢᠨ ᠲᠡᠷᠭᠡ ᠰᠢᠯᠭ᠋ᠠᠬᠤ ᠠᠵᠤ ᠦᠢ᠍ᠯᠡᠰ᠎ᠤᠨ ᠴᠢᠨᠠᠷ ᠰᠠᠶ᠋ᠢᠲᠠᠶ ᠬᠥᠭᠵᠢᠯᠲᠡ ᠵᠢ ᠢᠳᠡᠪᠬᠢᠲᠡᠶ ᠠᠬᠢᠭᠤᠯᠵᠤ ᠪᠤᠢ
 
            