ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠰᠤᠷᠠᠭ ᠵᠠᠩᠬᠢ
ᠬᠡᠷᠡᠭᠯᠡᠭᠡ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠢᠨ ᠮᠡᠳᠡᠭᠡ   -   ᠳᠤᠰᠬᠠᠢ ᠮᠡᠳᠡᠭᠡᠯᠡᠯ
ᠨᠠᠮ᠎ᠤᠨ ᠪᠠᠢ᠌ᠭᠤᠯᠤᠯᠲᠠ ᠨᠢᠭᠲᠠᠷᠠᠯ᠎ᠤᠨ ᠬᠦᠴᠦᠨ᠎ᠢ ᠬᠥᠲᠥᠯᠦᠨ ᠳᠠᠭ᠋ᠠᠭᠤᠯᠵᠤ᠂ ᠠᠷᠠᠳ ᠲᠦᠮᠡᠨ᠎ᠳᠤ ᠦᠢ᠍ᠯᠡᠴᠢᠯᠡᠬᠦ᠎ᠪᠠᠷ ᠤᠭ ᠰᠠᠨᠠᠭ᠎ᠠ᠎ᠪᠠᠨ ᠪᠡᠶᠡᠯᠡᠭᠦᠯᠬᠦ— ᠥᠪᠥᠷ ᠮᠣᠩᠭᠣᠯ᠎ᠤᠨ ᠮᠦᠽᠧᠢ ᠪᠣᠯᠤᠨ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠲᠣᠮᠣ ᠳ᠋ᠠᠢ᠌ᠲ᠋ᠠ ᠵᠢᠨ ᠲᠥᠪ ᠬᠠᠮᠲᠤᠷᠠᠨ ᠭᠣᠣᠯ ᠰᠡᠳᠦᠪᠲᠦ ᠨᠠᠮ᠎ᠤᠨ ᠡᠳᠦᠷ᠎ᠤᠨ ᠠᠵᠢᠯᠯᠠᠭ᠎ᠠ ᠥᠷᠨᠢᠭᠦᠯᠪᠡ
ᠨᠡᠶᠢᠲᠡᠯᠡᠭᠰᠡᠨ ᠴᠠᠭ᠄ 2025-08-26

2025 ᠣᠨ᠎ᠤ 8 ᠳ᠋ᠤᠭ᠋ᠠᠷ ᠰᠠᠷ᠎ᠠ ᠵᠢᠨ 21᠎ᠤ ᠡᠳᠦᠷ᠎ᠤᠨ ᠦᠳᠡ ᠵᠢᠨ ᠡᠮᠦᠨ᠎ᠡ᠂ ᠥᠪᠥᠷ ᠮᠣᠩᠭᠤᠯ᠎ᠤᠨ ᠮᠦᠽᠧᠢ ᠵᠢᠨ ᠨᠢᠭᠡᠳᠦᠭᠡᠷ᠂ ᠵᠢᠷᠭᠤᠭ᠎ᠠ᠂ ᠨᠠᠢ᠍ᠮᠠᠳᠤᠭ᠋ᠠᠷ᠂ ᠶᠢᠰᠦᠳᠦᠭᠡᠷ ᠨᠠᠮ᠎ᠤᠨ ᠡᠭᠦᠷ ᠬᠢᠭᠡᠳ ᠥᠪᠥᠷ ᠮᠣᠩᠭᠤᠯ᠎ᠤᠨ ᠥᠪᠡᠷᠲᠡᠭᠡᠨ ᠵᠠᠰᠠᠬᠤ ᠣᠷᠣᠨ᠎ᠤ ᠲᠣᠮᠣ ᠳ᠋ᠠᠶ᠋ᠢᠲ᠋ᠠ ᠵᠢᠨ ᠲᠥᠪ᠎ᠤᠨ ᠮᠡᠳᠡᠭᠡ ᠵᠠᠩᠭᠢ ᠵᠢᠨ ᠮᠡᠷᠭᠡᠵᠢᠯ᠎ᠤᠨ ᠦᠢ᠍ᠯᠡᠴᠢᠯᠡᠭᠡᠨ᠎ᠤ ᠨᠠᠢ᠍ᠮᠠᠳᠤᠭ᠋ᠠᠷ ᠭᠠᠵᠠᠷ᠎ᠤᠨ ᠨᠠᠮ᠎ᠤᠨ ᠡᠭᠦᠷ᠂ ᠬᠠᠯᠠᠮᠰᠢᠯ ᠤᠲᠠᠰᠤᠨ᠎ᠤ ᠦᠢ᠍ᠯᠡᠴᠢᠯᠡᠭᠡᠨ᠎ᠤ ᠭᠠᠵᠠᠷ᠎ᠤᠨ ᠨᠠᠮ᠎ᠤᠨ ᠡᠭᠦᠷ ᠬᠠᠮᠲᠤ᠎ᠪᠠᠷ 《ᠨᠠᠮ᠎ᠤᠨ ᠪᠠᠶ᠋ᠢᠭᠤᠯᠤᠯᠲᠠ ᠨᠢᠭᠲᠠᠷᠠᠯ᠎ᠤᠨ ᠬᠦᠴᠦᠨ᠎ᠢ ᠬᠥᠲᠥᠯᠥᠨ ᠳᠠᠭ᠋ᠠᠭᠤᠯᠵᠤ᠂ ᠠᠷᠠᠳ ᠲᠦᠮᠡᠨ᠎ᠳᠤ ᠦᠢ᠍ᠯᠡᠴᠢᠯᠡᠬᠦ᠎ᠪᠠᠷ ᠣᠭ ᠰᠠᠨᠠᠭ᠎ᠠ᠎ᠪᠠᠨ ᠪᠡᠶᠡᠯᠡᠭᠦᠯᠬᠦ》 ᠭᠤᠤᠯ ᠰᠡᠳᠦᠪᠲᠦ ᠨᠠᠮ᠎ᠤᠨ ᠡᠳᠦᠷ᠎ᠤᠨ ᠠᠵᠢᠯᠯᠠᠭ᠎ᠠ ᠵᠢ ᠡᠷᠭᠢᠯᠡᠪᠡ᠃ ᠬᠤᠶᠠᠷ ᠲᠠᠯ᠎ᠠ᠎ᠪᠠᠷ ᠵᠶ᠋ᠠᠨ ᠲᠣᠭᠤᠷᠢᠨ ᠦᠵᠡᠵᠦ ᠰᠤᠷᠤᠯᠴᠠᠬᠤ ᠪᠣᠯᠤᠨ ᠲᠤᠬᠠᠶ᠋ᠢᠯᠠᠭᠰᠠᠨ ᠠᠵᠢᠯ᠎ᠤᠨ ᠰᠣᠯᠢᠯᠴᠠᠭ᠎ᠠ ᠵᠢ ᠤᠶᠠᠯᠳᠤᠭᠤᠯᠬᠤ ᠠᠷᠭ᠎ᠠ ᠬᠡᠯᠪᠡᠷᠢ᠎ᠪᠠᠷ ᠳᠠᠮᠵᠢᠭᠤᠯᠤᠨ᠂ ᠨᠠᠮ᠎ᠤᠨ ᠪᠠᠶ᠋ᠢᠭᠤᠯᠤᠯᠲᠠ ᠪᠣᠯᠤᠨ ᠲᠤᠬᠠᠶ᠋ᠢᠯᠠᠭᠰᠠᠨ ᠠᠵᠢᠯ᠎ᠤᠨ ᠭᠦᠨᠵᠡᠭᠡᠢ ᠠᠭᠤᠰᠤᠯᠴᠠᠯ᠎ᠢ ᠠᠬᠢᠭᠤᠯᠵᠤ᠂ ᠤᠯᠠᠨ ᠲᠦᠮᠡᠨ᠎ᠳᠤ ᠦᠢ᠍ᠯᠡᠴᠢᠯᠡᠬᠦ ᠴᠢᠳᠠᠪᠤᠷᠢ ᠪᠣᠯᠤᠨ ᠲᠦᠪᠰᠢᠨ᠎ᠢ ᠦᠨᠡᠨ ᠬᠦ᠌ ᠳᠡᠭᠡᠭᠰᠢᠯᠡᠭᠦᠯᠪᠡ᠃


       ᠲᠣᠰ ᠤᠳᠠᠭ᠋ᠠᠨ᠎ᠤ ᠭᠤᠤᠯ ᠰᠡᠳᠦᠪᠲᠦ ᠨᠠᠮ᠎ᠤᠨ ᠡᠳᠦᠷ᠎ᠤᠨ ᠠᠵᠢᠯᠯᠠᠭ᠎ᠠ᠎ᠨᠢ ᠨᠠᠮᠴᠢ ᠴᠢᠨᠠᠷ᠎ᠤᠨ ᠬᠥᠮᠦᠵᠢᠯ᠂ ᠲᠤᠬᠠᠶ᠋ᠢᠯᠠᠭᠰᠠᠨ ᠠᠵᠢᠯ᠎ᠤᠨ ᠰᠣᠯᠢᠯᠴᠠᠭ᠎ᠠ ᠬᠢᠭᠡᠳ ᠠᠷᠠᠳ ᠲᠦᠮᠡᠨ᠎ᠳᠤ ᠦᠢ᠍ᠯᠡᠴᠢᠯᠡᠬᠦ ᠦᠢ᠍ᠯᠡᠳᠦᠯᠭᠡ ᠵᠢᠨ ᠣᠷᠭ᠋ᠠᠨᠢᠭ ᠨᠢᠭᠡᠳᠦᠯ᠎ᠢ ᠪᠦᠲᠦᠮᠵᠢᠲᠡᠶ ᠪᠡᠶᠡᠯᠡᠭᠦᠯᠪᠡ᠃ ᠬᠤᠶᠠᠷ ᠲᠠᠯ᠎ᠠ᠎ᠪᠠᠷ ᠵᠶ᠋ᠠᠨ ᠴᠥᠮ ᠨᠠᠮ᠎ᠤᠨ ᠪᠠᠶ᠋ᠢᠭᠤᠯᠤᠯᠲᠠ ᠬᠢᠭᠡᠳ ᠲᠤᠬᠠᠶ᠋ᠢᠯᠠᠭᠰᠠᠨ ᠠᠵᠢᠯ᠎ᠤᠨ ᠭᠦᠨᠵᠡᠭᠡᠶ ᠠᠭᠤᠰᠤᠯᠴᠠᠭᠰᠠᠨ ᠰᠢᠨ᠎ᠡ ᠵᠠᠭᠪᠤᠷ᠂ ᠰᠢᠨ᠎ᠡ ᠠᠷᠭ᠎ᠠ ᠵᠠᠮ᠎ᠢ ᠤᠯᠠᠮ ᠨᠢᠭᠡ ᠠᠯᠬᠤᠮ ᠬᠠᠶ᠋ᠢᠨ ᠰᠦᠪᠡᠭᠴᠢᠯᠡᠵᠦ᠂ ᠢᠯᠠᠩᠭᠤᠶ᠎ᠠ ᠲᠤᠭ᠎ᠠ ᠪᠠᠷᠢᠮᠲᠠ ᠵᠢ ᠬᠠᠮᠲᠤ᠎ᠪᠠᠷ ᠡᠳ᠋ᠯᠡᠬᠦ᠂ ᠶᠠᠪᠤᠴᠠ ᠵᠢ ᠰᠢᠯᠢᠳᠡᠭᠵᠢᠭᠦᠯᠬᠦ᠂ ᠨᠠᠷᠢᠯᠢᠭ ᠣᠨᠣᠴᠠᠲᠠᠶ᠎ᠪᠠᠷ ᠦᠢ᠍ᠯᠡᠴᠢᠯᠡᠬᠦ ᠵᠡᠷᠭᠡ ᠲᠠᠯ᠎ᠠ ᠵᠢᠨ ᠬᠠᠮᠲᠤᠷᠠᠯᠴᠠᠭ᠎ᠠ᠎ᠪᠠᠨ ᠴᠢᠩᠭ᠋ᠠᠳᠬᠠᠵᠤ᠂ 12345 ᠵᠠᠰᠠᠭ᠎ᠤᠨ ᠶᠠᠪᠤᠳᠠᠯ᠎ᠤᠨ ᠦᠢ᠍ᠯᠡᠴᠢᠯᠡᠭᠡᠨ᠎ᠤ ᠠᠷᠠᠳ᠎ᠲᠤ ᠲᠥᠬᠦᠮ ᠦᠵᠡᠭᠦᠯᠬᠦ ᠬᠠᠯᠠᠮᠰᠢᠯ ᠤᠲᠠᠰᠤ ᠬᠢᠭᠡᠳ ᠮᠦᠽᠧᠶ ᠵᠢᠨ ᠦᠢ᠍ᠯᠡᠴᠢᠯᠡᠭᠡᠨ᠎ᠤ ᠬᠢᠷᠢ ᠲᠦᠪᠰᠢᠨ᠎ᠤ ᠰᠢᠨ᠎ᠡ ᠳᠡᠭᠲᠡᠷ᠎ᠲᠤ ᠭᠠᠷᠬᠤ ᠵᠢ ᠬᠠᠮᠲᠤ᠎ᠪᠠᠷ ᠠᠬᠢᠭᠤᠯᠵᠤ᠂ ᠪᠣᠳᠠᠲᠤ ᠠᠵᠢᠯᠯᠠᠭ᠎ᠠ᠎ᠪᠠᠷ ᠵᠶ᠋ᠠᠨ ᠣᠭ ᠰᠠᠨᠠᠭ᠎ᠠ ᠡᠭᠦᠷᠭᠡ ᠬᠠᠷᠢᠭᠤᠴᠠᠯᠭ᠎ᠠ᠎ᠪᠠᠨ ᠲᠠᠶ᠋ᠢᠯᠪᠤᠷᠢᠯᠠᠵᠤ᠂ ᠠᠷᠠᠳ ᠲᠦᠮᠡᠨ᠎ᠳᠤ ᠲᠠᠭ᠋ᠠᠰᠢᠶᠠᠭᠳᠠᠭᠰᠠᠨ ᠣᠯᠠᠨ ᠨᠡᠶ᠋ᠢᠲᠡ ᠵᠢᠨ ᠦᠢ᠍ᠯᠡᠴᠢᠯᠡᠭᠡᠨ᠎ᠤ ᠰᠢᠰᠲ᠋ᠧᠮ᠎ᠢ ᠪᠠᠶ᠋ᠢᠭᠤᠯᠬᠤ᠎ᠳᠤ ᠬᠦᠴᠦᠨ ᠴᠢᠳᠠᠯ ᠵᠶ᠋ᠠᠨ ᠡᠷᠭᠦᠨ᠎ᠡ ᠭᠡᠵᠦ ᠢᠯᠡᠷᠬᠡᠶ᠋ᠢᠯᠡᠪᠡ᠃

ᠢᠷᠡᠯᠲᠡ᠄ ᠦᠪᠦᠷ ᠮᠤᠩᠭᠤᠯ᠎ᠤᠨ ᠦᠪᠡᠷᠳᠡᠬᠡᠨ ᠵᠠᠰᠠᠬᠤ ᠤᠷᠤᠨ᠎ᠤ ᠰᠤᠶᠤᠯ ᠪᠠ ᠵᠢᠭᠤᠯᠴᠢᠯᠠᠯ᠎ᠤᠨ ᠲᠢᠩᠬᠢᠮ
          
ᠬᠠᠮᠢᠶ᠎ᠡ ᠪᠦᠬᠦᠢ ᠰᠣᠨᠢᠨ
 
            