ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠰᠤᠷᠠᠭ ᠵᠠᠩᠬᠢ
ᠬᠡᠷᠡᠭᠯᠡᠭᠡ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠢᠨ ᠮᠡᠳᠡᠭᠡ   -   ᠠᠯᠪᠠᠨ ᠨᠡᠶ᠋ᠢᠲᠡᠯᠡᠯ
ᠮᠣᠩᠭᠣᠯ ᠦᠨᠳᠦᠰᠦᠲᠡᠨ᠎ᠤ ᠬᠤᠪᠴᠠᠰᠤ ᠵᠠᠰᠠᠯ᠎ᠤᠨ ᠲᠡᠦᠬᠡᠨ ᠭᠡᠷᠡᠯ ᠵᠢᠷᠣᠭ᠎ᠢ ᠴᠤᠭᠯᠠᠭᠤᠯᠬᠤ ᠲᠤᠬᠠᠶ ᠮᠡᠳᠡᠭᠳᠡᠯ
ᠨᠡᠶᠢᠲᠡᠯᠡᠭᠰᠡᠨ ᠴᠠᠭ᠄ 2019-10-18

ᠨᠢᠭᠡ᠂ ᠠᠵᠢᠯᠯᠠᠭ᠎ᠠ ᠵᠢᠨ ᠵᠣᠷᠢᠯᠭ᠎ᠠ
      ᠮᠣᠩᠭᠣᠯ ᠦᠨᠳᠦᠰᠦᠲᠡᠨ᠎ᠤ ᠬᠤᠪᠴᠠᠰᠤ ᠵᠠᠰᠠᠯ ᠪᠣᠯ ᠮᠠᠨ᠎ᠤ ᠤᠯᠤᠰ᠎ᠤᠨ ᠤᠮᠠᠷᠠᠲᠤ ᠤᠷᠤᠨ᠎ᠤ ᠨᠡᠭᠦᠳᠡᠯᠴᠢᠨ ᠦᠨᠳᠦᠰᠦᠲᠡᠨ᠎ᠤ ᠬᠤᠪᠴᠠᠰᠤ ᠵᠠᠰᠠᠯ᠎ᠤᠨ ᠬᠠᠮᠤᠭ᠎ᠤᠨ ᠴᠢᠬᠤᠯᠠ ᠲᠥᠯᠥᠭᠡᠯᠡᠬᠦ ᠴᠢᠨᠠᠷᠲᠠᠶ ᠨᠢᠭᠡ ᠪᠤᠯᠤᠨ᠎ᠠ᠂ ᠮᠣᠩᠭᠣᠯ ᠦᠨᠳᠦᠰᠦᠲᠡᠨ᠎ᠤ ᠰᠣᠶᠣᠯ᠎ᠤᠨ ᠴᠢᠬᠤᠯᠠ ᠪᠦᠷᠢᠯᠳᠦᠬᠦᠨ ᠬᠡᠰᠡᠭ ᠪᠣᠯᠤᠨ᠎ᠠ᠃ ᠮᠣᠩᠭᠣᠯ ᠦᠨᠳᠦᠰᠦᠲᠡᠨ᠎ᠤ ᠬᠤᠪᠴᠠᠰᠤ ᠵᠠᠰᠠᠯ᠎ᠤᠨ ᠰᠣᠶᠣᠯ᠎ᠢ ᠤᠯᠠᠮ ᠴᠢᠨᠠᠭᠰᠢᠳᠠ ᠬᠠᠮᠠᠭ᠋ᠠᠯᠠᠵᠤ ᠦᠪᠯᠡᠨ ᠤᠯᠠᠮᠵᠢᠯᠠᠬᠤ ᠵᠢᠨ ᠲᠥᠯᠥᠭᠡ᠂ ᠮᠣᠩᠭᠣᠯ ᠦᠨᠳᠦᠰᠦᠲᠡᠨ᠎ᠤ ᠬᠤᠪᠴᠠᠰᠤ ᠵᠠᠰᠠᠯ᠎ᠤᠨ ᠲᠡᠦᠬᠡᠨ ᠭᠡᠷᠡᠯ ᠵᠢᠷᠤᠭ᠎ᠢ ᠴᠤᠭᠯᠠᠭᠤᠯᠬᠤ ᠠᠵᠢᠯᠯᠠᠭ᠎ᠠ ᠵᠢ ᠦᠷᠨᠢᠭᠦᠯᠬᠦ᠎ᠪᠠᠷ ᠪᠤᠯᠪᠠ᠃


ᠬᠣᠶᠠᠷ᠂ ᠭᠤᠤᠯᠯᠠᠨ ᠭᠦᠢ᠍ᠴᠡᠳᠭᠡᠬᠦ᠂ ᠳᠠᠭ᠋ᠠᠭ᠋ᠠᠨ ᠭᠦᠢ᠍ᠴᠡᠳᠬᠡᠬᠦ ᠨᠢᠭᠡᠴᠢ
      ᠭᠤᠤᠯᠯᠠᠨ ᠭᠦᠢ᠍ᠴᠡᠳᠭᠡᠭᠴᠢ᠄ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠰᠣᠶᠣᠯ ᠪᠠ ᠵᠢᠭᠤᠯᠴᠢᠯᠠᠯ᠎ᠤᠨ ᠲᠢᠩᠬᠢᠮ
      ᠳᠠᠭ᠋ᠠᠭ᠋ᠠᠨ ᠭᠦᠢ᠍ᠴᠡᠳᠭᠡᠭᠴᠢ᠄ ᠥᠪᠥᠷ ᠮᠣᠩᠭᠣᠯ᠎ᠤᠨ ᠪᠣᠳᠠᠰ᠎ᠤᠨ ᠪᠤᠰᠤ ᠰᠣᠶᠣᠯ᠎ᠤᠨ ᠥᠪ᠎ᠢ ᠬᠠᠮᠠᠭ᠋ᠠᠯᠠᠬᠤ ᠲᠥᠪ᠂ ᠥᠪᠥᠷ ᠮᠣᠩᠭᠣᠯ᠎ᠤᠨ ᠵᠢᠭᠤᠯᠴᠢᠯᠠᠯ᠎ᠤᠨ ᠭᠡᠷᠡᠯ ᠵᠢᠷᠣᠭᠴᠢᠳ᠎ᠤᠨ ᠨᠡᠶ᠋ᠢᠭᠡᠮᠯᠢᠭ


ᠭᠤᠷᠪᠠ᠂ ᠭᠡᠷᠡᠯ ᠵᠢᠷᠤᠭ ᠡᠯᠰᠡᠬᠦ ᠴᠠᠭ ᠬᠤᠭᠤᠴᠠᠭ᠎ᠠ
     2019 ᠤᠨ᠎ᠤ 5 ᠰᠠᠷ᠎ᠠ ᠵᠢᠨ 20᠎ᠠᠴᠠ 6 ᠰᠠᠷ᠎ᠠ ᠵᠢᠨ 1᠎ᠤ ᠡᠳᠦᠷ ᠪᠣᠯᠲᠠᠯ᠎ᠠ


ᠲᠦᠷᠪᠡ᠂ ᠡᠯᠰᠡᠨ ᠴᠤᠭᠯᠠᠭᠤᠯᠬᠤ ᠱᠠᠭ᠋ᠠᠷᠳᠠᠯᠭ᠎ᠠ
     (ᠨᠢᠭᠡ) ᠭᠡᠷᠡᠯ ᠵᠢᠷᠤᠭ ᠡᠯᠰᠡᠭᠳᠡᠬᠦ ᠡᠲᠡᠭᠡᠳ
      ᠣᠷᠣᠨ᠎ᠤ ᠳᠣᠲᠣᠷ᠎ᠠ ᠭᠠᠳᠠᠨᠠᠬᠢ ᠭᠡᠷᠡᠯ ᠵᠢᠷᠤᠭ᠎ᠤᠨ ᠠᠵᠢᠯᠲᠠᠨ᠂ ᠵᠠᠭᠤᠴᠢᠯᠠᠭᠤᠷ᠎ᠤᠨ ᠠᠵᠢᠯᠲᠠᠨ᠂ ᠳᠠᠩᠰᠠ ᠡᠪᠬᠡᠮᠡᠯ᠎ᠤᠨ ᠠᠵᠢᠯᠲᠠᠨ ᠪᠣᠯᠤᠨ ᠪᠤᠰᠤᠳ ᠬᠤᠪᠢ ᠬᠥᠮᠦᠨ ᠴᠥᠮ ᠭᠡᠷᠡᠯ ᠵᠢᠷᠤᠭ ᠬᠠᠩᠭ᠋ᠠᠵᠤ ᠪᠣᠯᠤᠨ᠎ᠠ᠃
     (ᠬᠣᠶᠠᠷ) ᠭᠡᠷᠡᠯ ᠵᠢᠷᠤᠭ ᠡᠯᠰᠡᠬᠦ ᠠᠭᠣᠯᠭ᠎ᠠ
      ᠳᠡᠭᠡᠷ᠎ᠡ ᠵᠠᠭᠤᠨ᠎ᠤ ᠵᠢᠷᠠᠭ᠋ᠠᠳ ᠣᠨ᠎ᠠᠴᠠ ᠡᠮᠦᠨᠡᠬᠢ (1960 ᠣᠨ) ᠴᠠᠭ ᠦᠶ᠎ᠡ ᠵᠢᠨ ᠮᠣᠩᠭᠣᠯ ᠦᠨᠳᠦᠰᠦᠲᠡᠨ᠎ᠤ ᠡᠯ᠎ᠡ ᠤᠪᠤᠭ ᠠᠶ᠋ᠢᠮᠠᠭ᠎ᠤᠨ ᠬᠤᠪᠴᠠᠰᠤ ᠵᠠᠰᠠᠯ᠎ᠤᠨ ᠲᠡᠦᠬᠡᠨ ᠭᠡᠷᠡᠯ ᠵᠢᠷᠤᠭ ᠵᠢᠴᠢ ᠡᠯ᠎ᠡ ᠵᠦᠢ᠍ᠯ᠎ᠤᠨ ᠠᠷᠠᠳ᠎ᠤᠨ ᠵᠠᠩ ᠦᠢ᠍ᠯᠡ ᠵᠢᠨ ᠠᠵᠢᠯᠯᠠᠭ᠎ᠠ᠂ ᠶᠣᠰᠣᠯᠠᠯ ᠲᠡᠭᠡᠷᠡᠬᠢ ᠮᠣᠩᠭᠣᠯ ᠬᠤᠪᠴᠠᠰᠤ ᠵᠠᠰᠠᠯ᠎ᠢ ᠬᠠᠷᠠᠭᠤᠯᠵᠤ ᠪᠤᠯᠬᠤᠢ᠌ᠴᠠ ᠭᠡᠷᠡᠯ ᠵᠢᠷᠤᠭ᠎ᠨᠢ ᠴᠥᠮ ᠡᠯᠰᠡᠭᠳᠡᠬᠦ ᠬᠡᠪᠴᠢᠶᠡᠨ᠎ᠳᠤ ᠪᠠᠭᠲᠠᠨ᠎ᠠ᠃
     (ᠭᠤᠷᠪᠠ) ᠭᠡᠷᠡᠯ ᠵᠢᠷᠤᠭ᠎ᠤᠨ ᠱᠠᠭ᠋ᠠᠷᠳᠠᠯᠭ᠎ᠠ
     1. ᠭᠡᠷᠡᠯ ᠵᠢᠷᠤᠭ᠎ᠤᠨ ᠪᠦᠲᠦᠭᠡᠯ᠎ᠨᠢ ᠡᠷᠬᠡᠪᠰᠢ ᠲᠡᠦᠬᠡᠨ ᠭᠡᠷᠡᠯ ᠵᠢᠷᠤᠭ ᠪᠠᠶ᠋ᠢᠵᠤ᠂ ᠵᠠᠷᠴᠢᠮ ᠳᠡᠭᠡᠷ᠎ᠡ᠎ᠪᠠᠨ ᠳᠡᠭᠡᠷ᠎ᠡ ᠵᠠᠭᠤᠨ᠎ᠤ ᠵᠢᠷᠠᠭ᠋ᠠᠳ ᠣᠨ᠎ᠠᠴᠠ ᠡᠮᠦᠨᠡᠬᠢ (1960 ᠣᠨ) ᠴᠠᠭ ᠦᠶ᠎ᠡ ᠵᠢᠨ ᠮᠣᠩᠭᠣᠯ ᠦᠨᠳᠦᠰᠦᠲᠡᠨ᠎ᠤ ᠬᠤᠪᠴᠠᠰᠤ ᠵᠠᠰᠠᠯ᠎ᠤᠨ ᠲᠡᠦᠬᠡᠨ ᠪᠠᠶ᠋ᠢᠳᠠᠯ᠎ᠢ ᠬᠠᠷᠠᠭᠤᠯᠤᠭᠰᠠᠨ ᠪᠠᠢ᠌ᠬᠤ ᠬᠡᠷᠡᠭᠲᠡᠶ᠃
     2. ᠪᠦᠲᠦᠭᠡᠯ᠎ᠨᠢ ᠪᠤᠳᠤᠭ᠎ᠲᠠᠢ᠂ ᠪᠤᠳᠤᠭ ᠦᠭᠡᠢ ᠭᠡᠵᠦ ᠬᠢᠵᠠᠭ᠋ᠠᠷᠯᠠᠬᠤ ᠦᠭᠡᠶ᠂ ᠲᠡᠩ ᠵᠢᠷᠤᠭ᠂ ᠮᠦᠴᠡᠯᠭᠡ ᠵᠢᠷᠤᠭ ᠭᠡᠵᠦ ᠬᠢᠵᠠᠭ᠋ᠠᠷᠯᠠᠬᠤ ᠦᠭᠡᠶ᠃
     3. ᠹᠢᠯᠢᠮᠲᠦ ᠪᠦᠲᠦᠭᠡᠯ᠎ᠢ ᠠᠯᠢ ᠴᠢᠳᠠᠬᠤ᠎ᠪᠠᠷ ᠯᠠᠶ᠋ᠢᠰᠧᠷ ᠡᠯᠸᠺᠲᠷᠣᠨ ᠵᠶ᠋ᠠᠷ ᠥᠩᠭᠡ ᠢᠯᠭ᠋ᠠᠷᠠᠭᠤᠯᠤᠭᠰᠠᠨ᠂ ᠡᠰᠡᠪᠡᠯ ᠡᠬᠡ ᠹᠢᠯᠢᠮ᠎ᠤᠨ ᠰᠢᠷᠪᠢᠭᠦᠷ᠂ ᠲᠡᠭᠡᠳᠦ ᠨᠠᠷᠢᠯᠢᠭ ᠲᠤᠰᠬᠠᠶ ᠮᠡᠷᠭᠡᠵᠢᠯ᠎ᠤᠨ C C D ᠬᠠᠪᠲᠠᠭ᠋ᠠᠶ ᠰᠢᠷᠪᠢᠭᠦᠷ ᠵᠶ᠋ᠠᠷ ᠰᠢᠷᠪᠢᠭᠡᠳ ᠡᠯᠸᠺᠲᠷᠣᠨ ᠪᠢᠴᠢᠭ ᠮᠠᠲ᠋ᠧᠷᠢᠶᠠᠯ ᠪᠤᠯᠭ᠋ᠠᠨ ᠦᠢ᠍ᠯᠡᠳᠦᠭᠰᠡᠨ ᠪᠠᠢ᠌ᠬᠤ᠂ T I F F ᠬᠡᠯᠪᠡᠷᠢ᠎ᠪᠠᠷ᠂ ᠰᠢᠷᠪᠢᠭᠰᠡᠨ ᠭᠡᠷᠡᠯ ᠵᠢᠷᠤᠭ᠎ᠤᠨ ᠡᠯᠧᠮᠧᠨ᠋ᠲ᠎ᠢ 1000 ᠲᠦᠮᠡ᠎ᠠᠴᠠ ᠳᠡᠭᠡᠭᠰᠢ ᠪᠠᠢ᠌ᠯᠭ᠋ᠠᠵᠤ᠂ ᠪᠢᠴᠢᠭ ᠮᠠᠲ᠋ᠧᠷᠢᠶᠠᠯ᠎ᠢ 10 M᠎ᠠᠴᠠ ᠪᠠᠭ᠎ᠠ ᠪᠠᠢ᠌ᠯᠭ᠋ᠠᠬᠤ ᠦᠭᠡᠶ ᠬᠠᠳᠠᠭ᠋ᠠᠯᠠᠯᠲᠠ ᠵᠢᠨ ᠱᠠᠭ᠋ᠠᠷᠳᠠᠯᠭ᠎ᠠ᠎ᠲᠠᠢ᠃
     4. ᠲᠠᠨᠭ᠌ ᠪᠤᠶᠤ ᠰᠢᠷᠢᠰ ᠪᠦᠲᠦᠭᠡᠯ ᠨᠢᠭᠡᠪᠦᠷᠢ ᠵᠢ ᠬᠦᠰᠦᠨᠦᠭᠲᠦ ᠵᠢᠨ ᠱᠠᠭ᠋ᠠᠷᠳᠠᠯᠭ᠎ᠠ ᠶᠣᠰᠣᠭ᠋ᠠᠷ ᠨᠠᠷᠢᠨ ᠬᠢᠨᠠᠮᠠᠭ᠋ᠠᠶ ᠲᠠᠭᠯᠠᠨ ᠪᠢᠴᠢᠵᠦ᠂ ᠴᠠᠭ᠋ᠠᠰᠤᠨ ᠪᠦᠲᠦᠭᠡᠯ ᠪᠠᠢ᠌ᠬᠤ ᠶᠤᠮ ᠪᠤᠯ ᠬᠦᠰᠦᠨᠦᠭ ᠵᠶ᠋ᠠᠨ ᠪᠦᠲᠦᠭᠡᠯ᠎ᠤᠨ ᠠᠷᠤ ᠲᠠᠯ᠎ᠠ᠎ᠳᠤ ᠨᠠᠭ᠋ᠠᠭ᠋ᠠᠷᠠᠶ᠃ ᠲᠣᠳᠣᠷᠬᠠᠶ᠋ᠢᠯᠠᠯᠲᠠ᠎ᠨᠢ ᠲᠤᠲᠠᠵᠤ ᠭᠡᠭᠡᠭᠳᠡᠭᠰᠡᠨ᠎ᠠᠴᠠ ᠪᠣᠯᠵᠤ ᠰᠣᠨᠭ᠌ᠭᠣᠯᠲᠠ᠎ᠳᠤ ᠤᠷᠤᠵᠤ ᠴᠢᠳᠠᠬᠤ ᠦᠭᠡᠶ ᠪᠤᠯᠪᠠᠯ ᠡᠬᠡ ᠪᠢᠴᠢᠭ ᠬᠠᠨᠭ᠌ᠭ᠋ᠠᠭᠴᠢ ᠦᠪᠡᠰᠦᠪᠡᠨ ᠬᠠᠷᠢᠭᠤᠴᠠᠨ᠎ᠠ᠃
     5. ᠲᠤᠰ ᠤᠳᠠᠭ᠋ᠠᠨ᠎ᠤ ᠭᠡᠷᠡᠯ ᠵᠢᠷᠤᠭ ᠡᠯᠰᠡᠬᠦ᠎ᠨᠢ ᠺᠣᠮᠫᠢᠦ᠋ᠲ᠋ᠧᠷ᠎ᠤᠨ ᠨᠡᠶ᠋ᠢᠯᠡᠮᠡᠯ ᠪᠦᠲᠦᠭᠡᠯ᠎ᠢ ᠲᠡᠪᠴᠢᠨ᠎ᠡ᠃ ᠰᠦᠢ᠍ᠳᠬᠡᠯ ᠬᠤᠷᠢᠶᠠᠬᠤ ᠦᠭᠡᠶ᠂ ᠭᠡᠷᠡᠯ ᠵᠢᠷᠤᠭ᠎ᠢ ᠪᠤᠴᠠᠭ᠋ᠠᠬᠤ ᠦᠭᠡᠶ᠃


ᠲᠠᠪᠤ᠂ ᠭᠡᠷᠡᠯ ᠵᠢᠷᠤᠭ ᠵᠶ᠋ᠡᠨ ᠲᠡᠪᠰᠢᠭᠦᠯᠬᠦ ᠠᠷᠭ᠎ᠠ ᠬᠡᠯᠪᠡᠷᠢ
      ᠴᠠᠭ᠋ᠠᠰᠤᠨ᠎ᠤ ᠭᠡᠷᠡᠯ ᠵᠢᠷᠤᠭ ᠲᠡᠪᠰᠢᠭᠦᠯᠬᠦ ᠪᠠ ᠡᠯᠸᠺᠲᠷᠣᠨ᠎ᠪᠠᠷ᠎ᠤᠨ ᠭᠡᠷᠡᠯ ᠵᠢᠷᠤᠭ ᠲᠡᠪᠰᠢᠭᠦᠯᠬᠦ ᠬᠣᠶᠠᠷ ᠵᠦᠢ᠍ᠯ᠎ᠤᠨ ᠠᠷᠭ᠎ᠠ ᠵᠢ ᠠᠪᠤᠨ᠎ᠠ᠃ ᠴᠠᠭ᠋ᠠᠰᠤᠨ᠎ᠤ ᠭᠡᠷᠡᠯ ᠵᠢᠷᠤᠭ᠎ᠢ ᠰᠢᠦᠳᠠᠨ ᠵᠶ᠋ᠠᠷ ᠭᠤᠪᠢᠭᠤᠯᠵᠤ᠂ ᠡᠯᠸᠺᠲᠷᠣᠨ᠎ᠪᠠᠷ᠎ᠤᠨ ᠭᠡᠷᠡᠯ ᠵᠢᠷᠤᠭ᠎ᠢ ᠢᠮᠸᠯ ᠵᠶ᠋ᠡᠷ ᠭᠤᠪᠢᠭᠤᠯᠤᠭ᠋ᠠᠷᠠᠢ᠃
      ᠴᠠᠭ᠋ᠠᠰᠤ᠂ ᠡᠯᠸᠺᠲᠷᠣᠨ᠎ᠪᠠᠷ᠎ᠤᠨ ᠭᠡᠷᠡᠯ ᠵᠢᠷᠤᠭ᠎ᠢ ᠲᠠᠪᠬᠤᠷᠳᠠᠭᠤᠯᠤᠨ ᠥᠭᠴᠦ ᠪᠣᠯᠬᠤ ᠦᠭᠡᠶ᠃
      ᠴᠠᠭ᠋ᠠᠰᠤᠨ᠎ᠤ ᠪᠣᠯᠤᠨ ᠡᠯᠸᠺᠲᠷᠣᠨ᠎ᠪᠠᠷ᠎ᠤᠨ ᠭᠡᠷᠡᠯ ᠵᠢᠷᠤᠭ᠎ᠢ ᠴᠥᠮ ᠳᠠᠭ᠋ᠠᠯᠳᠤᠭᠤᠯᠤᠯ ᠬᠦᠰᠦᠨᠦᠭᠲᠦ᠎ᠲᠠᠢ᠎ᠨᠢ ᠦᠭᠬᠦ ᠬᠡᠷᠡᠭᠲᠡᠢ᠂ ᠱᠠᠭ᠋ᠠᠷᠳᠠᠯᠭ᠎ᠠ ᠶᠣᠰᠣᠭ᠋ᠠᠷ ᠬᠤᠪᠢ ᠬᠥᠮᠦᠨ᠎ᠤ ᠦᠨᠡᠨ ᠪᠣᠳᠠᠲᠠᠶ ᠮᠡᠳᠡᠭᠡ ᠵᠠᠩᠭᠢ᠎ᠪᠠᠨ ᠬᠦᠰᠦᠨᠦᠭ᠎ᠲᠤ ᠲᠠᠭᠯᠠᠨ ᠪᠢᠴᠢᠬᠦ ᠬᠡᠷᠡᠭᠲᠡᠶ᠃ ᠭᠡᠷᠡᠯ ᠵᠢᠷᠤᠭ᠎ᠤᠨ ᠬᠦᠰᠦᠨᠦᠭᠲᠦ᠎ᠨᠢ ᠥᠪᠥᠷ ᠮᠣᠩᠭᠣᠯ᠎ᠤᠨ ᠪᠣᠳᠠᠰ᠎ᠤᠨ ᠪᠤᠰᠤ ᠰᠣᠶᠣᠯ᠎ᠤᠨ ᠥᠪ᠎ᠢ ᠬᠠᠮᠠᠭ᠋ᠠᠯᠠᠬᠤ ᠲᠥᠪ᠎ᠤᠨ ᠰᠦᠯᠵᠢᠶᠡᠨ ᠥᠷᠲᠡᠭᠡ (http:/ /www.nmgfeiyi . cn) ᠪᠠ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠰᠣᠶᠣᠯ ᠪᠠ ᠵᠢᠭᠤᠯᠴᠢᠯᠠᠯ᠎ᠤᠨ ᠲᠢᠩᠬᠢᠮ᠎ᠤᠨ ᠰᠦᠯᠵᠢᠶᠡᠨ ᠥᠷᠲᠡᠭᠡ (http : / /wlt .nmg . gov . cn/)᠎ᠠᠴᠠ ᠪᠠᠭᠤᠯᠭ᠋ᠠᠵᠤ ᠪᠣᠯᠤᠨ᠎ᠠ᠃


ᠵᠢᠷᠭᠤᠭ᠎ᠠ᠂ ᠰᠣᠨᠭ᠌ᠭᠤᠭᠳᠠᠭᠰᠠᠨ ᠭᠡᠷᠡᠯ ᠵᠢᠷᠤᠭ᠎ᠤᠨ ᠲᠣᠭ᠎ᠠ ᠬᠡᠮᠵᠢᠶ᠎ᠡ ᠵᠢᠴᠢ ᠬᠠᠷᠠᠮᠵᠢ ᠦᠭᠬᠦ
     1. ᠭᠣᠣᠯᠯᠠᠨ ᠡᠷᠬᠢᠯᠡᠭᠰᠡᠨ ᠡᠲᠡᠭᠡᠳ ᠬᠠᠮᠢᠶ᠎ᠠ ᠪᠦᠬᠦᠢ ᠲᠤᠰᠬᠠᠶ ᠮᠡᠷᠭᠡᠵᠢᠯᠲᠡᠳ᠎ᠢ ᠵᠣᠬᠢᠶᠠᠨ ᠪᠠᠢ᠌ᠭᠤᠯᠤᠭ᠋ᠠᠳ ᠡᠯᠰᠡᠭᠳᠡᠭᠰᠡᠨ ᠪᠦᠲᠦᠭᠡᠯ᠎ᠢ ᠰᠢᠯᠭ᠋ᠠᠷᠠᠭᠤᠯᠵᠤ᠂ ᠰᠢᠯᠭ᠋ᠠᠷᠠᠵᠤ ᠭᠠᠷᠤᠭᠰᠠᠨ ᠭᠡᠷᠡᠯ ᠵᠢᠷᠤᠭ᠎ᠲᠤ ᠬᠠᠷᠠᠮᠵᠢ ᠮᠦᠨᠭᠭᠦ ᠵᠢᠴᠢ ᠦᠨᠡᠮᠯᠡᠯ᠎ᠢ ᠣᠯᠭᠣᠨ᠎ᠠ᠃
     2. ᠵᠣᠬᠢᠶᠠᠭᠴᠢ ᠵᠢᠨ ᠲᠡᠪᠰᠢᠭᠦᠯᠬᠦ ᠭᠡᠷᠡᠯ ᠵᠢᠷᠤᠭ᠎ᠤᠨ ᠲᠣᠭ᠎ᠠ ᠬᠡᠮᠵᠢᠶ᠎ᠡ ᠵᠢ ᠬᠢᠵᠠᠭ᠋ᠠᠷᠯᠠᠬᠤ ᠦᠭᠡᠶ᠃


ᠳᠣᠯᠣᠭ᠎ᠠ᠂ ᠣᠨᠴᠠᠭ᠋ᠠᠶ ᠲᠣᠳᠣᠷᠬᠠᠶ᠋ᠢᠯᠠᠯᠲᠠ
     1. ᠭᠡᠷᠡᠯ ᠵᠢᠷᠤᠭ ᠲᠡᠪᠰᠢᠭᠦᠯᠦᠭᠰᠡᠳ ᠲᠤᠰᠢᠶᠠᠭᠰᠠᠨ ᠪᠦᠬᠦ ᠭᠡᠷᠡᠯ ᠵᠢᠷᠤᠭ᠂ ᠦᠰᠦᠭ ᠪᠢᠴᠢᠭ ᠵᠡᠷᠭᠡ ᠮᠡᠳᠡᠭᠡ ᠵᠠᠩᠭᠢ᠎ᠪᠠᠨ ᠮᠡᠳᠡᠯᠭᠡ ᠵᠢᠨ ᠪᠦᠲᠦᠭᠡᠭᠳᠡᠬᠦᠨ᠎ᠤ ᠥᠮᠴᠢᠯᠡᠬᠦ ᠡᠷᠬᠡ᠂ ᠬᠥᠷᠥᠭ᠎ᠤᠨ ᠡᠷᠬᠡ᠂ ᠨᠡᠷ᠎ᠡ ᠬᠦᠨᠳᠦ ᠵᠢᠨ ᠡᠷᠬᠡ᠂ ᠬᠤᠪᠢ ᠵᠢᠨ ᠨᠢᠭᠤᠴᠠ ᠵᠢᠨ ᠡᠷᠬᠡ ᠵᠡᠷᠭᠡ ᠵᠢ ᠪᠠᠭᠲᠠᠭ᠋ᠠᠭᠰᠠᠨ ᠶᠠᠮᠠᠷᠪᠠ ᠭᠤᠷᠪᠠᠳᠠᠬᠢ ᠡᠲᠡᠭᠡᠳ᠎ᠤᠨ ᠬᠠᠤᠯᠢ ᠶᠣᠰᠣᠨ᠎ᠤ ᠡᠷᠬᠡ ᠠᠰᠢᠭ᠎ᠲᠤ ᠬᠠᠯᠳᠠᠭᠰᠠᠨ ᠦᠭᠡᠶ ᠪᠠᠶ᠋ᠢᠬᠤ ᠵᠢ ᠦᠨᠡᠨ ᠬᠦ᠌ ᠪᠠᠲᠤᠯᠠᠭᠰᠠᠨ ᠪᠠᠢ᠌ᠬᠤ ᠬᠡᠷᠡᠭᠲᠡᠶ᠃ ᠬᠡᠷᠪᠡ ᠳᠡᠭᠡᠷ᠎ᠡ ᠳᠤᠷᠠᠳᠤᠭᠰᠠᠨ ᠪᠠᠲᠤᠯᠠᠭ᠎ᠠ ᠵᠢ ᠪᠠᠷᠢᠮᠲᠠᠯᠠᠭᠰᠠᠨ ᠦᠭᠡᠢ᠎ᠠᠴᠠ ᠪᠤᠯᠵᠤ ᠶᠠᠮᠠᠷᠪᠠ ᠮᠠᠷᠭᠤᠭ᠋ᠠᠨ᠎ᠢ ᠡᠭᠦᠰᠭᠡᠭᠰᠡᠨ ᠪᠤᠯ᠂ ᠭᠡᠷᠡᠯ ᠵᠢᠷᠤᠭ ᠲᠡᠪᠰᠢᠭᠦᠯᠦᠭᠴᠢ ᠲᠤᠰ ᠬᠥᠮᠦᠨ᠎ᠨᠢ ᠮᠠᠷᠭᠤᠭ᠋ᠠᠨ᠎ᠢ ᠬᠠᠷᠢᠭᠤᠴᠠᠨ ᠰᠢᠢ᠍ᠳᠪᠦᠷᠢᠯᠡᠬᠦ ᠬᠡᠷᠡᠭᠲᠡᠢ ᠪᠥᠭᠡᠳ ᠪᠦᠬᠦ ᠬᠠᠤᠯᠢ ᠵᠢᠨ ᠬᠠᠷᠢᠭᠤᠴᠠᠯᠭ᠎ᠠ ᠵᠢ ᠡᠭᠦᠷᠭᠡᠯᠡᠬᠦ ᠬᠡᠷᠡᠭᠲᠡᠶ᠃
     2. ᠲᠤᠰ ᠤᠳᠠᠭ᠋ᠠᠨ᠎ᠤ ᠡᠯᠰᠡᠬᠦ ᠠᠵᠢᠯᠯᠠᠭ᠎ᠠ᠎ᠳᠤ ᠢᠷᠡᠭᠰᠡᠨ ᠪᠥᠬᠦ ᠭᠡᠷᠡᠯ ᠵᠢᠷᠤᠭ᠎ᠢ ᠵᠣᠬᠢᠶᠠᠭᠴᠢ᠎ᠨᠢ ᠲᠤᠰ ᠤᠳᠠᠭ᠋ᠠᠨ᠎ᠤ ᠤᠷᠤᠯᠳᠤᠭ᠋ᠠᠨ (ᠤᠬᠠᠭᠤᠯᠬᠤ᠂ ᠳᠡᠯᠭᠡᠷᠡᠭᠦᠯᠬᠦ ᠠᠵᠢᠯᠯᠠᠭ᠎ᠠ ᠪᠠᠭᠲᠠᠨ᠎ᠠ) ᠵᠢᠴᠢ ᠬᠣᠶ᠋ᠢᠰᠢᠳᠠ ᠵᠢᠨ ᠥᠪᠡᠷᠲᠡᠭᠡᠨ ᠵᠠᠰᠠᠬᠤ ᠣᠷᠣᠨ᠎ᠤ ᠰᠣᠶᠣᠯ ᠪᠠ ᠵᠢᠭᠤᠯᠴᠢᠯᠠᠯ᠎ᠤᠨ ᠲᠢᠩᠬᠢᠮ ᠪᠤᠶᠤ ᠲᠡᠭᠦᠨ᠎ᠤ ᠡᠷᠬᠡ ᠣᠯᠭᠣᠭᠰᠠᠨ ᠪᠠᠶ᠋ᠢᠭᠤᠯᠤᠮᠵᠢ ᠵᠢᠨ ᠭᠣᠣᠯᠯᠠᠨ ᠡᠷᠬᠢᠯᠡᠬᠦ ᠪᠣᠳᠠᠰ᠎ᠤᠨ ᠪᠤᠰᠤ ᠰᠣᠶᠣᠯ᠎ᠤᠨ ᠥᠪ᠎ᠤᠨ ᠨᠡᠶ᠋ᠢᠲᠡ ᠵᠢᠨ ᠠᠰᠠᠷᠠᠮᠵᠢ ᠵᠢᠨ ᠴᠢᠨᠠᠷᠲᠠᠶ ᠠᠵᠢᠯᠯᠠᠭ᠎ᠠ᠂ ᠦᠷ᠎ᠡ ᠪᠦᠲᠦᠭᠡᠯ᠎ᠤᠨ ᠬᠡᠪᠯᠡᠬᠦ ᠪᠠ ᠰᠦᠯᠵᠢᠶ᠎ᠡ᠎ᠪᠠᠷ ᠤᠯᠠᠮᠵᠢᠯᠠᠨ ᠲᠠᠷᠬᠠᠭ᠋ᠠᠬᠤ ᠠᠵᠢᠯ᠎ᠳᠤ ᠦᠨ᠎ᠡ ᠲᠥᠯᠥᠪᠦᠷᠢ ᠦᠭᠡᠶ᠎ᠪᠠᠷ ᠬᠡᠷᠡᠭᠯᠡᠬᠦ ᠡᠷᠬᠡ ᠣᠯᠭᠤᠭᠰᠠᠨ᠎ᠢ ᠵᠥᠪᠰᠢᠶᠡᠷᠡᠭᠰᠡᠨ ᠭᠡᠵᠦ ᠦᠵᠡᠨ᠎ᠡ᠃
     3. ᠲᠤᠰ ᠤᠳᠠᠭ᠋ᠠᠨ᠎ᠤ ᠭᠡᠷᠡᠯ ᠵᠢᠷᠤᠭ ᠡᠯᠰᠡᠬᠦ ᠠᠵᠢᠯᠯᠠᠭ᠎ᠠ᠎ᠳᠤ ᠭᠡᠷᠡᠯ ᠵᠢᠷᠤᠭ ᠲᠡᠪᠰᠢᠭᠦᠯᠵᠦ ᠣᠷᠣᠯᠴᠠᠭᠰᠠᠳ᠎ᠢ ᠳᠡᠭᠡᠷ᠎ᠡ ᠳᠤᠷᠠᠳᠤᠭᠰᠠᠨ ᠪᠣᠯᠵᠣᠭ᠎ᠠ ᠵᠢ ᠵᠢᠷᠤᠮᠯᠠᠬᠤ᠎ᠪᠠᠨ ᠤᠢ᠌ᠯᠠᠭ᠋ᠠᠬᠤ ᠪᠥᠭᠡᠳ ᠵᠦᠪᠰᠢᠶᠡᠷᠡᠪᠡ ᠭᠡᠵᠦ ᠦᠵᠡᠨ᠎ᠡ᠃


ᠨᠠᠢ᠍ᠮᠠ᠂ ᠬᠠᠷᠢᠯᠴᠠᠬᠤ ᠠᠷᠭ᠎ᠠ  
      ᠭᠡᠷᠡᠯ ᠵᠢᠷᠤᠭ ᠲᠡᠪᠰᠢᠭᠦᠯᠬᠦ ᠬᠠᠶᠢᠭ᠄ ᠬᠦᠬᠡᠬᠤᠲᠠ ᠵᠢᠨ ᠰᠢᠨ᠎ᠡ ᠬᠣᠲᠠ ᠲᠣᠭᠣᠷᠢᠭ᠎ᠤᠨ ᠨᠠᠨ ᠮᠠ ᠱᠸᠨ ᠮᠢᠶᠣᠣ ᠵᠢᠶᠸ ᠵᠡᠭᠡᠯᠢ ᠵᠢᠨ 121 ᠨᠤᠮᠸᠷ ᠥᠪᠥᠷ ᠮᠣᠩᠭᠣᠯ᠎ᠤᠨ ᠪᠣᠳᠠᠰ᠎ᠤᠨ ᠪᠤᠰᠤ ᠰᠣᠶᠣᠯ᠎ᠤᠨ ᠥᠪ᠎ᠢ ᠬᠠᠮᠠᠭ᠋ᠠᠯᠠᠬᠤ ᠲᠥᠪ
      ᠰᠢᠦᠳᠠᠨ ᠳ᠋ᠤᠭ᠋ᠠᠷ᠄ 010010
      ᠬᠠᠷᠢᠯᠴᠠᠬᠤ ᠬᠥᠮᠦᠨ᠄ ᠳ᠋ᠦᠩ ᠰᠢᠶᠣᠤ ᠵᠢᠶᠠᠨ     ᠨᠠᠪᠴᠢ
      ᠤᠲᠠᠰᠤ᠄ 0471 - 6903877    15847780480    18748105395
      ᠭᠡᠷᠡᠯ ᠵᠢᠷᠤᠭ ᠲᠡᠪᠰᠢᠭᠦᠯᠬᠦ ᠢᠮᠧᠯ᠄ 314815763@qq.com (ᠴᠠᠭ᠋ᠠᠰᠤᠨ᠎ᠤ ᠪᠣᠯᠤᠨ ᠡᠯᠸᠺᠲᠷᠣᠨ ᠭᠣᠪᠢᠭᠣᠯᠭ᠎ᠠ ᠵᠢᠨ ᠮᠠᠲᠸᠷᠢᠶᠠᠯ ᠲᠡᠭᠡᠷ᠎ᠡ᠎ᠪᠠᠨ 《ᠮᠣᠩᠭᠣᠯ ᠦᠨᠳᠦᠰᠦᠲᠡᠨ᠎ᠤ ᠬᠤᠪᠴᠠᠰᠤ ᠵᠠᠰᠠᠯ᠎ᠤᠨ ᠲᠡᠦᠬᠡᠨ ᠭᠡᠷᠡᠯ ᠵᠢᠷᠤᠭ᠎ᠲᠤ ᠢᠯᠡᠭᠡᠭᠰᠡᠨ ᠪᠦᠲᠦᠭᠡᠯ》   ᠭᠡᠵᠦ ᠲᠣᠳᠣᠷᠬᠠᠢ ᠪᠢᠴᠢᠬᠦ ᠬᠡᠷᠡᠭᠲᠡᠢ)
      ᠳᠠᠭ᠋ᠠᠯᠳᠤᠭᠤᠯᠤᠯ᠄ ᠮᠣᠩᠭᠣᠯ ᠦᠨᠳᠦᠰᠦᠲᠡᠨ᠎ᠤ ᠬᠤᠪᠴᠠᠰᠤ ᠵᠠᠰᠠᠯ᠎ᠤᠨ ᠲᠡᠦᠬᠡᠨ ᠭᠡᠷᠡᠯ ᠵᠢᠷᠤᠭ᠎ᠲᠤ ᠲᠡᠪᠰᠢᠭᠦᠯᠬᠦ ᠭᠡᠷᠡᠯ ᠵᠢᠷᠤᠭ᠎ᠤᠨ ᠬᠦᠰᠦᠨᠦᠭᠲᠦ  
      ᠮᠣᠩᠭᠣᠯ ᠦᠨᠳᠦᠰᠦᠲᠡᠨ᠎ᠤ ᠬᠤᠪᠴᠠᠰᠤ ᠵᠠᠰᠠᠯ᠎ᠤᠨ ᠲᠡᠦᠬᠡᠨ ᠭᠡᠷᠡᠯ ᠵᠢᠷᠤᠭ᠎ᠲᠤ ᠲᠡᠪᠰᠢᠭᠦᠯᠬᠦ ᠭᠡᠷᠡᠯ ᠵᠢᠷᠤᠭ᠎ᠤᠨ ᠬᠦᠰᠦᠨᠦᠭᠲᠦ . docx


* ᠨᠠᠷᠢᠨ ᠠᠭᠤᠯᠭ᠎ᠠ ᠵᠢ ᠦᠪᠦᠷ ᠮᠤᠩᠭᠤᠯ᠎ᠤᠨ ᠦᠪᠡᠷᠲᠡᠭᠡᠨ ᠵᠠᠰᠠᠬᠤ ᠤᠷᠤᠨ᠎ᠤ ᠰᠣᠶᠣᠯ ᠪᠠ ᠵᠢᠭᠤᠯᠴᠢᠯᠠᠯ᠎ᠤᠨ ᠲᠢᠩᠬᠢᠮ᠎ᠤᠨ ᠬᠢᠳᠠᠳ ᠰᠦᠯᠵᠢᠶᠡᠨ᠎ᠠᠴᠠ ᠦᠵᠡᠭᠡᠷᠡᠢ!

ᠢᠷᠡᠯᠲᠡ᠄
          
ᠬᠠᠮᠢᠶ᠎ᠡ ᠪᠦᠬᠦᠢ ᠰᠣᠨᠢᠨ
ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠲᠠᠶ᠋ᠢᠰᠠᠨ᠎ᠤ ᠤᠷᠠᠯᠢᠭ᠎ᠤᠨ ᠰᠣᠳᠣᠨ ᠪᠦᠲᠦᠭᠡᠯ᠎ᠤᠨ ᠢᠨᠵᠧᠨᠧᠷᠢᠩ᠎ᠤᠨ ᠰᠢᠯᠭ᠋ᠠᠷᠠᠭᠤᠯᠤᠭᠰᠠᠨ ᠦᠷ᠎ᠡ ᠳ᠋ᠦᠩ᠎ᠤᠨ ᠲᠤᠬᠠᠶ ᠠᠯᠪᠠᠨ ᠵᠠᠷᠯᠠᠯ
ᠪᠦᠬᠦ ᠤᠯᠤᠰ᠎ᠤᠨ ᠨᠡᠢ᠌ᠭᠡᠮ᠎ᠤᠨ ᠤᠷᠠᠯᠢᠭ᠎ᠤᠨ ᠬᠢᠷᠢ ᠲᠦᠪᠰᠢᠨ᠎ᠤ ᠲᠡᠰ᠎ᠤᠨ ᠰᠢᠯᠭ᠋ᠠᠯᠲᠠ ᠵᠢᠨ ᠬᠢᠷᠢ ᠪᠦᠲᠦᠮᠵᠢ ᠵᠢ ᠪᠠᠢ᠌ᠴᠠᠭ᠋ᠠᠨ ᠯᠠᠪᠯᠠᠬᠤ
ᠠᠯᠪᠠᠨ ᠵᠠᠷᠯᠠᠯ
ᠦᠪᠦᠷ ᠮᠤᠩᠭᠤᠯ᠎ᠤᠨ ᠦᠪᠡᠷᠲᠡᠭᠡᠨ ᠵᠠᠰᠠᠬᠤ ᠤᠷᠤᠨ᠎ᠤ ᠵᠢᠭᠤᠯᠴᠢᠯᠠᠯ᠎ᠤᠨ ᠵᠣᠴᠢᠳ᠎ᠤᠨ ᠪᠠᠭᠤᠳᠠᠯ᠎ᠤᠨ ᠣᠳᠣᠨ ᠳᠡᠰ᠎ᠢ ᠦᠨᠡᠯᠡᠨ ᠲᠣᠭᠲᠠᠭ᠋ᠠᠬᠤ ᠺᠣᠮᠢᠰ᠎ᠤᠨ ᠰᠢᠨ ᠱ᠌ᠢ ᠵᠢᠢ ᠲᠣᠮᠣ ᠵᠣᠴᠢᠳ᠎ᠤᠨ ᠪᠠᠭᠤᠳᠠᠯ᠎ᠤᠨ ᠳᠥᠷᠪᠡᠨ ᠣᠳᠣᠨ ᠲᠡᠰ᠎ᠤᠨ ᠵᠢᠭᠤᠯᠴᠢᠯᠠᠯ᠎ᠤᠨ ᠪᠠᠭᠤᠳᠠᠯ᠎ᠤᠨ ᠬᠢᠷᠢ ᠭᠡᠮ᠎ᠢ ᠬᠦᠴᠦᠨ ᠦᠭᠡᠢ ᠪᠣᠯᠭ᠋ᠠᠬᠤ ᠲᠤᠬᠠᠶ ᠠᠯᠪᠠᠨ ᠵᠠᠷ
ᠤᠯᠤᠰ᠎ᠤᠨ 4 A ᠳᠡᠰ ᠪᠠ 3 A ᠲᠡᠰ᠎ᠤᠨ ᠵᠢᠭᠤᠯᠴᠢᠯᠠᠯ᠎ᠤᠨ ᠦᠵᠡᠮᠵᠢ ᠵᠢᠨ ᠣᠷᠣᠨ ᠵᠶ᠋ᠠᠷ ᠵᠦᠪᠰᠢᠶᠡᠷᠡᠭᠰᠡᠨ ᠨᠡᠷᠡᠰ᠎ᠤᠨ ᠵᠠᠷᠯᠠᠯ
 
            