ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠰᠤᠷᠠᠭ ᠵᠠᠩᠬᠢ
ᠬᠡᠷᠡᠭᠯᠡᠭᠡ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠢᠨ ᠮᠡᠳᠡᠭᠡ   -   ᠠᠯᠪᠠᠨ ᠨᠡᠶ᠋ᠢᠲᠡᠯᠡᠯ
ᠥᠪᠡᠷᠲᠡᠭᠡᠨ ᠵᠠᠰᠠᠬᠤ ᠣᠷᠣᠨ᠎ᠤ ᠰᠣᠶᠣᠯ ᠪᠠ ᠵᠢᠭᠤᠯᠴᠢᠯᠠᠯ᠎ᠤᠨ ᠲᠢᠩᠬᠢᠮ 2023 ᠣᠨ᠎ᠤ 28 ᠳ᠋ᠤᠭ᠋ᠠᠷ ᠤᠳᠠᠭ᠋ᠠᠨ᠎ᠤ ᠨᠠᠮ᠎ᠤᠨ ᠤᠳᠤᠷᠢᠳᠬᠤ ᠳᠤᠭᠤᠢ᠌ᠯᠠᠩ᠎ᠤᠨ ᠬᠤᠷᠠᠯ ᠬᠤᠷᠠᠯᠳᠤᠭᠤᠯᠵᠤ ᠰᠢ ᠵᠢᠨ ᠫᠢᠩ ᠶᠡᠷᠦᠩᠬᠡᠢ ᠱᠦᠵᠢ ᠵᠢᠨ ᠰᠤᠷᠲᠠᠯ ᠤᠬᠠᠭᠤᠯᠭ᠎ᠠ ᠦᠵᠡᠯ ᠰᠠᠨᠠᠭ᠎ᠠ ᠰᠣᠶᠣᠯ᠎ᠤᠨ ᠠᠵᠢᠯ᠎ᠤᠨ ᠲᠤᠬᠠᠢ ᠴᠢᠬᠤᠯᠠ ᠵᠢᠭ᠋ᠠᠪᠤᠷᠢ ᠪᠣᠯᠣᠨ ᠪᠦᠬᠦ ᠤᠯᠤᠰ᠎ᠤᠨ ᠰᠤᠷᠲᠠᠯ ᠤᠬᠠᠭᠤᠯᠭ᠎ᠠ ᠦᠵᠡᠯ ᠰᠠᠨᠠᠭ᠎ᠠ ᠰᠣᠶᠣᠯ᠎ᠤᠨ ᠠᠵᠢᠯ᠎ᠤᠨ ᠬᠤᠷᠠᠯ᠎ᠤᠨ ᠵᠣᠷᠢᠭ ᠰᠠᠨᠠᠭ᠎ᠠ ᠵᠢ ᠳᠠᠮᠵᠢᠭᠤᠯᠤᠨ ᠰᠤᠷᠤᠯᠴᠠᠵᠤ ᠲᠤᠭᠤᠰᠢᠯᠠᠭᠤᠯᠤᠨ ᠨᠠᠢ᠌ᠳᠠᠪᠤᠷᠢᠵᠢᠭᠤᠯᠬᠤ ᠠᠷᠭ᠎ᠠ ᠬᠡᠮᠵᠢᠶ᠎ᠡ ᠵᠢ ᠰᠤᠳᠤᠯᠪᠠ
ᠨᠡᠶᠢᠲᠡᠯᠡᠭᠰᠡᠨ ᠴᠠᠭ᠄ 2023-10-10

     10 ᠳ᠋ᠤᠭ᠋ᠠᠷ ᠰᠠᠷ᠎ᠠ ᠵᠢᠨ 9᠎ᠤ ᠡᠳᠦᠷ᠂ ᠥᠪᠡᠷᠲᠡᠭᠡᠨ ᠵᠠᠰᠠᠬᠤ ᠣᠷᠣᠨ᠎ᠤ ᠰᠣᠶᠣᠯ ᠪᠠ ᠵᠢᠭᠤᠯᠴᠢᠯᠠᠯ᠎ᠤᠨ ᠲᠢᠩᠬᠢᠮ᠎ᠤᠨ ᠨᠠᠮ᠎ᠤᠨ ᠤᠳᠤᠷᠢᠳᠬᠤ ᠳᠤᠭᠤᠢ᠌ᠯᠠᠩ᠎ᠤᠨ ᠱᠦᠵᠢ᠂ ᠲᠢᠩᠬᠢᠮ᠎ᠤᠨ ᠳᠠᠷᠤᠭ᠎ᠠ ᠴᠢᠨ ᠶᠠᠨ 2023 ᠣᠨ᠎ᠤ 28 ᠳ᠋ᠤᠭ᠋ᠠᠷ ᠣᠳᠠᠭ᠋ᠠᠨ᠎ᠤ ᠨᠠᠮ᠎ᠤᠨ ᠤᠳᠤᠷᠢᠳᠬᠤ ᠳᠤᠭᠤᠢ᠌ᠯᠠᠩ᠎ᠤᠨ ᠬᠤᠷᠠᠯ᠎ᠢ ᠡᠷᠭᠢᠯᠡᠨ ᠬᠤᠷᠠᠯᠳᠤᠭᠤᠯᠵᠤ᠂ ᠶᠡᠷᠦᠩᠬᠡᠢ ᠱᠦᠵᠢ ᠰᠢ ᠵᠢᠨ ᠫᠢᠩ  ᠎ᠤᠨ ᠰᠤᠷᠲᠠᠯ ᠤᠬᠠᠭᠤᠯᠭ᠎ᠠ ᠦᠵᠡᠯ ᠰᠠᠨᠠᠭ᠎ᠠ ᠰᠣᠶᠣᠯ᠎ᠤᠨ ᠠᠵᠢᠯ᠎ᠤᠨ ᠲᠤᠬᠠᠢ ᠴᠢᠬᠤᠯᠠ ᠵᠢᠭ᠋ᠠᠪᠤᠷᠢ ᠪᠠ ᠪᠥᠬᠥ ᠤᠯᠤᠰ᠎ᠤᠨ ᠰᠤᠷᠲᠠᠯ ᠤᠬᠠᠭᠤᠯᠭ᠎ᠠ ᠦᠵᠡᠯ ᠰᠠᠨᠠᠭ᠎ᠠ ᠰᠣᠶᠣᠯ᠎ᠤᠨ ᠠᠵᠢᠯ᠎ᠤᠨ ᠬᠤᠷᠠᠯ᠎ᠤᠨ ᠵᠣᠷᠢᠭ ᠰᠠᠨᠠᠭ᠎ᠠ ᠵᠢ ᠲᠤᠰᠬᠠᠢ ᠰᠡᠳᠦᠪ ᠵᠶ᠋ᠡᠷ ᠳᠠᠮᠵᠢᠭᠤᠯᠤᠨ ᠰᠤᠷᠤᠯᠴᠠᠵᠤ᠂ ᠲᠤᠭᠤᠰᠢᠯᠠᠭᠤᠯᠤᠨ ᠨᠠᠢ᠌ᠳᠠᠪᠤᠷᠢᠵᠢᠭᠤᠯᠬᠤ ᠠᠷᠭ᠎ᠠ ᠬᠡᠮᠵᠢᠶ᠎ᠡ ᠵᠢ ᠰᠤᠳᠤᠯᠵᠠᠢ᠃
      ᠬᠤᠷᠠᠯ ᠳᠡᠭᠡᠷ᠎ᠡ᠂ ᠶᠡᠷᠦᠩᠬᠡᠢ ᠱᠦᠵᠢ ᠰᠢ ᠵᠢᠨ ᠫᠢᠩ ᠰᠤᠷᠲᠠᠯ ᠤᠬᠠᠭᠤᠯᠭ᠎ᠠ ᠦᠵᠡᠯ ᠰᠠᠨᠠᠭ᠎ᠠ ᠰᠣᠶᠣᠯ᠎ᠤᠨ ᠠᠵᠢᠯ᠎ᠤᠨ ᠲᠤᠬᠠᠢ ᠴᠢᠬᠤᠯᠠ ᠵᠢᠭ᠋ᠠᠪᠤᠷᠢ ᠭᠠᠷᠭ᠋ᠠᠵᠤ᠂ ᠰᠤᠷᠲᠠᠯ ᠤᠬᠠᠭᠤᠯᠭ᠎ᠠ ᠦᠵᠡᠯ ᠰᠠᠨᠠᠭ᠎ᠠ ᠰᠣᠶᠣᠯ᠎ᠤᠨ ᠠᠵᠢᠯ᠎ᠤᠨ ᠴᠢᠬᠤᠯᠠ ᠪᠠᠢ᠌ᠷᠢ ᠰᠠᠭᠤᠷᠢ ᠦᠢ᠍ᠯᠡᠳᠦᠯ᠎ᠢ ᠭᠦᠨᠵᠡᠭᠡᠢ ᠲᠣᠳᠣᠷᠬᠠᠢ᠌ᠯᠠᠨ ᠥᠭᠦᠯᠡᠵᠦ᠂ ᠨᠠᠮ᠎ᠤᠨ ᠠᠷᠪᠠᠨ ᠨᠠᠢ᠍ᠮᠠᠳᠤᠭ᠋ᠠᠷ ᠶᠡᠬᠡ ᠬᠤᠷᠠᠯ᠎ᠠᠴᠠ ᠨᠠᠭ᠋ᠠᠰᠢᠬᠢ ᠰᠤᠷᠲᠠᠯ ᠤᠬᠠᠭᠤᠯᠭ᠎ᠠ ᠦᠵᠡᠯ ᠰᠠᠨᠠᠭ᠎ᠠ ᠰᠣᠶᠣᠯ᠎ᠤᠨ ᠠᠵᠢᠯ᠎ᠤᠨ ᠣᠯᠣᠭᠰᠠᠨ ᠴᠢᠬᠤᠯᠠ ᠶᠡᠬᠡ ᠠᠮᠵᠢᠯᠲᠠ ᠵᠢ ᠭᠦᠢ᠍ᠴᠡᠳ ᠨᠤᠲᠠᠯᠠᠵᠤ᠂ ᠰᠢᠨ᠎ᠡ ᠰᠣᠶᠣᠯ᠎ᠤᠨ ᠡᠭᠦᠷᠭᠡ ᠵᠢ ᠡᠭᠦᠷᠭᠡᠯᠡᠬᠦ᠂ ᠣᠳᠣᠬᠠᠨ᠎ᠤ ᠪᠠ ᠬᠣᠢ᠌ᠰᠢᠳᠠ ᠵᠢᠨ ᠨᠢᠭᠡ ᠬᠤᠭᠤᠴᠠᠭ᠋ᠠᠨ᠎ᠤ ᠰᠤᠷᠲᠠᠯ ᠤᠬᠠᠭᠤᠯᠭ᠎ᠠ ᠦᠵᠡᠯ ᠰᠠᠨᠠᠭ᠎ᠠ ᠰᠣᠶᠣᠯ᠎ᠤᠨ ᠠᠵᠢᠯ᠎ᠢ ᠰᠠᠢ᠌ᠲᠤᠷ ᠬᠢᠬᠦ᠎ᠳᠤ ᠪᠠᠢ᠌ᠯᠳᠤᠬᠤ ᠪᠣᠳᠣᠯᠭ᠎ᠠ ᠵᠢᠨ ᠪᠠᠢ᠌ᠷᠢᠯᠠᠭᠤᠯᠤᠯᠲᠠ ᠬᠢᠵᠦ᠂ ᠰᠢᠨ᠎ᠡ ᠴᠠᠭ ᠦᠶ᠎ᠡ ᠰᠢᠨ᠎ᠡ ᠠᠶᠠᠨ ᠵᠠᠮ᠎ᠤᠨ ᠰᠤᠷᠲᠠᠯ ᠤᠬᠠᠭᠤᠯᠭ᠎ᠠ ᠦᠵᠡᠯ ᠰᠠᠨᠠᠭ᠎ᠠ ᠰᠣᠶᠣᠯ᠎ᠤᠨ ᠠᠵᠢᠯ᠎ᠢ ᠰᠠᠢ᠌ᠲᠤᠷ ᠬᠢᠬᠦ᠎ᠳᠤ ᠤᠷᠤᠭᠰᠢᠯᠠᠯᠲᠠ ᠵᠢᠨ ᠴᠢᠭᠯᠡᠯ᠎ᠢ ᠵᠢᠭ᠋ᠠᠵᠤ ᠥᠭᠴᠡᠢ᠃ ᠪᠦᠬᠦ ᠣᠷᠣᠨ᠎ᠤ ᠡᠯ᠎ᠡ ᠱᠠᠲᠤᠨ᠎ᠤ ᠰᠣᠶᠣᠯ ᠪᠠ ᠵᠢᠭᠤᠯᠴᠢᠯᠠᠯ᠎ᠤᠨ ᠰᠢᠰᠲ᠋ᠧᠮ᠎ᠤᠨ᠎ᠬᠢᠨ ᠰᠢ ᠵᠢᠨ ᠫᠢᠩ᠎ᠤᠨ ᠰᠣᠶᠣᠯ᠎ᠤᠨ ᠦᠵᠡᠯ ᠰᠠᠨᠠᠭ᠎ᠠ ᠪᠠ ᠰᠢ ᠵᠢᠨ ᠫᠢᠩ ᠶᠡᠷᠦᠩᠬᠡᠢ ᠱᠦᠵᠢ ᠵᠢᠨ ᠴᠢᠬᠤᠯᠠ ᠵᠢᠭ᠋ᠠᠪᠤᠷᠢ ᠵᠢ ᠭᠦᠨᠵᠡᠭᠡᠢ ᠰᠤᠷᠤᠯᠴᠠᠨ ᠣᠢ᠌ᠯᠠᠭ᠋ᠠᠵᠤ᠂ ᠰᠢ ᠵᠢᠨ ᠫᠢᠩ᠎ᠤᠨ ᠰᠣᠶᠣᠯ᠎ᠤᠨ ᠦᠵᠡᠯ ᠰᠠᠨᠠᠭ᠎ᠠ ᠪᠣᠯᠣᠨ ᠰᠢ ᠵᠢᠨ ᠫᠢᠩ   ᠶᠡᠷᠦᠩᠬᠡᠢ ᠱᠦᠵᠢ ᠵᠢᠨ ᠴᠢᠬᠤᠯᠠ ᠵᠢᠭ᠋ᠠᠪᠤᠷᠢ ᠵᠢᠨ ᠵᠣᠷᠢᠭ ᠰᠠᠨᠠᠭ᠎ᠠ ᠵᠢ ᠭᠦᠨᠵᠡᠭᠡᠢ ᠣᠢ᠌ᠯᠠᠭ᠋ᠠᠨ ᠣᠨᠣᠪᠴᠢᠲᠠᠢ ᠡᠵᠡᠮᠰᠢᠵᠦ᠂ ᠰᠢᠨ᠎ᠡ ᠴᠠᠭ ᠦᠶ᠎ᠡ ᠵᠢᠨ ᠰᠢᠨ᠎ᠡ ᠠᠶᠠᠨ᠎ᠤ ᠰᠤᠷᠲᠠᠯ ᠤᠬᠠᠭᠤᠯᠭ᠎ᠠ ᠦᠵᠡᠯ ᠰᠠᠨᠠᠭ᠎ᠠ ᠰᠣᠶᠣᠯ᠎ᠤᠨ ᠠᠵᠢᠯ᠎ᠢ ᠰᠠᠢ᠌ᠲᠤᠷ ᠬᠢᠬᠦ ᠬᠠᠷᠢᠭᠤᠴᠠᠯᠭ᠋ᠠᠲᠤ ᠰᠡᠳᠬᠢᠯᠭᠡ ᠪᠣᠯᠣᠨ ᠡᠭᠦᠷᠭᠡᠲᠦ ᠰᠡᠳᠬᠢᠯᠭᠡ ᠵᠢ ᠦᠨᠡᠨ ᠬᠦ᠌ ᠴᠢᠩᠭ᠋ᠠᠳᠬᠠᠵᠤ᠂ ᠥᠪᠥᠷ ᠮᠣᠩᠭᠣᠯ ᠎ᠤᠨ ᠪᠣᠳᠠᠲᠤ ᠪᠠᠢ᠌ᠳᠠᠯ᠎ᠳᠤ ᠰᠠᠭᠤᠷᠢᠯᠠᠨ ᠰᠤᠷᠲᠠᠯ ᠤᠬᠠᠭᠤᠯᠭ᠎ᠠ ᠦᠵᠡᠯ ᠰᠠᠨᠠᠭ᠎ᠠ ᠰᠣᠶᠣᠯ ᠎ᠤᠨ ᠠᠵᠢᠯ ᠎ᠢ ᠰᠠᠢ᠌ᠲᠤᠷ ᠬᠢᠬᠦ ᠬᠡᠷᠡᠭᠲᠡᠢ   ᠭᠡᠵᠦ ᠵᠢᠭ᠋ᠠᠵᠤ ᠭᠠᠷᠭ᠋ᠠᠪᠠ᠃
      ᠬᠤᠷᠠᠯ ᠳᠡᠭᠡᠷ᠎ᠡ᠂ ᠡᠨᠡ ᠤᠳᠠᠭ᠋ᠠᠨ᠎ᠤ ᠪᠦᠭᠦ ᠤᠯᠤᠰ᠎ᠤᠨ ᠰᠤᠷᠲᠠᠯ ᠤᠬᠠᠭᠤᠯᠭ᠎ᠠ ᠦᠵᠡᠯ ᠰᠠᠨᠠᠭ᠎ᠠ ᠰᠣᠶᠣᠯ᠎ᠤᠨ ᠠᠵᠢᠯ᠎ᠤᠨ ᠬᠤᠷᠠᠯᠳᠤᠭ᠋ᠠᠨ᠎ᠤ ᠬᠠᠮᠤᠭ᠎ᠤᠨ ᠴᠢᠬᠤᠯᠠ ᠦᠷ᠎ᠡ ᠪᠦᠲᠦᠭᠡᠯ ᠪᠣᠯ ᠳᠠᠷᠤᠢ ᠰᠢ ᠵᠢᠨ ᠫᠢᠩ᠎ᠤᠨ ᠰᠣᠶᠣᠯ᠎ᠤᠨ ᠦᠵᠡᠯ ᠰᠠᠨᠠᠭ᠎ᠠ ᠵᠢ ᠵᠢᠩᠬᠢᠨᠢ᠎ᠪᠠᠷ ᠳᠤᠷᠠᠳᠤᠨ ᠭᠠᠷᠭ᠋ᠠᠭᠰᠠᠨ ᠶᠠᠪᠤᠳᠠᠯ ᠪᠣᠯᠣᠨ᠎ᠠ᠃ ᠰᠢ ᠵᠢᠨ ᠫᠢᠩ᠎ᠤᠨ ᠰᠣᠶᠣᠯ ᠎ᠤᠨ ᠦᠵᠡᠯ ᠰᠠᠨᠠᠭ᠋ᠠᠨ᠎ᠤ ᠠᠭᠤᠯᠤᠭᠳᠠᠬᠤᠨ ᠡᠯᠪᠡᠭ ᠪᠠᠶᠠᠯᠢᠭ᠂ ᠬᠠᠷᠠᠭ᠋ᠠᠰᠤ ᠠᠤᠭ᠎ᠠ ᠶᠡᠬᠡ᠂ ᠡᠷᠲᠡᠨ ᠡᠳᠦᠭᠡ᠎ᠳᠤ ᠨᠡᠪᠲᠡᠷᠡᠵᠦ᠂ ᠥᠭᠦᠯᠡᠯᠲᠡ ᠭᠦᠨᠵᠡᠭᠡᠢ ᠪᠠᠢ᠌ᠵᠤ᠂ ᠠᠭᠤᠤ ᠶᠡᠬᠡ ᠦᠨᠡᠨ ᠶᠣᠰᠣᠨ᠎ᠤ ᠬᠦᠴᠦᠨ ᠪᠠ ᠦᠢ᠍ᠯᠡᠳᠦᠯᠭᠡ ᠵᠢᠨ ᠬᠦᠴᠦᠨ ᠠᠭᠤᠯᠤᠭᠳᠠᠵᠤ᠂ ᠰᠢᠨ᠎ᠡ ᠴᠠᠭ ᠦᠶ᠎ᠡ ᠰᠢᠨ᠎ᠡ ᠠᠶᠠᠨ᠎ᠤ ᠰᠤᠷᠲᠠᠯ ᠤᠬᠠᠭᠤᠯᠭ᠎ᠠ ᠦᠵᠡᠯ ᠰᠠᠨᠠᠭ᠎ᠠ ᠰᠣᠶᠣᠯ᠎ᠤᠨ ᠠᠵᠢᠯ᠎ᠢ ᠰᠠᠢ᠌ᠲᠤᠷ ᠬᠢᠬᠦ᠎ᠳᠤ ᠬᠦᠴᠦᠷᠬᠡᠭ ᠶᠡᠬᠡ ᠦᠵᠡᠯ ᠰᠠᠨᠠᠭ᠋ᠠᠨ᠎ᠤ ᠵᠡᠪᠰᠡᠭ ᠪᠠ ᠰᠢᠨᠵᠢᠯᠡᠬᠦ ᠤᠬᠠᠭ᠋ᠠᠨᠴᠢ ᠠᠵᠢᠯᠯᠠᠭ᠋ᠠᠨ᠎ᠤ ᠵᠦᠭᠯᠡᠭᠦᠷ ᠬᠠᠩᠭ᠋ᠠᠵᠠᠢ᠃ ᠰᠢ ᠵᠢᠨ ᠫᠢᠩ᠎ᠤᠨ ᠰᠣᠶᠣᠯ᠎ᠤᠨ ᠦᠵᠡᠯ ᠰᠠᠨᠠᠭ᠎ᠠ ᠵᠢ ᠳᠤᠷᠠᠳᠤᠨ ᠭᠠᠷᠭ᠋ᠠᠭᠰᠠᠨ᠎ᠨᠢ ᠮᠠᠨ᠎ᠤ ᠨᠠᠮ᠎ᠤᠨ ᠳᠤᠮᠳᠠᠳᠤ ᠤᠯᠤᠰ᠎ᠤᠨ ᠣᠨᠴᠠᠯᠢᠭ ᠪᠦᠬᠦᠢ ᠨᠡᠢ᠌ᠭᠡᠮ ᠵᠢᠷᠤᠮ᠎ᠤᠨ ᠰᠣᠶᠣᠯ᠎ᠤᠨ ᠪᠠᠢ᠌ᠭᠤᠯᠤᠯᠲᠠ ᠵᠢᠨ ᠵᠢᠮ᠎ᠡ ᠶᠣᠰᠣᠨ᠎ᠤ ᠲᠤᠬᠠᠢ ᠲᠠᠨᠢᠯᠲᠠ ᠰᠢᠨ᠎ᠡ ᠳᠡᠭᠡᠳᠦ ᠬᠡᠮᠵᠢᠶᠡᠨ᠎ᠳᠤ ᠬᠦᠷᠦᠭᠰᠡᠨ᠎ᠢ ᠬᠠᠷᠠᠭᠤᠯᠵᠤ᠂ ᠮᠠᠨ᠎ᠤ ᠨᠠᠮ᠎ᠤᠨ ᠲᠡᠦᠬᠡ ᠵᠢᠨ ᠢᠲᠡᠭᠡᠯ᠂ ᠰᠣᠶᠣᠯ᠎ᠤᠨ ᠢᠲᠡᠭᠡᠯ ᠰᠢᠨ᠎ᠡ ᠳᠡᠭᠡᠳᠦ ᠬᠡᠮᠵᠢᠶᠡᠨ᠎ᠳᠤ ᠬᠦᠷᠦᠭᠰᠡᠨ᠎ᠢ ᠬᠠᠷᠠᠭᠤᠯᠵᠤ᠂ ᠮᠠᠨ᠎ᠤ ᠰᠣᠶᠣᠯ ᠪᠠ ᠵᠢᠭᠤᠯᠴᠢᠯᠠᠯ᠎ᠤᠨ ᠠᠵᠢᠯ᠎ᠢ ᠰᠠᠢ᠌ᠲᠤᠷ ᠬᠢᠬᠦ᠎ᠳᠤ ᠴᠢᠬᠤᠯᠠ ᠵᠢᠯᠣᠭᠣᠳᠤᠮᠵᠢ ᠬᠠᠩᠭ᠋ᠠᠵᠤ᠂ ᠴᠢᠬᠤᠯᠠ ᠶᠡᠬᠡ ᠠᠵᠠ ᠲᠣᠬᠢᠶᠠᠯ᠎ᠢ ᠠᠪᠴᠢᠷᠠᠭᠰᠠᠨ ᠪᠠᠢ᠌ᠨ᠎ᠠ   ᠭᠡᠵᠦ ᠴᠢᠬᠤᠯᠠᠴᠢᠯᠠᠪᠠ᠃
      ᠬᠤᠷᠠᠯ ᠳᠡᠭᠡᠷ᠎ᠡ᠂ ᠡᠯ᠎ᠡ ᠱᠠᠲᠤᠨ᠎ᠤ ᠰᠣᠶᠣᠯ ᠵᠢᠭᠤᠯᠴᠢᠯᠠᠯ᠎ᠤᠨ ᠰᠢᠰᠲᠸᠮ᠎ᠤᠨ᠎ᠬᠢᠨ ᠨᠠᠷᠢᠨ ᠬᠢᠨᠠᠮᠠᠭ᠋ᠠᠢ ᠰᠤᠷᠤᠯᠴᠠᠨ ᠣᠢ᠌ᠯᠠᠭ᠋ᠠᠵᠤ᠂ ᠤᠬᠠᠮᠰᠠᠷ᠎ᠠᠴᠠ᠎ᠪᠠᠨ ᠰᠢ ᠵᠢᠨ ᠫᠢᠩ᠎ᠤᠨ ᠰᠣᠶᠣᠯ ᠎ᠤᠨ ᠦᠵᠡᠯ ᠰᠠᠨᠠᠭ᠎ᠠ ᠵᠢ ᠰᠣᠶᠣᠯ ᠪᠠ ᠵᠢᠭᠤᠯᠴᠢᠯᠠᠯ ᠎ᠤᠨ ᠠᠵᠢᠯ᠎ᠤᠨ ᠡᠯ᠎ᠡ ᠲᠠᠯ᠎ᠠ ᠵᠢᠨ ᠪᠦᠬᠦ ᠶᠠᠪᠤᠴᠠ᠎ᠳᠤ ᠲᠤᠭᠤᠰᠢᠯᠠᠭᠤᠯᠤᠨ ᠨᠠᠢ᠌ᠳᠠᠪᠤᠷᠢᠵᠢᠭᠤᠯᠬᠤ ᠬᠡᠷᠡᠭᠲᠡᠢ᠃ ᠨᠢᠭᠡ᠎ᠳᠤ᠂ ᠰᠢ ᠵᠢᠨ ᠫᠢᠩ ᠎ᠤᠨ ᠰᠣᠶᠣᠯ᠎ᠤᠨ ᠦᠵᠡᠯ ᠰᠠᠨᠠᠭ᠎ᠠ ᠵᠢ ᠰᠤᠷᠤᠯᠴᠠᠨ ᠲᠤᠭᠤᠰᠢᠯᠠᠭᠤᠯᠬᠤ ᠵᠢ ᠴᠢᠬᠤᠯᠠ ᠤᠯᠤᠰ ᠲᠦᠷᠦ ᠵᠢᠨ ᠡᠭᠦᠷᠭᠡ ᠪᠣᠯᠭ᠋ᠠᠨ ᠴᠢᠩᠭ᠎ᠠ ᠠᠳᠬᠤᠵᠤ ᠪᠣᠳᠠᠲᠠᠢ ᠠᠳᠬᠤᠵᠤ ᠰᠠᠢ᠌ᠲᠤᠷ ᠠᠳᠬᠤᠵᠤ᠂ ᠰᠢ ᠵᠢᠨ ᠫᠢᠩ᠎ᠤᠨ ᠰᠣᠶᠣᠯ᠎ᠤᠨ ᠦᠵᠡᠯ ᠰᠠᠨᠠᠭ᠎ᠠ ᠵᠢ ᠲᠢᠩᠬᠢᠮ᠎ᠤᠨ ᠨᠠᠮ᠎ᠤᠨ ᠤᠳᠤᠷᠢᠳᠬᠤ ᠳᠤᠭᠤᠢ᠌ᠯᠠᠩ ᠪᠣᠯᠣᠨ ᠡᠯ᠎ᠡ ᠦᠨᠳᠦᠰᠦᠨ ᠱᠠᠲᠤᠨ᠎ᠤ ᠨᠠᠮ᠎ᠤᠨ ᠵᠣᠬᠢᠶᠠᠨ ᠪᠠᠢ᠌ᠭᠤᠯᠤᠯᠲᠠ ᠵᠢᠨ ᠰᠤᠷᠤᠯᠴᠠᠯᠭ᠎ᠠ ᠵᠢᠨ ᠭᠣᠣᠯᠳᠠᠯᠭ᠎ᠠ᠎ᠲᠠᠢ ᠠᠭᠤᠯᠭ᠎ᠠ ᠪᠣᠯᠭ᠋ᠠᠵᠤ᠂ ᠲᠤᠰᠬᠠᠢ ᠰᠡᠳᠦᠪ ᠵᠢᠨᠷ ᠰᠤᠷᠤᠯᠴᠠᠵᠤ ᠰᠤᠳᠤᠯᠤᠨ ᠶᠠᠷᠢᠯᠴᠠᠵᠤ᠂ ᠵᠣᠷᠢᠭ ᠰᠠᠨᠠᠭ᠋ᠠᠨ᠎ᠤ ᠮᠥᠨ ᠴᠢᠨᠠᠷ᠎ᠢ ᠨᠡᠪᠳᠡᠷᠡᠳᠡᠯ᠎ᠠ ᠣᠢ᠌ᠯᠠᠭ᠋ᠠᠵᠤ᠂ ᠭᠣᠣᠯ ᠴᠢᠬᠤᠯᠠ ᠠᠭᠤᠯᠭ᠎ᠠ ᠵᠢ ᠡᠵᠡᠮᠰᠢᠵᠦ᠂ ᠰᠤᠷᠤᠯᠴᠠᠬᠤ ᠠᠷᠭ᠎ᠠ ᠬᠡᠯᠪᠡᠷᠢ ᠵᠢᠨ ᠰᠢᠨ᠎ᠡ ᠵᠢ ᠡᠭᠦᠳᠴᠦ᠂ ᠰᠤᠷᠤᠯᠴᠠᠯᠭ᠎ᠠ ᠵᠢ ᠲᠠᠰᠤᠷᠠᠯᠳᠠ ᠦᠭᠡᠢ ᠭᠦᠨᠵᠡᠭᠡᠢ᠌ᠷᠡᠭᠦᠯᠵᠦ᠂ ᠰᠣᠶᠣᠯ ᠪᠣᠯᠣᠨ ᠵᠢᠭᠤᠯᠴᠢᠯᠠᠯ᠎ᠤᠨ ᠰᠢᠰᠲᠸᠮ᠎ᠤᠨ ᠰᠤᠷᠤᠯᠴᠠᠯᠭ᠎ᠠ ᠵᠢ ᠪᠦᠷᠬᠦᠭᠦᠯᠬᠦ ᠬᠡᠷᠡᠭᠲᠡᠢ᠃ ᠬᠣᠶᠠᠷ᠎ᠲᠤ᠂ ᠰᠤᠷᠴᠤ ᠬᠡᠷᠡᠭᠯᠡᠬᠦ ᠵᠢ ᠤᠶᠠᠯᠳᠤᠭᠤᠯᠬᠤ ᠵᠢ ᠪᠠᠷᠢᠮᠲᠠᠯᠠᠵᠤ᠂ ᠰᠢ ᠵᠢᠨ ᠫᠢᠩ᠎ᠤᠨ ᠰᠣᠶᠣᠯ᠎ᠤᠨ ᠦᠵᠡᠯ ᠰᠠᠨᠠᠭ᠎ᠠ ᠵᠢ ᠰᠤᠷᠤᠯᠴᠠᠨ ᠲᠤᠭᠤᠰᠢᠯᠠᠭᠤᠯᠬᠤ ᠪᠠ ᠶᠡᠷᠦᠩᠬᠡᠢ ᠱᠦᠵᠢ ᠵᠢᠨ ᠰᠣᠶᠣᠯ᠎ᠤᠨ ᠬᠥᠭᠵᠢᠯᠲᠡ ᠵᠢ ᠤᠯᠠᠮᠵᠢᠯᠠᠨ ᠵᠠᠯᠭ᠋ᠠᠮᠵᠢᠯᠠᠬᠤ ᠶᠠᠷᠢᠯᠴᠠᠬᠤ ᠬᠤᠷᠠᠯ ᠳᠡᠭᠡᠷᠡᠬᠢ ᠴᠢᠬᠤᠯᠠ ᠶᠠᠷᠢᠶᠠᠨ᠎ᠤ ᠵᠣᠷᠢᠭ ᠰᠠᠨᠠᠭ᠎ᠠ ᠵᠢ ᠰᠤᠷᠤᠯᠴᠠᠨ ᠲᠤᠭᠤᠰᠢᠯᠠᠭᠤᠯᠬᠤ ᠵᠢ ᠪᠠᠷᠢᠮᠲᠠᠯᠠᠵᠤ᠂ ᠶᠡᠷᠦᠩᠬᠡᠢ ᠱᠦᠵᠢ ᠵᠢᠨ ᠥᠪᠥᠷ ᠮᠣᠩᠭᠣᠯ᠎ᠤᠨ ᠲᠤᠬᠠᠢ ᠠᠯᠢ ᠣᠯᠠᠨ ᠴᠢᠬᠤᠯᠠ ᠶᠠᠷᠢᠶ᠎ᠠ᠂ ᠴᠢᠬᠤᠯᠠ ᠵᠢᠭ᠋ᠠᠪᠤᠷᠢ ᠴᠣᠬᠣᠯᠠᠪᠤᠷᠢ ᠵᠢᠨ ᠵᠣᠷᠢᠭ ᠰᠠᠨᠠᠭ᠎ᠠ᠎ᠲᠠᠢ ᠤᠶᠠᠯᠳᠤᠭᠤᠯᠵᠤ᠂ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶ᠎ᠠ᠂ ᠵᠠᠰᠠᠭ᠎ᠤᠨ ᠣᠷᠳᠣᠨ᠎ᠤ ᠰᠣᠶᠣᠯ ᠪᠠ ᠵᠢᠭᠤᠯᠴᠢᠯᠠᠯ᠎ᠤᠨ ᠠᠵᠢᠯ᠎ᠤᠨ ᠲᠤᠬᠠᠢ ᠪᠠᠢ᠌ᠷᠢᠯᠠᠭᠤᠯᠤᠯᠲᠠ ᠶᠣᠰᠣᠭ᠋ᠠᠷ᠂ ᠰᠣᠶᠣᠯ ᠪᠠ ᠵᠢᠭᠤᠯᠴᠢᠯᠠᠯ᠎ᠤᠨ ᠴᠢᠨᠠᠷ ᠰᠠᠢ᠌ᠲᠠᠢ ᠬᠥᠭᠵᠢᠯᠲᠡ ᠵᠢ ᠠᠬᠢᠭᠤᠯᠬᠤ ᠬᠠᠷᠠᠯᠲᠠ ᠵᠢᠨ ᠲᠣᠭᠣᠷᠢᠨ᠎ᠳᠤ᠂ ᠬᠥᠭᠵᠢᠯᠲᠡ ᠵᠢᠨ ᠪᠠᠢ᠌ᠯᠳᠤᠬᠤ ᠪᠣᠳᠣᠯᠭ᠎ᠠ ᠵᠢ ᠭᠦᠨᠵᠡᠭᠡᠢ ᠰᠤᠳᠤᠯᠤᠨ ᠰᠦᠪᠡᠭᠴᠢᠯᠡᠵᠦ᠂ ᠡᠯ᠎ᠡ ᠵᠦᠢ᠍ᠯ᠎ᠤᠨ ᠠᠵᠢᠯ ᠵᠶ᠋ᠠᠨ ᠰᠢᠨ᠎ᠡ ᠵᠢ ᠡᠭᠦᠳᠦᠨ ᠥᠷᠨᠢᠭᠦᠯᠵᠦ᠂ ᠶᠡᠷᠦᠩᠬᠡᠢ ᠱᠦᠵᠢ ᠵᠢᠨ ᠦᠵᠡᠯ ᠰᠠᠨᠠᠭ᠎ᠠ ᠵᠢ ᠦᠨᠡᠨ ᠬᠦ᠌ ᠦᠢ᠍ᠯᠡᠳᠦᠯᠭᠡ ᠵᠢᠨ ᠦᠷ᠎ᠡ ᠪᠦᠲᠦᠭᠡᠯ ᠪᠣᠯᠭ᠋ᠠᠨ ᠬᠤᠪᠢᠷᠠᠭᠤᠯᠬᠤ ᠬᠡᠷᠡᠭᠲᠡᠢ᠃ ᠭᠤᠷᠪᠠ᠎ᠳᠤ᠂ ᠰᠢ ᠵᠢᠨ ᠫᠢᠩ᠎ᠤᠨ ᠰᠣᠶᠣᠯ᠎ᠤᠨ ᠦᠵᠡᠯ ᠰᠠᠨᠠᠭ᠎ᠠ ᠪᠣᠯᠣᠨ ᠪᠦᠬᠦ ᠤᠯᠤᠰ᠎ᠤᠨ ᠰᠤᠷᠲᠠᠯ ᠤᠬᠠᠭᠤᠯᠭ᠎ᠠ ᠦᠵᠡᠯ ᠰᠠᠨᠠᠭ᠎ᠠ ᠰᠣᠶᠣᠯ᠎ᠤᠨ ᠠᠵᠢᠯ᠎ᠤᠨ ᠬᠤᠷᠠᠯ᠎ᠤᠨ ᠵᠣᠷᠢᠭ ᠰᠠᠨᠠᠭ᠎ᠠ ᠵᠢ ᠰᠤᠷᠤᠯᠴᠠᠨ ᠲᠤᠭᠤᠰᠢᠯᠠᠭᠤᠯᠬᠤ᠎ᠪᠠᠷ ᠠᠵᠠ ᠲᠣᠬᠢᠶᠠᠯ ᠪᠣᠯᠭ᠋ᠠᠵᠤ᠂ ᠬᠠᠷᠢᠭᠤᠴᠠᠯᠭ᠎ᠠ ᠡᠭᠦᠷᠭᠡᠯᠡᠯ ᠵᠶ᠋ᠡᠨ ᠤᠯᠠᠮ ᠨᠢᠭᠡ ᠠᠯᠬᠤᠮ ᠴᠢᠩᠭ᠋ᠠᠳᠬᠠᠵᠤ᠂ ᠠᠵᠢᠯ᠎ᠤᠨ ᠨᠠᠢ᠌ᠳᠠᠪᠤᠷᠢᠵᠢᠭᠤᠯᠤᠯᠲᠠ ᠵᠢ ᠰᠠᠢ᠌ᠲᠤᠷ ᠠᠳᠬᠤᠵᠤ᠂ ᠰᠣᠶᠣᠯ ᠪᠠ ᠵᠢᠭᠤᠯᠴᠢᠯᠠᠯ᠎ᠤᠨ ᠤᠬᠠᠭᠤᠯᠭ᠎ᠠ ᠰᠣᠶᠣᠯ᠎ᠤᠨ ᠦᠵᠡᠯ ᠰᠠᠨᠠᠭ᠋ᠠᠨ᠎ᠤ ᠭᠣᠣᠯ ᠪᠡᠬᠢᠯᠡᠯᠲᠡ ᠵᠢᠨ ᠭᠠᠵᠠᠷ᠎ᠤᠨ ᠦᠢ᠍ᠯᠡᠳᠦᠯ᠎ᠢ ᠪᠠᠳᠠᠷᠠᠭᠤᠯᠵᠤ᠂ 《ᠤᠮᠠᠷᠠᠲᠤ ᠵᠢᠨ ᠰᠣᠶᠣᠯ》᠎ᠤᠨ ᠨᠠᠷᠠᠲᠤ ᠲᠡᠮᠳᠡᠭᠲᠦ ᠵᠢ ᠡᠭᠦᠳᠦᠨ ᠪᠠᠶ᠋ᠢᠭᠤᠯᠬᠤ ᠵᠢᠨ ᠲᠣᠭᠣᠷᠢᠨ᠎ᠳᠤ᠂ ᠠᠵᠢᠯ᠎ᠤᠨ ᠠᠷᠭ᠎ᠠ ᠬᠡᠯᠪᠡᠷᠢ᠎ᠪᠠᠨ ᠲᠠᠰᠤᠷᠠᠯᠲᠠ ᠦᠭᠡᠢ ᠰᠢᠨ᠎ᠡ᠎ᠪᠠᠷ ᠡᠭᠦᠳᠴᠦ᠂ ᠠᠷᠠᠳ ᠲᠦᠮᠡᠨ᠎ᠲᠠᠢ ᠣᠢ᠌ᠷᠠᠲᠤᠭᠰᠠᠨ᠂ ᠣᠶᠤᠨ ᠰᠠᠨᠠᠭ᠎ᠠ ᠵᠢ ᠤᠮᠳᠠᠯᠠᠭᠰᠠᠨ᠂ ᠣᠯᠠᠨ ᠲᠦᠮᠡᠨ᠎ᠤ ᠣᠶᠤᠨ ᠰᠠᠨᠠᠭ᠋ᠠᠨ᠎ᠤ ᠬᠦᠴᠦᠨ᠎ᠢ ᠴᠢᠩᠭ᠋ᠠᠷᠠᠭᠤᠯᠤᠭᠰᠠᠨ ᠨᠠᠩ ᠣᠯᠠᠨ ᠰᠢᠯᠢᠳᠡᠭ ᠰᠣᠶᠣᠯ ᠪᠠ ᠵᠢᠭᠤᠯᠴᠢᠯᠠᠯ᠎ᠤᠨ ᠪᠦᠲᠦᠭᠡᠭᠳᠡᠬᠦᠨ᠎ᠢ ᠡᠭᠦᠳᠦᠨ ᠭᠠᠷᠭ᠋ᠠᠵᠤ᠂ ᠳᠤᠮᠳᠠᠳᠤ ᠵᠢᠨ ᠪᠣᠯᠪᠠᠰᠤᠨ᠎ᠤ ᠤᠯᠠᠮᠵᠢᠯᠠᠬᠤ ᠬᠦᠴᠦᠨ᠂ ᠨᠥᠯᠥᠭᠡᠯᠡᠬᠦ ᠬᠦᠴᠦᠨ᠎ᠢ ᠲᠠᠰᠤᠷᠠᠯᠲᠠ ᠦᠭᠡᠢ ᠴᠢᠩᠭ᠋ᠠᠷᠠᠭᠤᠯᠵᠤ᠂ ᠳᠤᠮᠳᠠᠳᠤ ᠵᠢᠨ ᠰᠢᠯᠢᠳᠡᠭ ᠤᠯᠠᠮᠵᠢᠯᠠᠯᠲᠤ ᠰᠣᠶᠣᠯ᠎ᠤᠨ ᠪᠦᠲᠦᠭᠡᠯᠴᠢ ᠴᠢᠨᠠᠷᠲᠠᠢ᠎ᠪᠠᠷ ᠤᠯᠠᠷᠢᠬᠤ ᠪᠠ ᠰᠢᠨ᠎ᠡ ᠵᠢ ᠡᠭᠦᠳᠬᠦ ᠴᠢᠨᠠᠷᠲᠠᠢ᠎ᠪᠠᠷ ᠬᠥᠭᠵᠢᠬᠦ ᠵᠢ ᠪᠡᠶᠡᠯᠡᠭᠦᠯᠬᠦ᠎ᠳᠤ ᠥᠪᠥᠷ ᠮᠣᠩᠭᠣᠯ᠎ᠤᠨ ᠬᠦᠴᠦᠨ ᠴᠢᠳᠠᠯ ᠵᠶ᠋ᠠᠨ ᠨᠡᠮᠡᠷᠢᠯᠡᠨ᠎ᠡ ᠭᠡᠵᠦ ᠱᠠᠭ᠋ᠠᠷᠳᠠᠪᠠ᠃
      ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠤᠷᠢᠶᠠᠨ᠎ᠤ ᠳᠥᠷᠪᠡᠳᠦᠭᠡᠷ ᠲᠣᠭᠣᠷᠢᠨ ᠪᠠᠢ᠌ᠴᠠᠭ᠋ᠠᠬᠤ ᠳᠤᠭᠤᠢ᠌ᠯᠠᠩ᠎ᠤᠨ ᠳᠡᠳ᠋ ᠳᠠᠷᠤᠭ᠎ᠠ ᠯᠢᠦ ᠵᠧᠩ᠂ ᠲᠣᠭᠣᠷᠢᠨ ᠪᠠᠢ᠌ᠴᠠᠭ᠋ᠠᠬᠤ ᠳᠤᠭᠤᠢ᠌ᠯᠠᠩ᠎ᠤᠨ ᠪᠦᠷᠢᠯᠳᠦᠭᠦᠨ ᠭᠤᠤ ᠽᠸ ᠤᠷᠢᠯᠭ᠎ᠠ᠎ᠪᠠᠷ ᠬᠤᠷᠠᠯ᠎ᠳᠤ ᠣᠷᠣᠯᠴᠠᠪᠠ᠃ ᠥᠪᠡᠷᠲᠡᠭᠡᠨ ᠵᠠᠰᠠᠬᠤ ᠣᠷᠣᠨ᠎ᠤ ᠰᠣᠶᠣᠯ ᠪᠠ ᠵᠢᠭᠤᠯᠴᠢᠯᠠᠯ᠎ᠤᠨ ᠲᠢᠩᠬᠢᠮ᠎ᠤᠨ ᠨᠠᠮ᠎ᠤᠨ ᠤᠳᠤᠷᠢᠳᠬᠤ ᠳᠤᠭᠤᠢ᠌ᠯᠠᠩ᠎ᠤᠨ ᠪᠦᠷᠢᠯᠳᠦᠭᠦᠨ᠂ ᠲᠣᠭᠣᠷᠢᠨ ᠪᠠᠢ᠌ᠴᠠᠭ᠋ᠠᠭᠴᠢ᠂ ᠲᠢᠩᠬᠢᠮ᠎ᠤᠨ ᠪᠠᠢ᠌ᠭᠤᠯᠭ᠎ᠠ ᠵᠢᠨ ᠡᠯ᠎ᠡ ᠭᠠᠵᠠᠷ ᠲᠠᠰᠤᠭ᠂ ᠰᠢᠭᠤᠳ ᠬᠠᠷᠢᠶ᠎ᠠ ᠨᠢᠭᠡᠴᠢ ᠵᠢᠨ ᠭᠣᠣᠯ ᠬᠠᠷᠢᠭᠤᠴᠠᠯᠭ᠋ᠠᠲᠠᠨ ᠬᠤᠷᠠᠯ᠎ᠳᠤ ᠣᠷᠣᠯᠴᠠᠪᠠ᠃


ᠢᠷᠡᠯᠲᠡ᠄ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠰᠣᠶᠣᠯ ᠪᠠ ᠵᠢᠭᠤᠯᠴᠢᠯᠠᠯ᠎ᠤᠨ ᠲᠢᠩᠬᠢᠮ
          
ᠬᠠᠮᠢᠶ᠎ᠡ ᠪᠦᠬᠦᠢ ᠰᠣᠨᠢᠨ
ᠥᠪᠡᠷᠲᠡᠭᠡᠨ ᠵᠠᠰᠠᠬᠤ ᠣᠷᠣᠨ᠎ᠤ ᠰᠣᠶᠣᠯ ᠪᠠ ᠵᠢᠭᠤᠯᠴᠢᠯᠠᠯ᠎ᠤᠨ ᠲᠢᠩᠬᠢᠮ 2023 ᠣᠨ᠎ᠤ 27 ᠳ᠋ᠤᠭ᠋ᠠᠷ ᠤᠲᠠᠭ᠋ᠠᠨ᠎ᠤ ᠨᠠᠮ᠎ᠤᠨ ᠤᠳᠤᠷᠢᠳᠬᠤ ᠳᠤᠭᠤᠢ᠌ᠯᠠᠩ᠎ᠤᠨ ᠬᠤᠷᠠᠯ ᠬᠤᠷᠠᠯᠳᠤᠭᠤᠯᠵᠤ ᠶᠡᠷᠦᠩᠬᠡᠢ ᠱᠦᠵᠢ ᠰᠢ ᠵᠢᠨ ᠫᠢᠩ ᠵᠧᠵᠢᠶᠠᠩ ᠪᠣᠯᠣᠨ ᠱᠠᠨᠳᠦ᠋ᠩ᠎ᠤᠨ ᠽᠤᠤᠵᠤᠸᠠᠩ᠎ᠳᠤ ᠰᠢᠨᠵᠢᠯᠡᠨ ᠪᠠᠢ᠌ᠴᠠᠭ᠋ᠠᠬᠤ ᠦᠶ᠎ᠡ ᠵᠢᠨ ᠴᠢᠬᠤᠯᠠ ᠵᠢᠭ᠋ᠠᠪᠤᠷᠢ ᠵᠢᠨ ᠵᠣᠷᠢᠭ ᠰᠠᠨᠠᠭ᠎ᠠ ᠵᠢ ᠤᠯᠠᠮᠵᠢᠯᠠᠨ ᠰᠤᠷᠤᠯᠴᠠᠵᠤ ᠲᠤᠭᠤᠰᠢᠯᠠᠭᠤᠯᠤᠨ ᠨᠠᠢ᠌ᠳᠠᠪᠤᠷᠢᠵᠢᠭᠤᠯᠬᠤ ᠠᠵᠢᠯ᠎ᠢ ᠰᠤᠳᠤᠯᠤᠨ ᠪᠠᠢ᠌ᠷᠢᠯᠠᠭᠤᠯᠪᠠ
ᠰᠣᠶᠣᠯ ᠪᠠ ᠵᠢᠭᠤᠯᠴᠢᠯᠠᠯ᠎ᠤᠨ ᠶᠠᠮᠤᠨ᠎ᠤ ᠨᠡᠢ᠌ᠭᠡᠮ᠎ᠤᠨ ᠰᠢᠨᠵᠢᠯᠡᠬᠦ ᠤᠬᠠᠭ᠋ᠠᠨ᠎ᠤ ᠰᠤᠳᠤᠯᠭ᠋ᠠᠨ᠎ᠤ ᠰᠢᠯᠢᠳᠡᠭ ᠦᠷ᠎ᠡ ᠪᠦᠲᠦᠭᠡᠯ᠎ᠢ ᠰᠤᠩᠭᠤᠨ ᠲᠠᠨᠢᠯᠴᠠᠭᠤᠯᠬᠤ ᠪᠠ ᠳᠡᠯᠭᠡᠨ ᠦᠵᠡᠭᠦᠯᠬᠦ ᠠᠵᠢᠯᠯᠠᠭ᠎ᠠ ᠵᠢᠨ ᠵᠦᠢ᠍ᠯᠡᠰ᠎ᠢ ᠵᠠᠷᠯᠠᠨ ᠨᠡᠢ᠌ᠲᠡᠯᠡᠬᠦ ᠲᠤᠬᠠᠢ
ᠥᠪᠡᠷᠲᠡᠭᠡᠨ ᠵᠠᠰᠠᠬᠤ ᠣᠷᠣᠨ᠎ᠤ ᠰᠣᠶᠣᠯ ᠪᠠ ᠵᠢᠭᠤᠯᠴᠢᠯᠠᠯ᠎ᠤᠨ ᠲᠢᠩᠬᠢᠮ 2023 ᠣᠨ᠎ᠤ 23 ᠳ᠋ᠤᠭ᠋ᠠᠷ ᠤᠳᠠᠭ᠎ᠠ ᠵᠢᠨ ᠨᠠᠮ᠎ᠤᠨ ᠤᠳᠤᠷᠢᠳᠬᠤ ᠳᠤᠭᠤᠢ᠌ᠯᠠᠩ᠎ᠤᠨ ᠬᠤᠷᠠᠯ ᠎ᠢ ᠬᠤᠷᠠᠯᠳᠤᠭᠤᠯᠵᠤ ᠶᠡᠷᠦᠩᠬᠡᠢ ᠱᠦᠵᠢ ᠰᠢ ᠵᠢᠨ ᠫᠢᠩ᠎ᠤᠨ ᠰᠧᠴᠤᠸᠠᠨ᠎ᠳᠤ ᠰᠢᠨᠵᠢᠯᠡᠨ ᠪᠠᠢ᠌ᠴᠠᠭ᠋ᠠᠬᠤ ᠦᠶ᠎ᠡ ᠵᠢᠨ ᠴᠢᠬᠤᠯᠠ ᠵᠢᠭ᠋ᠠᠪᠤᠷᠢ ᠵᠢᠨ ᠵᠣᠷᠢᠭ ᠰᠠᠨᠠᠭ᠎ᠠ ᠵᠢ ᠤᠯᠠᠮᠵᠢᠯᠠᠨ ᠰᠤᠷᠤᠯᠴᠠᠵᠤ ᠲᠤᠭᠤᠰᠢᠯᠠᠭᠤᠯᠤᠨ ᠨᠠᠢ᠌ᠳᠠᠪᠤᠷᠢᠵᠢᠭᠤᠯᠬᠤ ᠠᠵᠢᠯ᠎ᠢ ᠰᠤᠳᠤᠯᠤᠨ ᠪᠠᠢ᠌ᠷᠢᠯᠠᠭᠤᠯᠪᠠ
ᠥᠪᠥᠷ ᠮᠤᠩᠭᠤᠯ ᠎ᠤᠨ ᠲᠡᠤᠬᠡ ᠵᠢᠨ ᠳᠤᠷᠠᠰᠬᠠᠯᠲᠤ ᠵᠦᠢ᠍ᠯ᠎ᠤᠨ ᠲᠤᠪᠴᠢᠶ᠎ᠠ ᠥᠪᠥᠷ ᠮᠣᠩᠭᠣᠯ᠎ᠤᠨ ᠸᠠᠩ ᠹᠦ᠋ ᠡᠷᠲᠡᠨ᠎ᠤ ᠪᠠᠷᠢᠯᠭ᠎ᠠ ᠵᠢᠨ ᠢᠨᠵᠧᠨᠧᠷᠢᠩ᠎ᠤᠨ ᠬᠢᠵᠠᠭ᠋ᠠᠷᠲᠤ ᠺᠣᠮᠫᠠᠨᠢ᠂ ᠥᠪᠥᠷ ᠮᠣᠩᠭᠣᠯ᠎ᠤᠨ ᠰᠦᠯᠳᠡ ᠲᠡᠤᠬᠡ ᠵᠢᠨ ᠳᠤᠷᠠᠰᠬᠠᠯᠲᠤ ᠵᠦᠢ᠍ᠯ᠎ᠤᠨ ᠡᠷᠲᠡᠨ᠎ᠤ ᠪᠠᠷᠢᠯᠭ᠎ᠠ ᠵᠢᠨ ᠵᠢᠷᠤᠭ ᠲᠥᠯᠥᠪᠯᠡᠭᠡ ᠵᠢᠨ ᠬᠢᠵᠠᠭ᠋ᠠᠷᠲᠤ ᠺᠣᠮᠫᠠᠨᠢ᠎ᠳᠤ ᠲᠡᠦᠬᠡ ᠵᠢᠨ ᠳᠤᠷᠠᠰᠬᠠᠯᠲᠤ ᠵᠦᠢ᠍ᠯᠡᠰ᠎ᠤᠨ ᠬᠠᠮᠠᠭ᠋ᠠᠯᠠᠯᠲᠠ ᠵᠢᠨ ᠢᠨᠵᠧᠨᠧᠷᠢᠩ᠎ᠤᠨ ᠬᠢᠷᠢ ᠬᠡᠮ᠎ᠢ ᠣᠯᠭᠣᠬᠤ ᠲᠤᠬᠠᠢ ᠮᠡᠳᠡᠭᠳᠡᠯ
ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠲᠠᠰ᠎ᠤᠨ ᠪᠣᠳᠠᠰ᠎ᠤᠨ ᠪᠤᠰᠤ ᠰᠣᠶᠣᠯ᠎ᠤᠨ ᠥᠪ᠎ᠤᠨ ᠲᠥᠯᠥᠭᠡᠯᠡᠬᠦ ᠴᠢᠨᠠᠷᠲᠠᠢ ᠤᠯᠠᠮᠵᠢᠯᠠᠨ ᠵᠠᠯᠭ᠋ᠠᠮᠵᠢᠯᠠᠭᠴᠢ ᠵᠢᠨ 2022 ᠣᠨ᠎ᠤ ᠤᠯᠠᠮᠵᠢᠯᠠᠨ ᠵᠠᠯᠭ᠋ᠠᠮᠵᠢᠯᠠᠬᠤ ᠠᠵᠢᠯᠯᠠᠭ᠎ᠠ ᠵᠢ ᠦᠨᠡᠯᠡᠨ ᠵᠢᠱ᠌ᠢᠭᠰᠡᠨ ᠦᠷ᠎ᠡ ᠳ᠋ᠦᠩ᠎ᠤᠨ ᠲᠤᠬᠠᠢ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠰᠣᠶᠣᠯ ᠪᠠ ᠵᠢᠭᠤᠯᠴᠢᠯᠠᠯ᠎ᠤᠨ ᠲᠢᠩᠬᠢᠮ᠎ᠤᠨ ᠵᠠᠷᠯᠠᠯ
 
            