ᠡᠯ᠎ᠡ ᠠᠢ᠌ᠮᠠᠭ ᠬᠣᠲᠠ ᠵᠢᠨ ᠰᠣᠶᠣᠯ ᠪᠠ ᠵᠢᠭᠤᠯᠴᠢᠯᠠᠯ᠎ᠤᠨ ᠲᠣᠪᠴᠢᠶ᠎ᠠ᠂ ᠮᠠᠨᠵᠤᠤᠷ ᠬᠣᠲᠠ᠂ ᠡᠷᠢᠶᠡᠨ ᠬᠣᠲᠠ ᠵᠢᠨ ᠰᠣᠶᠣᠯ ᠪᠠ ᠵᠢᠭᠤᠯᠴᠢᠯᠠᠯ᠎ᠤᠨ ᠲᠣᠪᠴᠢᠶ᠎ᠠ᠎ᠳᠤ᠄
《 ᠵᠢᠭᠤᠯᠴᠢᠯᠠᠯ᠎ᠤᠨ ᠬᠡᠷᠡᠭᠯᠡᠭᠡᠨ᠎ᠤ ᠳᠠᠯᠳᠠ ᠬᠦᠴᠦᠨ᠎ᠢ ᠪᠠᠳᠠᠷᠠᠭᠤᠯᠵᠤ ᠵᠢᠭᠤᠯᠴᠢᠯᠠᠯ᠎ᠤᠨ ᠦᠢ᠍ᠯᠡᠰ᠎ᠤᠨ ᠴᠢᠨᠠᠷ ᠰᠠᠢ᠌ᠲᠠᠢ ᠬᠥᠭᠵᠢᠯᠲᠡ ᠵᠢ ᠠᠬᠢᠭᠤᠯᠬᠤ ᠲᠤᠬᠠᠢ ᠲᠥᠷᠥ ᠵᠢᠨ ᠶᠠᠪᠤᠳᠠᠯ᠎ᠤᠨ ᠬᠣᠷᠢᠶᠠᠨ᠎ᠤ ᠠᠯᠪᠠᠨ ᠲᠢᠩᠬᠢᠮ᠎ᠤᠨ ᠠᠷᠭ᠎ᠠ ᠬᠡᠮᠵᠢᠶ᠎ᠡ》 ᠵᠢ ᠲᠤᠭᠤᠰᠢᠯᠠᠭᠤᠯᠤᠨ ᠨᠠᠢ᠌ᠳᠠᠪᠤᠷᠢᠵᠢᠭᠤᠯᠬᠤ ᠵᠢᠨ ᠲᠥᠯᠥᠭᠡ᠂ 《ᠭᠤᠷᠪᠠᠳᠤᠭ᠋ᠠᠷ ᠪᠦᠯᠦᠭ᠎ᠤᠨ ᠤᠯᠤᠰ᠎ᠤᠨ ᠲᠠᠰ᠎ᠤᠨ ᠰᠥᠨᠢ ᠵᠢᠨ ᠰᠣᠶᠣᠯ ᠪᠠ ᠵᠢᠭᠤᠯᠴᠢᠯᠠᠯ᠎ᠤᠨ ᠬᠡᠷᠡᠭᠯᠡᠭᠡ ᠲᠥᠪᠯᠡᠷᠡᠭᠰᠡᠨ ᠣᠷᠣᠨ ᠵᠢᠴᠢ ᠬᠣᠶᠠᠳᠤᠭ᠋ᠠᠷ ᠪᠦᠯᠦᠭ᠎ᠤᠨ ᠥᠪᠡᠷᠲᠡᠭᠡᠨ ᠵᠠᠰᠠᠬᠤ ᠣᠷᠣᠨ᠎ᠤ ᠲᠠᠰ᠎ᠤᠨ ᠰᠥᠨᠢ ᠵᠢᠨ ᠰᠣᠶᠣᠯ ᠪᠠ ᠵᠢᠭᠤᠯᠴᠢᠯᠠᠯ᠎ᠤᠨ ᠬᠡᠷᠡᠭᠯᠡᠭᠡ ᠲᠥᠪᠯᠡᠷᠡᠭᠰᠡᠨ ᠣᠷᠣᠨ᠎ᠤ ᠪᠦᠲᠦᠭᠡᠨ ᠪᠠᠢ᠌ᠭᠤᠯᠤᠯᠲᠠ ᠵᠢᠨ ᠠᠵᠢᠯ᠎ᠢ ᠥᠷᠨᠢᠭᠦᠯᠬᠦ ᠲᠤᠬᠠᠢ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠰᠣᠶᠣᠯ ᠪᠠ ᠵᠢᠭᠤᠯᠴᠢᠯᠠᠯ᠎ᠤᠨ ᠲᠢᠩᠬᠢᠮ᠎ᠤᠨ ᠮᠡᠳᠡᠭᠳᠡᠯ》᠎ᠤᠨ ᠱᠠᠭ᠋ᠠᠷᠳᠠᠯᠭ᠎ᠠ ᠵᠢ ᠦᠨᠳᠦᠰᠦᠯᠡᠨ᠂ ᠡᠯ᠎ᠡ ᠠᠢ᠌ᠮᠠᠭ ᠬᠣᠲᠠ ᠢᠳᠡᠪᠬᠢᠲᠡᠢ᠎ᠪᠠᠷ ᠮᠡᠳᠡᠭᠦᠯᠦᠭᠰᠡᠨ ᠰᠠᠭᠤᠷᠢᠨ ᠳᠡᠭᠡᠷ᠎ᠡ᠂ ᠲᠤᠰᠬᠠᠢ ᠮᠡᠷᠭᠡᠵᠢᠯᠲᠡᠨ ᠵᠶ᠋ᠡᠷ ᠬᠢᠨᠠᠨ ᠲᠣᠭᠲᠠᠭ᠋ᠠᠯᠭ᠋ᠠᠵᠤ᠂ ᠲᠤᠬᠠᠢ ᠵᠢᠨ ᠭᠠᠵᠠᠷ᠎ᠲᠤᠨᠢ ᠰᠢᠨᠵᠢᠯᠡᠨ ᠪᠠᠢ᠌ᠴᠠᠭ᠋ᠠᠵᠤ᠂ ᠰᠦᠯᠵᠢᠶᠡᠨ ᠳᠡᠭᠡᠷ᠎ᠡ ᠢᠯᠡ ᠨᠡᠢ᠌ᠲᠡᠯᠡᠬᠦ᠎ᠪᠠᠷ ᠳᠡᠮᠵᠢᠨ᠂ ᠬᠣᠶᠠᠳᠤᠭ᠋ᠠᠷ ᠪᠦᠯᠦᠭ᠎ᠤᠨ ᠥᠪᠡᠷᠲᠡᠭᠡᠨ ᠵᠠᠰᠠᠬᠤ ᠣᠷᠣᠨ᠎ᠤ ᠲᠠᠰ᠎ᠤᠨ ᠰᠥᠨᠢ ᠵᠢᠨ ᠰᠣᠶᠣᠯ᠎ᠤᠨ ᠪᠠ ᠵᠢᠭᠤᠯᠴᠢᠯᠠᠯ᠎ᠤᠨ ᠬᠡᠷᠡᠭᠯᠡᠭᠡᠨ᠎ᠤ ᠲᠥᠪᠯᠡᠷᠡᠭᠰᠡᠨ ᠲᠣᠭᠣᠷᠢᠭ᠎ᠤᠨ ᠨᠡᠷᠡᠰ᠎ᠢ ᠲᠣᠭᠲᠠᠭ᠋ᠠᠵᠤ᠂ ᠡᠳᠦᠭᠡ ᠨᠡᠢ᠌ᠲᠡᠯᠡᠨ᠎ᠡ᠃
ᠡᠯ᠎ᠡ ᠠᠢ᠌ᠮᠠᠭ ᠬᠣᠲᠠ ᠵᠢᠨ ᠰᠣᠶᠣᠯ ᠪᠠ ᠵᠢᠭᠤᠯᠴᠢᠯᠠᠯ᠎ᠤᠨ ᠲᠣᠪᠴᠢᠶ᠎ᠠ ᠵᠢᠨ᠎ᠬᠢᠨ ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠴᠣᠭᠴᠠ ᠵᠢᠨ ᠤᠬᠠᠮᠰᠠᠷ᠎ᠢ ᠪᠡᠬᠢᠵᠢᠭᠦᠯᠬᠦ᠎ᠪᠠᠷ ᠭᠣᠣᠯ ᠰᠢᠵᠢᠮ ᠪᠣᠯᠭ᠋ᠠᠬᠤ ᠵᠢ ᠪᠠᠷᠢᠮᠲᠠᠯᠠᠵᠤ᠂ 《ᠤᠮᠠᠷᠠᠲᠤ ᠬᠢᠯᠢ ᠵᠢᠨ ᠰᠣᠶᠣᠯ》᠎ᠤᠨ ᠨᠡᠷᠡᠲᠦ ᠲᠡᠮᠳᠡᠭ᠎ᠢ ᠡᠭᠦᠳᠬᠦ᠎ᠳᠤ ᠠᠩᠬᠠᠷᠤᠯ ᠵᠶ᠋ᠠᠨ ᠲᠥᠪᠯᠡᠷᠡᠭᠦᠯᠵᠦ᠂ ᠲᠤᠰ ᠭᠠᠵᠠᠷ ᠣᠷᠣᠨ᠎ᠤ ᠰᠥᠨᠢ ᠵᠢᠨ ᠰᠣᠶᠣᠯ ᠪᠠ ᠵᠢᠭᠤᠯᠴᠢᠯᠠᠯ᠎ᠤᠨ ᠬᠡᠷᠡᠭᠯᠡᠭᠡ ᠲᠥᠪᠯᠡᠷᠡᠭᠰᠡᠨ ᠣᠷᠣᠨ᠎ᠤ ᠪᠦᠲᠦᠭᠡᠨ ᠪᠠᠢ᠌ᠭᠤᠯᠤᠯᠲᠠ ᠵᠢᠨ ᠠᠵᠢᠯ᠎ᠢ ᠴᠢᠬᠤᠯᠠᠴᠢᠯᠠᠨ ᠠᠬᠢᠭᠤᠯᠵᠤ᠂ ᠲᠥᠷᠥ ᠵᠢᠨ ᠪᠣᠳᠣᠯᠭ᠎ᠠ᠂ ᠪᠡᠯᠡ ᠮᠥᠩᠭᠥ᠂ ᠤᠬᠠᠭᠤᠯᠤᠨ ᠲᠡᠳᠬᠦᠬᠦ ᠡᠷᠴᠢᠮ ᠵᠶ᠋ᠡᠨ ᠴᠢᠩᠭ᠋ᠠᠷᠠᠭᠤᠯᠵᠤ᠂ ᠰᠥᠨᠢ ᠵᠢᠨ ᠰᠣᠶᠣᠯ ᠪᠠ ᠵᠢᠭᠤᠯᠴᠢᠯᠠᠯ᠎ᠤᠨ ᠬᠡᠷᠡᠭᠯᠡᠭᠡᠨ᠎ᠤ ᠡᠵᠡᠩᠨᠡᠯᠲᠡ ᠵᠢᠨ ᠬᠡᠯᠪᠡᠷᠢ ᠪᠠᠢ᠌ᠳᠠᠯ᠎ᠢ ᠲᠠᠰᠤᠷᠠᠯᠲᠠ ᠦᠭᠡᠢ ᠪᠠᠶᠠᠯᠢᠭᠵᠢᠭᠤᠯᠤᠨ᠂ ᠦᠢ᠍ᠯᠡᠳᠬᠦᠨ ᠪᠠ ᠦᠢ᠍ᠯᠡᠴᠢᠯᠡᠭᠡᠨ᠎ᠤ ᠬᠠᠩᠭ᠋ᠠᠯᠭ᠎ᠠ ᠵᠢ ᠰᠢᠯᠢᠳᠡᠭᠵᠢᠭᠦᠯᠵᠦ᠂ ᠣᠯᠠᠨ ᠨᠡᠶ᠋ᠢᠲᠡ ᠵᠢᠨ ᠦᠢ᠍ᠯᠡᠴᠢᠯᠡᠭᠡ ᠵᠢ ᠲᠡᠭᠦᠯᠳᠡᠷᠵᠢᠭᠦᠯᠦᠨ᠂ ᠵᠠᠬ᠎ᠠ ᠳᠡᠯᠭᠡᠭᠦᠷ᠎ᠤᠨ ᠡᠮᠬᠢ ᠳᠢᠭᠯᠢᠮ᠎ᠢ ᠵᠢᠷᠤᠮᠵᠢᠭᠤᠯᠵᠤ᠂ ᠰᠥᠨᠢ ᠵᠢᠨ ᠬᠡᠷᠡᠭᠯᠡᠭᠡᠨ᠎ᠤ ᠰᠠᠢ᠌ᠨ ᠰᠠᠢ᠌ᠬᠠᠨ ᠣᠷᠴᠢᠨ ᠲᠣᠭᠣᠷᠢᠨ᠎ᠢ ᠪᠣᠶ ᠪᠣᠯᠭ᠋ᠠᠵᠤ᠂ ᠰᠥᠨᠢ ᠵᠢᠨ ᠰᠣᠶᠣᠯ ᠪᠠ ᠵᠢᠭᠤᠯᠴᠢᠯᠠᠯ᠎ᠤᠨ ᠬᠡᠷᠡᠭᠯᠡᠭᠡᠨ᠎ᠤ ᠲᠣᠭ᠎ᠠ ᠪᠠᠷᠢᠮᠲᠠ ᠵᠢᠨ ᠬᠢᠨᠠᠨ ᠬᠡᠮᠵᠢᠯᠲᠡ ᠵᠢ ᠰᠠᠢ᠌ᠲᠤᠷ ᠬᠢᠵᠦ᠂ ᠰᠥᠨᠢ ᠵᠢᠨ ᠰᠣᠶᠣᠯ ᠪᠠ ᠵᠢᠭᠤᠯᠴᠢᠯᠠᠯ᠎ᠤᠨ ᠬᠡᠷᠡᠭᠯᠡᠭᠡᠨ᠎ᠤ ᠳᠠᠯᠳᠠ ᠬᠦᠴᠦᠨ᠎ᠢ ᠤᠯᠠᠮ ᠨᠢᠭᠡ ᠠᠯᠬᠤᠮ ᠪᠠᠳᠠᠷᠠᠭᠤᠯᠵᠤ᠂ ᠰᠣᠶᠣᠯ ᠪᠠ ᠵᠢᠭᠤᠯᠴᠢᠯᠠᠯ᠎ᠤᠨ ᠴᠢᠨᠠᠷ ᠰᠠᠢ᠌ᠲᠠᠢ ᠬᠥᠭᠵᠢᠯᠲᠡ ᠵᠢ ᠠᠬᠢᠭᠤᠯᠤᠨ᠎ᠠ᠃
ᠣᠨᠴᠠᠭ᠋ᠠᠢ᠌ᠯᠠᠨ ᠮᠡᠳᠡᠭᠳᠡᠪᠡ᠃
ᠳᠠᠭ᠋ᠠᠯᠳᠤᠭᠤᠯᠤᠯ᠄ ᠬᠣᠶᠠᠳᠤᠭ᠋ᠠᠷ ᠪᠦᠯᠦᠭ᠎ᠤᠨ ᠥᠪᠡᠷᠲᠡᠭᠡᠨ ᠵᠠᠰᠠᠬᠤ ᠣᠷᠣᠨ᠎ᠤ ᠲᠠᠰ᠎ᠤᠨ ᠰᠥᠨᠢ ᠵᠢᠨ ᠰᠣᠶᠣᠯ ᠪᠠ ᠵᠢᠭᠤᠯᠴᠢᠯᠠᠯ᠎ᠤᠨ ᠬᠡᠷᠡᠭᠯᠡᠭᠡ ᠲᠥᠪᠯᠡᠷᠡᠭᠰᠡᠨ ᠣᠷᠣᠨ᠎ᠤ ᠨᠡᠷᠡᠰ (ᠨᠠᠷᠢᠨ ᠵᠦᠢ᠍ᠯᠡᠰ᠎ᠢ ᠬᠢᠲᠠᠳ ᠰᠦᠯᠵᠢᠶᠡᠨ᠎ᠠᠴᠠ ᠯᠠᠪᠯᠠᠭ᠋ᠠᠷᠠᠢ ᠃)
ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠰᠣᠶᠣᠯ ᠪᠠ ᠵᠢᠭᠤᠯᠴᠢᠯᠠᠯ᠎ᠤᠨ ᠲᠢᠩᠬᠢᠮ
2023 ᠣᠨ᠎ᠤ 12 ᠰᠠᠷ᠎ᠠ ᠵᠢᠨ 21