
ᠰᠣᠶᠣᠯ ᠪᠠ ᠵᠢᠭᠤᠯᠴᠢᠯᠠᠯ᠎ᠤᠨ ᠶᠠᠮᠤᠨ᠂ ᠠᠵᠢᠯᠴᠢᠨ᠎ᠤ ᠶᠡᠷᠦᠩᠬᠡᠶ ᠡᠪᠯᠡᠯ᠂ ᠡᠪ ᠬᠠᠮᠲᠤ ᠵᠠᠯᠠᠭᠤᠴᠤᠳ᠎ᠤᠨ ᠡᠪᠯᠡᠯ᠎ᠤᠨ ᠲᠥᠪ ᠬᠣᠷᠢᠶ᠎ᠠ᠂ ᠪᠦᠬᠦ ᠤᠯᠤᠰ᠎ᠤᠨ ᠡᠮᠡᠭᠲᠡᠶ᠋ᠢᠴᠦᠳ᠎ᠤᠨ ᠬᠣᠯᠪᠣᠭ᠋ᠠᠲᠤ ᠬᠤᠷᠠᠯ᠎ᠠᠴᠠ ᠭᠤᠤᠯᠯᠠᠨ ᠡᠷᠬᠢᠯᠡᠵᠦ᠂ ᠨᠢᠩᠰᠢᠶᠠ ᠵᠢᠨ ᠬᠤᠲᠤᠩ ᠦᠨᠳᠦᠰᠦᠲᠡᠨ᠎ᠤ ᠦᠪᠡᠷᠲᠡᠭᠡᠨ ᠵᠠᠰᠠᠬᠤ ᠤᠷᠤᠨ᠎ᠤ ᠰᠣᠶᠣᠯ ᠪᠠ ᠵᠢᠭᠤᠯᠴᠢᠯᠠᠯ᠎ᠤᠨ ᠲᠢᠩᠬᠢᠮ᠂ ᠵᠦᠩ ᠸᠸᠢ ᠬᠣᠲᠠ ᠵᠢᠨ ᠠᠷᠠᠳ᠎ᠤᠨ ᠵᠠᠰᠠᠭ᠎ᠤᠨ ᠣᠷᠳᠣᠨ᠎ᠠᠴᠠ ᠳᠠᠭ᠋ᠠᠭ᠋ᠠᠨ ᠡᠷᠬᠢᠯᠡᠭᠰᠡᠨ ᠲᠦᠷᠪᠡᠳᠦᠭᠡᠷ ᠬᠤᠭᠤᠴᠠᠭ᠋ᠠᠨ᠎ᠤ ᠪᠦᠬᠦ ᠤᠯᠤᠰ᠎ᠤᠨ ᠵᠢᠭᠤᠯᠴᠢᠯᠠᠯ᠎ᠤᠨ ᠬᠥᠲᠥᠴᠢ ᠵᠢᠨ ᠤᠷᠤᠯᠳᠤᠭ᠋ᠠᠨ᠎ᠤ ᠰᠢᠢ᠍ᠳᠪᠦᠷᠢᠲᠦ ᠤᠷᠤᠯᠳᠤᠭ᠋ᠠᠨ ᠨᠢᠩᠰᠢᠶᠠ ᠵᠢᠨ ᠬᠤᠲᠤᠩ ᠦᠨᠳᠦᠰᠦᠲᠡᠨ᠎ᠤ ᠦᠪᠡᠷᠲᠡᠭᠡᠨ ᠵᠠᠰᠠᠬᠤ ᠤᠷᠤᠨ᠎ᠤ ᠵᠦᠩ ᠸᠸᠢ ᠬᠤᠳᠠ᠎ᠳᠤ 9 ᠰᠠᠷ᠎ᠠ ᠵᠢᠨ 21᠎ᠤ ᠡᠳᠦᠷ ᠲᠡᠭᠦᠰ ᠠᠮᠵᠢᠯᠲᠠ᠎ᠲᠠᠢ ᠥᠨᠳᠥᠷᠯᠡᠪᠡ᠃ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶ᠎ᠠ ᠵᠢᠨ ᠤᠬᠠᠭᠤᠯᠬᠤ ᠬᠡᠯᠲᠡᠰ᠎ᠤᠨ ᠳᠡᠳ᠋ ᠳᠠᠷᠤᠭ᠎ᠠ᠂ ᠥᠪᠡᠷᠲᠡᠭᠡᠨ ᠵᠠᠰᠠᠬᠤ ᠣᠷᠣᠨ᠎ᠤ ᠰᠣᠶᠣᠯ ᠪᠠ ᠵᠢᠭᠤᠯᠴᠢᠯᠠᠯ᠎ᠤᠨ ᠲᠢᠩᠬᠢᠮ᠎ᠤᠨ ᠨᠠᠮ᠎ᠤᠨ ᠤᠳᠤᠷᠢᠳᠬᠤ ᠳᠤᠭᠤᠶ᠋ᠢᠯᠠᠩ᠎ᠤᠨ ᠱᠦᠵᠢ᠂ ᠲᠢᠩᠬᠢᠮ᠎ᠤᠨ ᠳᠠᠷᠤᠭ᠎ᠠ ᠾᠧ ᡁᠢ ᠯᠢᠶᠠᠩ ᠲᠤᠰ ᠤᠳᠠᠭ᠋ᠠᠨ᠎ᠤ ᠤᠷᠤᠯᠳᠤᠭ᠋ᠠᠨ ᠵᠢᠴᠢ ᠱᠠᠩᠨᠠᠯ ᠣᠯᠭᠣᠬᠤ ᠶᠣᠰᠣᠯᠠᠯ᠎ᠳᠤ ᠣᠷᠣᠯᠴᠠᠪᠠ᠃
ᠲᠦᠷᠪᠡᠲᠦᠭᠡᠷ ᠬᠤᠭᠤᠴᠠᠭ᠋ᠠᠨ᠎ᠤ ᠪᠥᠬᠥ ᠤᠯᠤᠰ᠎ᠤᠨ ᠵᠢᠭᠤᠯᠴᠢᠯᠠᠯ᠎ᠤᠨ ᠬᠥᠲᠥᠴᠢ ᠵᠢᠨ ᠤᠷᠤᠯᠳᠤᠭ᠋ᠠᠨ᠎ᠤ ᠭᠣᠤᠯ ᠰᠡᠳᠦᠪ᠎ᠨᠢ 《ᠳᠤᠮᠳᠠᠳᠤ ᠤᠯᠤᠰ᠎ᠤᠨ ᠦᠯᠢᠭᠡᠷ ᠵᠶ᠋ᠠᠨ ᠰᠠᠶ᠋ᠢᠲᠤᠷ ᠶᠠᠷᠢᠵᠤ᠂ ᠲᠤᠰᠬᠠᠶ ᠮᠡᠷᠭᠡᠵᠢᠯ᠎ᠤᠨ ᠬᠡᠪ ᠪᠣᠯᠪᠠᠰᠤᠷᠠᠯ ᠵᠶ᠋ᠠᠨ ᠦᠵᠡᠭᠦᠯᠬᠦ》 ᠪᠠᠢ᠌ᠵᠤ᠂ ᠵᠢᠭᠤᠯᠴᠢᠯᠠᠯ᠎ᠤᠨ ᠬᠥᠲᠥᠴᠢ ᠵᠢᠨ ᠠᠵᠢᠯ᠎ᠤᠨ ᠮᠣᠷᠠᠯ᠎ᠤᠨ ᠪᠣᠯᠪᠠᠰᠤᠷᠠᠯ᠂ ᠶᠡᠷᠦᠩᠬᠡᠶ᠋ᠢᠯᠡᠭᠰᠡᠨ ᠮᠡᠳᠡᠯᠭᠡ ᠵᠢᠨ ᠨᠥᠭᠡᠴᠡ ᠵᠢᠨ ᠬᠢᠷᠢ ᠬᠡᠮᠵᠢᠶ᠎ᠡ᠂ ᠲᠠᠢ᠌ᠯᠪᠦᠷᠢᠯᠠᠬᠤ ᠦᠢ᠍ᠯᠡᠴᠢᠯᠡᠭᠡᠨ᠎ᠤ ᠴᠢᠳᠠᠪᠤᠷᠢ᠂ ᠨᠡᠪᠲᠡᠷᠡᠯᠴᠡᠨ ᠵᠣᠬᠢᠴᠠᠭᠤᠯᠬᠤ ᠴᠢᠳᠠᠪᠤᠷᠢ᠂ ᠭᠡᠨᠡᠳᠲᠡ ᠵᠢᠨ ᠬᠡᠷᠡᠭ᠎ᠢ ᠠᠷᠭ᠋ᠠᠴᠠᠬᠤ ᠴᠢᠳᠠᠪᠤᠷᠢ ᠪᠠ ᠪᠣᠯᠪᠠᠰᠤᠨ ᠵᠢᠭᠤᠯᠴᠢᠯᠠᠯ᠎ᠤᠨ ᠬᠥᠲᠥᠯᠥᠨ ᠵᠢᠯᠣᠭᠣᠳᠬᠤ ᠴᠢᠳᠠᠪᠤᠷᠢ᠎ᠪᠠᠷ ᠭᠣᠤᠯᠳᠠᠯᠭ᠎ᠠ ᠪᠣᠯᠭ᠋ᠠᠨ ᠠᠵᠢᠯ ᠮᠡᠷᠭᠡᠵᠢᠯ᠎ᠤᠨ ᠤᠷ᠎ᠠ ᠴᠢᠳᠠᠪᠤᠷᠢ ᠵᠢᠨ ᠠᠳᠠᠯᠢᠳᠬᠠᠯ ᠬᠢᠪᠡ ᠃
ᠲᠤᠰ ᠤᠳᠠᠭ᠋ᠠᠨ᠎ᠤ ᠤᠷᠤᠯᠳᠤᠭ᠋ᠠᠨ᠎ᠳᠤ ᠪᠦᠬᠦ ᠤᠯᠤᠰ᠎ᠤᠨ 31 ᠮᠣᠵᠢ (ᠣᠷᠣᠨ᠂ ᠬᠣᠲᠠ) ᠪᠣᠯᠤᠨ ᠰᠢᠨᠵᠢᠶᠠᠩ᠎ᠤᠨ ᠦᠢ᠍ᠯᠡᠳᠪᠦᠷᠢᠯᠡᠯ ᠪᠦᠲᠦᠭᠡᠨ ᠪᠠᠶ᠋ᠢᠭᠤᠯᠤᠯᠲᠠ ᠵᠢᠨ ᠴᠡᠷᠢᠭ ᠠᠩᠭᠢ᠎ᠠᠴᠠ ᠲᠤᠮᠢᠯᠠᠭᠰᠠᠨ64᠎ᠠᠴᠠ30 ᠵᠢ ᠰᠤᠩᠭᠤᠨ᠂30᠎ᠠᠴᠠ20 ᠵᠢ ᠰᠢᠯᠭ᠋ᠠᠷᠠᠭᠤᠯᠵᠤ᠂20᠎ᠠᠴᠠ10 ᠵᠢ ᠲᠠᠬᠢᠨ ᠰᠢᠯᠭ᠋ᠠᠷᠠᠭᠤᠯᠤᠨ ᠭᠠᠷᠭ᠋ᠠᠪᠠ᠃ ᠰᠢᠢ᠍ᠳᠪᠦᠷᠢᠲᠦ ᠤᠷᠤᠯᠳᠤᠭ᠋ᠠᠨ᠎ᠳᠤ ᠤᠷᠤᠯᠴᠠᠭᠰᠠᠨ10 ᠨᠡᠷᠡᠰ ᠤᠷᠤᠯᠴᠠᠭᠴᠢ᠎ᠠᠴᠠ ᠪᠦᠯᠬᠦᠮ᠎ᠤᠨ ᠬᠡᠯᠪᠡᠷᠢ᠎ᠪᠠᠷ ᠲᠦᠷᠦᠭᠦᠦ 5 ᠨᠡᠷᠡᠰ᠎ᠢ ᠰᠢᠯᠠᠭ᠋ᠠᠷᠠᠭᠤᠯᠤᠨ ᠭᠠᠷᠭ᠋ᠠᠵᠤ᠂ ᠡᠴᠦᠰ᠎ᠤᠨ ᠤᠷᠤᠯᠳᠤᠭ᠋ᠠᠨ᠎ᠳᠤ ᠲᠠᠪᠤᠨ ᠤᠷᠤᠯᠴᠠᠭᠴᠢ᠎ᠠᠴᠠ ᠪᠦᠭᠦᠲᠡ ᠨᠠᠢ᠌ᠷᠠᠮᠳᠠᠬᠤ ᠳᠤᠮᠳᠠᠳᠤ ᠠᠷᠠᠳ ᠤᠯᠤᠰ ᠪᠠᠶ᠋ᠢᠭᠤᠯᠤᠭᠳᠠᠭᠰᠠᠨ 70 ᠵᠢᠯ᠎ᠤᠨ ᠣᠢ ᠵᠢᠨ ᠴᠠᠭ ᠦᠶ᠎ᠡ ᠵᠢᠨ ᠠᠬᠤᠶ ᠪᠠᠢ᠌ᠳᠠᠯ ᠵᠶ᠋ᠠᠷ ᠡᠰᠢᠯᠡᠨ᠂ 《ᠳᠤᠮᠳᠠᠳᠤ ᠤᠯᠤᠰ᠎ᠤᠨ ᠦᠯᠢᠭᠡᠷ ᠵᠶ᠋ᠠᠨ ᠰᠠᠢ᠌ᠲᠤᠷ ᠶᠠᠷᠢᠬᠤ》 ᠭᠣᠤᠯ ᠰᠡᠳᠦᠪᠲᠦ ᠶᠠᠷᠢᠶ᠎ᠠ ᠢᠯᠡᠳᠬᠡᠯ ᠬᠢᠬᠦ᠎ᠪᠠᠷ ᠳᠠᠮᠵᠢᠨ ᠣᠷᠣᠯᠴᠠᠭᠰᠠᠳ᠎ᠤᠨ ᠲᠤᠰᠬᠠᠶ ᠮᠡᠷᠭᠡᠵᠢᠯ᠎ᠤᠨ ᠮᠡᠳᠡᠯᠭᠡ ᠵᠢᠨ ᠨᠥᠭᠡᠴᠡ᠂ ᠦᠭᠡ ᠬᠡᠯᠡᠨ᠎ᠤ ᠢᠯᠡᠳᠬᠡᠯᠲᠡ᠂ ᠳᠠᠭᠤᠷᠢᠶᠠᠮᠠᠯ ᠪᠦᠯᠬᠦᠮ ᠳᠠᠭ᠋ᠠᠭᠤᠯᠬᠤ᠂ ᠪᠤᠲᠠᠲᠠᠢ ᠠᠬᠤᠢ ᠲᠠᠯᠠᠪᠠᠢ᠎ᠳᠤ ᠪᠦᠯᠬᠦᠮ ᠳᠠᠭ᠋ᠠᠭᠤᠯᠬᠤ ᠵᠡᠷᠭᠡ ᠬᠡᠯᠪᠡᠷᠢ᠎ᠪᠠᠷ ᠶᠡᠷᠦᠩᠬᠡᠶ᠋ᠢᠯᠡᠭᠰᠡᠨ ᠴᠢᠳᠠᠪᠤᠷᠢ ᠵᠢ᠎ᠨᠢ ᠪᠦᠬᠦ ᠲᠠᠯ᠎ᠠ᠎ᠪᠠᠷ ᠬᠢᠨᠠᠨ ᠰᠢᠯᠭ᠋ᠠᠵᠤ᠂ ᠲᠤᠰᠬᠠᠶ ᠮᠡᠷᠭᠡᠵᠢᠯ᠎ᠤᠨ ᠬᠦᠲᠦᠴᠢ ᠵᠢᠨ ᠮᠡᠳᠡᠯᠭᠡ ᠪᠣᠯᠤᠨ ᠦᠢ᠍ᠯᠡᠴᠢᠯᠡᠭᠡᠨ᠎ᠤ ᠤᠷ᠎ᠠ ᠴᠢᠳᠠᠪᠤᠷᠢ ᠵᠢ ᠢᠯᠡᠷᠡᠭᠦᠯᠵᠦ᠂ ᠬᠣᠲᠠ ᠵᠢᠨ ᠦᠵᠡᠮᠵᠢ ᠪᠣᠯᠤᠨ ᠲᠡᠤᠬᠡ ᠰᠣᠶᠣᠯ᠎ᠢ ᠲᠠᠨᠢᠯᠴᠠᠭᠤᠯᠵᠤ᠂ ᠳᠤᠮᠳᠠᠳᠤ ᠤᠯᠤᠰ᠎ᠤᠨ ᠦᠯᠢᠭᠡᠷ ᠪᠣᠯᠤᠨ ᠡᠬᠡ ᠤᠯᠤᠰ᠎ᠤᠨ ᠯᠤᠲᠤ ᠶᠡᠬᠡ ᠬᠤᠪᠢᠷᠠᠯᠲᠠ ᠵᠢ ᠶᠠᠷᠢᠭᠰᠠᠨ ᠪᠠᠢ᠌ᠨ᠎ᠠ ᠃ ᠡᠴᠦᠰ᠎ᠲᠤ᠎ᠪᠠᠨ ᠮᠠᠨ᠎ᠤ ᠣᠷᠣᠨ᠎ᠤ ᠤᠷᠤᠯᠴᠠᠭᠴᠢ ᠸᠠᠩ ᠽᠢ ᠰᠢᠦᠸᠠᠨ ᠮᠥᠩᠭᠥᠨ ᠮᠸᠳᠠᠯ ᠪᠠ ᠰᠢᠯᠢᠳᠡᠭ ᠴᠤᠭ ᠵᠢᠪᠬᠤᠭ᠎ᠠ ᠵᠢᠨ ᠱᠠᠩᠨᠠᠯ ᠬᠦᠷᠲᠡᠵᠦ᠂ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠰᠣᠶᠣᠯ ᠪᠠ ᠵᠢᠭᠤᠯᠴᠢᠯᠠᠯ᠎ᠤᠨ ᠲᠢᠩᠬᠢᠮ ᠲᠤᠪᠤᠢ᠌ᠮ᠎ᠠ ᠬᠤᠪᠢ ᠨᠡᠮᠡᠷᠢ ᠦᠵᠡᠭᠦᠯᠦᠭᠰᠡᠨ ᠱᠠᠩᠨᠠᠯ ᠬᠦᠷᠲᠡᠪᠡ᠃