ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠰᠤᠷᠠᠭ ᠵᠠᠩᠬᠢ
ᠬᠡᠷᠡᠭᠯᠡᠭᠡ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠢᠨ ᠮᠡᠳᠡᠭᠡ   -   ᠵᠢᠷᠤᠬᠲᠦ᠍ ᠨᠡᠶ᠋ᠢᠳᠡᠯᠡᠯ
《ᠬᠣᠨ ᠭᠠᠯᠠᠭᠣ》 ᠰᠡᠳᠭᠦᠯ᠎ᠤᠨ᠎ᠬᠢᠨ᠎ᠤ ᠣᠩᠰᠢᠭᠴᠢᠳ ᠲᠦᠮᠡᠨ᠎ᠠᠴᠠ᠎ᠪᠠᠨ ᠬᠦᠰᠡᠨ ᠬᠦᠯᠢᠶᠡᠬᠦ ᠵᠠᠬᠢᠶ᠎ᠠ
ᠨᠡᠶᠢᠲᠡᠯᠡᠭᠰᠡᠨ ᠴᠠᠭ᠄ 2020-10-16



     《ᠬᠣᠨ ᠭᠠᠯᠠᠭᠣ》 ᠰᠡᠳᠭᠦᠯ ᠪᠣᠯ ᠮᠠᠨ᠎ᠤ ᠣᠷᠣᠨ᠎ᠤ 1956 ᠣᠨ᠎ᠳᠤ ᠬᠡᠪᠯᠠᠯ ᠵᠶ᠋ᠠᠨ ᠡᠬᠢᠯᠡᠭᠦᠯᠦᠭᠰᠡᠨ ᠪᠦᠬᠦ ᠣᠯᠣᠰ᠎ᠤᠨ ᠮᠣᠩᠭᠣᠯ ᠣᠳᠬ᠎ᠠ ᠣᠷᠠᠯᠢᠭ᠎ᠤᠨ ᠲᠠᠪᠴᠠᠩ᠎ᠳᠤ᠎ᠬᠢ ᠬᠠᠭᠣᠴᠢᠨ ᠪᠦᠷᠢᠳᠭᠡᠯ᠎ᠲᠠᠢ ᠰᠣᠶᠣᠯ ᠣᠷᠠᠯᠢᠭ᠎ᠤᠨ ᠶᠡᠷᠦᠩᠬᠡᠢ᠌ᠯᠡᠭᠰᠡᠨ ᠴᠢᠨᠠᠷ᠎ᠲᠠᠢ ᠮᠣᠩᠭᠣᠯ ᠬᠡᠯᠡᠨ᠎ᠤ ᠣᠤᠭ᠋ᠠᠨ ᠰᠡᠳᠭᠦᠯ ᠭᠡᠳᠡᠭ᠎ᠢ ᠲᠠ ᠪᠦᠬᠦᠨ ᠶᠠᠭᠣᠨ ᠠᠨᠳᠠᠬᠣ ᠪᠢᠯᠡ᠃
     《ᠬᠣᠨ ᠭᠠᠯᠠᠭᠣ》 ᠰᠡᠳᠭᠦᠯ 60 ᠭᠠᠷᠣᠢ ᠵᠢᠯ᠎ᠤᠨ ᠲᠣᠷᠰᠢᠳᠠ ᠡᠬᠡ ᠣᠷᠣᠨ᠂ ᠡᠯᠢᠭᠡᠨ ᠲᠦᠮᠡᠨ᠂ ᠡᠪ ᠬᠠᠮᠳᠦ ᠨᠠᠮ᠎ᠤᠨ ᠵᠶ᠋ᠠᠨ ᠣᠳᠣᠷᠢᠳᠣᠯᠭ᠎ᠠ᠂ ᠣᠷᠢᠶᠠᠯᠠᠭ᠎ᠠ᠂ ᠬᠦᠰᠡᠯ ᠳᠠᠭᠣᠳᠠᠯᠭ᠎ᠠ᠂ ᠬᠡᠷᠡᠭᠴᠡᠭᠡ ᠱᠠᠭ᠋ᠠᠷᠳᠠᠯᠭ᠎ᠠ ᠵᠢᠨ ᠳᠠᠭ᠋ᠠᠤ᠎ᠳᠤ ᠬᠦᠯ ᠨᠡᠢ᠌ᠯᠡᠭᠦᠯᠦᠨ᠂ ᠬᠦᠭ ᠨᠡᠢ᠌ᠯᠡᠭᠦᠯᠦᠨ᠂ ᠡᠪ ᠨᠡᠢ᠌ᠯᠡᠭᠦᠯᠦᠨ᠂ ᠡᠭᠡᠰᠢᠭ ᠨᠡᠢ᠌ᠯᠡᠭᠦᠯᠦᠨ ᠠᠮᠵᠢᠯᠲᠠ᠎ᠲᠠᠢ᠂ ᠠᠲᠠᠷᠠᠭ᠋ᠠᠨ᠎ᠲᠠᠢ ᠴᠠᠭ ᠮᠦᠴᠡ᠎ᠨᠦᠭᠦᠳ᠎ᠢ ᠡᠯᠡᠨ ᠬᠠᠯᠠᠨ ᠠᠶᠠᠯᠭᠣᠯᠣᠨ ᠳᠠᠭᠣᠯᠠᠭᠰᠠᠭ᠋ᠠᠷ᠂ ᠳᠠᠪᠠᠨ ᠲᠣᠭᠣᠯᠣᠭᠰᠠᠭ᠋ᠠᠷ ᠡᠳᠦᠭᠡ ᠡᠷᠢᠨ᠎ᠳᠤ ᠡᠷᠡᠭᠦᠯ ᠰᠠᠷᠠᠭᠣᠯ ᠳᠡᠭᠦᠯᠢᠨ ᠨᠢᠰᠦᠭᠰᠡᠭᠡᠷ ᠪᠠᠢ᠌ᠭ᠎ᠠ ᠮᠢᠨᠢ ᠶᠠᠭᠣᠳᠠᠢ ᠠᠵᠠᠲᠠᠢ᠂ ᠶᠠᠭᠣᠳᠠᠢ ᠣᠯᠵᠠᠷᠬᠠᠯ᠎ᠲᠠᠢ᠂ ᠶᠠᠭᠣᠳᠠᠢ ᠣᠮᠣᠭᠯᠠᠭᠣᠨ᠂ ᠶᠠᠭᠣᠲᠠᠢ ᠪᠠᠳᠠᠷᠠᠭᠣᠨ ᠠᠵᠢ᠃ ᠡᠭᠦᠨ᠎ᠤ ᠶᠣᠰᠣᠨ ᠪᠣᠯᠪᠠᠰᠣ᠄
      ᠡᠬᠡ ᠣᠯᠣᠰ ᠮᠠᠨᠢ ᠬᠠᠯᠠᠭᠣᠨ ᠦᠯᠦᠭᠡᠢ᠂ ᠡᠯᠢᠭᠡᠨ ᠲᠦᠮᠡᠨ ᠮᠠᠨᠢ ᠪᠠᠶᠠᠨ ᠬᠦᠷᠦᠩᠭᠡ᠂ ᠡᠷᠬᠢᠮ ᠣᠩᠰᠢᠭᠴᠢᠳ ᠮᠠᠨᠢ ᠪᠣᠷᠬᠠᠨ ᠲᠡᠭᠷᠢ᠂ ᠡᠭᠡᠯ ᠦᠭᠡᠢ ᠵᠣᠬᠢᠶᠠᠯᠴᠢᠳ ᠮᠠᠨᠢ ᠣᠷᠠᠨ ᠳᠠᠷᠬᠠᠨ᠂ ᠡᠮᠢᠶᠡᠯ ᠦᠭᠡᠢ ᠨᠠᠢ᠌ᠷᠠᠭᠤᠯᠤᠭᠴᠢᠳ ᠮᠠᠨᠢ ᠣᠷᠢᠶᠠᠯᠭ᠋ᠠᠨ ᠳᠠᠢ᠌ᠴᠢᠳ ᠶᠣᠮᠰᠠᠨ ᠬᠡᠮᠡᠨ ᠳᠡᠭᠡᠭᠦᠷ ᠳᠣᠤᠭ᠋ᠠᠷᠬᠣ᠎ᠳᠤ᠎ᠪᠠᠨ ᠮᠠᠰᠢ ᠪᠠᠷᠳᠠᠮ ᠪᠠᠢ᠌ᠨ᠎ᠠ᠃ ᠲᠠ ᠪᠢᠳᠠᠨ᠎ᠤ ᠬᠦᠯᠦᠰᠦ ᠬᠦᠳᠡᠯᠮᠣᠷᠢ᠂ ᠴᠢᠰᠣ ᠶᠠᠰᠣ᠂ ᠣᠢ ᠪᠢᠯᠢᠭ᠂ ᠣᠶᠣᠨ ᠣᠬᠠᠭ᠋ᠠᠨ ᠵᠶ᠋ᠠᠷ ᠴᠤᠭᠴᠠᠯᠠᠭᠳᠠᠭᠰᠠᠨ ᠦᠨᠳᠦᠰᠣᠳᠠᠨ᠎ᠤ ᠰᠣᠶᠣᠯ᠎ᠤᠨ ᠣᠶᠣᠨ ᠰᠣᠪᠣᠷᠭ᠎ᠠ — 《ᠬᠣᠨ ᠭᠠᠯᠠᠭᠣ》 ᠮᠢᠨᠢ ᠠᠯᠣᠰ ᠢᠷᠡᠭᠡᠳᠦᠢ ᠵᠦᠭ᠂ ᠲᠡᠭᠦᠰ ᠲᠡᠭᠦᠯᠳᠡᠷ ᠵᠦᠭ ᠦᠶ᠎ᠡ ᠦᠶ᠎ᠡ᠎ᠪᠠᠨ ᠵᠠᠯᠭ᠋ᠠᠭᠣᠯᠣᠨ ᠦᠭᠰᠣᠨ ᠦᠭᠡᠳᠡᠯᠡᠨ᠎ᠡ ᠭᠡᠳᠡᠭ᠎ᠲᠤ ᠡᠷᠡᠰ ᠪᠠᠲᠦ ᠢᠳᠡᠭᠡᠯ᠎ᠲᠠᠢ᠂ ᠡᠩᠬᠡ ᠵᠢᠨ ᠪᠤᠶᠠᠨᠳᠦ ᠨᠠᠢ᠌ᠳᠠᠪᠣᠷᠢ᠎ᠲᠠᠢ᠂ ᠡᠷᠭᠢᠰᠢ ᠦᠭᠡᠢ ᠰᠢᠭᠣᠳ ᠵᠣᠷᠢᠯᠳᠡ᠎ᠲᠠᠢ ᠪᠠᠢ᠌ᠭ᠎ᠠ᠎ᠪᠠᠨ 《ᠬᠣᠨ ᠭᠠᠯᠠᠭᠣ》 ᠰᠡᠳᠭᠦᠯ᠎ᠤᠨ᠎ᠬᠢᠨ ᠠᠨᠳᠠᠭ᠋ᠠᠢ᠌ᠯᠠᠵᠣ ᠪᠠᠢ᠌ᠨ᠎ᠠ᠃ ᠡᠭᠦᠨ᠎ᠤ ᠳᠠᠭ᠋ᠠᠤ ᠣᠨᠴᠠᠭ᠋ᠠᠢ᠌ᠯᠠᠨ ᠳᠣᠳᠣᠷᠬᠠᠢ᠌ᠯᠠᠬᠣ ᠨᠢᠭᠡᠨ ᠶᠠᠪᠣᠳᠠᠯ ᠪᠣᠯᠪᠠᠰᠤ᠄
     《ᠴᠠᠭ ᠴᠠᠭ ᠵᠶ᠋ᠠᠷ ᠵᠶ᠋ᠠᠨ ᠪᠠᠢ᠌ᠳᠠᠭ ᠦᠭᠡᠢ᠂ ᠴᠠᠬᠢᠯᠳᠠᠭ ᠬᠦᠬᠡ᠎ᠪᠠᠷ ᠵᠶ᠋ᠠᠨ ᠪᠠᠢ᠌ᠳᠠᠭ ᠦᠭᠡᠢ》 ᠭᠡᠰᠡᠨ ᠵᠦᠢ᠍ᠷ ᠰᠡᠴᠡᠨ ᠦᠭᠡ ᠵᠢᠨ ᠵᠢᠮ᠎ᠡ᠎ᠪᠠᠷ ᠴᠠᠭ ᠲᠦᠷᠦ ᠵᠢᠨ ᠴᠢᠭᠯᠡᠯ ᠬᠠᠨᠳᠣᠰᠢ ᠵᠢᠨ ᠦᠩᠭᠡ ᠣᠷᠣᠰᠬᠠᠯ᠂ ᠨᠡᠢ᠌ᠬᠡᠮ ᠲᠣᠭᠳᠠᠯᠴᠠᠭ᠋ᠠᠨ᠎ᠳᠤ᠎ᠬᠢ ᠠᠳᠠᠯᠢ ᠪᠣᠰᠣ ᠰᠠᠯᠠᠭ᠎ᠠ ᠮᠦᠴᠢᠷ᠎ᠤᠨ ᠨᠡᠭᠡᠭᠡᠯᠲᠡ ᠦᠭᠡᠷᠡᠴᠢᠯᠡᠯᠲᠡ᠂ ᠬᠦᠮᠦᠨ ᠵᠣᠨ᠎ᠤ ᠬᠦᠭᠵᠢᠯ ᠬᠣᠪᠢᠷᠠᠯᠲᠠ ᠵᠡᠷᠭᠡ ᠲᠠᠯ᠎ᠠ ᠵᠢᠨ ᠶᠠᠪᠣᠴᠠ᠎ᠳᠤ ᠳᠣᠯᠳᠣᠢ᠌ᠳᠴᠤ᠂ ᠮᠠᠨ᠎ᠤ ᠰᠡᠳᠭᠦᠯ᠎ᠤᠨ ᠲᠡᠦᠬᠡᠨ ᠴᠠᠭ ᠦᠶ᠎ᠡ ᠵᠢᠨ ᠵᠠᠷᠢᠮ ᠬᠡᠰᠡᠭ ᠬᠠᠭᠣᠴᠢᠨ ᠬᠡᠪᠯᠡᠯ᠎ᠤᠨ ᠰᠡᠳᠭᠦᠯ᠎ᠤᠳ ᠦᠷᠡᠭᠳᠡᠵᠣ᠂ ᠣᠷᠬᠢᠭᠳᠠᠵᠣ᠂ ᠰᠦᠢ᠍ᠳᠭᠡᠭᠳᠡᠵᠣ᠂ ᠬᠠᠶᠠᠭᠳᠠᠵᠣ᠂ ᠭᠡᠭᠡᠭᠳᠡᠵᠣ᠂ ᠠᠯᠳᠠᠭᠳᠠᠭᠰᠠᠨ ᠵᠣᠯ ᠪᠣᠰᠣ ᠠᠰᠠᠭᠣᠳᠠᠯ ᠭᠠᠷᠴᠤ᠂ ᠰᠡᠳᠭᠦᠯ᠎ᠤᠨ ᠮᠡᠨᠢ ᠦᠩᠭᠡᠷᠡᠭᠰᠡᠨ᠎ᠤ ᠣᠯᠠ ᠮᠦᠷ᠎ᠢ ᠲᠠᠰᠣᠯᠳᠠᠭᠣᠯᠣᠭᠰᠠᠨ᠂ ᠪᠠᠯᠠᠷᠬᠠᠢ᠌ᠳᠣᠭᠣᠯᠣᠭᠰᠠᠨ᠂ ᠬᠠᠷᠠᠮᠰᠠᠯᠲᠠᠢ ᠣᠴᠢᠷ ᠲᠣᠬᠢᠶᠠᠯᠳᠣᠭᠰᠠᠨ᠎ᠢ ᠡᠨᠳᠡ ᠨᠢᠭᠣᠯ ᠦᠭᠡᠢ ᠬᠡᠯᠡᠶ᠎ᠡ᠃ ᠲᠡᠭᠡᠭᠡᠳ ᠦᠨᠦᠳᠦᠷ᠎ᠤᠨ 《ᠬᠣᠨ ᠭᠠᠯᠠᠭᠣ》 ᠵᠢᠨ᠎ᠬᠢᠨ ᠠᠯᠢ ᠴᠢᠳᠠᠬᠣ ᠵᠢᠨ ᠬᠢᠷᠢ᠎ᠪᠠᠷ ᠵᠶ᠋ᠠᠨ ᠡᠨᠡ ᠬᠦ᠌ ᠠᠯᠳᠠᠰᠢ ᠳᠣᠳᠠᠭᠣᠳᠠᠯ ᠵᠶ᠋ᠠᠨ ᠨᠦᠬᠦᠨ ᠰᠡᠯᠪᠢᠵᠤ᠂ ᠵᠠᠰᠠᠨ ᠵᠦᠭᠰᠢᠷᠡᠭᠦᠯᠵᠤ᠂ ᠦᠩᠭᠡᠷᠡᠭᠰᠡᠨ ᠲᠡᠦᠬᠡ᠎ᠳᠤ᠎ᠪᠠᠨ ᠦᠨᠡᠨᠴᠢ ᠰᠢᠳᠣᠷᠭᠣ᠂ ᠣᠳᠣᠬᠢ ᠴᠠᠭ ᠡᠷᠢᠨ᠎ᠳᠤ᠎ᠪᠠᠨ ᠬᠡᠷᠡᠭᠴᠡᠭᠡ ᠱᠠᠭ᠋ᠠᠷᠳᠠᠯᠭ᠎ᠠ᠎ᠲᠠᠢ᠂ ᠠᠯᠣᠰ ᠢᠷᠡᠭᠡᠳᠦᠢ᠎ᠳᠤ᠎ᠪᠠᠨ ᠠᠴᠢ ᠬᠣᠯᠪᠣᠭᠳᠠᠯ᠎ᠲᠠᠢ᠂ ᠨᠡᠯᠢᠶᠡᠳ ᠪᠦᠷᠢᠨᠰᠢᠭᠰᠡᠨ᠂ ᠲᠦᠯᠦᠪᠰᠢᠷᠡᠭᠰᠡᠨ᠂ ᠲᠢᠭᠯᠢᠮᠵᠢᠭᠰᠡᠨ᠂ ᠪᠠᠷᠢᠮᠵᠢᠶᠠᠵᠢᠭᠰᠡᠨ ᠨᠢᠭᠡᠨ 《ᠬᠣᠨ ᠭᠠᠯᠠᠭᠣ》 ᠨᠣᠮ ᠰᠡᠳᠭᠦᠯ᠎ᠤᠨ ᠰᠠᠩ ᠭᠦᠮᠦᠷᠭᠡ ᠪᠤᠶᠤ ᠦᠵᠡᠰᠭᠦᠯᠡᠩ᠎ᠤᠨ ᠲᠠᠪᠴᠠᠩ᠎ᠢ ᠴᠣᠭᠴᠠᠯᠠᠨ ᠪᠣᠰᠬᠠᠬᠣ᠎ᠪᠠᠷ ᠲᠦᠯᠦᠪᠯᠡᠨ ᠰᠢᠢ᠍ᠳᠦᠭᠡᠳ᠂ ᠪᠣᠳᠠᠳᠠᠢ ᠠᠵᠢᠯ ᠵᠶ᠋ᠠᠨ ᠨᠢᠭᠡᠨᠲᠡ ᠡᠬᠢᠯᠡᠭᠦᠯᠦᠯ᠎ᠡ᠃ ᠢᠩᠭᠢᠭᠡᠳ ᠡᠷᠬᠢᠮ ᠲᠠ ᠪᠦᠬᠦᠨ᠎ᠠᠴᠠ᠎ᠪᠠᠨ ᠬᠢᠴᠢᠶᠡᠩᠭᠦᠢ᠌ᠯᠡᠨ ᠭᠣᠶᠣᠴᠢᠯᠠᠬᠣ ᠨᠢᠭᠡᠨ ᠣᠴᠢᠷ ᠪᠣᠯᠪᠠᠰᠣ᠄
      ᠮᠠᠨ᠎ᠤ 《ᠬᠣᠨ ᠭᠠᠯᠠᠭᠣ》 ᠰᠡᠳᠭᠦᠯ᠎ᠤᠨ ᠬᠡᠪᠯᠡᠯ ᠡᠬᠢᠯᠡᠭᠰᠡᠨ᠎ᠠᠴᠠ ᠨᠠᠭ᠋ᠠᠰᠢᠬᠢ ᠳᠠᠷᠣᠢ 1956 ᠣᠨ᠎ᠠᠴᠠ 2005 ᠣᠨ ᠬᠦᠷᠳᠡᠯᠡᠬᠢ ᠠᠯᠢ ᠨᠢᠭᠡᠨ ᠣᠨ᠂ ᠠᠯᠢ ᠨᠢᠭᠡᠨ ᠰᠠᠷ᠎ᠠ᠂ ᠠᠯᠢ ᠨᠢᠭᠡᠨ ᠬᠣᠭᠣᠴᠠᠭ᠎ᠠ (ᠳ᠋ᠣᠭ᠋ᠠᠷ) ᠵᠢᠨ ᠲᠠᠩ ᠲᠠᠪᠳᠠᠷ᠎ᠨᠢ ᠦᠶ᠎ᠡ ᠦᠶ᠎ᠡ ᠵᠢᠨ ᠮᠠᠨ᠎ᠤ ᠵᠠᠬᠢᠶᠠᠯᠠᠭᠴᠢᠳ᠂ ᠣᠩᠰᠢᠭᠴᠢᠳ᠂ ᠬᠠᠳᠠᠭ᠋ᠠᠯᠠᠭᠴᠢᠳ᠂ ᠵᠣᠬᠢᠶᠠᠭᠴᠢᠳ ᠵᠢᠴᠢ ᠦᠷᠭᠡᠨ ᠣᠯᠠᠨ ᠮᠣᠩᠭᠣᠯ ᠲᠦᠮᠡᠨ᠎ᠤ ᠮᠠᠨᠢ ᠠᠯᠢ ᠨᠢᠭᠡᠨ ᠬᠦᠮᠦᠨ᠎ᠤ ᠨᠣᠮ᠎ᠤᠨ ᠬᠠᠳᠠᠭ᠋ᠠᠯᠠᠮᠵᠢ᠂ ᠭᠠᠷ᠎ᠤᠨ ᠠᠪᠣᠯᠭ᠎ᠠ᠎ᠳᠤ ᠪᠠᠢ᠌ᠭ᠎ᠠ ᠪᠣᠯ ᠬᠠᠯᠠᠭᠣᠨ ᠭᠠᠷ ᠵᠶ᠋ᠠᠨ ᠳᠡᠯᠭᠡᠨ᠂ ᠬᠠᠢ᠌ᠷ᠎ᠠ ᠬᠠᠯᠠᠮᠵᠢ᠎ᠪᠠᠨ ᠢᠪᠡᠭᠡᠨ᠂ ᠮᠠᠨ᠎ᠤ ᠰᠡᠳᠭᠦᠯ᠎ᠳᠤ ᠲᠣᠰᠠ ᠳᠡᠮᠵᠢᠯᠭᠡ ᠪᠣᠯᠭ᠋ᠠᠨ ᠬᠠᠢ᠌ᠷᠠᠯᠠᠮᠣ ᠬᠡᠮᠡᠨ ᠬᠦᠰᠡᠨ ᠪᠠᠳᠢᠷᠯᠡᠵᠣ ᠪᠠᠢ᠌ᠨ᠎ᠠ᠃ ᠲᠠᠨ᠎ᠤ ᠡᠷᠭᠦᠭᠰᠡᠨ ᠰᠡᠳᠭᠦᠯ᠎ᠢ ᠬᠡᠷᠪᠡ ᠠᠵᠠ᠎ᠲᠠᠢ᠎ᠪᠠᠷ ᠲᠣᠰᠣᠨ ᠠᠪᠴᠤ ᠴᠢᠳᠠᠬᠣ᠎ᠳᠤ ᠬᠦᠷᠪᠡᠯ᠂ ᠲᠣᠰ ᠳᠡᠪᠳᠡᠷ᠎ᠢ ᠴᠢᠨᠢ ᠪᠢᠳᠠ ᠳᠠᠷᠣᠢ᠌ᠬᠠᠨ ᠳᠠᠬᠢᠨ ᠲᠠᠷᠤᠮᠠᠯᠯᠠᠵᠤ᠂ ᠬᠡᠪᠯᠡᠵᠣ ᠠᠪᠴᠢᠬᠠᠭ᠋ᠠᠳ᠂ ᠣᠤᠯ ᠰᠡᠳᠭᠦᠯ᠎ᠢ ᠲᠠᠨᠢ ᠣᠤᠯ ᠲᠦᠷᠬᠦ᠎ᠪᠠᠷ᠎ᠨᠢ ᠡᠵᠡᠨ ᠲᠠᠨ᠎ᠳᠤ᠎ᠨᠢ ᠮᠠᠰᠢ ᠬᠦᠨ ᠬᠦᠨᠳᠦᠳᠭᠡᠯ᠎ᠲᠠᠢ᠎ᠪᠠᠷ ᠪᠣᠴᠠᠭ᠋ᠠᠨ ᠭᠠᠷᠳᠠᠭᠣᠯᠬᠣ ᠪᠣᠯᠣᠨ᠎ᠠ ᠭᠡᠳᠡᠭ ᠵᠶ᠋ᠠᠨ ᠪᠠᠳᠣᠲᠠᠢ ᠠᠮᠠᠯᠳᠠᠶ᠎ᠠ᠃
      ᠦᠶ᠎ᠡ ᠦᠶ᠎ᠡ ᠵᠢᠨ ᠮᠠᠨ᠎ᠤ ᠤᠩᠰᠢᠭᠴᠢᠳ᠂ ᠵᠣᠬᠢᠶᠠᠭᠴᠢᠳ᠂ ᠵᠠᠬᠢᠶᠠᠯᠠᠭᠴᠢᠳ᠂ ᠬᠠᠳᠠᠭ᠋ᠠᠯᠠᠭᠴᠢᠳ᠂ ᠰᠣᠨᠢᠷᠬᠠᠭᠴᠢᠳ ᠡᠷᠬᠢᠮ ᠲᠠ ᠪᠦᠬᠦᠨ᠎ᠤ ᠮᠠᠨᠢ ᠨᠣᠮ᠎ᠤᠨ ᠲᠠᠯᠪᠢᠭᠣᠷ᠂ ᠪᠢᠴᠢᠭ᠎ᠤᠨ ᠰᠢᠷᠡᠭᠡ᠂ ᠭᠡᠷ᠎ᠤᠨ ᠣᠨᠢᠨ᠎ᠤ ᠬᠢᠨᠢ ᠠᠯᠢ ᠨᠢᠭᠡᠨ ᠭᠠᠵᠠᠷ᠎ᠲᠤ᠎ᠨᠢ 《ᠬᠣᠨ ᠭᠠᠯᠠᠭᠣ》 ᠮᠠᠨᠢ ᠯᠠᠪᠲᠠᠢ᠌ᠶ᠎ᠠ ᠪᠠᠢ᠌ᠭ᠎ᠠ᠎ᠳᠤ ᠪᠢᠳᠡ ᠢᠲᠡᠭᠡᠯ ᠳᠦᠭᠦᠷᠡᠩ ᠪᠠᠢ᠌ᠨ᠎ᠠ᠃ ᠲᠠ ᠪᠦᠬᠦᠨ 《ᠬᠣᠨ ᠭᠠᠯᠠᠭᠣ》᠎ᠪᠠᠨ ᠬᠠᠷᠠᠮ ᠦᠭᠡᠢ ᠳᠡᠮᠵᠢᠨ᠎ᠡ ᠭᠡᠳᠡᠭ᠎ᠳᠤ ᠴᠤ᠌ ᠲᠡᠭᠦᠰ ᠨᠠᠢ᠌ᠳᠠᠪᠣᠷᠢ᠎ᠲᠠᠢ ᠪᠠᠢ᠌ᠭ᠎ᠠ ᠰᠢᠤ᠂ ᠳᠡᠮᠵᠢᠮᠦ ᠬᠡᠮᠡᠨ ᠳᠠᠬᠢᠨᠲᠠ ᠬᠦᠰᠡᠶ᠎ᠡ!


ᠬᠠᠷᠢᠯᠴᠠᠬᠣ ᠬᠠᠶᠢᠭ᠄ ᠬᠦᠬᠡᠬᠣᠲᠠ ᠵᠢᠨ ᠬᠣᠲᠤᠩᠴᠦᠳ᠎ᠤᠨ ᠲᠣᠭᠤᠷᠢᠭ᠎ᠤᠨ ᠰᠢᠯᠢ ᠵᠢᠨ ᠭᠣᠣᠯ ᠬᠣᠢ᠌ᠲᠦ ᠵᠠᠮ᠎ᠤᠨ 97 ᠨᠣᠮᠸᠷᠲᠦ᠂ ᠦᠪᠦᠷ ᠮᠣᠩᠭᠤᠯ᠎ᠤᠨ ᠦᠪᠡᠷᠲᠡᠭᠡᠨ ᠵᠠᠰᠠᠬᠤ ᠣᠷᠤᠨ᠎ᠤ ᠰᠣᠶᠤᠯ᠎ᠤᠨ ᠣᠷᠳᠤᠨ ᠎ᠤ 《ᠬᠤᠨ ᠭᠠᠯᠠᠭᠤ》 ᠰᠡᠳᠭᠦᠯ ᠎ᠤᠨ ᠨᠠᠢ᠌ᠷᠠᠭᠤᠯᠬᠤ ᠬᠡᠯᠲᠡᠰ


ᠬᠠᠷᠢᠯᠴᠠᠬᠤ ᠤᠲᠠᠰᠤ᠄ 0471— 6968064


ᠬᠠᠷᠢᠯᠴᠠᠬᠤ ᠬᠦᠮᠦᠨ᠄ ᠴᠡᠯᠮᠡᠭ    15047848037
                    ᠦᠷᠯᠦᠭᠡ  18547170869


ᠢᠷᠡᠯᠲᠡ᠄ ᠦᠪᠦᠷ ᠮᠣᠩᠭᠤᠯ᠎ᠤᠨ ᠦᠪᠡᠷᠲᠡᠭᠡᠨ ᠵᠠᠰᠠᠬᠤ ᠣᠷᠤᠨ᠎ᠤ ᠰᠣᠶᠤᠯ᠎ᠤᠨ ᠣᠷᠳᠤᠨ ᠎ᠤ 《ᠬᠤᠨ ᠭᠠᠯᠠᠭᠤ》 ᠰᠡᠳᠭᠦᠯ᠎ᠤᠨ ᠨᠠᠢ᠌ᠷᠠᠭᠤᠯᠬᠤ ᠬᠡᠯᠲᠡᠰ
          
ᠬᠠᠮᠢᠶ᠎ᠡ ᠪᠦᠬᠦᠢ ᠰᠣᠨᠢᠨ
ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠤᠷᠠᠯᠢᠭ ᠰᠤᠳᠤᠯᠤᠯ᠎ᠤᠨ ᠬᠦᠷᠢᠶᠡᠯᠡᠩ ᠬᠣᠶᠠᠳᠤᠭ᠋ᠠᠷ ᠬᠤᠭᠤᠴᠠᠭ᠋ᠠᠨ᠎ᠤ 《ᠥᠪᠥᠷ ᠮᠣᠩᠭᠣᠯ ᠤᠷᠠᠯᠢᠭ》 (ᠬᠢᠲᠠᠳ ᠬᠡᠪᠯᠡᠯ)᠎ᠤᠨ ᠵᠤᠬᠢᠶᠠᠭᠴᠢᠳ᠎ᠤᠨ ᠪᠣᠯᠪᠠᠰᠤᠷᠠᠯ᠎ᠤᠨ ᠠᠩᠭᠢ ᠡᠷᠭᠢᠯᠡᠪᠡ
ᠥᠪᠥᠷ ᠮᠣᠩᠭᠣᠯ᠎ᠤᠨ ᠲᠡᠤᠬᠡ ᠵᠢᠨ ᠳᠤᠷᠠᠰᠬᠠᠯᠲᠤ ᠵᠦᠢ᠍ᠯᠡᠰ᠎ᠤᠨ ᠬᠠᠮᠠᠭ᠋ᠠᠯᠠᠯᠲᠠ ᠵᠢᠨ 《ᠭᠤᠷᠪᠠᠨ ᠶᠡᠬᠡ ᠡᠷᠳᠡᠨᠢ》᠄ ᠮᠣᠷᠢ᠂ ᠲᠡᠮᠡᠭᠡ᠂ ᠵᠢᠯᠣᠭᠣᠴᠢ ᠥᠬᠡᠶ ᠨᠢᠰᠬᠡᠯ
ᠵᠧᠩ ᠳ᠋ᠦᠩ ᠪᠥᠸᠧ ᠬᠥᠬᠡᠬᠣᠲᠠ ᠵᠢᠨ ᠦᠴᠤᠸᠠᠨ ᠰᠢᠶᠠᠨ᠎ᠤ ᠤᠮᠠᠷᠠᠲᠤ ᠸᠸᠢ ᠵᠢᠨ ᠬᠠᠭ᠋ᠠᠨ᠎ᠤ ᠲᠡᠭᠷᠢ ᠵᠢᠨ ᠲᠠᠬᠢᠯᠭ᠎ᠠ ᠵᠢᠨ ᠭᠠᠵᠠᠷ᠎ᠤᠨ ᠪᠠᠭᠤᠷᠢ ᠵᠢ ᠪᠠᠶ᠋ᠢᠴᠠᠭ᠋ᠠᠨ ᠰᠤᠳᠤᠯᠪᠠ
ᠰᠣᠶᠣᠯ ᠵᠢᠭᠤᠯᠴᠢᠯᠠᠯᠲᠤ ᠳᠤᠮᠳᠠᠳᠤ ᠤᠯᠤᠰ᠎ᠤᠨ ᠵᠣᠴᠢᠳ᠎ᠤᠨ ᠲᠢᠩᠬᠢᠮ — ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠰᠣᠶᠣᠯ ᠪᠠ ᠵᠢᠭᠤᠯᠴᠢᠯᠠᠯ᠎ᠤᠨ ᠲᠢᠩᠬᠢᠮ᠎ᠤᠨ ᠳᠡᠳ᠋ ᠳᠠᠷᠤᠭ᠎ᠠ ᠢᠤᠢ ᡁᠢ ᠭᠦᠸᠧ ᠵᠢᠨ ᠲᠤᠰᠬᠠᠢ ᠰᠤᠷᠪᠤᠯᠵᠢᠯᠠᠭ᠎ᠠ
ᠠᠩᠬᠠᠳᠤᠭ᠋ᠠᠷ ᠬᠤᠭᠤᠴᠠᠭ᠋ᠠᠨ᠎ᠤ ᠥᠪᠥᠷ ᠮᠣᠩᠭᠣᠯ᠎ᠤᠨ ᠠᠷᠠᠳ᠎ᠤᠨ ᠪᠥᠵᠢᠭ᠎ᠤᠨ ᠤᠷᠤᠯᠳᠤᠭ᠋ᠠᠨ ᠬᠥᠬᠡᠬᠣᠲᠠ᠎ᠳᠤ ᠡᠬᠢᠯᠡᠪᠡ
 
            