ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠰᠤᠷᠠᠭ ᠵᠠᠩᠬᠢ
ᠬᠡᠷᠡᠭᠯᠡᠭᠡ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠢᠨ ᠮᠡᠳᠡᠭᠡ   -   ᠵᠢᠷᠤᠬᠲᠦ᠍ ᠨᠡᠶ᠋ᠢᠳᠡᠯᠡᠯ
《ᠬᠠᠲᠤᠨ ᠭᠣᠤᠯ᠎ᠤᠨ 〈几〉 ᠦᠰᠦᠭᠲᠦ ᠲᠣᠬᠤᠢ ᠦᠵᠡᠰᠭᠦᠯᠡᠨᠭᠲᠦ ᠰᠠᠢ᠌ᠬᠠᠨ ᠥᠪᠥᠷ ᠮᠣᠩᠭᠣᠯ》 ᠲᠥᠪ᠎ᠤᠨ ᠵᠠᠭᠤᠴᠢᠯᠠᠭᠤᠷ᠎ᠤᠨ ᠦᠵᠡᠮᠵᠢ ᠰᠤᠨᠭ᠌ᠭᠤᠬᠤ ᠰᠢᠷᠢᠰ ᠠᠵᠢᠯᠯᠠᠭ᠎ᠠ ᠬᠥᠰᠢᠭᠡ᠎ᠪᠠᠨ ᠰᠡᠬᠦᠪᠡ
ᠨᠡᠶᠢᠲᠡᠯᠡᠭᠰᠡᠨ ᠴᠠᠭ᠄ 2020-06-23


                                  (ᠵᠠᠭᠤᠴᠢᠯᠠᠭᠤᠷ᠎ᠤᠨ᠎ᠬᠢᠨ᠎ᠤ ᠠᠭᠤᠯᠵᠠᠯᠲᠠ ᠵᠢᠨ ᠬᠤᠷᠠᠯ)


     6 ᠳ᠋ᠤᠭ᠋ᠠᠷ ᠰᠠᠷ᠎ᠠ ᠵᠢᠨ 19᠎ᠤ ᠡᠳᠦᠷ᠂ ᠥᠪᠡᠷᠲᠡᠭᠡᠨ ᠵᠠᠰᠠᠬᠤ ᠣᠷᠣᠨ᠎ᠤ ᠰᠣᠶᠣᠯ ᠪᠠ ᠵᠢᠭᠤᠯᠴᠢᠯᠠᠯ᠎ᠤᠨ ᠲᠢᠩᠬᠢᠮ᠎ᠤᠨ ᠵᠣᠬᠢᠶᠠᠨ ᠪᠠᠶ᠋ᠢᠭᠤᠯᠵᠤ ᠬᠢᠭᠰᠡᠨ 《ᠬᠠᠲᠤᠨ ᠭᠣᠤᠯ᠎ᠤᠨ 〈几〉 ᠦᠰᠦᠭᠲᠦ ᠲᠤᠬᠤᠢ ᠦᠵᠡᠰᠭᠦᠯᠡᠨᠭᠲᠦ ᠰᠠᠢ᠌ᠬᠠᠨ ᠥᠪᠥᠷ ᠮᠣᠩᠭᠣᠯ》 ᠲᠥᠪ᠎ᠤᠨ ᠵᠠᠭᠤᠴᠢᠯᠠᠭᠤᠷ᠎ᠤᠨ ᠦᠵᠡᠮᠵᠢ ᠰᠤᠨᠭ᠌ᠭᠤᠨ ᠵᠢᠭᠰᠠᠭ᠋ᠠᠬᠤ ᠰᠢᠷᠢᠰ ᠠᠵᠢᠯᠯᠠᠭ᠎ᠠ ᠵᠢᠩᠬᠢᠨᠢ᠎ᠪᠠᠷ ᠡᠬᠢᠯᠡᠪᠡ᠃
      ᠣᠢ᠌ᠷ᠎ᠠ ᠵᠢᠨ ᠵᠢᠯ᠎ᠤᠳ᠎ᠲᠤ᠂ ᠬᠠᠲᠤᠨ ᠭᠣᠤᠯ ᠵᠶ᠋ᠠᠷ ᠭᠣᠤᠯ ᠰᠡᠳᠦᠪ ᠵᠶ᠋ᠡᠨ ᠪᠣᠯᠭ᠋ᠠᠭᠰᠠᠨ ᠥᠪᠥᠷ ᠮᠣᠩᠭᠣᠯ᠎ᠤᠨ ᠰᠣᠶᠣᠯ ᠵᠢᠭᠤᠯᠴᠢᠯᠠᠯ᠎ᠤᠨ   ᠪᠦᠲᠦᠭᠡᠭᠳᠡᠭᠦᠨ ᠡᠳᠦᠷ ᠢᠷᠡᠬᠦᠶ᠎ᠡ ᠨᠡᠮᠡᠭᠳᠡᠭᠡᠳ ᠬᠠᠲᠤᠨ ᠭᠣᠤᠯ᠎ᠤᠨ ᠬᠦᠪᠡᠭᠡ ᠳᠠᠭ᠋ᠠᠤ ᠭᠠᠵᠠᠷ᠎ᠤᠨ ᠰᠣᠶᠣᠯ ᠵᠢᠭᠤᠯᠴᠢᠯᠠᠯ᠎ᠤᠨ ᠠᠵᠤ ᠦᠢ᠍ᠯᠡᠰ᠎ᠤᠨ ᠲᠦᠷᠭᠡᠨ ᠬᠥᠭᠵᠢᠯᠲᠡ ᠵᠢ ᠠᠬᠢᠭᠤᠯᠤᠭᠰᠠᠨ᠎ᠤ ᠬᠠᠮᠲᠤ ᠬᠠᠲᠤᠨ ᠭᠣᠤᠯ ᠳᠠᠭ᠋ᠠᠤ ᠭᠠᠵᠠᠷ᠎ᠤᠨ ᠰᠣᠶᠣᠯ᠎ᠤᠨ ᠭᠤᠯᠤᠮᠲᠠ ᠵᠢ ᠤᠯᠠᠮᠵᠢᠯᠠᠨ   ᠵᠠᠯᠭ᠋ᠠᠮᠵᠢᠯᠠᠪᠠ᠂   ᠪᠠᠰᠠ ᠬᠠᠲᠤᠨ ᠭᠣᠤᠯ ᠳᠠᠭ᠋ᠠᠤ ᠭᠠᠵᠠᠷ᠎ᠤᠨ ᠰᠣᠶᠣᠯ᠎ᠤᠨ ᠠᠭᠤᠯᠤᠭᠳᠠᠬᠤᠨ ᠪᠠ ᠰᠣᠶᠣᠯ᠎ᠤᠨ ᠢᠲᠡᠭᠡᠯ᠎ᠢ ᠢᠯᠡᠷᠡᠭᠦᠯᠵᠦ ᠪᠠᠢ᠌ᠨ᠎ᠠ᠃
      ᠲᠤᠰ ᠤᠳᠠᠭ᠎ᠠ ᠵᠠᠭᠤᠴᠢᠯᠠᠭᠤᠷ᠎ᠤᠨ᠎ᠬᠢᠨ᠎ᠢ ᠵᠣᠬᠢᠶᠠᠨ ᠪᠠᠢ᠌ᠭᠤᠯᠤᠨ ᠲᠤᠬᠠᠶ ᠵᠢᠨ ᠭᠠᠵᠠᠷ᠎ᠲᠤ᠎ᠨᠢ ᠪᠠᠶ᠋ᠢᠴᠠᠭ᠋ᠠᠯᠲᠠ ᠬᠢᠬᠦ᠂ ᠪᠡᠶᠡᠴᠢᠯᠡᠨ ᠣᠶ᠋ᠢᠯᠠᠭ᠋ᠠᠬᠤ ᠪᠠ ᠰᠤᠷᠪᠤᠯᠵᠢᠯᠠᠬᠤ ᠬᠡᠯᠪᠡᠷᠢ᠎ᠪᠠᠷ ᠳᠠᠮᠵᠢᠭᠤᠯᠤᠨ ᠮᠠᠨ᠎ᠤ ᠣᠷᠣᠨ᠎ᠤ ᠬᠠᠳᠤᠨ ᠭᠣᠤᠯ ᠳᠠᠭ᠋ᠠᠤ ᠵᠢᠨ ᠰᠠᠪᠠ ᠭᠠᠵᠠᠷ᠎ᠤᠨ ᠰᠣᠶᠣᠯ᠎ᠤᠨ ᠡᠬᠢ ᠪᠠᠶᠠᠯᠢᠭ᠂ ᠠᠮᠢ ᠠᠬᠤᠢ ᠵᠢᠨ ᠬᠠᠮᠠᠭ᠋ᠠᠯᠠᠯᠲᠠ᠂ ᠰᠣᠶᠣᠯ᠎ᠤᠨ ᠭᠤᠯᠤᠮᠲᠠ ᠵᠢᠨ ᠤᠯᠠᠮᠵᠢᠯᠠᠯ᠂ ᠵᠢᠭᠤᠯᠴᠢᠯᠠᠯ᠎ᠤᠨ ᠪᠦᠲᠦᠭᠡᠭᠳᠡᠬᠦᠨ ᠵᠡᠷᠭᠡ ᠵᠢ ᠭᠦᠨᠵᠡᠭᠡᠢ ᠠᠭᠤᠳᠠᠯᠵᠤ᠂ 《ᠰᠦᠯᠵᠢᠶᠡᠨ ᠳᠡᠭᠡᠷ᠎ᠡ ᠪᠠ ᠰᠦᠯᠵᠢᠶᠡᠨ ᠭᠠᠳᠠᠨ᠎ᠠ》 ᠪᠣᠯᠤᠨ 《ᠴᠡᠭ᠂ ᠱᠤᠭᠤᠮ᠂ ᠭᠠᠳᠠᠷᠭᠤ》 ᠵᠢ ᠬᠠᠷᠢᠯᠴᠠᠨ ᠤᠶᠠᠯᠳᠤᠭᠤᠯᠵᠤ   ᠪᠠᠢ᠌ᠭ᠋ᠠᠳ ᠠᠳᠠᠯᠢ ᠪᠤᠰᠤ ᠬᠠᠷᠠᠭ᠋ᠠᠰᠤ᠎ᠠᠴᠠ ᠠᠳᠠᠯᠢ ᠪᠤᠰᠤ ᠰᠡᠳᠦᠪ ᠬᠢᠭᠡᠳ ᠠᠷᠭ᠎ᠠ ᠬᠡᠯᠪᠡᠷᠢ᠎ᠪᠠᠷ ᠥᠪᠥᠷ ᠮᠣᠩᠭᠣᠯ᠎ᠤᠨ ᠭᠦᠨ ᠵᠤᠵᠠᠭ᠋ᠠᠨ ᠲᠡᠦᠬᠡ ᠵᠢᠨ ᠠᠭᠤᠯᠬᠤᠨ᠂ ᠥᠪᠡᠷᠮᠢᠴᠡ ᠣᠨᠴᠠᠯᠢᠭ᠎ᠲᠠᠢ ᠦᠨᠳᠦᠰᠦᠲᠡᠨ᠎ᠤ ᠰᠣᠶᠣᠯ᠂ ᠡᠯᠪᠡᠭ ᠪᠠᠶᠠᠯᠢᠭ ᠵᠢᠭᠤᠯᠴᠢᠯᠠᠯ᠎ᠤᠨ ᠡᠬᠢ ᠪᠠᠶᠠᠯᠢᠭ᠎ᠢ ᠳᠣᠪᠣᠶ᠋ᠢᠯᠭ᠋ᠠᠨ ᠤᠬᠠᠭᠤᠯᠵᠤ᠂ ᠥᠪᠥᠷ ᠮᠣᠩᠭᠣᠯ᠎ᠤᠨ ᠰᠣᠶᠣᠯ ᠪᠠ ᠵᠢᠭᠤᠯᠴᠢᠯᠠᠯ᠎ᠤᠨ ᠨᠥᠯᠥᠭᠡᠯᠡᠬᠦ ᠬᠦᠴᠦᠨ᠂ ᠠᠯᠳᠠᠷᠰᠢᠯ ᠪᠠ ᠢᠷᠠᠭᠤ ᠠᠯᠳᠠᠷ᠎ᠤᠨ   ᠬᠡᠮᠵᠢᠶ᠎ᠡ ᠵᠢ ᠲᠠᠰᠤᠷᠠᠯᠲᠠ ᠥᠬᠡᠶ ᠳᠡᠭᠡᠭᠰᠢᠯᠡᠭᠦᠯᠦᠨ᠎ᠡ᠃ ᠲᠣᠰ ᠤᠳᠠᠭ᠋ᠠᠨ᠎ᠤ ᠰᠢᠷᠢᠰ ᠠᠵᠢᠯᠯᠠᠭ᠎ᠠ ᠵᠢᠨ ᠱᠤᠭᠤᠮ ᠪᠣᠯ ᠬᠥᠬᠡᠬᠣᠲᠠ — ᠤᠯᠠᠭ᠋ᠠᠨᠴᠠᠪ ᠬᠣᠲᠠ — ᠪᠤᠭᠤᠲᠤ ᠬᠣᠲᠠ — ᠣᠷᠳᠣᠰ ᠬᠣᠲᠠ — ᠪᠠᠶᠠᠨᠨᠠᠭᠤᠷ ᠬᠣᠲᠠ — ᠦᠬᠠᠶ ᠬᠣᠲᠠ — ᠠᠯᠠᠱ᠌ᠠ ᠠᠶ᠋ᠢᠮᠠᠭ ᠪᠣᠯᠤᠨ᠎ᠠ᠃ ᠠᠵᠢᠯᠯᠠᠭ᠎ᠠ ᠵᠢ ᠪᠦᠯᠦᠭ ᠬᠤᠪᠢᠶᠠᠨ ᠶᠠᠪᠤᠭᠳᠠᠭᠤᠯᠵᠤ᠂ ᠪᠠᠷᠤᠭ 8 ᠳ᠋ᠤᠭ᠋ᠠᠷ ᠰᠠᠷ᠎ᠠ ᠵᠢᠨ ᠳᠤᠮᠳᠠᠴᠢ᠎ᠪᠠᠷ ᠲᠡᠭᠦᠰᠦᠨ᠎ᠡ᠃
      ᠲᠣᠰ ᠤᠳᠠᠭ᠋ᠠᠨ᠎ᠤ ᠠᠵᠢᠯᠯᠠᠭ᠎ᠠ᠎ᠳᠤ ᠠᠷᠠᠳ᠎ᠤᠨ ᠡᠳᠦᠷ᠎ᠤᠨ ᠰᠣᠨᠢᠨ᠂ ᠰᠢᠨᠬᠤᠸᠠ ᠬᠣᠷᠢᠶ᠎ᠠ (ᠰᠦᠯᠵᠢᠶ᠎ᠡ)᠂ ᠲᠥᠪ᠎ᠤᠨ ᠠᠷᠠᠳ᠎ᠤᠨ ᠷᠠᠳᠢᠣ᠋ ᠨᠡᠪᠲᠡᠷᠡᠭᠦᠯᠭᠡ ᠵᠢᠨ ᠬᠣᠷᠢᠶ᠎ᠠ᠂ ᠳᠤᠮᠳᠠᠳᠤ ᠤᠯᠤᠰ᠎ᠤᠨ ᠰᠣᠶᠣᠯ᠎ᠤᠨ ᠰᠣᠨᠢᠨ᠂ ᠳᠤᠮᠳᠠᠳᠤ ᠤᠯᠤᠰ᠎ᠤᠨ ᠵᠢᠭᠤᠯᠴᠢᠯᠠᠯ᠎ᠤᠨ ᠰᠣᠨᠢᠨ ᠵᠢᠴᠢ ᠪᠥᠬᠥ ᠤᠯᠤᠰ᠎ᠤᠨ ᠨᠠᠷᠠᠲᠤ ᠰᠦᠯᠵᠢᠶᠡᠨ᠎ᠤ ᠤᠬᠠᠭᠤᠯᠭ᠎ᠠ ᠵᠢᠨ ᠲᠠᠪᠴᠠᠩ ᠪᠣᠯᠬᠤ ᠥᠨᠥᠳᠦᠷ᠎ᠤᠨ ᠲᠦᠷᠦᠭᠦᠤ ᠵᠤᠷᠪᠤᠰ᠂ ᠸᠠᠨᠭ᠌ ᠢ ᠰᠦᠯᠵᠢᠶᠡᠨ᠎ᠤ ᠮᠡᠳᠡᠭᠡ ᠵᠡᠷᠭᠡ ᠲᠥᠪ᠎ᠤᠨ 15 ᠵᠠᠭᠤᠴᠢᠯᠠᠭᠤᠷ᠎ᠤᠨ 20 ᠭᠠᠷᠤᠶ ᠰᠤᠷᠪᠤᠯᠵᠢᠯᠠᠭᠴᠢ ᠣᠷᠣᠯᠴᠠᠵᠠᠶ᠃


ᠢᠷᠡᠯᠲᠡ᠄ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠰᠣᠶᠣᠯ ᠪᠠ ᠵᠢᠭᠤᠯᠴᠢᠯᠠᠯ᠎ᠤᠨ ᠲᠢᠩᠬᠢᠮ
          
ᠬᠠᠮᠢᠶ᠎ᠡ ᠪᠦᠬᠦᠢ ᠰᠣᠨᠢᠨ
ᠥᠪᠡᠷᠲᠡᠭᠡᠨ ᠵᠠᠰᠠᠬᠤ ᠣᠷᠣᠨ᠎ᠤ ᠰᠣᠶᠣᠯ ᠪᠠ ᠵᠢᠭᠤᠯᠴᠢᠯᠠᠯ᠎ᠤᠨ ᠲᠢᠩᠬᠢᠮ 《ᠲᠤᠯᠤᠭ᠋ᠠᠨ ᠰᠠᠷ᠎ᠠ ᠵᠢᠨ ᠨᠢᠭᠡᠨ᠎ᠢ ᠤᠭᠲᠤᠵᠤ᠂ ᠨᠠᠮ ᠎ᠳᠤ᠎ᠪᠠᠨ ᠲᠠᠯᠠᠷᠬᠠᠬᠤ》 ᠭᠣᠣᠯ ᠰᠡᠳᠦᠪᠲᠦ ᠨᠠᠮ᠎ᠤᠨ ᠡᠳᠦᠷ᠎ᠤᠨ ᠠᠵᠢᠯᠯᠠᠭ᠎ᠠ ᠵᠢ ᠵᠣᠬᠢᠶᠠᠨ ᠪᠠᠢ᠌ᠭᠤᠯᠤᠨ ᠥᠷᠨᠢᠭᠦᠯᠵᠡᠢ
ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠰᠣᠶᠣᠯ ᠪᠠ ᠵᠢᠭᠤᠯᠴᠢᠯᠠᠯ᠎ᠤᠨ ᠲᠢᠩᠬᠢᠮ ᠵᠠᠰᠠᠭ ᠪᠠᠩᠬᠢ ᠠᠵᠤ ᠠᠬᠤᠢ᠌ᠯᠠᠯ᠎ᠤᠨ ᠬᠠᠮᠲᠤᠷᠠᠯᠴᠠᠭ᠋ᠠᠨ᠎ᠤ ᠵᠦᠪᠲᠡᠯᠴᠡᠭᠡᠷ᠎ᠤᠨ ᠬᠤᠷᠠᠯ᠎ᠢ ᠵᠤᠬᠢᠶᠠᠨ ᠪᠠᠢ᠌ᠭᠤᠯᠵᠤ ᠬᠤᠷᠠᠯᠳᠤᠭᠤᠯᠪᠠ
ᠦᠪᠦᠷ ᠮᠤᠩᠭᠤᠯ᠎ᠤᠨ ᠥᠪᠡᠷᠲᠡᠭᠡᠨ ᠵᠠᠰᠠᠬᠤ ᠤᠷᠤᠨ᠎ᠤ ᠰᠣᠶᠣᠯ ᠪᠠ ᠵᠢᠭᠤᠯᠴᠢᠯᠠᠯ᠎ᠤᠨ ᠲᠢᠩᠬᠢᠮ ᠪᠥᠬᠥ ᠣᠷᠣᠨ᠎ᠤ 《ᠠᠷᠪᠠᠨ ᠳᠥᠷᠪᠡᠳᠦᠭᠡᠷ ᠲᠠᠪᠤᠨ ᠵᠢᠯ》᠎ᠤᠨ ᠰᠣᠶᠣᠯ ᠪᠠ ᠵᠢᠭᠤᠯᠴᠢᠯᠠᠯ᠎ᠢ ᠠᠭᠤᠰᠤᠯᠴᠠᠭᠤᠯᠤᠨ ᠬᠥᠭᠵᠢᠭᠦᠯᠬᠦ ᠲᠥᠯᠥᠪᠵᠢᠭᠦᠯᠭᠡ ᠵᠢ ᠨᠠᠶ᠋ᠢᠷᠠᠭᠤᠯᠤᠨ ᠵᠣᠬᠢᠶᠠᠬᠤ ᠡᠬᠢᠯᠡᠯᠲᠡ ᠵᠢᠨ ᠬᠤᠷᠠᠯ ᠬᠤᠷᠠᠯᠳᠤᠭᠤᠯᠪᠠ
2020 ᠣᠨ᠎ᠤ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠦᠨᠳᠦᠰᠦᠲᠡᠨ᠎ᠤ ᠭᠠᠷ ᠤᠷᠠᠯᠠᠯ ᠪᠠ ᠰᠣᠶᠣᠯ᠎ᠤᠨ ᠡᠭᠦᠳᠦᠯᠲᠡ ᠵᠢᠨ ᠵᠢᠭᠤᠯᠴᠢᠯᠠᠯ᠎ᠤᠨ ᠰᠣᠳᠣᠨ ᠪᠦᠲᠦᠭᠡᠯ᠎ᠤᠨ ᠦᠵᠡᠭᠦᠯᠦᠯᠭᠡ ᠵᠢᠨ ᠬᠦᠳᠡᠯᠭᠡᠭᠡᠨ ᠥᠪᠥᠷ ᠮᠣᠩᠭᠣᠯ᠎ᠤᠨ ᠦᠵᠡᠰᠬᠦᠯᠡᠩ᠎ᠤᠨ ᠣᠷᠳᠣᠨ᠎ᠳᠤ ᠪᠣᠯᠪᠠ
《ᠦᠨᠢ ᠡᠭᠦᠷᠢᠳᠡ ᠵᠢᠨ ᠬᠦᠯᠦᠭ᠎ᠤᠨ ᠮᠠᠭᠲᠠᠭᠤ》 ᠎ᠠᠴᠠ ᠰᠠᠯᠵᠤ ᠤᠳᠠᠭ᠋ᠠᠳ ᠳᠠᠬᠢᠨ ᠠᠭᠤᠯᠵᠠᠯ᠎ᠠ
 
            