ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠰᠤᠷᠠᠭ ᠵᠠᠩᠬᠢ
ᠬᠡᠷᠡᠭᠯᠡᠭᠡ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠢᠯᠡ ᠵᠠᠰᠠᠭ   -   ᠪᠢᠴᠢᠭ ᠮᠠᠲ᠋ᠧᠷᠢᠶᠠᠯ
ᠥᠪᠡᠷᠲᠡᠭᠡᠨ ᠵᠠᠰᠠᠬᠤ ᠣᠷᠣᠨ᠎ᠤ ᠠᠷᠪᠠᠨ ᠭᠤᠷᠪᠠᠳᠤᠭ᠋ᠠᠷ ᠬᠤᠭᠤᠴᠠᠭ᠋ᠠᠨ᠎ᠤ ᠠᠷᠠᠳ᠎ᠤᠨ ᠲᠥᠯᠥᠭᠡᠯᠡᠭᠴᠢᠳ᠎ᠤᠨ ᠶᠡᠬᠡ ᠬᠤᠷᠠᠯ᠎ᠤᠨ ᠬᠣᠶᠠᠳᠤᠭ᠋ᠠᠷ ᠬᠤᠷᠠᠯ᠎ᠤᠨ 218 ᠳ᠋ᠤᠭ᠋ᠠᠷ ᠰᠠᠨᠠᠭᠤᠯᠭ᠎ᠠ ᠵᠢᠨ ᠲᠤᠬᠠᠢ ᠬᠠᠷᠢᠭᠤᠯᠲᠠ
ᠨᠡᠶᠢᠲᠡᠯᠡᠭᠰᠡᠨ ᠴᠠᠭ᠄ 2019-11-05


ᠭᠡᠰᠢᠭᠦᠨ ᠯᠢᠦ ᠱᠣ᠌ ᠬᠤᠸᠠ ᠲᠠᠨ᠎ᠠ᠄
      ᠲᠠᠨ᠎ᠤ ᠳᠤᠷᠠᠳᠤᠭᠰᠠᠨ 《ᠨᠡᠶ᠋ᠢᠭᠡᠮ ᠲᠣᠭᠣᠷᠢᠭ᠎ᠤᠨ ᠨᠣᠮ᠎ᠤᠨ ᠰᠠᠩ᠎ᠤᠨ ᠪᠦᠲᠦᠭᠡᠨ ᠪᠠᠶ᠋ᠢᠭᠤᠯᠤᠯᠲᠠ ᠵᠢ ᠴᠢᠩᠭ᠋ᠠᠳᠬᠠᠬᠤ ᠲᠤᠬᠠᠶ ᠰᠠᠨᠠᠭᠤᠯᠭ᠎ᠠ》 ᠵᠢ ᠬᠦᠯᠢᠶᠡᠨ ᠭᠠᠷᠳᠠᠪᠠ᠃ ᠡᠳᠦᠭᠡ ᠳᠣᠤᠷᠠᠬᠢ ᠮᠡᠲᠦ ᠬᠠᠷᠢᠭᠤᠯᠲᠠ ᠥᠭᠬᠦᠶ᠎ᠡ᠄
      ᠤᠢ᠌ᠷ᠎ᠠ ᠵᠢᠨ ᠵᠢᠯ᠎ᠳᠤ᠂ ᠤᠯᠤᠰ ᠪᠣᠯᠤᠨ ᠥᠪᠡᠷᠲᠡᠭᠡᠨ ᠵᠠᠰᠠᠬᠤ ᠣᠷᠣᠨ᠎ᠠᠴᠠ ᠦᠨᠳᠦᠰᠦᠨ ᠱᠠᠲᠤᠨ᠎ᠤ ᠣᠯᠠᠨ ᠨᠡᠢ᠍ᠢ᠍ᠲᠡ ᠵᠢᠨ ᠰᠣᠶᠣᠯ᠎ᠤᠨ ᠦᠢ᠍ᠯᠡᠴᠢᠯᠡᠭᠡᠨ᠎ᠤ ᠰᠢᠰᠲᠸᠮ᠎ᠤᠨ ᠪᠠᠶ᠋ᠢᠭᠤᠯᠤᠯᠲᠠ ᠵᠢ ᠲᠡᠭᠡᠲᠦ ᠬᠡᠮᠵᠢᠶ᠎ᠡ᠎ᠪᠠᠷ ᠴᠢᠬᠤᠯᠠᠴᠢᠯᠠᠵᠤ ᠪᠠᠶ᠋ᠢᠨ᠎ᠠ᠃ ᠮᠠᠨ᠎ᠤ ᠣᠷᠣᠨ ᠶᠡᠷᠦᠩᠬᠡᠶ ᠬᠤᠪᠢᠶᠠᠷᠢ ᠨᠣᠮ᠎ᠤᠨ ᠰᠠᠩ᠎ᠤᠨ ᠳᠦᠷᠢᠮ᠎ᠤᠨ ᠬᠡᠯᠪᠡᠷᠢ᠎ᠪᠠᠷ ᠭᠣᠤᠯ ᠪᠣᠯᠭ᠋ᠠᠨ᠂ ᠦᠨᠳᠦᠰᠦᠨ ᠱᠠᠲᠤᠨ᠎ᠤ ᠨᠣᠮ᠎ᠤᠨ ᠰᠠᠩ᠂ ᠨᠣᠮ᠎ᠤᠨ ᠰᠠᠩ᠎ᠤᠨ ᠭᠡᠷ᠎ᠤᠨ ᠪᠦᠲᠦᠭᠡᠨ ᠪᠠᠶ᠋ᠢᠭᠤᠯᠤᠯᠲᠠ ᠵᠢ ᠢᠳᠡᠪᠬᠢᠲᠡᠶ᠎ᠪᠠᠷ ᠲᠦᠯᠬᠢᠨ ᠠᠬᠢᠭᠤᠯᠬᠤ ᠵᠢᠨ ᠬᠠᠮᠲᠤ 《ᠬᠣᠲᠠ ᠵᠢᠨ ᠨᠣᠮ᠎ᠤᠨ ᠥᠷᠥᠭᠡ》 ᠵᠢᠨ ᠬᠡᠯᠪᠡᠷᠢ ᠵᠢᠨ ᠨᠡᠶ᠋ᠢᠭᠡᠮ ᠲᠣᠭᠣᠷᠢᠭ᠎ᠤᠨ ᠨᠣᠮ᠎ᠤᠨ ᠰᠠᠩ᠎ᠤᠨ ᠪᠦᠲᠦᠭᠡᠨ ᠪᠠᠶ᠋ᠢᠭᠤᠯᠤᠯᠲᠠ ᠵᠢ ᠠᠯᠬᠤᠮ ᠠᠯᠬᠤᠮ ᠵᠶ᠋ᠠᠷ ᠬᠠᠶ᠋ᠢᠨ ᠰᠦᠪᠡᠭᠴᠢᠯᠡᠵᠦ ᠪᠠᠢ᠌ᠨ᠎ᠠ᠃ 2015 ᠤᠨ᠎ᠤ ᠡᠬᠢ᠎ᠪᠠᠷ᠂ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠲᠥᠪ ᠬᠣᠷᠢᠶᠠᠨ᠎ᠤ ᠠᠯᠪᠠᠨ ᠲᠢᠩᠬᠢᠮ᠂ ᠲᠥᠷᠥ ᠵᠢᠨ ᠶᠠᠪᠤᠳᠠᠯ᠎ᠤᠨ ᠬᠣᠷᠢᠶᠠᠨ᠎ᠤ ᠠᠯᠪᠠᠨ ᠲᠢᠩᠬᠢᠮ 《ᠤᠳᠤ ᠦᠶ᠎ᠡ ᠵᠢᠨ ᠣᠯᠠᠨ ᠨᠡᠢ᠍ᠢ᠍ᠲᠡ ᠵᠢᠨ ᠰᠣᠶᠣᠯ᠎ᠤᠨ ᠦᠢ᠍ᠯᠡᠴᠢᠯᠡᠭᠡᠨ᠎ᠤ ᠰᠢᠰᠲ᠋ᠧᠮ᠎ᠢ ᠲᠦᠷᠭᠡᠪᠴᠢᠯᠡᠨ ᠪᠠᠶ᠋ᠢᠭᠤᠯᠬᠤ ᠲᠤᠬᠠᠶ ᠰᠠᠨᠠᠯ》᠎ᠢ ᠨᠡᠶ᠋ᠢᠲᠡᠯᠡᠵᠦ᠂ 《ᠬᠣᠲᠠ ᠬᠥᠳᠡᠭᠡ ᠵᠢᠨ ᠣᠯᠠᠨ ᠨᠡᠢ᠍ᠢ᠍ᠲᠡ ᠵᠢᠨ ᠰᠣᠶᠣᠯ᠎ᠤᠨ ᠦᠨᠳᠦᠰᠦᠨ ᠦᠢ᠍ᠯᠡᠴᠢᠯᠡᠭᠡ ᠵᠢ ᠠᠳᠠᠯᠢ ᠲᠡᠭᠰᠢ ᠪᠣᠯᠭ᠋ᠠᠬᠤ ᠵᠢ ᠠᠬᠢᠭᠤᠯᠬᠤ》 ᠵᠦᠢ᠍ᠯ ᠵᠤᠷᠪᠤᠰ᠎ᠲᠤ᠄ 《ᠰᠢᠶᠠᠨ᠎ᠤ ᠱᠠᠲᠤᠨ᠎ᠤ ᠰᠣᠶᠣᠯ᠎ᠤᠨ ᠣᠷᠳᠣᠨ᠂ ᠨᠣᠮ᠎ᠤᠨ ᠰᠠᠩ ᠵᠶ᠋ᠠᠷ ᠲᠥᠪ ᠪᠣᠯᠭ᠋ᠠᠨ ᠶᠡᠷᠦᠩᠬᠡᠶ ᠬᠤᠪᠢᠶᠠᠷᠢ ᠣᠷᠳᠣᠨ᠎ᠤ ᠳᠦᠷᠢᠮ᠎ᠤᠨ ᠪᠠᠶ᠋ᠢᠭᠤᠯᠤᠯᠲᠠ ᠵᠢ ᠲᠦᠯᠬᠢᠨ ᠠᠬᠢᠭᠤᠯᠤᠨ᠎ᠠ》 ᠭᠡᠵᠦ ᠲᠣᠳᠣᠷᠬᠠᠶ ᠳᠤᠷᠠᠳᠤᠨ ᠭᠠᠷᠭ᠋ᠠᠵᠠᠶ᠃ 2016 ᠤᠨ᠎ᠤ 12 ᠰᠠᠷ᠎ᠠ ᠵᠢᠨ 29᠎ᠤ ᠡᠳᠦᠷ᠂ ᠰᠤᠶᠤᠯ᠎ᠤᠨ ᠶᠠᠮᠤᠨ᠂ ᠰᠣᠨᠢᠨ ᠮᠡᠳᠡᠭᠡ ᠬᠡᠪᠯᠡᠯ ᠷᠠᠳᠢᠣ᠋ ᠺᠢᠨᠣ᠋ ᠲᠧᠯᠸᠢᠰ᠎ᠤᠨ ᠶᠡᠷᠦᠩᠬᠡᠶ ᠲᠣᠪᠴᠢᠶ᠎ᠠ᠂ ᠪᠡᠶ᠎ᠡ ᠵᠢᠨ ᠲᠠᠮᠢᠷ᠎ᠤᠨ ᠶᠡᠷᠦᠩᠬᠡᠶ ᠲᠣᠪᠴᠢᠶ᠎ᠠ᠂ ᠬᠥᠭᠵᠢᠭᠦᠯᠦᠯᠲᠡ ᠥᠭᠡᠷᠡᠴᠢᠯᠡᠯᠲᠡ ᠵᠢᠨ ᠵᠥᠪᠯᠡᠯ᠂ ᠡᠳ᠋᠎ᠤᠨ ᠵᠠᠰᠠᠭ᠎ᠤᠨ ᠶᠠᠮᠤᠨ ᠵᠡᠷᠭᠡ ᠲᠠᠪᠤᠨ ᠰᠠᠯᠠᠭ᠎ᠠ ᠮᠦᠴᠢᠷ ᠬᠠᠮᠲᠤᠷᠠᠨ 《ᠰᠢᠶᠠᠨ᠎ᠤ ᠱᠠᠲᠤᠨ᠎ᠤ ᠰᠣᠶᠣᠯ᠎ᠤᠨ ᠣᠷᠳᠣᠨ᠂ ᠨᠣᠮ᠎ᠤᠨ ᠰᠠᠩ᠎ᠤᠨ ᠶᠡᠷᠦᠩᠬᠡᠶ ᠬᠤᠪᠢᠶᠠᠷᠢ ᠣᠷᠳᠣᠨ᠎ᠤ ᠳᠦᠷᠢᠮ᠎ᠤᠨ ᠪᠠᠢ᠌ᠭᠤᠯᠤᠯᠲᠠ ᠵᠢ ᠠᠬᠢᠭᠤᠯᠬᠤ ᠲᠤᠬᠠᠢ ᠵᠢᠯᠣᠭᠣᠳᠬᠤ ᠰᠠᠨᠠᠯ》᠎ᠢ ᠳᠠᠷᠤᠮᠠᠯᠯᠠᠨ ᠲᠠᠷᠬᠠᠭ᠋ᠠᠪᠠ᠃ 2017 ᠤᠨ᠎ᠤ 11 ᠰᠠᠷ᠎ᠠ᠎ᠳᠤ᠂ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶ᠎ᠠ ᠵᠢᠨ ᠤᠬᠠᠭᠤᠯᠬᠤ ᠬᠡᠯᠲᠡᠰ᠂ ᠰᠣᠶᠣᠯ᠎ᠤᠨ ᠲᠢᠩᠬᠢᠮ᠂ ᠰᠣᠨᠢᠨ ᠮᠡᠳᠡᠭᠡ ᠬᠡᠪᠯᠡᠯ ᠷᠠᠳᠢᠣ᠋ ᠺᠢᠨᠣ᠋ ᠲᠧᠯᠸᠢᠰ᠎ᠤᠨ ᠲᠣᠪᠴᠢᠶ᠎ᠠ᠂ ᠪᠡᠶ᠎ᠡ ᠵᠢᠨ ᠲᠠᠮᠢᠷ᠎ᠤᠨ ᠲᠣᠪᠴᠢᠶ᠎ᠠ᠂ ᠬᠥᠭᠵᠢᠭᠦᠯᠦᠯᠲᠡ ᠥᠭᠡᠷᠡᠴᠢᠯᠡᠯᠲᠡ ᠵᠢᠨ ᠵᠥᠪᠯᠡᠯ᠂ ᠡᠳ᠋᠎ᠤᠨ ᠵᠠᠰᠠᠭ᠎ᠤᠨ ᠲᠢᠩᠬᠢᠮ ᠬᠠᠮᠲᠤᠪᠠᠷ 《ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠰᠣᠶᠣᠯ᠎ᠤᠨ ᠣᠷᠳᠣᠨ᠂ ᠨᠣᠮ᠎ᠤᠨ ᠰᠠᠩ᠎ᠤᠨ ᠶᠡᠷᠦᠩᠬᠡᠶ ᠬᠤᠪᠢᠶᠠᠷᠢ ᠣᠷᠳᠣᠨ᠎ᠤ ᠳᠦᠷᠢᠮ᠎ᠤᠨ ᠪᠦᠲᠦᠭᠡᠨ ᠪᠠᠶ᠋ᠢᠭᠤᠯᠤᠯᠲᠠ ᠵᠢ ᠪᠥᠬᠥ ᠲᠠᠯ᠎ᠠ᠎ᠪᠠᠷ ᠠᠬᠢᠭᠤᠯᠬᠤ ᠲᠤᠬᠠᠶ ᠬᠡᠷᠡᠭᠵᠢᠭᠦᠯᠬᠦ ᠰᠠᠨᠠᠯ》᠎ᠢ ᠳᠠᠷᠤᠮᠠᠯᠯᠠᠨ ᠲᠠᠷᠬᠠᠭ᠋ᠠᠪᠠ᠃ 2018 ᠣᠨ᠎ᠠᠴᠠ ᠡᠬᠢᠯᠡᠨ ᠰᠣᠶᠣᠯ᠎ᠤᠨ ᠣᠷᠳᠣᠨ᠂ ᠨᠣᠮ᠎ᠤᠨ ᠰᠠᠩ᠎ᠤᠨ ᠶᠡᠷᠦᠩᠬᠡᠶ᠂ ᠬᠤᠪᠢᠶᠠᠷᠢ ᠣᠷᠳᠣᠨ᠎ᠤ ᠳᠦᠷᠢᠮ᠎ᠤᠨ ᠪᠠᠢ᠌ᠭᠤᠯᠤᠯᠲᠠ ᠵᠢ ᠠᠶ᠋ᠢᠮᠠᠭ ᠬᠣᠲᠠ ᠵᠢᠨ ᠤᠳᠤᠷᠢᠳᠬᠤ ᠪᠠᠭ᠎ᠢ ᠬᠢᠨᠠᠨ ᠰᠢᠯᠭ᠋ᠠᠬᠤ ᠠᠭᠤᠯᠭ᠎ᠠ᠎ᠳᠤ ᠣᠷᠣᠭᠤᠯᠤᠨ᠎ᠠ᠃
      ᠣᠳᠣᠬᠠᠨ᠎ᠳᠤ ᠪᠥᠬᠥ ᠣᠷᠣᠨ᠎ᠤ ᠬᠥᠯᠥᠨ ᠪᠣᠶ᠋ᠢᠷ᠂ ᠲᠦᠩᠯᠢᠶᠣᠤ᠂ ᠬᠥᠬᠡᠬᠣᠲᠠ᠂ ᠣᠷᠳᠣᠰ᠂ ᠪᠤᠭᠤᠲᠤ ᠬᠣᠲᠠ ᠵᠡᠷᠭᠡ 12 ᠠᠶ᠋ᠢᠮᠠᠭ ᠬᠣᠲᠠ ᠨᠢᠭᠡᠨᠲᠡ ᠪᠣᠳᠠᠲᠠᠶ ᠰᠣᠶᠣᠯ᠎ᠤᠨ ᠣᠷᠳᠣᠨ᠂ ᠨᠣᠮ᠎ᠤᠨ ᠰᠠᠩ᠎ᠤᠨ ᠶᠡᠷᠦᠩᠬᠡᠶ ᠬᠤᠪᠢᠶᠠᠷᠢ ᠣᠷᠳᠣᠨ᠎ᠤ ᠬᠡᠷᠡᠭᠵᠢᠭᠦᠯᠬᠦ ᠰᠠᠨᠠᠯ ᠪᠤᠶᠤ ᠬᠡᠷᠡᠭᠵᠢᠭᠦᠯᠬᠦ ᠲᠥᠰᠦᠯ᠎ᠢ ᠨᠡᠢ᠌ᠲᠡᠯᠡᠭᠰᠡᠨ ᠪᠥᠭᠡᠳ ᠵᠣᠩᠬᠢᠯᠠᠬᠤ ᠠᠶ᠋ᠢᠮᠠᠭ ᠬᠣᠲᠠ ᠨᠢᠭᠡᠨᠲᠡ ᠲᠤᠷᠰᠢᠯᠲᠠ ᠵᠢᠨ ᠠᠵᠢᠯ᠎ᠢ ᠥᠷᠨᠢᠭᠦᠯᠦᠭᠰᠡᠨ ᠪᠠᠢ᠌ᠨ᠎ᠠ᠃ ᠡᠯ᠎ᠡ ᠭᠠᠵᠠᠷ᠎ᠤᠨ᠎ᠬᠢᠨ ᠠᠵᠢᠯ ᠵᠶ᠋ᠠᠨ ᠠᠬᠢᠭᠤᠯᠬᠤ ᠶᠠᠪᠤᠴᠠ᠎ᠳᠤ ᠬᠣᠰᠢᠭᠤ ᠰᠢᠶᠠᠨ᠎ᠤ ᠱᠠᠲᠤᠨ᠎ᠤ ᠨᠣᠮ᠎ᠤᠨ ᠰᠠᠩ᠎ᠤᠨ ᠶᠡᠷᠦᠩᠬᠡᠶ ᠬᠤᠪᠢᠶᠠᠷᠢ ᠣᠷᠳᠣᠨ᠎ᠤ ᠳᠦᠷᠢᠮ᠎ᠤᠨ ᠪᠠᠶ᠋ᠢᠭᠤᠯᠤᠯᠲᠠ ᠵᠢᠨ ᠬᠡᠪ ᠵᠠᠭᠪᠤᠷ᠎ᠢ ᠪᠣᠢ ᠪᠣᠯᠭ᠋ᠠᠵᠠᠶ᠃ ᠵᠠᠷᠢᠮ ᠭᠠᠵᠠᠷ ᠣᠷᠣᠨ᠎ᠳᠤ ᠲᠥᠪ ᠣᠷᠳᠣᠨ (ᠠᠢ᠌ᠮᠠᠭ ᠬᠣᠲᠠ ᠵᠢᠨ ᠨᠣᠮ᠎ᠤᠨ ᠰᠠᠩ) — ᠶᠡᠷᠦᠩᠬᠡᠶ ᠣᠷᠳᠣᠨ (ᠬᠣᠰᠢᠭᠤ ᠰᠢᠶᠠᠨ᠎ᠤ ᠨᠣᠮ᠎ᠤᠨ ᠰᠠᠩ) — ᠬᠤᠪᠢᠶᠠᠷᠢ ᠣᠷᠳᠣᠨ (ᠰᠤᠮᠤ ᠰᠢᠶᠠᠩ ᠪᠠᠯᠭ᠋ᠠᠰᠤ ᠵᠢᠨ ᠨᠣᠮ᠎ᠤᠨ ᠰᠠᠩ) — ᠬᠤᠪᠢᠶᠠᠷᠢ ᠣᠷᠳᠣᠨ (ᠭᠠᠴᠠᠭ᠎ᠠ ᠲᠣᠰᠬᠣᠨ᠎ᠤ ᠰᠣᠶᠣᠯ᠎ᠤᠨ ᠲᠠᠰᠤᠭ) ᠳᠥᠷᠪᠡᠨ ᠱᠠᠲᠤᠨ᠎ᠤ ᠰᠢᠰᠲ᠋ᠧᠮ᠎ᠤᠨ ᠵᠠᠭᠪᠤᠷ᠎ᠢ ᠪᠠᠶ᠋ᠢᠭᠤᠯᠪᠠ; ᠵᠠᠷᠢᠮ ᠭᠠᠵᠠᠷ ᠣᠷᠣᠨ᠎ᠳᠤ ᠲᠥᠪ ᠣᠷᠳᠣᠨ (ᠠᠶ᠋ᠢᠮᠠᠭ ᠬᠣᠲᠠ ᠵᠢᠨ ᠨᠣᠮ᠎ᠤᠨ ᠰᠠᠩ)᠂ ᠶᠡᠷᠦᠩᠬᠡᠶ ᠣᠷᠳᠣᠨ (ᠬᠣᠰᠢᠭᠤ ᠰᠢᠶᠠᠨ᠎ᠤ ᠨᠣᠮ᠎ᠤᠨ ᠰᠠᠩ) ᠵᠶ᠋ᠠᠷ ᠭᠣᠤᠯ ᠪᠣᠯᠭ᠋ᠠᠨ᠂ ᠲᠡᠭᠦᠨ᠎ᠤ ᠰᠠᠴᠤᠷᠠᠭᠤᠯᠤᠭᠰᠠᠨ ᠦᠢ᠍ᠯᠡᠴᠢᠯᠡᠭᠡᠨ᠎ᠤ ᠣᠷᠣᠨ᠎ᠳᠤ ᠬᠥᠨᠳᠡᠯᠡᠨ ᠵᠶ᠋ᠠᠷ ᠬᠤᠪᠢᠶᠠᠷᠢ ᠣᠷᠳᠣᠨ ᠪᠠᠶ᠋ᠢᠭᠤᠯᠪᠠ᠃ ᠵᠢᠱ᠌ᠢᠶᠡᠯᠡᠪᠡᠯ᠄ xxx ᠰᠤᠷᠭ᠋ᠠᠭᠤᠯᠢ ᠵᠢᠨ ᠬᠤᠪᠢᠶᠠᠷᠢ ᠣᠷᠳᠣᠨ᠂ xxx ᠪᠠᠶ᠋ᠢᠭᠤᠯᠭ᠎ᠠ ᠵᠢᠨ ᠬᠤᠪᠢᠶᠠᠷᠢ ᠣᠷᠳᠣᠨ᠂ xxx ᠠᠵᠤ ᠠᠬᠤᠶ᠋ᠢᠯᠠᠯ᠎ᠤᠨ ᠬᠤᠪᠢᠶᠠᠷᠢ ᠣᠷᠳᠣᠨ᠂ xxx ᠴᠡᠷᠢᠭ ᠠᠩᠭᠢ ᠵᠢᠨ ᠬᠤᠪᠢᠶᠠᠷᠢ ᠣᠷᠳᠣᠨ ᠵᠡᠷᠭᠡ ᠵᠠᠭᠪᠤᠷ; ᠵᠠᠷᠢᠮ ᠭᠠᠵᠠᠷ ᠣᠷᠣᠨ᠎ᠳᠤ ᠬᠠᠭ᠋ᠠᠰ ᠨᠠᠶ᠋ᠢᠳᠠᠵᠤ ᠬᠠᠮᠢᠶᠠᠷᠤᠭᠤᠯᠬᠤ ᠵᠠᠭᠪᠤᠷ᠎ᠢ ᠬᠡᠷᠡᠭᠯᠡᠵᠦ ᠪᠠᠢ᠌ᠨ᠎ᠠ᠃ ᠵᠠᠷᠢᠮ ᠭᠠᠵᠠᠷ ᠣᠷᠣᠨ᠎ᠨᠢ ᠪᠦᠷᠢᠨ ᠨᠠᠶ᠋ᠢᠳᠠᠵᠤ ᠬᠠᠮᠢᠶᠠᠷᠤᠭᠤᠯᠬᠤ ᠵᠠᠭᠪᠤᠷ᠎ᠢ ᠬᠡᠷᠡᠭᠯᠡᠵᠦ ᠪᠠᠢ᠌ᠨ᠎ᠠ᠃ ᠶᠡᠷᠦᠩᠬᠡᠶ᠎ᠳᠤᠨᠢ ᠠᠪᠴᠤ ᠦᠵᠡᠪᠡᠯ᠂ ᠶᠡᠷᠦᠩᠬᠡᠶ ᠬᠤᠪᠢᠶᠠᠷᠢ ᠣᠷᠳᠣᠨ᠎ᠤ ᠪᠦᠲᠦᠭᠡᠨ ᠪᠠᠶ᠋ᠢᠭᠤᠯᠤᠯᠲᠠ ᠵᠢ ᠡᠯ᠎ᠡ ᠭᠠᠵᠠᠷ᠎ᠲᠤ ᠠᠬᠢᠭᠤᠯᠬᠤ ᠢᠳᠡᠪᠬᠢᠵᠢᠯ ᠨᠡᠯᠢᠶᠡᠳ ᠥᠨᠳᠥᠷ ᠪᠠᠶ᠋ᠢᠵᠤ᠂ ᠲᠤᠬᠠᠶ ᠵᠢᠨ ᠭᠠᠵᠠᠷ᠎ᠤᠨ ᠣᠯᠠᠨ ᠲᠦᠮᠡᠨ᠎ᠤ ᠳᠡᠮᠵᠢᠯᠭᠡ ᠵᠢᠨ ᠡᠷᠴᠢᠮ ᠶᠡᠬᠡ ᠪᠠᠶ᠋ᠢᠵᠤ᠂ ᠣᠯᠠᠨ ᠨᠡᠢ᠍ᠢ᠍ᠲᠡ ᠵᠢᠨ ᠨᠣᠮ᠎ᠤᠨ ᠰᠠᠩ᠎ᠤᠨ ᠦᠢ᠍ᠯᠡᠲᠦᠯ ᠴᠢᠳᠠᠮᠵᠢ ᠦᠳᠲᠡᠷ ᠲᠦᠷᠭᠡᠨ ᠳᠡᠭᠡᠭᠰᠢᠯᠡᠵᠦ᠂ ᠶᠡᠷᠦᠩᠬᠡᠶ ᠬᠤᠪᠢᠶᠠᠷᠢ ᠣᠷᠳᠣᠨ᠎ᠤ ᠰᠢᠰᠲ᠋ᠧᠮ᠎ᠤᠨ ᠪᠣᠷᠣ ᠲᠥᠯᠥᠪ ᠦᠨᠳᠦᠰᠦᠨ᠎ᠳᠤ᠎ᠪᠠᠨ ᠪᠦᠷᠢᠯᠳᠦᠵᠦ᠂ ᠲᠥᠪ ᠣᠷᠳᠣᠨ᠎ᠤ ᠡᠭᠦᠷᠭᠡ ᠴᠢᠳᠠᠪᠤᠷᠢ ᠭᠦᠢ᠍ᠴᠡᠳ ᠪᠠᠳᠠᠷᠠᠨ᠂ 《ᠥᠩᠭᠡᠲᠦ ᠡᠭᠦᠯᠡᠨ᠎ᠤ ᠦᠢ᠍ᠯᠡᠴᠢᠯᠡᠭᠡ》᠂ 《〈ᠬᠤᠨ ᠭᠠᠯᠠᠭᠤ〉 ᠪᠠᠬᠠᠲᠤᠨ ᠤᠩᠰᠢᠬᠤ ᠲᠥᠯᠥᠪᠯᠡᠭᠡ》 ᠵᠡᠷᠭᠡ ᠲᠣᠭ᠋ᠠᠴᠢᠯᠠᠭᠰᠠᠨ ᠰᠣᠶᠣᠯ᠎ᠤᠨ ᠦᠢ᠍ᠯᠡᠴᠢᠯᠡᠭᠡᠨ᠎ᠤ ᠶᠡᠷᠦᠩᠬᠡᠶ ᠬᠤᠪᠢᠶᠠᠷᠢ ᠣᠷᠳᠣᠨ᠎ᠤ ᠵᠠᠭᠪᠤᠷ᠎ᠢ ᠬᠡᠷᠡᠭᠯᠡᠵᠦ᠂ ᠠᠵᠢᠯ ᠲᠥᠷᠥᠯ ᠠᠯᠤᠰᠯᠠᠭᠰᠠᠨ ᠣᠯᠠᠨ ᠡᠰᠢᠵᠢᠭᠰᠡᠨ ᠶᠡᠷᠦᠩᠬᠡᠶ ᠬᠤᠪᠢᠶᠠᠷᠢ ᠣᠷᠳᠣᠨ᠎ᠤ ᠬᠥᠭᠵᠢᠯᠲᠡ ᠵᠢᠨ ᠵᠠᠭᠪᠤᠷ᠎ᠢ ᠠᠩᠬ᠎ᠠ ᠠᠯᠬᠤᠮ ᠬᠠᠶ᠋ᠢᠨ ᠰᠦᠪᠡᠭᠴᠢᠯᠡᠵᠦ᠂ ᠦᠨᠳᠦᠰᠦᠨ ᠱᠠᠲᠤᠨ᠎ᠤ ᠣᠯᠠᠨ ᠨᠡᠢ᠍ᠢ᠍ᠲᠡ ᠵᠢᠨ ᠰᠣᠶᠣᠯ᠎ᠤᠨ ᠦᠢ᠍ᠯᠡᠴᠢᠯᠡᠭᠡᠨ᠎ᠤ ᠦᠢ᠍ᠯᠡᠳᠦᠯ ᠴᠢᠳᠠᠪᠬᠢ ᠲᠡᠭᠡᠭᠰᠢᠯᠡᠭᠰᠡᠨ ᠪᠠᠢ᠌ᠨ᠎ᠠ᠃
      ᠵᠣᠬᠢᠬᠤ ᠠᠮᠵᠢᠯᠲᠠ ᠣᠯᠤᠭᠰᠠᠨ᠎ᠤ ᠲᠠᠭ᠋ᠠᠤ᠎ᠳᠤ᠎ᠨᠢ᠂ ᠮᠠᠨ᠎ᠤ ᠣᠷᠣᠨ᠎ᠳᠤ ᠪᠠᠰᠠ ᠣᠯᠠᠨ ᠨᠡᠢ᠍ᠢ᠍ᠲᠡ ᠵᠢᠨ ᠨᠣᠮ᠎ᠤᠨ ᠰᠠᠩ᠎ᠤᠨ ᠦᠢ᠍ᠯᠡᠰ᠎ᠤᠨ ᠬᠥᠭᠵᠢᠯᠲᠡ ᠲᠡᠩᠴᠡᠭᠦᠷᠢ ᠦᠭᠡᠢ᠂ ᠭᠦᠢ᠍ᠴᠡᠳ ᠦᠭᠡᠢ᠂ ᠦᠨᠳᠦᠰᠦᠨ ᠱᠠᠲᠤᠨ᠎ᠤ ᠨᠣᠮ᠎ᠤᠨ ᠰᠠᠩ᠎ᠤᠨ ᠪᠦᠲᠦᠭᠡᠨ ᠪᠠᠶ᠋ᠢᠭᠤᠯᠤᠯᠲᠠ ᠵᠢᠨ ᠴᠢᠳᠠᠪᠤᠷᠢ ᠬᠦᠷᠦᠯᠴᠡᠬᠦ ᠦᠭᠡᠢ᠂ ᠣᠷᠣᠨ ᠨᠤᠲᠤᠭ᠎ᠤᠨ ᠵᠠᠰᠠᠭ᠎ᠤᠨ ᠣᠷᠳᠣᠨ᠎ᠤ ᠨᠡᠶ᠋ᠢᠭᠡᠮ ᠲᠣᠭᠣᠷᠢᠭ᠎ᠤᠨ ᠨᠣᠮ᠎ᠤᠨ ᠰᠠᠩ᠎ᠤᠨ ᠬᠥᠭᠵᠢᠯᠲᠡ ᠵᠢ ᠴᠢᠬᠤᠯᠠᠴᠢᠯᠠᠬᠤ ᠬᠡᠮᠵᠢᠶ᠎ᠡ ᠬᠦᠷᠦᠯᠴᠡᠬᠦ ᠦᠭᠡᠢ ᠵᠡᠷᠭᠡ ᠠᠰᠠᠭᠤᠳᠠᠯ ᠣᠷᠣᠰᠢᠵᠤ ᠪᠠᠶ᠋ᠢᠨ᠎ᠠ᠃ ᠲᠠᠷᠠᠭ᠋ᠠᠴᠢ ᠵᠢᠨ ᠠᠯᠬᠤᠮ᠎ᠳᠤ᠂ ᠣᠷᠣᠨ ᠨᠤᠲᠤᠭ᠎ᠤᠨ ᠵᠠᠰᠠᠭ᠎ᠤᠨ ᠣᠷᠳᠣᠨ᠎ᠤ ᠭᠣᠤᠯᠯᠠᠬᠤ ᠬᠦᠴᠦᠨ᠎ᠢ ᠭᠦᠢ᠍ᠴᠡᠳ ᠪᠠᠳᠠᠷᠠᠭᠤᠯᠵᠤ᠂ ᠡᠯ᠎ᠡ ᠱᠠᠲᠤᠨ᠎ᠤ ᠵᠠᠰᠠᠭ᠎ᠤᠨ ᠣᠷᠳᠣᠨ᠎ᠤ ᠶᠡᠷᠦᠩᠬᠡᠶ ᠬᠤᠪᠢᠶᠠᠷᠢ ᠣᠷᠳᠣᠨ᠎ᠤ ᠰᠢᠰᠲ᠋ᠧᠮ᠎ᠤᠨ ᠪᠠᠶ᠋ᠢᠭᠤᠯᠤᠯᠲᠠ ᠵᠢ ᠡᠳᠦᠷ ᠲᠤᠲᠤᠮ᠎ᠤᠨ ᠴᠢᠬᠤᠯᠠ ᠵᠥᠪᠯᠡᠬᠦ ᠵᠦᠢ᠍ᠯ᠎ᠳᠤ᠎ᠪᠠᠨ ᠣᠷᠣᠭᠤᠯᠬᠤ ᠵᠢ ᠲᠦᠯᠬᠢᠨ ᠠᠬᠢᠭᠤᠯᠵᠤ᠂ ᠨᠢᠭᠡᠳᠦᠯᠲᠡᠶ ᠪᠠᠶ᠋ᠢᠷᠢᠯᠠᠭᠤᠯᠤᠨ᠂ ᠬᠢᠨᠠᠮᠠᠭ᠋ᠠᠶ ᠨᠠᠢ᠍ᠳᠠᠪᠤᠷᠢᠵᠢᠭᠤᠯᠬᠤ᠂ ᠣᠯᠠᠨ ᠨᠡᠢ᠍ᠢ᠍ᠲᠡ ᠵᠢᠨ ᠰᠣᠶᠣᠯ᠎ᠤᠨ ᠰᠢᠨ᠎ᠡ ᠵᠢ ᠡᠭᠦᠳᠬᠦ ᠵᠢ ᠲᠦᠯᠬᠢᠨ ᠠᠬᠢᠭᠤᠯᠵᠤ᠂ ᠣᠯᠠᠨ ᠶᠠᠩᠵᠤᠴᠢᠯᠠᠭᠰᠠᠨ ᠶᠡᠷᠦᠩᠬᠡᠶ ᠬᠤᠪᠢᠶᠠᠷᠢ ᠣᠷᠳᠣᠨ᠎ᠤ ᠪᠠᠶ᠋ᠢᠭᠤᠯᠤᠯᠲᠠ ᠵᠢᠨ ᠵᠠᠭᠪᠤᠷ᠎ᠢ ᠬᠡᠷᠡᠭᠯᠡᠨ᠂ ᠨᠡᠶ᠋ᠢᠭᠡᠮ ᠲᠣᠭᠣᠷᠢᠭ᠎ᠤᠨ ᠨᠣᠮ᠎ᠤᠨ ᠰᠠᠩ᠎ᠢ ᠪᠠᠭᠲᠠᠭ᠋ᠠᠭᠰᠠᠨ ᠦᠨᠳᠦᠰᠦᠨ ᠱᠠᠲᠤᠨ᠎ᠤ ᠨᠣᠮ᠎ᠤᠨ ᠰᠠᠩ᠂ ᠨᠣᠮ᠎ᠤᠨ ᠥᠷᠥᠭᠡ ᠵᠡᠷᠭᠡ ᠵᠢᠨ ᠪᠦᠲᠦᠭᠡᠨ ᠪᠠᠶ᠋ᠢᠭᠤᠯᠤᠯᠲᠠ ᠵᠢ ᠦᠨᠡᠨ ᠬᠦ᠌ ᠲᠦᠯᠬᠢᠨ ᠠᠬᠢᠭᠤᠯᠤᠨ᠎ᠠ᠃

                            ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ

                            ᠰᠣᠶᠣᠯ ᠪᠠ ᠵᠢᠭᠤᠯᠴᠢᠯᠠᠯ᠎ᠤᠨ ᠲᠢᠩᠬᠢᠮ
                                            2019᠎ᠤᠨ 6 ᠰᠠᠷ᠎ᠠ ᠵᠢᠨ 20᠎ᠤ ᠡᠳᠦᠷ
 

ᠢᠷᠡᠯᠲᠡ᠄ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠰᠣᠶᠣᠯ ᠪᠠ ᠵᠢᠭᠤᠯᠴᠢᠯᠠᠯ᠎ᠤᠨ ᠲᠢᠩᠬᠢᠮ
          
ᠬᠠᠮᠢᠶ᠎ᠡ ᠪᠦᠬᠦᠢ ᠰᠣᠨᠢᠨ
ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠠᠷᠪᠠᠨ ᠭᠤᠷᠪᠠᠳᠤᠭ᠋ᠠᠷ ᠬᠤᠭᠤᠴᠠᠭ᠋ᠠᠨ᠎ᠤ ᠠᠷᠠᠳ᠎ᠤᠨ ᠲᠦᠯᠦᠭᠡᠯᠡᠭᠴᠢᠳ᠎ᠤᠨ ᠶᠡᠬᠡ ᠬᠤᠷᠠᠯ᠎ᠤᠨ ᠭᠤᠷᠪᠠᠳᠤᠭ᠋ᠠᠷ ᠤᠳᠠᠭ᠋ᠠᠨ᠎ᠤ ᠬᠤᠷᠠᠯ᠎ᠤᠨ 624 ᠳ᠋ᠣᠭᠡᠷ ᠰᠠᠨᠠᠭᠤᠯᠭ᠎ᠠ ᠵᠢᠨ ᠲᠤᠬᠠᠶ ᠬᠠᠷᠢᠭᠤᠯᠲᠠ
ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠠᠷᠪᠠᠨ ᠭᠤᠷᠪᠠᠳᠤᠭ᠋ᠠᠷ ᠬᠤᠭᠤᠴᠠᠭ᠋ᠠᠨ᠎ᠤ ᠠᠷᠠᠳ᠎ᠤᠨ ᠲᠦᠯᠦᠭᠡᠯᠡᠭᠴᠢᠳ᠎ᠤᠨ ᠶᠡᠬᠡ ᠬᠤᠷᠠᠯ᠎ᠤᠨ ᠭᠤᠷᠪᠠᠳᠤᠭ᠋ᠠᠷ ᠬᠤᠷᠠᠯ᠎ᠤᠨ 432 ᠳ᠋ᠤᠭ᠋ᠠᠷ ᠲᠣᠭ᠋ᠠᠲᠤ ᠰᠠᠨᠠᠭᠤᠯᠭ᠎ᠠ ᠵᠢᠨ ᠲᠤᠬᠠᠶ ᠬᠠᠷᠢᠭᠤᠯᠲᠠ
ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠠᠷᠪᠠᠨ ᠭᠤᠷᠪᠠᠳᠤᠭ᠋ᠠᠷ ᠬᠤᠭᠤᠴᠠᠭ᠋ᠠᠨ᠎ᠤ ᠠᠷᠠᠳ᠎ᠤᠨ ᠲᠦᠯᠦᠭᠡᠯᠡᠭᠴᠢᠳ᠎ᠤᠨ ᠶᠡᠬᠡ ᠬᠤᠷᠠᠯ᠎ᠤᠨ ᠭᠤᠷᠪᠠᠳᠤᠭ᠋ᠠᠷ ᠬᠤᠷᠠᠯ᠎ᠤᠨ 098 ᠳ᠋ᠤᠭ᠋ᠠᠷ ᠲᠣᠭ᠋ᠠᠲᠤ ᠰᠠᠨᠠᠭᠤᠯᠭ᠎ᠠ ᠵᠢᠨ ᠲᠤᠬᠠᠶ ᠬᠠᠷᠢᠭᠤᠯᠲᠠ
ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠠᠷᠪᠠᠨ ᠭᠤᠷᠪᠠᠳᠤᠭ᠋ᠠᠷ ᠬᠤᠭᠤᠴᠠᠭ᠋ᠠᠨ᠎ᠤ ᠠᠷᠠᠳ᠎ᠤᠨ ᠲᠥᠯᠥᠭᠡᠯᠡᠭᠴᠢᠳ᠎ᠤᠨ ᠶᠡᠬᠡ ᠬᠤᠷᠠᠯ᠎ᠤᠨ ᠭᠤᠷᠪᠠᠳᠤᠭ᠋ᠠᠷ ᠬᠤᠷᠠᠯ᠎ᠤᠨ 318 ᠳ᠋ᠤᠭ᠋ᠠᠷ ᠲᠣᠭ᠋ᠠᠲᠤ ᠰᠠᠨᠠᠭᠤᠯᠭ᠎ᠠ᠎ᠳᠤ ᠥᠭᠭᠦᠭᠰᠡᠨ ᠬᠠᠷᠢᠭᠤᠯᠲᠠ
ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠠᠷᠪᠠᠨ ᠭᠤᠷᠪᠠᠳᠤᠭ᠋ᠠᠷ ᠬᠤᠭᠤᠴᠠᠭ᠋ᠠᠨ᠎ᠤ ᠠᠷᠠᠳ᠎ᠤᠨ ᠲᠥᠯᠥᠭᠡᠯᠡᠭᠴᠢᠳ᠎ᠤᠨ ᠶᠡᠬᠡ ᠬᠤᠷᠠᠯ᠎ᠤᠨ ᠭᠤᠷᠪᠠᠳᠤᠭ᠋ᠠᠷ ᠬᠤᠷᠠᠯ᠎ᠤᠨ 501 ᠳ᠋ᠤᠭᠡᠷ ᠰᠠᠨᠠᠭᠤᠯᠭ᠎ᠠ ᠵᠢᠨ ᠲᠤᠬᠠᠶ ᠬᠠᠷᠢᠭᠤᠯᠲᠠ
 
            