ᠥᠪᠥᠷ ᠮᠣᠩᠭᠤᠯ᠎ᠤᠨ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠵᠠᠰᠠᠭ᠎ᠤᠨ ᠣᠷᠳᠣᠨ᠎ᠤ ᠠᠯᠪᠠᠨ ᠲᠢᠩᠬᠢᠮ᠎ᠤᠨ ᠪᠢᠴᠢᠭ ᠮᠠᠲ᠋ᠧᠷᠢᠶᠠᠯ
ᠥᠪᠥᠷ ᠵᠠᠰᠠᠭ ᠠᠯᠪᠠᠨ ᠲᠠᠷᠬᠠᠭ᠋ᠠᠭᠰᠠᠨ [2023] 68 ᠳ᠋ᠤᠭ᠋ᠠᠷ ᠲᠣᠭ᠋ᠠᠲᠤ
ᠦᠷ᠎ᠡ ᠡᠭᠦᠯᠳᠡᠷ᠎ᠤᠨ ᠦᠢ᠍ᠯᠡᠰ᠎ᠢ ᠬᠥᠭᠵᠢᠭᠦᠯᠦᠨ ᠮᠠᠨᠳᠤᠭᠤᠯᠬᠤ ᠵᠢ ᠳᠡᠮᠵᠢᠬᠦ ᠲᠥᠷᠥ ᠵᠢᠨ ᠪᠣᠳᠣᠯᠭ᠎ᠠ ᠠᠷᠭ᠎ᠠ ᠬᠡᠮᠵᠢᠶ᠎ᠡ ᠵᠢᠨ ᠲᠤᠬᠠᠢ
ᠥᠪᠥᠷ ᠮᠣᠩᠭᠤᠯ᠎ᠤᠨ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠵᠠᠰᠠᠭ᠎ᠤᠨ ᠣᠷᠳᠣᠨ᠎ᠤ ᠠᠯᠪᠠᠨ ᠲᠢᠩ᠊ᠬᠢᠮᠤᠨ ᠮᠡᠳᠡᠭᠳᠡᠯ
ᠡᠯ᠎ᠡ ᠠᠶ᠋ᠢᠮᠠᠭ᠎ᠤᠨ ᠵᠠᠬᠢᠷᠭ᠎ᠠ᠂ ᠬᠤᠲᠠ ᠵᠢᠨ ᠠᠷᠠᠳ᠎ᠤᠨ ᠵᠠᠰᠠᠭ᠎ᠤᠨ ᠣᠷᠳᠣᠨ᠂ ᠥᠪᠡᠷᠲᠡᠭᠡᠨ ᠵᠠᠰᠠᠬᠤ ᠣᠷᠣᠨ᠎ᠤ ᠡᠯ᠎ᠡ ᠵᠥᠪᠯᠡᠯ᠂ ᠠᠯᠪᠠᠨ ᠭᠡᠷ᠂ ᠲᠢᠩᠬᠢᠮ᠂ ᠲᠣᠪᠴᠢᠶ᠎ᠠ᠂ ᠡᠯ᠎ᠡ ᠲᠣᠮᠣ ᠠᠵᠤ ᠠᠬᠤᠶ᠋ᠢᠯᠠᠯ᠂ ᠠᠵᠢᠯ ᠦᠢ᠍ᠯᠡᠰ᠎ᠤᠨ ᠨᠢᠭᠡᠴᠢ᠎ᠳᠤ᠄
ᠶᠡᠷᠦᠩᠬᠡᠢ ᠱᠦᠵᠢ ᠰᠢ ᠵᠢᠨ ᠫᠢᠩ᠎ᠤᠨ ᠦᠷ᠎ᠡ ᠡᠭᠦᠯᠳᠡᠷ᠎ᠤᠨ ᠦᠢ᠍ᠯᠡᠰ᠎ᠢ ᠬᠥᠭᠵᠢᠭᠦᠯᠦᠨ ᠮᠠᠨᠳᠤᠭᠤᠯᠬᠤ ᠠᠵᠢᠯᠯᠠᠭ᠋ᠠᠨ᠎ᠢ ᠦᠨᠡᠨ ᠬᠦ᠌ ᠠᠳᠬᠤᠵᠤ ᠦᠷ᠎ᠡ ᠪᠦᠲᠦᠭᠡᠮᠵᠢ ᠭᠠᠷᠭ᠋ᠠᠬᠤ ᠪᠠ ᠥᠪᠥᠷ ᠮᠣᠩᠭᠤᠯ᠎ᠤᠨ ᠲᠤᠬᠠᠢ ᠴᠢᠬᠤᠯᠠ ᠵᠢᠭ᠋ᠠᠪᠤᠷᠢ ᠵᠢᠨ ᠵᠣᠷᠢᠭ ᠰᠠᠨᠠᠭ᠎ᠠ ᠵᠢ ᠭᠦᠨᠵᠡᠭᠡᠢ ᠲᠤᠭᠤᠰᠢᠯᠠᠭᠤᠯᠵᠤ᠂ ᠦᠷ᠎ᠡ ᠡᠭᠦᠯᠳᠡᠷ᠎ᠤᠨ ᠦᠢ᠍ᠯᠡᠰ᠎ᠤᠨ ᠠᠵᠢᠯ᠎ᠤᠨ ᠲᠤᠬᠠᠢ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠤᠷᠢᠶ᠎ᠠ ᠪᠠ ᠵᠠᠰᠠᠭ᠎ᠤᠨ ᠣᠷᠳᠣᠨ᠎ᠤ ᠪᠣᠳᠠᠲᠠᠢ ᠲᠣᠬᠢᠷᠠᠭᠤᠯᠤᠯᠲᠠ ᠪᠠᠶ᠋ᠢᠷᠢᠯᠠᠭᠤᠯᠤᠯᠲᠠ ᠵᠢ ᠬᠢᠨᠠᠮᠠᠭ᠋ᠠᠢ ᠨᠠᠶ᠋ᠢᠳᠠᠪᠤᠷᠢᠵᠢᠭᠤᠯᠤᠨ᠂ ᠥᠪᠡᠷᠲᠡᠭᠡᠨ ᠵᠠᠰᠠᠬᠤ ᠣᠷᠣᠨ᠎ᠤ ᠦᠷ᠎ᠡ ᠡᠭᠦᠯᠳᠡᠷ᠎ᠤᠨ ᠦᠢ᠍ᠯᠡᠰ᠎ᠤᠨ ᠴᠢᠨᠠᠷ ᠰᠠᠶ᠋ᠢᠲᠠᠢ ᠬᠥᠭᠵᠢᠯᠲᠡ ᠵᠢ ᠲᠦᠷᠭᠡᠪᠴᠢᠯᠡᠨ ᠠᠬᠢᠭᠤᠯᠵᠤ᠂ 《ᠦᠷ᠎ᠡ ᠡᠭᠦᠯᠳᠡᠷ᠎ᠢ ᠬᠠᠮᠠᠭ᠋ᠠᠯᠠᠬᠤ᠂ ᠦᠷ᠎ᠡ ᠡᠭᠦᠯᠳᠡᠷ ᠪᠣᠶ᠋ᠢᠵᠢᠭᠤᠯᠬᠤ᠂ ᠰᠠᠶ᠋ᠢᠨ ᠦᠷ᠎ᠡ ᠪᠣᠶ᠋ᠢᠵᠢᠭᠤᠯᠬᠤ᠂ ᠦᠷ᠎ᠡ ᠡᠭᠦᠯᠳᠡᠷ᠎ᠢ ᠬᠡᠷᠡᠭᠯᠡᠬᠦ》 4 ᠵᠠᠩᠭᠢᠯᠠᠭ᠎ᠠ ᠵᠢᠨ ᠭᠤᠭᠴᠤᠭ᠎ᠠ ᠵᠢ ᠲᠣᠪᠤᠶ᠋ᠢᠯᠭ᠋ᠠᠨ᠂ 《ᠭᠠᠵᠠᠷ ᠰᠢᠷᠣᠢ᠂ ᠤᠰᠤ᠂ ᠦᠷ᠎ᠡ ᠡᠭᠦᠯᠳᠡᠷ᠂ ᠠᠮᠤ ᠪᠤᠳᠠᠭ᠎ᠠ᠂ ᠮᠢᠬ᠎ᠠ᠂ ᠰᠦ》 6 ᠭᠤᠣᠯᠳᠠᠯᠭ᠎ᠠ᠎ᠲᠠᠢ ᠡᠭᠦᠷᠭᠡ ᠵᠢ ᠴᠢᠩᠭ᠎ᠠ ᠡᠵᠡᠮᠳᠡᠵᠦ᠂ ᠦᠷ᠎ᠡ ᠡᠭᠦᠯᠳᠡᠷ᠎ᠤᠨ ᠦᠢ᠍ᠯᠡᠰ᠎ᠤᠨ ᠬᠥᠭᠵᠢᠯᠲᠡ ᠵᠢ ᠬᠦᠯᠢᠶᠡᠰᠦᠯᠡᠵᠦ ᠪᠠᠶ᠋ᠢᠭ᠎ᠠ ᠠᠰᠠᠭᠤᠳᠠᠯ᠎ᠢ ᠬᠦᠴᠦᠯᠡᠨ ᠰᠢᠢ᠍ᠳᠪᠦᠷᠢᠯᠡᠵᠦ᠂ ᠵᠠᠰᠠᠭ᠎ᠤᠨ ᠣᠷᠳᠣᠨ᠎ᠤ ᠦᠢ᠍ᠯᠡᠳᠦᠯ᠎ᠢ ᠢᠳᠡᠪᠬᠢᠲᠡᠢ ᠪᠠᠳᠠᠷᠠᠭᠤᠯᠤᠨ᠂ ᠠᠵᠤ ᠠᠬᠤᠶ᠋ᠢᠯᠠᠯ᠂ ᠰᠤᠳᠤᠯᠤᠨ ᠨᠡᠭᠡᠭᠡᠬᠦ ᠪᠠᠶ᠋ᠢᠭᠤᠯᠤᠮᠵᠢ᠂ ᠲᠠᠷᠢᠶᠠᠯᠠᠬᠤ ᠮᠠᠯᠵᠢᠬᠤ ᠡᠷᠦᠬᠡ ᠵᠢᠨ ᠰᠠᠭ᠋ᠠᠳ ᠦᠭᠡᠢ ᠵᠣᠯᠭ᠋ᠠᠬᠤ ᠪᠠ ᠨᠢᠭᠲᠠ ᠬᠠᠮᠲᠤᠷᠠᠯᠴᠠᠬᠤ ᠵᠢ ᠠᠬᠢᠭᠤᠯᠤᠨ᠂ ᠦᠷ᠎ᠡ ᠡᠭᠦᠯᠳᠡᠷ᠎ᠤᠨ ᠦᠢ᠍ᠯᠡᠰ᠎ᠤᠨ ᠡᠯ᠎ᠡ ᠭᠤᠣᠯ ᠴᠣᠭᠴᠠ᠂ ᠡᠯ᠎ᠡ ᠭᠤᠭᠴᠣᠭ᠋ᠠᠨ᠎ᠤ ᠬᠦᠴᠦ ᠵᠢ ᠬᠠᠮᠲᠤᠳᠬᠠᠨ ᠪᠥᠬᠦ ᠬᠡᠯᠬᠢᠶ᠎ᠡ᠎ᠪᠠᠷ ᠬᠥᠭᠵᠢᠬᠦ ᠵᠢ ᠠᠬᠢᠭᠤᠯᠵᠤ᠂ ᠨᠡᠩ ᠣᠯᠠᠨ ᠰᠠᠶ᠋ᠢᠨ ᠦᠷ᠎ᠡ ᠡᠭᠦᠯᠳᠡᠷ᠎ᠢ ᠪᠣᠶ᠋ᠢᠵᠢᠭᠤᠯᠤᠨ ᠦᠷᠡᠵᠢᠭᠦᠯᠵᠦ᠂ ᠤᠯᠤᠰ᠎ᠤᠨ ᠴᠢᠬᠤᠯᠠ ᠲᠠᠷᠢᠶᠠᠯᠠᠩ ᠮᠠᠯ᠎ᠤᠨ ᠠᠰᠢᠭ ᠰᠢᠮ᠎ᠡ ᠵᠢᠨ ᠪᠦᠲᠦᠭᠡᠭᠳᠡᠬᠦᠨ᠎ᠤ ᠦᠢ᠍ᠯᠡᠳᠪᠦᠷᠢᠯᠡᠬᠦ ᠰᠠᠭᠤᠷᠢᠨ ᠭᠠᠵᠠᠷ᠎ᠢ ᠪᠦᠲᠦᠭᠡᠨ ᠪᠠᠶ᠋ᠢᠭᠤᠯᠬᠤ᠎ᠳᠤ ᠬᠦᠴᠦᠲᠦ ᠲᠤᠯᠭ᠋ᠠᠭᠤᠷᠢᠯᠠᠯ ᠬᠠᠩᠭ᠋ᠠᠬᠤ ᠵᠢᠨ ᠲᠤᠰᠠᠳᠠ᠂ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠵᠠᠰᠠᠭ᠎ᠤᠨ ᠣᠷᠳᠣᠨ ᠵᠶ᠋ᠠᠷ ᠵᠥᠪᠰᠢᠶᠡᠷᠡᠭᠦᠯᠦᠭᠡᠳ᠂ ᠡᠳᠦᠭᠡ ᠦᠷ᠎ᠡ ᠡᠭᠦᠯᠳᠡᠷ᠎ᠤᠨ ᠦᠢ᠍ᠯᠡᠰ᠎ᠢ ᠬᠥᠭᠵᠢᠭᠦᠯᠦᠨ ᠮᠠᠨᠳᠤᠭᠤᠯᠬᠤ ᠵᠢ ᠳᠡᠮᠵᠢᠬᠦ ᠲᠥᠷᠥ ᠵᠢᠨ ᠪᠣᠳᠣᠯᠭ᠎ᠠ ᠠᠷᠭ᠎ᠠ ᠬᠡᠮᠵᠢᠶ᠎ᠡ ᠵᠢ ᠳᠣᠣᠷᠠᠬᠢ ᠮᠡᠲᠦ ᠮᠡᠳᠡᠭᠳᠡᠶ᠎ᠡ᠃
ᠨᠢᠭᠡ᠂ ᠬᠢᠨᠠᠨ ᠲᠣᠭᠲᠠᠭ᠋ᠠᠬᠤ ᠵᠢ ᠠᠳᠬᠤᠨ ᠬᠠᠮᠲᠤ᠎ᠪᠠᠷ ᠬᠦᠷᠲᠡᠬᠦ ᠵᠢ ᠠᠬᠢᠭᠤᠯᠵᠤ᠂ ᠦᠷ᠎ᠡ ᠡᠳ᠋᠎ᠤᠨ ᠡᠬᠢ ᠪᠠᠶᠠᠯᠢᠭ᠎ᠢ ᠬᠠᠮᠠᠭ᠋ᠠᠯᠠᠵᠤ ᠠᠰᠢᠭᠯᠠᠬᠤ ᠬᠢᠷᠢ ᠲᠦᠪᠰᠢᠨ ᠵᠶ᠋ᠠᠨ ᠳᠡᠭᠡᠭᠰᠢᠯᠡᠭᠦᠯᠦᠨ᠎ᠡ
(ᠨᠢᠭᠡ) ᠲᠠᠷᠢᠮᠠᠯ᠎ᠤᠨ ᠦᠷ᠎ᠡ ᠡᠳ᠋᠎ᠤᠨ ᠡᠬᠢ ᠪᠠᠶᠠᠯᠢᠭ᠎ᠢ ᠴᠤᠭᠯᠠᠭᠤᠯᠬᠤ ᠪᠠ ᠬᠢᠨᠠᠨ ᠲᠣᠭᠲᠠᠭ᠋ᠠᠵᠤ ᠦᠨᠡᠯᠡᠬᠦ ᠠᠵᠢᠯ᠎ᠢ ᠥᠷᠨᠢᠭᠦᠯᠦᠨ᠎ᠡ᠃ ᠡᠭᠦᠯᠳᠡᠷ ᠪᠣᠶ᠋ᠢᠵᠢᠭᠤᠯᠬᠤ ᠵᠢ ᠲᠤᠯᠭ᠋ᠠᠮ ᠱᠠᠭ᠋ᠠᠷᠳᠠᠭᠳᠠᠵᠤ ᠪᠦᠬᠦᠢ ᠲᠠᠷᠢᠮᠠᠯ᠎ᠤᠨ ᠦᠷ᠎ᠡ ᠡᠳ᠋᠎ᠤᠨ ᠡᠬᠢ ᠪᠠᠶᠠᠯᠢᠭ᠎ᠢ ᠴᠤᠭᠯᠠᠭᠤᠯᠵᠤ᠂ ᠣᠳᠣ ᠪᠠᠶ᠋ᠢᠭ᠎ᠠ ᠪᠥᠭᠡᠳ ᠦᠷ᠎ᠡ ᠡᠭᠦᠯᠳᠡᠷ ᠪᠣᠶ᠋ᠢᠵᠢᠭᠤᠯᠬᠤᠯᠤᠭᠠ ᠨᠢᠭᠲᠠ ᠬᠤᠯᠪᠣᠭᠳᠠᠬᠤ ᠡᠷᠳᠡᠨᠢ ᠰᠢᠰᠢ᠂ ᠰᠢᠷ᠎ᠠ ᠪᠤᠷᠴᠠᠭ᠂ ᠲᠥᠮᠥᠰᠥ᠂ ᠨᠠᠷᠠᠨ ᠬᠤᠸᠠᠷ᠂ ᠨᠠᠷᠢᠮᠤ᠂ ᠨᠣᠬᠠᠢ ᠵᠢᠨ ᠬᠤᠰᠢᠭᠤ ᠵᠡᠷᠭᠡ ᠦᠷ᠎ᠡ ᠡᠳ᠋᠎ᠤᠨ ᠡᠬᠢ ᠪᠠᠶᠠᠯᠢᠭ᠎ᠲᠤ ᠲᠠᠷᠢᠶᠠᠨ ᠭᠠᠵᠠᠷ᠎ᠤᠨ ᠰᠢᠨᠵᠢ ᠲᠥᠷᠬᠦ᠂ ᠰᠥᠷᠬᠦ ᠵᠢ ᠳᠠᠭ᠋ᠠᠭ᠋ᠠᠬᠤ ᠴᠢᠨᠠᠷ ᠪᠠ ᠵᠠᠩᠭᠢᠯᠠᠭ᠎ᠠ ᠵᠢᠨ ᠭᠧᠨ᠎ᠤ ᠬᠢᠨᠠᠨ ᠲᠣᠭᠲᠠᠭ᠋ᠠᠯᠲᠠ ᠬᠢᠨ᠎ᠡ᠃ ᠥᠪᠡᠷᠲᠡᠭᠡᠨ ᠵᠠᠰᠠᠬᠤ ᠣᠷᠣᠨ᠎ᠠᠴᠠ ᠦᠷ᠎ᠡ ᠡᠳ᠋᠎ᠤᠨ ᠡᠬᠢ ᠪᠠᠶᠠᠯᠢᠭ᠎ᠢ ᠴᠤᠭᠯᠠᠭᠤᠯᠬᠤ᠂ ᠬᠢᠨᠠᠨ ᠲᠣᠭᠲᠠᠭ᠋ᠠᠵᠤ ᠦᠨᠡᠯᠡᠬᠦ ᠮᠡᠷᠭᠡᠵᠢᠯ᠎ᠤᠨ ᠪᠠᠷᠢᠮᠵᠢᠶ᠎ᠠ᠂ ᠳᠦᠷᠢᠮᠯᠡᠯ ᠵᠡᠷᠭᠡ ᠵᠢ ᠲᠣᠭᠲᠠᠭ᠋ᠠᠵᠤ᠂ ᠵᠢᠯ ᠪᠦᠷᠢ᠎ᠳᠤ ᠦᠷ᠎ᠡ ᠡᠳ᠋᠎ᠤᠨ ᠡᠬᠢ ᠪᠠᠶᠠᠯᠢᠭ᠎ᠢ 2000 ᠬᠤᠪᠢ᠎ᠠᠴᠠ ᠳᠤᠲᠠᠭᠤ ᠦᠭᠡᠢ ᠬᠢᠨᠠᠨ ᠲᠣᠭᠲᠠᠭ᠋ᠠᠨ ᠦᠨᠡᠯᠡᠵᠦ᠂ ᠦᠷ᠎ᠡ ᠡᠭᠦᠯᠳᠡᠷ ᠪᠣᠶ᠋ᠢᠵᠢᠭᠤᠯᠬᠤ ᠲᠠᠯ᠎ᠠ ᠵᠢᠨ ᠰᠢᠨ᠎ᠡ ᠡᠭᠦᠳᠦᠯᠲᠡ᠎ᠳᠤ ᠣᠨᠴᠠ ᠰᠠᠶ᠋ᠢᠨ ᠦᠷ᠎ᠡ ᠡᠳ᠋᠎ᠤᠨ ᠳᠡᠮᠵᠢᠯᠭᠡ ᠬᠠᠩᠭ᠋ᠠᠨ᠎ᠠ᠃ (ᠥᠪᠡᠷᠲᠡᠭᠡᠨ ᠵᠠᠰᠠᠬᠤ ᠣᠷᠣᠨ᠎ᠤ ᠲᠠᠷᠢᠶᠠᠯᠠᠩ ᠮᠠᠯ ᠠᠵᠤ ᠠᠬᠤᠢ ᠪᠠ ᠬᠥᠳᠡᠭᠡ ᠲᠣᠰᠬᠤᠨ ᠮᠠᠯᠵᠢᠬᠤ ᠣᠷᠣᠨ᠎ᠤ ᠲᠢᠩᠬᠢᠮ᠂ ᠡᠯ᠎ᠡ ᠠᠶ᠋ᠢᠮᠠᠭ᠎ᠤᠨ ᠵᠠᠬᠢᠷᠭ᠎ᠠ᠂ ᠬᠤᠲᠠ ᠵᠢᠨ ᠠᠷᠠᠳ᠎ᠤᠨ ᠵᠠᠰᠠᠭ᠎ᠤᠨ ᠣᠷᠳᠣᠨ ᠡᠭᠦᠷᠭᠡ ᠬᠠᠷᠢᠭᠤᠴᠠᠯᠭ᠎ᠠ ᠠᠵᠢᠯ᠎ᠤᠨ ᠬᠤᠪᠢᠶᠠᠷᠢᠯᠠᠯ ᠶᠣᠰᠣᠭ᠋ᠠᠷ ᠬᠠᠷᠢᠭᠤᠴᠠᠨ᠎ᠠ; ᠳᠣᠣᠷᠠᠬᠢ ᠡᠯ᠎ᠡ ᠵᠦᠢ᠍ᠯ᠎ᠤᠨ ᠡᠭᠦᠷᠭᠡ ᠵᠢ ᠴᠥᠮ ᠡᠯ᠎ᠡ ᠠᠶ᠋ᠢᠮᠠᠭ᠎ᠤᠨ ᠵᠠᠬᠢᠷᠭ᠎ᠠ᠂ ᠬᠤᠲᠠ ᠵᠢᠨ ᠠᠷᠠᠳ᠎ᠤᠨ ᠵᠠᠰᠠᠭ᠎ᠤᠨ ᠣᠷᠳᠣᠨ᠎ᠠᠴᠠ ᠨᠠᠶ᠋ᠢᠳᠠᠪᠤᠷᠢᠵᠢᠭᠤᠯᠬᠤ ᠴᠢᠬᠤᠯᠠᠲᠠᠢ ᠪᠣᠯᠬᠤᠷ ᠳᠠᠬᠢᠵᠤ ᠵᠢᠭᠰᠠᠭ᠋ᠠᠬᠤ ᠦᠭᠡᠢ)
(ᠬᠤᠶᠠᠷ) ᠮᠠᠯ ᠵᠢᠭᠦᠷᠲᠡᠨ᠎ᠤ ᠦᠷ᠎ᠡ ᠡᠭᠦᠯᠳᠡᠷ᠎ᠢ ᠬᠠᠮᠠᠭ᠋ᠠᠯᠠᠬᠤ ᠪᠠ ᠤᠳᠤᠮᠯᠠᠯ᠎ᠤᠨ ᠮᠠᠲ᠋ᠧᠷᠢᠶᠠᠯ᠎ᠢ ᠴᠤᠭᠯᠠᠭᠤᠯᠵᠤ ᠬᠢᠨᠠᠨ ᠲᠣᠭᠲᠠᠭ᠋ᠠᠬᠤ ᠠᠵᠢᠯ᠎ᠢ ᠥᠷᠨᠢᠭᠦᠯᠦᠨ᠎ᠡ᠃ ᠮᠠᠭ᠋ᠠᠳᠯᠠᠨ ᠲᠣᠭᠲᠠᠭ᠋ᠠᠭᠳᠠᠭᠰᠠᠨ ᠤᠯᠤᠰ᠎ᠤᠨ ᠪᠠ ᠥᠪᠡᠷᠲᠡᠭᠡᠨ ᠵᠠᠰᠠᠬᠤ ᠣᠷᠣᠨ᠎ᠤ ᠳᠡᠰ᠎ᠤᠨ ᠦᠷ᠎ᠡ ᠡᠭᠦᠯᠳᠡᠷ ᠬᠠᠮᠠᠭ᠋ᠠᠯᠠᠬᠤ ᠲᠠᠯᠠᠪᠠᠢ (ᠲᠣᠭᠤᠷᠢᠭ)᠎ᠠᠴᠠ ᠥᠪᠡᠷᠮᠢᠴᠡ ᠣᠨᠴᠠᠯᠢᠭ᠎ᠲᠠᠢ᠂ ᠬᠤᠪᠣᠷ ᠴᠤᠬᠠᠭ᠂ ᠮᠥᠬᠦᠬᠦ ᠰᠢᠬᠠᠭᠰᠠᠨ ᠨᠤᠲᠤᠭ᠎ᠤᠨ ᠦᠷ᠎ᠡ ᠡᠭᠦᠯᠳᠡᠷ᠎ᠲᠤ ᠠᠮᠢᠳᠤ ᠪᠡᠶᠡᠲᠦ ᠵᠢᠨ ᠬᠠᠮᠠᠭ᠋ᠠᠯᠠᠯᠲᠠ ᠬᠢᠬᠦ ᠵᠢ ᠲᠡᠮᠵᠢᠵᠦ᠂ ᠮᠣᠩᠭᠤᠯ ᠦᠬᠡᠷ᠂ ᠮᠣᠩᠭᠤᠯ ᠮᠣᠷᠢ᠂ ᠬᠤᠣᠰ ᠪᠥᠬᠦᠲᠦ ᠲᠡᠮᠡᠭᠡ᠂ ᠪᠣᠷᠣᠳᠣᠬᠤᠢ ᠵᠢᠨ ᠳᠡᠯᠳᠡᠦ ᠭᠠᠭ᠍ᠠᠢ ᠵᠡᠷᠭᠡ᠎ᠳᠤ 80 ᠲᠦᠮᠡᠨ ᠲᠥᠭᠦᠷᠢᠭ᠂ ᠮᠣᠩᠭᠤᠯ ᠬᠤᠨᠢ ᠢᠮᠠᠭ᠎ᠠ᠂ ᠨᠣᠣᠯᠣᠭᠤᠷ᠎ᠤᠨ ᠢᠮᠠᠭ᠎ᠠ᠂ ᠴᠠ ᠪᠤᠭᠤ ᠵᠡᠷᠭᠡ᠎ᠳᠤ 40 ᠲᠦᠮᠡᠨ ᠲᠥᠭᠦᠷᠢᠭ᠂ ᠪᠢᠶᠠᠨ᠎ᠵᠢ ᠲᠠᠬᠢᠶ᠎ᠠ᠂ ᠵᠥᠭᠡᠢ᠂ ᠬᠦᠷᠢ ᠵᠡᠷᠭᠡ᠎ᠳᠤ 20 ᠲᠦᠮᠡᠨ ᠲᠥᠭᠦᠷᠢᠭ᠎ᠤᠨ ᠪᠠᠷᠢᠮᠵᠢᠶ᠎ᠠ᠎ᠪᠠᠷ ᠨᠥᠬᠦᠪᠦᠷᠢ ᠣᠯᠭᠤᠨ᠎ᠠ᠃ ᠤᠳᠤᠮᠯᠠᠯ᠎ᠤᠨ ᠮᠠᠲ᠋ᠧᠷᠢᠶᠠᠯ᠎ᠢ ᠴᠤᠭᠯᠠᠭᠤᠯᠤᠨ ᠨᠠᠶ᠋ᠢᠷᠠᠭᠤᠯᠬᠤ ᠪᠠ ᠭᠧᠨ᠎ᠢ ᠢᠯᠡᠷᠡᠭᠦᠯᠦᠨ ᠬᠢᠨᠠᠨ ᠲᠣᠭᠲᠠᠭ᠋ᠠᠬᠤ ᠠᠵᠢᠯ ᠥᠷᠨᠢᠭᠦᠯᠬᠦ ᠵᠢ ᠳᠡᠮᠵᠢᠨ᠎ᠡ᠃ (ᠥᠪᠡᠷᠲᠡᠭᠡᠨ ᠵᠠᠰᠠᠬᠤ ᠣᠷᠣᠨ᠎ᠤ ᠲᠠᠷᠢᠶᠠᠯᠠᠩ ᠮᠠᠯ ᠠᠵᠤ ᠠᠬᠤᠢ ᠪᠠ ᠬᠥᠳᠡᠭᠡ ᠲᠣᠰᠬᠤᠨ ᠮᠠᠯᠵᠢᠬᠤ ᠣᠷᠣᠨ᠎ᠤ ᠲᠢᠩᠬᠢᠮ᠂ ᠰᠢᠨᠵᠢᠯᠡᠬᠦ ᠤᠬᠠᠭ᠋ᠠᠨ ᠲᠧᠭᠨᠢᠭ ᠮᠡᠷᠭᠡᠵᠢᠯ᠎ᠤᠨ ᠲᠢᠩᠬᠢᠮ ᠡᠭᠦᠷᠭᠡ ᠬᠠᠷᠢᠭᠤᠴᠠᠯᠭ᠎ᠠ ᠠᠵᠢᠯ᠎ᠤᠨ ᠬᠤᠪᠢᠶᠠᠷᠢᠯᠠᠯ ᠶᠣᠰᠣᠭ᠋ᠠᠷ ᠬᠠᠷᠢᠭᠤᠴᠠᠨ᠎ᠠ)
(ᠭᠤᠷᠪᠠ) ᠥᠪᠡᠷᠲᠡᠭᠡᠨ ᠵᠠᠰᠠᠬᠤ ᠣᠷᠣᠨ᠎ᠤ ᠦᠷ᠎ᠡ ᠡᠳ᠋᠎ᠤᠨ ᠡᠬᠢ ᠪᠠᠶᠠᠯᠢᠭ᠎ᠤᠨ ᠲᠣᠭ᠋ᠠᠵᠢᠭᠤᠯᠤᠭᠰᠠᠨ ᠬᠥᠮᠥᠷᠭᠡ ᠵᠢ ᠪᠠᠶ᠋ᠢᠭᠤᠯᠤᠨ᠎ᠠ᠃ ᠦᠷ᠎ᠡ ᠡᠳ᠋᠎ᠤᠨ ᠡᠬᠢ ᠪᠠᠶᠠᠯᠢᠭ᠎ᠢ ᠳᠠᠩᠰᠠᠯᠠᠨ ᠲᠡᠮᠳᠡᠭᠯᠡᠬᠦ ᠬᠠᠮᠢᠶᠠᠷᠤᠯᠲᠠ ᠵᠢᠨ ᠳᠦᠷᠢᠮ᠎ᠢ ᠲᠡᠭᠦᠯᠳᠡᠷᠵᠢᠭᠦᠯᠵᠦ᠂ ᠡᠬᠢ ᠪᠠᠶᠠᠯᠢᠭ᠎ᠤᠨ ᠬᠥᠮᠥᠷᠭᠡ ᠵᠢ ᠬᠠᠮᠲᠤ᠎ᠪᠠᠷ ᠪᠠᠶ᠋ᠢᠭᠤᠯᠵᠤ ᠬᠠᠮᠲᠤ᠎ᠳᠤ᠎ᠪᠠᠨ ᠬᠦᠷᠲᠡᠬᠦ ᠲᠣᠭᠲᠠᠴᠠ ᠵᠢ ᠪᠠᠶ᠋ᠢᠭᠤᠯᠵᠤ᠂ ᠥᠪᠡᠷᠲᠡᠭᠡᠨ ᠵᠠᠰᠠᠬᠤ ᠣᠷᠣᠨ᠎ᠠᠴᠠ ᠴᠤᠭᠯᠠᠭᠤᠯᠤᠭᠰᠠᠨ᠂ ᠬᠢᠨᠠᠨ ᠲᠣᠭᠲᠠᠭ᠋ᠠᠵᠤ ᠦᠨᠡᠯᠡᠭᠰᠡᠨ ᠦᠷ᠎ᠡ ᠡᠳ᠋᠎ᠤᠨ ᠡᠬᠢ ᠪᠠᠶᠠᠯᠢᠭ᠎ᠤᠨ ᠲᠤᠭ᠎ᠠ ᠪᠠᠷᠢᠮᠲᠠ ᠪᠥᠬᠦᠨ᠎ᠢ ᠨᠢᠭᠡᠳᠦᠯᠲᠡᠢ ᠦᠷ᠎ᠡ ᠡᠳ᠋᠎ᠤᠨ ᠡᠬᠢ ᠪᠠᠶᠠᠯᠢᠭ᠎ᠤᠨ ᠲᠣᠭ᠋ᠠᠵᠢᠭᠤᠯᠤᠭᠰᠠᠨ ᠬᠥᠮᠥᠷᠭᠡ᠎ᠳᠤ ᠰᠢᠩᠭᠡᠬᠡᠨ ᠣᠷᠣᠭᠤᠯᠵᠤ᠂ ᠠᠵᠤ ᠠᠬᠤᠶ᠋ᠢᠯᠠᠯ᠂ ᠶᠡᠭᠡ ᠳᠡᠭᠡᠳᠦ ᠰᠤᠷᠭ᠋ᠠᠭᠤᠯᠢ᠂ ᠰᠢᠨᠵᠢᠯᠡᠬᠦ ᠤᠬᠠᠭ᠋ᠠᠨ᠎ᠤ ᠰᠤᠳᠤᠯᠤᠯ᠎ᠤᠨ ᠬᠦᠷᠢᠶᠡᠯᠡᠩ ᠭᠠᠵᠠᠷ ᠵᠡᠷᠭᠡ᠎ᠠᠴᠠ ᠣᠳᠣ ᠪᠠᠶ᠋ᠢᠭ᠎ᠠ ᠦᠷ᠎ᠡ ᠡᠳ᠋᠎ᠤᠨ ᠡᠬᠢ ᠪᠠᠶᠠᠯᠢᠭ᠎ᠤᠨ ᠮᠡᠳᠡᠭᠡ ᠵᠠᠩᠭᠢ ᠵᠢ ᠲᠠᠪᠴᠠᠩ᠎ᠳᠤ ᠰᠢᠩᠭᠡᠬᠡᠨ ᠣᠷᠣᠭᠤᠯᠬᠤ ᠵᠢ ᠵᠣᠷᠢᠭᠵᠢᠭᠤᠯᠵᠤ᠂ 《ᠨᠢᠭᠡ ᠵᠦᠢ᠍ᠯ᠎ᠤᠨ ᠡᠬᠢ ᠪᠠᠶᠠᠯᠢᠭ᠎ᠲᠤ ᠨᠢᠭᠡᠨ ᠪᠡᠶ᠎ᠡ ᠵᠢᠨ ᠭᠠᠷᠤᠯ᠎ᠲᠠᠢ ᠪᠠᠶ᠋ᠢᠬᠤ》 ᠵᠢ ᠪᠡᠶᠡᠯᠡᠭᠦᠯᠦᠨ᠎ᠡ᠃ ᠦᠷ᠎ᠡ ᠡᠳ᠋᠎ᠤᠨ ᠡᠬᠢ ᠪᠠᠶᠠᠯᠢᠭ᠎ᠢ ᠬᠠᠮᠲᠤ᠎ᠪᠠᠷ ᠬᠦᠷᠲᠡᠵᠦ ᠠᠰᠢᠭᠯᠠᠬᠤ ᠲᠣᠭᠲᠠᠴᠠ ᠵᠢ ᠪᠠᠶ᠋ᠢᠭᠤᠯᠵᠤ᠂ ᠡᠬᠢ ᠪᠠᠶᠠᠯᠢᠭ᠎ᠢ ᠬᠠᠮᠲᠤ᠎ᠪᠠᠷ ᠬᠦᠷᠲᠡᠵᠦ ᠠᠰᠢᠭᠯᠠᠬᠤ ᠬᠠᠮᠢᠶᠠᠷᠤᠯᠲᠠ ᠵᠢᠨ ᠠᠷᠭ᠎ᠠ ᠵᠢ ᠲᠣᠭᠲᠠᠭ᠋ᠠᠨ᠂ ᠦᠷ᠎ᠡ ᠡᠳ᠋᠎ᠤᠨ ᠡᠬᠢ ᠪᠠᠶᠠᠯᠢᠭ᠎ᠤᠨ ᠢᠯᠡ᠎ᠪᠠᠷ ᠠᠷᠠᠯᠵᠢᠶᠠᠯᠠᠬᠤ ᠵᠢ ᠠᠬᠢᠭᠤᠯᠵᠤ᠂ ᠰᠣᠯᠢᠯᠴᠠᠬᠤ᠂ ᠰᠢᠯᠵᠢᠭᠦᠯᠦᠨ ᠥᠭᠬᠦ᠂ ᠵᠥᠪᠰᠢᠶᠡᠷᠡᠬᠦ᠂ ᠦᠨ᠎ᠡ ᠬᠠᠩᠰᠢ ᠲᠣᠭᠲᠠᠭ᠋ᠠᠵᠤ ᠬᠤᠪᠢ ᠣᠷᠣᠭᠤᠯᠬᠤ ᠵᠡᠷᠭᠡ ᠠᠷᠭ᠎ᠠ ᠮᠠᠶᠢᠭ ᠵᠶ᠋ᠠᠷ ᠬᠠᠮᠲᠤ᠎ᠪᠠᠷ ᠬᠦᠷᠲᠡᠵᠦ ᠠᠰᠢᠭᠯᠠᠬᠤ ᠵᠢ ᠵᠣᠷᠢᠭᠵᠢᠭᠤᠯᠤᠨ᠎ᠠ᠃ ᠥᠪᠡᠷᠲᠡᠭᠡᠨ ᠵᠠᠰᠠᠬᠤ ᠣᠷᠣᠨ᠎ᠤ ᠮᠠᠭ᠋ᠠᠳᠯᠠᠨ ᠲᠣᠭᠲᠠᠭ᠋ᠠᠭᠰᠠᠨ ᠦᠷ᠎ᠡ ᠡᠳ᠋᠎ᠤᠨ ᠡᠬᠢ ᠪᠠᠶᠠᠯᠢᠭ᠎ᠤᠨ ᠬᠥᠮᠥᠷᠭᠡ ᠵᠢᠨ ᠵᠢᠯ ᠪᠦᠷᠢ ᠬᠤᠪᠢᠶᠠᠨ ᠲᠠᠷᠬᠠᠭ᠋ᠠᠬᠤ ᠪᠤᠶᠤ ᠰᠣᠯᠢᠯᠴᠠᠬᠤ ᠡᠬᠢ ᠪᠠᠶᠠᠯᠢᠭ᠎ᠢ 50 ᠬᠤᠪᠢ᠎ᠠᠴᠠ ᠳᠣᠣᠷᠠᠳᠠᠬᠤ ᠦᠭᠡᠢ ᠪᠠᠶ᠋ᠢᠯᠭ᠋ᠠᠨ᠎ᠠ᠃ (ᠥᠪᠡᠷᠲᠡᠭᠡᠨ ᠵᠠᠰᠠᠬᠤ ᠣᠷᠣᠨ᠎ᠤ ᠲᠠᠷᠢᠶᠠᠯᠠᠩ ᠮᠠᠯ ᠠᠵᠤ ᠠᠬᠤᠢ ᠪᠠ ᠬᠥᠳᠡᠭᠡ ᠲᠣᠰᠬᠤᠨ ᠮᠠᠯᠵᠢᠬᠤ ᠣᠷᠣᠨ᠎ᠤ ᠲᠢᠩᠬᠢᠮ᠂ ᠣᠢ ᠰᠢᠭᠤᠢ ᠪᠠ ᠨᠤᠲᠤᠭ ᠪᠡᠯᠴᠢᠭᠡᠷ᠎ᠤᠨ ᠲᠣᠪᠴᠢᠶ᠎ᠠ ᠡᠭᠦᠷᠭᠡ ᠬᠠᠷᠢᠭᠤᠴᠠᠯᠭ᠎ᠠ ᠠᠵᠢᠯ᠎ᠤᠨ ᠬᠤᠪᠢᠶᠠᠷᠢᠯᠠᠯ ᠶᠣᠰᠣᠭ᠋ᠠᠷ ᠬᠠᠷᠢᠭᠤᠴᠠᠨ᠎ᠠ)
ᠬᠤᠶᠠᠷ᠂ ᠳᠠᠪᠠᠭᠤᠯᠢᠭ ᠵᠶ᠋ᠠᠨ ᠳᠠᠪᠲᠠᠵᠤ ᠳᠤᠲᠠᠭᠤᠳᠠᠯ ᠵᠶ᠋ᠠᠨ ᠨᠥᠬᠦᠪᠦᠷᠢᠯᠡᠨ᠂ ᠲᠣᠭᠲᠠᠭᠤᠨ ᠪᠥᠭᠡᠳ ᠥᠨᠳᠥᠷ ᠪᠦᠲᠦᠮᠵᠢᠲᠡᠢ ᠣᠳᠣ ᠦᠶ᠎ᠡ ᠵᠢᠨ ᠦᠷ᠎ᠡ ᠡᠭᠦᠯᠳᠡᠷ ᠪᠣᠶ᠋ᠢᠵᠢᠭᠤᠯᠬᠤ ᠲᠣᠭᠲᠠᠯᠴᠠᠭ᠎ᠠ ᠵᠢ ᠪᠠᠶ᠋ᠢᠭᠤᠯᠤᠨ᠎ᠠ
(ᠳᠥᠷᠪᠡ) ᠰᠢᠯᠢᠳᠡᠭ ᠠᠵᠤ ᠠᠬᠤᠶ᠋ᠢᠯᠠᠯ᠎ᠢ ᠲᠡᠳᠬᠦᠬᠦ ᠠᠵᠢᠯᠯᠠᠭ᠋ᠠᠨ᠎ᠢ ᠬᠡᠷᠡᠭᠵᠢᠭᠦᠯᠦᠨ᠎ᠡ᠃ ᠠᠵᠤ ᠠᠬᠤᠶ᠋ᠢᠯᠠᠯ᠎ᠤᠨ ᠭᠤᠣᠯ ᠴᠣᠭᠴᠠ ᠵᠢᠨ ᠴᠢᠳᠠᠮᠵᠢ ᠵᠢ ᠴᠢᠩᠭ᠋ᠠᠷᠠᠭᠤᠯᠵᠤ᠂ ᠬᠥᠲᠥᠴᠢ ᠠᠵᠤ ᠠᠬᠤᠶ᠋ᠢᠯᠠᠯ᠎ᠤᠨ ᠦᠷ᠎ᠡ ᠡᠳ᠋᠎ᠤᠨ ᠡᠬᠢ ᠪᠠᠶᠠᠯᠢᠭ᠎ᠢ ᠴᠤᠭᠯᠠᠭᠤᠯᠬᠤ ᠪᠠ ᠵᠠᠩᠭᠢᠯᠠᠭ᠎ᠠ ᠵᠢᠨ ᠭᠤᠣᠯᠯᠠᠭᠴᠢ ᠮᠡᠷᠭᠡᠵᠢᠯ᠎ᠤᠨ ᠪᠣᠭᠤᠮᠲᠠ ᠰᠢᠪᠲᠤᠯᠬᠤ ᠠᠵᠢᠯ ᠥᠷᠨᠢᠭᠦᠯᠬᠦ ᠵᠢ ᠳᠡᠮᠵᠢᠨ᠎ᠡ᠃ ᠤᠯᠤᠰ᠎ᠤᠨ ᠦᠷ᠎ᠡ ᠡᠭᠦᠯᠳᠡᠷ᠎ᠤᠨ ᠦᠢ᠍ᠯᠡᠰ᠎ᠤᠨ ᠵᠢᠭᠰᠠᠭ᠋ᠠᠯ᠎ᠤᠨ ᠬᠡᠯᠪᠡᠷᠢ ᠪᠦᠬᠦᠢ ᠠᠵᠤ ᠠᠬᠤᠶ᠋ᠢᠯᠠᠯ᠎ᠤᠨ 《ᠨᠢᠭᠡ᠎ᠳᠤ ᠨᠢᠭᠡ ᠵᠢ ᠴᠢᠭᠯᠡᠭᠦᠯᠬᠦ》 ᠬᠠᠷᠢᠯᠴᠠᠬᠤ ᠲᠣᠭᠲᠠᠴᠠ ᠵᠢ ᠪᠠᠶ᠋ᠢᠭᠤᠯᠵᠤ᠂ 《ᠨᠢᠭᠡ ᠠᠵᠤ ᠠᠬᠤᠶ᠋ᠢᠯᠠᠯ᠎ᠳᠤ ᠨᠢᠭᠡ ᠠᠷᠭ᠎ᠠ ᠪᠣᠳᠣᠯᠭ᠎ᠠ ᠬᠡᠷᠡᠭᠵᠢᠭᠦᠯᠬᠦ》 ᠱᠠᠲᠤᠯᠢᠭ ᠪᠤᠶ᠋ᠢᠵᠢᠯᠲᠠ ᠵᠢ ᠬᠡᠷᠡᠭᠵᠢᠭᠦᠯᠦᠨ᠎ᠡ᠃ ᠥᠪᠡᠷᠲᠡᠭᠡᠨ ᠵᠠᠰᠠᠬᠤ ᠣᠷᠣᠨ᠎ᠤ ᠦᠷ᠎ᠡ ᠡᠭᠦᠯᠳᠡᠷ᠎ᠤᠨ ᠦᠢ᠍ᠯᠡᠰ᠎ᠤᠨ ᠠᠵᠤ ᠠᠬᠤᠶ᠋ᠢᠯᠠᠯ᠎ᠤᠨ ᠬᠢᠯᠢ ᠵᠢᠨ ᠳᠣᠲᠣᠭ᠋ᠠᠳᠤ᠎ᠳᠤ ᠵᠠᠬ᠎ᠠ᠎ᠳᠤ ᠭᠠᠷᠬᠤ ᠵᠢ ᠵᠣᠷᠢᠭᠵᠢᠭᠤᠯᠵᠤ᠂ ᠥᠪᠡᠷᠲᠡᠭᠡᠨ ᠵᠠᠰᠠᠬᠤ ᠣᠷᠣᠨ᠎ᠤ ᠠᠵᠤ ᠠᠬᠤᠶ᠋ᠢᠯᠠᠯ᠎ᠤᠨ ᠵᠠᠬ᠎ᠠ᠎ᠳᠤ ᠭᠠᠷᠴᠤ ᠫᠠᠶ᠋ᠢᠰᠠ ᠡᠯᠭᠦᠬᠦ᠎ᠳᠤ ᠱᠠᠩᠨᠠᠨ ᠨᠥᠬᠦᠪᠦᠷᠢᠯᠡᠬᠦ ᠬᠤᠯᠪᠣᠭᠳᠠᠯ ᠪᠦᠬᠦᠢ ᠲᠥᠷᠥ ᠵᠢᠨ ᠪᠣᠳᠣᠯᠭ᠎ᠠ ᠵᠢ ᠨᠠᠶ᠋ᠢᠳᠠᠪᠤᠷᠢᠵᠢᠭᠤᠯᠤᠨ᠎ᠠ᠃ ᠤᠯᠤᠰ᠎ᠤᠨ ᠦᠷ᠎ᠡ ᠡᠭᠦᠯᠳᠡᠷ᠎ᠤᠨ ᠦᠢ᠍ᠯᠡᠰ᠎ᠤᠨ ᠵᠢᠭᠰᠠᠭ᠋ᠠᠯ᠎ᠤᠨ ᠬᠡᠯᠪᠡᠷᠢ ᠪᠦᠬᠦᠢ ᠠᠵᠤ ᠠᠬᠤᠶ᠋ᠢᠯᠠᠯ᠂ ᠳᠤᠮᠳᠠᠳᠤ ᠤᠯᠤᠰ᠎ᠤᠨ ᠦᠷ᠎ᠡ ᠵᠢᠨ ᠠᠵᠢᠯ ᠲᠥᠷᠥᠯ᠎ᠤᠨ ᠨᠡᠶ᠋ᠢᠭᠡᠮᠯᠢᠭ᠎ᠤᠨ ᠥᠷᠨᠢᠭᠦᠯᠦᠭᠰᠡᠨ ᠢᠲᠡᠭᠡᠮᠵᠢ ᠵᠢᠨ ᠦᠨᠡᠯᠡᠯᠲᠡ᠎ᠳᠠᠬᠢ ᠳᠡᠰ᠎ᠨᠢ 3A᠎ᠤᠨ ᠠᠵᠤ ᠠᠬᠤᠶ᠋ᠢᠯᠠᠯ᠂ ᠪᠣᠶ᠋ᠢᠵᠢᠭᠤᠯᠬᠤ ᠦᠷᠡᠵᠢᠭᠦᠯᠬᠦ ᠳᠡᠯᠭᠡᠷᠡᠭᠦᠯᠬᠦ ᠵᠢ ᠨᠢᠭᠡ ᠴᠣᠭᠴᠠᠵᠢᠭᠤᠯᠤᠭᠰᠠᠨ ᠠᠵᠤ ᠠᠬᠤᠶ᠋ᠢᠯᠠᠯ ᠵᠡᠷᠭᠡ ᠦᠷ᠎ᠡ ᠡᠭᠦᠯᠳᠡᠷ᠎ᠤᠨ ᠦᠢ᠍ᠯᠡᠰ᠎ᠤᠨ ᠬᠥᠲᠥᠴᠢ ᠠᠵᠤ ᠠᠬᠤᠶ᠋ᠢᠯᠠᠯ᠎ᠢ ᠪᠣᠶ᠋ᠢᠵᠢᠭᠤᠯᠬᠤ ᠵᠢ ᠳᠡᠮᠵᠢᠨ᠎ᠡ᠃ ᠳᠠᠪᠠᠭᠤᠯᠢᠭ ᠦᠷ᠎ᠡ ᠡᠭᠦᠯᠳᠡᠷ᠎ᠤᠨ ᠦᠢ᠍ᠯᠡᠰ᠎ᠤᠨ ᠠᠵᠤ ᠠᠬᠤᠶ᠋ᠢᠯᠠᠯ᠎ᠤᠨ ᠣᠯᠠᠨ ᠤᠯᠤᠰ᠎ᠤᠨ ᠰᠣᠯᠢᠯᠴᠠᠭ᠎ᠠ ᠬᠠᠮᠲᠤᠷᠠᠯᠴᠠᠭ᠎ᠠ ᠵᠢ ᠥᠷᠨᠢᠭᠦᠯᠬᠦ᠂ ᠭᠠᠳᠠᠭ᠋ᠠᠳᠤ ᠵᠢᠨ ᠵᠠᠬ᠎ᠠ ᠳᠡᠯᠭᠡᠭᠦᠷ᠎ᠢ ᠢᠳᠡᠪᠬᠢᠲᠡᠢ ᠥᠷᠭᠡᠳᠬᠡᠬᠦ᠂ ᠣᠯᠠᠨ ᠤᠯᠤᠰᠵᠢᠭᠰᠠᠨ ᠬᠥᠭᠵᠢᠯᠲᠡ᠎ᠳᠤ ᠬᠦᠴᠦᠨ ᠨᠡᠮᠡᠷᠢᠯᠡᠬᠦ ᠵᠢ ᠵᠣᠷᠢᠭᠵᠢᠭᠤᠯᠤᠨ᠎ᠠ᠃ (ᠥᠪᠡᠷᠲᠡᠭᠡᠨ ᠵᠠᠰᠠᠬᠤ ᠣᠷᠣᠨ᠎ᠤ ᠲᠠᠷᠢᠶᠠᠯᠠᠩ ᠮᠠᠯ ᠠᠵᠤ ᠠᠬᠤᠢ ᠪᠠ ᠬᠥᠳᠡᠭᠡ ᠲᠣᠰᠬᠤᠨ ᠮᠠᠯᠵᠢᠬᠤ ᠣᠷᠣᠨ᠎ᠤ ᠲᠢᠩᠬᠢᠮ᠂ ᠰᠢᠨᠵᠢᠯᠡᠬᠦ ᠤᠬᠠᠭ᠋ᠠᠨ ᠲᠧᠭᠨᠢᠭ ᠮᠡᠷᠭᠡᠵᠢᠯ᠎ᠤᠨ ᠲᠢᠩᠬᠢᠮ᠂ ᠡᠳ᠋᠎ᠤᠨ ᠵᠠᠰᠠᠭ᠎ᠤᠨ ᠲᠢᠩᠬᠢᠮ᠂ ᠣᠷᠣᠨ ᠨᠤᠲᠤᠭ᠎ᠤᠨ ᠮᠥᠩᠭᠦᠨ ᠭᠦᠢ᠍ᠯᠭᠡᠭᠡᠨ᠎ᠤ ᠬᠢᠨᠠᠯᠲᠠ ᠬᠠᠮᠢᠶᠠᠷᠤᠯᠲᠠ ᠵᠢᠨ ᠲᠣᠪᠴᠢᠶ᠎ᠠ᠂ ᠥᠪᠥᠷ ᠮᠣᠩᠭᠤᠯ᠎ᠤᠨ ᠲᠡᠮᠳᠡᠭᠲᠦ ᠵᠢᠨ ᠬᠢᠨᠠᠯᠲᠠ ᠬᠠᠮᠢᠶᠠᠷᠤᠯᠲᠠ ᠵᠢᠨ ᠲᠣᠪᠴᠢᠶ᠎ᠠ ᠡᠭᠦᠷᠭᠡ ᠬᠠᠷᠢᠭᠤᠴᠠᠯᠭ᠎ᠠ ᠠᠵᠢᠯ᠎ᠤᠨ ᠬᠤᠪᠢᠶᠠᠷᠢᠯᠠᠯ ᠶᠣᠰᠣᠭ᠋ᠠᠷ ᠬᠠᠷᠢᠭᠤᠴᠠᠨ᠎ᠠ)
(ᠲᠠᠪᠤ) ᠲᠠᠷᠢᠮᠠᠯ᠎ᠤᠨ ᠦᠷ᠎ᠡ ᠡᠭᠦᠯᠳᠡᠷ ᠪᠣᠶ᠋ᠢᠵᠢᠭᠤᠯᠬᠤ ᠲᠠᠯ᠎ᠠ᠎ᠳᠤ ᠰᠢᠨ᠎ᠡ ᠡᠭᠦᠳᠦᠯᠲᠡ ᠭᠠᠷᠭ᠋ᠠᠬᠤ ᠵᠢ ᠳᠡᠮᠵᠢᠨ᠎ᠡ᠃ ᠥᠪᠡᠷᠲᠡᠭᠡᠨ ᠵᠠᠰᠠᠬᠤ ᠣᠷᠣᠨ᠎ᠤ ᠦᠷ᠎ᠡ ᠡᠭᠦᠯᠳᠡᠷ ᠪᠣᠶ᠋ᠢᠵᠢᠭᠤᠯᠬᠤ ᠰᠤᠳᠤᠯᠤᠨ ᠨᠡᠭᠡᠭᠡᠬᠦ ᠰᠠᠭᠤᠷᠢ᠂ ᠣᠷᠣᠨ ᠪᠦᠰᠡ ᠵᠢᠨ ᠬᠠᠷᠢᠴᠠᠩᠭᠤᠢ ᠳᠠᠪᠠᠭᠤᠯᠢᠭ ᠪᠠ ᠠᠵᠤ ᠦᠢ᠍ᠯᠡᠰ᠎ᠤᠨ ᠬᠥᠭᠵᠢᠯᠲᠡ ᠵᠢᠨ ᠬᠡᠷᠡᠭᠴᠡᠭᠡ ᠱᠠᠭ᠋ᠠᠷᠳᠠᠯᠭ᠎ᠠ᠎ᠳᠤ ᠠᠩᠬᠠᠷᠤᠯ ᠵᠶ᠋ᠠᠨ ᠲᠥᠪᠯᠡᠷᠡᠭᠦᠯᠵᠦ᠂ ᠰᠢᠷ᠎ᠠ ᠪᠤᠷᠴᠠᠭ᠂ ᠨᠠᠷᠢᠮᠤ᠂ ᠨᠠᠷᠠᠨ ᠬᠤᠸᠠᠷ᠂ ᠡᠷᠳᠡᠨᠢ ᠰᠢᠰᠢ᠂ ᠲᠥᠮᠥᠰᠥ᠂ ᠤᠰᠤᠨ ᠲᠤᠲᠤᠷᠭ᠎ᠠ᠂ ᠪᠤᠭᠤᠳᠠᠢ᠂ ᠰᠢᠬᠢᠷ ᠯᠤᠤᠪᠠᠩ᠂ ᠨᠣᠬᠠᠢ ᠵᠢᠨ ᠬᠤᠰᠢᠭᠤ ᠵᠡᠷᠭᠡ ᠳᠠᠪᠠᠭᠤᠯᠢᠭ ᠣᠨᠴᠠᠯᠢᠭᠲᠤ ᠲᠠᠷᠢᠮᠠᠯ ᠵᠶ᠋ᠠᠷ ᠭᠤᠣᠯᠳᠠᠭᠤᠯᠤᠨ᠂ ᠦᠷ᠎ᠡ ᠡᠭᠦᠯᠳᠡᠷ ᠪᠣᠶ᠋ᠢᠵᠢᠭᠤᠯᠬᠤ ᠲᠠᠯ᠎ᠠ᠎ᠪᠠᠷ ᠬᠤᠯᠪᠤᠭ᠋ᠠᠯᠠᠨ ᠪᠣᠭᠤᠮᠲᠠ ᠰᠢᠪᠲᠤᠯᠬᠤ ᠪᠠ 《ᠵᠠᠷᠯᠠᠯ ᠨᠡᠶ᠋ᠢᠲᠡᠯᠡᠵᠦ ᠬᠤᠰᠢᠭᠤᠷᠠᠨ ᠠᠵᠢᠯᠯᠠᠬᠤ》 ᠵᠢ ᠬᠡᠷᠡᠭᠵᠢᠭᠦᠯᠦᠨ᠂ ᠦᠷ᠎ᠡ ᠡᠭᠦᠯᠳᠡᠷ ᠪᠣᠶ᠋ᠢᠵᠢᠭᠤᠯᠬᠤ ᠰᠤᠳᠤᠯᠤᠨ ᠨᠡᠭᠡᠭᠡᠬᠦ ᠲᠣᠭᠲᠠᠴᠠ᠎ᠳᠤ ᠰᠢᠨ᠎ᠡ ᠵᠢ ᠡᠭᠦᠳᠴᠦ᠂ ᠰᠢᠨᠵᠢᠯᠡᠬᠦ ᠤᠬᠠᠭ᠋ᠠᠨ᠎ᠤ ᠰᠤᠳᠤᠯᠤᠯ᠎ᠤᠨ ᠬᠦᠷᠢᠶᠡᠯᠡᠩ ᠭᠠᠵᠠᠷ᠂ ᠶᠡᠭᠡ ᠳᠡᠭᠡᠳᠦ ᠰᠤᠷᠭ᠋ᠠᠭᠤᠯᠢ᠂ ᠬᠥᠲᠥᠴᠢ ᠠᠵᠤ ᠠᠬᠤᠶ᠋ᠢᠯᠠᠯ᠂ ᠠᠵᠢᠯ ᠲᠥᠷᠥᠯ᠎ᠤᠨ ᠳᠠᠭ᠋ᠠᠭᠤᠯᠤᠭᠴᠢ ᠰᠢᠨᠵᠢᠯᠡᠬᠦ ᠤᠬᠠᠭ᠋ᠠᠨᠲᠠᠨ᠎ᠤ ᠦᠷ᠎ᠡ ᠡᠭᠦᠯᠳᠡᠷ ᠪᠣᠶ᠋ᠢᠵᠢᠭᠤᠯᠬᠤ᠎ᠳᠤ ᠰᠢᠨ᠎ᠡ ᠵᠢ ᠡᠭᠦᠳᠬᠦ ᠬᠤᠯᠪᠣᠭ᠋ᠠᠲᠤ ᠴᠣᠭᠴᠠ ᠵᠣᠬᠢᠶᠠᠨ ᠪᠠᠶ᠋ᠢᠭᠤᠯᠬᠤ ᠵᠢ᠎ᠨᠢ ᠳᠡᠮᠵᠢᠵᠦ᠂ ᠡᠯ᠎ᠡ ᠲᠠᠯ᠎ᠠ ᠵᠢᠨ ᠦᠷ᠎ᠡ ᠡᠳ᠋᠎ᠤᠨ ᠡᠬᠢ ᠪᠠᠶᠠᠯᠢᠭ᠂ ᠴᠢᠳᠠᠪᠤᠷᠢᠲᠠᠨ᠎ᠤ ᠡᠬᠢ ᠪᠠᠶᠠᠯᠢᠭ᠂ ᠲᠠᠪᠴᠠᠩ᠎ᠤᠨ ᠡᠬᠢ ᠪᠠᠶᠠᠯᠢᠭ᠎ᠢ ᠡᠮᠬᠢᠯᠡᠨ ᠨᠡᠶ᠋ᠢᠯᠡᠭᠦᠯᠵᠦ᠂ ᠠᠵᠤ ᠦᠢ᠍ᠯᠡᠰᠵᠢᠭᠰᠡᠨ ᠵᠠᠭᠪᠤᠷ ᠶᠣᠰᠣᠭ᠋ᠠᠷ ᠰᠠᠭᠤᠷᠢ ᠰᠢᠨᠵᠢᠯᠡᠬᠦ ᠤᠬᠠᠭ᠋ᠠᠨ᠎ᠤ ᠰᠤᠳᠤᠯᠤᠯ᠂ ᠬᠡᠷᠡᠭᠯᠡᠭᠡᠨ᠎ᠤ ᠰᠤᠳᠤᠯᠤᠯ᠂ ᠦᠷ᠎ᠡ ᠡᠭᠦᠯᠳᠡᠷ ᠪᠣᠶ᠋ᠢᠵᠢᠭᠤᠯᠬᠤ ᠮᠡᠷᠭᠡᠵᠢᠯ ᠵᠡᠷᠭᠡ ᠲᠠᠯ᠎ᠠ᠎ᠪᠠᠷ ᠲᠥᠪᠯᠡᠷᠡᠭᠦᠯᠦᠨ ᠪᠣᠭᠤᠮᠲᠠ ᠰᠢᠪᠲᠤᠯᠵᠤ᠂ ᠦᠢ᠍ᠯᠡᠳᠪᠦᠷᠢᠯᠡᠬᠦ ᠵᠢᠭ᠋ᠠᠬᠤ ᠰᠤᠳᠤᠯᠬᠤ ᠬᠡᠷᠡᠭᠯᠡᠬᠦ᠎ᠪᠠᠨ ᠭᠦᠨᠵᠡᠭᠡᠢ ᠠᠭᠤᠰᠤᠯᠴᠠᠭᠤᠯᠬᠤ ᠵᠢ ᠠᠬᠢᠭᠤᠯᠤᠨ᠂ ᠵᠠᠩᠭᠢᠯᠠᠭ᠎ᠠ ᠵᠢᠨ ᠮᠡᠷᠭᠡᠵᠢᠯ᠂ ᠤᠰᠤ ᠠᠷᠪᠢᠯᠠᠵᠤ ᠭᠠᠩ᠎ᠢ ᠳᠠᠭ᠋ᠠᠭ᠋ᠠᠬᠤ ᠪᠠ ᠬᠤᠵᠢᠷ᠎ᠲᠤ ᠲᠡᠰᠪᠦᠷᠢᠲᠡᠢ ᠰᠢᠨ᠎ᠡ ᠦᠷ᠎ᠡ ᠡᠭᠦᠯᠳᠡᠷ᠎ᠢ ᠰᠣᠩᠭᠤᠨ ᠪᠣᠶ᠋ᠢᠵᠢᠭᠤᠯᠬᠤ ᠵᠡᠷᠭᠡ ᠲᠠᠯ᠎ᠠ᠎ᠪᠠᠷ ᠰᠢᠪᠲᠤᠯᠤᠯᠲᠠ ᠭᠠᠷᠭ᠋ᠠᠨ᠎ᠠ᠃ ᠨᠠᠷᠠᠨ ᠬᠤᠸᠠᠷ᠂ ᠰᠢᠷ᠎ᠠ ᠪᠤᠷᠴᠠᠭ᠂ ᠨᠠᠷᠢᠮᠤ ᠵᠢᠨ ᠦᠷ᠎ᠡ ᠡᠭᠦᠯᠳᠡᠷ᠎ᠤᠨ ᠪᠥᠬᠦ ᠤᠯᠤᠰ᠎ᠤᠨ ᠲᠡᠷᠢᠭᠦᠨ᠎ᠳᠤ ᠪᠠᠶ᠋ᠢᠬᠤ ᠪᠠᠶ᠋ᠢᠷᠢ ᠰᠠᠭᠤᠷᠢ ᠵᠢ ᠪᠠᠲᠤᠯᠠᠵᠤ᠂ ᠪᠤᠰᠤᠳ ᠲᠠᠷᠢᠮᠠᠯ᠎ᠤᠨ ᠦᠷ᠎ᠡ ᠡᠭᠦᠯᠳᠡᠷ᠎ᠤᠨ ᠥᠪᠡᠷ᠎ᠢ᠎ᠪᠠᠨ ᠬᠠᠩᠭ᠋ᠠᠬᠤ ᠨᠣᠷᠮ᠎ᠠ ᠵᠢ ᠲᠠᠰᠤᠷᠠᠯᠲᠠ ᠦᠭᠡᠢ ᠳᠡᠭᠡᠭᠰᠢᠯᠡᠭᠦᠯᠵᠦ᠂ ᠳᠠᠪᠠᠭᠤᠯᠢᠭ ᠵᠶ᠋ᠠᠨ ᠳᠠᠪᠲᠠᠵᠤ᠂ ᠲᠡᠷᠢᠭᠦᠨ᠎ᠤ ᠪᠠᠶ᠋ᠢᠷᠢ ᠰᠠᠭᠤᠷᠢ᠎ᠪᠠᠨ ᠪᠠᠲᠤᠯᠠᠨ᠂ ᠳᠤᠲᠠᠭᠤᠳᠠᠯ ᠵᠶ᠋ᠠᠨ ᠨᠥᠬᠦᠪᠦᠷᠢᠯᠡᠵᠦ᠂ ᠵᠥᠷᠢᠶ᠎ᠡ᠎ᠪᠠᠨ ᠪᠠᠭ᠋ᠠᠰᠬᠠᠨ᠎ᠠ᠃ ᠡᠷᠳᠡᠨᠢ ᠰᠢᠰᠢ᠂ ᠲᠥᠮᠥᠰᠥ᠂ ᠢᠳᠡᠰᠢᠨ ᠨᠣᠭᠤᠭ᠎ᠠ᠂ ᠰᠢᠷ᠎ᠠ ᠪᠤᠷᠴᠠᠭ᠂ ᠠᠮᠢᠳᠤ ᠪᠣᠳᠠᠰ᠎ᠤᠨ ᠦᠷ᠎ᠡ ᠡᠭᠦᠯᠳᠡᠷ ᠪᠣᠶ᠋ᠢᠵᠢᠭᠤᠯᠬᠤ ᠵᠢᠨ ᠥᠪᠡᠷᠲᠡᠭᠡᠨ ᠵᠠᠰᠠᠬᠤ ᠣᠷᠣᠨ᠎ᠤ ᠮᠡᠷᠭᠡᠵᠢᠯ᠎ᠤᠨ ᠰᠢᠨ᠎ᠡ ᠵᠢ ᠡᠭᠦᠳᠬᠦ ᠲᠥᠪ᠎ᠤᠨ ᠪᠦᠲᠦᠭᠡᠨ ᠪᠠᠶ᠋ᠢᠭᠤᠯᠤᠯᠲᠠ ᠵᠢ ᠦᠷᠭᠦᠯᠵᠢᠯᠡᠨ ᠠᠬᠢᠭᠤᠯᠤᠨ᠎ᠠ᠃ (ᠥᠪᠡᠷᠲᠡᠭᠡᠨ ᠵᠠᠰᠠᠬᠤ ᠣᠷᠣᠨ᠎ᠤ ᠲᠠᠷᠢᠶᠠᠯᠠᠩ ᠮᠠᠯ ᠠᠵᠤ ᠠᠬᠤᠢ ᠪᠠ ᠬᠥᠳᠡᠭᠡ ᠲᠣᠰᠬᠤᠨ ᠮᠠᠯᠵᠢᠬᠤ ᠣᠷᠣᠨ᠎ᠤ ᠲᠢᠩᠬᠢᠮ᠂ ᠰᠢᠨᠵᠢᠯᠡᠬᠦ ᠤᠬᠠᠭ᠋ᠠᠨ ᠲᠧᠭᠨᠢᠭ ᠮᠡᠷᠭᠡᠵᠢᠯ᠎ᠤᠨ ᠲᠢᠩᠬᠢᠮ ᠡᠭᠦᠷᠭᠡ ᠬᠠᠷᠢᠭᠤᠴᠠᠯᠭ᠎ᠠ ᠠᠵᠢᠯ᠎ᠤᠨ ᠬᠤᠪᠢᠶᠠᠷᠢᠯᠠᠯ ᠶᠣᠰᠣᠭ᠋ᠠᠷ ᠬᠠᠷᠢᠭᠤᠴᠠᠨ᠎ᠠ)
(ᠵᠢᠷᠭᠤᠭ᠎ᠠ) ᠮᠠᠯ ᠵᠢᠭᠦᠷᠲᠡᠨ᠎ᠤ ᠡᠭᠦᠯᠳᠡᠷ ᠪᠣᠶ᠋ᠢᠵᠢᠭᠤᠯᠬᠤ ᠲᠠᠯ᠎ᠠ᠎ᠳᠤ ᠰᠢᠨ᠎ᠡ ᠡᠭᠦᠳᠦᠯᠲᠡ ᠭᠠᠷᠭ᠋ᠠᠬᠤ ᠵᠢ ᠳᠡᠮᠵᠢᠨ᠎ᠡ᠃ ᠠᠯᠠᠰᠢᠨ ᠦᠬᠡᠷ᠂ ᠠᠯᠠᠰᠢᠨ ᠬᠤᠨᠢ᠂ ᠠᠮᠢᠳᠤ ᠭᠠᠭ᠍ᠠᠢ ᠵᠡᠷᠭᠡ ᠵᠢᠨ ᠡᠭᠦᠯᠳᠡᠷ ᠪᠣᠶ᠋ᠢᠵᠢᠭᠤᠯᠬᠤ ᠲᠠᠯ᠎ᠠ᠎ᠪᠠᠷ ᠬᠤᠯᠪᠤᠭ᠋ᠠᠯᠠᠨ ᠪᠣᠭᠤᠮᠲᠠ ᠰᠢᠪᠲᠤᠯᠬᠤ ᠪᠠ 《ᠵᠠᠷᠯᠠᠯ ᠨᠡᠶ᠋ᠢᠲᠡᠯᠡᠵᠦ ᠬᠤᠰᠢᠭᠤᠷᠠᠨ ᠠᠵᠢᠯᠯᠠᠬᠤ》 ᠵᠢ ᠥᠷᠨᠢᠭᠦᠯᠵᠦ᠂ ᠰᠠᠭ᠋ᠠᠯᠢ ᠵᠢᠨ ᠦᠨᠢᠶᠡᠨ᠎ᠤ ᠡᠭᠦᠯᠳᠡᠷ ᠪᠣᠶ᠋ᠢᠵᠢᠭᠤᠯᠬᠤ ᠲᠠᠯ᠎ᠠ᠎ᠪᠠᠷ ᠰᠢᠨᠵᠢᠯᠡᠬᠦ ᠤᠬᠠᠭ᠋ᠠᠨ ᠲᠧᠭᠨᠢᠭ ᠮᠡᠷᠭᠡᠵᠢᠯ᠎ᠤᠨ ᠪᠣᠭᠤᠮᠲᠠ ᠰᠢᠪᠲᠤᠯᠬᠤ᠎ᠪᠠᠨ ᠴᠢᠩᠭ᠋ᠠᠳᠬᠠᠨ᠎ᠠ᠃ ᠣᠷᠣᠨ ᠪᠦᠰᠡ ᠵᠢᠨ ᠴᠢᠨᠠᠷᠲᠠᠢ᠎ᠪᠠᠷ ᠬᠤᠯᠪᠤᠭ᠋ᠠᠯᠠᠨ ᠦᠷ᠎ᠡ ᠡᠭᠦᠯᠳᠡᠷ ᠪᠣᠶ᠋ᠢᠵᠢᠭᠤᠯᠬᠤ ᠠᠵᠢᠯ ᠥᠷᠨᠢᠭᠦᠯᠬᠦ ᠵᠢ ᠵᠣᠷᠢᠭᠵᠢᠭᠤᠯᠵᠤ᠂ ᠦᠢ᠍ᠯᠡᠳᠪᠦᠷᠢᠯᠡᠬᠦ ᠴᠢᠨᠰᠠᠭ᠎ᠠ ᠵᠢ ᠬᠡᠮᠵᠢᠨ ᠲᠣᠭᠲᠠᠭ᠋ᠠᠬᠤ ᠠᠵᠢᠯ᠎ᠢ ᠰᠢᠨᠵᠢᠯᠡᠬᠦ ᠤᠬᠠᠭ᠋ᠠᠨᠴᠢ᠂ ᠰᠢᠰᠲ᠋ᠧᠮ᠎ᠲᠠᠢ᠂ ᠵᠢᠷᠤᠮᠵᠢᠭᠤᠨ ᠪᠠᠶ᠋ᠢᠬᠤ ᠳᠦᠷᠢᠮᠯᠡᠯ᠎ᠢ ᠴᠢᠩᠭ᠎ᠠ ᠵᠢᠷᠤᠮᠯᠠᠨ ᠥᠷᠨᠢᠭᠦᠯᠵᠦ᠂ ᠬᠡᠪᠴᠢᠶᠡᠵᠢᠭᠦᠯᠦᠭᠰᠡᠨ᠂ ᠬᠠᠮᠵᠢᠯᠴᠠᠭᠰᠠᠨ᠂ ᠣᠶᠤᠨᠴᠢᠯᠠᠭᠰᠠᠨ ᠣᠳᠣ ᠦᠶ᠎ᠡ ᠵᠢᠨ ᠡᠭᠦᠯᠳᠡᠷ ᠪᠣᠶ᠋ᠢᠵᠢᠭᠤᠯᠬᠤ ᠰᠢᠨ᠎ᠡ ᠵᠠᠭᠪᠤᠷ ᠪᠠᠶ᠋ᠢᠭᠤᠯᠬᠤ ᠵᠢ ᠠᠬᠢᠭᠤᠯᠤᠨ᠎ᠠ᠃ ᠠᠯᠠᠰᠢᠨ ᠦᠬᠡᠷ᠎ᠤᠨ ᠲᠠᠯ᠎ᠠ᠎ᠪᠠᠷ ᠬᠤᠸᠠᠰᠢ ᠦᠬᠡᠷ ᠵᠡᠷᠭᠡ ᠰᠠᠶ᠋ᠢᠨ ᠦᠷ᠎ᠡ ᠡᠭᠦᠯᠳᠡᠷ᠎ᠢ ᠰᠣᠩᠭᠤᠨ ᠪᠣᠶ᠋ᠢᠵᠢᠭᠤᠯᠬᠤ ᠪᠥᠭᠡᠳ ᠴᠢᠨᠰᠠᠭ᠎ᠠ ᠵᠢᠨ ᠬᠢᠷᠢ ᠲᠦᠪᠰᠢᠨ᠎ᠢ ᠲᠠᠰᠤᠷᠠᠯᠲᠠ ᠦᠭᠡᠢ ᠳᠡᠭᠡᠭᠰᠢᠯᠡᠭᠦᠯᠵᠦ᠂ ᠡᠭᠦᠯᠳᠡᠷ᠎ᠤᠨ ᠢᠷᠡᠯᠲᠡ ᠵᠢ ᠪᠡᠶ᠎ᠡ᠎ᠪᠠᠨ ᠳᠠᠭ᠋ᠠᠭ᠋ᠠᠵᠤ ᠦᠪᠡᠰᠦᠪᠡᠨ ᠡᠵᠡᠮᠳᠡᠵᠦ ᠪᠣᠯᠬᠤ᠎ᠪᠠᠷ ᠬᠦᠴᠦᠯᠡᠨ ᠴᠢᠷᠮᠠᠶ᠋ᠢᠨ᠎ᠠ; ᠠᠯᠠᠰᠢᠨ ᠬᠤᠨᠢᠨ᠎ᠤ ᠲᠠᠯ᠎ᠠ᠎ᠪᠠᠷ ᠨᠤᠲᠤᠭ᠎ᠤᠨ ᠦᠷ᠎ᠡ ᠡᠭᠦᠯᠳᠡᠷ᠎ᠤᠨ ᠳᠠᠪᠠᠭᠤᠯᠢᠭ ᠥᠪᠡᠷᠮᠢᠴᠡ ᠰᠢᠨᠵᠢ ᠵᠢ ᠭᠦᠢ᠍ᠴᠡᠳ ᠠᠭᠤᠳᠠᠯᠵᠤ᠂ ᠦᠢ᠍ᠯᠡᠳᠪᠦᠷᠢᠯᠡᠬᠦ ᠴᠢᠨᠰᠠᠭ᠎ᠠ ᠵᠢ᠎ᠨᠢ ᠦᠷᠭᠦᠯᠵᠢᠯᠡᠨ ᠳᠡᠭᠡᠭᠰᠢᠯᠡᠭᠦᠯᠵᠦ᠂ ᠣᠯᠠᠨ ᠬᠦᠪᠦᠷᠡᠯ᠎ᠳᠦ ᠢᠯᠡᠭᠦᠦ ᠲᠥᠯᠯᠡᠬᠦ ᠲᠤᠰᠬᠠᠶ᠋ᠢᠵᠢᠭᠰᠠᠨ ᠰᠢᠨ᠎ᠡ ᠦᠷ᠎ᠡ ᠡᠭᠦᠯᠳᠡᠷ᠎ᠢ ᠪᠣᠶ᠋ᠢᠵᠢᠭᠤᠯᠤᠨ᠎ᠠ; ᠠᠮᠢᠳᠤ ᠭᠠᠭ᠍ᠠᠢ ᠵᠢᠨ ᠲᠠᠯ᠎ᠠ᠎ᠪᠠᠷ ᠤᠳᠤᠮᠯᠠᠯ᠎ᠤᠨ ᠦᠨᠡᠯᠡᠨ ᠵᠢᠱ᠌ᠢᠯᠲᠡ᠂ ᠪᠥᠬᠦ ᠭᠧᠨ᠎ᠤ ᠪᠦᠯᠦᠭ᠎ᠤᠨ ᠰᠣᠩᠭᠤᠯᠲᠠ ᠵᠡᠷᠭᠡ ᠮᠡᠷᠭᠡᠵᠢᠯ ᠵᠶ᠋ᠠᠷ ᠲᠣᠷᠣᠶ᠋ᠢᠯᠠᠬᠤ ᠨᠣᠷᠮ᠎ᠠ᠂ ᠡᠪᠡᠳᠴᠢᠨ᠎ᠢ ᠳᠠᠷᠤᠬᠤ ᠴᠢᠨᠠᠷ᠎ᠢ ᠲᠡᠬᠡᠭᠰᠢᠯᠡᠬᠦᠯᠦᠨ᠎ᠡ᠃ ᠪᠥᠬᠦ ᠤᠯᠤᠰ᠎ᠲᠤ ᠣᠷᠣᠶ᠋ᠢᠯᠠᠭᠰᠠᠨ ᠦᠬᠡᠷ᠂ ᠬᠤᠨᠢ ᠪᠠ ᠠᠮᠢᠳᠤ ᠭᠠᠭ᠍ᠠᠢ ᠵᠢᠨ ᠡᠭᠦᠯᠳᠡᠷ ᠪᠣᠶ᠋ᠢᠵᠢᠭᠤᠯᠬᠤ ᠲᠣᠭᠲᠠᠯᠴᠠᠭ᠎ᠠ ᠵᠢ ᠴᠣᠭᠴᠠᠯᠠᠵᠤ᠂ ᠡᠭᠦᠯᠳᠡᠷ᠎ᠤᠨ ᠮᠠᠯ ᠵᠢᠭᠦᠷᠲᠡᠨ᠎ᠤ ᠦᠢ᠍ᠯᠡᠳᠪᠦᠷᠢᠯᠡᠯ᠎ᠤᠨ ᠴᠢᠨᠰᠠᠭ᠎ᠠ ᠪᠠ ᠶᠠᠰᠤ ᠴᠢᠨᠠᠷ᠎ᠤᠨ ᠬᠢᠷᠢ ᠲᠦᠪᠰᠢᠨ᠎ᠤ ᠬᠤᠣᠰᠯᠠᠨ ᠳᠡᠭᠡᠭᠰᠢᠯᠡᠬᠦ ᠵᠢ ᠪᠡᠶᠡᠯᠡᠭᠦᠯᠦᠨ᠎ᠡ᠃ ᠨᠣᠣᠯᠣᠭᠤᠷ᠎ᠤᠨ ᠢᠮᠠᠭ᠎ᠠ᠂ ᠠᠳᠤᠭᠤ᠂ ᠲᠡᠮᠡᠭᠡ᠂ ᠰᠠᠭ᠋ᠠᠯᠢ ᠵᠢᠨ ᠢᠮᠠᠭ᠎ᠠ᠂ ᠭᠡᠷ᠎ᠤᠨ ᠵᠢᠭᠦᠷᠲᠡᠨ ᠵᠡᠷᠭᠡ ᠵᠢᠨ ᠥᠪᠡᠷᠮᠢᠴᠡ ᠣᠨᠴᠠᠯᠢᠭ᠎ᠲᠠᠢ ᠡᠭᠦᠯᠳᠡᠷ᠎ᠢ᠎ᠨᠢ ᠰᠣᠩᠭᠤᠨ ᠪᠣᠶ᠋ᠢᠵᠢᠭᠤᠯᠬᠤ ᠵᠢ ᠳᠡᠮᠵᠢᠨ᠎ᠡ᠃ (ᠥᠪᠡᠷᠲᠡᠭᠡᠨ ᠵᠠᠰᠠᠬᠤ ᠣᠷᠣᠨ᠎ᠤ ᠲᠠᠷᠢᠶᠠᠯᠠᠩ ᠮᠠᠯ ᠠᠵᠤ ᠠᠬᠤᠢ ᠪᠠ ᠬᠥᠳᠡᠭᠡ ᠲᠣᠰᠬᠤᠨ ᠮᠠᠯᠵᠢᠬᠤ ᠣᠷᠣᠨ᠎ᠤ ᠲᠢᠩᠬᠢᠮ᠂ ᠰᠢᠨᠵᠢᠯᠡᠬᠦ ᠤᠬᠠᠭ᠋ᠠᠨ ᠲᠧᠭᠨᠢᠭ ᠮᠡᠷᠭᠡᠵᠢᠯ᠎ᠤᠨ ᠲᠢᠩᠬᠢᠮ ᠡᠭᠦᠷᠭᠡ ᠬᠠᠷᠢᠭᠤᠴᠠᠯᠭ᠎ᠠ ᠠᠵᠢᠯ᠎ᠤᠨ ᠬᠤᠪᠢᠶᠠᠷᠢᠯᠠᠯ ᠶᠣᠰᠣᠭ᠋ᠠᠷ ᠬᠠᠷᠢᠭᠤᠴᠠᠨ᠎ᠠ)
(ᠳᠣᠯᠤᠭ᠎ᠠ) ᠣᠢ ᠮᠣᠳᠣ ᠡᠪᠡᠰᠦᠨ᠎ᠤ ᠦᠷ᠎ᠡ ᠵᠢᠨ ᠴᠢᠬᠢ ᠪᠣᠶ᠋ᠢᠵᠢᠭᠤᠯᠬᠤ ᠲᠠᠯ᠎ᠠ᠎ᠳᠤ ᠰᠢᠨ᠎ᠡ ᠡᠭᠦᠳᠦᠯᠲᠡ ᠭᠠᠷᠭ᠋ᠠᠬᠤ ᠵᠢ ᠳᠡᠮᠵᠢᠨ᠎ᠡ᠃ ᠤᠯᠤᠰ᠎ᠤᠨ ᠳᠣᠲᠣᠭ᠋ᠠᠳᠤ ᠵᠢᠨ ᠭᠤᠣᠯᠳᠠᠯᠭ᠎ᠠ᠎ᠲᠠᠢ ᠲᠤᠷᠰᠢᠯᠲᠠ ᠵᠢᠨ ᠲᠠᠰᠤᠭ᠂ ᠮᠡᠷᠭᠡᠵᠢᠯ᠎ᠤᠨ ᠰᠤᠳᠤᠯᠤᠨ ᠨᠡᠭᠡᠭᠡᠬᠦ ᠲᠠᠪᠴᠠᠩ᠂ ᠰᠢᠨᠵᠢᠯᠡᠬᠦ ᠤᠬᠠᠭ᠋ᠠᠨ᠎ᠤ ᠰᠤᠳᠤᠯᠤᠯ᠎ᠤᠨ ᠨᠢᠭᠡᠴᠢ᠂ ᠶᠡᠭᠡ ᠳᠡᠭᠡᠳᠦ ᠰᠤᠷᠭ᠋ᠠᠭᠤᠯᠢ ᠵᠡᠷᠭᠡ ᠡᠬᠢ ᠪᠠᠶᠠᠯᠢᠭ᠎ᠢ ᠬᠤᠷᠠᠭᠤᠯᠵᠤ᠂ ᠥᠪᠡᠷᠲᠡᠭᠡᠨ ᠵᠠᠰᠠᠬᠤ ᠣᠷᠣᠨ᠎ᠤ ᠡᠪᠡᠰᠦᠨ (ᠦᠷ᠎ᠡ)᠎ᠤ ᠦᠢ᠍ᠯᠡᠰ᠎ᠤᠨ ᠮᠡᠷᠭᠡᠵᠢᠯ᠎ᠤᠨ ᠰᠢᠨ᠎ᠡ ᠵᠢ ᠡᠭᠦᠳᠬᠦ ᠲᠥᠪ᠎ᠤᠨ ᠪᠠᠶ᠋ᠢᠭᠤᠯᠤᠯᠲᠠ ᠵᠢ ᠦᠷᠭᠦᠯᠵᠢᠯᠡᠨ ᠠᠬᠢᠭᠤᠯᠵᠤ᠂ ᠤᠯᠤᠰ᠎ᠤᠨ ᠡᠪᠡᠰᠦᠨ᠎ᠤ ᠦᠢ᠍ᠯᠡᠰ᠎ᠤᠨ ᠮᠡᠷᠭᠡᠵᠢᠯ᠎ᠤᠨ ᠰᠢᠨ᠎ᠡ ᠵᠢ ᠡᠭᠦᠳᠬᠦ ᠲᠥᠪ᠎ᠢ ᠢᠳᠡᠪᠬᠢᠲᠡᠢ ᠡᠭᠦᠳᠦᠨ ᠪᠠᠶ᠋ᠢᠭᠤᠯᠵᠤ᠂ ᠣᠢ ᠮᠣᠳᠣ ᠡᠪᠡᠰᠦᠨ᠎ᠤ ᠦᠷ᠎ᠡ ᠵᠢᠨ ᠦᠢ᠍ᠯᠡᠰ᠎ᠤᠨ ᠵᠠᠩᠭᠢᠯᠠᠭ᠎ᠠ ᠵᠢᠨ ᠭᠤᠣᠯᠯᠠᠭᠴᠢ ᠮᠡᠷᠭᠡᠵᠢᠯ᠎ᠤᠨ ᠪᠣᠭᠤᠮᠲᠠ ᠰᠢᠪᠲᠤᠯᠬᠤ ᠠᠵᠢᠯ᠎ᠢ ᠬᠡᠷᠡᠭᠵᠢᠭᠦᠯᠵᠦ᠂ ᠥᠪᠡᠷᠲᠡᠭᠡᠨ ᠵᠠᠰᠠᠬᠤ ᠣᠷᠣᠨ᠎ᠤ ᠣᠢ ᠮᠣᠳᠣ ᠡᠪᠡᠰᠦᠨ᠎ᠤ ᠦᠷ᠎ᠡ ᠡᠭᠦᠯᠳᠡᠷ᠎ᠲᠤ ᠰᠢᠨ᠎ᠡ ᠵᠢ ᠡᠭᠦᠳᠴᠦ ᠬᠥᠭᠵᠢᠭᠦᠯᠬᠦ ᠵᠢ ᠠᠬᠢᠭᠤᠯᠤᠨ᠎ᠠ᠃ ᠬᠢᠶᠠᠭ᠂ ᠶᠦᠷᠬᠦᠭ᠎ᠤᠨ ᠲᠠᠯ᠎ᠠ᠎ᠪᠠᠷ ᠭᠤᠣᠯᠳᠠᠭᠤ ᠦᠷ᠎ᠡ ᠡᠭᠦᠯᠳᠡᠷ᠎ᠤᠨ ᠲᠤᠭ᠎ᠠ ᠬᠡᠮᠵᠢᠶ᠎ᠡ ᠵᠢ ᠨᠡᠮᠡᠭᠳᠡᠭᠦᠯᠵᠦ᠂ ᠥᠨᠳᠥᠷ ᠮᠥᠷᠲᠡᠭᠡᠨ ᠪᠠᠬᠢᠯᠢᠭ᠌᠂ ᠰᠥᠷᠬᠦ ᠵᠢ ᠳᠠᠭ᠋ᠠᠭ᠋ᠠᠬᠤ ᠥᠨᠳᠥᠷ ᠤᠨᠠᠯᠲᠠᠲᠤ ᠰᠢᠨ᠎ᠡ ᠦᠷ᠎ᠡ ᠡᠭᠦᠯᠳᠡᠷ᠎ᠢ ᠲᠦᠷᠭᠡᠪᠴᠢᠯᠡᠨ ᠪᠣᠶ᠋ᠢᠵᠢᠭᠤᠯᠵᠤ᠂ ᠦᠷ᠎ᠡ ᠵᠢᠨ ᠨᠢᠭᠡᠴᠢ ᠲᠠᠯᠠᠪᠠᠢ ᠵᠢᠨ ᠬᠤᠷᠢᠶᠠᠯᠲᠠ ᠵᠢᠨ ᠬᠢᠷᠢ ᠲᠦᠪᠰᠢᠨ᠎ᠢ ᠳᠡᠭᠡᠭᠰᠢᠯᠡᠭᠦᠯᠵᠦ᠂ ᠪᠣᠶ᠋ᠢᠵᠢᠭᠤᠯᠬᠤ ᠦᠷᠡᠵᠢᠭᠦᠯᠬᠦ ᠳᠡᠯᠭᠡᠷᠡᠭᠦᠯᠬᠦ ᠠᠵᠤ ᠦᠢ᠍ᠯᠡᠰ᠎ᠤᠨ ᠲᠣᠭᠲᠠᠯᠴᠠᠭ᠎ᠠ ᠵᠢ ᠪᠦᠷᠢᠨᠰᠢᠭᠦᠯᠵᠦ ᠲᠡᠭᠦᠯᠳᠡᠷᠵᠢᠭᠦᠯᠦᠨ᠎ᠡ; ᠴᠠᠷᠭ᠋ᠠᠰᠤ ᠵᠢᠨ ᠲᠠᠯ᠎ᠠ᠎ᠪᠠᠷ ᠡᠪᠡᠰᠦᠨ᠎ᠤ ᠦᠷ᠎ᠡ ᠡᠭᠦᠯᠳᠡᠷ᠎ᠢ ᠭᠠᠳᠠᠭ᠋ᠠᠳᠤ᠎ᠠᠴᠠ ᠣᠷᠣᠭᠤᠯᠬᠤ᠎ᠳᠤ ᠲᠦᠰᠢᠭᠯᠡᠬᠦ᠎ᠠᠴᠠ ᠠᠩᠭᠢᠵᠢᠷᠠᠬᠤ᠎ᠪᠠᠷ ᠬᠦᠴᠦᠯᠡᠨ ᠴᠢᠷᠮᠠᠶ᠋ᠢᠵᠤ᠂ ᠤᠯᠤᠰ᠎ᠤᠨ ᠭᠠᠷᠤᠯᠲᠠᠲᠤ ᠦᠷ᠎ᠡ ᠵᠢᠨ ᠤᠨᠠᠯᠲᠠ ᠪᠠ ᠴᠢᠨᠠᠷ ᠴᠢᠨᠰᠠᠭ᠎ᠠ ᠵᠢ ᠳᠡᠭᠡᠭᠰᠢᠯᠡᠭᠦᠯᠦᠨ᠎ᠡ; ᠨᠣᠬᠠᠢ ᠵᠢᠨ ᠬᠤᠰᠢᠭᠤᠨ᠎ᠤ ᠲᠠᠯ᠎ᠠ᠎ᠪᠠᠷ ᠨᠢᠭᠡᠴᠢ ᠤᠨᠠᠯᠲᠠ ᠵᠢᠨ ᠬᠢᠷᠢ ᠲᠦᠪᠰᠢᠨ ᠥᠨᠳᠥᠷ᠂ ᠮᠧᠬᠠᠨᠢᠭᠵᠢᠭᠰᠠᠨ ᠦᠢ᠍ᠯᠡᠳᠪᠦᠷᠢᠯᠡᠯ᠎ᠳᠤ ᠲᠣᠬᠢᠷᠠᠬᠤ᠂ ᠡᠳ᠋ᠰᠢᠭᠦᠯᠦᠨ ᠪᠣᠯᠪᠠᠰᠤᠷᠠᠭᠤᠯᠬᠤ ᠬᠡᠷᠡᠭᠴᠡᠭᠡ ᠱᠠᠭ᠋ᠠᠷᠳᠠᠯᠭ᠎ᠠ᠎ᠳᠤ ᠨᠡᠶ᠋ᠢᠴᠡᠭᠰᠡᠨ ᠴᠢᠨᠠᠷ ᠪᠦᠬᠦᠢ ᠰᠢᠨ᠎ᠡ ᠦᠷ᠎ᠡ ᠡᠭᠦᠯᠳᠡᠷ᠎ᠢ ᠪᠣᠶ᠋ᠢᠵᠢᠭᠤᠯᠬᠤ᠎ᠪᠠᠷ ᠭᠤᠣᠯ ᠬᠠᠷᠠᠯᠲᠠ᠎ᠪᠠᠨ ᠪᠣᠯᠭ᠋ᠠᠨ᠎ᠠ; ᠨᠠᠷᠠᠰᠤ᠂ ᠴᠠᠭ᠋ᠠᠨ ᠬᠠᠷᠭ᠋ᠠᠨ᠎ᠠ᠂ ᠵᠠᠭ ᠮᠣᠳᠣ᠂ ᠡᠯᠡᠰᠦᠨ ᠪᠤᠷᠭ᠋ᠠᠰᠤᠨᠤ ᠲᠠᠯ᠎ᠠ᠎ᠪᠠᠷ ᠭᠠᠩ᠎ᠢ ᠳᠠᠭ᠋ᠠᠭ᠋ᠠᠬᠤ᠂ ᠬᠤᠵᠢᠷ᠎ᠲᠤ ᠲᠡᠰᠪᠦᠷᠢᠲᠡᠢ᠂ ᠡᠯᠡᠰᠦ ᠵᠢ ᠲᠣᠭᠲᠠᠪᠤᠷᠢᠵᠢᠭᠤᠯᠬᠤ ᠴᠢᠳᠠᠪᠤᠷᠢ᠎ᠪᠠᠷ ᠴᠢᠩᠭ᠎ᠠ ᠪᠠᠶ᠋ᠢᠭ᠎ᠠ ᠰᠠᠶ᠋ᠢᠨ ᠦᠷ᠎ᠡ ᠡᠭᠦᠯᠳᠡᠷ᠎ᠢ ᠰᠣᠩᠭᠤᠨ ᠪᠣᠶ᠋ᠢᠵᠢᠭᠤᠯᠬᠤ᠎ᠪᠠᠷ ᠭᠤᠣᠯ ᠬᠠᠷᠠᠯᠲᠠ᠎ᠪᠠᠨ ᠪᠣᠯᠭ᠋ᠠᠨ᠎ᠠ; ᠬᠠᠲᠠᠭᠤ ᠴᠠᠭ᠋ᠠᠨ᠂ ᠬᠡᠭᠡᠷ᠎ᠡ ᠵᠢᠨ ᠭᠦᠢ᠍ᠯᠡᠰᠦ᠂ ᠪᠤᠶ᠋ᠢᠯᠠᠰᠤ᠂ ᠰᠡᠩᠳᠡᠩ ᠮᠣᠳᠣᠨ᠎ᠤ ᠲᠠᠯ᠎ᠠ᠎ᠪᠠᠷ ᠥᠨᠳᠥᠷ ᠤᠨᠠᠯᠲᠠᠲᠤ ᠴᠢᠨᠠᠷ ᠰᠠᠶ᠋ᠢᠲᠠᠢ ᠮᠣᠳᠣᠯᠢᠭ ᠲᠣᠰᠣᠯᠢᠭ ᠲᠠᠷᠢᠮᠠᠯ᠎ᠤᠨ ᠰᠠᠶ᠋ᠢᠨ ᠦᠷ᠎ᠡ ᠡᠭᠦᠯᠳᠡᠷ᠎ᠢ ᠰᠣᠩᠭᠤᠨ ᠪᠣᠶ᠋ᠢᠵᠢᠭᠤᠯᠬᠤ᠎ᠪᠠᠷ ᠭᠤᠣᠯ ᠬᠠᠷᠠᠯᠲᠠ᠎ᠪᠠᠨ ᠪᠣᠯᠭ᠋ᠠᠨ᠎ᠠ; ᠴᠢᠴᠠᠷᠭ᠋ᠠᠨ᠎ᠠ᠂ ᠴᠠᠭ᠋ᠠᠨ ᠭᠤᠶᠣᠣ᠂ ᠴᠢᠨ᠋ᠸ᠎ᠠ ᠵᠢᠨ ᠬᠠᠷᠮᠠᠭ᠎ᠲᠤ ᠥᠨᠳᠥᠷ ᠨᠡᠮᠡᠯᠲᠡ ᠥᠷᠳᠡᠭ ᠪᠦᠬᠦᠢ ᠠᠵᠤ ᠠᠬᠤᠢ ᠵᠢᠨ ᠣᠢ ᠵᠢᠨ ᠵᠢᠮᠢᠰ᠎ᠤᠨ ᠰᠠᠶ᠋ᠢᠨ ᠦᠷ᠎ᠡ ᠡᠭᠦᠯᠳᠡᠷ᠎ᠢ ᠰᠣᠩᠭᠤᠨ ᠪᠣᠶ᠋ᠢᠵᠢᠭᠤᠯᠬᠤ᠎ᠪᠠᠷ ᠭᠤᠣᠯ ᠬᠠᠷᠠᠯᠲᠠ᠎ᠪᠠᠨ ᠪᠣᠯᠭ᠋ᠠᠵᠤ᠂ ᠣᠢ ᠮᠣᠳᠣ ᠡᠪᠡᠰᠦᠨ᠎ᠤ ᠦᠷ᠎ᠡ ᠡᠭᠦᠯᠳᠡᠷ᠎ᠤᠨ ᠦᠢ᠍ᠯᠡᠰ᠎ᠤᠨ ᠰᠢᠨᠵᠢᠯᠡᠬᠦ ᠤᠬᠠᠭ᠋ᠠᠨ ᠲᠧᠭᠨᠢᠭ ᠮᠡᠷᠭᠡᠵᠢᠯ᠎ᠤᠨ ᠲᠠᠯ᠎ᠠ᠎ᠪᠠᠷ ᠪᠡᠶ᠎ᠡ᠎ᠪᠠᠨ ᠳᠠᠭ᠋ᠠᠭ᠋ᠠᠵᠤ ᠥᠪᠡᠰᠦᠪᠡᠨ ᠬᠦᠴᠦᠷᠬᠡᠭᠵᠢᠬᠦ᠂ ᠦᠷ᠎ᠡ ᠡᠭᠦᠯᠳᠡᠷ᠎ᠤᠨ ᠢᠷᠡᠯᠲᠡ ᠵᠢ ᠪᠡᠶ᠎ᠡ᠎ᠪᠠᠨ ᠳᠠᠭ᠋ᠠᠭ᠋ᠠᠵᠤ ᠥᠪᠡᠰᠦᠪᠡᠨ ᠡᠵᠡᠮᠳᠡᠵᠦ ᠪᠣᠯᠬᠤ ᠵᠢ ᠪᠡᠶᠡᠯᠡᠭᠦᠯᠦᠨ᠎ᠡ᠃ (ᠥᠪᠡᠷᠲᠡᠭᠡᠨ ᠵᠠᠰᠠᠬᠤ ᠣᠷᠣᠨ᠎ᠤ ᠣᠢ ᠰᠢᠭᠤᠢ ᠪᠠ ᠨᠤᠲᠤᠭ ᠪᠡᠯᠴᠢᠭᠡᠷ᠎ᠤᠨ ᠲᠣᠪᠴᠢᠶ᠎ᠠ᠂ ᠰᠢᠨᠵᠢᠯᠡᠬᠦ ᠤᠬᠠᠭ᠋ᠠᠨ ᠲᠧᠭᠨᠢᠭ ᠮᠡᠷᠭᠡᠵᠢᠯ᠎ᠤᠨ ᠲᠢᠩᠬᠢᠮ ᠡᠭᠦᠷᠭᠡ ᠬᠠᠷᠢᠭᠤᠴᠠᠯᠭ᠎ᠠ ᠠᠵᠢᠯ᠎ᠤᠨ ᠬᠤᠪᠢᠶᠠᠷᠢᠯᠠᠯ ᠶᠣᠰᠣᠭ᠋ᠠᠷ ᠬᠠᠷᠢᠭᠤᠴᠠᠨ᠎ᠠ)
(ᠨᠠᠢ᠍ᠮᠠ) ᠦᠷ᠎ᠡ ᠡᠭᠦᠯᠳᠡᠷ᠎ᠤᠨ ᠬᠢᠨᠠᠨ ᠲᠣᠭᠲᠠᠭ᠋ᠠᠯᠲᠠ ᠬᠠᠮᠢᠶᠠᠷᠤᠯᠲᠠ᠎ᠪᠠᠨ ᠴᠢᠩᠭ᠋ᠠᠳᠬᠠᠨ᠎ᠠ᠃ ᠲᠠᠷᠢᠮᠠᠯ᠎ᠤᠨ ᠦᠷ᠎ᠡ ᠡᠭᠦᠯᠳᠡᠷ᠎ᠤᠨ ᠬᠢᠨᠠᠨ ᠲᠣᠭᠲᠠᠭ᠋ᠠᠬᠤ ᠪᠠᠷᠢᠮᠵᠢᠶ᠎ᠠ ᠵᠢ ᠴᠢᠩᠳᠠᠯᠠᠵᠤ᠂ DNA᠎ᠤᠨ ᠪᠠᠶ᠋ᠢᠷᠢ ᠴᠡᠭ᠎ᠤᠨ ᠲᠤᠭ᠎ᠠ᠂ ᠤᠨᠠᠯᠲᠠ ᠪᠠ ᠰᠥᠷᠬᠦ ᠵᠢ ᠳᠠᠭ᠋ᠠᠭ᠋ᠠᠬᠤ ᠴᠢᠨᠠᠷ᠎ᠤᠨ ᠱᠠᠭ᠋ᠠᠷᠳᠠᠯᠭ᠎ᠠ ᠵᠢ ᠳᠡᠭᠡᠭᠰᠢᠯᠡᠭᠦᠯᠦᠨ᠎ᠡ᠃ ᠲᠤᠷᠰᠢᠯᠲᠠ ᠵᠢᠨ ᠦᠷ᠎ᠡ ᠡᠭᠦᠯᠳᠡᠷ᠎ᠤᠨ ᠴᠢᠬᠤᠯᠠ ᠭᠦᠢ᠍ᠴᠡᠳᠬᠡᠯ ᠲᠤᠭ᠎ᠠ ᠵᠢᠨ ᠬᠢᠨᠠᠯᠲᠠ ᠬᠠᠮᠢᠶᠠᠷᠤᠯᠲᠠ᠎ᠪᠠᠨ ᠴᠢᠩᠭ᠋ᠠᠳᠬᠠᠵᠤ᠂ ᠲᠤᠷᠰᠢᠯᠲᠠ᠎ᠳᠤ ᠣᠷᠣᠯᠴᠠᠭᠰᠠᠨ ᠦᠷ᠎ᠡ ᠡᠭᠦᠯᠳᠡᠷ᠎ᠤᠨ DNA ᠬᠤᠷᠤᠭᠤᠨ᠎ᠤ ᠣᠷᠣᠮ᠂ ᠰᠥᠷᠬᠦ ᠵᠢ ᠳᠠᠭ᠋ᠠᠭ᠋ᠠᠬᠤ ᠴᠢᠨᠠᠷ᠂ ᠴᠢᠨᠠᠷ ᠪᠠ ᠭᠧᠨ ᠬᠤᠪᠢᠷᠠᠭᠤᠯᠤᠭᠰᠠᠨ ᠪᠦᠷᠢᠯᠳᠦᠭᠦᠨ ᠵᠡᠷᠭᠡ ᠵᠢ ᠪᠥᠬᠦᠨ᠎ᠢ ᠬᠠᠮᠤᠷᠠᠭᠤᠯᠤᠨ ᠪᠠᠶ᠋ᠢᠴᠠᠭ᠋ᠠᠨ ᠬᠡᠮᠵᠢᠵᠦ᠂ ᠬᠢᠨᠠᠨ ᠲᠣᠭᠲᠠᠭ᠋ᠠᠭᠰᠠᠨ ᠦᠷ᠎ᠡ ᠡᠭᠦᠯᠳᠡᠷ᠎ᠤᠨ ᠲᠤᠭ᠎ᠠ ᠬᠡᠮᠵᠢᠶ᠎ᠡ ᠵᠢ᠎ᠨᠢ ᠪᠠᠭᠤᠷᠠᠭᠤᠯᠵᠤ᠂ ᠴᠢᠨᠠᠷ᠎ᠢ᠎ᠨᠢ ᠦᠨᠡᠨ ᠬᠦ᠌ ᠳᠡᠭᠡᠭᠰᠢᠯᠡᠭᠦᠯᠦᠨ᠎ᠡ᠃ ᠲᠤᠷᠰᠢᠯᠲᠠ ᠵᠢᠨ ᠲᠣᠭᠲᠠᠯᠴᠠᠭ᠋ᠠᠨ᠎ᠤ ᠪᠠᠶ᠋ᠢᠭᠤᠯᠤᠯᠲᠠ ᠵᠢ ᠲᠡᠭᠦᠯᠳᠡᠷᠵᠢᠭᠦᠯᠵᠦ᠂ ᠥᠪᠡᠷᠲᠡᠭᠡᠨ ᠵᠠᠰᠠᠬᠤ ᠣᠷᠣᠨ᠎ᠤ ᠳᠡᠰ᠎ᠤᠨ ᠦᠷ᠎ᠡ ᠡᠭᠦᠯᠳᠡᠷ᠎ᠤᠨ ᠲᠤᠷᠰᠢᠯᠲᠠ ᠵᠢᠨ ᠰᠠᠭᠤᠷᠢᠨ ᠭᠠᠵᠠᠷ᠎ᠢ ᠴᠢᠨᠠᠷ ᠰᠠᠶ᠋ᠢᠲᠠᠢ ᠴᠣᠭᠴᠠᠯᠠᠨ᠎ᠠ᠃ ᠣᠷᠣᠭᠤᠯᠤᠭᠰᠠᠨ ᠦᠷ᠎ᠡ ᠡᠭᠦᠯᠳᠡᠷ᠎ᠢ ᠪᠦᠷᠢᠳᠬᠡᠨ ᠳᠠᠩᠰᠠᠯᠠᠵᠤ ᠬᠠᠮᠢᠶᠠᠷᠬᠤ᠎ᠪᠠᠨ ᠴᠢᠩᠭ᠋ᠠᠳᠬᠠᠵᠤ᠂ ᠣᠷᠣᠭᠤᠯᠤᠭᠰᠠᠨ ᠦᠷ᠎ᠡ ᠡᠭᠦᠯᠳᠡᠷ᠎ᠤᠨ ᠲᠤᠷᠰᠢᠯᠲᠠ ᠵᠢ ᠮᠡᠳᠡᠭᠦᠯᠦᠨ ᠳᠠᠩᠰᠠᠯᠠᠭᠤᠯᠬᠤ᠎ᠪᠠᠨ ᠵᠢᠷᠤᠮᠵᠢᠭᠤᠯᠬᠤ ᠵᠢᠨ ᠬᠠᠮᠲᠤ ᠦᠷ᠎ᠡ ᠡᠭᠦᠯᠳᠡᠷ᠎ᠲᠤ ᠮᠥᠷᠳᠡᠵᠦ ᠦᠨᠡᠯᠡᠯᠲᠡ ᠬᠢᠬᠦ ᠠᠵᠢᠯ᠎ᠢ ᠥᠷᠨᠢᠭᠦᠯᠦᠨ᠎ᠡ᠃ (ᠥᠪᠡᠷᠲᠡᠭᠡᠨ ᠵᠠᠰᠠᠬᠤ ᠣᠷᠣᠨ᠎ᠤ ᠲᠠᠷᠢᠶᠠᠯᠠᠩ ᠮᠠᠯ ᠠᠵᠤ ᠠᠬᠤᠢ ᠪᠠ ᠬᠥᠳᠡᠭᠡ ᠲᠣᠰᠬᠤᠨ ᠮᠠᠯᠵᠢᠬᠤ ᠣᠷᠣᠨ᠎ᠤ ᠲᠢᠩᠬᠢᠮ ᠬᠠᠷᠢᠭᠤᠴᠠᠨ᠎ᠠ)
ᠭᠤᠷᠪᠠ᠂ ᠪᠠᠲᠤᠯᠠᠭ᠎ᠠ᠎ᠪᠠᠨ ᠴᠢᠩᠭ᠋ᠠᠳᠬᠠᠵᠤ ᠳᠠᠪᠠᠭᠤᠯᠢᠭ ᠵᠶ᠋ᠠᠨ ᠪᠠᠳᠠᠷᠠᠭᠤᠯᠤᠨ᠂ ᠰᠠᠶ᠋ᠢᠨ ᠦᠷ᠎ᠡ ᠡᠭᠦᠯᠳᠡᠷ ᠦᠷᠡᠵᠢᠭᠦᠯᠦᠨ ᠪᠣᠶ᠋ᠢᠵᠢᠭᠤᠯᠬᠤ ᠤᠯᠤᠰ᠎ᠤᠨ ᠳᠡᠰ᠎ᠤᠨ ᠰᠠᠭᠤᠷᠢᠨ ᠭᠠᠵᠠᠷ᠎ᠢ ᠴᠣᠭᠴᠠᠯᠠᠨ᠎ᠠ
(ᠶᠢᠰᠦ) ᠲᠠᠷᠢᠮᠠᠯ᠎ᠤᠨ ᠰᠠᠶ᠋ᠢᠨ ᠦᠷ᠎ᠡ ᠡᠭᠦᠯᠳᠡᠷ᠎ᠢ ᠪᠣᠶ᠋ᠢᠵᠢᠭᠤᠯᠬᠤ ᠰᠠᠭᠤᠷᠢᠨ ᠭᠠᠵᠠᠷ᠎ᠤᠨ ᠪᠦᠲᠦᠭᠡᠨ ᠪᠠᠶ᠋ᠢᠭᠤᠯᠤᠯᠲᠠ᠎ᠪᠠᠨ ᠴᠢᠩᠭ᠋ᠠᠳᠬᠠᠨ᠎ᠠ᠃ ᠤᠯᠤᠰ᠎ᠤᠨ ᠪᠠ ᠥᠪᠡᠷᠲᠡᠭᠡᠨ ᠵᠠᠰᠠᠬᠤ ᠣᠷᠣᠨ᠎ᠤ ᠲᠡᠰ᠎ᠤᠨ ᠰᠠᠶ᠋ᠢᠨ ᠦᠷ᠎ᠡ ᠡᠭᠦᠯᠳᠡᠷ ᠪᠣᠶ᠋ᠢᠵᠢᠭᠤᠯᠬᠤ ᠲᠣᠮᠣ ᠰᠢᠶᠠᠨ᠎ᠤ ᠰᠢᠨᠵᠢᠯᠡᠬᠦ ᠤᠬᠠᠭ᠋ᠠᠨᠴᠢ᠎ᠪᠠᠷ ᠲᠥᠯᠥᠪᠵᠢᠭᠦᠯᠦᠨ ᠪᠠᠶ᠋ᠢᠷᠢᠰᠢᠭᠤᠯᠬᠤ ᠵᠢ᠎ᠨᠢ ᠵᠢᠯᠤᠭᠤᠳᠴᠤ᠂ ᠰᠠᠭᠤᠷᠢᠨ ᠭᠠᠵᠠᠷ᠎ᠤᠨ ᠪᠦᠲᠦᠭᠡᠨ ᠪᠠᠶ᠋ᠢᠭᠤᠯᠤᠯᠲᠠ ᠵᠢᠨ ᠬᠠᠷᠠᠯᠲᠠ ᠡᠭᠦᠷᠭᠡ᠂ ᠰᠡᠳᠬᠢᠴᠡ ᠠᠷᠭ᠎ᠠ ᠬᠡᠮᠵᠢᠶ᠎ᠡ ᠵᠢ᠎ᠨᠢ ᠲᠣᠳᠣᠷᠬᠠᠶ᠋ᠢᠯᠠᠵᠤ᠂ ᠬᠠᠮᠤᠷᠬᠤ ᠬᠡᠪᠴᠢᠶ᠎ᠡ᠎ᠪᠠᠷ ᠨᠡᠩ ᠥᠷᠭᠡᠨ᠂ ᠳᠡᠮᠵᠢᠬᠦ ᠡᠷᠴᠢᠮ ᠨᠡᠩ ᠴᠢᠩᠭ᠎ᠠ ᠲᠥᠷᠥ ᠵᠢᠨ ᠪᠣᠳᠣᠯᠭ᠎ᠠ ᠵᠢᠨ ᠳᠡᠮᠵᠢᠯᠭᠡ ᠵᠢᠨ ᠲᠣᠭᠲᠠᠯᠴᠠᠭ᠎ᠠ ᠵᠢ ᠪᠠᠶ᠋ᠢᠭᠤᠯᠤᠨ ᠪᠦᠷᠢᠨᠰᠢᠭᠦᠯᠵᠦ᠂ ᠭᠠᠵᠠᠷ ᠰᠢᠷᠣᠢ᠂ ᠡᠳ᠋᠎ᠤᠨ ᠵᠠᠰᠠᠭ ᠭᠠᠶ᠋ᠢᠯᠢ ᠲᠠᠲᠠᠪᠤᠷᠢ ᠵᠡᠷᠭᠡ ᠬᠠᠷᠠᠭ᠋ᠠᠯᠵᠠᠯ᠎ᠤᠨ ᠲᠥᠷᠥ ᠵᠢᠨ ᠪᠣᠳᠣᠯᠭ᠎ᠠ ᠵᠢ ᠨᠠᠶ᠋ᠢᠳᠠᠪᠤᠷᠢᠵᠢᠭᠤᠯᠬᠤ᠎ᠪᠠᠷ ᠳᠠᠮᠵᠢᠭᠤᠯᠵᠤ᠂ ᠰᠠᠶ᠋ᠢᠨ ᠰᠠᠶ᠋ᠢᠬᠠᠨ ᠦᠢ᠍ᠯᠡᠳᠪᠦᠷᠢᠯᠡᠯ᠎ᠤᠨ ᠨᠥᠬᠦᠴᠡᠯ ᠪᠠ ᠬᠥᠭᠵᠢᠯᠲᠡ ᠵᠢᠨ ᠣᠷᠴᠢᠨ ᠵᠶ᠋ᠠᠷ ᠵᠶ᠋ᠠᠨ ᠣᠷᠣᠨ᠎ᠤ ᠳᠣᠲᠣᠨ᠎ᠠ ᠭᠠᠳᠠᠨᠠᠬᠢ ᠨᠡᠷᠡᠲᠦ ᠦᠷ᠎ᠡ ᠡᠭᠦᠯᠳᠡᠷ᠎ᠤᠨ ᠠᠵᠤ ᠠᠬᠤᠶ᠋ᠢᠯᠠᠯ᠎ᠢ ᠲᠠᠲᠠᠨ ᠠᠪᠴᠢᠷᠠᠵᠤ ᠥᠪᠥᠷ ᠮᠣᠩᠭᠤᠯ᠎ᠳᠤ ᠨᠤᠲᠤᠭᠰᠢᠭᠤᠯᠤᠨ᠎ᠠ᠃ ᠤᠯᠤᠰ᠎ᠤᠨ ᠡᠷᠳᠡᠨᠢ ᠰᠢᠰᠢ ᠵᠢᠨ ᠰᠠᠶ᠋ᠢᠨ ᠦᠷ᠎ᠡ ᠡᠭᠦᠯᠳᠡᠷ ᠪᠣᠶ᠋ᠢᠵᠢᠭᠤᠯᠬᠤ ᠰᠠᠭᠤᠷᠢᠨ ᠭᠠᠵᠠᠷ᠎ᠢ ᠴᠣᠭᠴᠠᠯᠠᠵᠤ᠂ ᠤᠯᠠᠭ᠋ᠠᠨᠬᠠᠳᠠ ᠬᠤᠲᠠ᠂ ᠪᠠᠶᠠᠨᠨᠠᠭᠤᠷ ᠬᠤᠲᠠ᠎ᠪᠠᠷ ᠭᠤᠣᠯᠳᠠᠯᠭ᠎ᠠ ᠪᠣᠯᠭ᠋ᠠᠵᠤ᠂ ᠪᠥᠬᠦ ᠤᠯᠤᠰ᠎ᠤᠨ ᠭᠤᠣᠯ ᠪᠣᠯᠬᠤ ᠠᠮᠢ ᠠᠬᠤᠢ ᠵᠢᠨ ᠣᠷᠣᠨ᠎ᠤ ᠦᠷ᠎ᠡ ᠡᠭᠦᠯᠳᠡᠷ ᠬᠡᠷᠡᠭᠯᠡᠬᠦ ᠬᠡᠷᠡᠭᠴᠡᠭᠡ ᠱᠠᠭ᠋ᠠᠷᠳᠠᠯᠭ᠎ᠠ ᠵᠢ ᠬᠠᠮᠤᠷᠴᠤ᠂ ᠵᠢᠮᠢᠰ᠎ᠤᠨ ᠲᠦᠷᠦᠭᠦᠦ ᠵᠢ ᠬᠠᠳᠠᠭ᠋ᠠᠬᠤ᠂ ᠮᠧᠬᠠᠨᠢᠭᠵᠢᠭᠤᠯᠤᠯᠲᠠ᠎ᠪᠠᠷ ᠡᠷ᠎ᠡ ᠲᠣᠭᠤᠷᠴᠤᠭᠢᠨᠢ ᠠᠷᠢᠯᠭ᠋ᠠᠬᠤ᠂ ᠨᠠᠷᠢᠯᠢᠭ ᠢᠯᠭ᠋ᠠᠨ ᠰᠢᠯᠢᠬᠦ ᠵᠡᠷᠭᠡ ᠲᠥᠬᠦᠭᠡᠷᠦᠮᠵᠢ ᠪᠡᠯᠡᠳᠬᠡᠮᠵᠢ ᠵᠢᠨ ᠳᠤᠲᠠᠭᠤᠳᠠᠯ᠎ᠢ ᠨᠥᠬᠦᠪᠦᠷᠢᠯᠡᠵᠦ᠂ ᠣᠷᠣᠨ᠎ᠤ ᠳᠣᠲᠣᠨ᠎ᠠ ᠭᠠᠳᠠᠨᠠᠬᠢ ᠠᠵᠤ ᠠᠬᠤᠶ᠋ᠢᠯᠠᠯ᠎ᠢ ᠥᠪᠡᠷᠲᠡᠭᠡᠨ ᠵᠠᠰᠠᠬᠤ ᠣᠷᠣᠨ᠎ᠳᠤ ᠢᠷᠡᠵᠦ ᠰᠠᠶ᠋ᠢᠨ ᠦᠷ᠎ᠡ ᠪᠣᠶ᠋ᠢᠵᠢᠭᠤᠯᠬᠤ᠎ᠪᠠᠷ ᠲᠠᠲᠠᠵᠤ᠂ ᠡᠷᠳᠡᠨᠢ ᠰᠢᠰᠢ ᠵᠢᠨ ᠠᠮᠢᠳᠤ ᠪᠣᠳᠠᠰ᠎ᠤᠨ ᠰᠠᠶ᠋ᠢᠨ ᠦᠷ᠎ᠡ ᠡᠭᠦᠯᠳᠡᠷ ᠪᠣᠶ᠋ᠢᠵᠢᠭᠤᠯᠬᠤ ᠠᠵᠢᠯ᠎ᠢ ᠳᠠᠭ᠋ᠠᠭ᠋ᠠᠨ ᠵᠠᠯᠭ᠋ᠠᠭᠤᠯᠤᠨᠠ᠃ ᠤᠯᠤᠰ᠎ᠤᠨ ᠰᠢᠷ᠎ᠠ ᠪᠤᠷᠴᠠᠭ᠎ᠤᠨ ᠦᠷ᠎ᠡ ᠡᠭᠦᠯᠳᠡᠷ᠎ᠢ ᠦᠷᠡᠵᠢᠭᠦᠯᠦᠨ ᠪᠣᠶ᠋ᠢᠵᠢᠭᠤᠯᠬᠤ ᠰᠠᠭᠤᠷᠢᠨ ᠭᠠᠵᠠᠷ᠎ᠢ ᠴᠣᠭᠴᠠᠯᠠᠵᠤ᠂ ᠬᠥᠯᠥᠨ ᠪᠤᠶ᠋ᠢᠷ ᠬᠤᠲᠠ᠂ ᠬᠢᠩᠭ᠋ᠠᠨ ᠠᠶ᠋ᠢᠮᠠᠭ ᠵᠶ᠋ᠠᠷ ᠭᠤᠣᠯᠳᠠᠯᠭ᠎ᠠ ᠪᠣᠯᠭ᠋ᠠᠨ᠂ ᠦᠷ᠎ᠡ ᠵᠢᠨ ᠥᠩᠭᠡ ᠵᠢᠨ ᠰᠣᠩᠭᠤᠯᠲᠠ ᠨᠠᠷᠢᠯᠢᠭ ᠰᠣᠩᠭᠤᠯᠲᠠ᠂ ᠴᠢᠨᠠᠷ ᠰᠠᠶ᠋ᠢᠲᠠᠢ ᠥᠩᠭᠡᠯᠡᠯᠲᠡ᠂ ᠣᠶᠤᠨᠯᠢᠭ ᠲᠤᠰᠠᠯᠠᠬᠤ ᠪᠡᠯᠡᠳᠬᠡᠮᠵᠢ ᠵᠢᠨ ᠬᠡᠷᠡᠭᠯᠡᠭᠡ ᠵᠢ ᠲᠡᠭᠦᠯᠳᠡᠷᠵᠢᠭᠦᠯᠵᠦ᠂ ᠤᠯᠤᠰ᠎ᠤᠨ ᠠᠮᠢᠳᠤ ᠪᠣᠳᠠᠰ᠎ᠤᠨ ᠦᠷ᠎ᠡ ᠡᠭᠦᠯᠳᠡᠷ ᠪᠣᠶ᠋ᠢᠵᠢᠭᠤᠯᠬᠤ ᠰᠢᠷ᠎ᠠ ᠪᠤᠷᠴᠠᠭ᠎ᠤᠨ ᠦᠷ᠎ᠡ ᠡᠭᠦᠯᠳᠡᠷ ᠦᠷᠡᠵᠢᠭᠦᠯᠦᠨ ᠪᠣᠶ᠋ᠢᠵᠢᠭᠤᠯᠬᠤ ᠡᠭᠦᠷᠭᠡ ᠵᠢ ᠳᠠᠭ᠋ᠠᠭ᠋ᠠᠨ ᠵᠠᠯᠭ᠋ᠠᠭᠤᠯᠤᠨᠠ᠃ ᠤᠯᠤᠰ᠎ᠤᠨ ᠲᠥᠮᠥᠰᠥ ᠵᠢᠨ ᠦᠷ᠎ᠡ ᠡᠭᠦᠯᠳᠡᠷ᠎ᠢ ᠦᠷᠡᠵᠢᠭᠦᠯᠦᠨ ᠪᠣᠶ᠋ᠢᠵᠢᠭᠤᠯᠬᠤ ᠰᠠᠭᠤᠷᠢᠨ ᠭᠠᠵᠠᠷ᠎ᠢ ᠴᠣᠭᠴᠠᠯᠠᠵᠤ᠂ ᠤᠯᠠᠭ᠋ᠠᠨᠴᠠᠪ ᠬᠤᠲᠠ᠂ ᠬᠥᠯᠥᠨ ᠪᠤᠶ᠋ᠢᠷ ᠬᠤᠲᠠ᠎ᠪᠠᠷ ᠭᠤᠣᠯᠳᠠᠯᠭ᠎ᠠ ᠪᠣᠯᠭ᠋ᠠᠨ᠂ ᠰᠠᠭᠤᠷᠢᠨ ᠭᠠᠵᠠᠷ᠎ᠤᠨ ᠡᠪᠡᠳᠴᠢᠨ ᠬᠤᠷᠣᠬᠠᠢ ᠵᠢᠨ ᠬᠥᠨᠥᠭᠡᠯ᠎ᠤᠨ ᠣᠶᠤᠨᠯᠢᠭ ᠬᠢᠨᠠᠨ ᠬᠡᠮᠵᠢᠯᠲᠡ᠂ ᠬᠥᠷᠥᠰᠥ᠎ᠪᠠᠷ ᠲᠠᠷᠬᠠᠬᠤ ᠪᠠᠺᠲ᠋ᠧᠷᠢ ᠬᠡᠮ᠎ᠤᠨ ᠬᠥᠨᠥᠭᠡᠯ᠎ᠤᠨ ᠰᠡᠷᠭᠡᠶ᠋ᠢᠯᠡᠯᠲᠡ ᠵᠠᠰᠠᠯᠲᠠ᠂ ᠴᠢᠨᠠᠷ ᠴᠢᠨᠰᠠᠭ᠋ᠠᠨ᠎ᠤ ᠪᠠᠶ᠋ᠢᠴᠠᠭ᠋ᠠᠨ ᠬᠡᠮᠵᠢᠯᠲᠡ ᠵᠢᠨ ᠬᠢᠷᠢ ᠲᠦᠪᠰᠢᠨ᠎ᠢ ᠳᠡᠭᠡᠭᠰᠢᠯᠡᠭᠦᠯᠦᠨ᠎ᠡ᠃ ᠤᠯᠤᠰ᠎ᠤᠨ ᠨᠠᠷᠢᠮᠤ ᠪᠠ ᠨᠣᠬᠠᠢ ᠵᠢᠨ ᠬᠤᠰᠢᠭᠤ ᠵᠢᠨ ᠦᠷ᠎ᠡ ᠡᠭᠦᠯᠳᠡᠷ᠎ᠢ ᠦᠷᠡᠵᠢᠭᠦᠯᠦᠨ ᠪᠣᠶ᠋ᠢᠵᠢᠭᠤᠯᠬᠤ ᠰᠠᠭᠤᠷᠢᠨ᠎ᠢ ᠴᠣᠭᠴᠠᠯᠠᠵᠤ᠂ ᠤᠯᠠᠭ᠋ᠠᠨᠬᠠᠳᠠ ᠬᠤᠲᠠ᠂ ᠤᠯᠠᠭ᠋ᠠᠨᠴᠠᠪ ᠬᠤᠲᠠ᠎ᠪᠠᠷ ᠭᠤᠣᠯᠳᠠᠯᠭ᠎ᠠ ᠪᠣᠯᠭ᠋ᠠᠨ᠂ ᠦᠷ᠎ᠡ ᠵᠢᠨ ᠨᠠᠷᠢᠯᠢᠭ ᠰᠣᠩᠭᠤᠯᠲᠠ᠂ ᠬᠠᠳᠠᠭ᠋ᠠᠬᠤ᠂ ᠥᠩᠭᠡᠯᠡᠬᠦ᠂ ᠦᠷ᠎ᠡ ᠵᠢᠨ ᠬᠥᠮᠥᠷᠭᠡ ᠵᠡᠷᠭᠡ ᠲᠥᠬᠦᠭᠡᠷᠦᠮᠵᠢ ᠪᠡᠯᠡᠳᠬᠡᠮᠵᠢ ᠵᠢ ᠲᠡᠭᠦᠯᠳᠡᠷᠵᠢᠭᠦᠯᠦᠨ᠎ᠡ᠃ ᠥᠪᠡᠷᠲᠡᠭᠡᠨ ᠵᠠᠰᠠᠬᠤ ᠣᠷᠣᠨ᠎ᠤ ᠡᠮᠦᠨ᠎ᠡ ᠣᠷᠣᠨ᠎ᠳᠠᠬᠢ ᠦᠷᠡᠵᠢᠭᠦᠯᠵᠦ ᠪᠣᠶ᠋ᠢᠵᠢᠭᠤᠯᠤᠨ ᠲᠠᠷᠢᠬᠤ ᠰᠢᠨᠵᠢᠯᠡᠬᠦ ᠤᠬᠠᠭ᠋ᠠᠨ᠎ᠤ ᠰᠤᠳᠤᠯᠤᠯ᠎ᠤᠨ ᠦᠷ᠎ᠡ ᠡᠭᠦᠯᠳᠡᠷ ᠪᠣᠶ᠋ᠢᠵᠢᠭᠤᠯᠬᠤ ᠰᠠᠭᠤᠷᠢᠨ ᠭᠠᠵᠠᠷ᠎ᠤᠨ ᠪᠦᠲᠦᠭᠡᠨ ᠪᠠᠶ᠋ᠢᠭᠤᠯᠤᠯᠲᠠ ᠵᠢ ᠲᠡᠭᠦᠯᠳᠡᠷᠵᠢᠭᠦᠯᠦᠨ᠎ᠡ᠃ (ᠥᠪᠡᠷᠲᠡᠭᠡᠨ ᠵᠠᠰᠠᠬᠤ ᠣᠷᠣᠨ᠎ᠤ ᠲᠠᠷᠢᠶᠠᠯᠠᠩ ᠮᠠᠯ ᠠᠵᠤ ᠠᠬᠤᠢ ᠪᠠ ᠬᠥᠳᠡᠭᠡ ᠲᠣᠰᠬᠤᠨ ᠮᠠᠯᠵᠢᠬᠤ ᠣᠷᠣᠨ᠎ᠤ ᠲᠢᠩᠬᠢᠮ᠂ ᠡᠳ᠋᠎ᠤᠨ ᠵᠠᠰᠠᠭ᠎ᠤᠨ ᠲᠢᠩᠬᠢᠮ᠂ ᠪᠠᠶ᠋ᠢᠭ᠋ᠠᠯᠢ ᠵᠢᠨ ᠡᠬᠢ ᠪᠠᠶᠠᠯᠢᠭ᠎ᠤᠨ ᠲᠢᠩᠬᠢᠮ ᠡᠭᠦᠷᠭᠡ ᠬᠠᠷᠢᠭᠤᠴᠠᠯᠭ᠎ᠠ ᠠᠵᠢᠯ᠎ᠤᠨ ᠬᠤᠪᠢᠶᠠᠷᠢᠯᠠᠯ ᠶᠣᠰᠣᠭ᠋ᠠᠷ ᠬᠠᠷᠢᠭᠤᠴᠠᠨ᠎ᠠ)
(ᠠᠷᠪᠠ) ᠮᠠᠯ ᠵᠢᠭᠦᠷᠲᠡᠨ᠎ᠤ ᠦᠷ᠎ᠡ ᠡᠭᠦᠯᠳᠡᠷ᠎ᠤᠨ ᠢᠷᠡᠯᠲᠡ ᠵᠢᠨ ᠰᠠᠭᠤᠷᠢᠨ ᠭᠠᠵᠠᠷ᠎ᠤᠨ ᠪᠦᠲᠦᠭᠡᠨ ᠪᠠᠶ᠋ᠢᠭᠤᠯᠤᠯᠲᠠ ᠵᠢ ᠴᠢᠩᠭ᠋ᠠᠳᠬᠠᠨ᠎ᠠ᠃ ᠤᠯᠤᠰ᠎ᠤᠨ ᠪᠠ ᠥᠪᠡᠷᠲᠡᠭᠡᠨ ᠵᠠᠰᠠᠬᠤ ᠣᠷᠣᠨ᠎ᠤ ᠳᠡᠰ᠎ᠤᠨ ᠮᠠᠯ ᠵᠢᠭᠦᠷᠲᠡᠨ᠎ᠤ ᠡᠭᠦᠯᠳᠡᠷ ᠪᠣᠶ᠋ᠢᠵᠢᠭᠤᠯᠬᠤ ᠭᠤᠣᠯᠯᠠᠭᠴᠢ ᠲᠠᠯᠠᠪᠠᠢ ᠵᠢᠨ ᠪᠦᠲᠦᠭᠡᠨ ᠪᠠᠶ᠋ᠢᠭᠤᠯᠤᠯᠲᠠ ᠵᠢ ᠳᠡᠮᠵᠢᠵᠦ᠂ ᠲᠥᠬᠦᠭᠡᠷᠦᠮᠵᠢ ᠪᠡᠯᠡᠳᠬᠡᠮᠵᠢ ᠵᠢ ᠲᠡᠭᠦᠯᠳᠡᠷᠵᠢᠭᠦᠯᠦᠨ᠂ ᠲᠡᠵᠢᠭᠡᠨ ᠪᠣᠷᠳᠣᠬᠤ ᠬᠠᠮᠢᠶᠠᠷᠤᠯᠲᠠ ᠵᠢᠨ ᠠᠦ᠋ᠲ᠋ᠣᠴᠢᠯᠠᠯᠲᠠ᠂ ᠬᠡᠮᠵᠢᠨ ᠲᠣᠭᠲᠠᠭ᠋ᠠᠯᠲᠠ ᠦᠨᠡᠯᠡᠨ ᠵᠢᠱ᠌ᠢᠯᠲᠡ ᠵᠢᠨ ᠣᠶᠤᠨᠴᠢᠯᠠᠯᠲᠠ᠂ ᠬᠢᠵᠢᠭ ᠡᠪᠡᠳᠴᠢᠨ᠎ᠢ ᠰᠡᠷᠭᠡᠶ᠋ᠢᠯᠡᠨ ᠳᠠᠷᠤᠬᠤ ᠵᠢᠨ ᠪᠣᠰᠤᠭ᠎ᠠ ᠴᠣᠭᠴᠠᠲᠤ ᠪᠠᠶ᠋ᠢᠭᠤᠯᠤᠯᠲᠠ ᠵᠢ ᠴᠢᠩᠭ᠋ᠠᠳᠬᠠᠵᠤ᠂ ᠦᠢ᠍ᠯᠡᠳᠪᠦᠷᠢᠯᠡᠯ᠎ᠤᠨ ᠴᠢᠨᠰᠠᠭ᠎ᠠ ᠵᠢᠨ ᠬᠡᠮᠵᠢᠨ ᠲᠣᠭᠲᠠᠭ᠋ᠠᠯᠲᠠ ᠵᠢᠴᠢ ᠤᠳᠤᠮᠯᠠᠯ᠎ᠤᠨ ᠦᠨᠡᠯᠡᠨ ᠵᠢᠱ᠌ᠢᠯᠲᠡ ᠵᠢ ᠵᠢᠷᠤᠮᠵᠢᠭᠤᠨ ᠪᠥᠭᠡᠳ ᠨᠢᠭᠡᠳᠦᠯᠲᠡᠢ ᠥᠷᠨᠢᠭᠦᠯᠦᠨ᠂ ᠵᠢᠯ ᠪᠣᠯᠭ᠋ᠠᠨ ᠲᠠᠯᠠᠪᠠᠢ ᠪᠦᠷᠢ᠎ᠳᠤ ᠦᠬᠡᠷ᠎ᠢ 200᠎ᠠᠴᠠ ᠳᠡᠭᠡᠭᠰᠢ᠂ ᠬᠤᠨᠢ ᠢᠮᠠᠭ᠎ᠠ ᠵᠢ 800᠎ᠠᠴᠠ ᠳᠡᠭᠡᠭᠰᠢ᠂ ᠭᠠᠭ᠍ᠠᠢ ᠵᠢ 1000᠎ᠠᠴᠠ ᠳᠡᠭᠡᠭᠰᠢ ᠬᠡᠮᠵᠢᠨ ᠲᠣᠭᠲᠠᠭ᠋ᠠᠵᠤ᠂ ᠡᠭᠦᠯᠳᠡᠷ᠎ᠤᠨ ᠮᠠᠯ᠎ᠤᠨ ᠲᠤᠭ᠎ᠠ ᠬᠡᠮᠵᠢᠶ᠎ᠡ ᠵᠢ ᠥᠷᠭᠡᠳᠬᠡᠨ᠂ ᠡᠭᠦᠯᠳᠡᠷ᠎ᠤᠨ ᠮᠠᠯ᠎ᠤᠨ ᠴᠢᠨᠠᠷ᠎ᠢ᠎ᠨᠢ ᠳᠡᠭᠡᠭᠰᠢᠯᠡᠭᠦᠯᠵᠦ᠂ ᠦᠷ᠎ᠡ ᠡᠭᠦᠯᠳᠡᠷ ᠬᠠᠩᠭ᠋ᠠᠬᠤ ᠴᠢᠳᠠᠪᠤᠷᠢ ᠵᠢ ᠵᠢᠯ᠎ᠳᠤ 10%᠎ᠪᠠᠷ ᠳᠡᠭᠡᠭᠰᠢᠯᠡᠭᠦᠯᠵᠦ᠂ ᠤᠯᠤᠰ᠎ᠤᠨ ᠳᠣᠲᠣᠭ᠋ᠠᠳᠤᠬᠢ ᠲᠡᠷᠢᠭᠦᠨ ᠳᠡᠰ᠎ᠤᠨ ᠮᠠᠯ ᠵᠢᠭᠦᠷᠲᠡᠨ᠎ᠤ ᠡᠭᠦᠯᠳᠡᠷ᠎ᠤᠨ ᠢᠷᠡᠯᠲᠡ ᠵᠢᠨ ᠰᠠᠭᠤᠷᠢᠨ᠎ᠢ ᠴᠣᠭᠴᠠᠯᠠᠨ᠎ᠠ᠃ ᠦᠬᠡᠷ᠂ ᠬᠤᠨᠢ ᠢᠮᠠᠭ᠋ᠠᠨ᠎ᠤ ᠡᠭᠦᠯᠳᠡᠷ ᠪᠣᠶ᠋ᠢᠵᠢᠭᠤᠯᠬᠤ ᠭᠤᠣᠯᠯᠠᠭᠴᠢ ᠲᠠᠯᠠᠪᠠᠢ᠎ᠳᠤ ᠵᠢᠯ ᠪᠣᠯᠭ᠋ᠠᠨ ᠲᠣᠰ ᠪᠦᠷᠢ 60 ᠲᠦᠮᠡᠨ ᠲᠥᠭᠦᠷᠢᠭ᠂ 40 ᠲᠦᠮᠡᠨ ᠲᠥᠭᠦᠷᠢᠭ᠎ᠠᠴᠠ ᠳᠡᠭᠡᠭᠰᠢᠬᠢ ᠨᠥᠬᠦᠪᠦᠷᠢ ᠣᠯᠭᠤᠵᠤ᠂ ᠬᠢᠨᠠᠨ ᠬᠡᠮᠵᠢᠯᠲᠡ ᠦᠨᠡᠯᠡᠨ ᠵᠢᠱ᠌ᠢᠯᠲᠡ᠎ᠳᠤ ᠬᠢᠷᠢ ᠲᠡᠩᠴᠡᠭᠰᠡᠨ ᠦᠭᠡᠢ ᠵᠢ᠎ᠨᠢ ᠬᠥᠳᠡᠯᠦᠩᠭᠦᠢ᠎ᠪᠠᠷ ᠪᠤᠴᠠᠭ᠋ᠠᠨ ᠭᠠᠷᠭ᠋ᠠᠬᠤ ᠵᠢ ᠬᠡᠷᠡᠭᠵᠢᠭᠦᠯᠦᠨ᠎ᠡ᠃ (ᠥᠪᠡᠷᠲᠡᠭᠡᠨ ᠵᠠᠰᠠᠬᠤ ᠣᠷᠣᠨ᠎ᠤ ᠲᠠᠷᠢᠶᠠᠯᠠᠩ ᠮᠠᠯ ᠠᠵᠤ ᠠᠬᠤᠢ ᠪᠠ ᠬᠥᠳᠡᠭᠡ ᠲᠣᠰᠬᠤᠨ ᠮᠠᠯᠵᠢᠬᠤ ᠣᠷᠣᠨ᠎ᠤ ᠲᠢᠩᠬᠢᠮ᠂ ᠡᠳ᠋᠎ᠤᠨ ᠵᠠᠰᠠᠭ᠎ᠤᠨ ᠲᠢᠩᠬᠢᠮ ᠡᠭᠦᠷᠭᠡ ᠬᠠᠷᠢᠭᠤᠴᠠᠯᠭ᠎ᠠ ᠠᠵᠢᠯ᠎ᠤᠨ ᠬᠤᠪᠢᠶᠠᠷᠢᠯᠠᠯ ᠶᠣᠰᠣᠭ᠋ᠠᠷ ᠬᠠᠷᠢᠭᠤᠴᠠᠨ᠎ᠠ)
(ᠠᠷᠪᠠᠨ ᠨᠢᠭᠡ) ᠣᠢ ᠮᠣᠳᠣ ᠡᠪᠡᠰᠦᠨ᠎ᠤ ᠦᠷ᠎ᠡ ᠵᠢᠨ ᠴᠢᠬᠢ ᠵᠢᠨ ᠦᠷᠡᠵᠢᠭᠦᠯᠦᠨ ᠪᠣᠶ᠋ᠢᠵᠢᠭᠤᠯᠬᠤ ᠰᠠᠭᠤᠷᠢᠨ ᠭᠠᠵᠠᠷ᠎ᠤᠨ ᠪᠦᠲᠦᠭᠡᠨ ᠪᠠᠶ᠋ᠢᠭᠤᠯᠤᠯᠲᠠ᠎ᠪᠠᠨ ᠴᠢᠩᠭ᠋ᠠᠳᠬᠠᠨ᠎ᠠ᠃ ᠡᠪᠡᠰᠦᠨ᠎ᠤ ᠦᠷ᠎ᠡ ᠵᠢ ᠦᠷᠡᠵᠢᠭᠦᠯᠵᠦ ᠪᠣᠶ᠋ᠢᠵᠢᠭᠤᠯᠬᠤ᠎ᠳᠤ ᠨᠥᠬᠦᠪᠦᠷᠢ ᠥᠭᠬᠦ ᠲᠥᠷᠥ ᠵᠢᠨ ᠪᠣᠳᠣᠯᠭ᠎ᠠ ᠵᠢ ᠨᠠᠶ᠋ᠢᠳᠠᠪᠤᠷᠢᠵᠢᠭᠤᠯᠵᠤ᠂ ᠡᠪᠡᠰᠦᠨ᠎ᠤ ᠦᠷ᠎ᠡ ᠦᠷᠡᠵᠢᠭᠦᠯᠵᠦ ᠪᠣᠶ᠋ᠢᠵᠢᠭᠤᠯᠬᠤ ᠭᠤᠣᠯᠳᠠᠯᠭ᠎ᠠ᠎ᠲᠠᠢ ᠭᠠᠵᠠᠷ ᠣᠷᠣᠨ᠎ᠤ ᠨᠢᠭᠡ ᠪᠦᠯᠦᠭ ᠥᠨᠳᠥᠷ ᠪᠠᠷᠢᠮᠵᠢᠶᠠᠲᠤ ᠡᠪᠡᠰᠦᠨ᠎ᠤ ᠦᠷ᠎ᠡ ᠦᠷᠡᠵᠢᠭᠦᠯᠵᠦ ᠪᠣᠶ᠋ᠢᠵᠢᠭᠤᠯᠬᠤ ᠰᠠᠭᠤᠷᠢᠨ ᠭᠠᠵᠠᠷ᠎ᠢ ᠰᠢᠨᠵᠢᠯᠡᠬᠦ ᠤᠬᠠᠭ᠋ᠠᠨᠴᠢ ᠣᠨᠣᠴᠠᠲᠠᠢ᠎ᠪᠠᠷ ᠪᠠᠶ᠋ᠢᠷᠢᠰᠢᠭᠤᠯᠬᠤ ᠵᠢ᠎ᠨᠢ ᠵᠣᠷᠢᠭᠵᠢᠭᠤᠯᠤᠨ ᠬᠥᠲᠥᠯᠥᠨ ᠵᠢᠯᠣᠭᠤᠳᠤᠨ᠎ᠠ᠃ ᠲᠠᠷᠢᠶᠠᠯᠠᠩ ᠮᠠᠯ ᠠᠵᠤ ᠠᠬᠤᠢ ᠵᠢᠨ ᠦᠢ᠍ᠯᠡᠳᠪᠦᠷᠢᠯᠡᠯ ᠪᠠ ᠠᠮᠢ ᠠᠬᠤᠢ ᠵᠢᠨ ᠰᠡᠯᠪᠢᠯᠲᠡ᠎ᠳᠤ ᠬᠡᠷᠡᠭᠰᠡᠬᠦ ᠦᠷ᠎ᠡ ᠡᠭᠦᠯᠳᠡᠷ᠎ᠤᠨ ᠬᠡᠷᠡᠭᠴᠡᠭᠡ ᠱᠠᠭ᠋ᠠᠷᠳᠠᠯᠭ᠎ᠠ᠎ᠳᠤ ᠦᠢ᠍ᠯᠡᠴᠢᠯᠡᠬᠦ᠎ᠪᠠᠷ ᠬᠠᠷᠠᠯᠲᠠ᠎ᠪᠠᠨ ᠪᠣᠯᠭ᠋ᠠᠵᠤ᠂ ᠭᠠᠵᠠᠷ ᠰᠢᠷᠣᠢ᠂ ᠪᠡᠯᠡ ᠮᠥᠩᠭᠦ᠂ ᠲᠥᠷᠥᠯ ᠵᠦᠢ᠍ᠯ ᠵᠡᠷᠭᠡ ᠡᠬᠢ ᠪᠠᠶᠠᠯᠢᠭ᠎ᠢ ᠡᠮᠬᠢᠯᠡᠨ ᠨᠡᠶ᠋ᠢᠯᠡᠭᠦᠯᠵᠦ᠂ ᠪᠠᠷᠢᠮᠵᠢᠶᠠᠵᠢᠭᠰᠠᠨ᠂ ᠡᠷᠴᠢᠮᠵᠢᠭᠰᠡᠨ᠂ ᠬᠡᠪᠴᠢᠶᠡᠵᠢᠭᠰᠡᠨ ᠡᠪᠡᠰᠦᠨ᠎ᠤ ᠦᠷ᠎ᠡ ᠦᠷᠡᠵᠢᠭᠦᠯᠵᠦ ᠪᠣᠶ᠋ᠢᠵᠢᠭᠤᠯᠬᠤ ᠰᠠᠭᠤᠷᠢᠨ ᠭᠠᠵᠠᠷ᠎ᠢ ᠪᠦᠲᠦᠭᠡᠨ ᠪᠠᠶ᠋ᠢᠭᠤᠯᠤᠨ᠎ᠠ᠃ ᠬᠢᠶᠠᠭ᠎ᠤᠨ ᠦᠷᠡᠵᠢᠭᠦᠯᠦᠨ ᠪᠣᠶ᠋ᠢᠵᠢᠭᠤᠯᠬᠤ ᠰᠠᠭᠤᠷᠢᠨ ᠭᠠᠵᠠᠷ᠎ᠢ ᠴᠣᠭᠴᠠᠯᠠᠵᠤ᠂ ᠬᠥᠯᠥᠨ ᠪᠤᠶ᠋ᠢᠷ ᠬᠤᠲᠠ᠂ ᠬᠢᠩᠭ᠋ᠠᠨ ᠠᠶ᠋ᠢᠮᠠᠭ᠂ ᠲᠦᠩᠯᠢᠶᠣᠣ ᠬᠤᠲᠠ᠎ᠪᠠᠷ ᠭᠤᠣᠯᠳᠠᠯᠭ᠎ᠠ ᠪᠣᠯᠭ᠋ᠠᠨ᠂ ᠬᠤᠵᠢᠷᠯᠢᠭ ᠭᠠᠵᠠᠷ᠂ ᠡᠯᠡᠰᠦᠷᠬᠡᠭ ᠭᠠᠵᠠᠷ᠎ᠤᠨ ᠬᠡᠷᠡᠭᠯᠡᠭᠡᠨ᠎ᠤ ᠳᠠᠯᠳᠠ ᠬᠦᠴᠦᠨ᠎ᠢ ᠠᠭᠤᠳᠠᠯᠵᠤ᠂ ᠭᠠᠵᠠᠷ ᠰᠣᠩᠭᠤᠬᠤ ᠭᠠᠵᠠᠷ ᠬᠡᠷᠡᠭᠯᠡᠬᠦ ᠪᠠᠲᠤᠯᠠᠭ᠎ᠠ ᠵᠢ ᠰᠠᠶ᠋ᠢᠲᠤᠷ ᠬᠢᠵᠦ᠂ ᠰᠢᠨᠵᠢᠯᠡᠬᠦ ᠤᠬᠠᠭ᠋ᠠᠨ ᠲᠧᠭᠨᠢᠭ ᠮᠡᠷᠭᠡᠵᠢᠯ᠎ᠤᠨ ᠴᠢᠬᠤᠯᠠ ᠶᠡᠭᠡ ᠲᠤᠰᠬᠠᠢ ᠲᠥᠷᠥᠯ ᠵᠶ᠋ᠠᠷ ᠲᠤᠯᠭ᠋ᠠᠭᠤᠷᠢᠯᠠᠵᠤ᠂ ᠲᠠᠷᠢᠬᠤ᠂ ᠬᠤᠷᠢᠶᠠᠬᠤ᠂ ᠢᠯᠭ᠋ᠠᠷᠠᠭᠤᠯᠤᠨ ᠰᠣᠩᠭᠤᠬᠤ᠎ᠳᠤ ᠲᠤᠰᠬᠠᠢ ᠬᠡᠷᠡᠭᠯᠡᠬᠦ ᠮᠧᠬᠠᠨᠢᠭ᠎ᠢ ᠰᠤᠳᠤᠯᠤᠨ ᠦᠢ᠍ᠯᠡᠳᠬᠦ ᠵᠢ ᠵᠣᠬᠢᠶᠠᠨ ᠪᠠᠶ᠋ᠢᠭᠤᠯᠤᠨ᠎ᠠ; ᠴᠠᠷᠭ᠋ᠠᠰᠤᠨᠤ ᠦᠷᠡᠵᠢᠭᠦᠯᠵᠦ ᠪᠣᠶ᠋ᠢᠵᠢᠭᠤᠯᠬᠤ ᠰᠠᠭᠤᠷᠢᠨ ᠭᠠᠵᠠᠷ᠎ᠢ ᠴᠣᠭᠴᠠᠯᠠᠵᠤ᠂ ᠬᠥᠬᠡᠬᠤᠲᠠ᠂ ᠤᠯᠠᠭ᠋ᠠᠨᠴᠠᠪ ᠬᠤᠲᠠ᠂ ᠣᠷᠳᠣᠰ ᠬᠤᠲᠠ᠂ ᠪᠠᠶᠠᠨᠨᠠᠭᠤᠷ ᠬᠤᠲᠠ᠎ᠪᠠᠷ ᠭᠤᠣᠯᠳᠠᠯᠭ᠎ᠠ ᠪᠣᠯᠭ᠋ᠠᠨ᠂ ᠲᠥᠪᠯᠡᠷᠡᠨ ᠵᠠᠯᠭ᠋ᠠᠯᠳᠤᠭᠰᠠᠨ ᠬᠡᠪᠴᠢᠶᠡᠵᠢᠭᠰᠡᠨ ᠦᠢ᠍ᠯᠡᠳᠪᠦᠷᠢᠯᠡᠯ᠎ᠢ ᠬᠥᠭᠵᠢᠭᠦᠯᠵᠦ᠂ ᠦᠷ᠎ᠡ ᠵᠢᠨ ᠶᠠᠰᠤ ᠴᠢᠨᠠᠷ᠎ᠢ ᠮᠥᠷᠳᠡᠨ ᠬᠠᠮᠢᠶᠠᠷᠬᠤ ᠵᠢ ᠥᠷᠨᠢᠭᠦᠯᠦᠨ᠂ ᠰᠠᠶ᠋ᠢᠨ ᠦᠷ᠎ᠡ ᠡᠭᠦᠯᠳᠡᠷ᠎ᠤᠨ ᠡᠵᠡᠯᠡᠬᠦ ᠬᠠᠷᠢᠴᠠᠯ᠎ᠢ ᠳᠡᠭᠡᠭᠰᠢᠯᠡᠭᠦᠯᠵᠦ᠂ ᠲᠥᠬᠦᠷ ᠦᠢ᠍ᠯᠡᠳᠪᠦᠷᠢᠯᠡᠯ᠎ᠤᠨ ᠮᠧᠬᠠᠨᠢᠭ᠎ᠢ ᠳᠡᠰ ᠳᠡᠪᠰᠢᠭᠦᠯᠵᠦ ᠥᠭᠡᠷᠡᠴᠢᠯᠡᠨ ᠰᠢᠨᠡᠳᠬᠡᠨ᠎ᠡ; ᠠᠮᠢ ᠠᠬᠤᠢ ᠵᠢᠨ ᠰᠡᠯᠪᠢᠯᠲᠡ᠎ᠳᠤ ᠬᠡᠷᠡᠭᠰᠡᠬᠦ ᠡᠪᠡᠰᠦᠨ᠎ᠤ ᠦᠷ᠎ᠡ ᠵᠢ ᠦᠷᠡᠵᠢᠭᠦᠯᠵᠦ ᠪᠣᠶ᠋ᠢᠵᠢᠭᠤᠯᠬᠤ ᠰᠠᠭᠤᠷᠢᠨ᠎ᠢ ᠴᠣᠭᠴᠠᠯᠠᠵᠤ᠂ ᠤᠯᠠᠭ᠋ᠠᠨᠬᠠᠳᠠ ᠬᠤᠲᠠ ᠪᠠ ᠰᠢᠯᠢ ᠵᠢᠨ ᠭᠤᠣᠯ ᠠᠶ᠋ᠢᠮᠠᠭ᠎ᠤᠨ ᠬᠤᠯᠠᠨ ᠰᠢᠷᠭ᠎ᠠ ᠳᠠᠭ᠎ᠠ ᠵᠢᠨ ᠡᠯᠡᠰᠦᠷᠬᠡᠭ ᠭᠠᠵᠠᠷ ᠵᠶ᠋ᠠᠷ ᠭᠤᠣᠯᠳᠠᠯᠭ᠎ᠠ ᠪᠣᠯᠭ᠋ᠠᠨ᠂ ᠰᠥᠷᠬᠦ ᠵᠢ ᠳᠠᠭ᠋ᠠᠭ᠋ᠠᠬᠤ ᠴᠢᠳᠠᠪᠤᠷᠢ᠎ᠪᠠᠷ ᠴᠢᠩᠭ᠎ᠠ᠂ ᠲᠣᠬᠢᠷᠠᠯᠴᠠᠬᠤ ᠬᠡᠪᠴᠢᠶ᠎ᠡ᠎ᠪᠠᠷ ᠥᠷᠭᠡᠨ ᠠᠮᠢ ᠠᠬᠤᠢ ᠵᠢᠨ ᠬᠡᠷᠡᠭᠯᠡᠭᠡᠨ᠎ᠤ ᠡᠪᠡᠰᠦᠨ᠎ᠤ ᠦᠷ᠎ᠡ ᠵᠢ ᠨᠡᠩ ᠣᠯᠠᠨ ᠦᠷᠡᠵᠢᠭᠦᠯᠵᠦ ᠪᠣᠶ᠋ᠢᠵᠢᠭᠤᠯᠤᠨ᠂ ᠲᠠᠴᠢᠷᠳᠠᠭᠰᠠᠨ ᠨᠤᠲᠤᠭ ᠪᠡᠯᠴᠢᠭᠡᠷ᠎ᠤᠨ ᠠᠮᠢ ᠠᠬᠤᠢ ᠵᠢᠨ ᠰᠡᠯᠪᠢᠯᠲᠡ᠂ ᠪᠣᠬᠢᠷᠲᠤᠯ ᠦᠭᠡᠢ ᠠᠭᠤᠷᠬᠠᠢ ᠵᠢᠨ ᠪᠦᠲᠦᠭᠡᠨ ᠪᠠᠶ᠋ᠢᠭᠤᠯᠤᠯᠲᠠ᠂ ᠬᠠᠳᠤᠨ ᠭᠤᠣᠯ᠎ᠤᠨ ᠰᠠᠪᠠ ᠭᠠᠵᠠᠷ᠎ᠤᠨ ᠠᠮᠢ ᠠᠬᠤᠢ ᠵᠢᠨ ᠬᠠᠮᠠᠭ᠋ᠠᠯᠠᠯᠲᠠ᠂ ᠴᠥᠯᠡᠷᠬᠡᠭᠵᠢᠯᠢ ᠰᠡᠷᠭᠡᠶ᠋ᠢᠯᠡᠨ ᠵᠠᠰᠠᠬᠤ ᠪᠠ ᠡᠯᠡᠰᠦᠷᠬᠡᠭ ᠭᠠᠵᠠᠷ᠎ᠤᠨ ᠵᠠᠰᠠᠯᠲᠠ᠂ ᠬᠤᠵᠢᠷᠯᠢᠭ ᠭᠠᠵᠠᠷ᠎ᠲᠤ ᠳᠡᠯᠭᠡᠷᠡᠭᠦᠯᠬᠦ᠎ᠳᠤ ᠲᠣᠬᠢᠷᠠᠬᠤ ᠠᠳᠠᠯᠢ ᠪᠤᠰᠤ ᠲᠥᠷᠥᠯ᠎ᠤᠨ ᠠᠮᠢ ᠠᠬᠤᠢ ᠵᠢᠨ ᠰᠡᠯᠪᠢᠯᠲᠡ᠎ᠳᠤ ᠬᠡᠷᠡᠭᠰᠡᠬᠦ ᠦᠷ᠎ᠡ ᠵᠢᠨ ᠬᠡᠷᠡᠭᠴᠡᠭᠡ ᠱᠠᠭ᠋ᠠᠷᠳᠠᠯᠭ᠎ᠠ ᠵᠢ ᠬᠠᠩᠭ᠋ᠠᠵᠤ᠂ ᠥᠪᠥᠷ ᠮᠣᠩᠭᠤᠯ᠎ᠢ ᠪᠥᠬᠦ ᠤᠯᠤᠰ᠎ᠤᠨ ᠬᠠᠮᠤᠭ᠎ᠤᠨ ᠶᠡᠭᠡ ᠡᠪᠡᠰᠦᠨ᠎ᠤ ᠦᠷ᠎ᠡ ᠦᠷᠡᠵᠢᠭᠦᠯᠵᠦ ᠪᠣᠶ᠋ᠢᠵᠢᠭᠤᠯᠬᠤ ᠰᠠᠭᠤᠷᠢᠨ ᠭᠠᠵᠠᠷ ᠪᠣᠯᠭ᠋ᠠᠨ ᠪᠦᠲᠦᠭᠡᠨ ᠪᠠᠶ᠋ᠢᠭᠤᠯᠬᠤ᠎ᠪᠠᠷ ᠬᠦᠴᠦᠯᠡᠨ ᠴᠢᠷᠮᠠᠶ᠋ᠢᠨ᠎ᠠ᠃ ᠰᠢᠨ᠎ᠡ᠎ᠪᠠᠷ ᠪᠠᠶ᠋ᠢᠭᠤᠯᠤᠭᠰᠠᠨ ᠪᠠᠲᠤᠯᠠᠭ᠎ᠠ ᠵᠢᠨ ᠴᠢᠨᠠᠷᠲᠠᠢ ᠴᠢᠬᠢ ᠮᠣᠳᠣᠨ᠎ᠤ ᠬᠦᠷᠢᠶᠡᠯᠡᠩ᠎ᠳᠤ ᠨᠥᠬᠦᠪᠦᠷᠢ ᠱᠠᠩᠨᠠᠯ ᠣᠯᠭᠤᠬᠤ ᠵᠢ ᠳᠡᠮᠵᠢᠨ᠎ᠡ᠃ ᠰᠢᠬᠢᠷ ᠡᠪᠡᠰᠦ᠂ ᠬᠤᠨᠴᠢᠷ᠂ ᠤᠯᠠᠭ᠋ᠠᠨ ᠴᠠᠨ᠎ᠠ᠂ ᠴᠠᠭ᠋ᠠᠨ ᠭᠤᠶᠣᠣ᠂ ᠤᠯᠠᠭ᠋ᠠᠨ ᠭᠤᠶᠣᠣ᠂ ᠬᠤᠷᠳᠤᠨ ᠴᠠᠭ᠋ᠠᠨ᠂ ᠴᠢᠴᠠᠷᠭ᠋ᠠᠨ᠎ᠠ᠂ ᠴᠠᠭ᠋ᠠᠨ ᠰᠣᠷᠣᠯᠣ᠂ ᠱᠦᠬᠦᠷᠭᠡᠨᠡ ᠵᠡᠷᠭᠡ ᠥᠪᠡᠷᠮᠢᠴᠡ ᠣᠨᠴᠠᠯᠢᠭ᠎ᠲᠠᠢ ᠬᠢᠲᠠᠳ (ᠮᠣᠩᠭᠤᠯ) ᠡᠮ᠎ᠤᠨ ᠮᠠᠲ᠋ᠧᠷᠢᠶᠠᠯ᠎ᠤᠨ ᠰᠠᠶ᠋ᠢᠨ ᠦᠷ᠎ᠡ ᠡᠭᠦᠯᠳᠡᠷ᠎ᠢ ᠦᠷᠡᠵᠢᠭᠦᠯᠦᠨ ᠪᠣᠶ᠋ᠢᠵᠢᠭᠤᠯᠬᠤ ᠠᠵᠢᠯ ᠥᠷᠨᠢᠭᠦᠯᠬᠦ ᠵᠢ ᠳᠡᠮᠵᠢᠨ᠎ᠡ᠃ (ᠥᠪᠡᠷᠲᠡᠭᠡᠨ ᠵᠠᠰᠠᠬᠤ ᠣᠷᠣᠨ᠎ᠤ ᠣᠢ ᠰᠢᠭᠤᠢ ᠪᠠ ᠨᠤᠲᠤᠭ ᠪᠡᠯᠴᠢᠭᠡᠷ᠎ᠤᠨ ᠲᠣᠪᠴᠢᠶ᠎ᠠ᠂ ᠲᠠᠷᠢᠶᠠᠯᠠᠩ ᠮᠠᠯ ᠠᠵᠤ ᠠᠬᠤᠢ ᠪᠠ ᠬᠥᠳᠡᠭᠡ ᠲᠣᠰᠬᠤᠨ ᠮᠠᠯᠵᠢᠬᠤ ᠣᠷᠣᠨ᠎ᠤ ᠲᠢᠩᠬᠢᠮ᠂ ᠰᠢᠨᠵᠢᠯᠡᠬᠦ ᠤᠬᠠᠭ᠋ᠠᠨ ᠲᠧᠭᠨᠢᠭ ᠮᠡᠷᠭᠡᠵᠢᠯ᠎ᠤᠨ ᠲᠢᠩᠬᠢᠮ᠂ ᠪᠠᠶ᠋ᠢᠭ᠋ᠠᠯᠢ ᠵᠢᠨ ᠡᠬᠢ ᠪᠠᠶᠠᠯᠢᠭ᠎ᠤᠨ ᠲᠢᠩᠬᠢᠮ ᠡᠭᠦᠷᠭᠡ ᠬᠠᠷᠢᠭᠤᠴᠠᠯᠭ᠎ᠠ ᠠᠵᠢᠯ᠎ᠤᠨ ᠬᠤᠪᠢᠶᠠᠷᠢᠯᠠᠯ ᠶᠣᠰᠣᠭ᠋ᠠᠷ ᠬᠠᠷᠢᠭᠤᠴᠠᠨ᠎ᠠ)
(ᠠᠷᠪᠠᠨ ᠬᠤᠶᠠᠷ) ᠰᠠᠭᠤᠷᠢᠨ ᠭᠠᠵᠠᠷ᠎ᠤᠨ ᠲᠥᠷᠥ ᠵᠢᠨ ᠪᠣᠳᠣᠯᠭ᠎ᠠ ᠵᠢᠨ ᠪᠠᠲᠤᠯᠠᠭ᠎ᠠ ᠵᠢᠨ ᠠᠷᠭ᠎ᠠ ᠬᠡᠮᠵᠢᠶ᠎ᠡ᠎ᠪᠠᠨ ᠴᠢᠩᠭ᠋ᠠᠷᠠᠭᠤᠯᠤᠨ᠎ᠠ᠃ ᠲᠥᠷᠥ ᠵᠢᠨ ᠪᠣᠳᠣᠯᠭ᠎ᠠ ᠪᠠ ᠲᠥᠷᠥᠯ ᠵᠦᠢ᠍ᠯ᠎ᠢ ᠨᠢᠭᠡᠳᠦᠯᠲᠡᠢ ᠲᠥᠯᠥᠪᠵᠢᠭᠦᠯᠬᠦ᠎ᠪᠠᠨ ᠴᠢᠩᠭ᠋ᠠᠳᠬᠠᠵᠤ᠂ ᠤᠷᠢᠳ ᠵᠶ᠋ᠠᠷ ᠨᠥᠬᠦᠴᠡᠯ᠎ᠳᠤ ᠨᠡᠶ᠋ᠢᠴᠡᠬᠦ ᠲᠠᠷᠢᠮᠠᠯ᠎ᠤᠨ ᠦᠷ᠎ᠡ ᠵᠢᠨ ᠰᠠᠭᠤᠷᠢᠨ ᠭᠠᠵᠠᠷ᠎ᠲᠤ ᠥᠨᠳᠥᠷ ᠪᠠᠷᠢᠮᠵᠢᠶᠠᠲᠤ ᠲᠠᠷᠢᠶᠠᠨ ᠭᠠᠵᠠᠷ᠎ᠢ ᠰᠢᠨ᠎ᠡ᠎ᠪᠠᠷ ᠪᠠᠶ᠋ᠢᠭᠤᠯᠬᠤ ᠪᠤᠶᠤ ᠥᠭᠡᠷᠡᠴᠢᠯᠡᠨ ᠳᠡᠭᠡᠭᠰᠢᠯᠡᠭᠦᠯᠵᠦ᠂ ᠦᠷ᠎ᠡ ᠦᠢ᠍ᠯᠡᠳᠪᠦᠷᠢᠯᠡᠬᠦ ᠳᠠᠪᠠᠭᠤᠯᠢᠭ ᠰᠠᠭᠤᠷᠢᠨ ᠭᠠᠵᠠᠷ᠎ᠢ ᠠᠮᠤ ᠪᠤᠳᠠᠭ᠋ᠠᠨ᠎ᠤ ᠦᠢ᠍ᠯᠡᠳᠪᠦᠷᠢᠯᠡᠯ᠎ᠤᠨ ᠴᠢᠳᠠᠮᠵᠢᠲᠤ ᠣᠷᠣᠨ᠎ᠳᠤ ᠬᠤᠪᠢᠶᠠᠷᠢᠯᠠᠨ ᠣᠷᠣᠭᠤᠯᠬᠤ ᠵᠢᠨ ᠬᠠᠮᠲᠤ ᠦᠨᠳᠦᠰᠦᠨ ᠲᠠᠷᠢᠶᠠᠨ ᠭᠠᠵᠠᠷ᠎ᠤᠨ ᠬᠡᠪᠴᠢᠶᠡᠨ᠎ᠳᠤ ᠣᠷᠣᠭᠤᠯᠵᠤ ᠬᠠᠮᠠᠭ᠋ᠠᠯᠠᠨ᠎ᠠ᠃ ᠲᠠᠷᠢᠶᠠᠯᠠᠬᠤ ᠭᠠᠵᠠᠷ᠎ᠤᠨ ᠥᠨᠵᠢᠭᠦᠯᠦᠨ ᠲᠠᠷᠢᠬᠤ ᠲᠥᠷᠥᠯ ᠵᠦᠢ᠍ᠯ᠎ᠢ ᠬᠡᠷᠡᠭᠵᠢᠭᠦᠯᠬᠦ ᠱᠠᠭ᠋ᠠᠷᠳᠠᠯᠭ᠎ᠠ᠎ᠳᠤ ᠨᠡᠶ᠋ᠢᠴᠡᠭᠰᠡᠨ ᠰᠠᠶ᠋ᠢᠨ ᠦᠷ᠎ᠡ ᠪᠣᠶ᠋ᠢᠵᠢᠭᠤᠯᠬᠤ ᠰᠠᠭᠤᠷᠢᠨ ᠭᠠᠵᠠᠷ᠎ᠲᠤ ᠪᠣᠯ ᠲᠠᠷᠢᠶᠠᠯᠠᠬᠤ ᠭᠠᠵᠠᠷ᠎ᠤᠨ ᠥᠨᠵᠢᠭᠦᠯᠦᠨ ᠲᠠᠷᠢᠬᠤ ᠲᠥᠷᠥᠯ ᠵᠦᠢ᠍ᠯ ᠪᠥᠬᠦᠨ᠎ᠢ ᠬᠠᠮᠤᠷᠬᠤ ᠵᠢ ᠪᠡᠶᠡᠯᠡᠭᠦᠯᠦᠨ᠎ᠡ᠃ ᠲᠠᠷᠢᠶᠠᠯᠠᠩ᠎ᠤᠨ ᠨᠡᠶ᠋ᠢᠭᠡᠮᠴᠢᠯᠡᠭᠰᠡᠨ ᠦᠢ᠍ᠯᠡᠴᠢᠯᠡᠭᠡ᠎ᠪᠠᠷ ᠰᠠᠶ᠋ᠢᠨ ᠦᠷ᠎ᠡ ᠪᠣᠶ᠋ᠢᠵᠢᠭᠤᠯᠬᠤ ᠰᠠᠭᠤᠷᠢᠨ ᠭᠠᠵᠠᠷ᠎ᠢ ᠤᠷᠢᠳ ᠵᠶ᠋ᠠᠷ ᠬᠠᠮᠤᠷᠤᠭᠤᠯᠵᠤ᠂ ᠬᠠᠭ᠋ᠠᠯᠪᠤᠷᠢᠯᠠᠬᠤ᠂ ᠲᠠᠷᠢᠬᠤ᠂ ᠬᠠᠮᠢᠶᠠᠷᠬᠤ᠂ ᠬᠤᠷᠢᠶᠠᠬᠤ᠂ ᠨᠥᠭᠡᠴᠡᠯᠡᠬᠦ ᠵᠡᠷᠭᠡ ᠦᠢ᠍ᠯᠡᠴᠢᠯᠡᠭᠡ ᠥᠷᠨᠢᠭᠦᠯᠦᠨ᠎ᠡ᠃ ᠬᠡᠪᠴᠢᠶ᠎ᠡ᠎ᠲᠠᠢ ᠢᠲᠡᠭᠡᠮᠵᠢ ᠣᠯᠭᠤᠬᠤ ᠳᠦᠷᠢᠮ᠎ᠢ ᠬᠡᠷᠡᠭᠵᠢᠭᠦᠯᠵᠦ᠂ ᠬᠢᠨᠠᠨ ᠬᠠᠮᠢᠶᠠᠷᠬᠤ ᠦᠢ᠍ᠯᠡᠴᠢᠯᠡᠭᠡᠨ᠎ᠤ ᠲᠣᠭᠲᠠᠯᠴᠠᠭ᠎ᠠ ᠵᠢ ᠲᠡᠭᠦᠯᠳᠡᠷᠵᠢᠭᠦᠯᠵᠦ᠂ ᠰᠠᠶ᠋ᠢᠨ ᠦᠷ᠎ᠡ ᠪᠣᠶ᠋ᠢᠵᠢᠭᠤᠯᠬᠤ ᠰᠠᠭᠤᠷᠢᠨ ᠭᠠᠵᠠᠷ᠎ᠢ ᠬᠠᠮᠢᠶᠠᠷᠬᠤ ᠦᠢ᠍ᠯᠡᠴᠢᠯᠡᠭᠡᠨ᠎ᠤ ᠲᠡᠭᠦᠯᠳᠡᠷ ᠲᠣᠭᠲᠠᠴᠠ ᠵᠢ ᠪᠦᠷᠢᠯᠳᠦᠭᠦᠯᠦᠨ᠎ᠡ᠃ ᠡᠪᠡᠰᠦᠨ ᠦᠷ᠎ᠡ ᠵᠢᠨ ᠦᠢ᠍ᠯᠡᠳᠪᠦᠷᠢᠯᠡᠯ᠎ᠤᠨ ᠣᠷᠣᠨ᠎ᠢ ᠦᠨᠳᠦᠰᠦᠯᠡᠨ ᠤᠰᠤ ᠠᠷᠪᠢᠯᠠᠵᠤ ᠤᠰᠤᠯᠠᠬᠤ ᠨᠥᠬᠦᠴᠡᠯ᠎ᠲᠠᠢ᠂ ᠲᠥᠪᠯᠡᠷᠡᠨ ᠵᠠᠯᠭ᠋ᠠᠯᠳᠤᠭᠰᠠᠨ ᠮᠥᠷᠲᠡᠭᠡᠨ ᠮᠧᠬᠠᠨᠢᠭᠵᠢᠭᠰᠠᠨ ᠦᠢ᠍ᠯᠡᠳᠪᠦᠷᠢᠯᠡᠯ᠎ᠳᠤ ᠲᠣᠬᠢᠷᠠᠬᠤ ᠡᠩ᠎ᠤᠨ ᠲᠠᠷᠢᠶᠠᠯᠠᠬᠤ ᠭᠠᠵᠠᠷ᠂ ᠲᠡᠵᠢᠭᠡᠯ ᠡᠪᠡᠰᠦᠨ᠎ᠤ ᠭᠠᠵᠠᠷ ᠪᠠ ᠲᠠᠷᠢᠶᠠᠯᠠᠬᠤ᠎ᠪᠠᠨ ᠵᠣᠭᠰᠣᠵᠤ ᠪᠡᠯᠴᠢᠭᠡᠷ᠎ᠢ ᠰᠡᠷᠭᠦᠭᠡᠬᠦ ᠭᠠᠵᠠᠷ ᠵᠡᠷᠭᠡ ᠭᠠᠵᠠᠷ᠎ᠤᠨ ᠲᠥᠷᠥᠯ᠎ᠢ ᠬᠤᠪᠢᠶᠠᠷᠢᠯᠠᠨ ᠲᠣᠭᠲᠠᠭ᠋ᠠᠵᠤ᠂ ᠥᠨᠳᠥᠷ ᠪᠠᠷᠢᠮᠵᠢᠶᠠᠲᠤ ᠡᠪᠡᠰᠦᠨ ᠦᠷ᠎ᠡ ᠦᠷᠡᠵᠢᠭᠦᠯᠵᠦ ᠪᠣᠶ᠋ᠢᠵᠢᠭᠤᠯᠬᠤ ᠰᠠᠭᠤᠷᠢᠨ ᠭᠠᠵᠠᠷ᠎ᠢ ᠪᠦᠲᠦᠭᠡᠨ ᠪᠠᠶ᠋ᠢᠭᠤᠯᠤᠨ᠎ᠠ᠃ (ᠥᠪᠡᠷᠲᠡᠭᠡᠨ ᠵᠠᠰᠠᠬᠤ ᠣᠷᠣᠨ᠎ᠤ ᠲᠠᠷᠢᠶᠠᠯᠠᠩ ᠮᠠᠯ ᠠᠵᠤ ᠠᠬᠤᠢ ᠪᠠ ᠬᠥᠳᠡᠭᠡ ᠲᠣᠰᠬᠤᠨ ᠮᠠᠯᠵᠢᠬᠤ ᠣᠷᠣᠨ᠎ᠤ ᠲᠢᠩᠬᠢᠮ᠂ ᠣᠢ ᠰᠢᠭᠤᠢ ᠪᠠ ᠨᠤᠲᠤᠭ ᠪᠡᠯᠴᠢᠭᠡᠷ᠎ᠤᠨ ᠲᠣᠪᠴᠢᠶ᠎ᠠ᠂ ᠪᠠᠶ᠋ᠢᠭ᠋ᠠᠯᠢ ᠵᠢᠨ ᠡᠬᠢ ᠪᠠᠶᠠᠯᠢᠭ᠎ᠤᠨ ᠲᠢᠩᠬᠢᠮ ᠡᠭᠦᠷᠭᠡ ᠬᠠᠷᠢᠭᠤᠴᠠᠯᠭ᠎ᠠ ᠠᠵᠢᠯ᠎ᠤᠨ ᠬᠤᠪᠢᠶᠠᠷᠢᠯᠠᠯ ᠶᠣᠰᠣᠭ᠋ᠠᠷ ᠬᠠᠷᠢᠭᠤᠴᠠᠨ᠎ᠠ)
ᠳᠥᠷᠪᠡ᠂ ᠱᠠᠩᠨᠠᠯ ᠬᠥᠬᠢᠭᠦᠯᠦᠯ᠎ᠢ ᠡᠯᠪᠡᠭᠵᠢᠭᠦᠯᠦᠨ ᠲᠣᠭᠲᠠᠴᠠ ᠪᠠᠶ᠋ᠢᠭᠤᠯᠵᠤ᠂ ᠰᠢᠯᠢᠳᠡᠭ ᠰᠠᠶ᠋ᠢᠨ ᠦᠷ᠎ᠡ ᠡᠭᠦᠯᠳᠡᠷ᠎ᠢ ᠳᠡᠯᠭᠡᠷᠡᠭᠦᠯᠦᠨ ᠬᠡᠷᠡᠭᠯᠡᠬᠦ ᠠᠬᠢᠴᠠ᠎ᠪᠠᠨ ᠲᠦᠷᠭᠡᠳᠬᠡᠨ᠎ᠡ
(ᠠᠷᠪᠠᠨ ᠭᠤᠷᠪᠠ) ᠰᠠᠶ᠋ᠢᠨ ᠦᠷ᠎ᠡ ᠡᠭᠦᠯᠳᠡᠷ᠎ᠲᠠᠢ ᠪᠤᠯᠭ᠋ᠠᠬᠤ ᠬᠢᠷᠢ ᠲᠦᠪᠰᠢᠨ ᠵᠶ᠋ᠠᠨ ᠯᠠᠪᠳᠠᠭᠤᠨ ᠵᠶ᠋ᠠᠷ ᠳᠡᠭᠡᠭᠰᠢᠯᠡᠭᠦᠯᠦᠨ᠎ᠡ᠃ ᠲᠠᠷᠢᠶ᠎ᠠ ᠦᠵᠡᠵᠦ ᠦᠷ᠎ᠡ ᠰᠣᠩᠭᠤᠬᠤ ᠲᠠᠪᠴᠠᠩ᠎ᠢ ᠪᠠᠶ᠋ᠢᠭᠤᠯᠵᠤ᠂ ᠪᠥᠬᠦ ᠣᠷᠣᠨ᠎ᠳᠤ ᠲᠠᠷᠢᠮᠠᠯ᠎ᠤᠨ ᠥᠨᠳᠥᠷ ᠤᠨᠠᠯᠲᠠᠲᠤ᠂ ᠴᠢᠨᠠᠷ ᠰᠠᠶ᠋ᠢᠲᠠᠢ᠂ ᠪᠣᠬᠢᠷᠲᠤᠯ ᠦᠭᠡᠢ ᠰᠢᠨ᠎ᠡ ᠦᠷ᠎ᠡ ᠡᠭᠦᠯᠳᠡᠷ᠎ᠤᠨ ᠲᠠᠷᠢᠶ᠎ᠠ ᠦᠵᠡᠵᠦ ᠦᠷ᠎ᠡ ᠰᠣᠩᠭᠤᠬᠤ》 ᠲᠠᠪᠴᠠᠩ᠎ᠢ 60 ᠪᠠᠶ᠋ᠢᠭᠤᠯᠵᠤ᠂ ᠡᠷᠳᠡᠨᠢ ᠰᠢᠰᠢ᠂ ᠰᠢᠷ᠎ᠠ ᠪᠤᠷᠴᠠᠭ᠂ ᠲᠥᠮᠥᠰᠥ᠂ ᠨᠠᠷᠠᠨ ᠬᠤᠸᠠᠷ᠂ ᠡᠯᠳᠡᠪ ᠠᠮᠤ ᠬᠤᠯᠢᠮᠠᠭ ᠪᠤᠷᠴᠠᠭ᠎ᠤᠨ ᠥᠪᠡᠷᠲᠡᠭᠡᠨ ᠵᠠᠰᠠᠬᠤ ᠣᠷᠣᠨ᠎ᠤ ᠲᠡᠰ᠎ᠤᠨ ᠣᠷᠣᠨ ᠪᠦᠰᠡ ᠵᠢᠨ ᠴᠢᠨᠠᠷᠲᠠᠢ 5 ᠲᠠᠪᠴᠠᠩ᠎ᠢ ᠭᠤᠣᠯᠳᠠᠯᠭ᠎ᠠ᠎ᠲᠠᠢ ᠴᠣᠭᠴᠠᠯᠠᠨ᠂ ᠰᠢᠨ᠎ᠡ ᠦᠷ᠎ᠡ ᠡᠭᠦᠯᠳᠡᠷ᠎ᠢ ᠳᠡᠯᠭᠡᠨ ᠦᠵᠡᠭᠦᠯᠵᠦ ᠦᠨᠡᠯᠡᠬᠦ ᠪᠠ ᠠᠮᠤᠷ ᠲᠦᠪᠰᠢᠨ ᠴᠢᠨᠠᠷ᠎ᠢ᠎ᠨᠢ ᠬᠢᠨᠠᠨ ᠰᠢᠨᠵᠢᠬᠦ ᠠᠵᠢᠯ᠎ᠢ ᠲᠥᠪᠯᠡᠷᠡᠭᠦᠯᠦᠨ ᠥᠷᠨᠢᠭᠦᠯᠵᠦ᠂ ᠰᠠᠶ᠋ᠢᠨ ᠦᠷ᠎ᠡ ᠡᠭᠦᠯᠳᠡᠷ᠎ᠢ ᠲᠠᠨᠢᠯᠴᠠᠭᠤᠯᠬᠤ ᠨᠡᠷᠡᠰ᠎ᠤᠨ ᠭᠠᠷᠴᠠᠭ᠎ᠢ ᠨᠠᠶ᠋ᠢᠷᠠᠭᠤᠯᠤᠨ ᠨᠡᠶ᠋ᠢᠲᠡᠯᠡᠵᠦ᠂ ᠦᠷ᠎ᠡ ᠡᠭᠦᠯᠳᠡᠷ ᠬᠡᠷᠡᠭᠯᠡᠬᠦ ᠦᠷ᠎ᠡ ᠡᠭᠦᠯᠳᠡᠷ ᠬᠠᠩᠭ᠋ᠠᠬᠤ ᠤᠬᠠᠭᠤᠯᠭ᠎ᠠ ᠪᠣᠯᠪᠠᠰᠤᠷᠠᠯ ᠵᠶ᠋ᠠᠨ ᠴᠢᠩᠭ᠋ᠠᠳᠬᠠᠵᠤ᠂ ᠲᠠᠷᠢᠶᠠᠴᠢᠳ᠎ᠤᠨ ᠦᠢ᠍ᠯᠡᠳᠪᠦᠷᠢᠯᠡᠯ᠎ᠳᠤ ᠦᠷ᠎ᠡ ᠡᠭᠦᠯᠳᠡᠷ ᠰᠣᠩᠭᠤᠬᠤ ᠦᠷ᠎ᠡ ᠡᠭᠦᠯᠳᠡᠷ ᠬᠡᠷᠡᠭᠯᠡᠬᠦ᠎ᠳᠤ ᠰᠢᠨᠵᠢᠯᠡᠬᠦ ᠤᠬᠠᠭ᠋ᠠᠨᠴᠢ ᠦᠨᠳᠦᠰᠦᠯᠡᠯ ᠬᠠᠩᠭ᠋ᠠᠨ᠎ᠠ᠃ ᠦᠷ᠎ᠡ ᠵᠢᠨ ᠴᠢᠨᠠᠷ᠎ᠤᠨ ᠭᠡᠷᠡᠴᠢᠯᠡᠭᠡ ᠵᠢ ᠥᠷᠨᠢᠭᠦᠯᠵᠦ᠂ ᠰᠢᠯᠢᠳᠡᠭ ᠠᠵᠤ ᠠᠬᠤᠶ᠋ᠢᠯᠠᠯ᠎ᠤᠨ ᠴᠢᠨᠠᠷ ᠰᠠᠶ᠋ᠢᠲᠠᠢ ᠦᠷ᠎ᠡ ᠡᠭᠦᠯᠳᠡᠷ᠎ᠨᠢ ᠭᠡᠷᠡᠴᠢᠯᠡᠯᠲᠡ᠎ᠪᠠᠷ ᠳᠠᠮᠵᠢᠭ᠋ᠠᠳ ᠴᠢᠨᠠᠷ ᠰᠠᠶ᠋ᠢᠲᠠᠢ᠎ᠨᠢ ᠰᠠᠶ᠋ᠢᠨ ᠦᠨ᠎ᠡ ᠵᠢ ᠪᠡᠶᠡᠯᠡᠭᠦᠯᠬᠦ ᠵᠢ᠎ᠨᠢ ᠵᠣᠷᠢᠭᠵᠢᠭᠤᠯᠵᠤ᠂ ᠦᠷ᠎ᠡ ᠵᠢᠨ ᠲᠥᠮᠥᠰᠥᠨ᠎ᠳᠤ ᠴᠢᠨᠠᠷ᠎ᠤᠨ ᠭᠡᠷᠡᠴᠢᠯᠡᠯᠲᠡ ᠬᠢᠭᠰᠡᠨ ᠲᠠᠯᠠᠪᠠᠢ ᠵᠢ ᠵᠢᠯ ᠪᠦᠷᠢ 4000 ᠮᠦ᠍᠎ᠠᠴᠠ ᠳᠣᠣᠷ᠎ᠠ ᠦᠭᠡᠢ ᠪᠠᠶ᠋ᠢᠯᠭ᠋ᠠᠨ᠂ ᠮᠦ᠍ ᠪᠦᠷᠢ᠎ᠳᠤ᠎ᠨᠢ 1000 ᠲᠥᠭᠦᠷᠢᠭ᠎ᠤᠨ ᠨᠡᠮᠡᠭᠦᠷᠢ ᠣᠯᠭᠤᠵᠤ᠂ ᠡᠷᠳᠡᠨᠢ ᠰᠢᠰᠢ ᠵᠢᠨ ᠦᠷ᠎ᠡ᠎ᠳᠤ ᠴᠢᠨᠠᠷ᠎ᠤᠨ ᠭᠡᠷᠡᠴᠢᠯᠡᠯᠲᠡ ᠬᠢᠭᠰᠡᠨ ᠲᠠᠯᠠᠪᠠᠢ ᠵᠢ ᠵᠢᠯ ᠪᠦᠷᠢ 2 ᠲᠦᠮᠡᠨ ᠮᠦ᠍᠎ᠠᠴᠠ ᠳᠣᠣᠷ᠎ᠠ ᠦᠭᠡᠢ ᠪᠠᠶ᠋ᠢᠯᠭ᠋ᠠᠨ᠂ ᠮᠦ᠍ ᠪᠦᠷᠢ᠎ᠳᠤ᠎ᠨᠢ 200 ᠲᠥᠭᠦᠷᠢᠭ᠎ᠤᠨ ᠨᠡᠮᠡᠭᠦᠷᠢ ᠣᠯᠭᠤᠵᠤ᠂ ᠰᠢᠷ᠎ᠠ ᠪᠤᠷᠴᠠᠭ᠎ᠤᠨ ᠦᠷ᠎ᠡ᠎ᠳᠤ ᠴᠢᠨᠠᠷ᠎ᠤᠨ ᠭᠡᠷᠡᠴᠢᠯᠡᠯᠲᠡ ᠬᠢᠭᠰᠡᠨ ᠲᠠᠯᠠᠪᠠᠢ ᠵᠢ ᠵᠢᠯ ᠪᠦᠷᠢ 1 ᠲᠦᠮᠡᠨ ᠮᠦ᠍᠎ᠠᠴᠠ ᠳᠣᠣᠷ᠎ᠠ ᠦᠭᠡᠢ ᠪᠠᠶ᠋ᠢᠯᠭ᠋ᠠᠨ᠂ ᠮᠦ᠍ ᠪᠦᠷᠢ᠎ᠳᠤ᠎ᠨᠢ 200 ᠲᠥᠭᠦᠷᠢᠭ᠎ᠤᠨ ᠨᠡᠮᠡᠭᠦᠷᠢ ᠣᠯᠭᠤᠨ᠎ᠠ᠃ ᠮᠠᠯ ᠵᠢᠭᠦᠷᠲᠡᠨ᠎ᠤ ᠰᠠᠶ᠋ᠢᠨ ᠡᠭᠦᠯᠳᠡᠷ᠎ᠢ ᠳᠡᠯᠭᠡᠷᠡᠭᠦᠯᠬᠦ ᠵᠢ ᠲᠦᠷᠭᠡᠳᠬᠡᠵᠦ᠂ ᠭᠠᠭ᠍ᠠᠢ ᠦᠬᠡᠷ ᠬᠤᠨᠢ ᠢᠮᠠᠭ᠋ᠠᠨ᠎ᠤ ᠰᠠᠶ᠋ᠢᠨ ᠡᠭᠦᠯᠳᠡᠷ᠎ᠲᠤ ᠨᠡᠮᠡᠭᠦᠷᠢ ᠣᠯᠭᠤᠬᠤ ᠵᠢ ᠬᠡᠷᠡᠭᠵᠢᠭᠦᠯᠵᠦ᠂ ᠲᠡᠵᠢᠭᠡᠨ ᠦᠷᠡᠵᠢᠭᠦᠯᠬᠦ ᠲᠠᠯᠠᠪᠠᠢ ᠡᠷᠦᠬᠡ ᠵᠢᠨ ᠰᠠᠶ᠋ᠢᠨ ᠡᠭᠦᠯᠳᠡᠷ᠎ᠤᠨ ᠢᠴᠡᠭᠡᠯ ᠦᠷ᠎ᠡ᠂ ᠴᠢᠨᠠᠷ ᠰᠠᠶ᠋ᠢᠲᠠᠢ ᠤᠬᠤᠨ᠎ᠠ ᠬᠤᠴᠠ᠎ᠪᠠᠷ ᠦᠷᠡᠵᠢᠭᠦᠯᠵᠦ ᠪᠣᠶ᠋ᠢᠵᠢᠭᠤᠯᠬᠤ ᠵᠢ ᠳᠡᠮᠵᠢᠨ᠎ᠡ᠃ ᠰᠦ ᠰᠠᠭ᠋ᠠᠯᠢ ᠵᠢᠨ ᠦᠢ᠍ᠯᠡᠰ᠎ᠤᠨ ᠰᠠᠶ᠋ᠢᠨ ᠡᠭᠦᠯᠳᠡᠷ᠎ᠢ ᠦᠷᠡᠵᠢᠭᠦᠯᠦᠨ ᠪᠣᠶ᠋ᠢᠵᠢᠭᠤᠯᠵᠤ ᠳᠡᠯᠭᠡᠷᠡᠭᠦᠯᠦᠭᠰᠡᠨ ᠱᠠᠩᠨᠠᠯ᠎ᠢ ᠨᠠᠶ᠋ᠢᠳᠠᠪᠤᠷᠢᠵᠢᠭᠤᠯᠵᠤ᠂ ᠴᠢᠨᠠᠷ ᠰᠠᠶ᠋ᠢᠲᠠᠢ ᠰᠠᠭ᠋ᠠᠯᠢ ᠵᠢᠨ ᠦᠨᠢᠶᠡᠨ᠎ᠤ ᠬᠦᠢ᠍ᠰᠦ ᠵᠢᠨ ᠢᠯᠭ᠋ᠠᠯ ᠪᠦᠬᠦᠢ ᠬᠥᠪᠥᠷᠡᠯ᠂ ᠢᠴᠡᠭᠡᠯ ᠦᠷ᠎ᠡ ᠵᠢ ᠳᠡᠯᠭᠡᠷᠡᠭᠦᠯᠦᠨ ᠬᠡᠷᠡᠭᠯᠡᠬᠦ ᠵᠢ ᠳᠡᠮᠵᠢᠨ᠎ᠡ᠃ (ᠥᠪᠡᠷᠲᠡᠭᠡᠨ ᠵᠠᠰᠠᠬᠤ ᠣᠷᠣᠨ᠎ᠤ ᠲᠠᠷᠢᠶᠠᠯᠠᠩ ᠮᠠᠯ ᠠᠵᠤ ᠠᠬᠤᠢ ᠪᠠ ᠬᠥᠳᠡᠭᠡ ᠲᠣᠰᠬᠤᠨ ᠮᠠᠯᠵᠢᠬᠤ ᠣᠷᠣᠨ᠎ᠤ ᠲᠢᠩᠬᠢᠮ᠂ ᠡᠳ᠋᠎ᠤᠨ ᠵᠠᠰᠠᠭ᠎ᠤᠨ ᠲᠢᠩᠬᠢᠮ᠂ ᠵᠠᠬ᠎ᠠ ᠳᠡᠯᠭᠡᠭᠦᠷ᠎ᠤᠨ ᠬᠢᠨᠠᠯᠲᠠ ᠬᠠᠮᠢᠶᠠᠷᠤᠯᠲᠠ ᠵᠢᠨ ᠲᠣᠪᠴᠢᠶ᠎ᠠ ᠡᠭᠦᠷᠭᠡ ᠬᠠᠷᠢᠭᠤᠴᠠᠯᠭ᠎ᠠ ᠠᠵᠢᠯ᠎ᠤᠨ ᠬᠤᠪᠢᠶᠠᠷᠢᠯᠠᠯ ᠶᠣᠰᠣᠭ᠋ᠠᠷ ᠬᠠᠷᠢᠭᠤᠴᠠᠨ᠎ᠠ)
(ᠠᠷᠪᠠᠨ ᠳᠥᠷᠪᠡ) ᠲᠠᠷᠢᠮᠠᠯ ᠣᠢ ᠮᠣᠳᠣ ᠡᠪᠡᠰᠦᠨ᠎ᠤ ᠦᠷ᠎ᠡ ᠡᠭᠦᠯᠳᠡᠷ᠎ᠲᠤ ᠬᠤᠵᠢᠭᠤ ᠨᠥᠬᠦᠪᠦᠷᠢᠯᠡᠨ ᠱᠠᠩᠨᠠᠬᠤ ᠵᠢ ᠬᠡᠷᠡᠭᠵᠢᠭᠦᠯᠦᠨ᠎ᠡ᠃ ᠥᠪᠡᠷᠲᠡᠭᠡᠨ ᠵᠠᠰᠠᠬᠤ ᠣᠷᠣᠨ᠎ᠤ ᠦᠷ᠎ᠡ ᠡᠭᠦᠯᠳᠡᠷ ᠪᠣᠶ᠋ᠢᠵᠢᠭᠤᠯᠬᠤ ᠨᠢᠭᠡᠴᠢ ᠵᠢᠨ ᠰᠢᠨ᠎ᠡ᠎ᠪᠠᠷ ᠪᠣᠶ᠋ᠢᠵᠢᠭᠤᠯᠤᠭᠰᠠᠨ ᠤᠯᠤᠰ᠎ᠤᠨ ᠬᠢᠨᠠᠨ ᠲᠣᠭᠲᠠᠭ᠋ᠠᠯᠲᠠ᠎ᠪᠠᠷ ᠪᠠᠲᠤᠯᠠᠭᠳᠠᠭᠰᠠᠨ ᠭᠤᠣᠯ ᠪᠣᠯᠬᠤ ᠲᠠᠷᠢᠮᠠᠯ ᠪᠠ ᠣᠢ ᠮᠣᠳᠣ ᠡᠪᠡᠰᠦᠨ᠎ᠤ ᠦᠷ᠎ᠡ ᠡᠭᠦᠯᠳᠡᠷ ᠪᠦᠷᠢ᠎ᠳᠤ ᠨᠢᠭᠡ ᠯᠡ ᠤᠳᠠᠭ᠎ᠠ ᠵᠢᠨ ᠴᠢᠨᠠᠷᠲᠠᠢ᠎ᠪᠠᠷ 10 ᠲᠦᠮᠡᠨ ᠲᠥᠭᠦᠷᠢᠭ᠎ᠤᠨ ᠱᠠᠩᠨᠠᠯ ᠣᠯᠭᠤᠨ᠎ᠠ; ᠥᠪᠡᠷᠲᠡᠭᠡᠨ ᠵᠠᠰᠠᠬᠤ ᠣᠷᠣᠨ᠎ᠤ ᠦᠷ᠎ᠡ ᠡᠭᠦᠯᠳᠡᠷ ᠪᠣᠶ᠋ᠢᠵᠢᠭᠤᠯᠬᠤ ᠨᠢᠭᠡᠴᠢ ᠵᠢᠨ ᠰᠢᠨ᠎ᠡ᠎ᠪᠠᠷ ᠪᠣᠶ᠋ᠢᠵᠢᠭᠤᠯᠤᠭᠰᠠᠨ ᠤᠷᠭᠤᠮᠠᠯ᠎ᠤᠨ ᠰᠢᠨ᠎ᠡ ᠦᠷ᠎ᠡ ᠡᠭᠦᠯᠳᠡᠷ᠎ᠢ ᠬᠠᠮᠠᠭ᠋ᠠᠯᠠᠬᠤ ᠡᠷᠬᠡ ᠣᠯᠣᠭᠰᠠᠨ ᠦᠷ᠎ᠡ ᠡᠭᠦᠯᠳᠡᠷ ᠪᠦᠷᠢ᠎ᠳᠤ ᠨᠢᠭᠡ ᠯᠡ ᠤᠳᠠᠭ᠎ᠠ ᠵᠢᠨ ᠴᠢᠨᠠᠷᠲᠠᠢ᠎ᠪᠠᠷ 5 ᠲᠦᠮᠡᠨ ᠲᠥᠭᠦᠷᠢᠭ᠎ᠤᠨ ᠱᠠᠩᠨᠠᠯ ᠣᠯᠭᠤᠨ᠎ᠠ; ᠴᠢᠬᠤᠯᠠ ᠶᠡᠭᠡ ᠦᠷ᠎ᠡ ᠡᠭᠦᠯᠳᠡᠷ᠎ᠢ ᠰᠤᠳᠤᠯᠤᠨ ᠨᠡᠭᠡᠭᠡᠬᠦ ᠪᠠ ᠳᠡᠯᠭᠡᠷᠡᠭᠦᠯᠪᠡᠯ ᠬᠤᠵᠢᠭᠤ ᠨᠥᠬᠦᠪᠦᠷᠢᠯᠡᠬᠦ ᠲᠥᠷᠥ ᠵᠢᠨ ᠪᠣᠳᠣᠯᠭ᠎ᠠ ᠵᠢ ᠬᠡᠷᠡᠭᠵᠢᠭᠦᠯᠵᠦ᠂ ᠥᠪᠡᠷᠲᠡᠭᠡᠨ ᠵᠠᠰᠠᠬᠤ ᠣᠷᠣᠨ᠎ᠤ ᠳᠡᠯᠭᠡᠷᠡᠭᠦᠯᠦᠭᠰᠡᠨ ᠲᠠᠯᠠᠪᠠᠢ᠎ᠨᠢ ᠶᠡᠭᠡ᠂ ᠨᠢᠭᠡᠴᠢ ᠤᠨᠠᠯᠲᠠ ᠵᠢᠨ ᠬᠢᠷᠢ ᠲᠦᠪᠰᠢᠨ ᠵᠶ᠋ᠠᠷ ᠥᠨᠳᠥᠷ᠂ ᠤᠨᠠᠯᠲᠠ ᠨᠡᠮᠡᠭᠳᠡᠭᠦᠯᠬᠦ ᠳᠠᠯᠳᠠ ᠬᠦᠴᠦᠨ ᠵᠶ᠋ᠠᠷ ᠶᠡᠭᠡ᠂ ᠴᠢᠨᠠᠷ ᠰᠠᠶ᠋ᠢᠲᠠᠢ ᠲᠤᠰᠬᠠᠢ ᠬᠡᠷᠡᠭᠯᠡᠭᠡᠨ᠎ᠤ ᠴᠢᠨᠠᠷ ᠵᠶ᠋ᠠᠷ ᠰᠠᠶ᠋ᠢᠨ ᠡᠷᠳᠡᠨᠢ ᠰᠢᠰᠢ᠂ ᠰᠢᠷ᠎ᠠ ᠪᠤᠷᠴᠠᠭ᠂ ᠲᠥᠮᠥᠰᠥ ᠵᠢᠨ ᠦᠷ᠎ᠡ ᠡᠭᠦᠯᠳᠡᠷ᠎ᠲᠤ ᠡᠭᠦᠯᠳᠡᠷ ᠳᠡᠯᠭᠡᠷᠡᠭᠦᠯᠦᠭᠰᠡᠨ ᠱᠠᠩᠨᠠᠯ ᠣᠯᠭᠤᠵᠤ᠂ ᠦᠢ᠍ᠯᠡᠰ᠎ᠤᠨ ᠰᠠᠶ᠋ᠢᠨ ᠦᠷ᠎ᠡ ᠡᠭᠦᠯᠳᠡᠷ ᠪᠣᠯᠭ᠋ᠠᠬᠤ ᠬᠢᠷᠢ ᠲᠦᠪᠰᠢᠨ᠎ᠤ ᠯᠠᠪᠳᠠᠭᠤᠨ ᠵᠶ᠋ᠠᠷ ᠳᠡᠭᠡᠭᠰᠢᠯᠡᠬᠦ ᠵᠢ ᠠᠬᠢᠭᠤᠯᠤᠨ᠎ᠠ᠃ (ᠥᠪᠡᠷᠲᠡᠭᠡᠨ ᠵᠠᠰᠠᠬᠤ ᠣᠷᠣᠨ᠎ᠤ ᠲᠠᠷᠢᠶᠠᠯᠠᠩ ᠮᠠᠯ ᠠᠵᠤ ᠠᠬᠤᠢ ᠪᠠ ᠬᠥᠳᠡᠭᠡ ᠲᠣᠰᠬᠤᠨ ᠮᠠᠯᠵᠢᠬᠤ ᠣᠷᠣᠨ᠎ᠤ ᠲᠢᠩᠬᠢᠮ᠂ ᠡᠳ᠋᠎ᠤᠨ ᠵᠠᠰᠠᠭ᠎ᠤᠨ ᠲᠢᠩᠬᠢᠮ᠂ ᠣᠢ ᠰᠢᠭᠤᠢ ᠨᠤᠲᠤᠭ ᠪᠡᠯᠴᠢᠭᠡᠷ᠎ᠤᠨ ᠲᠣᠪᠴᠢᠶ᠎ᠠ ᠡᠭᠦᠷᠭᠡ ᠬᠠᠷᠢᠭᠤᠴᠠᠯᠭ᠎ᠠ ᠠᠵᠢᠯ᠎ᠤᠨ ᠬᠤᠪᠢᠶᠠᠷᠢᠯᠠᠯ ᠶᠣᠰᠣᠭ᠋ᠠᠷ ᠬᠠᠷᠢᠭᠤᠴᠠᠨ᠎ᠠ)
(ᠠᠷᠪᠠᠨ ᠲᠠᠪᠤ) ᠮᠠᠯ ᠵᠢᠭᠦᠷᠲᠡᠨ᠎ᠤ ᠦᠷ᠎ᠡ ᠡᠭᠦᠯᠳᠡᠷ᠎ᠲᠤ ᠬᠤᠵᠢᠭᠤ ᠨᠥᠬᠦᠪᠦᠷᠢᠯᠡᠨ ᠱᠠᠩᠨᠠᠬᠤ ᠵᠢ ᠬᠡᠷᠡᠭᠵᠢᠭᠦᠯᠦᠨ᠎ᠡ᠃ ᠥᠪᠡᠷᠲᠡᠭᠡᠨ ᠵᠠᠰᠠᠬᠤ ᠣᠷᠣᠨ᠎ᠤ ᠰᠢᠨ᠎ᠡ᠎ᠪᠠᠷ ᠪᠣᠶ᠋ᠢᠵᠢᠭᠤᠯᠤᠭᠰᠠᠨ ᠤᠯᠤᠰ᠎ᠤᠨ ᠬᠢᠨᠠᠨ ᠲᠣᠭᠲᠠᠭ᠋ᠠᠯᠲᠠ᠎ᠪᠠᠷ ᠪᠠᠲᠤᠯᠠᠭᠳᠠᠭᠰᠠᠨ ᠮᠠᠯ ᠵᠢᠭᠦᠷᠲᠡᠨ᠎ᠤ ᠰᠢᠨ᠎ᠡ ᠡᠭᠦᠯᠳᠡᠷ (ᠢᠵᠢ ᠤᠳᠤᠮᠯᠠᠯ) ᠪᠦᠷᠢ᠎ᠳᠤ 100 ᠲᠦᠮᠡᠨ ᠲᠥᠭᠦᠷᠢᠭ ᠱᠠᠩᠨᠠᠨ᠎ᠠ; ᠤᠯᠤᠰ᠎ᠤᠨ ᠮᠠᠯ ᠵᠢᠭᠦᠷᠲᠡᠨ᠎ᠤ ᠤᠳᠤᠮᠯᠠᠯ᠎ᠤᠨ ᠡᠬᠢ ᠪᠠᠶᠠᠯᠢᠭ᠎ᠤᠨ ᠵᠥᠪᠯᠡᠯ᠎ᠠᠴᠠ ᠬᠢᠨᠠᠨ ᠲᠣᠭᠲᠠᠭ᠋ᠠᠵᠤ ᠪᠠᠲᠤᠯᠠᠭᠰᠠᠨ ᠮᠠᠯ ᠵᠢᠭᠦᠷᠲᠡᠨ᠎ᠤ ᠤᠳᠤᠮᠯᠠᠯ᠎ᠤᠨ ᠡᠬᠢ ᠪᠠᠶᠠᠯᠢᠭ ᠪᠦᠷᠢ᠎ᠳᠤ 50 ᠲᠦᠮᠡᠨ ᠲᠥᠭᠦᠷᠢᠭ ᠱᠠᠩᠨᠠᠨ᠎ᠠ; ᠲᠠᠷᠢᠶᠠᠯᠠᠩ ᠬᠥᠳᠡᠭᠡ ᠲᠣᠰᠬᠤᠨ᠎ᠤ ᠶᠠᠮᠤᠨ᠎ᠤ ᠨᠡᠷᠡᠰ᠎ᠤᠨ ᠵᠢᠭᠰᠠᠭ᠋ᠠᠯᠲᠠ ᠵᠢ ᠦᠨᠳᠦᠰᠦᠯᠡᠵᠦ᠂ ᠳᠡᠯᠡᠬᠡᠢ ᠪᠠ ᠤᠯᠤᠰ᠎ᠤᠨ ᠳᠣᠲᠣᠭ᠋ᠠᠳᠤᠬᠢ ᠨᠡᠷᠡᠰ᠎ᠤᠨ ᠵᠢᠭᠰᠠᠭ᠋ᠠᠯᠲᠠ᠎ᠳᠤ ᠡᠮᠦᠨᠡᠭᠦᠷ ᠣᠷᠣᠭᠰᠠᠨ ᠬᠤᠰᠲ᠋ᠠᠨ ᠦᠬᠡᠷ᠂ ᠰᠢᠮᠧᠨ᠋ᠲᠠᠷ ᠦᠬᠡᠷ᠂ ᠰᠠᠨ ᠾᠧ ᠦᠬᠡᠷ᠎ᠤᠨ ᠡᠭᠦᠯᠳᠡᠷ᠎ᠤᠨ ᠪᠤᠬ᠎ᠠ ᠵᠢᠨ ᠦᠷ᠎ᠡ ᠡᠭᠦᠯᠳᠡᠷ ᠪᠣᠶ᠋ᠢᠵᠢᠭᠤᠯᠬᠤ ᠠᠵᠤ ᠠᠬᠤᠶ᠋ᠢᠯᠠᠯ᠎ᠢ ᠪᠣᠯ ᠰᠢᠯᠭ᠋ᠠᠨ ᠬᠢᠨᠠᠭ᠋ᠠᠳ ᠪᠠᠷᠢᠮᠵᠢᠶᠠᠨ᠎ᠳᠤ ᠬᠥᠷᠥᠭᠰᠡᠨ᠎ᠤ ᠳᠠᠷᠠᠭ᠎ᠠ ᠬᠥᠬᠢᠭᠦᠯᠦᠨ ᠱᠠᠩᠨᠠᠨ᠎ᠠ; ᠳᠤᠮᠳᠠᠳᠤ ᠤᠯᠤᠰ᠎ᠤᠨ ᠠᠵᠤ ᠠᠬᠤᠶ᠋ᠢᠯᠠᠯ᠎ᠤᠨ ᠨᠡᠷᠡᠲᠦ ᠲᠡᠮᠳᠡᠭ᠎ᠤᠨ ᠥᠷᠢᠰᠦᠯᠳᠦᠬᠦ ᠬᠦᠴᠦᠨ᠎ᠤ ᠵᠢᠭ᠋ᠠᠯᠲᠠ ᠲᠤᠭ᠎ᠠ ᠵᠢᠨ (CBI) ᠨᠡᠷᠡᠰ᠎ᠤᠨ ᠵᠢᠭᠰᠠᠭ᠋ᠠᠯᠲᠠ᠎ᠳᠤ ᠤᠯᠤᠰ᠎ᠤᠨ ᠳᠣᠲᠣᠭ᠋ᠠᠳᠤ ᠵᠢᠨ ᠡᠮᠦᠨ᠎ᠡ 100 ᠨᠡᠷᠡᠰ᠎ᠲᠤ ᠪᠠᠶ᠋ᠢᠷᠢᠯᠠᠭᠰᠠᠨ ᠠᠯᠠᠰᠢᠨ᠎ᠤ ᠡᠭᠦᠯᠳᠡᠷ᠎ᠤᠨ ᠪᠤᠬ᠎ᠠ ᠵᠢ ᠪᠣᠶ᠋ᠢᠵᠢᠭᠤᠯᠤᠭᠰᠠᠨ ᠦᠷ᠎ᠡ ᠡᠭᠦᠯᠳᠡᠷ ᠪᠣᠶ᠋ᠢᠵᠢᠭᠤᠯᠬᠤ ᠠᠵᠤ ᠠᠬᠤᠶ᠋ᠢᠯᠠᠯ᠎ᠤᠨ ᠪᠤᠬ᠎ᠠ ᠪᠦᠷᠢ᠎ᠳᠤ 5 ᠲᠦᠮᠡᠨ ᠲᠥᠭᠦᠷᠢᠭ ᠱᠠᠩᠨᠠᠨ᠎ᠠ᠃ (ᠥᠪᠡᠷᠲᠡᠭᠡᠨ ᠵᠠᠰᠠᠬᠤ ᠣᠷᠣᠨ᠎ᠤ ᠲᠠᠷᠢᠶᠠᠯᠠᠩ ᠮᠠᠯ ᠠᠵᠤ ᠠᠬᠤᠢ ᠪᠠ ᠬᠥᠳᠡᠭᠡ ᠲᠣᠰᠬᠤᠨ ᠮᠠᠯᠵᠢᠬᠤ ᠣᠷᠣᠨ᠎ᠤ ᠲᠢᠩᠬᠢᠮ᠂ ᠡᠳ᠋᠎ᠤᠨ ᠵᠠᠰᠠᠭ᠎ᠤᠨ ᠲᠢᠩᠬᠢᠮ ᠡᠭᠦᠷᠭᠡ ᠬᠠᠷᠢᠭᠤᠴᠠᠯᠭ᠎ᠠ ᠠᠵᠢᠯ᠎ᠤᠨ ᠬᠤᠪᠢᠶᠠᠷᠢᠯᠠᠯ ᠶᠣᠰᠣᠭ᠋ᠠᠷ ᠬᠠᠷᠢᠭᠤᠴᠠᠨ᠎ᠠ)
(ᠠᠷᠪᠠᠨ ᠵᠢᠷᠭᠤᠭ᠎ᠠ) ᠮᠥᠩᠭᠦᠨ ᠭᠦᠢ᠍ᠯᠭᠡᠭᠡᠨ᠎ᠤ ᠳᠡᠮᠵᠢᠯᠭᠡ ᠦᠵᠡᠬᠦᠯᠬᠦ ᠲᠥᠷᠥ ᠵᠢᠨ ᠪᠣᠳᠣᠯᠭ᠎ᠠ ᠵᠢ ᠰᠢᠯᠢᠳᠡᠭᠵᠢᠭᠦᠯᠦᠨ᠎ᠡ᠃ ᠲᠤᠰᠬᠠᠢ ᠵᠦᠢ᠍ᠯ᠎ᠤᠨ ᠮᠥᠩᠭᠦᠨ ᠭᠦᠢ᠍ᠯᠭᠡᠭᠡᠨ᠎ᠤ ᠨᠡᠷᠡᠳᠬᠦᠨ ᠨᠡᠶ᠋ᠢᠲᠡᠯᠡᠬᠦ ᠵᠢ ᠳᠡᠮᠵᠢᠵᠦ᠂ ᠦᠷ᠎ᠡ ᠡᠭᠦᠯᠳᠡᠷ᠎ᠤᠨ ᠦᠢ᠍ᠯᠡᠰ᠎ᠤᠨ ᠠᠵᠤ ᠠᠬᠤᠶ᠋ᠢᠯᠠᠯ᠎ᠤᠨ ᠪᠡᠯᠡ ᠲᠣᠬᠢᠷᠠᠭᠤᠯᠬᠤ ᠬᠡᠷᠡᠭᠴᠡᠭᠡ ᠱᠠᠭ᠋ᠠᠷᠳᠠᠯᠭ᠎ᠠ ᠵᠢ ᠤᠷᠢᠳ ᠵᠶ᠋ᠠᠷ ᠪᠠᠲᠤᠯᠠᠵᠤ᠂ ᠦᠷ᠎ᠡ ᠡᠭᠦᠯᠳᠡᠷ᠎ᠤᠨ ᠦᠢ᠍ᠯᠡᠰ᠎ᠤᠨ ᠰᠤᠳᠤᠯᠤᠨ ᠨᠡᠭᠡᠭᠡᠬᠦ ᠦᠶᠡᠯᠡᠯ᠎ᠤᠨ ᠬᠤᠭᠤᠴᠠᠭ᠎ᠠ ᠤᠷᠳᠤ ᠪᠠᠶ᠋ᠢᠬᠤ ᠣᠨᠴᠠᠯᠢᠭᠲᠤ ᠲᠣᠬᠢᠷᠠᠭᠤᠯᠤᠨ 3 - 5 ᠵᠢᠯ᠎ᠤᠨ ᠦᠶᠡᠯᠡᠯ᠎ᠤᠨ ᠬᠤᠭᠤᠴᠠᠭ᠎ᠠ ᠤᠷᠳᠤ ᠮᠥᠩᠭᠦᠨ ᠭᠦᠢ᠍ᠯᠭᠡᠭᠡᠨ᠎ᠤ ᠨᠡᠷᠡᠳᠭᠦᠨ᠎ᠢ ᠲᠣᠭᠲᠠᠭ᠋ᠠᠵᠤ᠂ ᠦᠷ᠎ᠡ ᠡᠭᠦᠯᠳᠡᠷ ᠪᠣᠶ᠋ᠢᠵᠢᠭᠤᠯᠬᠤ ᠠᠵᠤ ᠠᠬᠤᠶ᠋ᠢᠯᠠᠯ᠂ ᠦᠷ᠎ᠡ ᠵᠢ ᠨᠠᠷᠢᠯᠢᠭ ᠭᠦᠨ ᠡᠳ᠋ᠰᠢᠭᠦᠯᠦᠨ ᠪᠣᠯᠪᠠᠰᠤᠷᠠᠭᠤᠯᠬᠤ ᠠᠵᠤ ᠠᠬᠤᠶ᠋ᠢᠯᠠᠯ᠎ᠳᠤ ᠢᠲᠡᠭᠡᠮᠵᠢᠲᠦ ᠵᠢᠭᠡᠯᠡᠯᠭᠡ ᠵᠢᠨ ᠳᠡᠮᠵᠢᠯᠭᠡ ᠦᠵᠡᠭᠦᠯᠬᠦ ᠡᠷᠴᠢᠮ ᠵᠶ᠋ᠠᠨ ᠴᠢᠩᠭ᠋ᠠᠷᠠᠭᠤᠯᠤᠨ᠎ᠠ᠃ ᠥᠪᠡᠷᠲᠡᠭᠡᠨ ᠵᠠᠰᠠᠬᠤ ᠣᠷᠣᠨ᠎ᠤ ᠬᠥᠳᠡᠭᠡ ᠲᠣᠰᠬᠤᠨ᠎ᠢ ᠬᠥᠭᠵᠢᠭᠦᠯᠦᠨ ᠮᠠᠨᠳᠤᠭᠤᠯᠬᠤ ᠠᠵᠤ ᠦᠢ᠍ᠯᠡᠰ᠎ᠤᠨ ᠬᠥᠭᠵᠢᠯᠲᠡ ᠵᠢᠨ ᠰᠠᠭᠤᠷᠢ ᠮᠥᠩᠭᠦ ᠵᠢ ᠰᠠᠶ᠋ᠢᠲᠤᠷ ᠬᠡᠷᠡᠭᠯᠡᠵᠦ᠂ ᠨᠥᠬᠦᠴᠡᠯ᠎ᠳᠤ ᠨᠡᠶ᠋ᠢᠴᠡᠭᠰᠡᠨ ᠥᠪᠡᠷᠲᠡᠭᠡᠨ ᠵᠠᠰᠠᠬᠤ ᠣᠷᠣᠨ᠎ᠤ ᠳᠡᠰ᠎ᠠᠴᠠ ᠳᠡᠭᠡᠭᠰᠢᠬᠢ ᠦᠷ᠎ᠡ ᠡᠭᠦᠯᠳᠡᠷ᠎ᠤᠨ ᠦᠢ᠍ᠯᠡᠰ᠎ᠤᠨ ᠬᠥᠲᠥᠴᠢ ᠠᠵᠤ ᠠᠬᠤᠶ᠋ᠢᠯᠠᠯ᠎ᠤᠨ ᠦᠷ᠎ᠡ ᠡᠭᠦᠯᠳᠡᠷ᠎ᠢ ᠰᠤᠳᠤᠯᠤᠨ ᠨᠡᠭᠡᠭᠡᠬᠦ᠂ ᠰᠠᠭᠤᠷᠢᠨ ᠭᠠᠵᠠᠷ ᠪᠦᠲᠦᠭᠡᠨ ᠪᠠᠶ᠋ᠢᠭᠤᠯᠬᠤ ᠪᠠ ᠵᠢᠱ᠌ᠢᠶ᠎ᠡ ᠦᠵᠡᠭᠦᠯᠦᠨ ᠳᠡᠯᠭᠡᠷᠡᠭᠦᠯᠬᠦ ᠵᠡᠷᠭᠡ ᠠᠵᠢᠯ ᠥᠷᠨᠢᠭᠦᠯᠬᠦ ᠵᠢ᠎ᠨᠢ ᠲᠡᠮᠵᠢᠨ᠎ᠡ᠃ (ᠳᠤᠮᠳᠠᠳᠤ ᠤᠯᠤᠰ᠎ᠤᠨ ᠠᠷᠠᠳ᠎ᠤᠨ ᠪᠠᠩᠬᠢ ᠵᠢᠨ ᠥᠪᠥᠷ ᠮᠣᠩᠭᠤᠯ᠎ᠤᠨ ᠥᠪᠡᠷᠲᠡᠭᠡᠨ ᠵᠠᠰᠠᠬᠤ ᠣᠷᠣᠨ᠎ᠤ ᠬᠤᠪᠢᠶᠠᠷᠢ ᠪᠠᠩᠬᠢ᠂ ᠤᠯᠤᠰ᠎ᠤᠨ ᠮᠥᠩᠭᠦᠨ ᠭᠦᠢ᠍ᠯᠭᠡᠭᠡᠨ᠎ᠤ ᠬᠢᠨᠠᠯᠲᠠ ᠬᠠᠮᠢᠶᠠᠷᠤᠯᠲᠠ ᠵᠢᠨ ᠶᠡᠷᠦᠩᠬᠡᠢ ᠲᠣᠪᠴᠢᠶᠠᠨ᠎ᠤ ᠥᠪᠥᠷ ᠮᠣᠩᠭᠤᠯ᠎ᠤᠨ ᠬᠢᠨᠠᠯᠲᠠ ᠬᠠᠮᠢᠶᠠᠷᠤᠯᠲᠠ ᠵᠢᠨ ᠲᠣᠪᠴᠢᠶ᠎ᠠ᠂ ᠥᠪᠡᠷᠲᠡᠭᠡᠨ ᠵᠠᠰᠠᠬᠤ ᠣᠷᠣᠨ᠎ᠤ ᠡᠳ᠋᠎ᠤᠨ ᠵᠠᠰᠠᠭ᠎ᠤᠨ ᠲᠢᠩᠬᠢᠮ᠂ ᠲᠠᠷᠢᠶᠠᠯᠠᠩ ᠮᠠᠯ ᠠᠵᠤ ᠠᠬᠤᠢ ᠪᠠ ᠬᠥᠳᠡᠭᠡ ᠲᠣᠰᠬᠤᠨ ᠮᠠᠯᠵᠢᠬᠤ ᠣᠷᠣᠨ᠎ᠤ ᠲᠢᠩᠬᠢᠮ᠂ ᠣᠷᠣᠨ ᠨᠤᠲᠤᠭ᠎ᠤᠨ ᠮᠥᠩᠭᠦᠨ ᠭᠦᠢ᠍ᠯᠭᠡᠭᠡᠨ᠎ᠤ ᠬᠢᠨᠠᠯᠲᠠ ᠬᠠᠮᠢᠶᠠᠷᠤᠯᠲᠠ ᠵᠢᠨ ᠲᠣᠪᠴᠢᠶ᠎ᠠ ᠡᠭᠦᠷᠭᠡ ᠬᠠᠷᠢᠭᠤᠴᠠᠯᠭ᠎ᠠ ᠠᠵᠢᠯ᠎ᠤᠨ ᠬᠤᠪᠢᠶᠠᠷᠢᠯᠠᠯ ᠶᠣᠰᠣᠭ᠋ᠠᠷ ᠬᠠᠷᠢᠭᠤᠴᠠᠨ᠎ᠠ)
(ᠠᠷᠪᠠᠨ ᠳᠣᠯᠤᠭ᠎ᠠ) ᠦᠷ᠎ᠡ ᠡᠭᠦᠯᠳᠡᠷ᠎ᠤᠨ ᠦᠢ᠍ᠯᠡᠰ᠎ᠤᠨ ᠵᠠᠬ᠎ᠠ ᠳᠡᠯᠭᠡᠭᠦᠷ᠎ᠤᠨ ᠣᠷᠴᠢᠨ ᠨᠥᠬᠦᠴᠡᠯ᠎ᠢ ᠴᠡᠪᠡᠷᠰᠢᠭᠦᠯᠦᠨ᠎ᠡ᠃ ᠦᠷ᠎ᠡ ᠡᠭᠦᠯᠳᠡᠷ᠎ᠤᠨ ᠦᠢ᠍ᠯᠡᠰ᠎ᠤᠨ ᠬᠠᠤᠯᠢ ᠴᠠᠭ᠋ᠠᠵᠠ ᠬᠠᠤᠯᠢ ᠲᠣᠭᠲᠠᠭ᠋ᠠᠯ᠎ᠤᠨ ᠤᠬᠠᠭᠤᠯᠭ᠎ᠠ ᠨᠠᠶ᠋ᠢᠳᠠᠪᠤᠷᠢᠵᠢᠭᠤᠯᠤᠯᠲᠠ᠎ᠳᠤ ᠠᠩᠬᠠᠷᠤᠯ ᠵᠶ᠋ᠠᠨ ᠲᠥᠪᠯᠡᠷᠡᠭᠦᠯᠵᠦ᠂ ᠦᠷ᠎ᠡ ᠡᠭᠦᠯᠳᠡᠷ᠎ᠤᠨ ᠦᠢ᠍ᠯᠡᠰ᠎ᠤᠨ ᠮᠡᠳᠡᠯᠭᠡ ᠵᠢᠨ ᠥᠮᠴᠢᠯᠡᠯ᠎ᠤᠨ ᠡᠷᠬᠡ ᠵᠢ ᠬᠠᠮᠠᠭ᠋ᠠᠯᠠᠬᠤ ᠲᠤᠰᠬᠠᠢ ᠴᠡᠭᠴᠡᠯᠡᠨ ᠵᠠᠰᠠᠬᠤ ᠠᠵᠢᠯᠯᠠᠭ᠋ᠠᠨ᠎ᠢ ᠯᠠᠪᠳᠠᠭᠤᠨ ᠪᠠᠲᠤᠲᠠᠢ ᠥᠷᠨᠢᠭᠦᠯᠵᠦ᠂ ᠭᠠᠵᠠᠷ ᠣᠷᠣᠨ᠂ ᠰᠠᠯᠠᠭ᠎ᠠ ᠮᠥᠴᠢᠷ ᠠᠯᠤᠰᠯᠠᠭᠰᠠᠨ ᠬᠤᠯᠪᠤᠭ᠋ᠠᠯᠠᠨ ᠬᠥᠳᠡᠯᠦᠯᠴᠡᠵᠦ ᠬᠠᠮᠠᠭ᠋ᠠᠯᠠᠬᠤ ᠪᠠ ᠵᠠᠰᠠᠭ ᠵᠠᠬᠢᠷᠭ᠋ᠠᠨ ᠬᠠᠤᠯᠢ ᠴᠠᠭ᠋ᠠᠵᠠ ᠵᠢᠨ ᠬᠠᠮᠵᠢᠯᠴᠠᠨ ᠬᠠᠮᠠᠭ᠋ᠠᠯᠠᠬᠤ ᠲᠣᠭᠲᠠᠴᠠ ᠵᠢ ᠪᠠᠶ᠋ᠢᠭᠤᠯᠵᠤ᠂ ᠬᠤᠳᠠᠯ ᠬᠠᠭᠤᠷᠮᠠᠭ ᠴᠢᠨᠠᠷ ᠮᠠᠭᠤ ᠵᠦᠢ᠍ᠯ ᠵᠶ᠋ᠠᠷ ᠨᠡᠷᠡᠲᠦ ᠲᠡᠮᠳᠡᠭ᠎ᠢ ᠣᠷᠣᠯᠠᠬᠤ ᠡᠷᠬᠡ᠎ᠳᠤ ᠬᠠᠯᠳᠠᠭᠰᠠᠨ ᠦᠢ᠍ᠯᠡ ᠠᠵᠢᠯᠯᠠᠭ᠎ᠠ᠎ᠳᠤ ᠴᠢᠩᠭ᠎ᠠ ᠴᠣᠬᠢᠯᠲᠠ ᠥᠭᠴᠦ᠂ ᠦᠷ᠎ᠡ ᠡᠭᠦᠯᠳᠡᠷ᠎ᠤᠨ ᠦᠢ᠍ᠯᠡᠰ᠎ᠤᠨ ᠠᠩᠬᠠᠨ᠎ᠤ ᠰᠢᠨ᠎ᠡ ᠵᠢ ᠡᠭᠦᠳᠬᠦ ᠠᠮᠢᠵᠢᠷᠠᠯ᠎ᠤᠨ ᠬᠦᠴᠦᠨ᠎ᠢ᠎ᠨᠢ ᠬᠥᠭᠵᠢᠭᠡᠨ᠎ᠡ᠃ ᠦᠷ᠎ᠡ ᠡᠭᠦᠯᠳᠡᠷ᠎ᠤᠨ ᠦᠢ᠍ᠯᠡᠰ᠎ᠤᠨ ᠵᠠᠬ᠎ᠠ ᠳᠡᠯᠭᠡᠭᠦᠷ᠎ᠲᠤ ᠬᠢᠨᠠᠯᠲᠠ ᠲᠠᠯᠪᠢᠵᠤ ᠰᠤᠭᠤᠴᠢᠨ ᠪᠠᠶ᠋ᠢᠴᠠᠭ᠋ᠠᠬᠤ᠎ᠪᠠᠨ ᠴᠢᠩᠭ᠋ᠠᠳᠬᠠᠵᠤ᠂ ᠦᠷ᠎ᠡ ᠡᠭᠦᠯᠳᠡᠷ᠎ᠤᠨ ᠶᠠᠰᠤ ᠴᠢᠨᠠᠷ᠎ᠢ ᠰᠢᠯᠭ᠋ᠠᠨ ᠪᠠᠶ᠋ᠢᠴᠠᠭ᠋ᠠᠬᠤ ᠴᠢᠳᠠᠪᠤᠷᠢ᠎ᠪᠠᠨ ᠲᠠᠰᠤᠷᠠᠯᠲᠠ ᠦᠭᠡᠢ ᠳᠡᠭᠡᠭᠰᠢᠯᠡᠭᠦᠯᠦᠨ᠎ᠡ᠃ (ᠥᠪᠡᠷᠲᠡᠭᠡᠨ ᠵᠠᠰᠠᠬᠤ ᠣᠷᠣᠨ᠎ᠤ ᠲᠠᠷᠢᠶᠠᠯᠠᠩ ᠮᠠᠯ ᠠᠵᠤ ᠠᠬᠤᠢ ᠪᠠ ᠬᠥᠳᠡᠭᠡ ᠲᠣᠰᠬᠤᠨ ᠮᠠᠯᠵᠢᠬᠤ ᠣᠷᠣᠨ᠎ᠤ ᠲᠢᠩᠬᠢᠮ᠂ ᠳᠣᠲᠣᠭ᠋ᠠᠳᠤ ᠵᠢ ᠬᠠᠮᠠᠭ᠋ᠠᠯᠠᠬᠤ ᠲᠢᠩᠬᠢᠮ᠂ ᠣᠢ ᠰᠢᠭᠤᠢ ᠪᠠ ᠨᠤᠲᠤᠭ ᠪᠡᠯᠴᠢᠭᠡᠷ᠎ᠤᠨ ᠲᠣᠪᠴᠢᠶ᠎ᠠ᠂ ᠵᠠᠬ᠎ᠠ ᠳᠡᠯᠭᠡᠭᠦᠷ᠎ᠤᠨ ᠬᠢᠨᠠᠯᠲᠠ ᠬᠠᠮᠢᠶᠠᠷᠤᠯᠲᠠ ᠵᠢᠨ ᠲᠣᠪᠴᠢᠶ᠎ᠠ ᠡᠭᠦᠷᠭᠡ ᠬᠠᠷᠢᠭᠤᠴᠠᠯᠭ᠎ᠠ ᠠᠵᠢᠯ᠎ᠤᠨ ᠬᠤᠪᠢᠶᠠᠷᠢᠯᠠᠯ ᠶᠣᠰᠣᠭ᠋ᠠᠷ ᠬᠠᠷᠢᠭᠤᠴᠠᠨ᠎ᠠ)
(ᠠᠷᠪᠠᠨ ᠨᠠᠢ᠍ᠮᠠ) ᠰᠢᠨᠵᠢᠯᠡᠬᠦ ᠤᠬᠠᠭ᠋ᠠᠨ ᠲᠧᠭᠨᠢᠭ ᠮᠡᠷᠭᠡᠵᠢᠯ᠎ᠤᠨ ᠰᠢᠨ᠎ᠡ ᠵᠢ ᠡᠭᠦᠳᠬᠦ ᠤᠷᠮᠠᠰᠢᠭᠤᠯᠬᠤ ᠲᠣᠭᠲᠠᠴᠠ ᠵᠢ ᠴᠢᠩᠭ᠋ᠠᠷᠠᠭᠤᠯᠤᠨ᠎ᠠ᠃ ᠲᠥᠷᠥ ᠵᠢᠨ ᠪᠣᠳᠣᠯᠭ᠎ᠠ ᠵᠢᠨ ᠬᠥᠲᠥᠯᠥᠨ ᠵᠢᠯᠤᠭᠤᠳᠬᠤ ᠦᠢ᠍ᠯᠡᠳᠦᠯ᠎ᠢ ᠭᠦᠢ᠍ᠴᠡᠳ ᠪᠠᠳᠠᠷᠠᠭᠤᠯᠵᠤ᠂ ᠰᠢᠨ᠎ᠡ ᠵᠢ ᠡᠭᠦᠳᠬᠦ ᠢᠳᠡᠪᠬᠢᠵᠢᠯ ᠰᠠᠨᠠᠭ᠋ᠠᠴᠢᠯᠠᠭ᠋ᠠᠲᠤ ᠴᠢᠨᠠᠷ᠎ᠢ ᠳᠠᠶ᠋ᠢᠴᠢᠯᠠᠨ᠂ ᠰᠢᠨ᠎ᠡ ᠵᠢ ᠡᠭᠦᠳᠬᠦ ᠠᠮᠢᠵᠢᠷᠠᠯ᠎ᠤᠨ ᠬᠦᠴᠦᠨ᠎ᠢ ᠬᠥᠭᠵᠢᠭᠡᠨ᠎ᠡ᠃ 《ᠮᠧᠩ ᠺᠧ ᠵᠢᠦᠢ》 ᠰᠢᠨ᠎ᠡ ᠵᠢ ᠡᠭᠦᠳᠬᠦ᠎ᠪᠠᠷ ᠬᠥᠳᠡᠯᠭᠡᠭᠦᠷ ᠪᠣᠯᠭ᠋ᠠᠭᠰᠠᠨ ᠲᠠᠪᠴᠠᠩ᠎ᠢ ᠰᠠᠶ᠋ᠢᠲᠤᠷ ᠠᠰᠢᠭᠯᠠᠵᠤ᠂ ᠰᠢᠨ᠎ᠡ ᠵᠢ ᠡᠭᠦᠳᠬᠦ ᠪᠦᠯᠬᠦᠮ ᠨᠡᠶ᠋ᠢᠲᠡ᠂ ᠲᠥᠷᠥᠯ ᠵᠦᠢ᠍ᠯ᠂ ᠪᠡᠯᠡ ᠮᠥᠩᠭᠦ ᠵᠢ ᠪᠦᠲᠦᠮᠵᠢᠲᠡᠢ ᠵᠣᠯᠭ᠋ᠠᠭᠤᠯᠵᠤ᠂ ᠣᠨᠣᠴᠠᠲᠠᠢ᠎ᠪᠠᠷ 《ᠭᠠᠷ ᠬᠤᠯᠪᠣᠭᠤᠯᠤᠨᠠ》᠃ ᠰᠢᠯᠢᠳᠡᠭ᠎ᠠᠴᠠ ᠰᠢᠯᠢᠳᠡᠭ᠎ᠢ᠎ᠨᠢ ᠰᠣᠩᠭᠤᠬᠤ ᠵᠢ ᠪᠠᠷᠢᠮᠲᠠᠯᠠᠵᠤ᠂ ᠡᠭᠦᠳᠡ᠎ᠪᠠᠨ ᠨᠡᠭᠡᠭᠡᠵᠦ ᠬᠠᠮᠲᠤ᠎ᠪᠠᠷ ᠭᠦᠷᠳᠡᠯᠴᠡᠨ ᠰᠢᠨ᠎ᠡ ᠡᠭᠦᠳᠦᠯᠲᠡ ᠵᠢ ᠰᠡᠳᠦᠵᠦ᠂ ᠨᠡᠭᠡᠭᠡᠯᠲᠡ᠎ᠲᠠᠢ ᠬᠠᠮᠲᠤᠷᠠᠯᠴᠠᠵᠤ ᠪᠦᠯᠬᠦᠮ ᠨᠡᠶ᠋ᠢᠲᠡ ᠵᠢ ᠵᠣᠬᠢᠶᠠᠨ ᠪᠠᠶ᠋ᠢᠭᠤᠯᠵᠤ᠂ ᠣᠷᠣᠨ᠎ᠤ ᠳᠣᠲᠣᠨ᠎ᠠ ᠭᠠᠳᠠᠨᠠᠬᠢ ᠲᠤᠰᠬᠠᠢ ᠮᠡᠷᠭᠡᠵᠢᠯᠲᠡᠨ᠎ᠤ ᠪᠦᠯᠬᠦᠮ ᠨᠡᠶ᠋ᠢᠲᠡ᠎ᠠᠴᠠ ᠦᠷ᠎ᠡ ᠡᠭᠦᠯᠳᠡᠷ᠎ᠤᠨ ᠦᠢ᠍ᠯᠡᠰ᠎ᠤᠨ ᠬᠥᠭᠵᠢᠯᠲᠡ ᠵᠢ ᠬᠦᠯᠢᠶᠡᠰᠦᠯᠡᠵᠦ ᠪᠠᠶ᠋ᠢᠭ᠎ᠠ ᠲᠣᠪᠣᠶ᠋ᠢᠮ᠎ᠠ ᠠᠰᠠᠭᠤᠳᠠᠯ᠎ᠢ ᠰᠢᠢ᠍ᠳᠪᠦᠷᠢᠯᠡᠬᠦ ᠵᠢ᠎ᠨᠢ ᠳᠡᠮᠵᠢᠵᠦ᠂ ᠣᠷᠣᠨ᠎ᠤ ᠳᠣᠲᠣᠷᠠᠬᠢ ᠶᠡᠭᠡ ᠳᠡᠭᠡᠳᠦ ᠰᠤᠷᠭ᠋ᠠᠭᠤᠯᠢ᠂ ᠰᠢᠨᠵᠢᠯᠡᠬᠦ ᠤᠬᠠᠭ᠋ᠠᠨ᠎ᠤ ᠰᠤᠳᠤᠯᠤᠯ᠎ᠤᠨ ᠬᠦᠷᠢᠶᠡᠯᠡᠩ ᠭᠠᠵᠠᠷ᠎ᠤᠨ ᠦᠷ᠎ᠡ ᠡᠭᠦᠯᠳᠡᠷ᠎ᠤᠨ ᠦᠢ᠍ᠯᠡᠰ᠎ᠢ ᠬᠥᠭᠵᠢᠭᠦᠯᠦᠨ ᠮᠠᠨᠳᠤᠭᠤᠯᠬᠤ᠎ᠳᠤ ᠢᠳᠡᠪᠬᠢᠲᠡᠢ ᠣᠷᠣᠯᠴᠠᠬᠤ ᠵᠢ ᠵᠣᠷᠢᠭᠵᠢᠭᠤᠯᠵᠤ᠂ ᠦᠷ᠎ᠡ ᠡᠭᠦᠯᠳᠡᠷ᠎ᠤᠨ ᠲᠠᠯ᠎ᠠ᠎ᠪᠠᠷ᠎ᠬᠢ ᠰᠢᠨᠵᠢᠯᠡᠬᠦ ᠤᠬᠠᠭ᠋ᠠᠨ᠎ᠤ ᠰᠤᠳᠤᠯᠤᠯ᠎ᠤᠨ ᠨᠤᠲᠤᠭ᠎ᠤᠨ ᠴᠢᠳᠠᠪᠤᠷᠢᠲᠠᠨ᠎ᠢ ᠨᠡᠩ ᠤᠯᠠᠨ ᠬᠥᠮᠥᠵᠢᠭᠦᠯᠦᠨ᠎ᠡ᠃ ᠦᠷ᠎ᠡ ᠡᠭᠦᠯᠳᠡᠷ᠎ᠤᠨ ᠦᠢ᠍ᠯᠡᠰ᠎ᠤᠨ ᠳᠡᠭᠡᠳᠦ ᠳᠡᠰ᠎ᠤᠨ ᠴᠢᠳᠠᠪᠤᠷᠢᠲᠠᠨ᠎ᠢ ᠣᠷᠣᠭᠤᠯᠤᠨ ᠠᠪᠴᠢᠷᠠᠬᠤ ᠡᠷᠴᠢᠮ ᠵᠶ᠋ᠠᠨ ᠴᠢᠩᠭ᠋ᠠᠷᠠᠭᠤᠯᠵᠤ᠂ ᠤᠷᠢᠨ ᠲᠣᠮᠢᠯᠠᠬᠤ ᠳᠦᠷᠢᠮ᠂ ᠬᠤᠣᠰ ᠤᠷᠢᠯᠭ᠎ᠠ ᠵᠢᠨ ᠳᠦᠷᠢᠮ᠎ᠤᠨ ᠬᠡᠯᠪᠡᠷᠢ᠎ᠪᠠᠷ ᠳᠡᠭᠡᠳᠦ ᠳᠡᠰ᠎ᠤᠨ ᠴᠢᠳᠠᠪᠤᠷᠢᠲᠠᠨ᠎ᠢ ᠣᠷᠣᠭᠤᠯᠤᠨ ᠠᠪᠴᠢᠷᠠᠬᠤ ᠵᠢ ᠳᠡᠮᠵᠢᠵᠦ᠂ ᠦᠷ᠎ᠡ ᠡᠭᠦᠯᠳᠡᠷ᠎ᠤᠨ ᠦᠢ᠍ᠯᠡᠰ᠎ᠤᠨ ᠰᠢᠨᠵᠢᠯᠡᠬᠦ ᠤᠬᠠᠭ᠋ᠠᠨ ᠲᠧᠭᠨᠢᠭ ᠮᠡᠷᠭᠡᠵᠢᠯ᠎ᠤᠨ ᠳᠠᠭ᠋ᠠᠭᠤᠯᠤᠭᠴᠢ ᠴᠢᠳᠠᠪᠤᠷᠢᠲᠠᠨ ᠪᠠ ᠰᠢᠨ᠎ᠡ ᠵᠢ ᠡᠭᠦᠳᠬᠦ ᠪᠦᠯᠬᠦᠮ ᠨᠡᠶ᠋ᠢᠲᠡ ᠵᠢ ᠣᠷᠣᠭᠤᠯᠤᠨ ᠠᠪᠴᠢᠷᠠᠬᠤ ᠵᠢ ᠵᠣᠷᠢᠭᠵᠢᠭᠤᠯᠵᠤ᠂ 《ᠨᠢᠭᠡ ᠨᠢᠭᠡ ᠠᠵᠢᠯ ᠶᠠᠪᠤᠳᠠᠯ ᠵᠶ᠋ᠠᠷ ᠵᠥᠪᠯᠡᠬᠦ》 ᠠᠷᠭ᠎ᠠ ᠮᠠᠶᠢᠭ ᠵᠶ᠋ᠠᠷ ᠳᠡᠮᠵᠢᠯᠭᠡ ᠦᠵᠡᠭᠦᠯᠦᠨ᠎ᠡ᠃ ᠦᠷ᠎ᠡ ᠡᠭᠦᠯᠳᠡᠷ᠎ᠤᠨ ᠦᠢ᠍ᠯᠡᠰ᠎ᠤᠨ ᠰᠢᠨᠵᠢᠯᠡᠬᠦ ᠤᠬᠠᠭ᠋ᠠᠨ᠎ᠤ ᠰᠤᠳᠤᠯᠤᠯ᠎ᠤᠨ ᠴᠢᠳᠠᠪᠤᠷᠢᠲᠠᠨ᠎ᠤ ᠥᠭᠡᠷᠡᠴᠢᠯᠡᠯᠲᠡ ᠵᠢ ᠭᠦᠨᠵᠡᠭᠡᠶ᠋ᠢᠷᠡᠭᠦᠯᠵᠦ᠂ ᠤᠳᠤᠷᠢᠳᠤᠯᠭ᠎ᠠ ᠵᠢᠨ ᠲᠤᠰᠢᠶᠠᠯ ᠡᠭᠦᠷᠭᠡᠯᠡᠬᠦ ᠦᠭᠡᠢ ᠰᠢᠨᠵᠢᠯᠡᠬᠦ ᠤᠬᠠᠭ᠋ᠠᠨ᠎ᠤ ᠰᠤᠳᠤᠯᠤᠯ᠎ᠤᠨ ᠠᠵᠢᠯᠲᠠᠨ᠎ᠤ ᠠᠵᠤ ᠠᠬᠤᠶ᠋ᠢᠯᠠᠯ᠎ᠳᠤ ᠬᠦᠷᠴᠦ ᠲᠤᠰᠢᠶᠠᠯ ᠪᠠ ᠴᠠᠯᠢᠩ ᠬᠠᠪᠰᠤᠷᠭ᠋ᠠᠬᠤ ᠵᠢ ᠵᠣᠷᠢᠭᠵᠢᠭᠤᠯᠵᠤ᠂ ᠠᠵᠤ ᠠᠬᠤᠶ᠋ᠢᠯᠠᠯ᠎ᠤᠨ᠎ᠬᠢᠨ᠎ᠤ ᠠᠰᠢᠭ ᠲᠤᠰᠠ ᠵᠢ ᠬᠤᠯᠪᠣᠭᠳᠠᠭᠤᠯᠬᠤ ᠲᠣᠭᠲᠠᠴᠠ᠎ᠪᠠᠷ ᠰᠢᠨ᠎ᠡ ᠵᠢ ᠡᠭᠦᠳᠬᠦ ᠴᠢᠳᠠᠪᠤᠷᠢᠲᠠᠨ᠎ᠢ ᠰᠢᠩᠭᠡᠬᠡᠨ ᠣᠷᠣᠭᠤᠯᠬᠤ ᠵᠢ᠎ᠨᠢ ᠳᠡᠮᠵᠢᠵᠦ᠂ ᠦᠷ᠎ᠡ ᠡᠭᠦᠯᠳᠡᠷ᠎ᠤᠨ ᠦᠢ᠍ᠯᠡᠰ᠎ᠤᠨ ᠠᠵᠤ ᠠᠬᠤᠶ᠋ᠢᠯᠠᠯ᠎ᠤᠨ ᠰᠢᠨᠵᠢᠯᠡᠬᠦ ᠤᠬᠠᠭ᠋ᠠᠨ᠎ᠤ ᠰᠤᠳᠤᠯᠤᠯ᠎ᠤᠨ ᠠᠵᠢᠯᠲᠠᠨ᠎ᠤ ᠮᠡᠷᠭᠡᠵᠢᠯ᠎ᠤᠨ ᠴᠣᠯᠠ ᠵᠢᠨ ᠬᠢᠨᠠᠨ ᠲᠣᠭᠲᠠᠭ᠋ᠠᠬᠤ ᠵᠠᠮ ᠮᠥᠷ᠎ᠢ ᠰᠢᠯᠤᠭᠤᠳᠬᠠᠨ᠎ᠠ᠃ ᠦᠷ᠎ᠡ ᠡᠭᠦᠯᠳᠡᠷ᠎ᠤᠨ ᠦᠢ᠍ᠯᠡᠰ᠎ᠤᠨ ᠰᠢᠨᠵᠢᠯᠡᠬᠦ ᠤᠬᠠᠭ᠋ᠠᠨ ᠲᠧᠭᠨᠢᠭ ᠮᠡᠷᠭᠡᠵᠢᠯ᠎ᠤᠨ ᠦᠷ᠎ᠡ ᠪᠦᠲᠦᠭᠡᠯ᠎ᠢ ᠤᠯᠠᠷᠢᠭᠤᠯᠬᠤ ᠲᠣᠭᠲᠠᠴᠠ᠎ᠳᠤ ᠰᠢᠨ᠎ᠡ ᠵᠢ ᠡᠭᠦᠳᠴᠦ᠂ ᠰᠢᠨᠵᠢᠯᠡᠬᠦ ᠤᠬᠠᠭ᠋ᠠᠨ ᠲᠧᠭᠨᠢᠭ ᠮᠡᠷᠭᠡᠵᠢᠯ᠎ᠤᠨ ᠦᠷ᠎ᠡ ᠪᠦᠲᠦᠭᠡᠯ᠎ᠢ ᠤᠯᠠᠷᠢᠭᠤᠯᠬᠤ ᠵᠢ ᠵᠣᠷᠢᠭᠵᠢᠭᠤᠯᠵᠤ ᠪᠠᠲᠤᠯᠠᠬᠤ᠎ᠪᠠᠨ ᠴᠢᠩᠭ᠋ᠠᠷᠠᠭᠤᠯᠵᠤ᠂ ᠰᠢᠯᠵᠢᠭᠦᠯᠦᠨ ᠥᠭᠬᠦ᠂ ᠵᠥᠪᠰᠢᠶᠡᠷᠡᠬᠦ᠂ ᠦᠨ᠎ᠡ ᠬᠠᠩᠰᠢ ᠲᠣᠭᠲᠠᠭ᠋ᠠᠵᠤ ᠬᠤᠪᠢ ᠣᠷᠣᠭᠤᠯᠬᠤ ᠵᠡᠷᠭᠡ ᠬᠡᠯᠪᠡᠷᠢ᠎ᠪᠠᠷ ᠥᠪᠡᠷᠲᠡᠭᠡᠨ ᠵᠠᠰᠠᠬᠤ ᠣᠷᠣᠨ᠎ᠤ ᠳᠣᠲᠣᠷ᠎ᠠ ᠪᠣᠳᠠᠲᠠᠶ᠋ᠢᠵᠢᠭᠤᠯᠤᠨ ᠤᠯᠠᠷᠢᠭᠤᠯᠤᠭᠰᠠᠨ ᠦᠷ᠎ᠡ ᠡᠭᠦᠯᠳᠡᠷ᠎ᠤᠨ ᠦᠢ᠍ᠯᠡᠰ᠎ᠤᠨ ᠰᠢᠨᠵᠢᠯᠡᠬᠦ ᠤᠬᠠᠭ᠋ᠠᠨ ᠲᠧᠭᠨᠢᠭ ᠮᠡᠷᠭᠡᠵᠢᠯ᠎ᠤᠨ ᠦᠷ᠎ᠡ ᠪᠦᠲᠦᠭᠡᠯ᠎ᠢ ᠳᠡᠯᠭᠡᠷᠡᠭᠦᠯᠦᠨ ᠬᠡᠷᠡᠭᠯᠡᠭᠰᠡᠨ᠎ᠳᠤ ᠱᠠᠩᠨᠠᠯ ᠣᠯᠭᠤᠨ᠎ᠠ᠃ ᠵᠠᠬᠢᠶᠠᠯᠠᠭ᠎ᠠ ᠵᠢᠨ ᠮᠠᠶᠢᠭ᠂ ᠦᠢ᠍ᠯᠡᠴᠢᠯᠡᠭᠡᠨ᠎ᠤ ᠬᠡᠯᠪᠡᠷᠢ ᠵᠢᠨ ᠰᠢᠨᠵᠢᠯᠡᠬᠦ ᠤᠬᠠᠭ᠋ᠠᠨ᠎ᠤ ᠰᠤᠳᠤᠯᠤᠯ᠎ᠢ ᠰᠦᠪᠡᠭᠴᠢᠯᠡᠵᠦ᠂ ᠦᠷ᠎ᠡ ᠡᠭᠦᠯᠳᠡᠷ᠎ᠤᠨ ᠦᠢ᠍ᠯᠡᠰ᠎ᠤᠨ ᠰᠢᠨᠵᠢᠯᠡᠬᠦ ᠤᠬᠠᠭ᠋ᠠᠨ᠎ᠤ ᠰᠤᠳᠤᠯᠤᠯ᠎ᠢ ᠵᠠᠬ᠎ᠠ ᠳᠡᠯᠭᠡᠭᠦᠷ᠎ᠤᠨ ᠬᠡᠷᠡᠭᠴᠡᠭᠡ ᠱᠠᠭ᠋ᠠᠷᠳᠠᠯᠭ᠎ᠠ᠎ᠯᠤᠭ᠎ᠠ ᠥᠨᠳᠥᠷ ᠪᠦᠲᠦᠮᠵᠢᠲᠡᠢ᠎ᠪᠠᠷ ᠵᠣᠯᠭ᠋ᠠᠭᠤᠯᠬᠤ ᠵᠢ ᠠᠬᠢᠭᠤᠯᠵᠤ᠂ ᠰᠢᠨᠵᠢᠯᠡᠬᠦ ᠤᠬᠠᠭ᠋ᠠᠨ᠎ᠤ ᠰᠤᠳᠤᠯᠤᠯ᠎ᠤᠨ ᠠᠵᠢᠯᠲᠠᠨ᠎ᠤ ᠦᠷ᠎ᠡ ᠪᠦᠲᠦᠭᠡᠯ ᠭᠠᠷᠭ᠋ᠠᠬᠤ᠂ ᠠᠵᠤ ᠠᠬᠤᠶ᠋ᠢᠯᠠᠯ ᠦᠷ᠎ᠡ ᠪᠦᠲᠦᠭᠡᠯ᠎ᠢ ᠬᠤᠳᠠᠯᠳᠤᠨ ᠠᠪᠴᠤ ᠦᠷᠡᠵᠢᠭᠦᠯᠵᠦ ᠪᠣᠶ᠋ᠢᠵᠢᠭᠤᠯᠤᠨ ᠳᠡᠯᠭᠡᠷᠡᠭᠦᠯᠬᠦ᠂ ᠲᠠᠷᠢᠶᠠᠴᠢᠨ ᠮᠠᠯᠴᠢᠳ ᠬᠠᠮᠤᠭ᠎ᠤᠨ ᠰᠢᠯᠢᠳᠡᠭ ᠬᠠᠮᠤᠭ᠎ᠠᠴᠠ ᠲᠣᠬᠢᠷᠠᠮᠵᠢᠲᠠᠢ ᠦᠷ᠎ᠡ ᠡᠭᠦᠯᠳᠡᠷ᠎ᠢ ᠬᠡᠷᠡᠭᠯᠡᠬᠦ ᠵᠢ ᠪᠡᠶᠡᠯᠡᠭᠦᠯᠵᠦ᠂ ᠦᠷ᠎ᠡ ᠡᠭᠦᠯᠳᠡᠷ᠎ᠤᠨ ᠦᠢ᠍ᠯᠡᠰ᠎ᠤᠨ ᠡᠯ᠎ᠡ ᠭᠤᠣᠯ ᠴᠣᠭᠴᠠ᠂ ᠡᠯ᠎ᠡ ᠭᠤᠭᠴᠣᠭ᠋ᠠᠨ᠎ᠤ ᠬᠦᠴᠦ ᠵᠢ ᠬᠠᠮᠲᠤᠳᠬᠠᠨ ᠪᠥᠬᠦ ᠬᠡᠯᠬᠢᠶᠡᠰᠦ᠎ᠪᠠᠷ ᠬᠥᠭᠵᠢᠬᠦ ᠵᠢ ᠠᠬᠢᠭᠤᠯᠤᠨ᠎ᠠ᠃ (ᠥᠪᠡᠷᠲᠡᠭᠡᠨ ᠵᠠᠰᠠᠬᠤ ᠣᠷᠣᠨ᠎ᠤ ᠰᠢᠨᠵᠢᠯᠡᠬᠦ ᠤᠬᠠᠭ᠋ᠠᠨ ᠲᠧᠭᠨᠢᠭ ᠮᠡᠷᠭᠡᠵᠢᠯ᠎ᠤᠨ ᠲᠢᠩᠬᠢᠮ᠂ ᠬᠥᠮᠥᠨ᠎ᠤ ᠬᠦᠴᠦᠨ᠎ᠤ ᠡᠬᠢ ᠪᠠᠶᠠᠯᠢᠭ ᠪᠠ ᠨᠡᠶ᠋ᠢᠭᠡᠮ᠎ᠤᠨ ᠪᠠᠲᠤᠯᠠᠭ᠎ᠠ ᠵᠢᠨ ᠲᠢᠩᠬᠢᠮ᠂ ᠡᠳ᠋᠎ᠤᠨ ᠵᠠᠰᠠᠭ᠎ᠤᠨ ᠲᠢᠩᠬᠢᠮ ᠡᠭᠦᠷᠭᠡ ᠬᠠᠷᠢᠭᠤᠴᠠᠯᠭ᠎ᠠ ᠠᠵᠢᠯ᠎ᠤᠨ ᠬᠤᠪᠢᠶᠠᠷᠢᠯᠠᠯ ᠶᠣᠰᠣᠭ᠋ᠠᠷ ᠬᠠᠷᠢᠭᠤᠴᠠᠨ᠎ᠠ)
ᠳᠡᠭᠡᠷ᠎ᠡ ᠳᠤᠷᠠᠳᠤᠭᠰᠠᠨ ᠲᠥᠷᠥ ᠵᠢᠨ ᠪᠣᠳᠣᠯᠭ᠎ᠠ ᠠᠷᠭ᠎ᠠ ᠬᠡᠮᠵᠢᠶ᠎ᠡ ᠵᠢ ᠬᠡᠷᠡᠭᠵᠢᠭᠦᠯᠬᠦ ᠴᠠᠭ ᠬᠤᠭᠤᠴᠠᠭ᠎ᠠ᠎ᠨᠢ 2023 ᠣᠨ᠎ᠠᠴᠠ 2025 ᠣᠨ᠎ᠤ ᠬᠤᠭᠤᠷᠣᠨᠳᠤ ᠪᠠᠶ᠋ᠢᠵᠤ᠂ 《ᠤᠷᠢᠳ ᠵᠶ᠋ᠠᠷ ᠪᠠᠶ᠋ᠢᠭᠤᠯᠵᠤ ᠳᠠᠷᠠᠭ᠎ᠠ᠎ᠳᠤ᠎ᠨᠢ ᠨᠥᠬᠦᠪᠦᠷᠢᠯᠡᠬᠦ》 ᠠᠷᠭ᠎ᠠ ᠮᠠᠶᠢᠭ ᠵᠶ᠋ᠠᠷ ᠬᠡᠷᠡᠭᠵᠢᠭᠦᠯᠪᠡᠯ᠂ ᠡᠯ᠎ᠡ ᠲᠦᠷᠦᠭᠦᠯᠡᠨ ᠠᠵᠢᠯᠯᠠᠬᠤ ᠰᠠᠯᠠᠭ᠎ᠠ ᠮᠥᠴᠢᠷ᠎ᠨᠢ ᠪᠡᠯᠡ ᠮᠥᠩᠭᠦᠨ᠎ᠤ ᠬᠠᠮᠢᠶᠠᠷᠤᠯᠲᠠ ᠪᠠ ᠰᠢᠯᠭ᠋ᠠᠨ ᠬᠤᠷᠢᠶᠠᠬᠤ ᠰᠢᠯᠭ᠋ᠠᠨ ᠬᠢᠨᠠᠬᠤ ᠠᠷᠭ᠎ᠠ᠎ᠪᠠᠨ ᠲᠣᠭᠲᠠᠭ᠋ᠠᠵᠤ᠂ ᠡᠯ᠎ᠡ ᠵᠦᠢ᠍ᠯ᠎ᠤᠨ ᠲᠥᠷᠥ ᠵᠢᠨ ᠪᠣᠳᠣᠯᠭ᠎ᠠ ᠵᠢᠨ ᠣᠨᠣᠴᠠᠲᠠᠢ ᠪᠣᠳᠠᠲᠠᠶ᠋ᠢᠵᠢᠭᠤᠯᠤᠨ ᠬᠡᠷᠡᠭᠵᠢᠭᠦᠯᠦᠭᠳᠡᠬᠦ ᠵᠢ ᠦᠨᠡᠨ ᠬᠦ᠌ ᠪᠠᠲᠤᠯᠠᠬᠤ ᠬᠡᠷᠡᠭᠲᠡᠢ᠃
2023 ᠣᠨ᠎ᠤ 10 ᠳ᠋ᠤᠭ᠋ᠠᠷ ᠰᠠᠷ᠎ᠠ ᠵᠢᠨ 21᠎ᠤ ᠡᠳᠦᠷ
(ᠲᠣᠰ ᠪᠢᠴᠢᠭ ᠮᠠᠲ᠋ᠧᠷᠢᠶᠠᠯ᠎ᠢ ᠢᠯᠡ ᠨᠡᠶ᠋ᠢᠲᠡᠯᠡᠨ᠎ᠡ)
ᠥᠪᠥᠷ ᠮᠣᠩᠭᠤᠯ᠎ᠤᠨ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠵᠠᠰᠠᠭ᠎ᠤᠨ ᠣᠷᠳᠣᠨ᠎ᠤ ᠠᠯᠪᠠᠨ ᠲᠢᠩᠬᠢᠮ
2023 ᠣᠨ᠎ᠤ 10 ᠳ᠋ᠤᠭ᠋ᠠᠷ ᠰᠠᠷ᠎ᠠ ᠵᠢᠨ 23᠎ᠤ ᠡᠳᠦᠷ ᠳᠠᠷᠤᠮᠠᠯᠯᠠᠨ ᠲᠠᠷᠬᠠᠭ᠋ᠠᠪᠠ