ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠰᠤᠷᠠᠭ ᠵᠠᠩᠬᠢ
ᠬᠡᠷᠡᠭᠯᠡᠭᠡ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠢᠯᠡ ᠵᠠᠰᠠᠭ   -   ᠲᠥᠷᠥ᠎ᠶᠢᠨ ᠪᠣᠳᠣᠯᠭ᠎ᠠ᠎ᠶᠢᠨ ᠲᠠᠶ᠋ᠢᠯᠤᠮᠵᠢ
ᠳᠤᠮᠳᠠᠳᠤ ᠤᠯᠤᠰ᠎ᠤᠨ ᠣᠨᠴᠠᠯᠢᠭ᠎ᠲᠠᠢ ᠨᠡᠶ᠋ᠢᠭᠡᠮ ᠵᠢᠷᠤᠮᠲᠤ ᠬᠠᠤᠯᠢᠵᠢᠯ᠎ᠤᠨ ᠲᠣᠭᠲᠠᠯᠴᠠᠭ᠎ᠠ ᠵᠢ ᠲᠡᠭᠦᠯᠳᠡᠷᠵᠢᠭᠦᠯᠦᠶ᠎ᠡ (ᠨᠠᠮ᠎ᠤᠨ ᠬᠤᠷᠢᠳᠤᠭ᠋ᠠᠷ ᠬᠤᠭᠤᠴᠠᠭ᠋ᠠᠨ᠎ᠤ ᠲᠥᠪ ᠬᠤᠷᠢᠶᠠᠨ᠎ᠤ ᠭᠤᠷᠪᠠᠳᠤᠭ᠋ᠠᠷ ᠪᠥᠬᠦᠳᠡ ᠬᠤᠷᠠᠯᠳᠤᠭ᠋ᠠᠨ᠎ᠤ ᠵᠣᠷᠢᠭ ᠰᠠᠨᠠᠭ᠎ᠠ ᠵᠢ ᠰᠤᠷᠤᠯᠴᠠᠨ ᠲᠤᠭᠤᠰᠢᠯᠠᠭᠤᠯᠤᠶ᠎ᠠ)
ᠨᠡᠶᠢᠲᠡᠯᠡᠭᠰᠡᠨ ᠴᠠᠭ᠄ 2024-08-07


        ᠴᠧᠨ ᠸᠧᠨ ᠴᠢᠩ
      ᠬᠠᠤᠯᠢ ᠶᠣᠰᠣᠭ᠋ᠠᠷ ᠤᠯᠤᠰ ᠵᠶ᠋ᠠᠨ ᠵᠠᠰᠠᠬᠤ ᠵᠢ ᠪᠦᠬᠦ ᠲᠠᠯ᠎ᠠ᠎ᠪᠠᠷ ᠠᠬᠢᠭᠤᠯᠬᠤ ᠵᠢᠨ ᠶᠡᠷᠦᠩᠬᠡᠢ ᠬᠠᠷᠠᠯᠲᠠ ᠪᠣᠯ ᠳᠤᠮᠳᠠᠳᠤ ᠤᠯᠤᠰ᠎ᠤᠨ ᠣᠨᠴᠠᠯᠢᠭ᠎ᠲᠠᠢ ᠨᠡᠶ᠋ᠢᠭᠡᠮ ᠵᠢᠷᠤᠮᠲᠤ ᠬᠠᠤᠯᠢᠵᠢᠯ᠎ᠤᠨ ᠲᠣᠭᠲᠠᠯᠴᠠᠭ᠎ᠠ ᠵᠢ ᠪᠠᠶ᠋ᠢᠭᠤᠯᠵᠤ᠂ ᠨᠡᠶ᠋ᠢᠭᠡᠮ ᠵᠢᠷᠤᠮᠲᠤ ᠬᠠᠤᠯᠢᠵᠢᠯ᠎ᠤᠨ ᠤᠯᠤᠰ᠎ᠢ ᠪᠠᠶ᠋ᠢᠭᠤᠯᠬᠤ ᠶᠠᠪᠤᠳᠠᠯ ᠪᠣᠯᠤᠨ᠎ᠠ᠃ ᠳᠤᠮᠳᠠᠳᠤ ᠤᠯᠤᠰ᠎ᠤᠨ ᠣᠨᠴᠠᠯᠢᠭ᠎ᠲᠠᠢ ᠨᠡᠶ᠋ᠢᠭᠡᠮ ᠵᠢᠷᠤᠮᠲᠤ ᠬᠠᠤᠯᠢᠵᠢᠯ᠎ᠤᠨ ᠲᠣᠭᠲᠠᠯᠴᠠᠭ᠎ᠠ ᠵᠢ ᠪᠠᠶ᠋ᠢᠭᠤᠯᠬᠤ᠎ᠨᠢ ᠳᠠᠷᠤᠢ ᠨᠠᠮ᠎ᠤᠨ ᠤᠳᠤᠷᠢᠳᠤᠯᠭ᠎ᠠ ᠳᠣᠣᠷ᠎ᠠ᠂ ᠪᠦᠷᠢᠨ ᠲᠡᠭᠦᠯᠳᠡᠷ ᠬᠠᠤᠯᠢ ᠴᠠᠭ᠋ᠠᠵᠠ ᠵᠢᠨ ᠵᠢᠷᠤᠮᠵᠢᠯ᠎ᠤᠨ ᠲᠣᠭᠲᠠᠯᠴᠠᠭ᠎ᠠ᠂ ᠥᠨᠳᠥᠷ ᠪᠦᠲᠦᠮᠵᠢᠲᠡᠢ ᠬᠠᠤᠯᠢᠵᠢᠯ᠎ᠤᠨ ᠬᠡᠷᠡᠭᠵᠢᠭᠦᠯᠬᠦ ᠲᠣᠭᠲᠠᠯᠴᠠᠭ᠎ᠠ᠂ ᠴᠢᠩᠭ᠎ᠠ ᠨᠢᠭᠲᠠ ᠬᠠᠤᠯᠢᠵᠢᠯ᠎ᠤᠨ ᠬᠢᠨᠠᠯᠲᠠ ᠲᠠᠯᠪᠢᠬᠤ ᠲᠣᠭᠲᠠᠯᠴᠠᠭ᠎ᠠ᠂ ᠬᠦᠴᠦᠲᠡᠢ ᠬᠠᠤᠯᠢᠵᠢᠯ᠎ᠤᠨ ᠪᠠᠲᠤᠯᠠᠭ᠎ᠠ ᠵᠢᠨ ᠲᠣᠭᠲᠠᠯᠴᠠᠭ᠎ᠠ ᠵᠢ ᠪᠦᠷᠢᠯᠳᠦᠭᠦᠯᠵᠦ᠂ ᠨᠠᠮ᠎ᠤᠨ ᠳᠣᠲᠣᠭ᠋ᠠᠳᠤ ᠵᠢᠨ ᠬᠠᠤᠯᠢ ᠲᠣᠭᠲᠠᠭ᠋ᠠᠯ᠎ᠤᠨ ᠲᠡᠭᠦᠯᠳᠡᠷᠵᠢᠭᠰᠡᠨ ᠲᠣᠭᠲᠠᠯᠴᠠᠭ᠎ᠠ ᠵᠢ ᠪᠦᠷᠢᠯᠳᠦᠭᠦᠯᠬᠦ ᠶᠠᠪᠤᠳᠠᠯ ᠪᠣᠯᠤᠨ᠎ᠠ᠃ ᠨᠠᠮ᠎ᠤᠨ ᠬᠤᠷᠢᠳᠤᠭ᠋ᠠᠷ ᠬᠤᠭᠤᠴᠠᠭ᠋ᠠᠨ᠎ᠤ ᠲᠥᠪ ᠬᠤᠷᠢᠶᠠᠨ᠎ᠤ ᠭᠤᠷᠪᠠᠳᠤᠭ᠋ᠠᠷ ᠪᠥᠬᠦᠳᠡ ᠬᠤᠷᠠᠯᠳᠤᠭ᠋ᠠᠨ ᠵᠶ᠋ᠠᠷ ᠨᠠᠮ ᠪᠣᠯᠣᠨ ᠤᠯᠤᠰ᠎ᠤᠨ ᠠᠵᠢᠯ ᠦᠢ᠍ᠯᠡᠰ᠎ᠤᠨ ᠬᠥᠭᠵᠢᠯᠲᠡ ᠵᠢᠨ ᠪᠦᠬᠦ ᠲᠠᠯ᠎ᠠ ᠵᠢᠨ ᠪᠠᠶ᠋ᠢᠯᠳᠤᠬᠤ ᠪᠤᠳᠤᠯᠭ᠎ᠠ ᠵᠢᠨ ᠥᠨᠳᠥᠷᠴᠡ᠎ᠳᠤ ᠵᠣᠭᠰᠣᠵᠤ᠂ ᠳᠤᠮᠳᠠᠳᠤ ᠤᠯᠤᠰ᠎ᠤᠨ ᠮᠠᠶᠢᠭ᠎ᠤᠨ ᠣᠳᠣᠬᠢᠴᠢᠯᠠᠯᠲᠠ᠎ᠪᠠᠷ ᠤᠯᠤᠰ ᠵᠶ᠋ᠠᠨ ᠬᠦᠴᠦᠷᠬᠡᠭᠵᠢᠭᠦᠯᠬᠦ ᠪᠦᠳᠦᠭᠡᠨ ᠪᠠᠶ᠋ᠢᠭᠤᠯᠤᠯᠲᠠ᠂ ᠦᠨᠳᠦᠰᠦᠲᠡᠨ᠎ᠤ ᠰᠡᠷᠭᠦᠨ ᠮᠠᠨᠳᠤᠯᠲᠠ ᠵᠢᠨ ᠠᠭᠤᠤ ᠦᠢ᠍ᠯᠡᠰ᠎ᠢ ᠠᠬᠢᠭᠤᠯᠬᠤ ᠵᠢ ᠪᠣᠳᠣᠯᠬᠢᠯᠠᠵᠤ᠂ ᠳᠤᠮᠳᠠᠳᠤ ᠤᠯᠤᠰ᠎ᠤᠨ ᠣᠨᠴᠠᠯᠢᠭ᠎ᠲᠠᠢ ᠨᠡᠶ᠋ᠢᠭᠡᠮ ᠵᠢᠷᠤᠮᠲᠤ ᠬᠠᠤᠯᠢᠵᠢᠯ᠎ᠤᠨ ᠲᠣᠭᠲᠠᠯᠴᠠᠭ᠎ᠠ ᠵᠢ ᠲᠡᠭᠦᠯᠳᠡᠷᠵᠢᠭᠦᠯᠬᠦ᠎ᠳᠤ ᠴᠢᠬᠤᠯᠠ ᠶᠡᠭᠡ ᠰᠢᠨ᠎ᠡ ᠰᠢᠢ᠍ᠳᠪᠦᠷᠢᠲᠦ ᠪᠤᠳᠤᠯᠭ᠎ᠠ ᠵᠢᠨ ᠪᠠᠶ᠋ᠢᠷᠢᠯᠠᠭᠤᠯᠤᠯᠲᠠ ᠬᠢᠪᠡ᠃ ᠪᠢᠳᠡ ᠳᠤᠮᠳᠠᠳᠤ ᠤᠯᠤᠰ᠎ᠤᠨ ᠣᠨᠴᠠᠯᠢᠭ᠎ᠲᠠᠢ ᠨᠡᠶ᠋ᠢᠭᠡᠮ ᠵᠢᠷᠤᠮᠲᠤ ᠬᠠᠤᠯᠢᠵᠢᠯ᠎ᠤᠨ ᠲᠣᠭᠲᠠᠯᠴᠠᠭ᠎ᠠ ᠵᠢ ᠲᠦᠷᠭᠡᠳᠭᠡᠨ ᠪᠠᠶ᠋ᠢᠭᠤᠯᠵᠤ᠂ ᠦᠨᠳᠦᠰᠦ ᠵᠢ ᠪᠠᠬᠢᠵᠢᠭᠦᠯᠬᠦ᠂ ᠵᠢᠱ᠌ᠢᠯᠲᠡ ᠵᠢ ᠲᠣᠭᠲᠠᠪᠤᠷᠢᠵᠢᠭᠤᠯᠬᠤ᠂ ᠠᠯᠤᠰ᠎ᠲᠤ ᠠᠰᠢᠭᠲᠠᠢ ᠪᠠᠶ᠋ᠢᠬᠤ ᠬᠠᠤᠯᠢᠵᠢᠯ᠎ᠤᠨ ᠪᠠᠲᠤᠯᠠᠭ᠎ᠠ ᠵᠢᠨ ᠦᠢ᠍ᠯᠡᠳᠦᠯ᠎ᠢ᠎ᠨᠢ ᠨᠡᠩ ᠰᠠᠶ᠋ᠢᠲᠤᠷ ᠪᠠᠳᠠᠷᠠᠭᠤᠯᠵᠤ᠂ ᠤᠯᠤᠰ ᠵᠶ᠋ᠠᠨ ᠬᠦᠴᠦᠷᠬᠡᠭᠵᠢᠭᠦᠯᠬᠦ ᠪᠦᠳᠦᠭᠡᠨ ᠪᠠᠶ᠋ᠢᠭᠤᠯᠤᠯᠲᠠ᠂ ᠦᠨᠳᠦᠰᠦᠲᠡᠨ᠎ᠤ ᠰᠡᠷᠭᠦᠨ ᠮᠠᠨᠳᠤᠯᠲᠠ ᠵᠢᠨ ᠠᠭᠤᠤ ᠦᠢ᠍ᠯᠡᠰ᠎ᠲᠤ ᠪᠠᠲᠤ ᠴᠢᠩᠭ᠎ᠠ ᠬᠠᠤᠯᠢᠵᠢᠯ᠎ᠤᠨ ᠪᠠᠲᠤᠯᠠᠭ᠎ᠠ ᠬᠠᠩᠭ᠋ᠠᠨ᠎ᠠ᠃
      ᠨᠢᠭᠡ᠂ ᠳᠤᠮᠳᠠᠳᠤ ᠤᠯᠤᠰ᠎ᠤᠨ ᠣᠨᠴᠠᠯᠢᠭ᠎ᠲᠠᠢ ᠨᠡᠶ᠋ᠢᠭᠡᠮ ᠵᠢᠷᠤᠮᠲᠤ ᠬᠠᠤᠯᠢᠵᠢᠯ᠎ᠤᠨ ᠲᠣᠭᠲᠠᠯᠴᠠᠭ᠎ᠠ ᠵᠢ ᠲᠡᠭᠦᠯᠳᠡᠷᠵᠢᠭᠦᠯᠬᠦ ᠵᠢᠨ ᠴᠢᠬᠤᠯᠠ ᠶᠡᠭᠡ ᠠᠴᠢ ᠬᠤᠯᠪᠣᠭᠳᠠᠯ᠎ᠢ ᠭᠦᠨᠵᠡᠭᠡᠶ ᠲᠠᠨᠢᠬᠤ ᠬᠡᠷᠡᠭᠲᠡᠶ
      ᠳᠤᠮᠳᠠᠳᠤ ᠤᠯᠤᠰ᠎ᠤᠨ ᠣᠨᠴᠠᠯᠢᠭ᠎ᠲᠠᠢ ᠨᠡᠶ᠋ᠢᠭᠡᠮ ᠵᠢᠷᠤᠮᠲᠤ ᠬᠠᠤᠯᠢᠵᠢᠯ᠎ᠤᠨ ᠲᠣᠭᠲᠠᠯᠴᠠᠭ᠎ᠠ ᠵᠢ ᠪᠠᠶ᠋ᠢᠭᠤᠯᠬᠤ ᠪᠣᠯ ᠰᠢ ᠵᠢᠨ ᠫᠢᠩ᠎ᠤᠨ ᠬᠠᠤᠯᠢᠵᠢᠯ᠎ᠤᠨ ᠦᠵᠡᠯ ᠰᠠᠨᠠᠭ᠋ᠠᠨ᠎ᠤ ᠴᠢᠬᠤᠯᠠ ᠠᠭᠤᠯᠭ᠎ᠠ᠂ ᠬᠠᠤᠯᠢ ᠶᠣᠰᠣᠭ᠋ᠠᠷ ᠤᠯᠤᠰ ᠵᠶ᠋ᠠᠨ ᠵᠠᠰᠠᠬᠤ ᠵᠢ ᠪᠦᠬᠦ ᠲᠠᠯ᠎ᠠ᠎ᠪᠠᠷ ᠠᠬᠢᠭᠤᠯᠬᠤ ᠵᠢᠨ ᠶᠡᠷᠦᠩᠬᠡᠢ ᠭᠠᠷᠳᠠᠴᠠ ᠮᠥᠨ᠃ ᠳᠤᠮᠳᠠᠳᠤ ᠤᠯᠤᠰ᠎ᠤᠨ ᠣᠨᠴᠠᠯᠢᠭ᠎ᠲᠠᠢ ᠨᠡᠶ᠋ᠢᠭᠡᠮ ᠵᠢᠷᠤᠮᠲᠤ ᠬᠠᠤᠯᠢᠵᠢᠯ᠎ᠤᠨ ᠲᠣᠭᠲᠠᠯᠴᠠᠭ᠎ᠠ ᠵᠢ ᠲᠡᠭᠦᠯᠳᠡᠷᠵᠢᠭᠦᠯᠬᠦ᠎ᠨᠢ ᠥᠭᠡᠷᠡᠴᠢᠯᠡᠯᠲᠡ ᠵᠢ ᠤᠯᠠᠮ ᠨᠢᠭᠡ ᠠᠯᠬᠤᠮ ᠪᠦᠬᠦ ᠲᠠᠯ᠎ᠠ᠎ᠪᠠᠷ ᠭᠦᠨᠵᠡᠭᠡᠶ᠋ᠢᠷᠡᠭᠦᠯᠬᠦ᠂ ᠳᠤᠮᠳᠠᠳᠤ ᠤᠯᠤᠰ᠎ᠤᠨ ᠮᠠᠶᠢᠭ᠎ᠤᠨ ᠣᠳᠣᠬᠢᠴᠢᠯᠠᠯᠲᠠ ᠵᠢ ᠠᠬᠢᠭᠤᠯᠬᠤ᠎ᠳᠤ ᠴᠢᠬᠤᠯᠠ ᠶᠡᠭᠡ ᠪᠥᠭᠡᠳ ᠠᠯᠤᠰ ᠬᠡᠲᠦ ᠵᠢᠨ ᠠᠴᠢ ᠬᠤᠯᠪᠣᠭᠳᠠᠯ᠎ᠲᠠᠢ ᠶᠤᠮ᠃
        (ᠨᠢᠭᠡ) ᠳᠤᠮᠳᠠᠳᠤ ᠤᠯᠤᠰ᠎ᠤᠨ ᠣᠨᠴᠠᠯᠢᠭ᠎ᠲᠠᠢ ᠨᠡᠶ᠋ᠢᠭᠡᠮ ᠵᠢᠷᠤᠮᠲᠤ ᠬᠠᠤᠯᠢᠵᠢᠯ᠎ᠤᠨ ᠲᠣᠭᠲᠠᠯᠴᠠᠭ᠎ᠠ ᠵᠢ ᠲᠡᠭᠦᠯᠳᠡᠷᠵᠢᠭᠦᠯᠬᠦ ᠪᠣᠯ ᠳᠤᠮᠳᠠᠳᠤ ᠤᠯᠤᠰ᠎ᠤᠨ ᠣᠨᠴᠠᠯᠢᠭ᠎ᠲᠠᠢ ᠨᠡᠶ᠋ᠢᠭᠡᠮ ᠵᠢᠷᠤᠮ᠎ᠢ ᠪᠠᠷᠢᠮᠲᠠᠯᠠᠨ ᠬᠥᠭᠵᠢᠭᠦᠯᠬᠦ ᠵᠢᠨ ᠳᠣᠲᠣᠭ᠋ᠠᠳᠤ ᠱᠠᠭ᠋ᠠᠷᠳᠠᠯᠭ᠎ᠠ ᠮᠥᠨ᠃ ᠶᠡᠷᠦᠩᠬᠡᠢ ᠱᠦᠵᠢ ᠰᠢ ᠵᠢᠨ ᠫᠢᠩ᠄ 《ᠳᠤᠮᠳᠠᠳᠤ ᠤᠯᠤᠰ᠎ᠤᠨ ᠣᠨᠴᠠᠯᠢᠭ᠎ᠲᠠᠢ ᠨᠡᠶ᠋ᠢᠭᠡᠮ ᠵᠢᠷᠤᠮᠲᠤ ᠬᠠᠤᠯᠢᠵᠢᠯ᠎ᠤᠨ ᠲᠣᠭᠲᠠᠯᠴᠠᠭ᠎ᠠ᠎ᠨᠢ ᠮᠥᠨ ᠴᠢᠨᠠᠷ ᠳᠡᠭᠡᠷ᠎ᠡ᠎ᠪᠠᠨ ᠳᠤᠮᠳᠠᠳᠤ ᠤᠯᠤᠰ᠎ᠤᠨ ᠣᠨᠴᠠᠯᠢᠭ᠎ᠲᠠᠢ ᠨᠡᠶ᠋ᠢᠭᠡᠮ ᠵᠢᠷᠤᠮᠲᠤ ᠪᠠᠶ᠋ᠢᠭᠤᠯᠤᠯ᠎ᠤᠨ ᠬᠠᠤᠯᠢ ᠴᠠᠭ᠋ᠠᠵᠠ ᠵᠢᠨ ᠢᠯᠡᠷᠡᠬᠦ ᠬᠡᠯᠪᠡᠷᠢ ᠮᠥᠨ》 ᠭᠡᠵᠦ ᠴᠢᠬᠤᠯᠠᠴᠢᠯᠠᠪᠠ᠃ ᠳᠤᠮᠳᠠᠳᠤ ᠤᠯᠤᠰ᠎ᠤᠨ ᠣᠨᠴᠠᠯᠢᠭ᠎ᠲᠠᠢ ᠨᠡᠶ᠋ᠢᠭᠡᠮ ᠵᠢᠷᠤᠮᠲᠤ ᠪᠠᠶ᠋ᠢᠭᠤᠯᠤᠯ ᠪᠣᠯ ᠳᠤᠮᠳᠠᠳᠤ ᠤᠯᠤᠰ᠎ᠤᠨ ᠣᠨᠴᠠᠯᠢᠭ᠎ᠲᠠᠢ ᠨᠡᠶ᠋ᠢᠭᠡᠮ ᠵᠢᠷᠤᠮᠲᠤ ᠬᠠᠤᠯᠢᠵᠢᠯ᠎ᠤᠨ ᠲᠣᠭᠲᠠᠯᠴᠠᠭ᠋ᠠᠨ᠎ᠤ ᠦᠨᠳᠦᠰᠦᠨ ᠪᠠᠶ᠋ᠢᠭᠤᠯᠤᠯ᠎ᠤᠨ ᠰᠠᠭᠤᠷᠢ ᠮᠥᠨ᠂ ᠳᠤᠮᠳᠠᠳᠤ ᠤᠯᠤᠰ᠎ᠤᠨ ᠣᠨᠴᠠᠯᠢᠭ᠎ᠲᠠᠢ ᠨᠡᠶ᠋ᠢᠭᠡᠮ ᠵᠢᠷᠤᠮᠲᠤ ᠬᠠᠤᠯᠢᠵᠢᠯ᠎ᠤᠨ ᠲᠣᠭᠲᠠᠯᠴᠠᠭ᠎ᠠ ᠪᠣᠯ ᠳᠤᠮᠳᠠᠳᠤ ᠤᠯᠤᠰ᠎ᠤᠨ ᠣᠨᠴᠠᠯᠢᠭ᠎ᠲᠠᠢ ᠨᠡᠶ᠋ᠢᠭᠡᠮ ᠵᠢᠷᠤᠮᠲᠤ ᠪᠠᠶ᠋ᠢᠭᠤᠯᠤᠯ᠎ᠤᠨ ᠴᠢᠬᠤᠯᠠ ᠪᠦᠷᠢᠯᠳᠦᠬᠦᠨ ᠬᠡᠰᠡᠭ ᠮᠥᠨ᠃ ᠶᠠᠮᠠᠷ ᠶᠠᠩᠵᠤ ᠵᠢᠨ ᠬᠠᠤᠯᠢᠵᠢᠯ᠎ᠤᠨ ᠵᠠᠮ ᠵᠶ᠋ᠠᠷ ᠵᠠᠮᠨᠠᠬᠤ᠂ ᠶᠠᠮᠠᠷ ᠶᠠᠩᠵᠤ ᠵᠢᠨ ᠬᠠᠤᠯᠢᠵᠢᠯ᠎ᠤᠨ ᠲᠣᠭᠲᠠᠯᠴᠠᠭ᠎ᠠ ᠵᠢ ᠪᠠᠶ᠋ᠢᠭᠤᠯᠬᠤ ᠪᠣᠯ ᠨᠢᠭᠡ ᠤᠯᠤᠰ᠎ᠤᠨ ᠦᠨᠳᠦᠰᠦᠨ ᠪᠠᠶ᠋ᠢᠳᠠᠯ᠎ᠠᠴᠠ ᠲᠣᠭᠲᠠᠭ᠋ᠠᠭᠳᠠᠨ᠎ᠠ᠃ ᠳᠤᠮᠳᠠᠳᠤ ᠤᠯᠤᠰ᠎ᠤᠨ ᠣᠨᠴᠠᠯᠢᠭ᠎ᠲᠠᠢ ᠨᠡᠶ᠋ᠢᠭᠡᠮ ᠵᠢᠷᠤᠮ᠎ᠢ ᠪᠠᠷᠢᠮᠲᠠᠯᠠᠨ ᠬᠥᠭᠵᠢᠭᠦᠯᠬᠦ᠎ᠳᠤ᠂ ᠡᠷᠬᠡᠪᠰᠢ ᠳᠤᠮᠳᠠᠳᠤ ᠤᠯᠤᠰ᠎ᠤᠨ ᠣᠨᠴᠠᠯᠢᠭ᠎ᠲᠠᠢ ᠨᠡᠶ᠋ᠢᠭᠡᠮ ᠵᠢᠷᠤᠮᠲᠤ ᠬᠠᠤᠯᠢᠵᠢᠯ᠎ᠤᠨ ᠵᠠᠮ ᠵᠶ᠋ᠠᠷ ᠡᠷᠡᠰ ᠭᠤᠶ᠋ᠢᠪᠢᠰᠢ ᠦᠭᠡᠢ ᠵᠠᠮᠨᠠᠵᠤ᠂ ᠳᠤᠮᠳᠠᠳᠤ ᠤᠯᠤᠰ᠎ᠤᠨ ᠣᠨᠴᠠᠯᠢᠭ᠎ᠲᠠᠢ ᠨᠡᠶ᠋ᠢᠭᠡᠮ ᠵᠢᠷᠤᠮᠲᠤ ᠬᠠᠤᠯᠢᠵᠢᠯ᠎ᠤᠨ ᠲᠣᠭᠲᠠᠯᠴᠠᠭ᠎ᠠ ᠵᠢ ᠪᠠᠶ᠋ᠢᠭᠤᠯᠵᠤ᠂ ᠬᠠᠤᠯᠢᠵᠢᠯ᠎ᠤᠨ ᠲᠠᠯ᠎ᠠ᠎ᠠᠴᠠ ᠨᠠᠮ ᠪᠣᠯᠤᠨ ᠤᠯᠤᠰ᠎ᠤᠨ ᠠᠵᠢᠯ ᠦᠢ᠍ᠯᠡᠰ᠎ᠤᠨ ᠬᠥᠭᠵᠢᠯᠲᠡ᠎ᠳᠤ ᠲᠤᠯᠭ᠋ᠠᠷᠠᠵᠤ ᠪᠠᠶ᠋ᠢᠭ᠎ᠠ ᠠᠯᠢ ᠤᠯᠠᠨ ᠠᠰᠠᠭᠤᠳᠠᠯ᠎ᠢ ᠰᠢᠢ᠍ᠳᠪᠦᠷᠢᠯᠡᠬᠦ᠎ᠳᠤ ᠳᠦᠷᠢᠮᠵᠢᠭᠰᠡᠨ ᠲᠥᠰᠦᠯ ᠬᠠᠩᠭ᠋ᠠᠵᠤ᠂ ᠳᠤᠮᠳᠠᠳᠤ ᠤᠯᠤᠰ᠎ᠤᠨ ᠣᠨᠴᠠᠯᠢᠭ᠎ᠲᠠᠢ ᠨᠡᠶ᠋ᠢᠭᠡᠮ ᠵᠢᠷᠤᠮᠲᠤ ᠪᠠᠶ᠋ᠢᠭᠤᠯᠤᠯ᠎ᠤᠨ ᠳᠠᠪᠠᠭᠤᠯᠢᠭ᠎ᠢ ᠲᠠᠰᠤᠷᠠᠯᠳᠠ ᠦᠭᠡᠢ ᠢᠯᠡᠷᠡᠭᠦᠯᠦᠨ᠎ᠡ᠃
      (ᠬᠤᠶᠠᠷ) ᠳᠤᠮᠳᠠᠳᠤ ᠤᠯᠤᠰ᠎ᠤᠨ ᠣᠨᠴᠠᠯᠢᠭ᠎ᠲᠠᠢ ᠨᠡᠶ᠋ᠢᠭᠡᠮ ᠵᠢᠷᠤᠮᠲᠤ ᠬᠠᠤᠯᠢᠵᠢᠯ᠎ᠤᠨ ᠲᠣᠭᠲᠠᠯᠴᠠᠭ᠎ᠠ ᠵᠢ ᠲᠡᠭᠦᠯᠳᠡᠷᠵᠢᠭᠦᠯᠬᠦ ᠪᠣᠯ ᠬᠠᠤᠯᠢᠵᠢᠯ᠎ᠤᠨ ᠵᠠᠮ᠎ᠳᠤ ᠨᠡᠶ᠋ᠢᠭᠡᠮ ᠵᠢᠷᠤᠮᠲᠤ ᠣᠳᠣᠬᠢᠴᠢᠯᠠᠭᠰᠠᠨ ᠤᠯᠤᠰ᠎ᠢ ᠪᠦᠬᠦ ᠲᠠᠯ᠎ᠠ᠎ᠪᠠᠷ ᠪᠦᠳᠦᠭᠡᠨ ᠪᠠᠶ᠋ᠢᠭᠤᠯᠬᠤ ᠵᠢᠨ ᠴᠢᠬᠤᠯᠠ ᠡᠭᠦᠷᠭᠡ ᠪᠣᠯᠤᠨ᠎ᠠ᠃ ᠨᠠᠮ᠎ᠤᠨ ᠬᠤᠷᠢᠳᠤᠭ᠋ᠠᠷ ᠶᠡᠭᠡ ᠬᠤᠷᠠᠯ᠎ᠤᠨ ᠢᠯᠡᠳᠬᠡᠯ᠎ᠳᠤ᠂ ᠬᠤᠶ᠋ᠢᠰᠢᠳᠠ ᠵᠢᠨ ᠲᠠᠪᠤᠨ ᠵᠢᠯ᠎ᠳᠤ ᠨᠡᠶ᠋ᠢᠭᠡᠮ ᠵᠢᠷᠤᠮᠲᠤ ᠣᠳᠣᠬᠢᠴᠢᠯᠠᠭᠰᠠᠨ ᠤᠯᠤᠰ᠎ᠢ ᠪᠦᠬᠦ ᠲᠠᠯ᠎ᠠ᠎ᠪᠠᠷ ᠪᠦᠳᠦᠭᠡᠨ ᠪᠠᠶ᠋ᠢᠭᠤᠯᠬᠤ ᠵᠢᠨ ᠭᠤᠣᠯ ᠬᠠᠷᠠᠯᠲᠠ ᠡᠭᠦᠷᠭᠡ ᠵᠢᠨ ᠨᠢᠭᠡ᠎ᠨᠢ ᠪᠣᠯ 《ᠳᠤᠮᠳᠠᠳᠤ ᠤᠯᠤᠰ᠎ᠤᠨ ᠣᠨᠴᠠᠯᠢᠭ᠎ᠲᠠᠢ ᠨᠡᠶ᠋ᠢᠭᠡᠮ ᠵᠢᠷᠤᠮᠲᠤ ᠬᠠᠤᠯᠢᠵᠢᠯ᠎ᠤᠨ ᠲᠣᠭᠲᠠᠯᠴᠠᠭ᠎ᠠ ᠵᠢ ᠨᠡᠩ ᠲᠡᠭᠦᠯᠳᠡᠷᠵᠢᠭᠦᠯᠬᠦ》 ᠶᠠᠪᠤᠳᠠᠯ ᠪᠣᠯᠤᠨ᠎ᠠ ᠭᠡᠵᠦ ᠲᠣᠳᠣᠷᠬᠠᠢ ᠳᠤᠷᠠᠳᠪᠠ᠃ ᠬᠠᠤᠯᠢᠵᠢᠯ ᠪᠣᠯ ᠤᠯᠤᠰ᠎ᠤᠨ ᠵᠠᠰᠠᠯᠲᠠ ᠵᠢᠨ ᠲᠣᠭᠲᠠᠯᠴᠠᠭ᠎ᠠ ᠪᠠ ᠵᠠᠰᠠᠯᠲᠠ ᠵᠢᠨ ᠴᠢᠳᠠᠪᠤᠷᠢ ᠵᠢᠨ ᠴᠢᠬᠤᠯᠠ ᠲᠦᠰᠢᠭ ᠮᠥᠨ᠂ ᠬᠠᠤᠯᠢᠵᠢᠯ᠎ᠤᠨ ᠲᠣᠭᠲᠠᠯᠴᠠᠭ᠎ᠠ ᠪᠣᠯ ᠤᠯᠤᠰ᠎ᠤᠨ ᠵᠠᠰᠠᠯᠲᠠ ᠵᠢᠨ ᠲᠣᠭᠲᠠᠯᠴᠠᠭ᠎ᠠ ᠵᠢᠨ ᠭᠤᠣᠯ ᠢᠨᠵᠧᠨᠧᠷᠢᠩ ᠮᠥᠨ᠂ ᠬᠠᠤᠯᠢᠵᠢᠯ ᠪᠣᠯ ᠳᠤᠮᠳᠠᠳᠤ ᠤᠯᠤᠰ᠎ᠤᠨ ᠮᠠᠶᠢᠭ᠎ᠤᠨ ᠣᠳᠣᠬᠢᠴᠢᠯᠠᠯᠲᠠ ᠵᠢᠨ ᠴᠢᠬᠤᠯᠠ ᠪᠠᠲᠤᠯᠠᠭ᠎ᠠ ᠮᠥᠨ᠃ ᠬᠠᠤᠯᠢᠵᠢᠯ᠎ᠤᠨ ᠵᠠᠮ᠎ᠳᠤ ᠨᠡᠶ᠋ᠢᠭᠡᠮ ᠵᠢᠷᠤᠮᠲᠤ ᠣᠳᠣᠬᠢᠴᠢᠯᠠᠭᠰᠠᠨ ᠤᠯᠤᠰ᠎ᠢ ᠪᠥᠬᠦ ᠲᠠᠯ᠎ᠠ᠎ᠪᠠᠷ ᠪᠥᠲᠥᠭᠡᠨ ᠪᠠᠶ᠋ᠢᠭᠤᠯᠬᠤ᠎ᠨᠢ᠂ ᠥᠭᠡᠷᠡᠴᠢᠯᠡᠯᠲᠡ ᠬᠥᠭᠵᠢᠯᠲᠡ ᠲᠣᠭᠲᠠᠭᠤᠨ᠂ ᠳᠣᠲᠣᠭ᠋ᠠᠳᠤ ᠵᠠᠰᠠᠭ ᠭᠠᠳᠠᠭ᠋ᠠᠳᠤ ᠬᠠᠷᠢᠯᠴᠠᠭ᠎ᠠ ᠤᠯᠤᠰ᠎ᠤᠨ ᠪᠠᠲᠤᠯᠠᠨ ᠬᠠᠮᠠᠭ᠋ᠠᠯᠠᠯᠲᠠ᠂ ᠨᠠᠮ᠎ᠢ ᠵᠠᠰᠠᠬᠤ ᠤᠯᠤᠰ᠎ᠢ ᠵᠠᠰᠠᠬᠤ ᠴᠡᠷᠢᠭ᠎ᠢ ᠵᠠᠰᠠᠬᠤ ᠵᠡᠷᠭᠡ ᠡᠯ᠎ᠡ ᠲᠠᠯ᠎ᠠ ᠵᠢᠨ ᠠᠵᠢᠯ᠎ᠢ ᠬᠠᠤᠯᠢᠵᠢᠯ᠎ᠤᠨ ᠵᠠᠮ᠎ᠳᠤ ᠣᠷᠣᠭᠤᠯᠵᠤ᠂ ᠬᠠᠤᠯᠢᠵᠢᠯ᠎ᠤᠨ ᠣᠨᠣᠯᠵᠢᠬᠤᠨ᠂ ᠬᠠᠤᠯᠢᠵᠢᠯ᠎ᠤᠨ ᠰᠡᠳᠬᠢᠬᠦᠶ᠂ ᠬᠠᠤᠯᠢᠵᠢᠯ᠎ᠤᠨ ᠵᠢᠷᠤᠮ᠂ ᠬᠠᠤᠯᠢᠵᠢᠯ᠎ᠤᠨ ᠠᠷᠭ᠎ᠠ᠎ᠪᠠᠷ ᠠᠵᠢᠯ ᠵᠶ᠋ᠠᠨ ᠥᠷᠨᠢᠭᠦᠯᠵᠦ᠂ ᠤᠯᠤᠰ ᠣᠷᠣᠨ᠎ᠤ ᠡᠯ᠎ᠡ ᠲᠠᠯ᠎ᠠ ᠵᠢᠨ ᠠᠵᠢᠯ᠎ᠤᠨ ᠬᠠᠤᠯᠢᠵᠢᠯ᠎ᠪᠠᠷ ᠳᠤᠮᠳᠠᠳᠤ ᠤᠯᠤᠰ᠎ᠤᠨ ᠮᠠᠶᠢᠭ᠎ᠤᠨ ᠣᠳᠣᠬᠢᠴᠢᠯᠠᠯᠲᠠ ᠵᠢ ᠠᠬᠢᠭᠤᠯᠬᠤ ᠵᠢ ᠵᠠᠶ᠋ᠢᠯᠠᠰᠢ ᠦᠭᠡᠢ ᠱᠠᠭ᠋ᠠᠷᠳᠠᠨ᠎ᠠ᠃
       (ᠭᠤᠷᠪᠠ) ᠳᠤᠮᠳᠠᠳᠤ ᠤᠯᠤᠰ᠎ᠤᠨ ᠣᠨᠴᠠᠯᠢᠭ᠎ᠲᠠᠢ ᠨᠡᠶ᠋ᠢᠭᠡᠮ ᠵᠢᠷᠤᠮᠲᠤ ᠬᠠᠤᠯᠢᠵᠢᠯ᠎ᠤᠨ ᠲᠣᠭᠲᠠᠯᠴᠠᠭ᠎ᠠ ᠵᠢ ᠲᠡᠭᠦᠯᠳᠡᠷᠵᠢᠭᠦᠯᠬᠦ ᠪᠣᠯ ᠬᠠᠤᠯᠢ ᠶᠣᠰᠣᠭ᠋ᠠᠷ ᠤᠯᠤᠰ ᠵᠶ᠋ᠠᠨ ᠵᠠᠰᠠᠬᠤ ᠵᠢ ᠪᠦᠬᠦ ᠲᠠᠯ᠎ᠠ᠎ᠪᠠᠷ ᠠᠬᠢᠭᠤᠯᠬᠤ ᠵᠢᠨ ᠶᠡᠷᠦᠩᠬᠡᠢ ᠭᠠᠷᠳᠠᠴᠠ ᠮᠥᠨ᠃ ᠶᠡᠷᠦᠩᠬᠡᠢ ᠱᠦᠵᠢ ᠰᠢ ᠵᠢᠨ ᠫᠢᠩ᠄ 《ᠬᠠᠤᠯᠢ ᠶᠣᠰᠣᠭ᠋ᠠᠷ ᠤᠯᠤᠰ ᠵᠶ᠋ᠠᠨ ᠵᠠᠰᠠᠬᠤ ᠵᠢ ᠪᠦᠬᠦ ᠲᠠᠯ᠎ᠠ᠎ᠪᠠᠷ ᠠᠬᠢᠭᠤᠯᠬᠤ᠎ᠨᠢ ᠮᠠᠰᠢ ᠤᠯᠠᠨ ᠲᠠᠯ᠎ᠠ᠎ᠳᠤ ᠬᠤᠯᠪᠣᠭᠳᠠᠵᠤ᠂ ᠪᠣᠳᠠᠲᠠᠢ ᠠᠵᠢᠯ ᠳᠤᠮᠳᠠ᠎ᠪᠠᠨ ᠡᠷᠬᠡᠪᠰᠢ ᠪᠦᠬᠦ ᠲᠠᠯ᠎ᠠ ᠵᠢ ᠶᠡᠷᠦᠩᠬᠡᠶ᠋ᠢᠯᠡᠨ ᠡᠵᠡᠮᠳᠡᠭᠰᠡᠨ᠂ ᠡᠯ᠎ᠡ ᠲᠠᠯ᠎ᠠ ᠵᠢ ᠬᠥᠲᠥᠯᠥᠭᠰᠡᠨ ᠶᠡᠷᠦᠩᠬᠡᠢ ᠭᠠᠷᠳᠠᠴᠠ᠎ᠲᠠᠢ ᠪᠠᠶ᠋ᠢᠬᠤ ᠬᠡᠷᠡᠭᠲᠡᠢ᠂ ᠡᠨᠡ ᠬᠦ᠌ ᠶᠡᠷᠦᠩᠬᠡᠢ ᠭᠠᠷᠳᠠᠴᠠ ᠪᠣᠯ ᠳᠠᠷᠤᠢ ᠳᠤᠮᠳᠠᠳᠤ ᠤᠯᠤᠰ᠎ᠤᠨ ᠣᠨᠴᠠᠯᠢᠭ᠎ᠲᠠᠢ ᠨᠡᠶ᠋ᠢᠭᠡᠮ ᠵᠢᠷᠤᠮᠲᠤ ᠬᠠᠤᠯᠢᠵᠢᠯ᠎ᠤᠨ ᠲᠣᠭᠲᠠᠯᠴᠠᠭ᠎ᠠ ᠵᠢ ᠪᠠᠶ᠋ᠢᠭᠤᠯᠬᠤ ᠶᠠᠪᠤᠳᠠᠯ ᠮᠥᠨ》 ᠭᠡᠵᠦ ᠴᠢᠬᠤᠯᠠᠴᠢᠯᠠᠪᠠ᠃ ᠬᠠᠤᠯᠢ ᠴᠠᠭ᠋ᠠᠵᠠ ᠵᠢᠨ ᠲᠣᠭᠲᠠᠯᠴᠠᠭ᠎ᠠ᠎ᠯᠤᠭ᠎ᠠ ᠠᠳᠠᠯᠢ ᠪᠤᠰᠤ ᠪᠠᠶ᠋ᠢᠳᠠᠭ᠎ᠨᠢ᠂ ᠬᠠᠤᠯᠢᠵᠢᠯ᠎ᠤᠨ ᠲᠣᠭᠲᠠᠯᠴᠠᠭ᠎ᠠ ᠪᠣᠯ ᠬᠠᠤᠯᠢ ᠴᠠᠭ᠋ᠠᠵᠠ ᠵᠢᠨ ᠲᠣᠭᠲᠠᠭ᠋ᠠᠯᠲᠠ ᠪᠠ ᠬᠠᠤᠯᠢᠵᠢᠯ᠎ᠤᠨ ᠬᠡᠷᠡᠭᠵᠢᠭᠦᠯᠦᠯᠲᠡ᠂ ᠬᠢᠨᠠᠯᠲᠠ ᠲᠠᠯᠪᠢᠯᠲᠠ ᠪᠠ ᠪᠠᠲᠤᠯᠠᠭ᠎ᠠ ᠵᠡᠷᠭᠡ ᠡᠯ᠎ᠡ ᠲᠠᠯ᠎ᠠ ᠵᠢᠨ ᠣᠷᠭ᠋ᠠᠨᠢᠭ ᠨᠢᠭᠡᠳᠦᠯ᠂ ᠬᠠᠤᠯᠢ ᠲᠣᠭᠲᠠᠭ᠋ᠠᠬᠤ᠂ ᠬᠠᠤᠯᠢ ᠬᠡᠷᠡᠭᠵᠢᠭᠦᠯᠬᠦ᠂ ᠬᠠᠤᠯᠢ ᠪᠠᠷᠢᠬᠤ᠂ ᠬᠠᠤᠯᠢ ᠰᠠᠬᠢᠬᠤ ᠡᠯ᠎ᠡ ᠭᠤᠭᠴᠣᠭ᠋ᠠᠨ᠎ᠤ ᠣᠷᠭ᠋ᠠᠨᠢᠭ ᠨᠢᠭᠡᠳᠦᠯ ᠮᠥᠨ᠃ ᠪᠢᠳᠡ ᠡᠷᠬᠡᠪᠰᠢ ᠳᠤᠮᠳᠠᠳᠤ ᠤᠯᠤᠰ᠎ᠤᠨ ᠣᠨᠴᠠᠯᠢᠭ᠎ᠲᠠᠢ ᠨᠡᠶ᠋ᠢᠭᠡᠮ ᠵᠢᠷᠤᠮᠲᠤ ᠬᠠᠤᠯᠢᠵᠢᠯ᠎ᠤᠨ ᠲᠣᠭᠲᠠᠯᠴᠠᠭ᠎ᠠ ᠵᠢ ᠲᠡᠭᠦᠯᠳᠡᠷᠵᠢᠭᠦᠯᠬᠦ ᠶᠡᠷᠦᠩᠬᠡᠢ ᠭᠠᠷᠳᠠᠴᠠ ᠵᠢᠨ ᠲᠣᠭᠤᠷᠢᠨ᠎ᠳᠤ᠂ ᠬᠠᠤᠯᠢ ᠶᠣᠰᠣᠭ᠋ᠠᠷ ᠤᠯᠤᠰ ᠵᠶ᠋ᠠᠨ ᠵᠠᠰᠠᠬᠤ᠂ ᠬᠠᠤᠯᠢ ᠶᠣᠰᠣᠭ᠋ᠠᠷ ᠲᠦᠷᠦ ᠪᠠᠷᠢᠬᠤ᠂ ᠬᠠᠤᠯᠢ ᠶᠣᠰᠣᠭ᠋ᠠᠷ ᠵᠠᠰᠠᠭ ᠶᠠᠪᠤᠭᠤᠯᠬᠤ ᠵᠢ ᠬᠠᠮᠲᠤ᠎ᠪᠠᠷ ᠠᠬᠢᠭᠤᠯᠬᠤ᠂ ᠬᠠᠤᠯᠢᠵᠢᠯ᠎ᠤᠨ ᠤᠯᠤᠰ᠂ ᠬᠠᠤᠯᠢᠵᠢᠯ᠎ᠤᠨ ᠵᠠᠰᠠᠭ᠎ᠤᠨ ᠣᠷᠳᠣᠨ᠂ ᠬᠠᠤᠯᠢᠵᠢᠯ᠎ᠤᠨ ᠨᠡᠶ᠋ᠢᠭᠡᠮ᠎ᠤᠨ ᠨᠢᠭᠡ ᠴᠤᠬ᠍ᠴᠠᠵᠢᠭᠤᠯᠤᠨ ᠪᠠᠶ᠋ᠢᠭᠤᠯᠬᠤ ᠵᠢ ᠪᠠᠷᠢᠮᠲᠠᠯᠠᠵᠤ᠂ ᠰᠢᠨᠵᠢᠯᠡᠬᠦ ᠤᠬᠠᠭ᠋ᠠᠨᠴᠢ᠎ᠪᠠᠷ ᠬᠠᠤᠯᠢ ᠲᠣᠭᠲᠠᠭ᠋ᠠᠬᠤ᠂ ᠬᠠᠤᠯᠢ ᠵᠢ ᠴᠢᠩᠭ᠎ᠠ ᠬᠡᠷᠡᠭᠵᠢᠭᠦᠯᠬᠦ᠂ ᠲᠥᠪ ᠭᠤᠣᠯᠴᠢ᠎ᠪᠠᠷ ᠬᠠᠤᠯᠢ ᠪᠠᠷᠢᠬᠤ᠂ ᠪᠦᠬᠦ ᠠᠷᠠᠳ ᠵᠶ᠋ᠠᠷ ᠵᠶ᠋ᠠᠨ ᠬᠠᠤᠯᠢ ᠰᠠᠬᠢᠬᠤ ᠵᠢ ᠪᠡᠶᠡᠯᠡᠭᠦᠯᠵᠦ᠂ ᠨᠡᠩ ᠥᠨᠳᠥᠷ ᠲᠦᠪᠰᠢᠨ ᠪᠦᠬᠦᠢ ᠬᠠᠤᠯᠢᠵᠢᠯ᠎ᠤᠨ ᠳᠤᠮᠳᠠᠳᠤ ᠤᠯᠤᠰ᠎ᠢ ᠴᠢᠷᠮᠠᠶ᠋ᠢᠨ ᠪᠠᠶ᠋ᠢᠭᠤᠯᠤᠨ᠎ᠠ᠃


ᠢᠷᠡᠯᠲᠡ᠄ ᠥᠪᠥᠷ ᠮᠣᠩᠭᠤᠯ᠎ᠤᠨ ᠵᠠᠰᠠᠭ᠎ᠤᠨ ᠣᠷᠳᠣᠨ
          
ᠬᠠᠮᠢᠶ᠎ᠡ ᠪᠦᠬᠦᠢ ᠰᠣᠨᠢᠨ
ᠭᠦᠨᠵᠡᠭᠡᠢ ᠰᠤᠷᠤᠯᠴᠠᠨ ᠨᠠᠷᠢᠯᠢᠭ ᠤᠬᠠᠪᠤᠷᠢᠯᠠᠵᠤ ᠰᠡᠳᠬᠢᠯ᠎ᠳᠡᠭᠡᠨ ᠬᠠᠳᠠᠩᠰᠢᠭᠤᠯᠤᠨ ᠪᠠᠷᠢᠮᠵᠢᠶᠠᠯᠠᠨ ᠬᠠᠷᠭᠤᠭᠤᠯᠵᠤ ᠭᠦᠨᠵᠡᠭᠡᠢ ᠰᠦᠪᠡᠭᠴᠢᠯᠡᠨ ᠪᠣᠳᠠᠲᠠᠢ ᠠᠵᠢᠯᠯᠠᠨ᠎ᠠ — ᠮᠠᠨ᠎ᠤ ᠣᠷᠣᠨ ᠨᠠᠮ᠎ᠤᠨ ᠬᠤᠷᠢᠳᠤᠭ᠋ᠠᠷ ᠬᠤᠭᠤᠴᠠᠭ᠋ᠠᠨ᠎ᠤ ᠲᠥᠪ ᠬᠤᠷᠢᠶᠠᠨ᠎ᠤ ᠭᠤᠷᠪᠠᠳᠤᠭ᠋ᠠᠷ ᠪᠦᠭᠦᠳᠡ ᠬᠤᠷᠠᠯ᠎ᠤᠨ ᠵᠣᠷᠢᠭ ᠰᠠᠨᠠᠭ᠎ᠠ ᠵᠢ ᠭᠦᠨᠵᠡᠭᠡᠢ ᠰᠤᠷᠤᠯᠴᠠᠨ ᠲᠤᠭᠤᠰᠢᠯᠠᠭᠤᠯᠵᠤ ᠪᠤᠢ
ᠥᠭᠡᠷᠡᠴᠢᠯᠡᠯᠲᠡ ᠵᠢᠨ ᠡᠷᠴᠢᠨ᠎ᠳᠤ ᠡᠷᠡᠯᠬᠡᠭᠯᠡᠨ ᠲᠡᠮᠡᠴᠡᠨ ᠡᠷᠡᠮᠡᠬᠡᠶ᠋ᠢᠯᠡᠨ ᠤᠷᠤᠭᠰᠢᠯᠠᠵᠤ ᠪᠣᠳᠠᠲᠠᠢ ᠦᠢ᠍ᠯᠡᠳᠦᠯᠭᠡᠵᠢᠭᠦᠯᠵᠦ ᠰᠢᠨ᠎ᠡ ᠪᠠᠶ᠋ᠢᠳᠠᠯ᠎ᠢ ᠡᠭᠦᠳᠰᠦᠭᠡᠢ — ᠨᠠᠮ᠎ᠤᠨ ᠬᠤᠷᠢᠳᠤᠭ᠋ᠠᠷ ᠬᠤᠭᠤᠴᠠᠭ᠋ᠠᠨ᠎ᠤ ᠲᠥᠪ ᠬᠤᠷᠢᠶᠠᠨ᠎ᠤ ᠭᠤᠷᠪᠠᠳᠤᠭ᠋ᠠᠷ ᠪᠦᠭᠦᠳᠡ ᠬᠤᠷᠠᠯ᠎ᠤᠨ ᠵᠣᠷᠢᠭ ᠰᠠᠨᠠᠭ᠎ᠠ ᠮᠠᠨ᠎ᠤ ᠣᠷᠣᠨ᠎ᠤ ᠠᠵᠤ ᠠᠬᠤᠶ᠋ᠢᠯᠠᠯ ᠪᠣᠯᠣᠨ ᠶᠡᠭᠡ ᠳᠡᠭᠡᠳᠦ ᠰᠤᠷᠭ᠋ᠠᠭᠤᠯᠢ᠎ᠳᠤ ᠬᠠᠯᠠᠭᠤᠨ ᠲᠤᠰᠬᠠᠯ ᠭᠠᠷᠪᠠ
ᠳᠤᠮᠳᠠᠳᠤ ᠤᠯᠤᠰ᠎ᠤᠨ ᠮᠠᠶᠢᠭ᠎ᠤᠨ ᠣᠳᠣᠬᠢᠴᠢᠯᠠᠯᠲᠠ ᠵᠢ ᠲᠦᠯᠬᠢᠨ ᠠᠬᠢᠭᠤᠯᠬᠤ᠎ᠲᠠᠢ ᠨᠢᠭᠲᠠ ᠤᠶᠠᠯᠳᠤᠭᠤᠯᠤᠨ ᠥᠭᠡᠷᠡᠴᠢᠯᠡᠯᠲᠡ ᠵᠢ ᠤᠯᠠᠮ ᠨᠢᠭᠡ ᠠᠯᠬᠤᠮ ᠪᠦᠭᠦ ᠲᠠᠯ᠎ᠠ᠎ᠪᠠᠷ ᠭᠦᠨᠵᠡᠭᠡᠶ᠋ᠢᠷᠡᠭᠦᠯᠦᠶ᠎ᠡ — ᠨᠠᠮ᠎ᠤᠨ ᠬᠤᠷᠢᠳᠤᠭ᠋ᠠᠷ ᠬᠤᠭᠤᠴᠠᠭ᠋ᠠᠨ᠎ᠤ ᠲᠥᠪ ᠬᠤᠷᠢᠶᠠᠨ᠎ᠤ ᠭᠤᠷᠪᠠᠳᠤᠭ᠋ᠠᠷ ᠪᠦᠭᠦᠳᠡ ᠬᠤᠷᠠᠯ᠎ᠤᠨ ᠵᠣᠷᠢᠭ ᠰᠠᠨᠠᠭ᠎ᠠ ᠵᠢ ᠰᠤᠷᠤᠯᠴᠠᠨ ᠲᠤᠭᠤᠰᠢᠯᠠᠭᠤᠯᠬᠤ ᠲᠤᠬᠠᠢ ᠥᠭᠦᠯᠡᠬᠦ᠎ᠨᠢ
ᠥᠭᠡᠷᠡᠴᠢᠯᠡᠯᠲᠡ ᠵᠢᠨ ᠤᠷᠤᠰᠬᠠᠯ ᠰᠢᠨ᠎ᠡ ᠠᠶᠠᠨ᠎ᠢ ᠡᠬᠢᠯᠡᠭᠦᠯᠵᠦ ᠰᠡᠳᠬᠢᠯ ᠨᠢᠭᠡᠳᠦᠨ ᠬᠦᠴᠦ᠎ᠪᠠᠨ ᠬᠠᠮᠲᠤᠳᠬᠠᠵᠤ ᠬᠠᠮᠲᠤ᠎ᠪᠠᠷ ᠤᠷᠤᠭᠰᠢᠯᠠᠰᠤᠭ᠋ᠠᠢ — ᠨᠠᠮ᠎ᠤᠨ ᠬᠤᠷᠢᠳᠤᠭ᠋ᠠᠷ ᠬᠤᠭᠤᠴᠠᠭ᠋ᠠᠨ᠎ᠤ ᠲᠥᠪ ᠬᠤᠷᠢᠶᠠᠨ᠎ᠤ ᠭᠤᠷᠪᠠᠳᠤᠭ᠋ᠠᠷ ᠪᠦᠭᠦᠳᠡ ᠬᠤᠷᠠᠯ᠎ᠤᠨ ᠵᠣᠷᠢᠭ ᠰᠠᠨᠠᠭ᠎ᠠ ᠮᠠᠨ᠎ᠤ ᠣᠷᠣᠨ᠎ᠤ ᠦᠨᠳᠦᠰᠦᠨ ᠱᠠᠲᠤᠨ᠎ᠤ ᠺᠠᠳ᠋ᠷ ᠣᠯᠠᠨ ᠲᠦᠮᠡᠨ᠎ᠤ ᠳᠤᠮᠳᠠ ᠬᠠᠯᠠᠭᠤᠨ ᠲᠤᠰᠬᠠᠯ ᠭᠠᠷᠪᠠ
ᠳᠤᠮᠳᠠᠳᠤ ᠤᠯᠤᠰ᠎ᠤᠨ ᠮᠠᠶᠢᠭ᠎ᠤᠨ ᠣᠳᠣᠬᠢᠴᠢᠯᠠᠯᠲᠠ ᠵᠢ ᠲᠦᠯᠬᠢᠨ ᠠᠬᠢᠭᠤᠯᠬᠤ᠎ᠲᠠᠢ ᠨᠢᠭᠲᠠ ᠤᠶᠠᠯᠳᠤᠭᠤᠯᠤᠨ ᠥᠭᠡᠷᠡᠴᠢᠯᠡᠯᠲᠡ ᠵᠢ ᠤᠯᠠᠮ ᠨᠢᠭᠡ ᠠᠯᠬᠤᠮ ᠪᠦᠭᠦ ᠲᠠᠯ᠎ᠠ᠎ᠪᠠᠷ ᠭᠦᠨᠵᠡᠭᠡᠶ᠋ᠢᠷᠡᠭᠦᠯᠦᠶ᠎ᠡ — ᠨᠠᠮ᠎ᠤᠨ ᠬᠤᠷᠢᠳᠤᠭ᠋ᠠᠷ ᠬᠤᠭᠤᠴᠠᠭ᠋ᠠᠨ᠎ᠤ ᠲᠥᠪ ᠬᠤᠷᠢᠶᠠᠨ᠎ᠤ ᠭᠤᠷᠪᠠᠳᠤᠭ᠋ᠠᠷ ᠪᠦᠭᠦᠳᠡ ᠬᠤᠷᠠᠯ᠎ᠤᠨ ᠵᠣᠷᠢᠭ ᠰᠠᠨᠠᠭ᠎ᠠ ᠵᠢ ᠰᠤᠷᠤᠯᠴᠠᠨ ᠲᠤᠭᠤᠰᠢᠯᠠᠭᠤᠯᠬᠤ ᠲᠤᠬᠠᠢ ᠥᠭᠦᠯᠡᠬᠦ᠎ᠨᠢ
 
            