ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠰᠤᠷᠠᠭ ᠵᠠᠩᠬᠢ
ᠬᠡᠷᠡᠭᠯᠡᠭᠡ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠢᠯᠡ ᠵᠠᠰᠠᠭ   -   ᠲᠥᠷᠥ᠎ᠶᠢᠨ ᠪᠣᠳᠣᠯᠭ᠎ᠠ᠎ᠶᠢᠨ ᠲᠠᠶ᠋ᠢᠯᠤᠮᠵᠢ
ᠪᠦᠭᠦᠳᠡ ᠬᠤᠷᠠᠯᠳᠤᠭ᠋ᠠᠨ᠎ᠤ 《ᠳᠣᠭᠲᠠᠭ᠋ᠠᠯ》᠎ᠳᠠᠬᠢ ᠡᠳᠡᠭᠡᠷ ᠨᠡᠷ᠎ᠡ ᠦᠭᠡᠰ᠎ᠢ ᠣᠶ᠋ᠢᠯᠠᠭ᠋ᠠᠶ᠎ᠠ (ᠵᠢᠷᠭᠤᠭ᠎ᠠ)
ᠨᠡᠶᠢᠲᠡᠯᠡᠭᠰᠡᠨ ᠴᠠᠭ᠄ 2024-10-07


         《ᠬᠦᠳᠡᠯᠮᠦᠷᠢ ᠵᠢᠨ ᠴᠢᠨᠠᠷᠲᠠᠢ ᠠᠰᠢᠭ ᠣᠷᠤᠯᠭ᠎ᠠ》
        ᠬᠥᠳᠡᠯᠮᠦᠷᠢ ᠵᠢᠨ ᠴᠢᠨᠠᠷᠲᠠᠶ ᠠᠰᠢᠭ ᠣᠷᠤᠯᠭ᠎ᠠ ᠭᠡᠳᠡᠭ᠎ᠨᠢ ᠬᠥᠳᠡᠯᠮᠦᠷᠢ᠎ᠪᠠᠷ ᠳᠠᠮᠵᠢᠨ ᠦᠨ᠎ᠡ ᠥᠷᠲᠡᠭ ᠪᠣᠯᠤᠨ ᠬᠡᠷᠡᠭᠴᠡᠭᠡᠨ᠎ᠤ ᠦᠨ᠎ᠡ ᠥᠷᠲᠡᠭ᠎ᠢ ᠡᠭᠦᠳᠦᠨ ᠪᠦᠲᠦᠭᠡᠭᠰᠡᠨ᠎ᠠᠴᠠ ᠪᠣᠯᠵᠤ ᠣᠯᠤᠭᠰᠠᠨ ᠠᠰᠢᠭ ᠣᠷᠤᠯᠭ᠎ᠠ ᠵᠢ ᠵᠢᠭ᠋ᠠᠵᠤ᠂ ᠪᠣᠳᠠᠰᠴᠢ ᠴᠢᠨᠠᠷ᠎ᠤᠨ ᠪᠠ ᠪᠣᠳᠠᠰᠴᠢ ᠪᠤᠰᠤ ᠴᠢᠨᠠᠷ᠎ᠤᠨ ᠬᠥᠳᠡᠯᠮᠦᠷᠢ ᠵᠢᠨ ᠪᠦᠲᠦᠭᠡᠭᠲᠡᠬᠦᠨ᠎ᠢ ᠪᠠᠭᠲᠠᠭ᠋ᠠᠨ᠎ᠠ᠃ ᠬᠥᠳᠡᠯᠮᠦᠷᠢ ᠵᠢᠨ ᠴᠢᠨᠠᠷᠲᠠᠶ ᠠᠰᠢᠭ ᠣᠷᠤᠯᠭ᠎ᠠ᠎ᠨᠢ ᠬᠥᠷᠥᠩᠭᠡ ᠵᠢᠨ ᠴᠢᠨᠠᠷᠲᠠᠶ ᠠᠰᠢᠭ ᠣᠷᠤᠯᠭ᠎ᠠ᠎ᠠᠴᠠ ᠣᠨᠳᠣᠣ ᠪᠠᠶ᠋ᠢᠵᠤ᠂ ᠲᠡᠭᠦᠨ᠎ᠢ ᠣᠯᠬᠤ ᠨᠥᠬᠦᠴᠡᠯ᠎ᠨᠢ ᠡᠷᠬᠡᠪᠰᠢ ᠬᠥᠳᠡᠯᠮᠦᠷᠢ ᠵᠶ᠋ᠠᠷ ᠳᠠᠮᠵᠢᠵᠤ᠂ ᠬᠥᠳᠡᠯᠮᠦᠷᠢ ᠵᠢᠨ ᠳᠤᠮᠳᠠ᠎ᠠᠴᠠ ᠣᠯᠵᠤ᠂ ᠬᠥᠳᠡᠯᠮᠦᠷᠢᠯᠡᠬᠦ ᠦᠭᠡᠢ ᠪᠣᠯ ᠠᠰᠢᠭ ᠣᠷᠤᠯᠭ᠎ᠠ ᠦᠭᠡᠢ᠃
       《ᠠᠷᠠᠳ᠎ᠤᠨ ᠵᠣᠭᠤᠰ᠎ᠤᠨ ᠬᠢᠯᠢ ᠵᠢᠨ ᠭᠠᠳᠠᠨᠠᠬᠢ ᠵᠠᠬ᠎ᠠ ᠳᠡᠯᠭᠡᠭᠦᠷ》
        ᠣᠯᠠᠨ ᠤᠯᠤᠰ᠎ᠤᠨ ᠵᠣᠭᠤᠰᠣᠨ᠎ᠤ ᠰᠠᠭᠤᠷᠢ ᠮᠥᠩᠭᠦᠨ᠎ᠤ ᠵᠣᠬᠢᠶᠠᠨ ᠪᠠᠶ᠋ᠢᠭᠤᠯᠤᠯᠲᠠ ᠵᠢᠨ ᠲᠣᠭᠲᠠᠭ᠋ᠠᠭᠰᠠᠨ ᠤᠬᠠᠭᠳᠠᠬᠤᠨ᠎ᠢ ᠦᠨᠳᠦᠰᠦᠯᠡᠪᠡᠯ᠂ ᠬᠢᠯᠢ ᠵᠢᠨ ᠭᠠᠳᠠᠨᠠᠬᠢ ᠵᠠᠬ᠎ᠠ ᠳᠡᠯᠭᠡᠭᠦᠷ ᠭᠡᠳᠡᠭ᠎ᠨᠢ ᠡᠩ᠎ᠤᠨ ᠪᠠᠶ᠋ᠢᠳᠠᠯ᠎ᠳᠤ ᠵᠣᠭᠤᠰ ᠲᠠᠷᠬᠠᠭ᠋ᠠᠬᠤ ᠤᠯᠤᠰ᠎ᠤᠨ ᠭᠠᠳᠠᠨ᠎ᠠ᠂ ᠲᠤᠰ ᠤᠯᠤᠰ᠎ᠤᠨ ᠵᠣᠭᠤᠰᠣᠨ᠎ᠤ ᠪᠡᠯᠡ ᠮᠥᠩᠭᠦ ᠵᠢ ᠲᠣᠬᠢᠷᠠᠭᠤᠯᠤᠨ ᠨᠡᠪᠲᠡᠷᠡᠭᠦᠯᠬᠦ ᠠᠵᠢᠯᠯᠠᠭ᠎ᠠ ᠥᠷᠨᠢᠭᠦᠯᠬᠦ ᠣᠷᠣᠨ ᠪᠦᠰᠡ ᠵᠢ ᠵᠢᠭ᠋ᠠᠵᠤ᠂ ᠪᠠᠰᠠ ᠵᠣᠭᠤᠰ ᠲᠠᠷᠬᠠᠭ᠋ᠠᠬᠤ ᠤᠯᠤᠰ᠎ᠤᠨ ᠳᠣᠲᠣᠭ᠋ᠠᠳᠤ᠎ᠳᠤ᠎ᠪᠠᠨ ᠣᠯᠠᠨ ᠤᠯᠤᠰ᠎ᠤᠨ ᠳᠦᠷᠢᠮ ᠲᠣᠭᠲᠠᠭ᠋ᠠᠯ᠎ᠯᠤᠭ᠎ᠠ ᠵᠣᠯᠭ᠋ᠠᠯᠳᠤᠭᠰᠠᠨ ᠬᠠᠤᠯᠢ ᠴᠠᠭ᠋ᠠᠵᠠ᠂ ᠨᠢᠭᠲᠠᠯᠠᠨ ᠪᠣᠳᠣᠬᠤ᠂ ᠮᠥᠩᠭᠦᠨ ᠭᠦᠢ᠍ᠯᠭᠡᠭᠡᠨ᠎ᠤ ᠬᠢᠨᠠᠯᠲᠠ ᠬᠠᠮᠢᠶᠠᠷᠤᠯᠲᠠ ᠵᠡᠷᠭᠡ ᠳᠦᠷᠢᠮ᠎ᠤᠨ ᠨᠥᠬᠦᠴᠡᠯ᠎ᠢ ᠪᠦᠷᠢᠯᠳᠦᠭᠦᠯᠦᠭᠰᠡᠨ ᠣᠨᠴᠠᠭ᠋ᠠᠢ ᠣᠷᠣᠨ ᠪᠦᠰᠡ ᠵᠢ ᠵᠢᠭ᠋ᠠᠨ᠎ᠠ᠃ ᠬᠠᠷᠢᠴᠠᠩᠭᠤᠢ᠎ᠪᠠᠷ᠂ ᠠᠷᠠᠳ᠎ᠤᠨ ᠵᠣᠭᠤᠰ᠎ᠤᠨ ᠬᠢᠯᠢ ᠵᠢᠨ ᠭᠠᠳᠠᠨᠠᠬᠢ ᠵᠠᠬ᠎ᠠ ᠳᠡᠯᠭᠡᠭᠦᠷ ᠭᠡᠳᠡᠭ᠎ᠨᠢ ᠳᠤᠮᠳᠠᠳᠤ ᠤᠯᠤᠰ᠎ᠤᠨ ᠬᠠᠤᠯᠢ ᠴᠠᠭ᠋ᠠᠵᠠ ᠵᠢᠨ ᠬᠠᠷᠢᠶᠠᠯᠠᠯ᠎ᠤᠨ ᠭᠠᠳᠠᠨ᠎ᠠ ᠵᠢᠨ ᠠᠷᠠᠳ᠎ᠤᠨ ᠵᠣᠭᠤᠰ᠎ᠤᠨ ᠬᠠᠳᠠᠭ᠋ᠠᠯᠠᠮᠵᠢ ᠵᠢᠭᠡᠯᠡᠯᠭᠡ᠂ ᠭᠤᠪᠢᠭᠤᠯᠭ᠎ᠠ ᠪᠠ ᠳ᠋ᠦᠩᠨᠡᠨ ᠪᠣᠳᠣᠬᠤ ᠵᠢᠴᠢ ᠠᠷᠠᠳ᠎ᠤᠨ ᠵᠣᠭᠤᠰ ᠵᠶ᠋ᠠᠷ ᠦᠨ᠎ᠡ ᠪᠣᠳᠣᠬᠤ ᠰᠲ᠋ᠣᠺ᠂ ᠵᠢᠭᠡᠯᠡᠯᠭᠡ ᠵᠢᠨ ᠲᠡᠮᠳᠡᠭᠲᠦ᠂ ᠡᠭᠦᠰᠦᠮᠡᠯ ᠡᠳ᠋ ᠵᠡᠷᠭᠡ ᠮᠥᠩᠭᠦᠨ ᠭᠦᠢ᠍ᠯᠭᠡᠭᠡᠨ᠎ᠤ ᠨᠡᠷᠡᠳᠭᠦᠨ᠎ᠢ ᠲᠠᠷᠬᠠᠭ᠋ᠠᠬᠤ ᠪᠠ ᠠᠷᠠᠯᠵᠢᠶᠠᠯᠠᠬᠤ ᠣᠷᠣᠨ ᠪᠦᠰᠡ ᠵᠢ ᠵᠢᠭ᠋ᠠᠨ᠎ᠠ᠃ ᠣᠳᠣᠬᠠᠨ᠎ᠳᠤ ᠠᠷᠠᠳ᠎ᠤᠨ ᠵᠣᠭᠤᠰᠤᠨ᠎ᠤ ᠬᠢᠯᠢ ᠵᠢᠨ ᠭᠠᠳᠠᠨᠠᠬᠢ ᠵᠠᠬ᠎ᠠ ᠳᠡᠯᠭᠡᠭᠦᠷ᠎ᠲᠤ ᠭᠤᠣᠯᠳᠠᠭᠤ ᠳᠤᠮᠳᠠᠳᠤ ᠤᠯᠤᠰ᠎ᠤᠨ ᠰᠢᠶᠠᠩᠭ᠋ᠠᠩ᠂ ᠰᠢᠩᠭ᠋ᠠᠫᠤᠷ᠂ ᠠᠩᠭ᠍ᠯᠢ ᠵᠢᠨ ᠯᠣᠨᠳᠣᠨ ᠵᠡᠷᠭᠡ ᠭᠠᠵᠠᠷ ᠪᠠᠭᠲᠠᠨ᠎ᠠ᠃
       《ᠦᠨᠳᠦᠰᠦᠨ ᠲᠠᠷᠢᠮᠠᠯ》
        ᠦᠨᠳᠦᠰᠦᠨ ᠲᠠᠷᠢᠮᠠᠯ ᠭᠡᠳᠡᠭ᠎ᠨᠢ ᠬᠥᠮᠦᠰ᠎ᠤᠨ ᠦᠨᠳᠦᠰᠦᠨ ᠦᠢ᠍ᠯᠡᠳᠪᠦᠷᠢᠯᠡᠯ ᠠᠮᠢᠳᠤᠷᠠᠯ᠎ᠤᠨ ᠬᠡᠷᠡᠭᠴᠡᠭᠡ ᠵᠢ ᠬᠠᠩᠭ᠋ᠠᠬᠤ ᠵᠢᠨ ᠲᠥᠯᠥᠭᠡ ᠶᠡᠭᠡ ᠬᠡᠮᠵᠢᠶ᠎ᠡ᠎ᠪᠠᠷ ᠲᠠᠷᠢᠭᠰᠠᠨ ᠲᠠᠷᠢᠮᠠᠯ᠎ᠢ ᠵᠢᠭ᠋ᠠᠨ᠎ᠠ᠃ ᠤᠯᠤᠰ᠎ᠤᠨ ᠳᠡᠰ ᠳᠠᠪᠬᠤᠷᠭ᠎ᠠ᠎ᠠᠴᠠ ᠠᠪᠴᠤ ᠦᠵᠡᠪᠡᠯ᠂ ᠦᠨᠳᠦᠰᠦᠨ ᠲᠠᠷᠢᠮᠠᠯ᠎ᠳᠤ ᠭᠤᠣᠯᠳᠠᠭᠤ ᠠᠮᠤ ᠪᠤᠳᠠᠭ᠎ᠠ᠂ ᠲᠣᠰᠣᠯᠢᠭ ᠵᠦᠢ᠍ᠯ᠂ ᠬᠥᠪᠥᠩ᠂ ᠰᠢᠬᠢᠷᠯᠢᠭ ᠡᠳ᠋᠂ ᠢᠳᠡᠰᠢᠨ ᠨᠣᠭᠤᠭ᠎ᠠ᠂ ᠲᠡᠵᠢᠭᠡᠯ ᠡᠪᠡᠰᠦ ᠪᠣᠷᠳᠤᠭ᠎ᠠ ᠵᠡᠷᠭᠡ ᠰᠠᠭᠤᠷᠢᠯᠠᠬᠤ ᠴᠢᠨᠠᠷᠲᠠᠶ᠂ ᠪᠠᠶ᠋ᠢᠯᠳᠤᠬᠤ ᠪᠣᠳᠣᠯᠭ᠎ᠠ ᠵᠢᠨ ᠴᠢᠨᠠᠷᠲᠠᠶ ᠲᠠᠷᠢᠮᠠᠯ᠎ᠤᠨ ᠵᠦᠢ᠍ᠯ ᠪᠠᠭᠲᠠᠨ᠎ᠠ᠃ ᠡᠯ᠎ᠡ ᠭᠠᠵᠠᠷ ᠣᠷᠣᠨ᠎ᠳᠤ ᠪᠣᠳᠠᠲᠠᠶ᠎ᠪᠠᠷ ᠠᠪᠴᠤ ᠦᠵᠡᠪᠡᠯ᠂ ᠡᠬᠢ ᠪᠠᠶᠠᠯᠢᠭ᠎ᠤᠨ ᠨᠦᠬᠡᠴᠡ ᠭᠦᠢ᠍ᠴᠡᠳ᠂ ᠠᠭᠤᠷ ᠠᠮᠢᠰᠬᠤᠯ᠎ᠤᠨ ᠨᠥᠬᠦᠴᠡᠯ᠂ ᠲᠠᠷᠢᠮᠠᠯ᠎ᠤᠨ ᠲᠦᠷᠢᠮ᠂ ᠣᠷᠣᠨ ᠪᠠᠶ᠋ᠢᠷᠢ ᠵᠢᠨ ᠨᠥᠬᠦᠴᠡᠯ ᠵᠡᠷᠭᠡ ᠬᠦᠴᠦᠨ ᠵᠦᠢ᠍ᠯ᠎ᠢ ᠦᠨᠳᠦᠰᠦᠯᠡᠨ᠂ ᠦᠨᠳᠦᠰᠦᠨ ᠲᠠᠷᠢᠮᠠᠯ᠎ᠳᠤ ᠪᠠᠰᠠ ᠲᠠᠷᠢᠵᠤ ᠤᠷᠭᠤᠭᠤᠯᠤᠭᠰᠠᠨ ᠲᠡᠦᠬᠡ᠂ ᠠᠵᠤ ᠦᠢ᠍ᠯᠡᠰ᠎ᠤᠨ ᠳᠠᠪᠠᠭᠤᠯᠢᠭ ᠵᠢᠴᠢ ᠦᠢ᠍ᠯᠡᠳᠪᠦᠷᠢᠯᠡᠯ ᠠᠮᠢᠳᠤᠷᠠᠯ᠎ᠳᠤ ᠡᠷᠬᠡᠪᠰᠢ ᠪᠦᠷᠢᠯᠳᠦᠭᠦᠯᠬᠦ ᠣᠷᠣᠨ ᠪᠦᠰᠡ ᠵᠢᠨ ᠴᠢᠨᠠᠷᠲᠠᠶ ᠵᠦᠢ᠍ᠯ ᠲᠦᠷᠦᠯ᠎ᠤᠳ᠎ᠢ ᠪᠠᠭᠲᠠᠭ᠋ᠠᠨ᠎ᠠ᠃ ᠦᠨᠳᠦᠰᠦᠨ ᠲᠠᠷᠢᠮᠠᠯ᠎ᠨᠢ ᠣᠷᠣᠰᠢᠨ ᠲᠣᠭᠲᠠᠨᠢᠬᠤ ᠠᠮᠤᠷ ᠲᠦᠪᠰᠢᠨ᠂ ᠤᠯᠤᠰ᠎ᠤᠨ ᠠᠮᠤᠷ ᠲᠦᠪᠰᠢᠨ᠎ᠲᠠᠢ ᠰᠢᠭᠤᠳ ᠬᠤᠯᠪᠣᠭᠳᠠᠬᠤ ᠪᠣᠯᠬᠤᠷ᠂ ᠲᠠᠷᠢᠶᠠᠨ ᠭᠠᠵᠠᠷ᠎ᠤᠨ ᠡᠬᠢ ᠪᠠᠶᠠᠯᠢᠭ᠎ᠤᠨ ᠠᠰᠢᠭᠯᠠᠯᠲᠠ ᠵᠢᠨ ᠲᠠᠯ᠎ᠠ᠎ᠪᠠᠷ ᠡᠩ ᠲᠡᠷᠢᠭᠦᠨ᠎ᠳᠤ ᠪᠠᠲᠤᠯᠠᠭ᠎ᠠ ᠬᠠᠩᠭ᠋ᠠᠬᠤ ᠴᠢᠬᠤᠯᠠ᠎ᠲᠠᠢ ᠪᠠᠶ᠋ᠢᠨ᠎ᠠ᠃

ᠢᠷᠡᠯᠲᠡ᠄ ᠥᠪᠥᠷ ᠮᠣᠩᠭᠤᠯ᠎ᠤᠨ ᠵᠠᠰᠠᠭ᠎ᠤᠨ ᠣᠷᠳᠣᠨ
          
ᠬᠠᠮᠢᠶ᠎ᠡ ᠪᠦᠬᠦᠢ ᠰᠣᠨᠢᠨ
ᠪᠦᠭᠦᠳᠡ ᠬᠤᠷᠠᠯᠳᠤᠭ᠋ᠠᠨ᠎ᠤ 《ᠲᠣᠭᠲᠠᠭ᠋ᠠᠯ》᠎ᠳᠠᠬᠢ ᠡᠳᠡᠭᠡᠷ ᠨᠡᠷ᠎ᠡ ᠦᠭᠡᠰ᠎ᠢ ᠣᠶ᠋ᠢᠯᠠᠭ᠋ᠠᠶ᠎ᠠ (ᠲᠠᠪᠤ)
ᠪᠦᠭᠦᠳᠡ ᠬᠤᠷᠠᠯᠳᠤᠭ᠋ᠠᠨ᠎ᠤ 《ᠲᠣᠭᠲᠠᠭ᠋ᠠᠯ》᠎ᠳᠠᠬᠢ ᠡᠳᠡᠭᠡᠷ ᠨᠡᠷ᠎ᠡ ᠦᠭᠡᠰ᠎ᠢ ᠣᠶ᠋ᠢᠯᠠᠭ᠋ᠠᠶ᠎ᠠ (ᠳᠥᠷᠪᠡ)
ᠥᠪᠡᠷᠲᠡᠭᠡᠨ ᠵᠠᠰᠠᠬᠤ ᠣᠷᠣᠨ᠎ᠤ ᠠᠵᠢᠯᠴᠢᠨ᠎ᠤ ᠡᠪᠯᠡᠯ᠎ᠤᠨ ᠰᠢᠰᠲ᠋ᠧᠮ᠎ᠤᠨ ᠤᠬᠠᠭᠤᠯᠤᠨ ᠲᠠᠶ᠋ᠢᠯᠪᠤᠷᠢᠯᠠᠬᠤ ᠪᠦᠯᠬᠦᠮ ᠬᠥᠯᠥᠨ ᠪᠣᠶ᠋ᠢᠷ ᠬᠥᠬᠡᠬᠤᠲᠠ᠎ᠳᠤ ᠬᠤᠪᠢᠶᠠᠷᠢᠴᠢᠯᠠᠭᠰᠠᠨ ᠤᠬᠠᠭᠤᠯᠤᠨ ᠲᠠᠶ᠋ᠢᠯᠪᠤᠷᠢᠯᠠᠬᠤ ᠠᠵᠢᠯᠯᠠᠭ᠎ᠠ ᠥᠷᠨᠢᠭᠦᠯᠪᠡ
ᠪᠦᠭᠦᠳᠡ ᠬᠤᠷᠠᠯᠳᠤᠭ᠋ᠠᠨ᠎ᠤ 《ᠲᠣᠭᠲᠠᠭ᠋ᠠᠯ》᠎ᠳᠠᠬᠢ ᠡᠳᠡᠭᠡᠷ ᠨᠡᠷ᠎ᠡ ᠦᠭᠡᠰ᠎ᠢ ᠣᠶ᠋ᠢᠯᠠᠭ᠋ᠠᠶ᠎ᠠ (ᠭᠤᠷᠪᠠ)
ᠪᠥᠬᠦᠳᠡ ᠬᠤᠷᠠᠯᠳᠤᠭ᠋ᠠᠨ᠎ᠤ 《ᠲᠣᠭᠲᠠᠭ᠋ᠠᠯ》᠎ᠳᠠᠬᠢ ᠡᠳᠡᠭᠡᠷ ᠨᠡᠷ᠎ᠡ ᠦᠭᠡᠰ᠎ᠢ ᠣᠶ᠋ᠢᠯᠠᠭ᠋ᠠᠶ᠎ᠠ (ᠨᠢᠭᠡ)
 
            