ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠰᠤᠷᠠᠭ ᠵᠠᠩᠬᠢ
ᠬᠡᠷᠡᠭᠯᠡᠭᠡ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠤᠷᠠᠭ ᠵᠠᠩᠬᠢ   -   ᠰᠣᠶᠣᠯ ᠵᠢᠭᠤᠯᠴᠢᠯᠠᠯ᠎ᠤᠨ ᠰᠤᠷᠠᠭ ᠵᠠᠩᠬᠢ
ᠥᠪᠥᠷ ᠮᠣᠩᠭᠣᠯ᠎ᠤᠨ 35 ᠳ᠋ᠤᠭ᠋ᠠᠷ ᠬᠤᠭᠤᠴᠠᠭ᠋ᠠᠨ᠎ᠤ ᠲᠠᠯ᠎ᠠ ᠨᠤᠲᠤᠭ᠎ᠤᠨ ᠨᠠᠭ᠋ᠠᠳᠤᠮ᠎ᠤᠨ ᠤᠷᠢᠳ ᠬᠣᠵᠢᠳ 5 ᠡᠳᠦᠷ! ᠵᠢᠭᠤᠯᠴᠢᠯᠠᠯ᠎ᠤᠨ ᠶᠡᠷᠦᠩᠬᠡᠢ ᠣᠷᠣᠯᠭ᠎ᠠ ᠵᠢ 10.8 ᠳ᠋ᠦᠩᠰᠢᠭᠤᠷ ᠲᠥᠭᠥᠷᠢᠭ ᠳᠠᠶ᠋ᠢᠴᠢᠯᠠᠪᠠ
ᠨᠡᠶᠢᠲᠡᠯᠡᠭᠰᠡᠨ ᠴᠠᠭ᠄ 2025-08-01

7 ᠳ᠋ᠤᠭ᠋ᠠᠷ ᠰᠠᠷ᠎ᠠ ᠵᠢᠨ 19᠎ᠤ ᠡᠳᠦᠷ᠎ᠤᠨ ᠦᠳᠡ ᠵᠢᠨ ᠡᠮᠦᠨ᠎ᠡ᠂ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ 35 ᠳ᠋ᠤᠭ᠋ᠠᠷ ᠬᠤᠭᠤᠴᠠᠭ᠋ᠠᠨ᠎ᠤ ᠲᠠᠯ᠎ᠠ ᠨᠤᠲᠤᠭ᠎ᠤᠨ ᠨᠠᠭ᠋ᠠᠳᠤᠮ᠎ᠤᠨ ᠬᠤᠷᠠᠯ ᠦᠪᠡᠳᠡᠭᠰᠢ ᠶᠡᠬᠡ᠎ᠪᠠᠷ ᠡᠬᠢᠯᠡᠵᠦ᠂ 7 ᠳ᠋ᠤᠭ᠋ᠠᠷ ᠰᠠᠷ᠎ᠠ ᠵᠢᠨ 20᠎ᠤ ᠡᠳᠦᠷ᠎ᠤᠨ ᠦᠳᠡ ᠵᠢᠨ ᠬᠣᠢ᠌ᠨ᠎ᠠ᠂ ᠵᠣᠴᠢᠳ ᠵᠶ᠋ᠠᠨ ᠪᠠᠶᠠᠰᠬᠠᠬᠤ ᠵᠢᠨ ᠲᠤᠰᠠᠲᠠ᠂ ᠡᠬᠢᠯᠡᠯᠲᠡ ᠵᠢᠨ ᠶᠣᠰᠣᠯᠠᠯ᠎ᠤᠨ ᠲᠠᠯᠠᠪᠠᠶ᠎ᠳᠤ ᠲᠠᠬᠢᠨᠲᠠ ᠪᠣᠳᠠᠲᠤ ᠦᠵᠡᠮᠵᠢ ᠵᠢᠨ ᠲᠣᠭᠯᠠᠯᠲᠠ ᠲᠣᠭᠯᠠᠪᠠ᠃ ᠬᠣᠶᠠᠷ ᠤᠳᠠᠭ᠋ᠠᠨ᠎ᠤ ᠲᠣᠭᠯᠠᠯᠲᠠ ᠵᠢ ᠤᠯᠤᠰ᠎ᠤᠨ ᠳᠣᠲᠣᠭ᠋ᠠᠳᠤ ᠵᠢᠨ 100 ᠵᠠᠭᠤᠴᠢᠯᠠᠭᠤᠷ ᠬᠠᠮᠲᠤ᠎ᠪᠠᠷ ᠰᠢᠭᠤᠳ ᠨᠠᠪᠲᠠᠷᠡᠭᠦᠯᠵᠦ᠂ ᠨᠠᠭ᠋ᠠᠳᠤᠮ᠎ᠤᠨ ᠰᠣᠨᠢᠨ ᠮᠡᠳᠡᠭᠡ ᠵᠢ ᠲᠥᠪ ᠲᠧᠯᠸᠢᠰ᠎ᠤᠨ ᠰᠣᠨᠢᠨ ᠮᠡᠳᠡᠭᠡᠨ᠎ᠤ ᠳᠠᠮᠵᠢᠭᠤᠯᠬᠤ ᠨᠡᠪᠲᠡᠷᠡᠭᠦᠯᠭᠡ᠎ᠳᠤ ᠭᠠᠷᠭ᠋ᠠᠵᠤ᠂ ᠲᠢᠭ᠋ ᠲᠣᠭ᠎ᠤᠨ ᠲᠠᠪᠴᠠᠩ᠎ᠤᠨ ᠶᠡᠷᠦᠩᠬᠡᠢ᠌ᠯᠡᠭᠰᠡᠨ ᠨᠡᠷᠡᠰ᠎ᠤᠨ ᠵᠢᠭᠰᠠᠭ᠋ᠠᠯᠲᠠ ᠵᠢᠨtop1᠂ ᠪᠤᠰᠢᠭᠤ ᠭᠠᠷ ᠲᠠᠪᠴᠠᠩ᠎ᠤᠨ ᠶᠡᠷᠦᠩᠬᠡᠢ᠌ᠯᠡᠭᠰᠡᠨ ᠨᠡᠷᠡᠰ᠎ᠤᠨ ᠵᠢᠭᠰᠠᠭ᠋ᠠᠯᠲᠠ ᠵᠢᠨtop2᠂ ᠬᠠᠮ ᠵᠠᠭᠤᠴᠢᠯᠠᠭᠤᠷ᠎ᠤᠨ ᠤᠬᠠᠭᠤᠯᠭ᠎ᠠ ᠵᠢᠨ ᠢᠯᠡᠷᠡᠭᠦᠯᠦᠭᠰᠡᠨ ᠲᠤᠭ᠎ᠠ 60 ᠳ᠋ᠦᠩᠰᠢᠭᠤᠷ᠎ᠢ ᠳᠠᠪᠠᠵᠤ᠂ ᠠᠳᠠᠯᠢ ᠬᠤᠭᠤᠴᠠᠭ᠋ᠠᠨ᠎ᠤ᠎ᠬᠢ᠎ᠠᠴᠠ 17%᠎ᠪᠠᠷ ᠨᠡᠮᠡᠭᠳᠡᠪᠡ᠃ 7 ᠳ᠋ᠤᠭ᠋ᠠᠷ ᠰᠠᠷ᠎ᠠ ᠵᠢᠨ 21᠎ᠤ ᠡᠳᠦᠷ᠎ᠤᠨ ᠦᠳᠡ ᠵᠢᠨ ᠡᠮᠦᠨ᠎ᠡ ᠪᠣᠯᠲᠠᠯ᠎ᠠ᠂ 20 ᠲᠦᠮᠡ ᠭᠠᠷᠤᠢ ᠬᠥᠮᠥᠨ ᠭᠣᠣᠯ ᠬᠤᠷᠠᠯ᠎ᠤᠨ ᠲᠠᠯᠠᠪᠠᠶ᠎ᠳᠤ ᠬᠦᠷᠴᠦ᠂ ᠬᠤᠷᠠᠯ᠎ᠤᠨ ᠲᠠᠯᠠᠪᠠᠶ ᠵᠢᠨ ᠡᠵᠡᠩᠨᠡᠯᠲᠡ ᠵᠢᠨ ᠶᠡᠷᠦᠩᠬᠡᠢ ᠣᠷᠣᠯᠭ᠎ᠠ 6000 ᠲᠦᠮᠡᠨ ᠲᠥᠭᠥᠷᠢᠭ᠎ᠢ ᠳᠠᠪᠠᠵᠤ᠂ ᠠᠳᠠᠯᠢ ᠬᠤᠭᠤᠴᠠᠭ᠋ᠠᠨ᠎ᠤ᠎ᠬᠢ᠎ᠠᠴᠠ 40%᠎ᠪᠠᠷ ᠨᠡᠮᠡᠭᠳᠡᠪᠡ᠃ ᠨᠠᠭ᠋ᠠᠳᠤᠮ᠎ᠤᠨ ᠤᠷᠢᠳ ᠬᠣᠵᠢᠳ5 ᠡᠳᠦᠷ᠎ᠤᠨ ᠬᠤᠭᠤᠴᠠᠭ᠋ᠠᠨ᠎ᠳᠤ᠂ ᠰᠢᠯᠢ ᠵᠢᠨ ᠭᠣᠣᠯ ᠠᠢ᠌ᠮᠠᠭ᠎ᠤᠨ ᠪᠥᠬᠥ ᠴᠠᠷᠠᠭ᠋ᠠᠨ᠎ᠳᠤ ᠨᠡᠶ᠋ᠢᠲᠡ 150 ᠲᠦᠮᠡᠨ ᠬᠥᠮᠥᠨ ᠤᠳᠠᠭ᠎ᠠ ᠵᠢᠭᠤᠯᠴᠢᠯᠠᠭᠴᠢᠳ᠎ᠢ ᠭᠥᠯᠢᠶᠡᠨ ᠠᠪᠴᠤ᠂ ᠠᠳᠠᠯᠢ ᠬᠤᠭᠤᠴᠠᠭ᠋ᠠᠨ᠎ᠤ᠎ᠬᠢ᠎ᠠᠴᠠ 17%᠎ᠪᠠᠷ ᠨᠡᠮᠡᠭᠳᠡᠨ᠂ ᠵᠢᠭᠤᠯᠴᠢᠯᠠᠯ᠎ᠤᠨ ᠶᠡᠷᠦᠩᠬᠡᠢ ᠣᠷᠣᠯᠭ᠎ᠠ ᠵᠢ 10.8 ᠳ᠋ᠦᠩᠰᠢᠭᠤᠷ ᠲᠥᠭᠥᠷᠢᠭ ᠳᠠᠶ᠋ᠢᠴᠢᠯᠠᠵᠤ᠂ ᠨᠠᠭ᠋ᠠᠳᠤᠮ᠎ᠤᠨ ᠬᠤᠷᠠᠯ ᠪᠥᠬᠥ ᠤᠯᠤᠰ᠎ᠲᠤ ᠬᠠᠯᠠᠮᠰᠢᠨ᠂ ᠣᠯᠠᠨ ᠲᠦᠮᠡᠨ᠎ᠤ ᠣᠷᠣᠯᠭ᠎ᠠ ᠵᠢᠨ ᠨᠡᠮᠡᠭᠳᠡᠯ᠎ᠢ ᠶᠡᠬᠡᠳᠡ ᠳᠠᠶ᠋ᠢᠴᠢᠯᠠᠪᠠ᠃

ᠢᠷᠡᠯᠲᠡ᠄ ᠦᠪᠦᠷ ᠮᠤᠩᠭᠤᠯ᠎ᠤᠨ ᠦᠪᠡᠷᠳᠡᠬᠡᠨ ᠵᠠᠰᠠᠬᠤ ᠤᠷᠤᠨ᠎ᠤ ᠰᠤᠶᠤᠯ ᠪᠠ ᠵᠢᠭᠤᠯᠴᠢᠯᠠᠯ᠎ᠤᠨ ᠲᠢᠩᠬᠢᠮ
          
ᠬᠠᠮᠢᠶ᠎ᠡ ᠪᠦᠬᠦᠢ ᠰᠣᠨᠢᠨ
 
            