ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠰᠤᠷᠠᠭ ᠵᠠᠩᠬᠢ
ᠬᠡᠷᠡᠭᠯᠡᠭᠡ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠤᠷᠠᠭ ᠵᠠᠩᠬᠢ   -   ᠰᠣᠶᠣᠯ ᠵᠢᠭᠤᠯᠴᠢᠯᠠᠯ᠎ᠤᠨ ᠰᠤᠷᠠᠭ ᠵᠠᠩᠬᠢ
ᠤᠯᠠᠭ᠋ᠠᠨᠬᠠᠳᠠ ᠬᠤᠲᠠ᠎ᠳᠤ ᠥᠪᠡᠷᠲᠡᠭᠡᠨ ᠵᠠᠰᠠᠬᠤ ᠣᠷᠣᠨ᠎ᠤ ᠴᠢᠬᠤᠯᠠ ᠨᠤᠭᠤ ᠭᠠᠵᠠᠷ ᠨᠢᠭᠡ ᠨᠡᠮᠡᠭᠳᠡᠪᠡ
ᠨᠡᠶᠢᠲᠡᠯᠡᠭᠰᠡᠨ ᠴᠠᠭ᠄ 2024-01-18


 

      ᠣᠶ᠋ᠢᠷ᠎ᠠ᠎ᠳᠤ᠂ ᠥᠪᠡᠷᠲᠡᠭᠡᠨ ᠵᠠᠰᠠᠬᠤ ᠣᠷᠣᠨ᠎ᠤ ᠵᠠᠰᠠᠭ᠎ᠤᠨ ᠣᠷᠳᠣᠨ᠎ᠤ ᠵᠥᠪᠰᠢᠶᠡᠷᠡᠯ ᠵᠶ᠋ᠠᠷ᠂ ᠥᠪᠡᠷᠲᠡᠭᠡᠨ ᠵᠠᠰᠠᠬᠤ ᠣᠷᠣᠨ᠎ᠤ ᠣᠶ ᠰᠢᠭᠤᠢ ᠪᠠ ᠨᠤᠲᠤᠭ ᠪᠡᠯᠴᠢᠭᠡᠷ᠎ᠤᠨ ᠲᠣᠪᠴᠢᠶ᠎ᠠ ᠥᠪᠥᠷ ᠮᠣᠩᠭᠤᠯ᠎ᠤᠨ ᠥᠯᠵᠡᠶ᠋ᠢᠮᠥ᠋ᠷᠡᠨ ᠨᠤᠭᠤ ᠭᠠᠵᠠᠷ᠎ᠢ 《ᠥᠪᠥᠷ ᠮᠣᠩᠭᠤᠯ᠎ᠤᠨ ᠥᠪᠡᠷᠲᠡᠭᠡᠨ ᠵᠠᠰᠠᠬᠤ ᠣᠷᠣᠨ᠎ᠤ ᠴᠢᠬᠤᠯᠠ ᠨᠤᠭᠤ ᠭᠠᠵᠠᠷ᠎ᠤᠨ ᠨᠡᠷᠡᠰ᠎ᠤᠨ ᠵᠢᠭᠰᠠᠭ᠋ᠠᠯᠲᠠ》᠎ᠳᠤ ᠣᠷᠣᠭᠤᠯᠬᠤ᠎ᠪᠠᠷ ᠲᠣᠭᠲᠠᠪᠠ᠃

      ᠥᠯᠵᠡᠶ᠋ᠢᠮᠥ᠋ᠷᠡᠨ ᠨᠤᠭᠤ ᠭᠠᠵᠠᠷ ᠪᠣᠯ ᠤᠯᠠᠭ᠋ᠠᠨᠬᠠᠳᠠ ᠬᠤᠲᠠ ᠵᠢᠨ ᠪᠠᠭ᠋ᠠᠷᠢᠨ ᠵᠡᠭᠦᠨ ᠬᠤᠰᠢᠭᠤᠨ᠎ᠳᠤ ᠪᠠᠶ᠋ᠢᠷᠢᠯᠠᠵᠤ᠂ ᠨᠡᠭᠦᠳᠡᠯ᠎ᠤᠨ ᠰᠢᠪᠠᠭᠤᠳ᠎ᠤᠨ 《ᠵᠡᠭᠦᠨ ᠠᠽᠢᠶ᠎ᠠ – ᠠᠦ᠋ᠰᠳ᠋ᠷᠠᠯᠢᠰᠢᠶ᠎ᠠ》 ᠨᠡᠭᠦᠳᠡᠯᠯᠡᠬᠦ ᠵᠠᠮ᠎ᠤᠨ ᠴᠢᠬᠤᠯᠠ ᠥᠷᠲᠡᠭᠡ ᠪᠠᠶ᠋ᠢᠵᠤ᠂ ᠭᠤᠣᠯᠳᠠᠭᠤ ᠬᠤᠪᠣᠷ ᠴᠤᠬᠠᠭ ᠬᠡᠭᠡᠷ᠎ᠡ ᠵᠢᠨ ᠨᠡᠭᠦᠳᠡᠯ᠎ᠤᠨ ᠰᠢᠪᠠᠭᠤᠳ ᠵᠢᠴᠢ ᠲᠡᠳᠡᠭᠡᠷ᠎ᠤᠨ ᠣᠷᠣᠩᠨᠠᠬᠤ ᠭᠠᠵᠠᠷ ᠪᠠ ᠠᠮᠢᠳᠤ ᠪᠣᠳᠠᠰ᠎ᠤᠨ ᠣᠯᠠᠨ ᠶᠠᠩᠵᠤᠲᠤ ᠴᠢᠨᠠᠷ᠎ᠢ ᠬᠠᠮᠠᠭ᠋ᠠᠯᠠᠨ᠎ᠠ᠃ ᠪᠦᠷᠢᠳᠬᠡᠯ᠎ᠢ ᠦᠨᠳᠦᠰᠦᠯᠡᠪᠡᠯ᠂ ᠣᠳᠣᠬᠠᠨ᠎ᠳᠤ ᠨᠤᠭᠤ ᠭᠠᠵᠠᠷ᠎ᠲᠤ ᠤᠯᠤᠰ᠎ᠤᠨ ᠭᠤᠣᠯᠳᠠᠯᠭ᠎ᠠ᠎ᠲᠠᠢ ᠬᠠᠮᠠᠭ᠋ᠠᠯᠠᠬᠤ 24 ᠵᠦᠢ᠍ᠯ᠎ᠤᠨ ᠬᠡᠭᠡᠷ᠎ᠡ ᠵᠢᠨ ᠠᠮᠢᠲᠠᠨ᠎ᠢ ᠣᠷᠣᠭᠤᠯᠵᠤ᠂ ᠤᠯᠤᠰ᠎ᠤᠨ ᠬᠤᠶᠠᠳᠤᠭ᠋ᠠᠷ ᠳᠡᠰ᠎ᠤᠨ ᠭᠤᠣᠯᠳᠠᠯᠭ᠎ᠠ᠎ᠲᠠᠢ ᠬᠠᠮᠠᠭ᠋ᠠᠯᠠᠬᠤ 3 ᠵᠦᠢ᠍ᠯ᠎ᠤᠨ ᠤᠷᠭᠤᠮᠠᠯ ᠲᠠᠷᠬᠠᠵᠤ ᠪᠠᠶ᠋ᠢᠨ᠎ᠠ᠃ ᠨᠤᠭᠤ ᠭᠠᠵᠠᠷ᠎ᠲᠤ ᠠᠮᠢᠳᠤ ᠪᠣᠳᠠᠰ᠎ᠤᠨ ᠪᠦᠯᠦᠭᠯᠡᠯ᠎ᠨᠢ ᠤᠤᠭ᠋ᠠᠯ ᠴᠢᠨᠠᠷ ᠵᠶ᠋ᠠᠨ ᠬᠠᠳᠠᠭ᠋ᠠᠯᠠᠵᠤ᠂ ᠨᠤᠭᠤ ᠭᠠᠵᠠᠷ᠎ᠤᠨ ᠠᠮᠢ ᠠᠬᠤᠢ ᠵᠢᠨ ᠰᠢᠰᠲ᠋ᠧᠮ᠎ᠨᠢ ᠬᠠᠷᠢᠴᠠᠩᠭᠤᠢ ᠲᠣᠭᠲᠠᠭᠤᠨ᠂ ᠠᠮᠢᠳᠤ ᠪᠣᠳᠠᠰ᠎ᠤᠨ ᠭᠢᠨᠵᠢ᠎ᠨᠢ ᠦᠨᠳᠦᠰᠦᠨ᠎ᠳᠤ᠎ᠪᠠᠨ ᠪᠦᠷᠢᠨ ᠪᠦᠲᠦᠨ᠂ ᠠᠮᠢ ᠠᠬᠤᠢ ᠵᠢᠨ ᠰᠢᠰᠲ᠋ᠧᠮ᠎ᠨᠢ ᠨᠡᠯᠢᠶᠡᠳ ᠡᠷᠡᠭᠦᠯ ᠪᠠᠶ᠋ᠢᠵᠤ᠂ ᠨᠡᠯᠢᠶᠡᠳ ᠴᠢᠩᠭ᠎ᠠ ᠪᠠᠶ᠋ᠢᠭ᠋ᠠᠵᠢ ᠴᠢᠨᠠᠷ᠎ᠲᠠᠢ ᠪᠠᠶ᠋ᠢᠳᠠᠭ᠃

      ᠥᠪᠡᠷᠲᠡᠭᠡᠨ ᠵᠠᠰᠠᠬᠤ ᠣᠷᠣᠨ᠎ᠤ ᠴᠢᠬᠤᠯᠠ ᠨᠤᠭᠤ ᠭᠠᠵᠠᠷ᠎ᠤᠨ ᠨᠡᠷᠡᠰ᠎ᠲᠤ ᠵᠢᠭᠰᠠᠭ᠋ᠠᠭᠳᠠᠭᠰᠠᠨ᠎ᠨᠢ ᠨᠤᠭᠤ ᠭᠠᠵᠠᠷ᠎ᠤᠨ ᠬᠠᠮᠠᠭ᠋ᠠᠯᠠᠯᠲᠠ ᠬᠠᠮᠢᠶᠠᠷᠤᠯᠲᠠ ᠵᠢᠨ ᠲᠣᠭᠲᠠᠯᠴᠠᠭ᠎ᠠ ᠵᠢ ᠴᠢᠨᠠᠭᠰᠢᠳᠠ ᠤᠯᠠᠮ ᠲᠡᠭᠦᠯᠳᠡᠷᠵᠢᠭᠦᠯᠬᠦ ᠪᠠ ᠨᠤᠭᠤ ᠭᠠᠵᠠᠷ᠎ᠤᠨ ᠬᠠᠮᠠᠭ᠋ᠠᠯᠠᠯᠲᠠ ᠵᠢ ᠠᠬᠢᠭᠤᠯᠬᠤ᠎ᠳᠤ ᠴᠢᠬᠤᠯᠠ ᠠᠴᠢ ᠬᠤᠯᠪᠣᠭᠳᠠᠯ᠎ᠲᠠᠢ ᠶᠤᠮ᠃



ᠢᠷᠡᠯᠲᠡ᠄ ᠥᠪᠥᠷ ᠮᠣᠩᠭᠤᠯ᠎ᠤᠨ ᠵᠠᠰᠠᠭ᠎ᠤᠨ ᠣᠷᠳᠣᠨ
          
ᠬᠠᠮᠢᠶ᠎ᠡ ᠪᠦᠬᠦᠢ ᠰᠣᠨᠢᠨ
ᠬᠥᠬᠡᠬᠤᠲᠠ ᠪᠤᠭᠤᠲᠤ ᠵᠢᠨ ᠬᠤᠭᠤᠷᠣᠨᠳᠣᠬᠢ ᠲᠦᠷᠭᠡᠨ ᠱᠤᠭᠤᠮ᠎ᠢ ᠲᠤᠷᠰᠢᠨ ᠠᠵᠢᠯᠯᠠᠭᠤᠯᠵᠤ ᠡᠬᠢᠯᠡᠪᠡ
ᠲᠢᠶᠠᠨ ᠵᠢᠶᠣᠣ ᠠᠭ᠋ᠠᠷ ᠠᠶᠠᠯᠠᠯ᠎ᠤᠨ ᠺᠣᠮᠫᠠᠨᠢ 2 ᠳ᠋ᠤᠭ᠋ᠠᠷ ᠰᠠᠷ᠎ᠠ ᠵᠢᠨ 16᠎ᠤ ᠡᠳᠦᠷ 《ᠠᠷᠪᠠᠨ ᠳᠥᠷᠪᠡᠳᠦᠭᠡᠷ ᠡᠪᠦᠯ》᠎ᠤᠨ ᠪᠠᠲᠤᠯᠠᠭ᠎ᠠ ᠵᠢᠨ ᠠᠶᠠᠯᠠᠯ᠎ᠤᠨ ᠱᠤᠭᠤᠮ ᠨᠡᠪᠲᠡᠷᠡᠭᠦᠯᠪᠡ
ᠤᠯᠠᠭ᠋ᠠᠨᠬᠠᠳᠠ ᠬᠤᠲᠠ ᠠᠩᠬ᠎ᠠ ᠤᠳᠠᠭ᠎ᠠ ᠮᠠᠯᠴᠢᠳ ᠲᠠᠷᠢᠶᠠᠴᠢᠳ᠎ᠲᠤ ᠮᠡᠷᠭᠡᠵᠢᠯ᠎ᠤᠨ ᠴᠣᠯᠠ ᠰᠢᠯᠭ᠋ᠠᠷᠠᠭᠤᠯᠤᠨ ᠥᠭᠪᠡ
ᠪᠤᠭᠤᠲᠤ ᠬᠤᠲᠠ ᠣᠯᠠᠨ ᠵᠦᠢ᠍ᠯ᠎ᠤᠨ ᠠᠷᠭ᠎ᠠ ᠬᠡᠮᠵᠢᠶ᠎ᠡ ᠵᠢ ᠵᠡᠷᠭᠡ᠎ᠪᠠᠷ ᠬᠡᠷᠡᠭᠯᠡᠨ ᠴᠢᠳᠠᠪᠤᠷᠢᠲᠠᠳ᠎ᠤᠨ ᠬᠥᠳᠡᠭᠡ ᠲᠣᠰᠬᠤᠨ᠎ᠳᠤ ᠦᠢ᠍ᠯᠡᠴᠢᠯᠡᠬᠦ ᠲᠣᠭᠲᠠᠴᠠ ᠵᠢ ᠰᠢᠯᠢᠳᠡᠭᠵᠢᠭᠦᠯᠵᠦ ᠪᠠᠶ᠋ᠢᠨ᠎ᠠ
ᠲᠦᠷᠦᠭᠦᠤ ᠬᠤᠶᠠᠷ ᠰᠠᠷ᠎ᠠ᠎ᠳᠤ ᠮᠠᠨᠵᠤᠤᠷ᠎ᠤᠨ ᠵᠠᠰᠠᠮᠠᠯ ᠵᠠᠮ᠎ᠤᠨ ᠪᠣᠭᠤᠮᠲᠠ᠎ᠪᠠᠷ ᠭᠠᠷᠭ᠋ᠠᠭᠰᠠᠨ ᠠᠶᠠᠨᠴᠢᠳ᠎ᠤᠨ ᠲᠡᠷᠭᠡ ᠳᠠᠬᠢᠨ ᠵᠶ᠋ᠠᠷ ᠨᠡᠮᠡᠭᠳᠡᠪᠡ
 
            