ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠰᠤᠷᠠᠭ ᠵᠠᠩᠬᠢ
ᠬᠡᠷᠡᠭᠯᠡᠭᠡ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠬᠡᠷᠡᠭᠯᠡᠭᠡ   -   ᠰᠤᠷᠪᠤᠯᠵᠢᠯᠠᠭ᠎ᠠ
ᠰᠦᠢ ᠸᠧᠢ ᠵᠢᠶᠦ᠋ᠨ ᠵᠦᠸᠧᠽᠢ ᠰᠢᠶᠠᠨ᠎ᠳᠤ ᠡᠪᠦᠯ᠎ᠤᠨ ᠤᠯᠠᠷᠢᠯ᠎ᠤᠨ ᠵᠤᠭ᠋ᠠᠴᠠᠯ᠎ᠤᠨ ᠪᠠᠶ᠋ᠢᠳᠠᠯ᠎ᠢ ᠪᠠᠶ᠋ᠢᠴᠠᠭ᠋ᠠᠨ ᠰᠤᠳᠤᠯᠪᠠ
ᠨᠡᠶᠢᠲᠡᠯᠡᠭᠰᠡᠨ ᠴᠠᠭ᠄ 2024-01-04

     1 ᠰᠠᠷ᠎ᠠ ᠵᠢᠨ 1᠎ᠤ ᠡᠳᠦᠷ᠂ ᠬᠤᠲᠠ ᠵᠢᠨ ᠨᠠᠮ᠎ᠤᠨ ᠬᠤᠷᠢᠶᠠᠨ᠎ᠤ ᠱᠦᠵᠢ ᠰᠦᠢ ᠸᠧᠢ ᠵᠢᠶᠦ᠋ᠨ ᠵᠦᠸᠧᠽᠢ ᠰᠢᠶᠠᠨ᠎ᠳᠤ ᠡᠪᠦᠯ᠎ᠤᠨ ᠤᠯᠠᠷᠢᠯ᠎ᠤᠨ ᠵᠤᠭ᠋ᠠᠴᠠᠯ᠎ᠤᠨ ᠪᠠᠶ᠋ᠢᠳᠠᠯ᠎ᠢ ᠪᠠᠶ᠋ᠢᠴᠠᠭ᠋ᠠᠨ ᠰᠤᠳᠤᠯᠪᠠ᠃
      ᠯᠢᠨ ᠬᠤ᠌ ᠵᠢᠨ ᠡᠷᠳᠡᠨ᠎ᠤ ᠴᠠᠶ᠋ᠢᠵᠠ᠎ᠳᠤ᠂ ᠰᠦᠢ ᠸᠧᠢ ᠵᠢᠶᠦ᠋ᠨ ᠤᠯᠠᠭ᠋ᠠᠨᠴᠠᠪ᠎ᠤᠨ 《ᠮᠥᠰᠥ ᠴᠠᠰᠤᠨ᠎ᠤ ᠬᠠᠶ᠋ᠢᠷ᠎ᠠ》 ᠲᠠᠮᠢᠷ᠎ᠤᠨ ᠬᠥᠳᠡᠯᠭᠡᠭᠡᠨ᠎ᠤ ᠤᠯᠠᠷᠢᠯ — ᠯᠢᠨ ᠬᠤ᠌ ᠵᠢᠨ ᠡᠷᠳᠡᠨ᠎ᠤ ᠴᠠᠶ᠋ᠢᠵᠠ ᠵᠢᠨ ᠮᠥᠰᠥ ᠴᠠᠰᠤᠨ᠎ᠤ ᠵᠠᠩ ᠦᠢ᠍ᠯᠡ ᠵᠢᠨ ᠪᠠᠶᠠᠷ᠎ᠤᠨ ᠠᠵᠢᠯᠯᠠᠭ᠎ᠠ ᠵᠢ ᠥᠷᠨᠢᠭᠦᠯᠵᠦ ᠪᠠᠶ᠋ᠢᠭ᠎ᠠ ᠪᠠᠶ᠋ᠢᠳᠠᠯ᠎ᠢ ᠲᠤᠬᠠᠢ ᠵᠢᠨ ᠭᠠᠵᠠᠷ᠎ᠲᠤᠨᠢ ᠪᠠᠶ᠋ᠢᠴᠠᠭ᠋ᠠᠨ ᠦᠵᠡᠭᠰᠡᠨ ᠪᠥᠭᠡᠳ ᠵᠤᠭ᠋ᠠᠴᠠᠭᠰᠠᠳ᠎ᠲᠠᠢ ᠳᠣᠲᠣᠨᠣᠰᠤᠭ ᠵᠶ᠋ᠠᠷ ᠶᠠᠷᠢᠯᠴᠠᠵᠤ᠂ ᠵᠤᠭ᠋ᠠᠴᠠᠯ᠎ᠤᠨ ᠥᠩᠭᠡᠷᠡᠯᠲᠡ ᠵᠢᠨ ᠲᠥᠷᠥᠭᠳᠡᠯ᠎ᠢ ᠨᠠᠷᠢᠨ ᠨᠢᠭᠲᠠ ᠯᠠᠪᠯᠠᠨ ᠠᠰᠠᠭᠤᠪᠠ᠃ ᠲᠡᠷᠡ ᠬᠡᠯᠡᠬᠦ᠎ᠳᠡᠭᠡᠨ᠂ ᠡᠭᠦᠳᠡᠨ ᠪᠢᠯᠧᠲ᠎ᠢ ᠵᠢᠷᠤᠵᠤ ᠲᠥᠯᠥᠪᠯᠡᠬᠦ ᠲᠠᠯ᠎ᠠ᠎ᠪᠠᠷ ᠬᠦᠴᠦ ᠲᠠᠯᠪᠢᠵᠤ᠂ ᠵᠤᠭ᠋ᠠᠴᠠᠯ᠎ᠤᠨ ᠲᠥᠷᠥᠯ ᠵᠦᠢ᠍ᠯ᠎ᠢ ᠪᠠᠭᠲᠠᠭ᠋ᠠᠬᠤ᠎ᠪᠠᠷ ᠪᠠᠷᠠᠬᠤ ᠦᠭᠡᠢ ᠪᠠᠰᠠ ᠠᠮᠤᠷ ᠲᠦᠪᠰᠢᠨ᠎ᠤ ᠰᠠᠨᠠᠭᠤᠯᠤᠮᠵᠢ᠎ᠲᠠᠢ ᠪᠠᠶ᠋ᠢᠵᠤ᠂ ᠡᠭᠦᠳᠡᠨ ᠪᠢᠯᠧᠲ᠎ᠢ ᠬᠥᠲᠥᠯᠥᠨ ᠵᠢᠯᠤᠭᠤᠳᠬᠤ ᠦᠢ᠍ᠯᠡᠳᠦᠯ ᠭᠠᠷᠭ᠋ᠠᠬᠤ ᠵᠢᠨ ᠵᠡᠷᠭᠡ᠎ᠳᠤ ᠪᠠᠰᠠ ᠳᠤᠷᠠᠰᠬᠠᠬᠤ ᠦᠨ᠎ᠡ ᠥᠷᠲᠡᠭ᠎ᠲᠠᠢ ᠪᠣᠯᠭ᠋ᠠᠬᠤ ᠬᠡᠷᠡᠭᠲᠡᠢ ᠭᠡᠵᠡᠢ᠃ ᠤᠬᠠᠭᠤᠯᠭ᠎ᠠ ᠵᠢᠨ ᠪᠣᠷᠤᠯᠠᠭᠤᠯᠭ᠎ᠠ ᠵᠢ ᠴᠢᠩᠭ᠋ᠠᠳᠬᠠᠵᠤ᠂ ᠴᠠᠰᠤ᠎ᠪᠠᠷ ᠲᠣᠭᠯᠠᠬᠤ᠂ ᠴᠠᠰᠤᠨ᠎ᠳᠤ ᠭᠤᠯᠭᠤᠬᠤ ᠤᠬᠠᠭᠤᠯᠭ᠎ᠠ ᠵᠢᠨ ᠵᠢᠷᠤᠭ ᠳᠦᠷᠰᠦ ᠵᠢ ᠨᠠᠷᠢᠨ ᠨᠢᠮᠪᠠᠢ ᠲᠥᠯᠥᠪᠯᠡᠵᠦ᠂ ᠡᠯ᠎ᠡ ᠲᠦᠷᠦᠯ᠎ᠤᠨ ᠵᠠᠭᠤᠴᠢᠯᠠᠭᠤᠷ᠎ᠤᠨ ᠲᠠᠪᠴᠠᠩ᠎ᠢ ᠭᠦᠢ᠍ᠴᠡᠳ ᠠᠰᠢᠭᠯᠠᠵᠤ᠂ ᠰᠣᠶᠣᠯ ᠵᠤᠭ᠋ᠠᠴᠠᠯ᠎ᠤᠨ ᠮᠡᠳᠡᠭᠡ ᠵᠠᠩᠭᠢ ᠵᠢ ᠦᠷᠭᠦᠯᠵᠢᠯᠡᠨ ᠨᠡᠶ᠋ᠢᠲᠡᠯᠡᠵᠦ᠂ ᠤᠬᠠᠭᠤᠯᠭ᠎ᠠ ᠵᠢᠨ ᠪᠣᠷᠤᠯᠠᠭᠤᠯᠭ᠎ᠠ ᠵᠢᠨ ᠪᠦᠷᠬᠦᠴᠡ ᠵᠢ ᠲᠠᠰᠤᠷᠠᠯᠲᠠ ᠦᠭᠡᠢ ᠥᠷᠭᠡᠳᠬᠡᠵᠦ᠂ ᠨᠡᠩ ᠤᠯᠠᠨ ᠵᠤᠭ᠋ᠠᠴᠠᠭᠰᠠᠳ᠎ᠤᠨ ᠵᠤᠭ᠋ᠠᠴᠠᠨ ᠲᠣᠭᠤᠷᠢᠬᠤ ᠵᠢ ᠲᠠᠲᠠᠬᠤ ᠬᠡᠷᠡᠭᠲᠡᠢ᠃ ᠡᠵᠡᠩᠨᠡᠯᠲᠡ ᠵᠢᠨ ᠣᠶ᠋ᠢᠯᠠᠭ᠋ᠠᠭᠳᠠᠬᠤᠨ ᠵᠶ᠋ᠠᠨ ᠴᠢᠩᠭ᠋ᠠᠳᠬᠠᠵᠤ᠂ ᠦᠵᠡᠮᠵᠢ ᠵᠢᠨ ᠣᠷᠣᠨ᠎ᠤ ᠬᠥᠭᠵᠢᠯᠲᠡ ᠵᠢᠨ ᠬᠤᠳᠠᠯᠳᠤᠭ᠋ᠠᠨ᠎ᠤ ᠴᠡᠭ᠎ᠢ ᠣᠨᠣᠪᠴᠢᠲᠠᠶ ᠡᠷᠢᠨ ᠣᠯᠵᠤ᠂ ᠡᠯ᠎ᠡ ᠲᠥᠷᠥᠯ᠎ᠤᠨ ᠬᠤᠳᠠᠯᠳᠤᠭ᠋ᠠᠨ᠎ᠤ ᠡᠷᠦᠬᠡ᠎ᠯᠦᠭᠡ ᠵᠢᠨ ᠬᠠᠮᠲᠤᠷᠠᠯᠴᠠᠭ᠎ᠠ᠎ᠪᠠᠨ ᠴᠢᠩᠭ᠋ᠠᠳᠬᠠᠨ᠂ ᠦᠵᠡᠮᠵᠢ ᠵᠢᠨ ᠣᠷᠣᠨ᠎ᠤ ᠬᠥᠭᠵᠢᠯᠲᠡ᠎ᠳᠤ ᠬᠥᠮᠥᠰ᠎ᠤᠨ ᠠᠩᠬᠠᠷᠤᠯ᠎ᠢ ᠲᠥᠪᠯᠡᠷᠡᠭᠦᠯᠵᠦ᠂ ᠬᠤᠳᠠᠯᠳᠤᠭ᠋ᠠᠨ᠎ᠤ ᠬᠦᠴᠦᠨ᠎ᠢ ᠬᠤᠷᠠᠮᠳᠤᠭᠤᠯᠬᠤ ᠬᠡᠷᠡᠭᠲᠡᠢ᠃ ᠤᠯᠠᠨ ᠲᠦᠮᠡᠨ᠎ᠤ ᠵᠤᠭ᠎ᠠ ᠴᠡᠩᠭᠡᠯ᠎ᠤᠨ ᠲᠦᠷᠦᠯ ᠵᠦᠢ᠍ᠯ᠎ᠢ ᠨᠡᠮᠡᠭᠳᠡᠭᠦᠯᠵᠦ᠂ ᠵᠤᠭ᠋ᠠᠴᠠᠭᠰᠠᠳ᠎ᠤᠨ ᠪᠡᠶᠡᠴᠢᠯᠡᠨ ᠣᠶ᠋ᠢᠯᠠᠭ᠋ᠠᠬᠤ ᠲᠥᠷᠥᠭᠳᠡᠯ ᠪᠣᠯᠣᠨ ᠣᠷᠣᠯᠴᠠᠬᠤ ᠬᠡᠮᠵᠢᠶ᠎ᠡ ᠵᠢ ᠦᠨᠡᠨᠬᠦ ᠳᠡᠭᠡᠭᠰᠢᠯᠡᠭᠦᠯᠵᠦ᠂ ᠵᠤᠭ᠋ᠠᠴᠠᠭᠰᠠᠳ᠎ᠢ ᠢᠷᠡᠪᠡᠯ ᠶᠠᠪᠤᠬᠤ ᠳᠤᠷ᠎ᠠ ᠦᠭᠡᠢ᠂ ᠶᠠᠪᠤᠴᠢᠬᠠᠭ᠋ᠠᠳ ᠳᠠᠬᠢᠨ ᠢᠷᠡᠶ᠎ᠡ ᠭᠡᠵᠦ ᠪᠤᠳᠤᠭᠳᠠᠭᠤᠯᠬᠤ ᠬᠡᠷᠡᠭᠲᠡᠢ᠃ ᠶᠡᠷᠦᠩᠬᠡᠢ ᠱᠦᠵᠢ ᠰᠢ ᠵᠢᠨ ᠫᠢᠩ᠎ᠤᠨ 《ᠭᠤᠷᠪᠠᠨ ᠳ᠋ᠦᠩᠰᠢᠭᠤᠷ ᠬᠥᠮᠥᠨ᠎ᠢ ᠲᠠᠶ᠋ᠢᠴᠢᠯᠠᠨ ᠮᠥᠰᠥ ᠴᠠᠰᠤᠨ᠎ᠤ ᠲᠠᠮᠢᠷ᠎ᠤᠨ ᠬᠥᠳᠡᠯᠭᠡᠭᠡᠨ᠎ᠳᠤ ᠣᠷᠣᠯᠴᠠᠭᠤᠯᠬᠤ》 ᠲᠤᠬᠠᠢ ᠵᠢᠭ᠋ᠠᠪᠤᠷᠢ ᠵᠢᠨ ᠱᠠᠭ᠋ᠠᠷᠳᠠᠯᠭ᠎ᠠ ᠵᠢ ᠦᠷᠭᠦᠯᠵᠢᠯᠡᠨ ᠨᠠᠶ᠋ᠢᠳᠠᠪᠤᠷᠢᠵᠢᠭᠤᠯᠵᠤ᠂ ᠦᠵᠡᠮᠵᠢᠲᠦ ᠣᠷᠣᠨ ᠪᠣᠯᠣᠨ ᠰᠤᠷᠭ᠋ᠠᠭᠤᠯᠢ ᠵᠢᠨ ᠬᠠᠮᠵᠢᠯᠴᠠᠭ᠎ᠠ ᠵᠢ ᠠᠬᠢᠭᠤᠯᠵᠤ᠂ ᠨᠡᠩ ᠤᠯᠠᠨ ᠬᠡᠦᠬᠡᠳ᠎ᠤᠨ ᠮᠥᠰᠥ ᠴᠠᠰᠤᠨ᠎ᠤ ᠲᠠᠮᠢᠷ᠎ᠤᠨ ᠬᠥᠳᠡᠯᠭᠡᠭᠡᠨ᠎ᠳᠤ ᠣᠷᠣᠯᠴᠠᠬᠤ ᠤᠷᠮ᠎ᠠ ᠵᠢ᠎ᠨᠢ ᠬᠦᠭᠵᠢᠭᠡᠬᠦ ᠬᠡᠷᠡᠭᠲᠡᠢ ᠭᠡᠵᠦ ᠵᠢᠭ᠋ᠠᠵᠤ ᠭᠠᠷᠭ᠋ᠠᠪᠠ᠃
      ᠹᠠᠩ ᠽᠧ ᠣᠷᠣᠯᠴᠠᠪᠠ᠃
 

ᠢᠷᠡᠯᠲᠡ᠄ ᠣᠯᠠᠭ᠋ᠠᠨᠴᠠᠪ ᠬᠤᠲᠠ ᠵᠢᠨ ᠠᠷᠠᠳ᠎ᠤᠨ ᠵᠠᠰᠠᠭ᠎ᠤᠨ ᠤᠷᠳᠤᠨ᠎ᠤ ᠬᠢᠳᠠᠳ ᠰᠦᠯᠵᠢᠶ᠎ᠡ
          
ᠬᠠᠮᠢᠶ᠎ᠡ ᠪᠦᠬᠦᠢ ᠰᠣᠨᠢᠨ
 
            