ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠰᠤᠷᠠᠭ ᠵᠠᠩᠬᠢ
ᠬᠡᠷᠡᠭᠯᠡᠭᠡ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠬᠡᠷᠡᠭᠯᠡᠭᠡ   -   ᠰᠤᠷᠪᠤᠯᠵᠢᠯᠠᠭ᠎ᠠ
ᠮᠠᠨ᠎ᠤ ᠣᠷᠣᠨ ᠡᠪᠦᠯ᠎ᠤᠨ ᠤᠯᠠᠷᠢᠯ᠎ᠤᠨ ᠵᠢᠭᠤᠯᠴᠢᠯᠠᠯ᠎ᠤᠨ ᠬᠤᠯᠪᠣᠭᠳᠠᠯ ᠪᠦᠬᠦᠢ ᠬᠠᠷᠠᠭ᠋ᠠᠯᠵᠠᠯ᠎ᠤᠨ ᠲᠦᠷᠦ ᠵᠢᠨ ᠪᠣᠳᠣᠯᠭ᠎ᠠ ᠵᠢ ᠨᠡᠶ᠋ᠢᠲᠡᠯᠡᠪᠡ
ᠨᠡᠶᠢᠲᠡᠯᠡᠭᠰᠡᠨ ᠴᠠᠭ᠄ 2024-01-11

          ᠥᠪᠡᠷᠲᠡᠭᠡᠨ ᠵᠠᠰᠠᠬᠤ ᠣᠷᠣᠨ᠎ᠤ ᠰᠣᠶᠣᠯ ᠪᠠ ᠵᠢᠭᠤᠯᠴᠢᠯᠠᠯ᠎ᠤᠨ ᠲᠢᠩᠬᠢᠮ᠎ᠠᠴᠠ ᠣᠶ᠋ᠢᠯᠠᠭ᠋ᠠᠭᠰᠠᠨ ᠵᠶ᠋ᠠᠷ᠂ ᠮᠠᠨ ᠎ᠤ ᠣᠷᠣᠨ ᠡᠪᠦᠯ᠎ᠤᠨ ᠤᠯᠠᠷᠢᠯ᠎ᠤᠨ ᠵᠢᠭᠤᠯᠴᠢᠯᠠᠯ᠎ᠢ ᠬᠥᠭᠵᠢᠭᠡᠵᠦ᠂ ᠣᠷᠣᠨ᠎ᠤ ᠳᠣᠲᠣᠭ᠋ᠠᠳᠤ ᠭᠠᠳᠠᠭ᠋ᠠᠳᠤ ᠵᠢᠨ ᠨᠡᠩ ᠤᠯᠠᠨ ᠵᠢᠭᠤᠯᠴᠢᠯᠠᠬᠰᠠᠳ᠎ᠢ ᠲᠠᠲᠠᠬᠤ ᠵᠢᠨ ᠲᠥᠯᠥᠭᠡ ᠬᠤᠯᠪᠣᠭᠳᠠᠯ ᠪᠦᠬᠦᠢ ᠬᠠᠷᠠᠭ᠋ᠠᠯᠵᠠᠯ᠎ᠤᠨ ᠲᠦᠷᠦ ᠵᠢᠨ ᠪᠣᠳᠣᠯᠭ᠎ᠠ ᠵᠢ ᠨᠡᠶ᠋ᠢᠲᠡᠯᠡᠪᠡ᠃ ᠲᠤᠰ ᠲᠦᠷᠦ ᠵᠢᠨ ᠪᠣᠳᠣᠯᠭ᠎ᠠ ᠵᠢ 2023 ᠣᠨ᠎ᠤ 11 ᠰᠠᠷ᠎ᠠ ᠵᠢᠨ 15᠎ᠤ ᠡᠳᠦᠷ ᠎ᠠᠴᠠ 2024 ᠣᠨ᠎ᠤ 4 ᠰᠠᠷ᠎ᠠ ᠵᠢᠨ 30᠎ᠤ ᠡᠳᠦᠷ ᠪᠤᠯᠲᠠᠯ᠎ᠠ ᠬᠡᠷᠡᠭᠵᠢᠭᠦᠯᠬᠦ ᠪᠣᠯᠣᠨ᠎ᠠ᠃ ᠮᠠᠨ᠎ᠤ ᠣᠷᠣᠨ᠎ᠤ ᠨᠡᠶ᠋ᠢᠲᠡᠯᠡᠭᠰᠡᠨ ᠬᠤᠯᠪᠣᠭᠳᠠᠯ ᠪᠦᠬᠦᠢ ᠬᠠᠷᠠᠭ᠋ᠠᠯᠵᠠᠯ᠎ᠤᠨ ᠲᠦᠷᠦ ᠵᠢᠨ ᠪᠣᠳᠣᠯᠭ᠎ᠠ ᠵᠢ ᠦᠨᠳᠦᠰᠦᠯᠡᠪᠡᠯ᠂ ᠵᠢᠭᠤᠯᠴᠢᠯᠠᠯ᠎ᠤᠨ ᠦᠢ᠍ᠯᠡᠴᠢᠯᠡᠭᠡᠨ᠎ᠤ ᠭᠠᠵᠠᠷ ᠨᠢᠰᠬᠡᠯ ᠬᠥᠯᠥᠰᠦᠯᠡᠨ ᠨᠢᠭᠡ ᠯᠡ ᠤᠳᠠᠭ᠎ᠠ᠎ᠳᠤ 100 ᠬᠥᠮᠥᠨ (100 ᠬᠥᠮᠥᠨ᠎ᠢ ᠪᠠᠭᠲᠠᠭ᠋ᠠᠨ᠎ᠠ)᠎ᠠᠴᠠ ᠳᠡᠭᠡᠭᠰᠢᠬᠢ ᠭᠠᠳᠠᠭ᠋ᠠᠳᠤ ᠵᠢᠨ ᠬᠥᠮᠥᠨ ᠵᠢᠴᠢ ᠰᠢᠶᠠᠩᠭ᠋ᠠᠩ᠂ ᠣᠣᠮᠧᠨ ᠪᠠ ᠲᠠᠶ᠋ᠢᠸᠠᠨ᠎ᠤ ᠵᠢᠭᠤᠯᠴᠢᠯᠠᠬᠰᠠᠳ᠎ᠢ ᠵᠣᠬᠢᠶᠠᠨ ᠪᠠᠶ᠋ᠢᠭᠤᠯᠵᠤ ᠮᠠᠨ᠎ᠤ ᠣᠷᠣᠨ᠎ᠳᠤ ᠵᠢᠭᠤᠯᠴᠢᠯᠠᠭᠤᠯᠪᠠᠯ᠂ ᠡᠭᠡᠯᠵᠢ ᠪᠦᠷᠢ᠎ᠳᠤ 5 ᠲᠦᠮᠡᠨ ᠲᠥᠭᠦᠷᠢᠭ᠂ ᠬᠠᠮᠤᠭ᠎ᠤᠨ ᠥᠨᠳᠥᠷ᠎ᠲᠡᠭᠡᠨ 20 ᠲᠦᠮᠡᠨ ᠲᠥᠭᠦᠷᠢᠭ᠎ᠤᠨ ᠨᠥᠬᠦᠪᠦᠷᠢ ᠣᠯᠭᠤᠨ᠎ᠠ᠃ ᠤᠯᠤᠰ᠎ᠤᠨ ᠳᠣᠲᠣᠭ᠋ᠠᠳᠤ ᠵᠢᠨ ᠠᠶᠠᠯᠠᠯ᠎ᠤᠨ ᠱᠤᠭᠤᠮ᠎ᠳᠤ ᠡᠭᠡᠯᠵᠢ ᠪᠦᠷᠢ᠎ᠳᠤ 3 ᠲᠦᠮᠡᠨ ᠲᠥᠭᠦᠷᠢᠭ᠂ ᠬᠠᠮᠤᠭ᠎ᠤᠨ ᠥᠨᠳᠥᠷ᠎ᠲᠡᠭᠡᠨ 10 ᠲᠦᠮᠡᠨ ᠲᠥᠭᠦᠷᠢᠭ᠎ᠤᠨ ᠨᠥᠬᠦᠪᠦᠷᠢ ᠣᠯᠭᠤᠨ᠎ᠠ᠃ 300 ᠬᠥᠮᠥᠨ ᠎ᠠᠴᠠ ᠳᠡᠭᠡᠭᠰᠢᠬᠢ ᠤᠯᠤᠰ᠎ᠤᠨ ᠳᠣᠲᠣᠭ᠋ᠠᠳᠤ ᠵᠢᠨ ᠲᠤᠰᠬᠠᠢ ᠭᠠᠯᠲᠤ ᠲᠡᠷᠭᠡ ᠬᠥᠯᠥᠰᠦᠯᠡᠨ ᠵᠢᠭᠤᠯᠴᠢᠯᠠᠯ ᠥᠷᠨᠢᠭᠦᠯᠪᠡᠯ 4 ᠲᠦᠮᠡᠨ ᠲᠥᠭᠦᠷᠢᠭ᠎ᠤᠨ ᠱᠠᠩᠨᠠᠯ ᠬᠦᠷᠲᠡᠭᠡᠨ᠎ᠡ᠃ ᠵᠢᠭᠤᠯᠴᠢᠯᠠᠯ᠎ᠤᠨ ᠭᠠᠵᠠᠷ᠎ᠨᠢ ᠬᠡᠷᠪᠡ 500 ᠬᠥᠮᠥᠨ᠎ᠠᠴᠠ ᠳᠡᠭᠡᠭᠰᠢᠬᠢ ᠬᠤᠨᠤᠭ ᠥᠩᠭᠡᠷᠡᠬᠦ ᠵᠢᠭᠤᠯᠴᠢᠯᠠᠬᠰᠠᠳ᠎ᠢ ᠭᠥᠯᠢᠶᠡᠨ ᠠᠪᠤᠭᠰᠠᠨ ᠪᠣᠯ ᠬᠥᠮᠥᠨ ᠪᠦᠷᠢ᠎ᠳᠤ 30 ᠲᠥᠭᠦᠷᠢᠭ᠎ᠤᠨ ᠪᠠᠷᠢᠮᠵᠢᠶ᠎ᠠ᠎ᠪᠠᠷ ᠱᠠᠩᠨᠠᠯ ᠣᠯᠭᠤᠵᠤ᠂ ᠳᠥᠷᠪᠡᠨ ᠣᠳᠣᠨ ᠲᠠᠰ᠎ᠠᠴᠠ ᠳᠡᠭᠡᠭᠰᠢᠬᠢ ᠵᠢᠭᠤᠯᠴᠢᠯᠠᠯ ᠎ᠤᠨ ᠪᠠᠭᠤᠳᠠᠯ᠎ᠳᠤ 1 ᠣᠷᠣᠢ ᠬᠤᠨᠣᠭᠤᠯᠵᠤ᠂ 4A ᠲᠠᠰ᠎ᠤᠨ ᠰᠦᠢ᠍ᠳᠬᠡᠯ ᠬᠤᠷᠢᠶᠠᠬᠤ ᠦᠵᠡᠮᠵᠢ ᠵᠢᠨ ᠣᠷᠣᠨ ᠵᠶ᠋ᠠᠷ ᠵᠢᠭᠤᠯᠴᠢᠯᠠᠭᠤᠯᠤᠭᠰᠠᠨ ᠪᠣᠯ ᠬᠥᠮᠥᠨ ᠪᠦᠷᠢ᠎ᠳᠤ 100 ᠲᠥᠭᠦᠷᠢᠭ᠎ᠤᠨ ᠪᠠᠷᠢᠮᠵᠢᠶ᠎ᠠ᠎ᠪᠠᠷ ᠱᠠᠩᠨᠠᠯ ᠣᠯᠭᠤᠵᠤ᠂ ᠦᠵᠡᠮᠵᠢ ᠵᠢᠨ ᠣᠷᠣᠨ᠎ᠳᠠᠬᠢ ᠰᠦᠢ᠍ᠳᠬᠡᠯ ᠬᠤᠷᠢᠶᠠᠬᠤ ᠲᠣᠬᠯᠠᠯᠲᠠ ᠵᠢᠨ ᠲᠥᠷᠥᠯ ᠵᠦᠢ᠍ᠯ᠎ᠢ ᠰᠣᠨᠢᠷᠬᠠᠭᠤᠯᠤᠭᠰᠠᠨ ᠪᠣᠯ ᠬᠥᠮᠥᠨ ᠪᠦᠷᠢ᠎ᠳᠤ 20 ᠲᠥᠭᠦᠷᠢᠭ᠎ᠤᠨ ᠪᠠᠷᠢᠮᠵᠢᠶ᠎ᠠ᠎ᠪᠠᠷ ᠱᠠᠩᠨᠠᠯ ᠣᠯᠭᠤᠬᠤ ᠪᠣᠯᠣᠨ᠎ᠠ᠃

ᠢᠷᠡᠯᠲᠡ᠄ ᠲᠤᠮᠳᠠᠳᠤ ᠤᠯᠤᠰ᠎ᠤᠨ ᠮᠣᠩᠭᠤᠯ ᠬᠡᠯᠡᠨ᠎ᠤ ᠰᠣᠨᠢᠨ ᠮᠡᠳᠡᠭᠡ ᠵᠢᠨ ᠰᠦᠯᠵᠢᠶ᠎ᠡ
          
ᠬᠠᠮᠢᠶ᠎ᠡ ᠪᠦᠬᠦᠢ ᠰᠣᠨᠢᠨ
 
            