ᠨᠠᠮ ᠤᠨ ᠠᠷᠪᠠᠨ ᠨᠠᠢᠮᠠᠳᠣᠭᠠᠷ ᠬᠤᠭᠤᠴᠠᠭᠠᠨ ᠤ ᠲᠠᠪᠣᠳᠣᠭᠠᠷ ᠣᠳᠠᠭᠠᠨ ᠤ ᠪᠦᠬᠦᠳᠡ ᠬᠤᠷᠠᠯ ᠤᠨ ︽ | ᠳᠣᠮᠳᠠᠲᠦ ᠶᠢᠨ ᠰᠢᠯᠢᠳᠡᠭ ᠣᠯᠠᠮᠵᠢᠯᠠᠯᠲᠦ ᠰᠣᠶᠣᠯ ᠤᠨ ᠤᠯᠠᠮᠵᠢᠯᠠᠯ ᠤᠨ ᠰᠢᠰᠲ᠋ᠧᠮ ᠢ ᠪᠠᠶᠢᠭᠤᠯᠵᠤ᠂ ᠰᠣᠶᠣᠯ ᠤᠨ | ᠦᠪ ᠤᠨ ᠬᠠᠮᠠᠭᠠᠯᠠᠯᠲᠠ ᠶᠢ ᠴᠢᠩᠭᠠᠳᠬᠠᠵᠤ᠂ ᠣᠯᠠᠮᠵᠢᠯᠠᠯᠲᠦ ᠣᠷᠠᠯᠠᠯ ᠢ ᠰᠡᠷᠭᠦᠭᠡᠨ ᠬᠦᠭᠵᠢᠭᠦᠯᠬᠦ︾ ᠱᠠᠭᠠᠷᠳᠠᠯᠭ᠎ᠠ | ᠪᠠ ︽ᠲᠦᠷᠦ ᠶᠢᠨ ᠶᠠᠪᠦᠳᠠᠯ ᠤᠨ ᠬᠤᠷᠢᠶ᠎ᠠ ᠶᠢᠨ ᠠᠯᠪᠠᠨ ᠲᠢᠩᠬᠢᠮ᠂ ᠰᠣᠶᠣᠯ ᠤᠨ ᠶᠠᠮᠦᠨ ᠵᠡᠷᠭᠡ ᠰᠠᠯᠠᠭ᠎ᠠ ᠮᠦᠴᠢᠷ | ᠤᠨ ᠲᠣᠮᠳᠠᠲᠦ ᠶᠢᠨ ᠣᠯᠠᠮᠵᠢᠯᠠᠯᠲᠦ ᠣᠷᠠᠯᠠᠯ ᠢ ᠰᠡᠷᠭᠦᠭᠡᠨ ᠬᠦᠭᠵᠢᠭᠦᠯᠬᠦ ᠲᠦᠯᠦᠪᠯᠡᠭᠡ ᠶᠢ ᠲᠠᠮᠵᠢᠭᠤᠯᠣᠨ | ᠲᠠᠷᠬᠠᠭᠠᠭᠰᠠᠨ ᠮᠡᠳᠡᠭᠳᠡᠯ︾ ︵ᠲᠦᠷᠦ ᠶᠢᠨ ᠶᠠᠪᠦᠳᠠᠯ ᠤᠨ ᠬᠤᠷᠢᠶ᠎ᠠ ᠶᠢᠨ ᠠᠯᠪᠠᠨ ᠲᠢᠩᠬᠢᠮ ᠠᠴᠠ ᠲᠠᠷᠬᠠᠭᠠᠪᠠ ﹇ | 2017﹈ 25 ᠳ᠋ᠣᠭᠠᠷ ᠨᠤᠮᠧᠷ︶ ᠤᠨ ᠵᠣᠷᠢᠭ ᠰᠠᠨᠠᠭ᠎ᠠ ᠶᠢ ᠲᠤᠭᠤᠰᠢᠯᠠᠭᠤᠯᠵᠤ᠂ ᠪᠦᠬᠦ ᠣᠷᠣᠨ ᠤ ᠣᠯᠠᠮᠵᠢᠯᠯᠠᠲᠦ | ᠣᠷᠠᠯᠠᠯ ᠤᠨ ᠤᠯᠠᠮᠵᠢᠯᠠᠨ ᠵᠠᠯᠭᠠᠮᠵᠢᠯᠠᠬᠤ ᠪᠠ ᠰᠡᠷᠭᠦᠭᠡᠨ ᠬᠦᠭᠵᠢᠭᠦᠯᠬᠦ ᠶᠢ ᠠᠬᠢᠭᠤᠯᠬᠤ ᠳᠤ ᠳᠣᠣᠷᠠᠬᠢ ᠮᠡᠲᠦ ᠰᠠᠨᠠᠯ | ᠢ ᠳᠡᠪᠰᠢᠬᠦᠯᠵᠦ ᠪᠠᠶᠢᠨ᠎ᠠ᠃ | | ᠨᠢᠭᠡ᠂ ᠴᠢᠬᠤᠯᠠ ᠠᠴᠢ ᠬᠤᠯᠪᠣᠭᠳᠠᠯ | ᠣᠯᠠᠮᠵᠢᠯᠠᠯᠲᠦ ᠣᠷᠠᠯᠠᠯ ᠪᠣᠯ ᠲᠡᠦᠭᠡᠨ ᠣᠯᠠᠮᠵᠢᠯᠠᠯ ᠪᠠ ᠦᠨᠳᠦᠰᠦᠳᠡᠨ ᠪᠣᠶᠦ ᠣᠷᠣᠨ ᠨᠣᠳᠤᠭ ᠤᠨ ᠣᠨᠴᠠᠯᠢᠭ | ᠲᠠᠢ᠂ ᠡᠳᠦᠷ ᠲᠣᠳᠣᠮ ᠤᠨ ᠠᠮᠢᠳᠦᠷᠠᠯ ᠲᠠᠢ ᠨᠢᠭᠲᠠ ᠬᠤᠯᠪᠣᠭ᠎ᠠ ᠲᠠᠢ᠂ ᠭᠤᠣᠯᠳᠠᠭᠤ ᠭᠠᠷ ᠤᠷᠠᠯᠠᠯ ᠳᠤ | ᠲᠦᠰᠢᠭᠰᠡᠨ ᠦᠢᠯᠡᠳᠬᠦ ᠣᠷᠠᠯᠠᠯ ᠵᠢᠴᠢ ᠬᠤᠯᠪᠣᠭᠳᠠᠬᠤ ᠦᠢᠯᠡᠳᠭᠦᠨ ᠪᠦᠭᠡᠳ ᠮᠦᠨ ᠴᠤ ᠪᠦᠳᠦᠭᠡᠯᠴᠢ ᠴᠢᠨᠠᠷ ᠲᠠᠢ | ᠭᠠᠷ ᠤᠷᠠᠯᠠᠯ ᠪᠠ ᠮᠠᠲ᠋ᠧᠷᠢᠶᠠᠯ ᠢ ᠦᠵᠡᠵᠦ ᠣᠷ᠎ᠠ ᠪᠠᠨ ᠭᠠᠷᠭᠠᠭᠰᠠᠨ ᠦᠪᠡᠷᠮᠢᠴᠡᠴᠢᠯᠡᠭᠰᠡᠨ ᠦᠢᠯᠡᠳᠪᠦᠷᠢᠯᠡᠯ ᠪᠠᠶᠢᠵᠤ | ᠂ ᠠᠵᠦ ᠦᠢᠯᠡᠳᠪᠦᠷᠢᠵᠢᠯᠡᠯ ᠤᠨ ᠦᠢᠯᠡᠳᠪᠦᠷᠢ ᠶᠢᠨ ᠤᠷᠤᠯᠠᠵᠤ ᠴᠢᠳᠠᠰᠢ ᠦᠭᠡᠢ ᠤᠨᠴᠠᠯᠢᠭ ᠲᠠᠢ᠃ ᠡᠯ᠎ᠡ | ᠦᠨᠳᠦᠰᠦᠲᠡᠨ ᠤ ᠠᠷᠠᠳ ᠲᠦᠮᠡᠨ ᠤ ᠣᠷᠲᠦ ᠬᠤᠭᠤᠴᠠᠭᠠᠨ ᠤ ᠦᠢᠯᠡᠳᠪᠦᠷᠢᠯᠡᠯ ᠠᠮᠢᠳᠣᠷᠠᠯ ᠤᠨ ᠦᠢᠯᠡᠳᠦᠯᠭᠡ | ᠲᠣᠮᠳᠠ ᠪᠦᠷᠢᠯᠳᠦᠭᠰᠡᠨ ᠡᠳᠡᠭᠡᠷ ᠣᠯᠠᠮᠵᠢᠯᠠᠯᠲᠦ ᠣᠷᠠᠯᠠᠯ ᠨᠢ ᠡᠯ᠎ᠡ ᠦᠨᠳᠦᠰᠦᠲᠡᠨ ᠤ ᠰᠣᠶᠣᠯ ᠤᠨ ᠦᠷᠳᠡᠭ ᠤᠨ | ᠦᠵᠡᠯᠲᠡ᠂ ᠦᠵᠡᠯ ᠰᠠᠨᠠᠭ᠎ᠠ ᠣᠶᠣᠨ ᠤᠬᠠᠭᠠᠨ ᠪᠠ ᠦᠢᠯᠡᠳᠦᠯᠭᠡ ᠶᠢᠨ ᠲᠣᠷᠰᠢᠯᠭ᠎ᠠ ᠶᠢ ᠠᠭᠤᠯᠤᠭᠰᠠᠨ᠂ ᠪᠣᠳᠠᠰ | ᠤᠨ ᠪᠣᠰᠦ ᠰᠣᠶᠣᠯ ᠤᠨ ᠦᠪ ᠤᠨ ᠴᠢᠬᠤᠯᠠ ᠪᠦᠷᠢᠯᠳᠦᠭᠦᠨ ᠬᠡᠰᠡᠭ ᠪᠤᠯᠤᠨ᠎ᠠ᠃ ᠮᠠᠨ ᠤ ᠣᠷᠣᠨ ᠤ ᠣᠯᠠᠮᠵᠢᠯᠠᠯᠲᠦ | ᠣᠷᠠᠯᠠᠯ ᠤᠨ ᠲᠦᠷᠦᠯ ᠵᠦᠢᠯ ᠣᠯᠠᠨ᠂ ᠲᠠᠷᠬᠠᠴᠠ ᠦᠷᠭᠡᠨ᠃ ᠣᠯᠠᠮᠵᠢᠯᠠᠯᠲᠦ ᠣᠷᠠᠯᠠᠯ ᠢ ᠰᠡᠷᠭᠦᠭᠡᠨ ᠬᠦᠭᠵᠢᠭᠦᠯᠬᠦ | ᠨᠢ ᠮᠠᠨ ᠤ ᠣᠷᠣᠨ ᠤ ᠰᠢᠯᠢᠳᠡᠭ ᠣᠯᠠᠮᠵᠢᠯᠠᠯᠲᠦ ᠰᠣᠶᠣᠯ ᠢ ᠤᠯᠠᠮᠵᠢᠯᠠᠨ ᠬᠦᠭᠵᠢᠬᠦᠯᠵᠦ ᠂ ᠰᠣᠶᠣᠯ ᠤᠨ ᠠᠮᠢ | ᠠᠬᠤᠢ ᠶᠢ ᠰᠢᠮᠡᠵᠢᠭᠦᠯᠬᠦ᠂ ᠰᠣᠶᠣᠯ ᠤᠨ ᠡᠬᠢ ᠪᠠᠶᠠᠯᠢᠭ ᠢ ᠪᠠᠶᠠᠯᠢᠭᠵᠢᠭᠤᠯᠬᠤ᠂ ᠰᠣᠶᠣᠯ ᠤᠨ ᠢᠳᠡᠭᠡᠯ ᠢ | ᠴᠢᠩᠭᠠᠳᠬᠠᠬᠤ ᠳᠤ ᠠᠰᠢᠭᠲᠠᠢ᠃ ᠭᠠᠷ ᠤᠷᠠᠯᠠᠯ ᠤᠨ ᠪᠦᠳᠦᠭᠡᠯᠴᠢ ᠴᠢᠳᠠᠪᠦᠷᠢ ᠶᠢ ᠨᠡᠩ ᠰᠠᠶᠢᠨ ᠪᠠᠳᠠᠷᠠᠭᠤᠯᠬᠤ᠂ | ᠭᠠᠷ ᠤᠷᠠᠯᠠᠯ ᠤᠨ ᠪᠦᠳᠦᠭᠡᠯᠴᠢ ᠦᠷᠳᠡᠭ ᠢ ᠢᠯᠡᠷᠬᠡᠶᠢᠯᠡᠬᠦ᠂ ᠪᠦᠬᠦ ᠨᠡᠶᠢᠭᠡᠮ ᠳᠤ ᠤᠬᠢ ᠰᠤᠳᠤ ᠶᠢ | ᠬᠦᠭᠡᠭᠡᠴᠡᠯᠳᠦᠭᠰᠡᠨ ᠣᠷᠠᠨ ᠲᠠᠷᠬᠠᠨ ᠤ ᠵᠣᠷᠢᠭ ᠰᠠᠨᠠᠭ᠎ᠠ ᠶᠢ ᠪᠣᠶᠢᠵᠢᠭᠤᠯᠬᠤ ᠪᠠ ᠬᠦᠭᠵᠢᠭᠦᠯᠬᠦ ᠳᠤ ᠠᠰᠢᠭᠲᠠᠢ᠃ | ᠠᠵᠢᠯ ᠣᠯᠭᠤᠬᠤ ᠶᠢ ᠠᠬᠢᠭᠤᠯᠬᠤ᠂ ᠨᠠᠷᠢᠨ ᠤᠨᠤᠪᠴᠢᠲᠠᠢ ᠪᠠᠷ ᠶᠠᠳᠠᠭᠤ ᠶᠢ ᠲᠡᠳᠭᠦᠭᠦ ᠶᠢ ᠪᠡᠶᠡᠯᠡᠭᠦᠯᠬᠦ᠂ ᠬᠤᠲᠠ | ᠬᠦᠳᠡᠭᠡ ᠶᠢᠨ ᠰᠠᠭᠤᠭᠠᠯᠢ ᠠᠷᠠᠳ ᠶᠢᠨ ᠣᠷᠣᠯᠭ᠎ᠠ ᠶᠢ ᠨᠡᠮᠡᠭᠳᠡᠭᠦᠯᠬᠦ᠂ ᠣᠯᠠᠮᠵᠢᠯᠠᠯᠲᠦ ᠬᠤᠷᠢᠶᠠᠯᠠᠯ ᠰᠠᠭᠠᠬᠠᠯᠲᠠ ᠪᠠ | ᠠᠶᠢᠯ ᠲᠣᠰᠬᠤᠨ ᠤ ᠡᠷᠴᠢ ᠬᠦᠴᠦᠨ ᠢ ᠴᠢᠩᠭᠠᠳᠬᠠᠬᠤ ᠳᠤ ᠠᠰᠢᠭᠲᠠᠢ᠃ | | ᠬᠤᠶᠠᠷ᠂ ᠶᠡᠷᠥᠩᠬᠡᠢ ᠱᠠᠭᠠᠷᠳᠠᠯᠭ᠎ᠠ | ︵ ᠨᠢᠭᠡ︶ ᠶᠡᠷᠥᠩᠬᠡᠢ ᠵᠣᠷᠢᠯᠲᠠ | ᠦᠪᠡᠷᠳᠡᠭᠡᠨ ᠵᠠᠰᠠᠬᠤ ᠣᠷᠣᠨ ᠤ ᠡᠯ᠎ᠡ ᠦᠨᠳᠦᠰᠦᠲᠡᠨ ᠤ ᠰᠢᠯᠢᠳᠡᠭ ᠣᠯᠠᠮᠵᠢᠯᠠᠯᠲᠦ ᠰᠣᠶᠣᠯ ᠳᠤ ᠰᠠᠭᠤᠷᠢᠯᠠᠨ | ᠪᠣᠰᠣᠳ ᠦᠨᠳᠦᠰᠦᠲᠡᠨ ᠪᠠ ᠭᠠᠵᠠᠷ ᠣᠷᠣᠨ ᠤ ᠰᠢᠯᠢᠳᠡᠭ ᠰᠣᠶᠣᠯ ᠤᠨ ᠦᠷ᠎ᠡ ᠪᠦᠳᠦᠭᠡᠯ ᠢ ᠰᠤᠷᠤᠯᠴᠠᠨ | ᠠᠰᠢᠭᠯᠠᠵᠤ᠂ ᠣᠯᠠᠮᠵᠢᠯᠠᠯᠲᠦ ᠣᠷᠠᠯᠠᠯ ᠤᠨ ᠬᠠᠮᠤᠷᠤᠭᠰᠠᠨ ᠰᠣᠶᠣᠯ ᠤᠨ ᠡᠯᠧᠮᠧᠨ᠋ᠲ ᠪᠠ ᠣᠷᠠᠯᠠᠯ ᠤᠨ ᠵᠠᠷᠴᠢᠮ ᠢ | ᠠᠭᠤᠳᠠᠯᠵᠦ ᠠᠰᠢᠭᠯᠠᠨ᠂ ᠣᠯᠠᠮᠵᠢᠯᠠᠯᠲᠦ ᠣᠷᠠᠯᠠᠯ ᠤᠨ ᠰᠡᠳᠦᠪ ᠪᠠ ᠦᠢᠯᠡᠳᠭᠦᠨ ᠤ ᠲᠦᠷᠦᠯ ᠵᠦᠢᠯ ᠢ | ᠡᠯᠪᠡᠭᠵᠢᠭᠦᠯᠵᠦ᠂ ᠲᠦᠯᠦᠪᠯᠡᠬᠦ ᠪᠠ ᠵᠣᠬᠢᠶᠠᠬᠤ ᠬᠢᠷᠢ ᠲᠦᠪᠰᠢᠨ ᠢ ᠳᠡᠭᠡᠭᠰᠢᠯᠡᠬᠦᠯᠦᠨ᠂ ᠦᠢᠯᠡᠳᠭᠦᠨ ᠤ ᠴᠢᠨᠠᠷ | ᠴᠢᠨᠰᠠᠭ᠎ᠠ ᠶᠢ ᠰᠠᠶᠢᠵᠢᠷᠠᠭᠤᠯᠵᠤ᠂ ᠰᠢᠯᠢᠳᠡᠭ ᠣᠷᠠᠨ ᠲᠠᠷᠬᠠᠨ ᠪᠠ ᠨᠡᠷᠡᠲᠦ ᠲᠡᠮᠳᠡᠭᠲᠦ ᠶᠢ ᠪᠤᠶᠢᠵᠢᠭᠤᠯᠤᠨ᠂ | ᠣᠯᠠᠮᠵᠢᠯᠠᠯᠲᠦ ᠣᠷᠠᠯᠠᠯ ᠤᠨ ᠣᠳᠣ ᠦᠶ᠎ᠡ ᠶᠢᠨ ᠠᠮᠢᠳᠣᠷᠠᠯ ᠲᠣᠮᠳᠠ ᠰᠢᠨ᠎ᠡ ᠪᠠᠷ ᠦᠷᠭᠡᠨ ᠬᠡᠷᠡᠭᠯᠡᠭᠳᠡᠵᠦ᠂ ᠨᠡᠩ | ᠰᠠᠶᠢᠨ ᠢᠶᠠᠷ ᠠᠷᠠᠳ ᠲᠦᠮᠡᠨ ᠤ ᠬᠡᠷᠡᠭᠯᠡᠭᠡᠨ ᠤ ᠲᠡᠭᠡᠭᠰᠢᠯᠡᠯᠲᠡ ᠶᠢᠨ ᠱᠠᠭᠠᠷᠳᠠᠯᠭ᠎ᠠ ᠶᠢ ᠬᠠᠩᠭᠠᠵᠦ ᠴᠢᠳᠠᠬᠤ | ᠪᠣᠯᠭᠠᠨ᠎ᠠ᠃ | ︵ ᠬᠤᠶᠠᠷ︶ ᠦᠨᠳᠦᠰᠦᠨ ᠵᠠᠷᠴᠢᠮ | ⒈ ᠬᠠᠮᠠᠭᠠᠯᠠᠯᠲᠠ ᠪᠠᠷ ᠭᠤᠣᠯ ᠪᠣᠯᠭᠠᠨ ᠠᠰᠢᠭᠯᠠᠯᠲᠠ ᠪᠠᠨ ᠴᠢᠩᠭᠠᠳᠬᠠᠨ᠎ᠠ᠃ ᠣᠯᠠᠮᠵᠢᠯᠠᠯᠲᠦ ᠣᠷᠠᠯᠠᠯ | ᠤᠨ ᠦᠨᠳᠦᠰᠦᠲᠡᠨ ᠤ ᠣᠨᠴᠠᠯᠢᠭ ᠪᠠ ᠣᠷᠣᠨ ᠨᠣᠳᠤᠭ ᠤᠨ ᠰᠣᠶᠣᠯ ᠤᠨ ᠣᠨᠴᠠᠯᠢᠭ ᠢ ᠲᠤᠪᠤᠶᠢᠯᠭᠠᠨ | ᠣᠯᠠᠮᠵᠢᠯᠠᠯᠲᠦ ᠣᠷᠠᠯᠠᠯ ᠤᠨ ᠰᠣᠶᠣᠯ ᠤᠨ ᠴᠢᠮᠦᠭᠡ ᠪᠠ ᠭᠤᠣᠯᠯᠠᠬᠤ ᠦᠷᠳᠡᠭ ᠢ ᠪᠠᠲᠤᠯᠠᠵᠤ᠂ ᠣᠯᠠᠮᠵᠢᠯᠠᠯᠲᠦ | ᠣᠷᠠᠯᠠᠯ ᠤᠨ ᠬᠠᠮᠠᠭᠠᠯᠠᠯᠲᠠ ᠠᠰᠢᠭᠯᠠᠯᠲᠠ ᠶᠢ ᠴᠢᠩᠭᠠᠳᠬᠠᠨ᠂ ᠨᠡᠶᠢᠭᠡᠮ ᠳᠤ ᠦᠢᠯᠡᠴᠢᠯᠡᠵᠦ ᠣᠯᠠᠨ ᠲᠦᠮᠡᠨ ᠳᠤ | ᠦᠢᠯᠡᠴᠢᠯᠡᠨ᠎ᠡ᠃ | ⒉ ᠤᠬᠢ ᠰᠤᠳᠤ ᠶᠢ ᠬᠦᠬᠡᠬᠡᠴᠡᠯᠳᠦᠵᠦ ᠶᠠᠰᠦ ᠴᠢᠨᠠᠷ ᠢᠶᠠᠨ ᠳᠡᠭᠡᠭᠰᠢᠯᠡᠬᠦᠯᠦᠨ᠎ᠡ᠃ ᠣᠷᠠᠨ ᠲᠠᠷᠬᠠᠨ ᠤ | ᠰᠣᠶᠣᠯ ᠳᠤ ᠬᠦᠨ ᠰᠠᠭᠤᠷᠢᠯᠠᠨ ᠠᠩᠬᠠᠷᠦᠯ ᠲᠠᠯᠪᠢᠨ ᠪᠠᠷᠢᠮᠳᠠᠯᠠᠬᠤ ᠶᠢ ᠰᠨᠠᠭᠠᠴᠢᠯᠠᠵᠦ᠂ ᠴᠢᠨᠠᠷ ᠴᠢᠨᠰᠠᠭ᠎ᠠ ᠶᠢ | ᠲᠡᠷᠢᠬᠦᠨ ᠳᠤ ᠪᠠᠶᠢᠷᠢᠯᠠᠭᠤᠯᠬᠤ ᠶᠢ ᠪᠠᠷᠢᠮᠳᠠᠯᠠᠨ᠂ ᠶᠠᠰᠦ ᠴᠢᠨᠠᠷ ᠤᠨ ᠳᠡᠭᠡᠭᠰᠢᠯᠡᠯᠲᠡ ᠶᠢ ᠲᠦᠯᠬᠢᠨ ᠠᠬᠢᠭᠤᠯᠵᠤ᠂ | ᠨᠡᠷᠡᠲᠦ ᠲᠡᠮᠳᠡᠭᠲᠦ ᠶᠢᠨ ᠪᠠᠶᠢᠭᠤᠯᠣᠯᠲᠠ ᠶᠢ ᠴᠢᠩᠭᠠᠳᠬᠠᠨ᠂ ᠣᠬᠢ ᠦᠢᠯᠡᠳᠭᠦᠨ ᠢ ᠢᠯᠡᠬᠦᠦ ᠭᠠᠷᠭᠠᠵᠤ᠂ | ᠴᠢᠳᠠᠪᠦᠷᠢᠳᠠᠨ ᠡᠷᠳᠡᠮᠳᠡᠨ ᠢ ᠨᠡᠮᠡᠭᠳᠡᠬᠦᠯᠦᠨ᠎ᠡ᠃ | ⒊ ᠠᠮᠢᠳᠦᠷᠠᠯ ᠳᠤ ᠠᠭᠤᠰᠦᠨ ᠡᠷᠴᠢ ᠬᠦᠴᠦ ᠪᠠᠨ ᠬᠦᠪᠴᠢᠯᠡᠨ᠎ᠡ᠃ ᠪᠣᠳᠠᠰ ᠤᠨ ᠪᠣᠰᠦ ᠰᠣᠶᠣᠯ ᠤᠨ | ᠦᠪ ᠤᠨ ᠦᠢᠯᠡᠳᠭᠦᠨ ᠪᠠ ᠣᠳᠣᠬᠢ ᠬᠦᠮᠦᠰ ᠤᠨ ᠱᠠᠭᠠᠷᠳᠠᠯᠭ᠎ᠠ ᠬᠡᠷᠡᠭᠴᠡᠭᠡ ᠶᠢᠨ ᠵᠠᠯᠭᠠᠯᠲᠠ ᠶᠢ ᠲᠦᠯᠬᠢᠨ | ᠠᠬᠢᠭᠤᠯᠵᠦ᠂ ᠣᠳᠣ ᠦᠶ᠎ᠡ ᠶᠢᠨ ᠠᠮᠢᠳᠣᠷᠠᠯ ᠳᠤ ᠠᠭᠤᠰᠤᠨ᠎ᠠ᠃ ᠣᠯᠠᠮᠵᠢᠯᠠᠯᠲᠦ ᠣᠷᠠᠯᠠᠯ ᠤᠨ ᠰᠣᠶᠣᠯ ᠤᠨ | ᠡᠯᠧᠮᠧᠨ᠋ᠲ ᠪᠠ ᠤᠶᠤᠨ ᠤ ᠦᠷᠳᠡᠭ ᠢ ᠮᠠᠯᠳᠠᠨ ᠠᠭᠤᠳᠠᠯᠵᠦ᠂ ᠦᠪᠡᠷᠮᠢᠴᠡᠴᠢᠯᠡᠭᠰᠡᠨ ᠣᠨᠴᠠᠯᠢᠭ ᠢ ᠲᠣᠪᠣᠶᠢᠯᠭᠠᠨ᠂ | ᠣᠯᠠᠨ ᠵᠦᠢᠯᠡᠰ ᠢ ᠰᠢᠩᠭᠡᠭᠡᠨ ᠠᠪᠴᠦ ᠣᠯᠠᠮᠵᠢᠯᠠᠯᠲᠦ ᠣᠷᠠᠯᠠᠯ ᠤᠨ ᠣᠯᠠᠮᠵᠢᠯᠠᠬᠤ ᠡᠷᠴᠢ ᠬᠦᠴᠦᠨ ᠪᠠ ᠬᠦᠭᠵᠢᠬᠦ | ᠬᠦᠳᠡᠯᠭᠡᠭᠴᠢ ᠬᠦᠴᠦ ᠶᠢ ᠴᠢᠩᠭᠠᠳᠬᠠᠨ᠎ᠠ᠃ | ⒋ ᠠᠮᠢ ᠠᠬᠤᠢ ᠶᠢ ᠬᠠᠮᠠᠭᠠᠯᠠᠨ ᠪᠣᠬᠢᠷᠳᠣᠯ ᠦᠭᠡᠢ ᠪᠠᠷ ᠬᠦᠭᠵᠢᠬᠦᠯᠦᠨ᠎ᠡ᠃ ᠠᠮᠢ ᠠᠬᠤᠢ ᠶᠢ ᠬᠠᠮᠠᠭᠠᠯᠠᠬᠤ | ᠣᠬᠠᠮᠰᠠᠷ ᠢᠶᠠᠨ ᠴᠢᠩᠭᠠᠳᠬᠠᠨ ᠪᠠᠶᠢᠭᠠᠯᠯᠢᠭ ᠮᠠᠲ᠋ᠧᠷᠢᠶᠠᠯ ᠢ ᠵᠣᠬᠢᠰᠲᠠᠢ ᠠᠰᠢᠭᠯᠠᠵᠤ᠂ ᠲᠠᠬᠢᠨ ᠡᠭᠦᠰᠴᠦ ᠦᠯᠦ | ᠪᠣᠯᠬᠤ ᠪᠠᠶᠢᠭᠠᠯᠯᠢᠭ ᠣᠭ ᠮᠠᠲ᠋ᠧᠷᠢᠶᠠᠯ ᠤᠨ ᠡᠬᠢ ᠪᠠᠶᠠᠯᠢᠭ ᠢ ᠲᠣᠷ᠎ᠠ ᠪᠠᠷ ᠢᠶᠠᠨ ᠬᠡᠷᠡᠭᠯᠡᠬᠦ ᠶᠢ ᠡᠰᠡᠷᠭᠦᠴᠡᠨ᠂ ᠬᠠᠣᠯᠢ | ᠪᠣᠰᠦ ᠪᠠᠷ ᠤᠯᠤᠭᠰᠠᠨ ᠬᠤᠪᠣᠷ ᠴᠣᠬᠠᠭ ᠠᠮᠢᠳᠠᠨ ᠣᠷᠭᠤᠮᠠᠯ ᠤᠨ ᠡᠬᠢ ᠪᠠᠶᠠᠯᠢᠭ ᠢ ᠬᠡᠷᠡᠭᠯᠡᠬᠦ ᠶᠢ ᠬᠤᠷᠢᠭᠯᠠᠨ᠎ᠠ᠃ | | ᠭᠤᠷᠪᠠ᠂ ᠭᠤᠣᠯ ᠡᠭᠦᠷᠭᠡ | ︵ ᠨᠢᠭᠡ︶ ᠦᠪᠡᠷᠳᠡᠭᠡᠨ ᠵᠠᠰᠠᠬᠤ ᠣᠷᠣᠨ ᠤ ᠣᠯᠠᠮᠵᠢᠯᠠᠯᠲᠦ ᠣᠷᠠᠯᠠᠯ ᠢ ᠬᠠᠮᠠᠭᠠᠯᠠᠬᠤ ᠪᠠ ᠰᠡᠷᠭᠦᠭᠡᠨ | ᠮᠠᠨᠳᠣᠭᠤᠯᠬᠤ ᠭᠠᠷᠴᠠᠭ ᠢ ᠪᠠᠶᠢᠭᠤᠯᠤᠨ᠎ᠠ᠃ ᠪᠣᠳᠠᠰ ᠤᠨ ᠪᠣᠰᠦ ᠰᠣᠶᠣᠯ ᠤᠨ ᠦᠪ ᠤᠨ ᠣᠯᠠᠮᠵᠢᠯᠠᠯᠲᠦ ᠣᠷᠠᠯᠠᠯ | ᠤᠨ ᠵᠦᠢᠯ ᠢ ᠪᠠᠶᠢᠴᠠᠭᠠᠨ ᠠᠭᠤᠳᠠᠯᠠᠬᠤ᠂ ᠬᠠᠮᠠᠭᠠᠯᠠᠨ ᠣᠯᠠᠮᠵᠢᠯᠠᠬᠤ ᠶᠢ ᠣᠯᠠᠮ ᠨᠢᠭᠡ ᠠᠯᠬᠤᠮ ᠴᠢᠩᠭᠠᠳᠬᠠᠨ᠂ | ᠣᠯᠠᠮᠵᠢᠯᠠᠯᠲᠦ ᠣᠷᠠᠯᠠᠯ ᠵᠦᠢᠯ ᠤᠨ ᠦᠢᠯᠡᠳᠪᠦᠷᠢᠯᠡᠯ ᠤᠨ ᠶᠠᠪᠣᠴᠠ᠂ ᠭᠤᠣᠯᠯᠠᠬᠤ ᠣᠷ᠎ᠠ ᠮᠡᠷᠭᠡᠵᠢᠯ᠂ ᠬᠡᠷᠡᠭᠰᠡᠬᠦ | ᠮᠠᠲ᠋ᠧᠷᠢᠶᠠᠯ ᠪᠠ ᠬᠤᠯᠪᠣᠭᠳᠠᠬᠤ ᠦᠢᠯᠡᠳᠭᠦᠨ ᠳᠤ ᠪᠦᠬᠦ ᠲᠠᠯ᠎ᠠ ᠶᠢᠨ ᠬᠠᠮᠠᠭᠠᠯᠠᠯᠲᠠ ᠪᠠ ᠳᠡᠮᠳᠡᠭᠯᠡᠯ ᠬᠢᠵᠦ᠂ ᠲᠡᠦᠭᠡᠨ | ᠦᠷᠳᠡᠭ ᠲᠠᠢ ᠪᠤᠯᠪᠠᠴᠤ ᠣᠳᠣᠬᠠᠨ ᠳᠤ ᠲᠦᠭᠰᠢᠭᠦᠷᠢᠲᠡᠢ ᠪᠠᠶᠢᠳᠠᠯ ᠳᠤ ᠣᠷᠣᠰᠢᠵᠦ ᠪᠠᠶᠢᠭ᠎ᠠ ᠣᠯᠠᠮᠵᠢᠯᠠᠯᠲᠦ ᠣᠷᠠᠯᠠᠯ | ᠤᠨ ᠵᠦᠢᠯ ᠳᠤ ᠠᠪᠣᠷᠠᠯᠲᠠ ᠶᠢᠨ ᠴᠢᠨᠠᠷᠲᠠᠢ ᠳᠡᠮᠳᠡᠭᠯᠡᠯ ᠬᠢᠵᠦ᠂ ᠬᠠᠮᠠᠭᠠᠯᠠᠬᠤ ᠪᠠ ᠣᠯᠠᠮᠵᠢᠯᠠᠬᠤ ᠠᠷᠭ᠎ᠠ ᠠᠪᠴᠠᠯ ᠢ | ᠬᠡᠷᠡᠭᠵᠢᠭᠦᠯᠦᠨ᠎ᠡ᠃ ᠦᠢᠯᠡᠳᠪᠦᠷᠢᠯᠡᠯ ᠤᠨ ᠴᠢᠨᠠᠷᠲᠠᠢ ᠬᠠᠮᠠᠭᠠᠯᠠᠯᠲᠠ ᠳᠤ ᠲᠣᠬᠢᠷᠠᠭᠰᠠᠨ᠂ ᠵᠣᠬᠢᠬᠤ ᠬᠡᠮᠵᠢᠶᠡᠨ ᠤ | ᠣᠯᠠᠮᠵᠢᠯᠠᠬᠤ ᠰᠠᠭᠤᠷᠢ ᠪᠠ ᠦᠢᠯᠡᠳᠪᠦᠷᠢᠯᠡᠯ ᠤᠨ ᠬᠡᠪᠴᠢᠶ᠎ᠡ ᠶᠢ ᠪᠦᠷᠢᠯᠳᠦᠭᠦᠯᠦᠭᠰᠡᠨ᠂ ᠬᠦᠭᠵᠢᠯᠲᠡ ᠶᠢᠨ ᠬᠠᠨᠳᠣᠰᠢ | ᠲᠠᠢ᠂ ᠠᠵᠢᠯ ᠣᠯᠭᠤᠬᠤ ᠶᠢ ᠲᠠᠶᠢᠴᠢᠯᠠᠬᠤ ᠳᠤ ᠠᠰᠢᠭᠲᠠᠢ ᠣᠯᠠᠮᠵᠢᠯᠠᠯᠲᠦ ᠣᠷᠠᠯᠠᠯ ᠤᠨ ᠵᠦᠢᠯ ᠢ ᠨᠢᠮᠪᠠᠢ ᠡᠮᠬᠢᠯᠡᠵᠦ | ᠦᠪᠡᠷᠳᠡᠭᠡᠨ ᠵᠠᠰᠠᠬᠤ ᠣᠷᠣᠨ ᠤ ᠣᠯᠠᠮᠵᠢᠯᠠᠯᠲᠦ ᠣᠷᠠᠯᠠᠯ ᠢ ᠰᠡᠷᠭᠦᠭᠡᠨ ᠬᠦᠭᠵᠢᠭᠦᠯᠬᠦ ᠭᠠᠷᠴᠠᠭ ᠢ ᠪᠠᠶᠢᠭᠤᠯᠣᠨ᠎ᠠ᠃ | ᠬᠦᠳᠡᠯᠥᠩᠭᠦᠢ ᠬᠠᠮᠢᠶᠠᠷᠣᠯᠲᠠ ᠶᠢ ᠬᠡᠷᠡᠭᠵᠢᠭᠦᠯᠵᠦ᠂ ᠡᠯ᠎ᠡ ᠭᠠᠵᠠᠷ ᠣᠷᠣᠨ ᠤ ᠱᠠᠲᠤ ᠱᠠᠲᠤᠨ ᠤ ᠪᠠᠨ ᠣᠯᠠᠮᠵᠢᠯᠠᠯᠲᠦ | ᠣᠷᠠᠯᠠᠯ ᠢ ᠰᠡᠷᠭᠦᠭᠡᠨ ᠬᠦᠭᠵᠢᠭᠦᠯᠬᠦ ᠭᠠᠷᠴᠠᠭ ᠢ ᠪᠠᠶᠢᠭᠤᠯᠬᠤ ᠶᠢ ᠵᠣᠷᠢᠭᠵᠢᠭᠤᠯᠣᠨ᠎ᠠ᠃ ᠰᠡᠷᠭᠦᠭᠡᠨ ᠬᠦᠭᠵᠢᠭᠦᠯᠬᠦ | ᠭᠠᠷᠴᠠᠭ ᠲᠤ ᠬᠠᠮᠤᠷᠤᠭᠳᠠᠭᠰᠠᠨ ᠵᠦᠢᠯ ᠳᠤ ᠴᠢᠬᠤᠯᠠ ᠲᠡᠮᠵᠢᠯᠡᠭᠡ ᠣᠯᠭᠤᠨ᠎ᠠ᠃ | ︵ ᠬᠤᠶᠠᠷ︶ ᠪᠣᠳᠠᠰ ᠤᠨ ᠪᠣᠰᠦ ᠰᠣᠶᠣᠯ ᠤᠨ ᠦᠪ ᠤᠨ ᠦᠢᠯᠡᠳᠪᠦᠷᠢᠯᠡᠯ ᠤᠨ ᠴᠢᠨᠠᠷᠲᠠᠢ ᠬᠠᠮᠠᠭᠠᠯᠠᠯᠲᠠ | ᠶᠢ ᠲᠦᠯᠬᠢᠨ ᠠᠬᠢᠭᠤᠯᠵᠦ᠂ ᠨᠢᠭᠡ ᠪᠦᠯᠦᠭ ᠦᠢᠯᠡᠳᠪᠦᠷᠢᠯᠡᠯ ᠤᠨ ᠴᠢᠨᠠᠷᠲᠠᠢ ᠬᠠᠮᠠᠭᠠᠯᠠᠯᠲᠠ ᠶᠢᠨ ᠵᠢᠱᠢᠶ᠎ᠡ ᠦᠵᠡᠬᠦᠯᠬᠦ | ᠰᠠᠭᠤᠷᠢᠨ ᠭᠠᠵᠠᠷ ᠢ ᠪᠣᠶᠢᠵᠢᠭᠤᠯᠵᠦ ᠨᠡᠷᠡᠶᠢᠳᠦᠨ᠎ᠡ᠃ ᠣᠯᠠᠮᠵᠢᠯᠠᠯᠲᠦ ᠣᠷᠠᠯᠠᠯ ᠤᠨ ᠵᠦᠢᠯ ᠲᠦᠪᠯᠡᠷᠡᠭᠰᠡᠨ ᠭᠠᠵᠠᠷ | ᠣᠷᠣᠨ ᠪᠠ ᠬᠤᠯᠪᠤᠭᠳᠠᠯ ᠪᠦᠬᠦᠢ ᠰᠣᠶᠣᠯ ᠤᠨ ᠠᠮᠢ ᠠᠬᠤᠢ ᠶᠢᠨ ᠣᠷᠣᠨ᠂ ᠵᠢᠭᠤᠯᠴᠢᠯᠠᠯ ᠤᠨ ᠦᠵᠡᠮᠵᠢ ᠶᠢᠨ | ᠣᠷᠣᠨ ᠳᠤ ᠨᠢᠭᠡ ᠪᠦᠯᠦᠭ ᠦᠢᠯᠡᠳᠪᠦᠷᠢᠯᠡᠯ ᠤᠨ ᠴᠢᠨᠠᠷᠲᠠᠢ ᠬᠠᠮᠠᠭᠠᠯᠠᠯᠲᠠ ᠶᠢᠨ ᠵᠢᠱᠢᠶ᠎ᠡ ᠦᠵᠡᠬᠦᠯᠬᠦ ᠰᠠᠭᠤᠷᠢᠨ | ᠭᠠᠵᠠᠷ ᠪᠠ ᠬᠠᠮᠠᠭᠠᠯᠠᠯᠲᠠ ᠶᠢᠨ ᠵᠦᠢᠯ ᠢ ᠪᠠᠶᠢᠭᠤᠯᠣᠨ᠎ᠠ᠃ ᠲᠣᠬᠠᠢ ᠶᠢᠨ ᠣᠷᠣᠨ ᠳᠤ ᠣᠯᠠᠮᠵᠢᠯᠠᠯᠲᠦ ᠣᠷᠠᠯᠠᠯ ᠤᠨ | ᠵᠢᠭᠠᠨ ᠰᠤᠷᠭᠠᠬᠤ ᠲᠠᠯᠠᠪᠣᠷ᠂ ᠣᠯᠠᠮᠵᠢᠯᠠᠬᠤ ᠡᠷᠦᠭᠡ᠂ ᠣᠯᠠᠮᠵᠢᠯᠠᠬᠤ ᠣᠯᠠᠭ᠎ᠠ ᠦᠷᠳᠡᠭᠡ ᠪᠠ ᠣᠯᠠᠮᠵᠢᠯᠠᠭᠴᠢ ᠶᠢᠨ | ᠠᠵᠢᠯᠯᠠᠬᠤ ᠲᠠᠰᠤᠭ ᠢ ᠬᠦᠭᠵᠢᠬᠦᠯᠵᠦ᠂ ᠣᠷᠣᠨ ᠨᠣᠳᠤᠭ᠂ ᠦᠨᠳᠦᠰᠦᠲᠡᠨ ᠤ ᠣᠨᠴᠠᠯᠢᠭ ᠪᠠ ᠵᠠᠬ᠎ᠠ ᠲᠡᠯᠭᠡᠭᠦᠷ ᠤᠨ | ᠨᠦᠭᠡᠴᠡ ᠪᠤᠯᠤᠯᠴᠠᠭ᠎ᠠ ᠲᠠᠢ ᠣᠯᠠᠮᠵᠢᠯᠠᠯᠲᠦ ᠣᠷᠠᠯᠠᠯ ᠤᠨ ᠵᠦᠢᠯ᠂ ᠦᠢᠯᠡᠳᠭᠦᠨ ᠪᠠ ᠲᠡᠮᠳᠡᠭᠲᠦ ᠶᠢ ᠭᠤᠤᠯᠳᠠᠯᠭ᠎ᠠ | ᠲᠠᠢ ᠬᠦᠮᠦᠵᠢᠬᠦᠯᠦᠨ ᠪᠤᠶᠢᠵᠢᠭᠤᠯᠵᠦ ᠪᠦᠳᠦᠭᠡᠨ ᠪᠠᠶᠢᠭᠤᠯᠣᠨ᠎ᠠ᠃ ᠦᠢᠯᠡᠳᠪᠦᠷᠢᠯᠡᠯ᠂ ᠬᠦᠢᠯᠭᠡᠭᠡᠨ᠂ | ᠪᠣᠷᠣᠯᠠᠭᠤᠯᠥᠯᠭᠠ ᠵᠡᠷᠭᠡ ᠠᠷᠭ᠎ᠠ ᠪᠠᠷᠢᠯ ᠢ ᠠᠰᠢᠭᠯᠠᠵᠤ ᠣᠯᠠᠮᠵᠢᠯᠠᠯᠲᠦ ᠣᠷᠠᠯᠠᠯ ᠤᠨ ᠠᠵᠦ ᠠᠬᠤᠢ ᠶᠢᠨ ᠦᠷ᠎ᠡ | ᠠᠰᠢᠭ ᠣᠯᠬᠤ ᠴᠢᠳᠠᠪᠦᠷᠢ ᠶᠢ ᠴᠢᠩᠭᠠᠳᠬᠠᠨ ᠣᠯᠠᠮᠵᠢᠯᠠᠭᠴᠢ ᠶᠢᠨ ᠣᠷᠣᠯᠭ᠎ᠠ ᠶᠢ ᠨᠡᠮᠡᠭᠳᠡᠭᠦᠯᠦᠨ᠎ᠡ᠃ ᠨᠡᠷᠡᠶᠢᠳᠦᠭᠰᠡᠨ | ᠦᠢᠯᠡᠳᠪᠦᠷᠢᠯᠡᠯ ᠤᠨ ᠴᠢᠨᠠᠷᠲᠠᠢ ᠬᠠᠮᠠᠭᠠᠯᠠᠯᠲᠠ ᠶᠢᠨ ᠵᠢᠱᠢᠶ᠎ᠡ ᠦᠵᠡᠬᠦᠯᠬᠦ ᠰᠠᠭᠤᠷᠢᠨ ᠭᠠᠵᠠᠷ ᠲᠤ ᠲᠡᠮᠵᠢᠯᠭᠡ | ᠣᠯᠭᠤᠨ᠎ᠠ᠃ | ︵ᠭᠤᠷᠪᠠ︶ ᠣᠯᠠᠮᠵᠢᠯᠠᠯᠲᠦ ᠣᠷᠠᠯᠠᠯ ᠤᠨ ᠣᠯᠠᠮᠵᠢᠯᠠᠭᠴᠢ ᠶᠢᠨ ᠡᠩᠨᠡᠭᠡ ᠶᠢᠨ ᠪᠦᠳᠦᠭᠡᠨ ᠪᠠᠶᠢᠭᠤᠯᠣᠯᠲᠠ ᠶᠢ | ᠴᠢᠩᠭᠠᠳᠬᠠᠨ᠎ᠠ᠃ ᠣᠯᠠᠮᠵᠢᠯᠠᠯᠲᠦ ᠣᠷ᠎ᠠ ᠴᠢᠳᠠᠪᠤᠷᠢ᠂ ᠣᠯᠠᠮᠵᠢᠯᠠᠯᠲᠦ ᠣᠷᠠᠨ ᠵᠢᠷᠤᠭ᠂ ᠣᠯᠠᠮᠵᠢᠯᠠᠯᠲᠦ ᠡᠮ ᠡᠮᠨᠡᠯᠭᠡ | ᠂ ᠡᠮ ᠨᠠᠶᠢᠷᠠᠭᠤᠯᠬᠤ ᠵᠡᠷᠭᠡ ᠣᠯᠠᠮᠵᠢᠯᠠᠯᠲᠦ ᠣᠷᠠᠯᠠᠯ ᠤᠨ ᠬᠤᠯᠪᠤᠭᠳᠠᠯ ᠪᠦᠬᠦᠢ ᠬᠦᠷᠢᠶᠡᠨ ᠳᠤ ᠬᠢ ᠣᠷ᠎ᠠ ᠮᠡᠷᠭᠡᠵᠢᠯ | ᠤᠬᠢ ᠰᠢᠯᠢᠳᠡᠭ᠂ ᠨᠦᠬᠦᠴᠡᠯ ᠳᠤ ᠨᠡᠶᠢᠴᠡᠬᠦ ᠢᠳᠡᠷ ᠵᠠᠯᠠᠭᠤ ᠣᠯᠠᠮᠵᠢᠯᠠᠭᠴᠢ ᠶᠢᠨ ᠮᠡᠳᠡᠭᠦᠯᠦᠯᠲᠡ ᠬᠢᠵᠦ ᠡᠯ᠎ᠡ ᠲᠡᠰ | ᠤᠨ ᠪᠣᠳᠠᠰ ᠤᠨ ᠪᠣᠰᠦ ᠰᠣᠶᠣᠯ ᠤᠨ ᠦᠪ ᠤᠨ ᠲᠦᠯᠦᠭᠡᠯᠡᠭᠴᠢ ᠵᠦᠢᠯ᠂ ᠲᠦᠯᠦᠭᠡᠯᠡᠭᠴᠢ ᠣᠯᠠᠮᠵᠢᠯᠠᠭᠴᠢ ᠶᠢᠨ | ᠡᠩᠨᠡᠭᠡ ᠳᠤ ᠤᠷᠤᠬᠤ ᠶᠢ ᠵᠤᠷᠢᠭᠵᠢᠭᠤᠯᠵᠤ᠂ ᠵᠣᠬᠢᠰᠲᠠᠢ ᠡᠩᠨᠡᠭᠡ ᠵᠢᠭᠰᠠᠭᠠᠯ ᠢ ᠪᠦᠷᠢᠯᠳᠦᠬᠦᠯᠦᠨ ᠵᠠᠯᠠᠭᠤ ᠦᠶ᠎ᠡ | ᠶᠢᠨ ᠬᠢᠨ ᠤ ᠣᠯᠠᠮᠵᠢᠯᠠᠯᠲᠦ ᠣᠷᠠᠯᠠᠯ ᠳᠤ ᠤᠷᠤᠯᠴᠠᠬᠤ ᠢᠳᠡᠪᠬᠢ ᠴᠢᠨᠠᠷ ᠢ ᠲᠠᠶᠢᠴᠢᠯᠠᠨ᠎ᠠ᠃ ᠬᠠᠮᠢᠶ᠎ᠠ ᠪᠦᠬᠦᠢ | ᠪᠠᠶᠢᠭᠤᠯᠣᠮᠵᠢ ᠪᠠ ᠠᠵᠦ ᠠᠬᠤᠶᠢᠯᠠᠯ ᠢ ᠲᠦᠰᠢᠨ ᠣᠯᠠᠮᠵᠢᠯᠠᠭᠴᠢ ᠳᠤ ᠰᠣᠳᠣᠯᠣᠨ ᠪᠤᠯᠪᠠᠰᠤᠷᠠᠬᠤ᠂ ᠰᠣᠳᠣᠯᠣᠨ | ᠰᠣᠷᠣᠯᠴᠠᠬᠤ ᠪᠠ ᠲᠠᠪᠲᠠᠨ ᠪᠤᠯᠪᠠᠰᠤᠷᠠᠬᠤ ᠵᠠᠪᠰᠢᠶᠠᠨ ᠢ ᠦᠷᠬᠦᠯᠵᠢᠯᠡᠨ ᠬᠠᠩᠭᠠᠵᠦ᠂ ᠰᠣᠷᠣᠯᠴᠠᠨ ᠰᠣᠯᠢᠯᠴᠠᠬᠤ | ᠲᠠᠪᠴᠠᠩ ᠢ ᠢᠳᠡᠪᠬᠢᠲᠠᠢ ᠪᠠᠶᠢᠭᠤᠯᠣᠨ᠎ᠠ᠃ ᠤᠯᠠᠮᠵᠢᠯᠠᠭᠴᠢᠳ ᠤᠨ ᠢᠳᠡᠪᠬᠢᠲᠡᠢ ᠰᠣᠷᠣᠯᠴᠠᠬᠤ ᠶᠢ ᠰᠠᠨᠠᠭᠠᠴᠢᠯᠠᠨ | ᠠᠵᠢᠯ ᠲᠦᠷᠦᠯ ᠤᠨ ᠬᠤᠭᠤᠷᠤᠨᠳᠤᠬᠢ ᠪᠣᠶᠦ ᠠᠵᠢᠯ ᠲᠦᠷᠦᠯ ᠠᠯᠣᠰᠯᠠᠭᠰᠠᠨ ᠰᠤᠯᠢᠯᠴᠠᠭ᠎ᠠ ᠶᠢ ᠵᠤᠷᠢᠭᠵᠢᠭᠤᠯᠵᠦ᠂ | ᠣᠷ᠎ᠠ ᠮᠡᠷᠭᠡᠵᠢᠯ ᠤᠨ ᠬᠢᠷᠢ ᠲᠦᠪᠰᠢᠨ ᠪᠤᠯᠤᠨ ᠣᠯᠠᠮᠵᠢᠯᠠᠬᠤ ᠴᠢᠳᠠᠪᠣᠷᠢ ᠶᠢ ᠨᠢ ᠳᠡᠭᠡᠭᠰᠢᠯᠡᠬᠦᠯᠦᠨ᠂ ᠣᠯᠠᠮᠵᠢᠯᠠᠬᠤ | ᠨᠦᠬᠡᠴᠡ ᠬᠦᠴᠦ ᠶᠢ ᠨᠢ ᠴᠢᠩᠭᠠᠳᠬᠠᠵᠦ᠂ ᠲᠠᠬᠢᠨ ᠪᠦᠳᠦᠭᠡᠬᠦ ᠴᠢᠳᠠᠪᠦᠷᠢ ᠶᠢ ᠨᠢ ᠲᠡᠭᠡᠭᠰᠢᠯᠡᠬᠦᠯᠦᠨ᠎ᠡ᠃ ᠲᠠᠯᠠᠪᠣᠷ | ᠬᠠᠩᠭᠠᠬᠤ᠂ ᠵᠠᠷᠣᠳᠠᠯ ᠲᠡᠳᠭᠦᠮᠵᠢ ᠬᠠᠩᠭᠠᠬᠤ ᠵᠡᠷᠭᠡ ᠲᠣᠰᠠᠲᠠᠢ ᠠᠷᠭ᠎ᠠ ᠵᠠᠮ ᠢᠶᠠᠷ ᠲᠠᠮᠵᠢᠭᠤᠯᠣᠨ᠂ ᠱᠠᠪᠢ ᠡᠯᠰᠡᠨ | ᠡᠷᠳᠡᠮ ᠰᠣᠷᠭᠠᠬᠤ᠂ ᠣᠬᠠᠭᠤᠯᠵᠦ ᠲᠡᠯᠭᠡᠨ ᠦᠵᠡᠬᠦᠯᠬᠦ᠂ ᠰᠣᠯᠢᠯᠴᠠᠨ ᠪᠣᠯᠪᠠᠰᠣᠷᠠᠬᠤ ᠵᠡᠷᠭᠡ ᠣᠯᠠᠮᠵᠢᠯᠠᠯᠲᠦ ᠣᠷᠠᠯᠠᠯ | ᠤᠨ ᠤᠯᠠᠮᠵᠢᠯᠠᠨ ᠰᠤᠷᠬᠤ ᠬᠦᠳᠡᠯᠭᠡᠭᠡᠨ ᠢ ᠦᠷᠨᠢᠬᠦᠯᠬᠦ ᠳᠤ ᠲᠡᠮᠵᠢᠯᠭᠡ ᠬᠠᠩᠭᠠᠨ᠎ᠠ᠃ | ︵ᠲᠦᠷᠪᠡ︶ ᠣᠯᠠᠮᠵᠢᠯᠠᠯᠲᠦ ᠣᠷᠠᠯᠠᠯ ᠤᠨ ᠠᠵᠢᠯ ᠤᠨ ᠦᠷᠳᠡᠭᠡ ᠪᠠᠶᠢᠭᠤᠯᠤᠨ᠎ᠠ᠃ ᠦᠪᠡᠷᠳᠡᠭᠡᠨ ᠵᠠᠰᠠᠬᠤ | ᠣᠷᠣᠨ ᠤ ᠰᠣᠶᠣᠯ ᠤᠨ ᠲᠢᠩᠬᠢᠮ ᠲᠣᠯᠣᠭᠠᠶᠢᠯᠠᠨ ᠡᠯ᠎ᠡ ᠬᠠᠮᠢᠶ᠎ᠠ ᠪᠦᠬᠦᠢ ᠰᠠᠯᠠᠭ᠎ᠠ ᠮᠦᠴᠢᠷ ᠢ ᠵᠤᠬᠢᠴᠠᠭᠤᠯᠵᠤ᠂ | ᠣᠯᠠᠮᠵᠢᠯᠠᠯᠲᠦ ᠣᠷᠠᠯᠠᠯ ᠤᠨ ᠡᠬᠢ ᠪᠠᠶᠠᠯᠢᠭ ᠪᠠ ᠲᠦᠰᠦᠯ ᠢ ᠨᠢᠭᠡᠳᠭᠡᠨ᠂ ᠬᠠᠮᠢᠶ᠎ᠠ ᠪᠦᠬᠦᠢ ᠪᠠᠶᠢᠭᠤᠯᠣᠮᠵᠢ᠂ ᠠᠵᠦ | ᠠᠬᠤᠶᠢᠯᠠᠯ ᠪᠠ ᠣᠯᠠᠮᠵᠢᠯᠠᠭᠴᠢ ᠶᠢ ᠬᠤᠯᠪᠤᠭᠠᠯᠠᠵᠦ᠂ ᠦᠪᠡᠷᠳᠡᠭᠡᠨ ᠵᠠᠰᠠᠬᠤ ᠣᠷᠣᠨ ᠤ ᠣᠯᠠᠮᠵᠢᠯᠠᠯᠲᠦ ᠣᠷᠠᠯᠠᠯ ᠤᠨ | ᠠᠵᠢᠯ ᠤᠨ ᠦᠷᠳᠡᠭᠡ ᠶᠢ ᠪᠠᠶᠢᠭᠤᠯᠤᠨ᠂ ᠣᠯᠠᠮᠵᠢᠯᠠᠯᠲᠦ ᠣᠷᠠᠯᠠᠯ ᠤᠨ ᠵᠦ᠋ᠶᠢᠯ ᠢ ᠬᠠᠮᠠᠭᠠᠯᠠᠨ ᠤᠯᠠᠮᠵᠢᠯᠠᠬᠤ᠂ | ᠣᠬᠠᠭᠤᠯᠣᠨ ᠪᠣᠯᠪᠠᠰᠣᠷᠠᠭᠤᠯᠬᠤ᠂ ᠰᠣᠳᠣᠯᠣᠨ ᠬᠦᠭᠵᠢᠬᠦᠯᠬᠦ᠂ ᠰᠣᠯᠢᠯᠴᠠᠨ ᠬᠤᠷᠰᠢᠬᠤ᠂ ᠲᠡᠯᠭᠡᠨ ᠦᠵᠡᠭᠦᠯᠬᠦ᠂ | ᠦᠢᠯᠡᠳᠦᠨ ᠪᠣᠷᠣᠯᠠᠭᠤᠯᠬᠤ ᠵᠡᠷᠭᠡ ᠠᠵᠢᠯᠯᠠᠭ᠎ᠠ ᠶᠢ ᠦᠷᠨᠢᠬᠦᠯᠵᠦ᠂ ᠦᠢᠯᠡᠴᠢᠭᠡᠨ ᠤ ᠬᠠᠮᠢᠶᠠᠷᠣᠯᠲᠠ ᠶᠢᠨ ᠲᠠᠪᠴᠠᠩ | ᠢ ᠪᠠᠶᠢᠭᠤᠯᠤᠨ᠂ ᠣᠯᠠᠮᠵᠢᠯᠠᠯᠲᠦ ᠣᠷᠠᠯᠠᠯ ᠤᠨ ᠠᠵᠦ ᠠᠬᠤᠶᠢᠯᠠᠯ᠂ ᠲᠦᠷᠦᠯ ᠵᠦᠢᠯ ᠪᠠ ᠣᠯᠠᠮᠵᠢᠯᠠᠭᠴᠢ ᠳᠤ | ᠮᠡᠷᠭᠡᠵᠢᠯ ᠤᠨ ᠵᠢᠯᠣᠭᠤᠳᠣᠯᠭ᠎ᠠ᠂ ᠰᠣᠷᠠᠭ ᠵᠠᠩᠬᠢ ᠶᠢᠨ ᠯᠠᠪᠯᠠᠯᠲᠠ᠂ ᠭᠠᠳᠠᠭᠠᠲᠦ ᠳᠤ ᠲᠡᠯᠭᠡᠷᠡᠭᠦᠯᠦᠨ ᠲᠠᠨᠢᠯᠴᠠᠭᠤᠯᠬᠤ | ᠵᠡᠷᠭᠡ ᠦᠢᠯᠡᠴᠢᠯᠡᠭᠡᠨ ᠢ ᠬᠠᠩᠭᠠᠨ᠎ᠠ᠃ ᠡᠯ᠎ᠡ ᠠᠶᠢᠮᠠᠭ ᠬᠤᠲᠠ ᠵᠢᠴᠢ ᠣᠯᠠᠮᠵᠢᠯᠠᠯᠲᠦ ᠣᠷᠠᠯᠠᠯ ᠨᠡᠯᠢᠶᠡᠳ | ᠲᠦᠪᠯᠡᠷᠡᠭᠰᠡᠨ ᠭᠠᠵᠠᠷ ᠣᠷᠣᠨ ᠳᠤ ᠰᠠᠯᠠᠭ᠎ᠠ ᠦᠷᠳᠡᠭᠡ ᠪᠠᠶᠢᠭᠤᠯᠵᠦ᠂ ᠡᠯ᠎ᠡ ᠭᠠᠵᠠᠷ ᠣᠷᠣᠨ ᠤ ᠣᠯᠠᠮᠵᠢᠯᠠᠯᠲᠦ | ᠣᠷᠠᠯᠠᠯ ᠤᠨ ᠬᠠᠮᠠᠭᠠᠯᠠᠯᠲᠠ ᠪᠠ ᠣᠯᠠᠮᠵᠢᠯᠠᠯ ᠢ ᠵᠣᠬᠢᠴᠠᠭᠤᠯᠣᠨ ᠵᠢᠯᠤᠭᠤᠳᠴᠤ᠂ ᠪᠦᠬᠦ ᠣᠷᠣᠨ ᠤ ᠣᠯᠠᠮᠵᠢᠯᠠᠯᠲᠦ | ᠣᠷᠠᠯᠠᠯ ᠤᠨ ᠲᠦᠰᠦᠯ ᠪᠠ ᠦᠢᠯᠡᠰ ᠤᠨ ᠬᠦᠭᠵᠢᠯᠲᠡ ᠶᠢ ᠠᠬᠢᠭᠤᠯᠣᠨ᠎ᠠ᠃ | ︵ᠲᠠᠪᠤ︶ ᠣᠯᠠᠮᠵᠢᠯᠠᠯᠲᠦ ᠣᠷᠠᠯᠠᠯ ᠲᠠᠢ ᠬᠤᠯᠪᠣᠭᠳᠠᠬᠤ ᠰᠢᠨᠵᠢᠯᠡᠬᠦ ᠣᠬᠠᠭᠠᠨ ᠤ ᠰᠠᠯᠪᠣᠷᠢ ᠶᠢᠨ ᠪᠦᠳᠦᠭᠡᠨ | ᠪᠠᠶᠢᠭᠤᠯᠣᠯᠲᠠ ᠪᠠ ᠣᠨᠣᠯ ᠮᠡᠷᠭᠡᠵᠢᠯ ᠤᠨ ᠰᠣᠳᠣᠯᠭᠠᠨ ᠢ ᠴᠢᠩᠭᠠᠳᠬᠠᠵᠦ᠂ ᠣᠯᠠᠮᠵᠢᠯᠠᠯᠲᠦ ᠣᠷᠠᠯᠠᠯ ᠤᠨ | ᠦᠢᠯᠡᠳᠭᠦᠨ ᠢ ᠲᠦᠯᠦᠪᠯᠡᠬᠦ᠂ ᠦᠢᠯᠡᠳᠬᠦ ᠬᠢᠷᠢ ᠲᠦᠪᠰᠢᠨ ᠢ ᠲᠡᠭᠡᠭᠰᠢᠯᠡᠭᠦᠯᠦᠨ᠎ᠡ᠃ ᠨᠦᠬᠦᠴᠡᠯ ᠢ | ᠪᠦᠷᠢᠯᠳᠦᠭᠦᠯᠦᠭᠰᠡᠨ ᠲᠡᠭᠡᠲᠦ ᠰᠣᠷᠭᠠᠭᠤᠯᠢ ᠪᠠ ᠲᠤᠰᠬᠠᠢ ᠮᠡᠷᠭᠡᠵᠢᠯ ᠤᠨ ᠰᠣᠷᠭᠠᠭᠤᠯᠢ ᠶᠢᠨ ᠦᠪᠡᠷ ᠤᠨ ᠪᠣᠲᠠᠲᠦ | ᠪᠠᠶᠢᠳᠠᠯ ᠪᠠ ᠵᠠᠬ᠎ᠠ ᠲᠡᠯᠭᠡᠭᠦᠷ ᠤᠨ ᠬᠡᠷᠡᠭᠴᠡᠭᠡ ᠶᠢ ᠦᠨᠳᠣᠰᠦᠯᠡᠨ ᠣᠯᠠᠮᠵᠢᠯᠠᠯᠲᠦ ᠣᠷᠠᠯᠠᠯ ᠲᠠᠢ ᠬᠤᠯᠪᠣᠭᠳᠠᠬᠤ | ᠲᠤᠰᠬᠠᠢ ᠮᠡᠷᠭᠡᠵᠢᠯ ᠪᠠ ᠬᠢᠴᠢᠶᠡᠯ ᠢ ᠨᠡᠭᠡᠭᠡᠵᠦ᠂ ᠣᠯᠠᠮᠵᠢᠯᠠᠯᠲᠦ ᠣᠷᠠᠯᠠᠯ ᠤᠨ ᠣᠨᠣᠯ ᠤᠨ ᠰᠣᠳᠣᠯᠭᠠᠨ ᠪᠠ | ᠲᠤᠰᠬᠠᠢ ᠮᠡᠷᠭᠡᠵᠢᠯ ᠤᠨ ᠴᠢᠳᠠᠪᠣᠷᠢᠲᠠᠨ ᠤ ᠬᠦᠮᠦᠵᠢᠬᠦᠯᠦᠯ ᠢ ᠴᠢᠩᠭᠠᠳᠬᠠᠬᠤ ᠶᠢ ᠲᠡᠮᠵᠢᠨ᠎ᠡ᠃ ᠲᠡᠭᠡᠲᠦ | ᠰᠣᠷᠭᠠᠭᠤᠯᠢ ᠪᠠ ᠲᠤᠰᠬᠠᠢ ᠮᠡᠷᠭᠡᠵᠢᠯ ᠤᠨ ᠰᠣᠷᠭᠠᠭᠤᠯᠢ ᠶᠢᠨ ᠣᠯᠠᠮᠵᠢᠯᠠᠭᠴᠢ᠂ ᠭᠠᠷ ᠦᠢᠯᠡᠳᠪᠦᠷᠢ ᠶᠢᠨ ᠶᠡᠭᠡ | ᠤᠷᠠᠯᠢᠭᠴᠢᠨ ᠢ ᠲᠠᠳᠠᠨ ᠣᠷᠣᠭᠤᠯᠬᠤ ᠶᠢ ᠵᠣᠷᠢᠭᠵᠢᠭᠤᠯᠵᠦ᠂ ᠣᠯᠠᠮᠵᠢᠯᠠᠯᠲᠦ ᠣᠷᠠᠯᠠᠯ ᠤᠨ ᠲᠤᠰᠬᠠᠢ ᠮᠡᠷᠭᠡᠵᠢᠯ ᠤᠨ | ᠵᠢᠭᠠᠨ ᠰᠤᠷᠭᠠᠯᠲᠠ ᠪᠠ ᠰᠤᠳᠤᠯᠭᠠᠨ ᠤ ᠬᠢᠷᠢ ᠲᠦᠪᠰᠢᠨ ᠢ ᠣᠯᠠᠮ ᠨᠢᠭᠡ ᠠᠯᠬᠤᠮ ᠲᠡᠭᠡᠭᠰᠢᠯᠡᠭᠦᠯᠦᠨ᠎ᠡ᠃ | ᠣᠯᠠᠮᠵᠢᠯᠠᠯᠲᠦ ᠣᠷᠠᠯᠠᠯ ᠪᠠ ᠣᠳᠣᠬᠢ ᠲᠧᠭᠨᠢᠭ ᠮᠡᠷᠭᠡᠵᠢᠯ᠂ ᠣᠷᠠᠯᠠᠯ ᠤᠨ ᠣᠷᠭᠠᠨᠢᠭ ᠠᠭᠤᠰᠣᠯᠴᠠᠯ ᠢ ᠰᠦᠪᠡᠭᠴᠢᠯᠡᠨ | ᠮᠠᠲ᠋ᠧᠷᠢᠶᠠᠯ ᠢᠶᠠᠨ ᠰᠠᠶᠢᠵᠢᠷᠠᠭᠤᠯᠵᠤ᠂ ᠦᠢᠯᠡᠳᠪᠦᠷᠢᠯᠡᠯ ᠢᠶᠠᠨ ᠰᠢᠨᠡᠴᠢᠯᠡᠨ᠂ ᠪᠦᠬᠦᠶᠢᠯᠡ ᠶᠠᠰᠦ ᠴᠢᠨᠠᠷ ᠢ | ᠲᠡᠭᠡᠭᠰᠢᠯᠡᠭᠦᠯᠵᠦ᠂ ᠣᠯᠠᠮᠵᠢᠯᠠᠯᠲᠦ ᠣᠷᠠᠯᠠᠯ ᠢ ᠨᠡᠩ ᠰᠠᠶᠢᠨ ᠢᠶᠠᠷ ᠣᠳᠣᠬᠢ ᠠᠮᠢᠳᠣᠷᠠᠯ ᠳᠤ ᠠᠭᠤᠰᠣᠨ | ᠣᠷᠣᠭᠤᠯᠣᠨ᠎ᠠ᠃ ᠣᠯᠠᠮᠵᠢᠯᠠᠯᠲᠦ ᠣᠷᠠᠯᠠᠯ ᠳᠤ ᠬᠤᠯᠪᠣᠭᠳᠠᠬᠤ ᠲᠣᠰᠬᠠᠢ ᠪᠦᠳᠦᠭᠡᠯ᠂ ᠣᠷᠴᠢᠭᠤᠯᠭ᠎ᠠ ᠶᠢᠨ ᠪᠦᠳᠦᠭᠡᠯ | ᠂ ᠵᠢᠷᠣᠭᠲᠦ ᠲᠡᠪᠲᠡᠷ ᠵᠡᠷᠭᠡ ᠰᠣᠳᠣᠯᠭᠠᠨ ᠪᠠ ᠦᠢᠯᠡᠳᠦᠯᠭᠡ ᠶᠢᠨ ᠦᠷ᠎ᠡ ᠪᠦᠳᠦᠭᠡᠯ ᠢ ᠬᠡᠪᠯᠡᠬᠦ ᠶᠢ ᠵᠣᠷᠢᠭᠵᠢᠭᠤᠯᠣᠨ᠎ᠠ | ᠃ ᠣᠯᠠᠮᠵᠢᠯᠠᠯᠲᠦ ᠣᠷᠠᠯᠠᠯ ᠤᠨ ᠪᠠᠷᠠᠭᠠᠨ ᠤ ᠲᠡᠮᠳᠡᠭ᠂ ᠬᠤᠳᠠᠯᠳᠣᠭᠠᠨ ᠤ ᠨᠢᠭᠤᠴᠠ᠂ ᠣᠶᠣᠨ ᠤ ᠦᠮᠴᠢ ᠶᠢᠨ | ᠡᠷᠬᠡ ᠪᠠ ᠰᠢᠨ᠎ᠡ ᠶᠢ ᠡᠭᠦᠳᠦᠭᠰᠡᠨ ᠦᠷ᠎ᠡ ᠪᠦᠳᠦᠭᠡᠯ ᠳᠤ ᠬᠢ ᠬᠠᠮᠠᠭᠠᠯᠠᠯᠲᠠ ᠶᠢ ᠴᠢᠩᠭᠠᠳᠬᠠᠨ ᠣᠯᠠᠮᠵᠢᠯᠠᠭᠴᠢ᠂ | ᠬᠤᠯᠪᠤᠭᠳᠠᠯ ᠪᠦᠬᠦᠢ ᠠᠵᠦ ᠠᠬᠤᠶᠢᠯᠠᠯ᠂ ᠪᠠᠶᠢᠭᠤᠯᠭ᠎ᠠ ᠵᠡᠷᠭᠡ ᠣᠯᠠᠮᠵᠢᠯᠠᠯᠲᠦ ᠣᠷᠠᠯᠠᠯ ᠢ ᠡᠵᠡᠩᠨᠡᠭᠴᠢ ᠶᠢᠨ ᠬᠠᠦᠯᠢ | ᠶᠣᠰᠣᠨ ᠤ ᠡᠷᠬᠡ ᠠᠰᠢᠭ ᠢ ᠬᠠᠮᠠᠭᠠᠯᠠᠨ᠎ᠠ᠃ | ︵ᠵᠢᠷᠭᠤᠭ᠎ᠠ︶ ᠣᠯᠠᠮᠵᠢᠯᠠᠯᠲᠦ ᠣᠷᠠᠯᠠᠯ ᠢ ᠣᠬᠠᠭᠤᠯᠣᠨ ᠰᠣᠷᠳᠠᠯᠴᠢᠯᠠᠬᠤ᠂ ᠲᠡᠯᠭᠡᠭᠡᠨ ᠦᠵᠡᠬᠦᠯᠬᠦ᠂ | ᠪᠣᠷᠣᠯᠠᠭᠤᠯᠬᠤ ᠠᠷᠭ᠎ᠠ ᠵᠠᠮ ᠢ ᠦᠷᠭᠡᠳᠬᠡᠨ᠎ᠡ᠃ ᠣᠯᠠᠮᠵᠢᠯᠠᠯᠲᠦ ᠣᠷᠠᠯᠠᠯ ᠤᠨ ᠲᠦᠪᠯᠡᠷᠡᠭᠰᠡᠨ ᠭᠠᠵᠠᠷ ᠣᠷᠣᠨ᠂ | ᠲᠡᠦᠭᠡ ᠰᠣᠶᠣᠯ ᠤᠨ ᠵᠡᠬᠡᠯᠢ ᠲᠤᠭᠤᠷᠢᠭ᠂ ᠵᠢᠭᠤᠯᠴᠢᠯᠠᠯ ᠤᠨ ᠣᠷᠣᠨ ᠳᠤ ᠣᠯᠠᠮᠵᠢᠯᠠᠯᠲᠦ ᠣᠷᠠᠯᠠᠯ ᠤᠨ | ᠦᠢᠯᠡᠳᠭᠦᠨ ᠢ ᠳᠡᠯᠭᠡᠨ ᠦᠵᠡᠬᠦᠯᠬᠦ᠂ ᠲᠡᠯᠭᠡᠨ ᠪᠣᠷᠣᠯᠠᠭᠤᠯᠬᠤ ᠲᠠᠯᠠᠪᠣᠷ ᠪᠠᠶᠢᠭᠤᠯᠬᠤ ᠶᠢ ᠵᠤᠷᠢᠭᠵᠢᠭᠤᠯᠵᠤ᠂ | ᠦᠨᠳᠦᠰᠦᠲᠡᠨ ᠤ ᠪᠣᠶᠦ ᠭᠠᠵᠠᠷ ᠣᠷᠣᠨ ᠤ ᠣᠨᠴᠠᠯᠢᠭ ᠲᠠᠢ ᠣᠯᠠᠮᠵᠢᠯᠠᠯᠲᠦ ᠣᠷᠠᠯᠠᠯ ᠤᠨ ᠦᠢᠯᠡᠳᠭᠦᠨ ᠢ | ᠲᠦᠪᠯᠡᠷᠡᠭᠦᠯᠦᠨ ᠲᠡᠯᠭᠡᠨ ᠦᠵᠡᠬᠦᠯᠬᠦ᠂ ᠤᠬᠠᠭᠤᠯᠤᠨ ᠰᠤᠷᠲᠠᠯᠴᠢᠯᠠᠵᠤ᠂ ᠲᠡᠯᠭᠡᠷᠡᠭᠦᠯᠦᠨ ᠲᠠᠨᠢᠯᠴᠠᠭᠤᠯᠵᠦ᠂ | ᠣᠯᠠᠮᠵᠢᠯᠠᠯᠲᠦ ᠣᠷᠠᠯᠠᠯ ᠪᠠ ᠵᠢᠭᠤᠯᠴᠢᠯᠠᠯ ᠤᠨ ᠵᠠᠬ᠎ᠠ ᠲᠡᠯᠭᠡᠭᠦᠷ ᠤᠨ ᠣᠶᠠᠯᠳᠣᠯ ᠢ ᠲᠦᠯᠬᠢᠨ ᠠᠬᠢᠭᠤᠯᠣᠨ᠎ᠠ᠃ | ᠣᠯᠣᠰ ᠤᠨ ᠰᠣᠶᠣᠯ ᠪᠠ ᠪᠠᠶᠢᠭᠠᠯᠢ ᠶᠢᠨ ᠦᠪ ᠤᠨ ᠡᠳᠦᠷ᠂ ᠦᠪᠡᠷᠳᠡᠭᠡᠨ ᠵᠠᠰᠠᠬᠤ ᠣᠷᠣᠨ ᠤ ᠲᠠᠯ᠎ᠠ ᠨᠣᠳᠤᠭ ᠤᠨ | ᠰᠣᠶᠣᠯ ᠤᠨ ᠦᠪ ᠤᠨ ᠡᠳᠦᠷ᠂ ᠪᠣᠳᠠᠰ ᠤᠨ ᠪᠣᠰᠦ ᠰᠣᠶᠣᠯ ᠤᠨ ᠦᠪ᠂ ᠵᠢᠭᠤᠯᠴᠢᠯᠠᠯ ᠵᠡᠷᠭᠡ ᠬᠤᠯᠪᠤᠭᠳᠠᠯ | ᠪᠦᠬᠦᠢ ᠪᠠᠶᠠᠷ ᠨᠠᠭᠠᠳᠤᠮ᠂ ᠬᠤᠷᠠᠯ ᠴᠤᠭᠯᠠᠭᠠᠨ ᠳᠡᠭᠡᠷ᠎ᠡ ᠣᠯᠠᠮᠵᠢᠯᠠᠯᠲᠦ ᠣᠷᠠᠯᠠᠯ ᠤᠨ ᠲᠣᠰᠬᠠᠢ ᠣᠷᠣᠨ | ᠪᠠᠶᠢᠭᠤᠯᠣᠨ᠎ᠠ᠃ ᠡᠯ᠎ᠡ ᠵᠦᠢᠯ ᠤᠨ ᠪᠣᠳᠠᠰ ᠤᠨ ᠪᠣᠰᠦ ᠦᠪ ᠤᠨ ᠦᠵᠡᠬᠦᠯᠬᠡ ᠪᠠ ᠣᠯᠠᠮᠵᠢᠯᠠᠯᠲᠦ ᠣᠷᠠᠯᠠᠯ ᠤᠨ | ᠦᠵᠡᠭᠦᠯᠭᠡ ᠶᠢ ᠶᠠᠪᠣᠭᠳᠠᠭᠤᠯᠣᠨ ᠣᠯᠠᠮᠵᠢᠯᠠᠯᠲᠦ ᠣᠷᠠᠯᠠᠯ ᠳᠤ ᠨᠡᠩ ᠣᠯᠠᠨ ᠲᠡᠯᠭᠡᠨ ᠦᠵᠡᠭᠦᠯᠬᠦ᠂ ᠰᠤᠯᠢᠯᠴᠠᠬᠤ | ᠲᠠᠪᠴᠠᠩ ᠢ ᠪᠠᠶᠢᠭᠤᠯᠣᠨ᠎ᠠ᠃ ᠬᠤᠳᠠᠯᠳᠣᠭᠠᠨ ᠤ ᠰᠦᠯᠵᠢᠶᠡᠨ ᠤ ᠦᠷᠳᠡᠭᠡ ᠪᠠ ᠬᠤᠯᠪᠤᠭᠳᠠᠯ ᠪᠦᠬᠦᠢ ᠲᠣᠰᠬᠠᠢ | ᠮᠡᠷᠭᠡᠵᠢᠯ ᠤᠨ ᠰᠦᠯᠵᠢᠶᠡᠨ ᠤ ᠦᠷᠳᠡᠭᠡᠨ ᠤ ᠰᠦᠯᠵᠢᠶ᠎ᠡ ᠪᠠᠷ ᠪᠣᠷᠣᠯᠠᠭᠤᠯᠬᠤ ᠲᠠᠪᠴᠠᠩ ᠪᠠᠶᠢᠭᠤᠯᠬᠤ ᠶᠢ | ᠵᠣᠷᠢᠭᠵᠢᠭᠤᠯᠵᠦ ᠣᠯᠠᠮᠵᠢᠯᠠᠯᠲᠦ ᠣᠷᠠᠯᠠᠯ ᠤᠨ ᠦᠢᠯᠡᠳᠭᠦᠨ ᠢ ᠲᠡᠯᠭᠡᠷᠡᠭᠦᠯᠦᠨ ᠲᠠᠨᠢᠯᠴᠠᠭᠤᠯᠬᠤ ᠶᠢ ᠳᠡᠮᠵᠢᠨ᠎ᠡ᠃ | ︵ᠲᠣᠯᠤᠭ᠎ᠠ︶ ᠨᠡᠶᠢᠭᠡᠮ ᠤᠨ ᠣᠬᠠᠭᠤᠯᠣᠯ ᠰᠣᠷᠳᠠᠯᠴᠢᠯᠠᠯ ᠪᠠ ᠲᠦᠬᠡᠮᠡᠯᠵᠢᠯᠡᠬᠦᠯᠬᠦ ᠰᠣᠷᠭᠠᠨ ᠬᠦᠮᠦᠵᠢᠯ ᠢ | ᠠᠬᠢᠭᠤᠯᠤᠨ᠎ᠠ᠃ ᠣᠯᠠᠮᠵᠢᠯᠠᠯᠲᠦ ᠣᠷᠠᠯᠠᠯ ᠤᠨ ᠨᠡᠶᠢᠭᠡᠮ ᠳᠡᠭᠡᠷᠡᠬᠢ ᠰᠣᠷᠳᠠᠯᠴᠢᠯᠠᠯ ᠤᠨ ᠬᠦᠴᠦᠯᠡᠴᠡ ᠶᠢ | ᠨᠡᠮᠡᠭᠳᠡᠭᠦᠯᠵᠦ ᠵᠠᠭᠤᠴᠢᠯᠠᠭᠤᠷ᠂ ᠨᠡᠶᠢᠲᠡ ᠶᠢᠨ ᠬᠠᠯᠠᠮᠵᠢ ᠶᠢᠨ ᠵᠠᠷ᠂ ᠨᠢᠰᠭᠡᠯ ᠤᠨ ᠲᠠᠯᠠᠪᠣᠷ᠂ ᠲᠡᠷᠭᠡᠨ ᠤ ᠦᠷᠳᠡᠭᠡ᠂ | ᠰᠣᠶᠣᠯ ᠤᠨ ᠲᠠᠯᠠᠪᠣᠷ ᠤᠨ ᠨᠡᠶᠢᠲᠡ ᠶᠢᠨ ᠣᠷᠣᠨ ᠵᠠᠢ ᠶᠢ ᠠᠰᠢᠭᠯᠠᠵᠦ᠂ ᠣᠯᠠᠮᠵᠢᠯᠠᠯᠲᠦ ᠣᠷᠠᠯᠠᠯ ᠤᠨ ᠨᠡᠶᠢᠲᠡ ᠶᠢᠨ | ᠬᠠᠯᠠᠮᠵᠢ ᠶᠢᠨ ᠣᠬᠠᠭᠤᠯᠣᠯ ᠰᠣᠷᠳᠠᠯᠴᠢᠯᠠᠯ ᠢ ᠦᠷᠨᠢᠬᠦᠯᠦᠨ᠂ ᠣᠯᠠᠮᠵᠢᠯᠠᠯᠲᠦ ᠣᠷᠠᠯᠠᠯ ᠤᠨ ᠨᠡᠶᠢᠭᠡᠮ ᠤᠨ ᠨᠦᠯᠦᠭᠡ | ᠪᠠ ᠣᠯᠠᠨ ᠲᠦᠮᠡᠨ ᠤ ᠲᠠᠨᠢᠨ ᠮᠡᠳᠡᠬᠦᠢ ᠬᠢᠷᠢ ᠲᠦᠪᠰᠢᠨ ᠶᠢ ᠦᠷᠭᠡᠳᠬᠡᠵᠦ ᠂ ᠣᠷᠣᠨ ᠨᠣᠳᠤᠭ ᠤᠨ ᠰᠣᠶᠣᠯ | ᠤᠨ ᠡᠬᠢ ᠪᠠᠶᠠᠯᠢᠭ ᠪᠠ ᠰᠣᠶᠣᠯ ᠤᠨ ᠲᠡᠮᠳᠡᠭᠲᠦ ᠶᠢ ᠣᠬᠠᠭᠤᠯᠣᠨ ᠰᠣᠷᠳᠠᠯᠴᠢᠯᠠᠵᠦ ᠳᠡᠯᠭᠡᠨ ᠦᠵᠡᠭᠦᠯᠦᠨ᠎ᠡ᠃ | ᠲᠧᠯᠸᠢᠰ᠂ ᠲᠣᠣᠷ ᠰᠦᠯᠵᠢᠶ᠎ᠡ ᠵᠡᠷᠭᠡ ᠵᠠᠭᠤᠴᠢᠯᠠᠭᠤᠷ ᠤᠨ ᠡᠯᠪᠡᠭ ᠪᠠᠶᠠᠯᠢᠭ ᠠᠭᠤᠯᠭ᠎ᠠ ᠲᠠᠢ ᠣᠯᠠᠮᠵᠢᠯᠠᠯᠲᠦ ᠣᠷᠠᠯᠠᠯ | ᠤᠨ ᠫᠷᠦᠭᠷᠡᠮ ᠭᠠᠷᠭᠠᠬᠤ ᠶᠢ ᠵᠣᠷᠢᠭᠵᠢᠭᠤᠯᠣᠨ᠎ᠠ᠃ ᠣᠯᠠᠮᠵᠢᠯᠠᠯᠲᠦ ᠣᠷᠠᠯᠠᠯ ᠤᠨ ᠪᠠᠷᠢᠮᠳᠠᠲᠦ ᠺᠢᠨᠣ᠋᠂ ᠵᠢᠭᠠᠨ | ᠰᠤᠷᠭᠠᠬᠤ ᠺᠢᠨᠣ᠋ ᠪᠠ ᠣᠬᠠᠭᠤᠯᠣᠯ ᠰᠣᠷᠳᠠᠯᠴᠢᠯᠠᠯ ᠤᠨ ᠺᠢᠨᠣ᠋ ᠶᠢ ᠰᠡᠭᠦᠳᠡᠷᠯᠡᠨ ᠵᠢᠷᠣᠭᠯᠠᠬᠤ ᠪᠠ ᠤᠷᠴᠢᠭᠤᠯᠬᠤ᠂ | ᠮᠡᠳᠡᠯᠭᠡ ᠶᠢᠨ ᠲᠠᠷᠬᠠᠭᠠᠯᠲᠠ ᠲᠦᠭᠡᠮᠡᠯᠵᠢᠭᠦᠯᠦᠯ ᠪᠠ ᠣᠷ᠎ᠠ ᠴᠢᠳᠠᠪᠦᠷᠢ ᠶᠢᠨ ᠰᠣᠯᠢᠯᠴᠠᠭ᠎ᠠ ᠶᠢ ᠠᠬᠢᠭᠤᠯᠣᠨ᠂ ᠣᠯᠠᠨ | ᠨᠡᠶᠢᠲᠡ ᠶᠢᠨ ᠣᠯᠠᠮᠵᠢᠯᠠᠯᠲᠦ ᠣᠷᠠᠯᠠᠯ ᠤᠨ ᠮᠡᠳᠡᠯᠭᠡ ᠶᠢ ᠰᠣᠷᠣᠯᠴᠠᠬᠤ ᠳᠤ ᠳᠦᠬᠦᠮ ᠦᠵᠡᠬᠦᠯᠦᠨ᠎ᠡ᠃ ᠡᠯ᠎ᠡ ᠬᠠᠮᠢᠶ᠎ᠠ | ᠪᠦᠬᠦᠢ ᠰᠠᠯᠠᠭ᠎ᠠ ᠮᠦᠴᠢᠷ ᠪᠠ ᠨᠡᠶᠢᠭᠡᠮ ᠤᠨ ᠵᠤᠬᠢᠶᠠᠨ ᠪᠠᠶᠢᠭᠤᠯᠣᠯᠲᠠ ᠶᠢᠨ ᠣᠯᠠᠮᠵᠢᠯᠠᠯᠲᠦ ᠣᠷᠠᠯᠠᠯ ᠳᠤ | ᠬᠤᠯᠪᠣᠭᠳᠠᠬᠤ ᠬᠦᠳᠡᠯᠭᠡᠭᠡᠨ ᠳᠤ ᠢᠳᠡᠪᠬᠢᠲᠠᠢ ᠣᠷᠣᠯᠴᠠᠬᠤ ᠪᠣᠶᠦ ᠵᠤᠬᠢᠶᠠᠨ ᠪᠠᠶᠢᠭᠤᠯᠬᠤ ᠶᠢ ᠵᠣᠷᠢᠭᠵᠢᠭᠤᠯᠵᠦ᠂ | ᠡᠯ᠎ᠡ ᠱᠠᠲᠤᠨ ᠤ ᠨᠡᠶᠢᠲᠡ ᠶᠢᠨ ᠰᠣᠶᠣᠯ ᠤᠨ ᠪᠠᠶᠢᠭᠤᠯᠣᠮᠵᠢ ᠶᠢᠨ ᠦᠢᠯᠡᠳᠦᠯ ᠢ ᠬᠦᠢᠴᠡᠳ ᠪᠠᠳᠠᠷᠠᠭᠤᠯᠤᠨ᠂ ᠨᠡᠶᠢᠲᠡ | ᠶᠢᠨ ᠰᠣᠶᠣᠯ ᠦᠢᠯᠡᠴᠢᠯᠡᠭᠡᠨ ᠤ ᠲᠠᠯᠠᠪᠣᠷ ᠲᠤ ᠲᠦᠰᠢᠭᠯᠡᠨ᠂ ᠲᠤᠭᠤᠷᠢᠭ ᠲᠤ ᠴᠢᠭᠯᠡᠭᠰᠡᠨ ᠣᠯᠠᠮᠵᠢᠯᠠᠯᠲᠦ ᠣᠷᠠᠯᠠᠯ | ᠤᠨ ᠦᠵᠡᠬᠦᠯᠬᠡ᠂ ᠪᠡᠶᠡᠲᠡᠨ ᠣᠶᠢᠯᠠᠭᠠᠬᠤ᠂ ᠵᠢᠭᠠᠨ ᠰᠤᠷᠭᠠᠬᠤ᠂ ᠢᠯᠡᠳᠭᠡᠯ᠂ ᠪᠣᠯᠪᠠᠰᠣᠷᠠᠬᠤ ᠵᠡᠷᠭᠡ ᠡᠯ᠎ᠡ ᠲᠦᠷᠦᠯ | ᠤᠨ ᠬᠦᠳᠡᠯᠭᠡᠭᠡᠨ ᠢ ᠢᠳᠡᠪᠬᠢᠲᠡᠢ ᠦᠷᠨᠢᠬᠦᠯᠵᠦ᠂ ᠡᠯ᠎ᠡ ᠱᠠᠲᠤᠨ ᠤ ᠨᠡᠶᠢᠲᠡ ᠶᠢᠨ ᠰᠣᠶᠣᠯ ᠤᠨ ᠪᠠᠶᠢᠭᠤᠯᠣᠮᠵᠢ ᠶᠢ | ᠣᠯᠠᠮᠵᠢᠯᠠᠯᠲᠦ ᠣᠷᠠᠯᠠᠯ ᠢ ᠲᠦᠭᠡᠮᠡᠯᠵᠢᠭᠦᠯᠦᠨ ᠲᠡᠯᠭᠡᠷᠡᠭᠦᠯᠬᠦ ᠴᠢᠬᠤᠯᠠ ᠪᠠᠬᠢᠯᠡᠯᠲᠡ ᠶᠢᠨ ᠭᠠᠵᠠᠷ ᠪᠣᠯᠭᠠᠨ᠂ ᠠᠷᠠᠳ | ᠣᠯᠠᠨ ᠤ ᠰᠣᠶᠣᠯ ᠤᠨ ᠠᠮᠢᠳᠣᠷᠠᠯ ᠢ ᠡᠯᠪᠡᠭᠵᠢᠭᠦᠯᠵᠦ᠂ ᠣᠯᠠᠮᠵᠢᠯᠠᠯᠲᠦ ᠣᠷᠠᠯᠠᠯ ᠳᠤ ᠬᠢ ᠨᠡᠶᠢᠭᠡᠮ ᠤᠨ ᠡᠨᠡᠭᠰᠢᠯ ᠢ | ᠴᠢᠩᠭᠠᠳᠬᠠᠨ᠎ᠠ᠃ ᠪᠣᠳᠠᠰ ᠤᠨ ᠪᠣᠰᠦ ᠰᠣᠶᠣᠯ ᠤᠨ ᠦᠪ ᠤᠨ ᠰᠣᠷᠭᠠᠭᠤᠯᠢ ᠶᠢᠨ ᠬᠦᠷᠢᠶᠡᠨ ᠳᠤ ᠣᠷᠣᠬᠤ ᠵᠡᠷᠭᠡ | ᠬᠦᠳᠡᠯᠭᠡᠭᠡᠨ ᠢ ᠦᠷᠭᠦᠯᠵᠢᠯᠡᠨ ᠦᠷᠨᠢᠭᠦᠯᠦᠨ᠎ᠡ᠃ ᠣᠯᠠᠮᠵᠢᠯᠠᠯᠲᠦ ᠣᠷᠠᠯᠠᠯ ᠢ ᠲᠡᠭᠡᠲᠦ ᠰᠣᠷᠭᠠᠭᠤᠯᠢ ᠶᠢᠨ ᠰᠣᠶᠣᠯ | ᠪᠣᠯᠪᠠᠰᠣᠷᠠᠯ ᠤᠨ ᠴᠢᠨᠰᠠᠭ᠎ᠠ ᠶᠢᠨ ᠬᠢᠴᠢᠶᠡᠯ ᠪᠠ ᠳᠤᠮᠳᠠᠳᠤ ᠪᠠᠭ᠎ᠠ ᠰᠣᠷᠭᠠᠭᠤᠯᠢ ᠶᠢᠨ ᠬᠢᠴᠢᠶᠡᠯ ᠤᠨ ᠭᠠᠳᠠᠨᠠᠬᠢ | ᠵᠢᠭᠠᠨ ᠰᠣᠷᠭᠠᠬᠤ ᠬᠦᠳᠡᠯᠭᠡᠭᠡᠨ ᠳᠤ ᠣᠷᠣᠭᠤᠯᠣᠨ᠎ᠠ᠃ ᠶᠡᠭᠡ ᠳᠤᠮᠳᠠᠳᠤ ᠪᠠᠭ᠎ᠠ ᠰᠣᠷᠭᠠᠭᠤᠯᠢ ᠶᠢᠨ ᠣᠷᠣᠨ ᠨᠣᠳᠤᠭ | ᠤᠨ ᠣᠨᠴᠠᠯᠢᠭ᠂ ᠦᠨᠳᠦᠰᠦᠲᠡᠨ ᠤ ᠣᠨᠴᠠᠯᠢᠭ ᠢ ᠬᠠᠷᠠᠭᠤᠯᠣᠭᠰᠨ ᠣᠯᠠᠮᠵᠢᠯᠠᠯᠲᠦ ᠣᠷᠠᠯᠠᠯ ᠤᠨ ᠪᠡᠶᠡᠲᠡᠨ | ᠣᠶᠢᠯᠭᠠᠬᠤ ᠪᠠ ᠣᠷᠣᠯᠳᠣᠭᠠᠨ ᠢ ᠵᠣᠬᠢᠶᠠᠨ ᠪᠠᠶᠢᠭᠤᠯᠵᠦ᠂ ᠦᠷᠨᠢᠬᠦᠯᠬᠦ ᠶᠢ ᠲᠡᠮᠵᠢᠵᠦ᠂ ᠵᠠᠯᠠᠭᠤ ᠪᠠᠭᠠᠴᠤᠳ ᠤᠨ | ᠭᠠᠷ ᠬᠦᠳᠡᠯᠬᠦ ᠴᠢᠳᠠᠪᠦᠷᠢ ᠪᠠ ᠪᠦᠳᠦᠭᠡᠬᠦ ᠴᠢᠳᠠᠪᠦᠷᠢ ᠶᠢ ᠲᠡᠭᠡᠭᠰᠢᠯᠡᠬᠦᠯᠵᠦ᠂ ᠣᠯᠠᠮᠵᠢᠯᠠᠯᠲᠦ ᠰᠣᠶᠣᠯ ᠳᠤ ᠬᠢ | ᠲᠠᠨᠢᠨ ᠮᠡᠳᠡᠬᠦᠢ ᠶᠢ ᠭᠦᠨᠵᠡᠭᠡᠶᠢᠷᠡᠭᠦᠯᠦᠨ᠎ᠡ᠃ | | ᠲᠦᠷᠪᠡ᠂ ᠪᠠᠳᠣᠯᠠᠭ᠎ᠠ ᠶᠢᠨ ᠠᠷᠭ᠎ᠠ ᠬᠡᠮᠵᠢᠶ᠎ᠡ | ︵ᠨᠢᠭᠡ︶ ᠨᠢᠭᠡᠲᠦᠯᠲᠡᠢ ᠲᠦᠯᠦᠪᠯᠡᠵᠦ ᠨᠡᠶᠢᠲᠡ ᠳᠤ ᠨᠢ ᠬᠠᠷᠠᠭᠠᠯᠵᠠᠬᠤ ᠶᠢ ᠴᠢᠩᠭᠠᠳᠬᠠᠨ᠎ᠠ᠃ ᠡᠯ᠎ᠡ ᠭᠠᠵᠠᠷ | ᠣᠷᠣᠨ ᠰᠣᠶᠣᠯ᠂ ᠠᠵᠦ ᠠᠬᠤᠢ ᠪᠠ ᠰᠣᠷᠠᠭ ᠵᠠᠩᠬᠢᠴᠢᠯᠠᠯᠲᠠ᠂ ᠡᠳ᠋ ᠤᠨ ᠵᠠᠰᠠᠭ᠂ ᠰᠢᠨᠵᠢᠯᠡᠬᠦ ᠣᠬᠠᠭᠠᠨ ᠮᠡᠷᠭᠡᠵᠢᠯ | ᠂ ᠰᠣᠷᠭᠠᠨ ᠬᠦᠮᠦᠵᠢᠯ᠂ ᠬᠦᠮᠦᠨ ᠤ ᠬᠦᠴᠦᠨ ᠤ ᠡᠬᠢ ᠪᠠᠶᠠᠯᠢᠭ᠂ ᠨᠡᠶᠢᠭᠡᠮ ᠤᠨ ᠪᠠᠳᠣᠯᠠᠭ᠎ᠠ᠂ ᠣᠷᠴᠢᠨ ᠲᠤᠭᠤᠷᠢᠨ | ᠢ ᠬᠠᠮᠠᠭᠠᠯᠠᠬᠤ᠂ ᠣᠢ ᠰᠢᠭᠤᠢ ᠶᠢᠨ ᠦᠢᠯᠡᠰ᠂ ᠲᠠᠷᠢᠶᠠᠯᠠᠬᠤ ᠮᠠᠯᠵᠢᠬᠤ ᠦᠢᠯᠡᠰ᠂ ᠣᠷᠣᠨ ᠰᠠᠭᠤᠴᠠ ᠬᠤᠳᠠ | ᠬᠦᠳᠡᠭᠡ ᠶᠢᠨ ᠪᠦᠳᠦᠭᠡᠨ ᠪᠠᠶᠢᠭᠤᠯᠥᠯᠲᠠ᠂ ᠮᠦᠩᠭᠦᠨ ᠬᠦᠢᠯᠭᠡᠭᠡᠨ᠂ ᠵᠢᠭᠤᠯᠴᠢᠯᠠᠯ᠂ ᠦᠢᠯᠡᠳᠪᠦᠷᠢ ᠬᠤᠳᠠᠯᠳᠤᠭ᠎ᠠ᠂ | ᠰᠣᠨᠢᠨ ᠬᠡᠪᠯᠡᠯ ᠷᠠᠳᠢᠣ᠋ ᠲᠧᠯᠸᠢᠰ᠂ ᠶᠠᠳᠠᠭᠤ ᠶᠢ ᠲᠡᠳᠭᠦᠭᠦ᠂ ᠵᠡᠮᠳᠡᠭᠴᠣᠳ ᠤᠨ ᠬᠤᠯᠪᠣᠭ᠎ᠠ ᠵᠡᠷᠭᠡ ᠰᠠᠯᠠᠭ᠎ᠠ ᠮᠦᠴᠢᠷ | ᠢ ᠨᠢᠭᠡᠳᠦᠯᠲᠡᠢ ᠲᠦᠯᠦᠪᠯᠡᠨ ᠵᠣᠬᠢᠴᠠᠭᠤᠯᠵᠦ᠂ ᠰᠣᠶᠣᠯ ᠤᠨ ᠦᠢᠯᠡᠰ ᠪᠠ ᠰᠣᠶᠣᠯ ᠤᠨ ᠠᠵᠦ ᠦᠢᠯᠡᠳᠪᠦᠷᠢ᠂ | ᠨᠠᠷᠢᠨ ᠤᠨᠤᠪᠴᠢᠲᠠᠢ ᠪᠠᠷ ᠶᠠᠳᠠᠭᠤ ᠶᠢ ᠲᠡᠳᠭᠦᠭᠦ᠂ ᠰᠢᠨ᠎ᠡ ᠬᠦᠳᠡᠭᠡ ᠲᠣᠰᠬᠤᠨ᠂ ᠰᠢᠨ᠎ᠡ ᠮᠠᠯᠵᠢᠬᠤ ᠣᠷᠣᠨ ᠤ | ᠪᠦᠳᠦᠭᠡᠨ ᠪᠠᠶᠢᠭᠤᠯᠣᠯᠲᠠ᠂ ᠦᠨᠳᠦᠰᠦᠲᠡᠨ ᠤ ᠣᠯᠠᠮᠵᠢᠯᠠᠯᠲᠦ ᠭᠠᠷ ᠣᠷᠠᠯᠠᠯ ᠵᠢᠴᠢ ᠣᠨᠴᠠᠯᠢᠭᠲᠣ ᠭᠠᠴᠠᠭ᠎ᠠ | ᠪᠠᠯᠭᠠᠰᠣ ᠶᠢᠨ ᠬᠠᠮᠠᠭᠠᠯᠠᠯᠲᠠ ᠪᠤᠯᠤᠨ ᠬᠦᠭᠵᠢᠯᠲᠡ᠂ ᠣᠯᠠᠮᠵᠢᠯᠠᠯᠲᠦ ᠠᠶᠢᠯ ᠲᠣᠰᠬᠤᠨ ᠤ ᠬᠠᠮᠠᠭᠠᠯᠠᠯᠲᠠ᠂ | ᠦᠵᠡᠰᠭᠦᠯᠡᠩᠲᠦ ᠬᠦᠳᠡᠭᠡ ᠲᠣᠰᠬᠤᠨ ᠤ ᠪᠦᠳᠦᠭᠡᠨ ᠪᠠᠶᠢᠭᠤᠯᠣᠯᠲᠠ᠂ ᠲᠡᠬᠦᠯᠳᠡᠷ ᠵᠢᠭᠤᠯᠴᠢᠯᠠᠯ ᠵᠡᠷᠭᠡ ᠠᠵᠢᠯ ᠢ | ᠤᠶᠠᠯᠳᠤᠭᠤᠯᠵᠤ ᠬᠦᠭᠵᠢᠬᠦᠯᠦᠨ ᠴᠡᠴᠡᠭᠯᠡᠬᠦᠯᠵᠦ᠂ ᠣᠯᠠᠮᠵᠢᠯᠠᠯᠲᠦ ᠣᠷᠠᠯᠠᠯ ᠢ ᠰᠡᠷᠭᠦᠭᠡᠨ ᠮᠠᠨᠳᠣᠭᠤᠯᠬᠤ ᠳᠤ | ᠲᠣᠰᠠᠲᠠᠢ ᠠᠷᠭ᠎ᠠ ᠵᠠᠮ ᠢ ᠢᠳᠡᠪᠬᠢᠲᠡᠢ ᠰᠦᠪᠡᠭᠴᠢᠯᠡᠬᠦ ᠶᠢ ᠲᠡᠭᠡᠲᠦ ᠬᠡᠮᠵᠢᠶ᠎ᠡ ᠪᠠᠷ ᠴᠢᠬᠤᠯᠠᠴᠢᠯᠠᠬᠤ ᠬᠡᠷᠡᠭᠲᠠᠢ᠃ | ᠬᠦᠳᠡᠭᠡ ᠲᠤᠰᠬᠤᠨ ᠮᠠᠯᠵᠢᠬᠤ ᠣᠷᠣᠨ ᠤ ᠢᠯᠡᠭᠦᠴᠡ ᠬᠦᠳᠡᠯᠮᠦᠷᠢ ᠶᠢᠨ ᠬᠦᠴᠦ᠂ ᠬᠤᠲᠠ ᠶᠢᠨ ᠠᠵᠢᠯ ᠠᠴᠠ | ᠪᠠᠭᠤᠭᠰᠠᠨ ᠠᠵᠢᠯᠲᠠᠨ᠂ ᠬᠤᠲᠠ ᠬᠦᠳᠡᠭᠡ ᠶᠢᠨ ᠵᠡᠮᠳᠡᠭᠴᠣᠳ᠂ ᠨᠣᠳᠤᠭ ᠲᠤ ᠪᠠᠨ ᠪᠤᠴᠠᠭᠰᠠᠨ᠂ ᠬᠦᠳᠡᠭᠡ | ᠪᠠᠭᠤᠭᠰᠠᠨ ᠠᠵᠢᠯ ᠦᠢᠯᠡᠰ ᠡᠬᠢᠯᠡᠬᠦᠯᠬᠦ᠂ ᠰᠢᠨ᠎ᠡ ᠶᠢ ᠡᠭᠦᠳᠬᠦ ᠬᠦᠮᠦᠰ᠂ ᠦᠨᠳᠦᠰᠦᠲᠡᠨ ᠤ ᠣᠷᠣᠨ ᠤ ᠣᠯᠠᠨ | ᠲᠦᠮᠡᠨ ᠳᠤ ᠴᠢᠭᠯᠡᠬᠦᠯᠦᠭᠰᠡᠨ ᠭᠠᠷ ᠣᠷᠠᠯᠠᠯ ᠤᠨ ᠴᠢᠳᠠᠪᠦᠷᠢ ᠶᠢᠨ ᠪᠣᠯᠪᠠᠰᠣᠷᠠᠯ ᠢ ᠦᠷᠭᠡᠨ ᠢᠶᠠᠷ ᠦᠷᠨᠢᠬᠦᠯᠵᠦ᠂ | ᠲᠡᠳᠡᠨᠣᠰ ᠤᠨ ᠣᠯᠠᠮᠵᠢᠯᠠᠯᠲᠦ ᠣᠷᠠᠯᠠᠯ ᠤᠨ ᠦᠢᠯᠡᠳᠪᠦᠷᠢᠯᠡᠯ ᠬᠢᠬᠦ ᠶᠢ ᠵᠣᠷᠢᠭᠵᠢᠭᠤᠯᠣᠨ᠎ᠠ᠃ ᠪᠣᠳᠠᠰ ᠤᠨ ᠪᠣᠰᠦ | ᠰᠣᠶᠣᠯ ᠤᠨ ᠦᠪ ᠤᠨ ᠦᠢᠯᠡᠳᠪᠦᠷᠢᠯᠡᠯ ᠤᠨ ᠴᠢᠨᠠᠷᠲᠠᠢ ᠬᠠᠮᠠᠭᠠᠯᠠᠯᠲᠠ ᠶᠢᠨ ᠵᠢᠱᠢᠶ᠎ᠡ ᠦᠵᠡᠬᠦᠯᠬᠦ ᠰᠠᠭᠤᠷᠢᠨ | ᠭᠠᠵᠠᠷ ᠤᠨ ᠦᠯᠢᠭᠡᠷ ᠳᠠᠭᠤᠷᠢᠶᠠᠯ ᠪᠣᠯᠵᠦ ᠵᠠᠮᠴᠢᠯᠠᠨ ᠤᠳᠤᠷᠢᠳᠬᠤ ᠦᠢᠯᠡᠳᠦᠯ ᠢᠶᠠᠨ ᠪᠠᠳᠠᠷᠠᠭᠤᠯᠬᠤ ᠶᠢ | ᠬᠦᠲᠦᠯᠦᠨ᠎ᠡ᠃ | ︵ᠬᠤᠶᠠᠷ︶ ᠲᠦᠷᠦ ᠶᠢᠨ ᠪᠣᠳᠣᠯᠭ᠎ᠠ ᠶᠢ ᠬᠡᠷᠡᠭᠵᠢᠭᠦᠯᠵᠦ ᠳᠡᠮᠵᠢᠨ᠎ᠡ᠃ ᠡᠯ᠎ᠡ ᠱᠠᠲᠤᠨ ᠤ ᠡᠳ᠋ ᠤᠨ ᠵᠠᠰᠠᠭ | ᠣᠯᠠᠮᠵᠢᠯᠠᠯᠲᠦ ᠰᠣᠶᠣᠯ ᠪᠠ ᠣᠯᠠᠮᠵᠢᠯᠠᠯᠲᠦ ᠣᠷᠠᠯᠠᠯ ᠢ ᠲᠡᠮᠵᠢᠬᠦ ᠬᠦᠴᠦᠯᠡᠴᠡ ᠪᠠᠨ ᠨᠡᠮᠡᠭᠳᠡᠬᠦᠯᠦᠨ ᠣᠯᠠᠮᠵᠢᠯᠠᠯᠲᠦ | ᠣᠷᠠᠯᠠᠯ ᠢ ᠰᠡᠷᠭᠦᠭᠡᠨ ᠬᠦᠭᠵᠢᠭᠦᠯᠬᠦ᠂ ᠵᠠᠮᠴᠢᠯᠠᠨ ᠤᠳᠤᠷᠢᠳᠬᠤ ᠪᠡᠯᠡ ᠮᠦᠩᠭᠦ ᠶᠢ ᠪᠠᠶᠢᠭᠤᠯᠵᠦ᠂ ᠲᠦᠷᠢᠮ | ᠲᠣᠭᠳᠠᠭᠠᠯ ᠳᠤ ᠨᠡᠶᠢᠴᠡᠭᠰᠡᠨ ᠮᠦᠷᠳᠡᠭᠡᠨ ᠦᠨᠳᠦᠰᠦᠲᠡᠨ ᠤ᠂ ᠭᠠᠵᠠᠷ ᠣᠷᠣᠨ ᠤ ᠣᠨᠴᠠᠯᠢᠭ ᠪᠠ ᠬᠦᠭᠵᠢᠯᠲᠡ ᠶᠢᠨ | ᠨᠦᠭᠡᠴᠡ ᠴᠢᠳᠠᠯ ᠲᠠᠢ ᠣᠯᠠᠮᠵᠢᠯᠠᠯᠲᠦ ᠣᠷᠠᠯᠠᠯ ᠤᠨ ᠵᠦᠢᠯ ᠳᠤ ᠵᠣᠬᠢᠬᠤ ᠬᠡᠮᠵᠢᠶᠡᠨ ᠤ ᠲᠡᠮᠵᠢᠯᠭᠡ ᠣᠯᠭᠤᠨ᠎ᠠ᠃ | ᠶᠠᠳᠠᠭᠤ ᠬᠦᠴᠢᠷᠲᠠᠢ ᠣᠷᠣᠨ ᠤ ᠣᠯᠠᠮᠵᠢᠯᠠᠯᠲᠦ ᠣᠷᠠᠯᠠᠯ ᠤᠨ ᠵᠦᠢᠯ ᠢ ᠬᠦᠭᠵᠢᠬᠦᠯᠬᠦ ᠳᠤ ᠬᠠᠪᠰᠣᠷᠣᠮᠵᠢ ᠣᠯᠭᠤᠨ᠎ᠠ᠃ | ᠲᠡᠭᠡᠲᠦ ᠰᠣᠷᠭᠠᠭᠤᠯᠢ ᠶᠢᠨ ᠣᠯᠠᠮᠵᠢᠯᠠᠯᠲᠦ ᠣᠷᠠᠯᠠᠯ ᠤᠨ ᠰᠠᠯᠪᠦᠷᠢ ᠠᠴᠠ ᠲᠡᠭᠦᠰᠦᠭᠰᠡᠨ ᠰᠣᠷᠣᠭᠴᠢ ᠶᠢᠨ | ᠣᠯᠠᠮᠵᠢᠯᠠᠯᠲᠦ ᠣᠷᠠᠯᠠᠯ ᠤᠨ ᠠᠵᠢᠯ ᠦᠢᠯᠡᠰ ᠢ ᠡᠬᠢᠯᠡᠬᠦᠯᠬᠦ ᠂ ᠰᠢᠨ᠎ᠡ ᠶᠢ ᠡᠭᠦᠳᠬᠦ ᠶᠢ ᠦᠷᠨᠢᠬᠦᠯᠬᠦ ᠳᠤ ᠲᠡᠮᠵᠢᠯᠭᠡ | ᠣᠯᠭᠤᠨ᠎ᠠ᠃ ᠣᠯᠠᠮᠵᠢᠯᠠᠯᠲᠦ ᠣᠷᠠᠯᠠᠯ ᠤᠨ ᠣᠬᠠᠭᠤᠯᠣᠨ ᠰᠤᠷᠲᠠᠯᠴᠢᠯᠠᠬᠤ᠂ ᠲᠡᠯᠭᠡᠨ ᠦᠵᠡᠬᠦᠯᠬᠦ᠂ ᠵᠢᠭᠠᠨ | ᠰᠣᠷᠭᠠᠬᠤ ᠪᠣᠯᠪᠠᠰᠣᠷᠠᠯ ᠤᠨ ᠰᠠᠭᠤᠷᠢ ᠲᠦᠭᠦᠭᠡᠷᠦᠮᠵᠢ ᠶᠢᠨ ᠪᠦᠳᠦᠭᠡᠨ ᠪᠠᠶᠢᠭᠤᠯᠣᠯᠲᠠ ᠶᠢ ᠴᠢᠩᠭᠠᠳᠬᠠᠬᠤ ᠶᠢᠨ | ᠬᠠᠮᠲᠦ ︽13 ·5 ᠵᠢᠯ ᠤᠨ ᠲᠦᠯᠦᠪᠵᠢᠬᠦᠯᠭᠡ︾ ᠶᠢᠨ ᠬᠤᠭᠤᠴᠠᠭᠠᠨ ᠤ ᠰᠣᠶᠣᠯ ᠵᠢᠭᠤᠯᠴᠢᠯᠠᠯ ᠤᠨ | ᠳᠡᠭᠡᠭᠰᠢᠯᠡᠬᠦᠯᠦᠯᠲᠡ ᠶᠢᠨ ᠢᠨᠵᠧᠷᠨ᠋ᠷᠡᠭ ᠲᠤ ᠬᠠᠮᠦᠷᠣᠨ ᠣᠷᠣᠭᠤᠯᠣᠨ᠎ᠠ᠃ ᠣᠯᠠᠮᠵᠢᠯᠠᠯᠲᠦ ᠣᠷᠠᠯᠠᠯ ᠤᠨ ᠠᠵᠦ | ᠠᠬᠤᠶᠢᠯᠠᠯ ᠤᠳᠤᠬᠢ ᠪᠠᠭ᠎ᠠ ᠵᠢᠵᠢᠭ ᠠᠵᠦ ᠠᠬᠤᠶᠢᠯᠠᠯ ᠪᠠ ᠲᠡᠭᠡᠲᠦ ᠰᠢᠨ᠎ᠡ ᠮᠡᠷᠭᠡᠵᠢᠯ ᠤᠨ ᠠᠵᠦ ᠠᠬᠤᠶᠢᠯᠠᠯ ᠵᠡᠷᠭᠡ | ᠭᠠᠶᠢᠯᠢ ᠲᠠᠳᠠᠪᠣᠷᠢ ᠶᠢᠨ ᠬᠦᠩᠭᠡᠯᠡᠯᠲᠡ ᠶᠢᠨ ᠲᠦᠷᠦ ᠶᠢᠨ ᠪᠤᠳᠤᠯᠭ᠎ᠠ ᠶᠢᠨ ᠨᠦᠬᠦᠴᠡᠯ ᠳᠤ ᠨᠡᠶᠢᠴᠡᠪᠡᠯ ᠲᠣᠭᠳᠠᠭᠠᠯ | ᠢᠶᠠᠷ ᠭᠠᠶᠢᠯᠢ ᠲᠠᠳᠠᠪᠣᠷᠢ ᠶᠢᠨ ᠬᠦᠩᠭᠡᠯᠡᠯᠲᠡ ᠶᠢᠨ ᠲᠦᠷᠦ ᠶᠢᠨ ᠪᠣᠳᠣᠯᠭ᠎ᠠ ᠶᠢ ᠬᠦᠷᠳᠡᠵᠦ ᠪᠣᠯᠣᠨ᠎ᠠ᠃ | ︵ᠭᠤᠷᠪᠠ︶ ᠮᠦᠩᠭᠦᠨ ᠭᠦᠢᠯᠭᠡᠭᠡᠨ ᠤ ᠦᠢᠯᠡᠴᠢᠯᠡᠯᠭᠡ ᠶᠢ ᠴᠢᠩᠭᠠᠳᠬᠠᠨ᠎ᠠ᠃ ᠣᠯᠠᠮᠵᠢᠯᠠᠯᠲᠦ ᠣᠷᠠᠯᠠᠯ ᠤᠨ | ᠠᠵᠦ ᠠᠬᠤᠶᠢᠯᠠᠯ ᠤᠨ ᠳᠠᠯᠲᠠ ᠬᠦᠷᠦᠩᠭᠡ ᠶᠢᠨ ᠦᠨᠡᠯᠡᠯᠭᠡ ᠶᠢᠨ ᠵᠡᠷᠴᠢᠮ ᠤᠨ ᠰᠢᠰᠲ᠋ᠧᠮ ᠢ ᠰᠦᠪᠡᠭᠴᠢᠯᠡᠨ | ᠪᠠᠶᠢᠭᠤᠯᠵᠤ᠂ ᠨᠦᠬᠦᠴᠡᠯ ᠳᠤ ᠨᠡᠶᠢᠴᠡᠬᠦ ᠣᠯᠠᠮᠵᠢᠯᠠᠯᠲᠦ ᠣᠷᠠᠯᠠᠯ ᠤᠨ ᠠᠵᠦ ᠠᠬᠤᠶᠢᠯᠠᠯ ᠤᠨ ᠬᠦᠷᠦᠩᠭᠡ ᠶᠢ | ᠴᠣᠭᠯᠠᠭᠤᠯᠣᠨ ᠬᠦᠭᠵᠢᠬᠦᠯᠬᠦ ᠶᠢ ᠲᠡᠮᠵᠢᠨ᠎ᠡ᠃ ᠮᠦᠩᠭᠦᠨ ᠬᠦᠢᠯᠭᠡᠭᠡᠨ ᠤ ᠪᠠᠶᠢᠭᠤᠯᠣᠮᠵᠢ ᠶᠢᠨ ᠣᠯᠠᠮᠵᠢᠯᠠᠯᠲᠦ | ᠣᠷᠠᠯᠠᠯ ᠤᠨ ᠠᠵᠦ ᠠᠬᠤᠶᠢᠯᠠᠯ ᠤᠨ ᠣᠨᠴᠠᠯᠢᠭ ᠲᠤ ᠲᠣᠬᠢᠷᠠᠭᠰᠠᠨ ᠮᠦᠩᠭᠦᠨ ᠬᠦᠢᠯᠭᠡᠭᠡᠨ ᠤ ᠪᠦᠳᠦᠭᠡᠭᠳᠡᠭᠦᠨ ᠪᠠ | ᠦᠢᠯᠡᠴᠢᠯᠡᠭᠡ ᠶᠢ ᠨᠡᠭᠡᠭᠡᠨ ᠬᠦᠭᠵᠢᠬᠦᠯᠬᠦ ᠶᠢ ᠵᠣᠷᠢᠭᠵᠢᠭᠤᠯᠵᠦ᠂ ᠣᠯᠠᠮᠵᠢᠯᠠᠯᠲᠦ ᠣᠷᠠᠯᠠᠯ ᠤᠨ ᠠᠵᠦ ᠠᠬᠤᠶᠢᠯᠠᠯ ᠳᠤ | ᠬᠢ ᠪᠡᠯᠡ ᠣᠷᠣᠭᠤᠯᠣᠯᠲᠠ᠂ ᠬᠦᠷᠦᠩᠭᠡ ᠴᠣᠭᠯᠠᠭᠤᠯᠣᠯᠲᠠ ᠪᠠ ᠦᠢᠯᠡᠴᠢᠯᠡᠭᠡ ᠪᠠᠨ ᠴᠢᠩᠭᠠᠳᠬᠠᠨ᠎ᠠ᠃ |