ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠲᠡᠦᠬᠡᠨ ᠳᠤᠷᠠᠰᠬᠠᠯᠲᠤ ᠵᠦᠢᠯ ᠢ ᠬᠠᠮᠠᠭᠠᠯᠠᠬᠤ ᠲᠦᠪ
ᠨᠡᠶᠢᠲᠡᠯᠡᠭᠰᠡᠨ ᠴᠠᠭ᠄
2019/8/19
ᠪᠠᠶᠢᠭᠤᠯᠭ᠎ᠠ ᠶᠢᠨ ᠪᠠᠶᠢᠷᠢᠰᠢᠭᠤᠯᠤᠯᠲᠠ      ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠲᠡᠦᠬᠡᠨ ᠳᠤᠷᠠᠰᠬᠠᠯᠲᠤ ᠵᠦᠢᠯ ᠢ ᠬᠠᠮᠠᠭᠠᠯᠠᠬᠤ ᠲᠦᠪ ᠪᠣᠯ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠰᠤᠶᠤᠯ ᠪᠠ ᠵᠢᠭᠤᠯᠴᠢᠯᠠᠯ ᠤᠨ ᠲᠢᠩᠬᠢᠮ ᠤᠨ ᠬᠠᠷᠢᠶ᠎ᠠ ᠵᠢᠩᠬᠢᠨᠢ ᠭᠠᠵᠠᠷ ᠤᠨ ᠳᠡᠰ ᠤᠨ ᠠᠵᠢᠯ ᠦᠢᠯᠡᠰ ᠤᠨ ᠨᠢᠭᠡᠴᠢ ᠪᠤᠯᠤᠨ᠎ᠠ᠃ ᠠᠯᠪᠠᠨ ᠭᠡᠷ᠂ ᠲᠤᠬᠠᠶᠢᠯᠠᠭᠰᠠᠨ ᠠᠵᠢᠯ ᠤᠨ ᠰᠠᠯᠠᠭ᠎ᠠ ᠭᠡᠬᠦ 2 ᠪᠠᠶᠢᠭᠤᠯᠤᠮᠵᠢ ᠲᠠᠢ᠃ 12 ᠨᠡᠷᠡᠰ ᠬᠢᠨᠠᠨ ᠲᠤᠭᠲᠠᠭᠠᠭᠰᠠᠨ ᠠᠵᠢᠯ ᠦᠢᠯᠡᠰ ᠤᠨ ᠤᠷᠤᠨ ᠲᠤᠭ᠎ᠠ ᠲᠠᠢ᠃ᠪᠠᠶᠢᠭᠤᠯᠤᠮᠵᠢ   ᠶᠢᠨ ᠦᠢᠯᠡᠳᠦᠯ      ᠤᠯᠤᠰ ᠪᠤᠯᠤᠨ‌ᠦᠪᠡᠷᠲᠡᠭᠡᠨ ᠵᠠᠰᠠᠬᠤ ᠤᠷᠤᠨ ᠤ ᠲᠡᠦᠬᠡᠨ ᠳᠤᠷᠠᠰᠬᠠᠯᠲᠤ ᠵᠦᠢᠯ ᠤᠨ ᠬᠠᠤᠯᠢ ᠲᠤᠭᠲᠠᠭᠠᠯ ᠢ ᠤᠬᠠᠭᠤᠯᠤᠨ ᠲᠤᠭᠤᠰᠢᠯᠠᠭᠤᠯᠵᠤ᠂ ᠪᠦᠬᠦ ᠤᠷᠤᠨ ᠤ ᠭᠤᠤᠯᠳᠠᠯᠭᠠᠲᠤ ᠲᠡᠦᠬᠡᠨ ᠳᠤᠷᠠᠰᠬᠠᠯᠲᠤ ᠵᠦᠢᠯ ᠢ ᠬᠠᠮᠠᠭᠠᠯᠠᠬᠤ ᠨᠢᠭᠡᠴᠢ ᠶᠢᠨ ᠳᠠᠩᠰᠠᠯᠠᠵᠤ ᠡᠪᠬᠡᠮᠡᠯᠯᠡᠬᠦ ᠠᠵᠢᠯ ᠢ ᠰᠠᠶᠢᠳᠤᠷ ᠦᠷᠨᠢᠭᠦᠯᠬᠦ︔ ᠪᠦᠬᠦ ᠤᠷᠤᠨ ᠤ ᠡᠯ᠎ᠡ ᠲᠦᠷᠦᠯ ᠤᠨ ᠲᠡᠦᠬᠡᠨ ᠳᠤᠷᠠᠰᠬᠠᠯᠲᠤ ᠵᠦᠢᠯ ᠤᠨ ᠰᠤᠷᠠᠭ ᠵᠠᠩᠬᠢ ᠶᠢ ᠴᠤᠭᠯᠠᠭᠤᠯᠬᠤ᠂ ᠡᠮᠬᠢᠯᠡᠬᠦ᠂ ᠬᠠᠳᠠᠭᠠᠯᠠᠬᠤ᠂ ᠨᠡᠶᠢᠲᠡᠯᠡᠬᠦ ᠠᠵᠢᠯ ᠢ ᠬᠠᠷᠢᠭᠤᠴᠠᠬᠤ︔ ᠲᠡᠦᠬᠡᠨ ᠳᠤᠷᠠᠰᠬᠠᠯᠲᠤ ᠵᠦᠢᠯ ᠢ ᠬᠠᠮᠠᠭᠠᠯᠠᠬᠤ ᠰᠢᠨᠵᠢᠯᠡᠬᠦ ᠤᠬᠠᠭᠠᠨ ᠤ ᠰᠤᠳᠤᠯᠭᠠᠨ ᠢ ᠴᠢᠩᠬᠠᠳᠭᠠᠬᠤ᠂ ᠲᠡᠦᠬᠡᠨ ᠳᠤᠷᠠᠰᠬᠠᠯᠲᠤ ᠵᠦᠢᠯ ᠤᠨ ᠡᠬᠡ ᠪᠠᠶᠠᠯᠢᠭ ᠢ ᠪᠠᠶᠢᠩᠭᠤ ᠬᠢᠨᠠᠨ ᠰᠢᠯᠭᠠᠬᠤ ᠪᠠ ᠬᠠᠮᠢᠶᠠᠷᠠᠬᠤ ᠠᠵᠢᠯ ᠢ ᠬᠠᠷᠢᠭᠤᠴᠠᠬᠤ᠂ ᠬᠠᠮᠠᠭᠠᠯᠠᠨ ᠬᠢᠮᠠᠭᠠᠳᠠᠵᠤ ᠰᠡᠯᠪᠢᠨ ᠵᠠᠰᠠᠬᠤ ᠲᠦᠰᠦᠯ ᠢ ᠳᠤᠷᠠᠳᠬᠤ︔ ᠲᠡᠦᠬᠡᠨ ᠳᠤᠷᠠᠰᠬᠠᠯᠲᠤ ᠵᠦᠢᠯ ᠢ ᠬᠠᠮᠠᠭᠠᠯᠠᠬᠤ ᠤᠨᠤᠯ ᠤᠨ ᠰᠤᠳᠤᠯᠭᠠᠨ ᠤ ᠠᠵᠢᠯᠯᠠᠭ᠎ᠠ ᠶᠢ ᠵᠤᠬᠢᠶᠠᠨ ᠪᠠᠶᠢᠭᠤᠯᠵᠦ᠂ ᠪᠦᠬᠦ ᠤᠷᠤᠨ ᠤ ᠲᠤᠮᠤ ᠬᠡᠮᠵᠢᠶᠡᠨ ᠤ ᠲᠡᠦᠬᠡᠨ ᠳᠤᠷᠠᠰᠬᠠᠯᠲᠤ ᠵᠦᠢᠯ ᠢ ᠰᠤᠳᠤᠯᠤᠨ ᠬᠠᠮᠠᠭᠠᠯᠠᠬᠤ ᠰᠤᠯᠢᠯᠴᠠᠠᠭᠠᠨ ᠤ ᠬᠤᠷᠠᠯ  ᠢ ᠡᠷᠬᠢᠯᠡᠬᠦ︔ ᠲᠤᠭᠲᠠᠭᠠᠯ ᠶᠤᠰᠤᠭᠠᠷ ᠬᠠᠮᠢᠶ᠎ᠠ ᠪᠦᠬᠦᠢ ᠰᠠᠯᠠᠭ᠎ᠠ ᠮᠦᠴᠢᠷ ᠢ ᠬᠠᠮᠵᠢᠨ ᠲᠡᠦᠬᠡᠨ ᠳᠤᠷᠠᠰᠬᠠᠯᠲᠤ ᠵᠦᠢᠯ  ᠢ ᠰᠠᠷᠢᠭᠠᠯᠠᠬᠤ ᠶᠠᠯᠠᠲᠤ ᠠᠵᠢᠯᠯᠠᠭᠠᠨ ᠳᠤ ᠴᠤᠬᠢᠯᠲᠠ ᠦᠭᠬᠦ ᠪᠠ ᠶᠠᠯᠠᠲᠤ ᠠᠵᠢᠯᠯᠠᠭ᠎ᠠ ᠳᠤ ᠬᠤᠯᠪᠤᠭᠳᠠᠬᠤ ᠲᠡᠦᠬᠡᠨ ᠳᠤᠷᠠᠰᠬᠠᠯᠲᠤ ᠵᠦᠢᠯ ᠢ ᠬᠢᠨᠠᠨ ᠲᠤᠭᠲᠠᠭᠠᠬᠤ ᠠᠵᠢᠯ  ᠢ ᠬᠢᠨ᠎ᠡ  ᠃      ᠡᠷᠬᠢᠯᠡᠭᠴᠢ᠄ ᠵᠢᠢ ᠫᠢᠩ      ᠠᠯᠪᠠᠨ ᠤ ᠬᠠᠶ᠋ᠢᠭ᠄ ᠬᠦᠬᠡᠬᠤᠲᠠ ᠶᠢᠨ  ᠰᠠᠶᠢᠬᠠᠨ ᠲᠤᠭᠤᠷᠢᠭ ᠤᠨ  ᠤᠯᠠᠭᠠᠨᠴᠠᠪ ᠪᠠᠷᠠᠭᠤᠨ ᠵᠡᠭᠡᠯᠢ 32 ᠨᠤᠮᠧᠷ      ᠬᠠᠷᠢᠯᠴᠠᠬᠤ ᠤᠲᠠᠰᠤ᠄ 0471-5983986
 
ᠢᠷᠡᠯᠲᠡ᠄ ᠲᠤᠳᠤᠷᠬᠠᠢ ᠦᠭᠡᠢ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备19004083号