ᠯᠢᠨ ᠾᠧ ᠲᠣᠭᠤᠷᠢᠭ᠄  ᠬᠦᠷ  ᠬᠦᠭᠵᠢᠶᠡᠨᠲᠦ ᠮᠥᠰᠥ ᠴᠠᠰᠤᠨ ᠤ ᠨᠠᠶᠢᠷ  ᠪᠠᠶᠠᠷ ᠴᠡᠩᠬᠡᠯᠲᠦ ᠲᠠᠮᠢᠷ ᠤᠨ ᠬᠥᠳᠡᠯᠭᠡᠭᠡᠨ
ᠨᠡᠶᠢᠲᠡᠯᠡᠭᠰᠡᠨ ᠴᠠᠭ᠄
2022/12/31
     ᠬᠠᠬᠢᠷ ᠡᠪᠦᠯ ᠤᠨ ᠤᠯᠠᠷᠢᠯ ᠳᠤ᠂ ᠡᠮᠦᠨᠡᠲᠦ ᠣᠷᠣᠨ ᠤ ᠬᠤᠳᠠ ᠳᠤ ᠨᠣᠭᠤᠭᠠᠨ ᠥᠩᠭᠡ  ᠪᠠᠷ ᠪᠦᠷᠭᠦᠭᠳᠡᠵᠦ ᠪᠠᠶᠢᠬᠤ ᠳᠤ᠂ ᠪᠠᠶᠠᠨᠨᠠᠭᠤᠷ ᠠᠯᠢ ᠬᠡᠳᠦᠶᠢᠨ ᠳᠦᠷᠰᠦ ᠪᠠᠶᠢᠳᠠᠯ ᠨᠢ ᠬᠤᠪᠢᠷᠠᠯᠲᠠ ᠭᠠᠷᠤᠭᠰᠠᠨ ᠪᠠᠶᠢᠨ᠎ᠠ  ᠃ ᠬᠤᠲᠠ ᠬᠥᠳᠡᠭᠡ᠂ ᠠᠭᠤᠯᠠ ᠤᠰᠤ᠂ ᠭᠤᠣᠯ ᠮᠥᠷᠡᠨ ᠮᠥᠩᠭᠦᠨ ᠥᠩᠭᠡ ᠪᠠᠷ ᠬᠤᠴᠢᠭᠳᠠᠭᠰᠠᠨ ᠨᠢ ᠬᠡᠦᠬᠡᠳ ᠤᠨ ᠳᠣᠮᠤᠭ ᠤᠨ ᠠᠷᠰᠢ ᠶᠢᠨ ᠣᠷᠣᠨ ᠮᠡᠲᠦ ᠪᠠᠶᠢᠵᠤ᠂ ᠠᠯᠤᠰ ᠬᠤᠯᠠ ᠶᠢᠨ ᠵᠢᠭᠤᠯᠴᠢᠯᠠᠭᠴᠢᠳ ᠤᠨ ᠠᠩᠬᠠᠷᠤᠯ ᠢ ᠲᠠᠲᠠᠭᠰᠠᠨ ᠢᠶᠠᠷ ᠪᠠᠷᠠᠬᠤ ᠦᠭᠡᠢ᠂ ᠲᠣᠰ ᠭᠠᠵᠠᠷ ᠤᠨ ᠬᠤᠲᠠ ᠶᠢᠨ ᠠᠷᠠᠳ ᠴᠤ ᠡᠭᠦᠨ ᠳᠤ  ᠰᠤᠭᠲᠤᠭᠤᠷᠠᠨ᠎ᠠ  ᠃      ᠵᠢᠩ  ᠬᠤ᠋ ᠨᠠᠭᠤᠷ ᠤᠨ ᠠᠮᠢ ᠠᠬᠤᠢ ᠶᠢᠨ ᠵᠢᠭᠤᠯᠴᠢᠯᠠᠯ ᠤᠨ ᠣᠷᠣᠨ᠂ ᠳ᠋ᠦᠸᠧ ᠯᠠᠨ ᠬᠤ᠋ ᠨᠠᠭᠤᠷ ᠤᠨ  ᠴᠡᠨᠡᠯᠡᠬᠦ ᠲᠠᠯᠠᠪᠠᠢ᠂ ᠬᠤᠤ ᠲᠦᠩ · ᠲᠦᠩ ᠯᠥᠸᠧ ᠸᠠᠨ ᠴᠡᠨᠡᠯᠡᠬᠦ ᠲᠠᠯᠠᠪᠠᠢ ᠳᠤ ᠬᠦᠷᠴᠦ᠂ ᠨᠢᠭᠡ  ᠤᠲᠠᠭ᠎ᠠ ᠬᠥᠩᠭᠡᠨ ᠤᠳᠤᠭ᠎ᠠ ᠮᠠᠨᠠᠨ ᠢ ᠦᠵᠡᠬᠦ᠂ ᠨᠢᠭᠡ ᠤᠲᠠᠭ᠎ᠠ ᠴᠠᠰᠤᠲᠤ ᠰᠥᠨᠢ ᠶᠢᠨ ᠲᠣᠰᠬᠤᠨ ᠳᠤ ᠰᠠᠭᠤᠬᠤ᠂ ᠨᠢᠭᠡ ᠤᠳᠠᠭ᠎ᠠ ᠮᠠᠨᠠᠨᠲᠤ ᠲᠡᠷᠭᠡᠨ ᠳᠤ ᠰᠠᠭᠤᠬᠤ᠂ ᠨᠢᠭᠡ ᠤᠳᠠᠭ᠎ᠠ  ᠴᠠᠰᠤᠨ ᠵᠠᠮ ᠢᠶᠠᠷ ᠶᠠᠪᠤᠬᠤ᠂ ᠨᠢᠭᠡ ᠤᠳᠠᠭ᠎ᠠ ᠴᠠᠰᠤᠨ ᠳᠤ ᠭᠤᠯᠭᠤᠬᠤ ᠵᠡᠷᠭᠡ ᠪᠣᠯ ᠴᠥᠮ ᠡᠪᠦᠯ ᠤᠨ ᠤᠯᠠᠷᠢᠯ ‍ᠤᠨ‌ᠯᠢᠨ ᠾᠧ ᠶᠢᠨ ᠲᠤᠲᠠᠵᠤ ᠪᠣᠯᠬᠤ ᠦᠭᠡᠢ   ᠵᠢᠭᠤᠯᠴᠢᠯᠠᠯ ᠤᠨ ᠥᠩᠭᠡᠷᠡᠯᠲᠡ ᠪᠣᠯᠣᠨ᠎ᠠ᠃ ᠦᠢ ᠣᠯᠠᠨ ᠭᠤᠣᠯ ᠮᠥᠷᠡᠨ ᠨᠠᠭᠤᠷ ᠴᠥᠭᠦᠷᠥᠮ᠂ ᠡᠯᠪᠡᠭ ᠪᠠᠶᠠᠯᠢᠭ ᠮᠥᠰᠥ ᠴᠠᠰᠤᠨ ᠤ ᠡᠬᠢ ᠪᠠᠶᠠᠯᠢᠭ ᠲᠤ ᠲᠦᠰᠢᠭᠯᠡᠨ᠂ ᠣᠶᠢᠷ᠎ᠠ ᠶᠢᠨ ᠵᠢᠯ ᠤᠳ ᠲᠤ ᠯᠢᠨ ᠾᠧ ᠲᠤᠭᠤᠷᠢᠭ ᠮᠥᠰᠥ ᠴᠠᠰᠤᠨ ᠤ ᠵᠢᠭᠤᠯᠴᠢᠯᠠᠯ᠂ ᠮᠥᠰᠥ ᠴᠠᠰᠤᠨ ᠤ ᠲᠠᠮᠢᠷ ᠤᠨ ᠬᠥᠳᠡᠯᠭᠡᠭᠡᠨ᠂ ᠮᠥᠰᠥ ᠴᠠᠰᠤᠨ ᠤ ᠲᠣᠨᠣᠭᠯᠠᠯ ᠤᠨ ᠠᠵᠤ ᠦᠢᠯᠡᠰ ᠵᠡᠷᠭᠡ ᠶᠢ ᠬᠥᠭᠵᠢᠭᠦᠯᠵᠦ᠂ ︽ᠬᠦᠢᠲᠡᠨ︾ ᠡᠬᠢ ᠪᠠᠶᠠᠯᠢᠭ ᠢ ᠡᠳᠦᠷ ᠢᠷᠡᠬᠦᠶ᠎ᠡ ︽ᠬᠠᠯᠠᠭᠤᠨ︾ ᠪᠣᠯᠭᠠᠪᠠ᠃      ᠣᠶᠢᠷ᠎ᠠ ᠳᠤ᠂ ᠬᠠᠲᠤᠨ ᠭᠤᠣᠯ ᠤᠨ ᠤᠯᠤᠰ ᠤᠨ ᠨᠤᠭᠤ ᠭᠠᠵᠠᠷ ᠤᠨ ᠴᠡᠴᠡᠷᠯᠢᠭ ᠲᠤ ᠪᠠᠶᠢᠭ᠎ᠠ  ᠳ᠋ᠦᠸᠧ ᠯᠠᠨ ᠬᠤ᠋ ᠨᠠᠭᠤᠷ ᠤᠨ  ᠴᠡᠨᠡᠯᠡᠬᠦ ᠲᠠᠯᠠᠪᠠᠶ ᠳᠤ ᠵᠢᠭᠤᠯᠴᠢᠯᠠᠯ ᠤᠨ ᠬᠠᠯᠠᠮᠰᠢᠯ ᠢ ᠤᠭᠲᠤᠨ ᠠᠪᠤᠯ᠎ᠠ᠃ ᠦᠵᠡᠮᠵᠢ ᠶᠢᠨ ᠣᠷᠣᠨ ᠳᠤ ᠬᠦᠷᠬᠦ ᠳᠤ᠂ ᠨᠢᠳᠦᠨ ᠡᠮᠦᠨᠡᠬᠢ ᠴᠠᠰᠤ ᠴᠠᠭᠠᠨ ᠨᠠᠯᠠᠤ ᠵᠠᠮ ᠨᠡᠷᠡᠨ ᠤ ᠭᠡᠷᠡᠯ ᠰᠢᠭ ᠰᠠᠷᠨᠢᠵᠤ᠂ ᠴᠥᠭᠡᠨ ᠪᠤᠰᠤ ᠴᠠᠰᠤᠨ ᠳᠤ ᠭᠤᠯᠭᠤᠬᠤ ᠳᠤᠷᠠᠲᠠᠢ ᠬᠥᠮᠥᠰ ᠲᠤᠰᠬᠠᠢ ᠮᠡᠷᠭᠡᠵᠢᠯ ᠤᠨ ᠵᠠᠮ ᠳᠡᠭᠡᠷ᠎ᠡ ᠠᠴᠠ ᠰᠡᠳᠡᠯᠲᠡ ᠲᠠᠢ ︽ᠴᠠᠰᠤᠨ ᠳᠡᠭᠡᠭᠦᠷ ᠱᠤᠩᠭᠤᠨ ᠳᠠᠭᠠᠷᠢᠬᠤ︾ ᠶᠢ ᠪᠡᠶᠡᠴᠢᠯᠡᠨ ᠣᠶᠢᠯᠠᠭᠠᠵᠤ ᠪᠠᠶᠢᠯ᠎ᠠ᠃ ᠠᠳᠡᠬᠢ ᠴᠠᠰᠤᠨ ᠤ ᠴᠢᠨᠠᠷ ᠨᠢ ᠰᠠᠶᠢᠨ᠂ ᠬᠠᠲᠠᠭᠤᠴᠠ ᠨᠢ ᠲᠣᠬᠢᠷᠠᠮᠵᠢᠲᠠᠢ᠂ ᠥᠩᠭᠡᠷᠡᠭᠰᠡᠨ ᠵᠢᠯ ᠤᠨ 12 ᠰᠠᠷ᠎ᠠ ᠠᠴᠠ ᠳᠠᠷᠠᠭ᠎ᠠ ᠵᠢᠯ ᠤᠨ 3 ᠰᠠᠷ᠎ᠠ ᠶᠢᠨ ᠴᠠᠰᠤ ᠴᠡᠨᠡᠯᠡᠯᠲᠡ ᠶᠢᠨ ᠬᠤᠭᠤᠴᠠᠭᠠᠨ ᠳᠤ ᠲᠦᠭ ᠲᠦᠮᠡᠨ ᠵᠢᠭᠤᠯᠴᠢᠯᠠᠭᠴᠢᠳ ᠬᠦᠷᠦᠯᠴᠡᠨ ᠢᠷᠡᠵᠦ ᠪᠠᠶᠢᠯ᠎ᠠ᠃
 
ᠢᠷᠡᠯᠲᠡ᠄ ᠪᠠᠶᠠᠨᠨᠠᠭᠤᠷ ᠤᠨ ᠰᠣᠨᠢᠨ ᠮᠡᠳᠡᠭᠡᠨ ᠤ ᠰᠦᠯᠵᠢᠶ᠎ᠡ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备19004083号