| ᠠᠩᠬᠠᠳᠠᠭᠴᠢ ︽ᠥᠪᠥᠷ ᠮᠣᠩᠭᠤᠯ ᠱᠠᠨᠰᠢ ᠨᠡᠷᠡᠮᠵᠢᠲᠦ︾ ᠳᠤᠮᠳᠠᠳᠤ ᠡᠸᠦ᠋ᠷᠦᠫᠡ ᠶᠢᠨ ᠵᠢᠰᠢᠶᠠᠨ ᠤ ᠭᠠᠯᠲᠤ | ᠲᠡᠷᠭᠡ ᠡᠷᠢᠶᠡᠨ ᠪᠣᠭᠤᠮᠲᠠ ᠶᠢᠨ ︽ᠳᠤᠮᠳᠠ ᠵᠠᠮ︾ ᠢᠶᠠᠷ ᠬᠢᠯᠢ ᠠᠴᠠ ᠤᠷᠤᠭᠰᠢᠲᠠᠢ ᠭᠠᠷᠪᠠ᠃ | ᠣᠶᠢᠯᠠᠭᠠᠭᠰᠠᠨ ᠢᠶᠠᠷ᠂ ᠲᠣᠰ ᠭᠠᠳᠠᠭᠠᠳᠤ ᠳᠤ ᠭᠠᠷᠭᠠᠬᠤ ᠵᠢᠰᠢᠶᠠᠨ ᠤ ᠭᠠᠯᠲᠤ ᠲᠡᠷᠭᠡᠨ ᠤ ᠪᠠᠷᠠᠭᠠᠨ ᠤ ᠨᠡᠷ᠎ᠡ ᠨᠢ | ︽ᠣᠯᠠᠨ ᠬᠡᠷᠡᠭᠴᠡᠭᠡᠲᠦ ᠰᠠᠭᠤᠳᠠᠯ ᠤᠨ ᠮᠠᠰᠢᠨ ᠤ ᠢᠵᠢ ᠪᠦᠷᠢᠨ ᠰᠡᠯᠪᠢᠭ︾ ᠪᠠᠶᠢᠵᠤ᠂ ᠪᠠᠷᠠᠭᠠᠨ ᠤ ᠬᠦᠨᠳᠦ ᠨᠢ | 552.36 ᠲᠣᠨ᠂ ᠪᠠᠷᠠᠭᠠᠨ ᠤ ᠥᠷᠲᠡᠭ ᠨᠢ 2285.2 ᠲᠦᠮᠡᠨ ᠲᠥᠭᠦᠷᠢᠭ ᠪᠣᠯᠣᠨ᠎ᠠ᠃ | ᠡᠷᠢᠶᠡᠨ ᠪᠣᠭᠤᠮᠲᠠ ︽ᠣᠶᠤᠨᠲᠤ ᠪᠣᠭᠤᠮᠲᠠ︾ ᠶᠢᠨ ᠲᠡᠭᠡᠭᠡᠪᠦᠷᠢ ᠶᠢᠨ ᠥᠷᠥᠭᠡ ᠶᠢᠨ ᠰᠢᠰᠲ᠋ᠧᠮ ᠢ ᠠᠰᠢᠭᠯᠠᠨ | ᠭᠠᠳᠠᠭᠠᠳᠤ ᠳᠤ ᠭᠠᠷᠭᠠᠵᠤ ᠲᠡᠭᠡᠭᠡᠪᠦᠷᠢᠯᠡᠨ ᠬᠦᠷᠭᠡᠬᠦ ᠮᠡᠳᠡᠭᠦᠯᠦᠯᠲᠡ ᠶᠢ ᠴᠠᠭᠠᠰᠤ ᠬᠡᠷᠡᠭᠯᠡᠬᠦ ᠦᠭᠡᠢ ᠪᠠᠷ ᠮᠡᠳᠡᠭᠦᠯᠬᠦ | ᠵᠠᠭᠪᠤᠷ ᠢ ᠬᠡᠷᠡᠭᠯᠡᠵᠦ᠂ ᠪᠢᠯᠧᠲ ᠪᠣᠯᠭᠠᠨ ᠨᠢ ᠠᠵᠤ ᠠᠬᠤᠶᠢᠯᠠᠯ ᠤᠨ ᠮᠡᠳᠡᠭᠦᠯᠬᠦ ᠴᠠᠭ ᠢ 5 – 10 ᠮᠢᠨᠦ᠋ᠲ | ᠪᠠᠭᠠᠰᠬᠠᠵᠤ᠂ ︽ᠲᠤᠬᠠᠢ ᠶᠢᠨ ᠡᠳᠦᠷ ᠲᠤ ᠬᠢᠨᠠᠵᠤ᠂ ᠲᠤᠬᠠᠢ ᠶᠢᠨ ᠡᠳᠦᠷ ᠲᠤ ᠶᠠᠪᠤᠭᠤᠯᠬᠤ︾ ᠶᠢ ᠴᠢᠷᠮᠠᠶᠢᠨ | ᠪᠡᠶᠡᠯᠡᠭᠦᠯᠵᠦ᠂ ᠪᠣᠭᠤᠮᠲᠠ ᠪᠠᠷ ᠥᠩᠭᠡᠷᠡᠬᠦ ᠴᠠᠭ ᠢ ᠤᠯᠠᠮ ᠨᠢᠭᠡ ᠠᠯᠬᠤᠮ ᠪᠠᠭᠠᠰᠬᠠᠨ᠂ ᠠᠩᠬᠠᠳᠠᠭᠴᠢ ︽ᠥᠪᠥᠷ | ᠮᠣᠩᠭᠤᠯ ᠱᠠᠨᠰᠢ ᠨᠡᠷᠡᠮᠵᠢᠲᠦ︾ ᠳᠤᠮᠳᠠᠳᠤ ᠡᠸᠦ᠋ᠷᠦᠫᠡ ᠶᠢᠨ ᠵᠢᠰᠢᠶᠠᠨ ᠤ ᠭᠠᠯᠲᠤ ᠲᠡᠷᠭᠡ ᠶᠢᠨ ︽ᠳᠤᠮᠳᠠ ᠵᠠᠮ︾ | ᠢᠶᠠᠷ ᠤᠷᠤᠭᠰᠢᠲᠠᠢ ᠨᠡᠪᠲᠡᠷᠡᠬᠦ ᠶᠢ ᠪᠠᠲᠤᠯᠠᠪᠠ᠃ | |