ᠨᠠᠷᠢᠯᠢᠭ ᠤᠨᠤᠪᠴᠢᠲᠠᠢ ᠬᠢᠨᠠᠨ ᠬᠠᠮᠢᠶᠠᠷᠴᠤ ᠦᠬᠠᠢ ᠬᠤᠲᠠ ᠶᠢᠨ ᠰᠣᠶᠣᠯ ᠵᠢᠭᠤᠯᠴᠢᠯᠠᠯ ᠤᠨ ᠠᠵᠢᠯ ᠲᠦᠷᠦᠯ ᠤᠨ ᠬᠥᠭᠵᠢᠯᠲᠡ ᠶᠢ ᠠᠬᠢᠭᠤᠯᠤᠨ᠎ᠠ
ᠨᠡᠶᠢᠲᠡᠯᠡᠭᠰᠡᠨ ᠴᠠᠭ᠄
2023/9/6
     ᠦᠬᠠᠢ ᠬᠤᠲᠠ ᠶᠢᠨ ᠰᠣᠶᠣᠯ ᠪᠡᠶ᠎ᠡ ᠶᠢᠨ ᠲᠠᠮᠢᠷ ᠵᠢᠭᠤᠯᠴᠢᠯᠠᠯ ᠷᠠᠳᠢᠣ᠋ ᠲᠧᠯᠸᠢᠰ ᠤᠨ ᠲᠣᠪᠴᠢᠶ᠎ᠠ 2023 ᠣᠨ ᠤ ︽ ᠬᠤᠤᠰ ᠳᠠᠰᠢᠷᠠᠮ᠂ ᠨᠢᠭᠡ ᠶᠢ ᠢᠯᠡ ᠪᠣᠯᠭᠠᠬᠤ︾ ᠬᠢᠨᠠᠯᠲᠠ ᠬᠠᠮᠢᠶᠠᠷᠤᠯᠲᠠ ᠶᠢᠨ ᠠᠵᠢᠯ ᠤᠨ ᠱᠠᠭᠠᠷᠳᠠᠯᠭ᠎ᠠ ᠶᠢ ᠲᠤᠭᠤᠰᠢᠯᠠᠭᠤᠯᠤᠨ ᠨᠠᠶᠢᠳᠠᠪᠤᠷᠢᠵᠢᠭᠤᠯᠬᠤ ᠶᠢᠨ ᠲᠥᠯᠥᠭᠡ᠂ ᠲᠥᠪ ᠶᠣᠰᠣ ᠶᠢ ᠪᠠᠷᠢᠮᠲᠠᠯᠠᠨ ᠰᠢᠨ᠎ᠡ ᠶᠢ ᠡᠭᠦᠳᠬᠦ ᠶᠢ ᠪᠠᠷᠢᠮᠲᠠᠯᠠᠵᠤ᠂ ᠵᠢᠷᠤᠮᠵᠢᠯ ᠲᠠᠢ ᠬᠠᠤᠯᠢ ᠬᠡᠷᠡᠭᠵᠢᠭᠦᠯᠬᠦ ᠪᠠ ᠢᠯᠡ ᠲᠣᠳᠣ ᠲᠥᠪ ᠭᠤᠥᠯᠴᠢ ᠶᠢ ᠤᠶᠠᠯᠳᠤᠭᠤᠯᠬᠤ ᠶᠢ ᠴᠢᠩᠭᠠᠳᠬᠠᠵᠤ᠂ ︽ᠲᠣᠭᠲᠠᠴᠠ ᠶᠢ ᠪᠠᠶᠢᠭᠤᠯᠬᠤ᠂ ᠭᠤᠣᠯᠳᠠᠯᠭ᠎ᠠ ᠶᠢ ᠠᠳᠬᠤᠬᠤ ᠂ ᠬᠦᠴᠢᠷ ᠠᠰᠠᠭᠤᠳᠠᠯ ᠢ ᠰᠢᠢᠳᠪᠦᠷᠢᠯᠡᠬᠦ᠂ ᠪᠠᠷᠢᠮᠵᠢᠶ᠎ᠠ ᠶᠢ ᠳᠡᠭᠡᠭᠰᠢᠯᠡᠭᠦᠯᠬᠦ︾ ᠠᠵᠢᠯ ᠤᠨ ᠠᠷᠭ᠎ᠠ ᠬᠡᠮᠵᠢᠶ᠎ᠡ ᠶᠢ ᠨᠠᠶᠢᠳᠠᠪᠤᠷᠢᠵᠢᠭᠤᠯᠬᠤ ᠪᠠᠷ ᠳᠠᠮᠵᠢᠭᠤᠯᠤᠨ᠂ ᠪᠥᠬᠦ ᠬᠤᠲᠠ ᠶᠢᠨ ᠰᠣᠶᠣᠯ ᠪᠡᠶ᠎ᠡ ᠶᠢᠨ ᠲᠠᠮᠢᠷ ᠵᠢᠭᠤᠯᠴᠢᠯᠠᠯ ᠤᠨ ᠵᠠᠬ᠎ᠠ ᠳᠡᠯᠭᠡᠭᠦᠷ ᠤᠨ ᠬᠢᠨᠠᠯᠲᠠ ᠬᠠᠮᠢᠶᠠᠷᠤᠯᠲᠠ ᠶᠢᠨ ᠠᠵᠢᠯ ᠢ ᠴᠢᠩᠭᠠᠳᠬᠠᠵᠤ᠂ ᠰᠠᠶᠢᠨ ᠦᠷ᠎ᠡ ᠪᠦᠲᠦᠮᠵᠢ ᠣᠯᠪᠠ᠃      ᠨᠢᠭᠡ ᠳᠤ᠂ ᠲᠣᠭᠲᠠᠴᠠ ᠶᠢ ᠪᠠᠶᠢᠭᠤᠯᠵᠤ ᠬᠠᠷᠢᠭᠤᠴᠠᠯᠭ᠎ᠠ ᠶᠢ ᠲᠠᠬᠢᠨ ᠳᠤᠳᠤᠷᠬᠠᠶᠢᠯᠠᠪᠠ᠃ ᠮᠠᠨ ᠤ ᠲᠣᠪᠴᠢᠶ᠎ᠠ ᠪᠥᠬᠦ ᠵᠢᠯ ᠤᠨ ᠲᠣᠰ ᠰᠠᠯᠠᠭ᠎ᠠ ᠮᠥᠴᠢᠷ ᠪᠠ ᠰᠠᠯᠠᠭ᠎ᠠ ᠮᠥᠴᠢᠷ ᠠᠯᠤᠰᠯᠠᠭᠰᠠᠨ ᠬᠤᠣᠰ ᠲᠣᠬᠢᠶᠠᠯᠳᠤᠯ ᠤᠨ ᠪᠠᠶᠢᠴᠠᠭᠠᠯᠲᠠ ᠶᠢᠨ ᠲᠥᠯᠥᠪᠯᠡᠭᠡ ᠶᠢ ᠲᠣᠭᠲᠠᠭᠠᠵᠤ᠂ ᠵᠣᠬᠢᠴᠠᠩᠭᠤᠢ ᠠᠵᠢᠯ ᠤᠨ ᠲᠣᠭᠲᠠᠴᠠ ᠶᠢ ᠪᠠᠶᠢᠭᠤᠯᠤᠨ ᠪᠦᠷᠢᠨᠰᠢᠭᠦᠯᠵᠦ᠂ ᠨᠢᠭᠡᠳᠦᠭᠡᠷ ᠹᠷᠣᠨᠲ ᠤᠨ ᠬᠠᠤᠯᠢ ᠬᠡᠷᠡᠭᠵᠢᠭᠦᠯᠦᠯᠲᠡ ᠶᠢᠨ ᠪᠠᠶᠢᠴᠠᠭᠠᠯᠲᠠ ᠶᠢᠨ ᠬᠦᠴᠦᠨ ᠢ ᠲᠡᠭᠦᠯᠳᠡᠷᠵᠢᠭᠦᠯᠬᠦ ᠶᠢᠨ ᠬᠠᠮᠲᠤ ᠵᠦᠢ ᠵᠣᠬᠢᠰᠲᠠᠢ ᠲᠣᠬᠢᠷᠠᠭᠤᠯᠵᠤ᠂ ᠪᠠᠶᠢᠴᠠᠭᠠᠯᠲᠠ ᠶᠢᠨ ᠬᠢᠷᠢ ᠲᠦᠪᠰᠢᠨ ᠢ ᠲᠠᠰᠤᠷᠠᠯᠲᠠ ᠦᠭᠡᠢ ᠳᠡᠭᠡᠭᠰᠢᠯᠡᠭᠦᠯᠪᠡ᠃ ᠣᠳᠣᠬᠠᠨ ᠳᠤ ᠠᠯᠬᠤᠮ ᠠᠯᠬᠤᠮ ᠢᠶᠠᠷ ᠥᠷᠨᠢᠭᠦᠯᠵᠦ ᠪᠠᠶᠢᠨ᠎ᠠ ᠂ ᠣᠷᠣᠰᠢᠵᠤ ᠪᠠᠶᠢᠭ᠎ᠠ ᠠᠰᠠᠭᠤᠳᠠᠯ ᠠᠷᠠᠢ ᠪᠠᠶᠢᠬᠤ ᠦᠭᠡᠢ᠃      ᠬᠤᠶᠠᠷ ᠲᠤ᠂ ᠭᠤᠣᠯᠳᠠᠯᠭ᠎ᠠ ᠶᠢ ᠠᠳᠬᠤᠵᠤ᠂ ᠭᠤᠣᠯᠳᠠᠯᠭ᠎ᠠ ᠲᠠᠢ ᠲᠠᠯᠠᠪᠤᠷ ᠭᠠᠵᠠᠷ  ᠤᠨ ᠬᠢᠨᠠᠯᠲᠠ ᠬᠠᠮᠢᠶᠠᠷᠤᠯᠲᠠ ᠶᠢ ᠴᠢᠩᠭᠠᠳᠬᠠᠪᠠ᠃ 8 ᠳ᠋ᠤᠭᠠᠷ ᠰᠠᠷ᠎ᠠ ᠶᠢᠨ 25 ᠤ ᠡᠳᠦᠷ ᠪᠣᠯᠲᠠᠯ᠎ᠠ᠂ ᠰᠣᠶᠣᠯ ᠤᠨ ᠬᠠᠤᠯᠢ ᠬᠡᠷᠡᠭᠵᠢᠭᠦᠯᠬᠦ ᠲᠠᠪᠴᠠᠩ ᠢᠶᠠᠷ ᠳᠠᠮᠵᠢᠭᠤᠯᠤᠨ ᠠᠵᠢᠯ ᠲᠥᠷᠥᠯ ᠤᠨ ᠭᠤᠣᠯᠳᠠᠯᠭ᠎ᠠ ᠲᠠᠢ ᠰᠣᠶᠣᠯ ᠵᠢᠭᠤᠯᠴᠢᠯᠠᠯ ᠤᠨ ᠲᠠᠯᠠᠪᠤᠷ ᠭᠠᠵᠠᠷ ᠲᠤ ᠰᠠᠷ᠎ᠠ ᠶᠢᠨ ᠡᠬᠢᠨ ᠳᠤ ᠰᠤᠭᠤᠴᠢᠬᠤ ᠪᠠᠶᠢᠴᠠᠭᠠᠯᠲᠠ᠂ ᠰᠠᠷ᠎ᠠ ᠶᠢᠨ ᠳᠣᠲᠣᠷ᠎ᠠ ᠪᠠᠶᠢᠴᠠᠭᠠᠬᠤ ᠠᠷᠭ᠎ᠠ ᠮᠠᠶ᠋ᠢᠭ ᠢ ᠠᠪᠴᠤ᠂ ︽ᠬᠤᠣᠰ ᠲᠤᠬᠢᠶᠠᠯᠳᠦᠯ︾ ᠤᠨ ᠪᠠᠶᠢᠴᠠᠭᠠᠯᠲᠠ ᠶᠢ ᠥᠷᠨᠢᠭᠦᠯᠵᠦ᠂ ᠲᠤᠬᠢᠶᠠᠯᠳᠦᠯ ᠢᠶᠠᠷ ᠰᠤᠭᠤᠴᠢᠨ ᠪᠠᠶᠢᠴᠠᠭᠠᠵᠤ ᠬᠢᠨᠠᠨ ᠬᠠᠮᠢᠶᠠᠷᠬᠤ ᠶᠢ ᠦᠨᠡᠨ ᠬᠦ ᠪᠣᠳᠠᠲᠠᠢ ᠳᠤ ᠨᠠᠶᠢᠳᠠᠪᠤᠷᠢᠵᠢᠭᠤᠯᠪᠠ᠃      ᠭᠤᠷᠪᠠ ᠳᠤ᠂ ᠬᠦᠴᠢᠷ ᠠᠰᠠᠭᠤᠳᠠᠯ ᠢ ᠰᠢᠢᠳᠪᠦᠷᠢᠯᠡᠵᠦ  ᠨᠠᠷᠢᠯᠢᠭ ᠤᠨᠤᠪᠴᠢᠲᠠᠢ ᠳᠡᠭᠡᠷ᠎ᠡ ᠬᠦᠴᠦ ᠤᠷᠤᠭᠤᠯᠪᠠ᠃ ᠬᠤᠣᠰ  ᠲᠤᠬᠢᠶᠠᠯᠳᠦᠯ ᠢᠶᠠᠷ ᠬᠢᠨᠠᠨ ᠬᠠᠮᠢᠶᠠᠷᠬᠤ ᠠᠵᠢᠯ ᠤᠨ ᠲᠠᠪᠴᠠᠩ ᠳᠤ ᠲᠦᠰᠢᠭᠯᠡᠨ ᠠᠵᠢᠯ ᠲᠥᠷᠥᠯ ᠤᠨ ᠲᠥᠷᠥᠯ ᠢᠯᠭᠠᠯ ᠪᠠ ᠬᠢᠨᠠᠨ ᠬᠠᠮᠢᠶᠠᠷᠬᠤ ᠡᠭᠦᠷᠭᠡ ᠴᠢᠳᠠᠪᠤᠷᠢ ᠶᠢ ᠦᠨᠳᠦᠰᠦᠯᠡᠨ᠂ ᠲᠥᠯᠥᠪᠯᠡᠭᠡ ᠶᠢᠨ ᠡᠭᠦᠷᠭᠡ ᠶᠢᠨ ᠬᠥᠮᠥᠷᠭᠡ᠂ ᠰᠤᠭᠤᠴᠢᠨ ᠪᠠᠶᠢᠴᠠᠭᠠᠬᠤ ᠵᠦᠢᠯᠡᠰ ᠤᠨ ᠬᠥᠮᠥᠷᠭᠡ᠂ ᠪᠠᠶᠢᠴᠠᠭᠠᠬᠤ ᠪᠡᠶᠡᠴᠢ ᠴᠣᠭᠴᠠ ᠶᠢᠨ ᠨᠡᠷᠡᠰ ᠤᠨ ᠬᠥᠮᠥᠷᠭᠡ ᠪᠠ ᠬᠠᠤᠯᠢ ᠬᠡᠷᠡᠭᠵᠢᠭᠦᠯᠦᠯᠲᠡ ᠶᠢ ᠪᠠᠶᠢᠴᠠᠭᠠᠬᠤ ᠠᠵᠢᠯᠲᠠᠨ ᠤ ᠨᠡᠷᠡᠰ ᠤᠨ ᠬᠥᠮᠥᠷᠭᠡ ᠶᠢ ᠲᠥᠷᠥᠯ ᠬᠤᠪᠢᠶᠠᠨ ᠳᠤᠳᠤᠷᠬᠠᠶᠢᠯᠠᠪᠠ᠃ ︽ᠳᠥᠷᠪᠡᠨ ᠬᠥᠮᠥᠷᠭᠡ︾ ᠶᠢᠨ ᠪᠦᠲᠦᠭᠡᠨ ᠪᠠᠶᠢᠭᠤᠯᠤᠯᠲᠠ ᠨᠢ ᠪᠠᠶᠢᠴᠠᠭᠠᠭᠳᠠᠬᠤ ᠡᠲᠡᠭᠡᠳ ᠢ ᠨᠠᠷᠢᠯᠢᠭ ᠣᠨᠣᠴᠠᠲᠠᠢ ᠪᠠᠷ ᠰᠤᠭᠤᠴᠢᠨ ᠠᠪᠬᠤ᠂ ᠰᠤᠭᠤᠴᠢᠨ ᠪᠠᠶᠢᠴᠠᠭᠠᠬᠤ ᠵᠦᠢᠯᠡᠰ ᠢ ᠨᠠᠷᠢᠯᠢᠭ ᠣᠨᠣᠴᠠᠲᠠᠢ ᠪᠠᠷ ᠰᠣᠩᠭᠤᠨ ᠠᠪᠬᠤ᠂ ᠪᠠᠶᠢᠴᠠᠭᠠᠬᠤ ᠠᠵᠢᠯᠲᠠᠨ ᠢ ᠨᠠᠷᠢᠯᠢᠭ ᠣᠨᠣᠴᠠᠲᠠᠢ ᠪᠠᠷ ᠵᠣᠬᠢᠴᠠᠭᠤᠯᠬᠤ᠂ ᠬᠠᠮᠲᠤᠷᠠᠭᠰᠠᠨ ᠰᠤᠭᠤᠴᠢᠬᠤ ᠪᠠᠶᠢᠴᠠᠭᠠᠯᠲᠠ ᠶᠢ ᠨᠠᠷᠢᠯᠢᠭ ᠣᠨᠣᠴᠠᠲᠠᠢ ᠪᠠᠷ ᠳᠤᠭᠤᠶᠢᠯᠠᠩ ᠬᠤᠪᠢᠶᠠᠬᠤ ᠶᠢ ᠬᠦᠴᠦᠲᠡᠢ ᠲᠤᠯᠭᠠᠭᠤᠷᠢᠯᠠᠭᠰᠠᠨ ᠪᠠᠶᠢᠨ᠎ᠠ᠃      ᠳᠥᠷᠪᠡ ᠳᠤ᠂ ᠪᠠᠷᠢᠮᠵᠢᠶ᠎ᠠ ᠶᠢ ᠳᠡᠭᠡᠭᠰᠢᠯᠡᠭᠦᠯᠵᠦ ᠵᠢᠷᠤᠮᠵᠢᠯ ᠤᠨ ᠲᠠᠯ᠎ᠠ ᠪᠠᠷ ᠰᠢᠪᠲᠤᠯᠤᠯᠲᠠ ᠭᠠᠷᠭᠠᠬᠤ ᠪᠠᠷ  ᠴᠢᠷᠮᠠᠶᠢᠪᠠ᠃ ᠰᠣᠶᠣᠯ ᠵᠢᠭᠤᠯᠴᠢᠯᠠᠯ ᠤᠨ ᠵᠠᠬ᠎ᠠ ᠳᠡᠯᠭᠡᠭᠦᠷ ᠤᠨ ᠬᠤᠣᠰ ᠲᠤᠬᠢᠶᠠᠯᠳᠦᠯ ᠤᠨ ᠠᠵᠢᠯ ᠤᠨ ᠵᠢᠯᠣᠭᠤᠳᠤᠯᠭ᠎ᠠ ᠶᠣᠰᠣᠭᠠᠷ᠂ ᠪᠠᠶᠢᠴᠠᠭᠠᠭᠳᠠᠬᠤ ᠭᠤᠣᠯ ᠴᠣᠭᠴᠠ ᠪᠠ ᠲᠤᠬᠢᠶᠠᠯᠳᠦᠯ  ᠢᠶᠠᠷ ᠬᠤᠪᠢᠶᠠᠷᠢᠯᠠᠭᠰᠠᠨ ᠬᠠᠤᠯᠢ ᠬᠡᠷᠡᠭᠵᠢᠬᠦᠯᠵᠦ ᠪᠠᠶᠢᠴᠠᠭᠠᠬᠤ ᠠᠵᠢᠯᠲᠠᠨ ᠢ ᠲᠣᠬᠢᠶᠠᠯᠳᠤᠯ ᠢᠶᠠᠷ ᠰᠣᠩᠭᠤᠨ᠂ ᠪᠦᠬᠦᠨ ᠢ ᠲᠠᠪᠴᠠᠩ ᠳᠤ ᠣᠷᠣᠭᠤᠯᠤᠨ ᠬᠠᠮᠢᠶᠠᠷᠬᠤ ᠶᠢᠨ ᠬᠠᠮᠲᠤ ᠪᠠᠶᠢᠴᠠᠭᠠᠨ ᠰᠢᠢᠳᠪᠦᠷᠢᠯᠡᠭᠰᠡᠨ ᠦᠷ᠎ᠡ ᠳ᠋ᠦᠩ ᠵᠢᠴᠢ ᠵᠠᠰᠠᠭ ᠵᠠᠬᠢᠷᠭᠠᠨ ᠤ ᠰᠢᠢᠳᠬᠡᠯ ᠤᠨ ᠮᠡᠳᠡᠭᠡ ᠵᠠᠩᠭᠢ ᠶᠢ ᠴᠠᠭ ᠲᠤ ᠨᠢ ᠲᠣᠬᠢᠷᠠᠭᠤᠯᠤᠨ ᠨᠡᠶᠢᠭᠡᠮ ᠳᠤ ᠨᠡᠶᠢᠲᠡᠯᠡᠵᠦ᠂ ︽ᠬᠤᠣᠰ ᠲᠤᠬᠢᠶᠠᠯᠳᠦᠯ︾ ᠢᠶᠠᠷ ᠰᠤᠭᠤᠴᠢᠨ ᠪᠠᠶᠢᠴᠠᠭᠠᠬᠤ ᠪᠥᠬᠦ ᠶᠠᠪᠤᠴᠠ ᠳᠤ ᠣᠷᠣ ᠮᠥᠷ ᠦᠯᠡᠳᠡᠭᠡᠵᠦ᠂ ᠬᠠᠷᠢᠭᠤᠴᠠᠯᠭ᠎ᠠ ᠶᠢ ᠨᠡᠬᠡᠮᠵᠢᠯᠡᠵᠦ ᠪᠤᠯᠬᠤ ᠪᠤᠯᠵᠠᠢ᠃      ᠳᠠᠷᠠᠭᠠᠴᠢ ᠶᠢᠨ ᠠᠯᠬᠤᠮ ᠳᠤ᠂ ᠦᠬᠠᠢ ᠬᠤᠲᠠ ᠶᠢᠨ ᠰᠣᠶᠣᠯ ᠪᠡᠶ᠎ᠡ ᠶᠢᠨ ᠲᠠᠮᠢᠷ ᠵᠢᠭᠤᠯᠴᠢᠯᠠᠯ ᠷᠠᠳᠢᠣ᠋ ᠲᠧᠯᠸᠢᠰ ᠤᠨ ᠲᠣᠪᠴᠢᠶ᠎ᠠ ︽ᠬᠤᠤᠰ ᠲᠤᠬᠢᠶᠠᠯᠳᠦᠯ᠂ ᠨᠢᠭᠡ ᠶᠢ ᠢᠯᠡ ᠪᠣᠯᠭᠠᠬᠤ︾ ᠰᠤᠭᠤᠴᠢᠨ ᠪᠠᠶᠢᠴᠠᠭᠠᠬᠤ ᠠᠵᠢᠯ ᠢ ᠦᠷᠭᠦᠯᠵᠢᠯᠡᠨ ᠠᠬᠢᠭᠤᠯᠵᠤ᠂ ᠢᠲᠡᠭᠡᠮᠵᠢ ᠶᠢ ᠲᠥᠷᠥᠯ ᠬᠤᠪᠢᠶᠠᠨ ᠬᠢᠨᠠᠨ ᠬᠠᠮᠢᠶᠠᠷᠬᠤ ᠪᠠ ᠲᠤᠬᠢᠶᠠᠯᠳᠦᠯ ᠢᠶᠠᠷ ᠰᠤᠭᠤᠴᠢᠨ ᠪᠠᠶᠢᠴᠠᠭᠠᠬᠤ ᠠᠵᠢᠯ ᠢ ᠤᠶᠠᠯᠳᠤᠭᠤᠯᠵᠤ᠂ ︽ᠢᠲᠡᠭᠡᠮᠵᠢ ᠲᠠᠢ ᠬᠥᠮᠥᠨ ᠳᠤ ᠬᠠᠷᠰᠢ ᠰᠠᠭᠠᠳ ᠦᠭᠡᠢ᠂ ᠢᠲᠡᠭᠡᠯ ᠠᠯᠳᠠᠭᠰᠠᠳ ᠲᠤ ᠴᠢᠩᠭ᠎ᠠ ᠰᠡᠷᠡᠮᠵᠢ ᠥᠭᠬᠦ︾ ᠬᠢᠨᠠᠯᠲᠠ ᠬᠠᠮᠢᠶᠠᠷᠤᠯᠲᠠ ᠶᠢᠨ ᠪᠠᠶᠢᠳᠠᠯ ᠢ ᠬᠦᠴᠦᠯᠡᠨ ᠪᠣᠶ ᠪᠣᠯᠭᠠᠵᠤ᠂ ᠠᠵᠤ ᠠᠬᠤᠶᠢᠯᠠᠯ ᠤᠨ ᠠᠮᠤᠷ ᠲᠦᠪᠰᠢᠨ ᠤ ᠭᠤᠣᠯ ᠴᠣᠭᠴᠠ ᠶᠢᠨ ᠬᠠᠷᠢᠭᠤᠴᠠᠯᠭ᠎ᠠ ᠪᠠᠨ ᠨᠠᠶᠢᠳᠠᠪᠤᠷᠢᠵᠢᠭᠤᠯᠬᠤ ᠶᠢ ᠰᠢᠮᠳᠠᠭᠤᠯᠵᠤ᠂ ᠬᠠᠤᠯᠢ ᠳᠦᠷᠢᠮ ᠤᠨ ᠣᠶᠢᠯᠠᠭᠠᠭᠳᠠᠬᠤᠨ ᠤ ᠤᠬᠠᠭᠤᠯᠭ᠎ᠠ ᠶᠢ ᠴᠢᠩᠭᠠᠳᠬᠠᠨ᠂ ᠪᠥᠬᠦ ᠬᠤᠲᠠ ᠶᠢᠨ ᠰᠣᠶᠣᠯ ᠵᠢᠭᠤᠯᠴᠢᠯᠠᠯ ᠤᠨ ᠵᠠᠬ᠎ᠠ ᠳᠡᠯᠭᠡᠭᠦᠷ ᠤᠨ ᠠᠮᠤᠷ ᠲᠦᠪᠰᠢᠨ ᠡᠷᠡᠭᠦᠯ ᠡᠩᠬᠡ ᠪᠥᠭᠡᠳ ᠡᠮᠬᠢ ᠵᠢᠷᠤᠮ ᠲᠠᠢ ᠬᠥᠭᠵᠢᠬᠦ ᠶᠢ ᠪᠥᠬᠦ ᠬᠦᠴᠦᠨ ᠢᠶᠠᠷ ᠢᠶᠠᠨ ᠪᠠᠲᠤᠯᠠᠨ᠎ᠠ᠃
 
ᠢᠷᠡᠯᠲᠡ᠄ ᠦᠬᠠᠢ ᠬᠤᠲᠠ ᠶᠢᠨ ᠰᠣᠶᠣᠯ ᠪᠡᠶ᠎ᠡ ᠶᠢᠨ ᠲᠠᠮᠢᠷ ᠵᠢᠭᠤᠯᠴᠢᠯᠠᠯ ᠷᠠᠳᠢᠣ᠋ ᠲᠧᠯᠸᠢᠰ ᠤᠨ ᠲᠣᠪᠴᠢᠶ᠎ᠠ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备19004083号