ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠴᠠᠬᠢᠮ ᠰᠣᠷᠪᠣᠯᠵᠢᠯᠠᠭ᠎ᠠ
ᠢᠯᠡ ᠵᠠᠰᠠᠭ   -   ᠪᠠᠶ᠋ᠢᠭᠤᠯᠤᠮᠵᠢ
ᠭᠠᠮᠰᠢᠭ᠎ᠠᠴᠠ ᠠᠪᠤᠷᠠᠬᠤ ᠪᠠ ᠡᠳ᠋ ᠪᠣᠳᠠᠰ᠎ᠤᠨ ᠪᠠᠲᠤᠯᠠᠭ᠎ᠠ ᠵᠢᠨ ᠭᠠᠵᠠᠷ
ᠨᠡᠶ᠋ᠢᠲᠡᠯᠡᠭᠰᠡᠨ ᠴᠠᠭ᠄ 2024-04-11

 

1 . ᠪᠦᠬᠦ ᠣᠷᠣᠨ᠎ᠤ ᠭᠠᠮᠰᠢᠭ᠋᠎ᠤᠨ ᠪᠠᠢᠳᠠᠯ᠎ᠢ ᠬᠠᠷᠭᠤᠭᠤᠯᠤᠨ ᠪᠠᠢᠴᠠᠭᠠᠵᠤ ᠳᠡᠭᠡᠭᠰᠢ ᠮᠡᠳᠡᠭᠦᠯᠬᠦ ᠂ ᠬᠣᠬᠢᠷᠠᠯ᠎ᠢ ᠦᠨᠡᠯᠡᠨ ᠵᠢᠱ᠌ᠢᠬᠦ ᠂ ᠭᠠᠮᠰᠢᠭ᠋᠎ᠠᠴᠠ ᠠᠪᠤᠷᠠᠬᠤ᠎ᠳᠤ ᠬᠠᠨᠳᠢᠪᠯᠡᠨ ᠬᠦᠷᠭᠡᠬᠦ ᠵᠡᠷᠭᠡ ᠭᠠᠮᠰᠢᠭ᠋᠎ᠠᠴᠠ ᠠᠪᠤᠷᠠᠨ ᠲᠤᠰᠠᠯᠠᠬᠤ ᠠᠵᠢᠯ᠎ᠢ ᠵᠣᠬᠢᠶᠠᠨ ᠪᠠᠢᠭᠤᠯᠤᠨ ᠵᠢᠯᠣᠭᠣᠳᠤᠨ᠎ᠠ᠃ 

2 . ᠥᠪᠡᠷᠲᠡᠭᠡᠨ ᠵᠠᠰᠠᠬᠤ ᠣᠷᠣᠨ᠎ᠤ ᠪᠠᠴᠢᠮ ᠪᠠᠢᠳᠠᠯ᠎ᠢ ᠠᠷᠭᠠᠴᠠᠬᠤ ᠡᠳ᠋ ᠪᠠᠷᠠᠭ᠎ᠠ ᠨᠥᠭᠡᠴᠡᠯᠡᠬᠦ ᠲᠥᠯᠦᠪᠵᠢᠭᠦᠯᠭᠡ ᠪᠣᠯᠣᠨ ᠬᠡᠷᠡᠭᠴᠡᠭᠡ ᠱᠠᠭᠠᠷᠳᠠᠯᠭ᠎ᠠ᠎ᠶᠢᠨ ᠲᠥᠯᠥᠪᠯᠡᠭᠡ᠎ᠶᠢ ᠲᠣᠭᠲᠠᠭᠠᠵᠤ ᠂ ᠪᠦᠬᠦ ᠣᠷᠣᠨ᠎ᠤ ᠪᠠᠴᠢᠮ ᠪᠠᠢᠳᠠᠯ᠎ᠢ ᠠᠷᠭᠠᠴᠠᠬᠤ ᠡᠳ᠋ ᠪᠠᠷᠠᠭ᠎ᠠ᠎ᠶᠢ ᠬᠠᠮᠲᠤ᠎ᠪᠠᠷ ᠬᠡᠷᠡᠭᠯᠡᠬᠦ᠎ᠶᠢᠨ ᠵᠣᠬᠢᠴᠠᠭᠤᠯᠬᠤ ᠲᠣᠭᠲᠠᠴᠠ᠎ᠶᠢ ᠵᠣᠬᠢᠶᠠᠨ ᠪᠠᠢᠭᠤᠯᠤᠨ ᠪᠠᠢᠭᠤᠯᠵᠤ ᠂ ᠪᠠᠴᠢᠮ ᠪᠠᠢᠳᠠᠯ᠎ᠢ ᠠᠷᠭᠠᠴᠠᠬᠤ ᠴᠢᠬᠤᠯᠠ ᠡᠳ᠋ ᠪᠠᠷᠠᠭ᠎ᠠ ᠨᠥᠭᠡᠴᠡᠯᠡᠬᠦ ᠂ ᠲᠣᠬᠢᠷᠠᠭᠤᠯᠤᠨ ᠥᠭᠬᠦ ᠪᠠ ᠪᠠᠴᠢᠮ ᠲᠣᠬᠢᠷᠠᠭᠤᠯᠤᠨ ᠬᠦᠷᠭᠡᠬᠦ᠎ᠶᠢ ᠵᠣᠬᠢᠶᠠᠨ ᠪᠠᠢᠭᠤᠯᠤᠨ ᠵᠣᠬᠢᠴᠠᠭᠤᠯᠬᠤ ᠬᠡᠷᠡᠭᠲᠡᠢ᠃ 

3 . ᠲᠥᠪ᠎ᠦᠨ ᠪᠠ ᠥᠪᠡᠷᠲᠡᠭᠡᠨ ᠵᠠᠰᠠᠬᠤ ᠣᠷᠣᠨ᠎ᠤ ᠪᠠᠢᠭᠠᠯᠢ᠎ᠶᠢᠨ ᠭᠠᠮᠰᠢᠭ᠋᠎ᠠᠴᠠ ᠠᠪᠤᠷᠠᠨ ᠲᠤᠰᠠᠯᠠᠬᠤ ᠵᠣᠭᠣᠰ ᠮᠥᠩᠭᠥ ᠡᠳ᠋ ᠪᠣᠳᠠᠰ᠎ᠢ ᠬᠠᠮᠢᠶᠠᠷᠬᠤ ᠂ ᠬᠤᠪᠢᠶᠠᠷᠢᠯᠠᠬᠤ ᠪᠠ ᠬᠢᠨᠠᠯᠲᠠ ᠲᠠᠯᠪᠢᠵᠤ ᠬᠡᠷᠡᠭᠯᠡᠬᠦ ᠠᠵᠢᠯ᠎ᠢ ᠡᠭᠦᠷᠭᠡᠯᠡᠨ᠎ᠡ᠃ 

4 . ᠬᠣᠯᠪᠣᠭᠳᠠᠯ ᠪᠦᠬᠦᠢ ᠲᠠᠯ᠎ᠠ᠎ᠶᠢᠨ ᠬᠢᠨ᠎ᠲᠠᠢ ᠬᠠᠮᠲᠤᠷᠠᠨ ᠭᠠᠮᠰᠢᠭ᠍ᠳᠠᠭᠰᠠᠨ ᠣᠯᠠᠨ ᠲᠦᠮᠡᠨ᠎ᠢ ᠪᠠᠴᠢᠮ ᠰᠢᠯᠵᠢᠭᠦᠯᠦᠨ ᠲᠥᠪᠬᠢᠨᠡᠭᠦᠯᠬᠦ ᠂ ᠭᠠᠮᠰᠢᠭ᠋᠎ᠠᠴᠠ ᠪᠣᠯᠵᠤ ᠡᠪᠳᠡᠭᠳᠡᠭᠰᠡᠨ ᠭᠡᠷ ᠪᠠᠢᠰᠢᠩ᠎ᠢ ᠰᠡᠷᠭᠦᠭᠡᠨ ᠳᠠᠬᠢᠨ ᠪᠠᠶ᠋ᠢᠭᠤᠯᠬᠤ ᠲᠤᠰᠠᠯᠠᠮᠵᠢ ᠪᠣᠯᠣᠨ ᠭᠠᠮᠰᠢᠭ᠍ᠳᠠᠭᠰᠠᠨ ᠣᠯᠠᠨ ᠲᠦᠮᠡᠨ᠎ᠦ ᠠᠮᠢᠳᠤᠷᠠᠯ᠎ᠢ ᠠᠪᠤᠷᠠᠨ ᠲᠤᠰᠠᠯᠠᠬᠤ᠎ᠶᠢ ᠵᠣᠬᠢᠶᠠᠨ ᠪᠠᠢᠭᠤᠯᠤᠨ ᠵᠣᠬᠢᠴᠠᠭᠤᠯᠤᠨ᠎ᠠ᠃ 

5 . ᠥᠪᠡᠷᠲᠡᠭᠡᠨ ᠵᠠᠰᠠᠬᠤ ᠣᠷᠣᠨ᠎ᠤ ᠪᠠᠢᠭᠠᠯᠢ᠎ᠶᠢᠨ ᠭᠠᠮᠰᠢᠭ᠋᠎ᠠᠴᠠ ᠠᠪᠤᠷᠠᠨ ᠲᠤᠰᠠᠯᠠᠬᠤ ᠪᠠᠴᠢᠮ ᠪᠠᠢᠳᠠᠯ᠎ᠢ ᠠᠷᠭᠠᠴᠠᠬᠤ ᠪᠡᠯᠡᠳᠬᠡᠯ ᠲᠥᠰᠥᠯ᠎ᠢ ᠲᠤᠭᠤᠷᠪᠢᠨ ᠲᠣᠭᠲᠠᠭᠠᠵᠤ ᠂ ᠪᠠᠢᠭᠠᠯᠢ᠎ᠶᠢᠨ ᠭᠠᠮᠰᠢᠭ᠋᠎ᠠᠴᠠ ᠠᠪᠤᠷᠠᠨ ᠲᠤᠰᠠᠯᠠᠬᠤ ᠪᠠᠴᠢᠮ ᠪᠠᠢᠳᠠᠯ᠎ᠢ ᠠᠷᠭᠠᠴᠠᠬᠤ ᠪᠡᠯᠡᠳᠬᠡᠯ ᠲᠥᠰᠥᠯ᠎ᠢ ᠡᠬᠢᠯᠡᠭᠦᠯᠬᠦ ᠰᠠᠨᠠᠭᠤᠯᠭ᠎ᠠ᠎ᠶᠢ ᠳᠤᠷᠠᠳᠤᠨ᠎ᠠ᠃ 

6 . ᠪᠦᠬᠦ ᠣᠷᠣᠨ᠎ᠤ ᠭᠠᠮᠰᠢᠭ᠍ᠳᠠᠭᠰᠠᠨ ᠣᠯᠠᠨ ᠲᠦᠮᠡᠨ᠎ᠦ ᠡᠪᠦᠯ ᠬᠠᠪᠤᠷ᠎ᠤᠨ ᠠᠪᠤᠷᠠᠨ ᠲᠤᠰᠠᠯᠠᠬᠤ ᠠᠵᠢᠯ᠎ᠢ ᠵᠣᠬᠢᠶᠠᠨ ᠪᠠᠢᠭᠤᠯᠤᠨ ᠵᠢᠯᠣᠭᠣᠳᠤᠨ᠎ᠠ᠃ 

7᠂ ᠪᠦᠭᠦ ᠣᠷᠣᠨ᠎ᠤ ᠭᠠᠮᠰᠢᠭ᠋᠎ᠤᠨ ᠮᠡᠳᠡᠭᠡ ᠵᠠᠩᠭᠢᠴᠢᠳ᠎ᠤᠨ ᠡᠩᠨᠡᠭᠡᠨ᠎ᠤ ᠪᠠᠢᠭᠤᠯᠤᠯᠲᠠ ᠵᠢᠨ ᠠᠵᠢᠯ᠎ᠢ ᠵᠢᠯᠣᠭᠣᠳᠤᠨ᠎ᠠ᠃

8. ᠡᠳ᠋ ᠪᠣᠳᠠᠰ ᠨᠢᠭᠡᠳᠦᠯᠲᠡᠢ ᠨᠥᠭᠡᠴᠡᠯᠡᠵᠦ᠂ ᠬᠠᠮᠢᠶᠠᠷᠬᠤ ᠪᠥᠭᠡᠳ ᠲᠤᠬᠠᠢᠯᠠᠭᠰᠠᠨ ᠠᠵᠢᠯ᠎ᠤᠨ ᠭᠠᠵᠠᠷ ᠲᠠᠰᠤᠭ (ᠨᠢᠭᠡᠴᠢ)᠎ᠤᠨ ᠰᠠᠨᠠᠯ᠎ᠢ ᠦᠨᠳᠦᠰᠦᠯᠡᠨ ᠬᠥᠮᠥᠷᠭᠡ᠎ᠠᠴᠠ ᠭᠠᠷᠭᠠᠬᠤ ᠶ᠋ᠢ ᠵᠣᠬᠢᠶᠠᠨ ᠪᠠᠢᠭᠤᠯᠤᠨ᠎ᠠ᠃

9 . ᠥᠪᠡᠷᠲᠡᠭᠡᠨ ᠵᠠᠰᠠᠬᠤ ᠣᠷᠣᠨ᠎ᠤ ᠭᠠᠮᠰᠢᠭ᠋᠎ᠢ ᠰᠡᠷᠭᠡᠢᠯᠡᠨ ᠭᠠᠮᠰᠢᠭ᠋᠎ᠢ ᠪᠠᠭᠠᠰᠬᠠᠬᠤ ᠭᠠᠮᠰᠢᠭ᠋᠎ᠠᠴᠠ ᠠᠪᠤᠷᠠᠬᠤ ᠵᠥᠪᠯᠡᠯ᠎ᠦᠨ ᠠᠯᠪᠠᠨ ᠭᠡᠷ᠎ᠦᠨ ᠡᠳᠦᠷ ᠲᠤᠲᠤᠮ᠎ᠤᠨ ᠠᠵᠢᠯ᠎ᠢ ᠡᠭᠦᠷᠭᠡᠯᠡᠨ᠎ᠡ; ᠥᠪᠡᠷᠲᠡᠭᠡᠨ ᠵᠠᠰᠠᠬᠤ ᠣᠷᠣᠨ᠎ᠤ ᠭᠠᠮᠰᠢᠭ᠋᠎ᠢ ᠰᠡᠷᠭᠡᠢᠯᠡᠵᠦ ᠭᠠᠮᠰᠢᠭ᠋᠎ᠢ ᠪᠠᠭᠠᠰᠬᠠᠬᠤ ᠭᠠᠮᠰᠢᠭ᠋᠎ᠠᠴᠠ ᠠᠪᠤᠷᠠᠬᠤ᠎ᠶᠢᠨ ᠵᠣᠬᠢᠴᠠᠭᠤᠯᠬᠤ ᠠᠵᠢᠯ᠎ᠤᠨ ᠲᠣᠭᠲᠠᠴᠠ᠎ᠶᠢ ᠵᠣᠬᠢᠶᠠᠨ ᠪᠠᠢᠭᠤᠯᠤᠨ ᠪᠠᠢᠭᠤᠯᠵᠤ ᠂ ᠬᠠᠮᠢᠶ᠎ᠠ ᠪᠦᠬᠦᠢ ᠲᠥᠷᠥ᠎ᠶᠢᠨ ᠪᠣᠳᠣᠯᠭ᠎ᠠ ᠂ ᠲᠥᠯᠦᠪᠵᠢᠭᠦᠯᠭᠡ ᠂ ᠳᠦᠷᠢᠮ᠎ᠢ ᠲᠤᠭᠤᠷᠪᠢᠬᠤ᠎ᠶᠢᠨ ᠬᠠᠮᠲᠤ ᠵᠣᠬᠢᠶᠠᠨ ᠪᠠᠢᠭᠤᠯᠤᠨ ᠬᠡᠷᠡᠭᠵᠢᠭᠦᠯᠦᠨ᠎ᠡ᠃ 

10 . ᠲᠢᠩᠬᠢᠮ᠎ᠦᠨ ᠤᠳᠤᠷᠢᠳᠤᠯᠭ᠎ᠠ᠎ᠶᠢᠨ ᠲᠤᠰᠢᠶᠠᠨ ᠭᠦᠢᠴᠡᠳᠬᠡᠯᠭᠡᠬᠦ ᠪᠤᠰᠤᠳ ᠡᠭᠦᠷᠭᠡ᠎ᠶᠢ ᠪᠡᠶᠡᠯᠡᠭᠦᠯᠦᠨ᠎ᠡ᠃ 

 

ᠬᠠᠷᠢᠭᠤᠴᠠᠯᠭᠠᠲᠠᠨ ᠄ ᠸᠠᠩ ᠶᠤᠸᠠᠢ ᠦ᠋

ᠠᠯᠪᠠᠨ ᠤᠲᠠᠰᠤ ᠄ 0471 - 4821000 

ᠠᠵᠢᠯᠯᠠᠬᠤ ᠴᠠᠭ ᠄ 9 ᠄ 00  - 12 ᠄ 00    13 ᠄ 30  - 17 ᠄ 00 ( ᠬᠠᠤᠯᠢ᠎ᠪᠠᠷ ᠲᠣᠭᠲᠠᠭᠠᠭᠰᠠᠨ ᠪᠠᠶᠠᠷ ᠳᠤᠷᠠᠰᠬᠠᠯ᠎ᠤᠨ ᠡᠳᠦᠷ᠎ᠡᠴᠡ ᠭᠠᠳᠠᠨ᠎ᠠ ) 

ᠨᠢᠭᠡᠴᠡ᠎ᠶᠢᠨ ᠬᠠᠶᠢᠭ᠋ ᠄ ᠬᠥᠬᠡᠬᠣᠲᠠ᠎ᠶᠢᠨ ᠰᠠᠢᠬᠠᠨ ᠲᠣᠭᠣᠷᠢᠭ᠋᠎ᠤᠨ ᠲᠧᠩ ᠹᠧᠢ ᠡᠮᠦᠨ᠎ᠡ ᠵᠠᠮ᠎ᠤᠨ 40  ᠨᠣᠮᠧᠷ

ᠢᠷᠡᠯᠲᠡ᠄ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠪᠠᠴᠢᠮ ᠪᠠᠢ᠌ᠳᠠᠯ᠎ᠢ ᠠᠷᠭ᠋ᠠᠴᠠᠭ᠋ᠠᠬᠤ ᠬᠠᠮᠢᠶᠠᠷᠤᠯᠲᠠ ᠵᠢᠨ ᠲᠢᠩᠬᠢᠮ
          
ᠬᠠᠮᠢᠶ᠎ᠡ ᠪᠦᠬᠦᠢ ᠰᠣᠨᠢᠨ
 
            