ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠴᠠᠬᠢᠮ ᠰᠣᠷᠪᠣᠯᠵᠢᠯᠠᠭ᠎ᠠ
ᠲᠡᠷᠢᠭᠦᠨ ᠬᠠᠭᠤᠳᠠᠰᠤ   -   ᠲᠡᠷᠢᠭᠦᠨ ᠵᠣᠷᠪᠣᠰ
ᠰᠢ ᠵᠢᠨ ᠫᠢᠩ᠄ ᠰᠢᠨ᠎ᠠ ᠬᠦᠭᠵᠢᠯᠳᠠ ᠵᠢᠨ ᠤᠢ᠍ᠢ᠍ᠯᠠᠭ᠋ᠠᠭᠳᠠᠬᠤᠨ᠎ᠢ ᠲᠤᠭᠤᠰᠢᠯᠠᠭᠤᠯᠤᠨ ᠰᠢᠨ᠎ᠠ ᠬᠦᠭᠵᠢᠯᠳᠠ ᠵᠢᠨ ᠪᠠᠢ᠍ᠢ᠍ᠷᠢᠰᠢᠯ᠎ᠢ ᠴᠤᠭᠴᠠᠯᠠᠵᠤ ᠠᠵᠤ ᠠᠬᠤᠢ ᠨᠡᠢ᠍ᠢ᠍ᠭᠡᠮ᠎ᠤᠨ ᠴᠢᠨᠠᠷ ᠰᠠᠢ᠍ᠢ᠍ᠳᠠᠢ ᠬᠦᠭᠵᠢᠯᠳᠠ ᠦᠷᠬᠦᠯᠵᠢᠯᠡᠬᠦ ᠬᠦᠭᠵᠢᠯᠳᠠ ᠵᠢ ᠠᠬᠢᠭᠤᠯᠬᠤ ᠭᠡᠷᠡᠭᠲᠡᠢ
ᠨᠡᠶ᠋ᠢᠲᠡᠯᠡᠭᠰᠡᠨ ᠴᠠᠭ᠄ 2020-11-17

      ᠰᠢᠨᠬᠤᠸᠠ ᠬᠤᠷᠢᠶᠠᠨ᠎ᠤ ᠨᠠᠨᠵᠢᠩ᠎ᠤᠨ 11 ᠰᠠᠷ᠎ᠠ ᠵᠢᠨ 14᠎ᠤ ᠴᠠᠬᠢᠯᠭ᠋ᠠᠨ ᠮᠡᠳᠡᠭᠡ   ᠨᠠᠮ᠎ᠤᠨ ᠲᠦᠪ ᠬᠤᠷᠢᠶᠠᠨ᠎ᠤ ᠶᠡᠷᠦᠩᠭᠡᠢ ᠱᠦᠵᠢ᠂ ᠤᠯᠤᠰ᠎ᠤᠨ ᠲᠡᠷᠢᠬᠦᠯᠡᠭᠴᠢ᠂ ᠲᠦᠪ᠎ᠤᠨ ᠴᠡᠷᠢᠭ᠎ᠤᠨ ᠶᠠᠪᠤᠳᠠᠯ᠎ᠤᠨ ᠬᠤᠷᠢᠶᠠᠨ᠎ᠤ ᠲᠡᠷᠢᠬᠦᠯᠡᠭᠴᠢ ᠰᠢ ᠵᠢᠨ ᠫᠢᠩ ᠤᠢ᠍ᠢ᠍ᠷ᠎ᠠ ᠵᠢᠨ ᠡᠳᠦᠷ ᠵᠢᠶᠠᠩᠰᠦ᠎ᠳᠤ ᠰᠢᠨᠵᠢᠯᠡᠨ ᠪᠠᠢ᠍ᠢ᠍ᠴᠠᠭ᠋ᠠᠬᠤ᠎ᠳᠠᠭᠠᠨ᠂ ᠰᠢᠨ᠎ᠠ ᠬᠦᠭᠵᠢᠯᠳᠠ ᠵᠢᠨ ᠱᠠᠳᠤᠨ᠎ᠤ ᠰᠢᠨ᠎ᠠ ᠡᠬᠦᠷᠭᠡ ᠰᠢᠨ᠎ᠠ ᠱᠠᠭ᠋ᠠᠷᠳᠠᠯᠭ᠎ᠠ ᠵᠢ ᠪᠦᠬᠦ ᠲᠠᠯ᠎ᠠ᠎ᠪᠠᠷ ᠡᠵᠡᠮᠳᠡᠨ᠂ ᠰᠢᠨ᠎ᠠ ᠬᠦᠭᠵᠢᠯᠳᠠ ᠵᠢᠨ ᠤᠢ᠍ᠢ᠍ᠯᠠᠭ᠋ᠠᠭᠳᠠᠬᠤᠨ᠎ᠢ ᠭᠤᠢ᠍ᠢ᠍ᠪᠢᠰᠢ ᠦᠭᠡᠢ ᠲᠤᠭᠤᠰᠢᠯᠠᠭᠤᠯᠤᠨ ᠰᠢᠨ᠎ᠠ ᠬᠦᠭᠵᠢᠯᠳᠠ ᠵᠢᠨ ᠪᠠᠢ᠍ᠢ᠍ᠷᠢᠰᠢᠯ᠎ᠢ ᠴᠤᠭᠴᠠᠯᠠᠵᠤ᠂ ᠲᠤᠭᠳᠠᠭᠤᠨ᠎ᠤ ᠳᠤᠮᠳᠠ ᠤᠷᠤᠬᠰᠢᠯᠠᠨ ᠲᠠᠪᠰᠢᠬᠤ ᠠᠵᠢᠯ᠎ᠤᠨ ᠶᠡᠷᠦᠩᠭᠡᠢ ᠬᠦᠭ ᠠᠶᠠᠰ᠎ᠢ ᠪᠠᠷᠢᠮᠳᠠᠯᠠᠨ᠂ ᠬᠦᠭᠵᠢᠯᠳᠠ ᠪᠠ ᠠᠮᠤᠷ ᠲᠦᠪᠰᠢᠨ᠎ᠢ ᠨᠢᠭᠡᠳᠦᠯᠳᠠᠢ ᠲᠦᠯᠦᠪᠵᠢᠬᠦᠯᠵᠦ᠂ ᠠᠮᠢ ᠠᠬᠤᠢ ᠤᠷᠴᠢᠨ ᠲᠤᠭᠤᠷᠢᠨ᠎ᠤ ᠬᠠᠮᠠᠭ᠋ᠠᠯᠠᠯᠳᠠ ᠵᠢ ᠨᠡᠩ ᠲᠤᠪᠤᠢ᠍ᠢ᠍ᠮ᠎ᠠ ᠪᠠᠢ᠍ᠢ᠍ᠷᠢᠨ᠎ᠳᠤ ᠲᠠᠯᠪᠢᠨ᠂ ᠠᠵᠤ ᠠᠬᠤᠢ ᠨᠡᠢ᠍ᠢ᠍ᠭᠡᠮ᠎ᠤᠨ ᠴᠢᠨᠠᠷ ᠰᠠᠢ᠍ᠢ᠍ᠳᠠᠢ ᠬᠦᠭᠵᠢᠯᠳᠠ ᠦᠷᠬᠦᠯᠵᠢᠯᠡᠬᠦ ᠬᠦᠭᠵᠢᠯᠳᠠ ᠵᠢ ᠠᠬᠢᠭᠤᠯᠵᠦ᠂ ᠦᠭᠡᠷᠡᠴᠢᠯᠡᠯᠳᠠ ᠬᠢᠵᠦ ᠰᠢᠨ᠎ᠠ ᠵᠢ ᠡᠬᠦᠳᠬᠦ᠂ ᠴᠢᠨᠠᠷ ᠰᠠᠢ᠍ᠢ᠍ᠳᠠᠢ ᠬᠦᠭᠵᠢᠯᠳᠠ ᠵᠢ ᠠᠬᠢᠭᠤᠯᠬᠤ ᠲᠠᠯ᠎ᠠ᠎ᠪᠠᠷ ᠦᠯᠢᠭᠡᠷ ᠳᠠᠭᠤᠷᠢᠶᠠᠯ ᠪᠤᠯᠬᠤ᠎ᠪᠠᠷ ᠴᠢᠷᠮᠠᠢ᠍ᠢ᠍ᠨ᠂ ᠪᠦᠬᠦ ᠤᠯᠤᠰ᠎ᠤᠨ ᠰᠢᠨ᠎ᠠ ᠬᠦᠭᠵᠢᠯᠳᠠ ᠵᠢᠨ ᠪᠠᠢ᠍ᠢ᠍ᠷᠢᠰᠢᠯ᠎ᠢ ᠴᠤᠭᠴᠠᠯᠠᠬᠤ᠎ᠳᠤ ᠦᠢ᠍ᠯᠡᠴᠢᠯᠡᠬᠦ ᠲᠠᠯ᠎ᠠ᠎ᠪᠠᠷ ᠵᠢᠱ᠌ᠢᠶ᠎ᠠ ᠦᠵᠡᠬᠦᠯᠵᠦ᠂ ᠨᠡᠢ᠍ᠢ᠍ᠭᠡᠮ ᠵᠢᠷᠤᠮ᠎ᠤᠨ ᠤᠳᠤᠬᠢᠴᠢᠯᠠᠯᠳᠠ ᠵᠢ ᠪᠡᠶᠡᠯᠡᠬᠦᠯᠬᠦ ᠲᠠᠯ᠎ᠠ᠎ᠪᠠᠷ ᠡᠮᠦᠨ᠎ᠠ ᠡᠩᠨᠡᠭᠡᠨ᠎ᠳᠤᠨᠢ ᠶᠠᠪᠤᠬᠤ ᠭᠡᠷᠡᠭᠲᠡᠢ ᠭᠡᠵᠦ ᠴᠢᠬᠤᠯᠠᠴᠢᠯᠠᠪᠠ᠃


     11 ᠰᠠᠷ᠎ᠠ ᠵᠢᠨ 12᠎ᠠᠴᠠ 13᠎ᠤ ᠡᠳᠦᠷ ᠪᠤᠯᠳᠠᠯ᠎ᠠ᠂ ᠨᠠᠮ᠎ᠤᠨ ᠲᠦᠪ ᠬᠤᠷᠢᠶᠠᠨ᠎ᠤ ᠶᠡᠷᠦᠩᠭᠡᠢ ᠱᠦᠵᠢ᠂ ᠤᠯᠤᠰ᠎ᠤᠨ ᠲᠡᠷᠢᠬᠦᠯᠡᠭᠴᠢ᠂ ᠲᠦᠪ᠎ᠤᠨ ᠴᠡᠷᠢᠭ᠎ᠤᠨ ᠶᠠᠪᠤᠳᠠᠯ᠎ᠤᠨ ᠬᠤᠷᠢᠶᠠᠨ᠎ᠤ ᠲᠡᠷᠢᠬᠦᠯᠡᠭᠴᠢ ᠰᠢ ᠵᠢᠨ ᠫᠢᠩ ᠵᠢᠶᠠᠩᠰᠦ᠎ᠳᠤ ᠰᠢᠨᠵᠢᠯᠡᠨ ᠪᠠᠢ᠍ᠢ᠍ᠴᠠᠭ᠋ᠠᠪᠠ᠃ ᠵᠢᠷᠤᠭ ᠪᠤᠯ 12᠎ᠤᠨ ᠦᠳᠡ ᠵᠢᠨ ᠬᠤᠢ᠍ᠢ᠍ᠨ᠎ᠠ᠂ ᠰᠢ ᠵᠢᠨ ᠫᠢᠩ ᠨᠠᠨᠲ᠋ᠦ᠋ᠩ ᠬᠤᠳᠠ ᠵᠢᠨ ᠲᠠᠪᠤᠨ ᠠᠭᠤᠯᠠ ᠵᠢᠨ ᠭᠠᠵᠠᠷ ᠤᠷᠤᠨ᠎ᠤ ᠪᠢᠨᠵᠢᠶᠠᠩ᠎ᠤᠨ ᠭᠡᠰᠡᠭ᠎ᠲᠤ ᠰᠢᠨᠵᠢᠯᠠᠨ ᠪᠠᠢ᠍ᠢ᠍ᠴᠠᠭ᠋ᠠᠬᠤ ᠦᠶᠡᠰ ᠬᠤᠳᠠ ᠵᠢᠨ ᠠᠷᠠᠳ᠎ᠲᠠᠢ ᠲᠤᠳᠤᠨᠤ᠎ᠪᠠᠷ ᠶᠠᠷᠢᠯᠴᠠᠵᠤ ᠪᠠᠢ᠍ᠢ᠍ᠭ᠎ᠠ᠎ᠨᠢ᠃


     11 ᠰᠠᠷ᠎ᠠ ᠵᠢᠨ 12᠎ᠠᠴᠠ 13᠎ᠤ ᠡᠳᠦᠷ ᠪᠤᠯᠳᠠᠯ᠎ᠠ᠂ ᠰᠢ ᠵᠢᠨ ᠫᠢᠩ ᠵᠢᠶᠠᠩᠰᠦ ᠮᠤᠵᠢ ᠵᠢᠨ ᠨᠠᠮ᠎ᠤᠨ ᠬᠤᠷᠢᠶᠠᠨ᠎ᠤ ᠱᠦᠵᠢ ᠯᠸᠦ ᠴᠢᠨ ᠵᠢᠶᠠᠨ᠂ ᠮᠤᠵᠢ ᠵᠢᠨ ᠳᠠᠷᠤᠭ᠎ᠠ ᠡᠤ ᠵᠸᠩ ᠯᠦᠩ᠎ᠤᠨ ᠪᠠᠷ᠎ᠠ ᠪᠤᠯᠤᠯᠭ᠎ᠠ᠎ᠪᠠᠷ ᠤᠷᠢᠳ ᠬᠤᠵᠢᠳ ᠨᠠᠨᠲ᠋ᠦ᠋ᠩ᠂ ᠶᠠᠩᠵᠸᠦ ᠵᠡᠷᠭᠡ ᠭᠠᠵᠠᠷ᠎ᠲᠤ ᠬᠦᠷᠴᠦ᠂ ᠬᠦᠭᠡᠮᠦ᠋ᠷᠡᠨ ᠪᠠ ᠳᠠᠳᠠᠮᠠᠯ ᠭᠤᠤᠯ᠎ᠤᠨ ᠡᠷᠬᠢ ᠳᠠᠭ᠋ᠠᠤ ᠭᠠᠵᠠᠷ᠂ ᠤᠰᠤᠨ ᠠᠰᠢᠬᠯᠠᠯᠳᠠ ᠵᠢᠨ ᠬᠦᠢ᠍ᠰᠦ ᠪᠠᠷᠢᠯᠭ᠎ᠠ᠂ ᠲᠡᠦᠭᠡ ᠵᠢᠨ ᠲᠤᠷᠠᠰᠬᠠᠯᠳᠦ ᠵᠦᠢ᠍ᠯ᠎ᠤᠨ ᠬᠠᠮᠠᠭ᠋ᠠᠯᠠᠯᠳᠠ ᠵᠢᠨ ᠨᠢᠭᠡᠴᠢ ᠵᠡᠷᠭᠡ᠎ᠪᠠᠷ ᠬᠦᠨᠵᠡᠭᠡᠢ᠍ᠢ᠍ᠷᠡᠵᠦ᠂ ᠨᠠᠮ᠎ᠤᠨ ᠠᠷᠪᠠ ᠶᠢᠰᠦᠳᠦᠭᠡᠷ ᠬᠤᠭᠤᠴᠠᠭ᠋ᠠᠨ᠎ᠤ ᠲᠦᠪ ᠬᠤᠷᠢᠶᠠᠨ᠎ᠤ ᠲᠠᠪᠤᠳᠤᠭ᠋ᠠᠷ ᠪᠦᠬᠦᠳᠠ ᠬᠤᠷᠠᠯ᠎ᠤᠨ ᠵᠤᠷᠢᠭ ᠰᠠᠨᠠᠭ᠎ᠠ ᠵᠢ ᠲᠤᠭᠤᠰᠢᠯᠠᠭᠤᠯᠤᠨ ᠨᠠᠢ᠍ᠢ᠍ᠳᠠᠪᠤᠷᠢᠵᠢᠭᠤᠯᠬᠤ᠂ ᠬᠢᠵᠢᠭ᠎ᠤᠨ ᠪᠠᠢ᠍ᠢ᠍ᠳᠠᠯ᠎ᠢ ᠪᠠᠢ᠍ᠢ᠍ᠩᠭᠤᠵᠢᠭᠤᠯᠤᠨ ᠰᠡᠷᠭᠡᠢ᠍ᠢ᠍ᠯᠡᠨ ᠡᠵᠡᠮᠳᠡᠬᠦ ᠪᠠ ᠠᠵᠤ ᠠᠬᠤᠢ ᠨᠡᠢ᠍ᠢ᠍ᠭᠡᠮ᠎ᠤᠨ ᠬᠦᠭᠵᠢᠯᠳᠠ ᠵᠢᠨ ᠠᠵᠢᠯ᠎ᠢ ᠨᠢᠭᠡᠳᠦᠯᠳᠠᠢ ᠲᠦᠯᠦᠪᠵᠢᠬᠦᠯᠦᠨ ᠠᠬᠢᠭᠤᠯᠬᠤ ᠵᠡᠷᠭᠡ ᠲᠠᠯ᠎ᠠ᠎ᠪᠠᠷ ᠪᠠᠢ᠍ᠢ᠍ᠴᠠᠭ᠋ᠠᠨ

ᠰᠤᠳᠤᠯᠵᠠᠢ᠃
      ᠨᠠᠨᠲ᠋ᠦ᠋ᠩ ᠬᠤᠳᠠ ᠬᠦᠭᠡᠮᠦ᠋ᠷᠡᠨ᠎ᠤ ᠲᠠᠯᠠᠢ᠎ᠳᠤ ᠴᠢᠳᠬᠤᠯᠠᠬᠤ ᠭᠠᠵᠠᠷ᠎ᠤᠨ ᠬᠤᠢ᠍ᠢ᠍ᠳᠦ ᠭᠡᠰᠡᠭ᠎ᠲᠤ ᠪᠠᠢ᠍ᠢ᠍ᠷᠢᠯᠠᠵᠦ᠂ 《ᠮᠦᠷᠡᠨ ᠲᠠᠯᠠᠢ ᠵᠢᠨ ᠡᠬᠦᠳᠠ》 ᠭᠡᠮᠡᠬᠦ ᠰᠠᠢ᠍ᠢ᠍ᠬᠠᠨ ᠴᠤᠯᠠ᠎ᠲᠠᠢ ᠶᠤᠮ᠃ ᠬᠤᠳᠠ ᠵᠢᠨ ᠲᠤᠭᠤᠷᠢᠭ᠎ᠤᠨ ᠡᠮᠦᠨ᠎ᠠ ᠭᠡᠰᠡᠭ᠎ᠤᠨ ᠪᠢᠨᠵᠢᠶᠠᠩ ᠤᠷᠤᠨ᠎ᠳᠤ ᠮᠦᠷᠡᠨ᠎ᠤ ᠤᠰᠤᠨ ᠭᠠᠳᠠᠷᠭᠤ ᠦᠷᠭᠡᠨ ᠪᠠᠢ᠍ᠢ᠍ᠵᠤ᠂ ᠤᠰᠤ ᠤᠨᠢᠶᠠᠷ ᠦᠷᠬᠦᠯᠵᠢᠯᠡᠨ᠂ ᠬᠤᠸᠠᠩ᠎ᠨᠢ ᠱᠠᠨ ᠠᠭᠤᠯᠠ᠂ ᠮᠠ ᠠᠨ ᠱᠠᠨ ᠠᠭᠤᠯᠠ᠂ ᠯᠠᠩᠱ᠌ᠠᠨ ᠠᠭᠤᠯᠠ᠂ ᠵᠢᠶᠠᠨᠱ᠌ᠠᠨ ᠠᠭᠤᠯᠠ᠂ ᠵᠢᠶᠦ᠋ᠨᠱ᠌ᠠᠨ ᠠᠭᠤᠯᠠ ᠵᠡᠷᠭᠡ ᠲᠠᠪᠤᠨ ᠠᠭᠤᠯᠠ ᠮᠦᠷᠡᠨ ᠪᠠᠷᠠᠭ᠋ᠠᠳᠠᠨ ᠰᠦᠭᠯᠡᠢ᠍ᠢ᠍ᠨ ᠰᠦᠨᠳᠡᠷᠯᠡᠵᠦ᠂ ᠮᠦᠷᠡᠨ ᠳᠠᠭ᠋ᠠᠤ ᠵᠢᠨ 14 ᠺᠢᠯᠣᠮᠧᠲᠷ᠎ᠤᠨ ᠭᠠᠵᠠᠷ᠎ᠨᠢ ᠬᠦᠭᠡᠮᠦ᠋ᠷᠡᠨ᠎ᠤ ᠨᠠᠨᠲ᠋ᠦ᠋ᠩ᠎ᠤᠨ ᠭᠡᠰᠡᠭ᠎ᠤᠨ ᠴᠢᠬᠤᠯᠠ ᠠᠮᠢ ᠠᠬᠤᠢ ᠵᠢᠨ ᠦᠷᠦᠴᠡ ᠪᠠ ᠬᠤᠳᠠ ᠵᠢᠨ ᠬᠦᠭᠵᠢᠯᠳᠠ ᠵᠢᠨ ᠴᠢᠬᠤᠯᠠ ᠤᠰᠤᠨ᠎ᠤ ᠡᠬᠢ ᠪᠤᠯᠵᠦ ᠪᠠᠢ᠍ᠢ᠍ᠨ᠎ᠠ᠃
     12᠎ᠤᠨ ᠦᠳᠡ ᠵᠢᠨ ᠬᠤᠢ᠍ᠢ᠍ᠨ᠎ᠠ᠂ ᠰᠢ ᠵᠢᠨ ᠫᠢᠩ ᠲᠠᠪᠤᠨ ᠠᠭᠤᠯᠠ ᠵᠢᠨ ᠭᠠᠵᠠᠷ ᠤᠷᠤᠨ᠎ᠤ ᠪᠢᠨᠵᠢᠶᠠᠩ᠎ᠤᠨ ᠭᠡᠰᠡᠭ᠎ᠲᠤ ᠬᠦᠷᠴᠦ᠂ ᠲᠠᠪᠤᠨ ᠠᠭᠤᠯᠠ ᠵᠢᠴᠢ ᠮᠦᠷᠡᠨ ᠳᠠᠭ᠋ᠠᠤ ᠵᠢᠨ ᠭᠠᠵᠠᠷ ᠤᠷᠤᠨ᠎ᠤ ᠠᠮᠢ ᠠᠬᠤᠢ ᠵᠢ ᠵᠠᠰᠠᠨ ᠰᠡᠷᠬᠦᠭᠡᠵᠦ ᠬᠠᠮᠠᠭ᠋ᠠᠯᠠᠭᠰᠠᠨ᠂ ᠬᠦᠭᠡᠮᠦ᠋ᠷᠡᠨ᠎ᠤ ᠤᠰᠤᠨ᠎ᠤ ᠴᠠᠷᠠᠭ᠎ᠠ᠎ᠳᠤ ᠵᠢᠭ᠋ᠠᠰᠤ ᠠᠩᠨᠠᠬᠤ ᠵᠢ ᠴᠠᠭ᠋ᠠᠵᠠᠯᠠᠵᠤ ᠵᠤᠭᠰᠤᠭ᠋ᠠᠬᠤ ᠵᠢ ᠭᠡᠷᠡᠭᠵᠢᠬᠦᠯᠦᠭᠰᠡᠨ ᠵᠡᠷᠭᠡ ᠪᠠᠢ᠍ᠢ᠍ᠳᠠᠯ᠎ᠤᠨ ᠲᠠᠨᠢᠯᠴᠠᠭᠤᠯᠭ᠎ᠠ ᠵᠢ ᠰᠤᠨᠤᠰᠴᠦ᠂ ᠨᠠᠨᠲ᠋ᠦ᠋ᠩ᠎ᠤᠨ ᠠᠮᠢ ᠠᠬᠤᠢ ᠵᠢᠨ ᠪᠤᠬᠢᠷᠳᠤᠯ ᠦᠭᠡᠢ ᠬᠤᠩᠬᠢᠯ᠎ᠢ ᠪᠦᠳᠦᠬᠡᠨ ᠪᠠᠢ᠍ᠢ᠍ᠭᠤᠯᠤᠭᠰᠠᠨ ᠠᠷᠭ᠎ᠠ ᠬᠢᠳᠡᠯ᠎ᠢ ᠨᠤᠳᠠᠯᠠᠵᠦ ᠪᠠᠢ᠍ᠢ᠍ᠬᠤ᠎ᠪᠠᠨ ᠢᠯᠡᠳᠭᠡᠪᠡ᠃ ᠳᠠᠷᠠᠭ᠎ᠠ᠎ᠨᠢ᠂ ᠰᠢ ᠵᠢᠨ ᠫᠢᠩ ᠮᠦᠷᠡᠨ ᠳᠠᠭ᠋ᠠᠤ ᠠᠯᠬᠤᠯᠠᠨ ᠪᠢᠨᠵᠢᠶᠠᠩ᠎ᠤᠨ ᠠᠮᠢ ᠠᠬᠤᠢ ᠤᠷᠴᠢᠨ ᠲᠤᠭᠤᠷᠢᠨ᠎ᠢ ᠪᠠᠢ᠍ᠢ᠍ᠴᠠᠭ᠋ᠠᠨ ᠦᠵᠡᠵᠦ᠂ ᠲᠤᠬᠠᠢ ᠵᠢᠨ ᠭᠠᠵᠠᠷ᠎ᠤᠨ ᠬᠦᠭᠡᠮᠦ᠋ᠷᠡᠨ᠎ᠤ ᠳᠤᠤᠷᠠᠳᠦ ᠤᠷᠤᠰᠬᠠᠯ ᠳᠠᠭ᠋ᠠᠤ ᠵᠢᠨ ᠤᠷᠴᠢᠨ ᠲᠤᠭᠤᠷᠢᠨ᠎ᠤ ᠶᠡᠷᠦᠩᠭᠡᠢ᠍ᠢ᠍ᠯᠡᠭᠰᠡᠨ ᠵᠠᠰᠠᠯᠳᠠ ᠵᠢ ᠠᠬᠢᠭᠤᠯᠤᠭᠰᠠᠨ ᠪᠠᠢ᠍ᠢ᠍ᠳᠠᠯ᠎ᠢ ᠨᠠᠷᠢᠨ ᠤᠢ᠍ᠢ᠍ᠯᠠᠭ᠋ᠠᠪᠠ᠃ ᠰᠢ ᠵᠢᠨ ᠫᠢᠩ᠂ ᠠᠮᠢ ᠠᠬᠤᠢ ᠤᠷᠴᠢᠨ ᠲᠤᠭᠤᠷᠢᠨ᠎ᠤ ᠤᠷᠤᠭᠤᠯᠤᠯᠳᠠ ᠪᠤᠯ ᠤᠳᠬ᠎ᠠ ᠠᠭᠤᠯᠭ᠎ᠠ ᠦᠭᠡᠢ ᠤᠷᠤᠭᠤᠯᠤᠯᠳᠠ᠂ ᠦᠷ᠎ᠠ ᠪᠦᠳᠦᠮᠵᠢ ᠦᠭᠡᠢ ᠤᠷᠤᠭᠤᠯᠤᠯᠳᠠ ᠪᠢᠰᠢ ᠶᠤᠮ᠂ ᠬᠠᠷᠢᠨ ᠠᠵᠤ ᠠᠬᠤᠢ ᠨᠡᠢ᠍ᠢ᠍ᠭᠡᠮ᠎ᠤᠨ ᠴᠢᠨᠠᠷ ᠰᠠᠢ᠍ᠢ᠍ᠳᠠᠢ ᠬᠦᠭᠵᠢᠯᠳᠠ ᠦᠷᠬᠦᠯᠵᠢᠯᠡᠬᠦ ᠬᠦᠭᠵᠢᠯᠳᠠ᠎ᠳᠤ ᠬᠤᠯᠪᠤᠭᠳᠠᠬᠤ ᠰᠠᠭᠤᠷᠢ ᠴᠢᠨᠠᠷᠳᠠᠢ᠂ ᠪᠠᠢ᠍ᠢ᠍ᠯᠳᠤᠬᠤ ᠪᠤᠳᠤᠯᠭ᠎ᠠ ᠵᠢᠨ ᠴᠢᠨᠠᠷᠳᠠᠢ ᠤᠷᠤᠭᠤᠯᠤᠯᠳᠠ ᠮᠦᠨ᠃ ᠰᠢᠨ᠎ᠠ ᠬᠦᠭᠵᠢᠯᠳᠠ ᠵᠢᠨ ᠤᠢ᠍ᠢ᠍ᠯᠠᠭ᠋ᠠᠭᠳᠠᠬᠤᠨ᠎ᠢ ᠡᠷᠡᠰ ᠲᠤᠭᠤᠰᠢᠯᠠᠭᠤᠯᠵᠦ᠂ ᠬᠦᠭᠵᠢᠯᠳᠠ ᠵᠢᠨ ᠠᠷᠭ᠎ᠠ ᠭᠡᠯᠪᠡᠷᠢ ᠵᠢ ᠬᠤᠪᠢᠷᠠᠭᠤᠯᠤᠨ᠂ ᠬᠦᠭᠵᠢᠯᠳᠠ ᠵᠢᠨ ᠰᠡᠳᠬᠢᠴᠡ᠎ᠪᠠᠨ ᠰᠢᠯᠢᠳᠡᠭᠵᠢᠬᠦᠯᠵᠦ᠂ ᠠᠮᠢ ᠠᠬᠤᠢ ᠵᠢᠨ ᠦᠷ᠎ᠠ ᠠᠰᠢᠬ ᠪᠤᠯᠤᠨ ᠠᠵᠤ ᠠᠬᠤᠢ ᠨᠡᠢ᠍ᠢ᠍ᠭᠡᠮ᠎ᠤᠨ ᠦᠷ᠎ᠠ ᠠᠰᠢᠬ᠎ᠤᠨ ᠨᠢᠭᠡᠳᠦᠯ᠎ᠢ ᠪᠡᠶᠡᠯᠡᠬᠦᠯᠦᠨ᠂ ᠠᠮᠢ ᠠᠬᠤᠢ ᠵᠢ ᠤᠷᠢᠳ ᠵᠶ᠋ᠠᠷ ᠪᠤᠳᠤᠯᠬᠢᠯᠠᠬᠤ ᠪᠤᠬᠢᠷᠳᠤᠯ ᠦᠭᠡᠢ᠎ᠪᠠᠷ ᠬᠦᠭᠵᠢᠬᠦᠯᠬᠦ ᠰᠢᠨ᠎ᠠ ᠵᠠᠮ ᠵᠶ᠋ᠠᠷ ᠵᠠᠮᠨᠠᠵᠦ᠂ ᠬᠦᠭᠡᠮᠦ᠋ᠷᠡᠨ᠎ᠤ ᠠᠵᠤ ᠠᠬᠤᠢ ᠵᠢᠨ ᠪᠦᠰᠡ ᠵᠢᠨ ᠴᠢᠨᠠᠷ ᠰᠠᠢ᠍ᠢ᠍ᠳᠠᠢ ᠬᠦᠭᠵᠢᠯᠳᠠ ᠦᠷᠬᠦᠯᠵᠢᠯᠡᠬᠦ ᠬᠦᠭᠵᠢᠯᠳᠠ᠎ᠳᠤ ᠬᠦᠴᠦᠳᠠᠢ ᠲᠤᠯᠭ᠋ᠠᠭᠤᠷᠢᠯᠠᠯ ᠬᠠᠩᠭ᠋ᠠᠬᠤ ᠭᠡᠷᠡᠭᠲᠡᠢ ᠭᠡᠵᠦ ᠴᠢᠬᠤᠯᠠᠴᠢᠯᠠᠪᠠ᠃


      ᠮᠦᠷᠡᠨ᠎ᠤ ᠬᠠᠵᠠᠭᠤ᠎ᠳᠤ ᠰᠡᠯᠡᠬᠦᠴᠡᠨ ᠠᠯᠬᠤᠯᠠᠵᠦ ᠪᠠᠢ᠍ᠢ᠍ᠬᠰᠠᠨ ᠬᠤᠳᠠ ᠵᠢᠨ ᠠᠷᠠᠳ ᠶᠡᠷᠦᠩᠭᠡᠢ ᠱᠦᠵᠢ ᠬᠦᠷᠴᠦ ᠢᠷᠡᠭᠰᠡᠨ᠎ᠢ ᠬᠠᠷᠠᠭ᠋ᠠᠳ ᠴᠦᠮ ᠶᠡᠷᠦᠩᠭᠡᠢ ᠱᠦᠵᠢ ᠵᠢᠨ ᠠᠮᠤᠷ᠎ᠢ ᠠᠰᠠᠭᠤᠨ ᠮᠡᠨᠳᠤᠴᠢᠯᠡᠵᠦ ᠪᠠᠢ᠍ᠢ᠍ᠯ᠎ᠠ᠃ ᠰᠢ ᠵᠢᠨ ᠫᠢᠩ ᠤᠯᠠᠨ᠎ᠲᠠᠢ ᠳᠤᠳᠤᠨᠤ᠎ᠪᠠᠷ ᠶᠠᠷᠢᠯᠴᠠᠵᠦ᠂ 40 ᠭᠠᠷᠤᠢ ᠵᠢᠯ᠎ᠤᠨ ᠡᠮᠦᠨ᠎ᠠ ᠪᠢ ᠲᠠᠪᠤᠨ ᠠᠭᠤᠯᠠ ᠵᠢᠨ ᠭᠠᠵᠠᠷ ᠤᠷᠤᠨ ᠵᠶ᠋ᠠᠷ ᠢᠷᠡᠵᠦ᠂ ᠡᠨᠳᠡᠬᠢ ᠰᠦᠷᠯᠢᠭ ᠰᠠᠢ᠍ᠢ᠍ᠬᠠᠨ ᠮᠦᠷᠡᠨ᠎ᠤ ᠦᠩᠭᠡ ᠦᠵᠡᠮᠵᠢ ᠨᠠᠳᠠ᠎ᠳᠤ ᠤᠨᠴᠠᠭ᠋ᠠᠢ ᠬᠦᠨ ᠰᠠᠭᠤᠭᠳᠠᠯ ᠦᠯᠡᠳᠡᠭᠡᠵᠡᠢ᠃ ᠡᠨᠡ ᠤᠳᠠᠭ᠎ᠠ ᠢᠷᠡᠭᠡᠳ ᠦᠩᠭᠡᠷᠡᠭᠰᠡᠨ᠎ᠤ ᠪᠤᠵᠠᠷ ᠰᠠᠮᠠᠭᠤᠨ ᠪᠠᠷᠤᠬᠳᠠᠢ ᠤᠷᠴᠢᠨ ᠲᠤᠭᠤᠷᠢᠨ᠎ᠨᠢ ᠵᠠᠰᠠᠯᠳᠠ᠎ᠪᠠᠷ ᠳᠠᠮᠵᠢᠨ ᠯᠤᠳᠤ ᠶᠡᠭᠡ ᠬᠤᠪᠢᠷᠠᠯᠳᠠ᠎ᠲᠠᠢ ᠪᠤᠯᠵᠦ᠂ ᠬᠦᠮᠦᠰ᠎ᠢ ᠬᠤᠷᠭᠤᠳᠠᠭᠤᠯᠬᠤ ᠪᠢᠨᠵᠢᠶᠠᠩ᠎ᠤᠨ ᠠᠮᠢ ᠠᠬᠤᠢ ᠵᠢᠨ ᠴᠡᠴᠡᠷᠯᠢᠭ ᠪᠤᠯᠤᠭᠰᠠᠨ᠎ᠢ ᠤᠯᠵᠦ ᠬᠠᠷᠠᠯ᠎ᠠ᠃ ᠤᠯᠠᠨ ᠵᠶ᠋ᠠᠷ ᠵᠶ᠋ᠠᠨ ᠡᠢ᠍ᠢ᠍ᠨ ᠬᠦ᠌ ᠬᠤᠳᠠ᠎ᠳᠤ ᠠᠮᠢᠳᠤᠷᠠᠵᠦ ᠪᠠᠢ᠍ᠢ᠍ᠭ᠎ᠠ᠎ᠨᠢ ᠮᠠᠰᠢ ᠠᠵᠠ ᠵᠢᠷᠭ᠋ᠠᠯ᠎ᠲᠠᠢ ᠶᠠᠪᠤᠳᠠᠯ ᠮᠦᠨ᠂ ᠠᠵᠠ ᠵᠢᠷᠭ᠋ᠠᠯ᠎ᠢ ᠲᠠ ᠨᠠᠷ ᠬᠠᠮᠳᠤ᠎ᠪᠠᠷ ᠲᠡᠮᠡᠴᠡᠵᠦ᠂ ᠦᠪᠡᠷ᠎ᠤᠨ ᠭᠠᠷ ᠵᠶ᠋ᠠᠷ ᠵᠶ᠋ᠠᠨ ᠴᠤᠬ᠍ᠴᠠᠯᠠᠬᠰᠠᠨ ᠶᠤᠮ ᠭᠡᠵᠦ ᠭᠡᠯᠡᠪᠡ᠃ ᠰᠢ ᠵᠢᠨ ᠫᠢᠩ᠂ ᠬᠤᠳᠠ ᠪᠤᠯ ᠤᠳᠤᠬᠢᠴᠢᠯᠠᠯᠳᠠ ᠵᠢᠨ ᠴᠢᠬᠤᠯᠠ ᠠᠴᠢᠶᠠᠯᠠᠪᠤᠷᠢ ᠪᠤᠯᠬᠤ ᠪᠦᠭᠡᠳ ᠪᠠᠰᠠ ᠬᠦᠮᠦᠨ ᠠᠮᠠ ᠬᠠᠮᠤᠭ᠎ᠠᠴᠠ ᠨᠢᠬᠳᠠᠷᠠᠭᠰᠠᠨ᠂ ᠪᠤᠬᠢᠷᠳᠤᠯ᠎ᠤᠨ ᠭᠠᠳᠠᠭᠰᠢᠯᠠᠭᠤᠯᠤᠯᠳᠠ ᠬᠠᠮᠤᠭ᠎ᠠᠴᠠ ᠲᠦᠪᠯᠡᠷᠡᠭᠰᠡᠨ ᠭᠠᠵᠠᠷ ᠪᠤᠯᠤᠨ᠎ᠠ᠃ ᠬᠦᠮᠦᠨ ᠬᠢᠬᠡᠳ ᠪᠠᠢ᠍ᠢ᠍ᠭ᠋ᠠᠯᠢ ᠡᠶ᠎ᠠ ᠵᠤᠬᠢᠴᠠᠩᠭᠤᠢ᠎ᠪᠠᠷ ᠵᠡᠷᠭᠡᠴᠡᠡ ᠤᠷᠤᠰᠢᠬᠰᠠᠨ ᠤᠳᠤᠬᠢᠴᠢᠯᠠᠯᠳᠠ ᠵᠢᠨ ᠪᠦᠳᠦᠭᠡᠨ ᠪᠠᠢ᠍ᠢ᠍ᠭᠤᠯᠤᠯᠳᠠ ᠬᠢᠬᠦ᠎ᠳᠤ ᠡᠷᠭᠡᠪᠰᠢ ᠬᠤᠳᠠ ᠵᠢᠨ ᠠᠮᠢ ᠠᠬᠤᠢ ᠤᠷᠴᠢᠨ ᠲᠤᠭᠤᠷᠢᠨ᠎ᠤ ᠬᠠᠮᠠᠭ᠋ᠠᠯᠠᠯᠳᠠ ᠵᠢ ᠨᠡᠩ ᠲᠤᠪᠤᠢ᠍ᠢ᠍ᠮ᠎ᠠ ᠪᠠᠢ᠍ᠢ᠍ᠷᠢᠨ᠎ᠳᠤ ᠲᠠᠯᠪᠢᠵᠦ᠂ ᠬᠤᠳᠠ ᠵᠢᠨ ᠦᠢ᠍ᠯᠡᠳᠪᠤᠷᠢᠯᠡᠯ᠎ᠤᠨ ᠤᠷᠤᠨ ᠵᠠᠢ᠂ ᠠᠮᠢᠳᠤᠷᠠᠯ᠎ᠤᠨ ᠤᠷᠤᠨ ᠵᠠᠢ᠂ ᠠᠮᠢ ᠠᠬᠤᠢ ᠵᠢᠨ ᠤᠷᠤᠨ ᠵᠠᠢ ᠵᠢ ᠰᠢᠨᠵᠢᠯᠡᠬᠦ ᠤᠬᠠᠭ᠋ᠠᠨᠴᠢ ᠵᠦᠢ ᠵᠤᠬᠢᠰᠳᠠᠢ᠎ᠪᠠᠷ ᠲᠦᠯᠦᠪᠵᠢᠬᠦᠯᠦᠨ᠂ ᠬᠤᠳᠠ ᠵᠢᠨ ᠦᠢ᠍ᠯᠡᠳᠪᠤᠷᠢᠯᠡᠯ ᠠᠮᠢᠳᠤᠷᠠᠯ ᠪᠤᠯᠤᠨ ᠠᠮᠢ ᠠᠬᠤᠢ ᠤᠷᠴᠢᠨ ᠲᠤᠭᠤᠷᠢᠨ᠎ᠤ ᠬᠠᠮᠠᠭ᠋ᠠᠯᠠᠯᠳᠠ ᠵᠢᠨ ᠬᠠᠷᠢᠴᠠᠭ᠎ᠠ ᠵᠢ ᠰᠠᠢ᠍ᠢ᠍ᠳᠤᠷ ᠰᠢᠢ᠍ᠳᠪᠤᠷᠢᠯᠡᠵᠦ᠂ ᠴᠢᠨᠠᠷ ᠰᠠᠢ᠍ᠢ᠍ᠳᠠᠢ ᠬᠦᠭᠵᠢᠯᠳᠠ ᠵᠢᠨ ᠶᠠᠰᠤ ᠴᠢᠨᠠᠷ᠎ᠢ ᠳᠡᠭᠡᠭᠰᠢᠯᠡᠬᠦᠯᠬᠦ᠎ᠪᠠᠷ ᠪᠠᠷᠠᠬᠤ ᠦᠭᠡᠢ ᠪᠠᠰᠠ ᠠᠷᠠᠳ᠎ᠤᠨ ᠠᠮᠢᠳᠤᠷᠠᠯ᠎ᠤᠨ ᠴᠢᠨᠠᠷ ᠴᠢᠨᠰᠠᠭ᠎ᠠ ᠵᠢ ᠳᠡᠭᠡᠭᠰᠢᠯᠡᠬᠦᠯᠬᠦ ᠭᠡᠷᠡᠭᠲᠡᠢ᠃ ᠤᠳᠤᠬᠠᠨ᠎ᠳᠤ ᠬᠢᠯᠢ ᠵᠢᠨ ᠭᠠᠳᠠᠨᠠᠬᠢ ᠬᠢᠵᠢᠭ᠎ᠤᠨ ᠪᠠᠢ᠍ᠢ᠍ᠳᠠᠯ ᠮᠦᠨ ᠬᠦ᠌ ᠦᠷᠪᠢᠰᠤᠨ ᠳᠡᠯᠭᠡᠷᠡᠭᠰᠡᠭᠡᠷ ᠪᠠᠢ᠍ᠢ᠍ᠨ᠎ᠠ᠂ ᠮᠠᠨ᠎ᠤ ᠤᠯᠤᠰ᠎ᠤᠨ ᠭᠠᠳᠠᠨ᠎ᠠ᠎ᠠᠴᠠ ᠬᠠᠯᠳᠠᠪᠤᠷᠢᠯᠠᠨ ᠤᠷᠤᠵᠦ ᠢᠷᠡᠬᠦ ᠵᠢ ᠰᠡᠷᠭᠡᠢ᠍ᠢ᠍ᠯᠡᠬᠦ᠂ ᠳᠤᠳᠤᠭ᠋ᠠᠳᠤ᠎ᠳᠠᠭᠠᠨ ᠲᠠᠬᠢᠨ ᠲᠡᠯᠭᠡᠷᠡᠬᠦ ᠵᠢ ᠰᠡᠷᠭᠡᠢ᠍ᠢ᠍ᠯᠡᠬᠦ ᠳᠠᠷᠤᠯᠳᠠ ᠪᠠᠰᠠ ᠶᠡᠭᠡ ᠪᠠᠢ᠍ᠢ᠍ᠬᠰᠠᠭ᠋ᠠᠷ᠃ ᠤᠯᠠᠨ ᠵᠶ᠋ᠠᠷ ᠵᠶ᠋ᠠᠨ ᠬᠢᠵᠢᠭ᠎ᠤᠨ ᠪᠠᠢ᠍ᠢ᠍ᠳᠠᠯ᠎ᠢ ᠰᠡᠷᠭᠡᠢ᠍ᠢ᠍ᠯᠡᠨ ᠡᠵᠡᠮᠳᠡᠬᠦ ᠡᠨᠡ ᠬᠦ᠌ ᠬᠦᠪᠴᠢ ᠵᠢ ᠢᠮᠠᠬᠳᠠ ᠰᠤᠯᠠᠷᠠᠭᠤᠯᠤᠯ ᠦᠭᠡᠢ ᠴᠢᠩᠳᠠᠯᠠᠵᠦ᠂ ᠡᠯ᠎ᠠ ᠵᠦᠢ᠍ᠯ᠎ᠤᠨ ᠪᠠᠢ᠍ᠢ᠍ᠩᠭᠤᠵᠢᠭᠤᠯᠤᠨ ᠰᠡᠷᠭᠡᠢ᠍ᠢ᠍ᠯᠡᠨ ᠡᠵᠡᠮᠳᠡᠬᠦ ᠠᠷᠭ᠎ᠠ ᠭᠡᠮᠵᠢᠶ᠎ᠠ ᠵᠢ ᠦᠷᠬᠦᠯᠵᠢᠯᠡᠨ ᠨᠠᠢ᠍ᠢ᠍ᠳᠠᠪᠤᠷᠢᠵᠢᠭᠤᠯᠵᠦ᠂ ᠬᠢᠵᠢᠭ᠎ᠤᠨ ᠪᠠᠢ᠍ᠢ᠍ᠳᠠᠯ ᠲᠠᠬᠢᠨ ᠲᠡᠯᠭᠡᠷᠡᠬᠦ ᠵᠢ ᠡᠷᠡᠰ ᠬᠤᠷᠢᠬᠯᠠᠬᠤ ᠭᠡᠷᠡᠭᠲᠡᠢ ᠭᠡᠵᠦ ᠵᠢᠭ᠋ᠠᠵᠦ ᠭᠠᠷᠭ᠋ᠠᠪᠠ᠃


      ᠲᠠᠪᠤᠨ ᠠᠭᠤᠯᠠ ᠵᠢᠨ ᠭᠠᠵᠠᠷ ᠤᠷᠤᠨ᠎ᠤ ᠮᠦᠷᠠᠨ ᠲᠠᠭ᠋ᠠᠤ ᠲᠤᠭᠤᠷᠢᠭ᠎ᠠᠴᠠ ᠰᠠᠯᠤᠭ᠋ᠠᠳ ᠰᠢ ᠵᠢᠨ ᠫᠢᠩ ᠨᠡᠨᠲ᠋ᠦ᠋ᠩ᠎ᠤᠨ ᠮᠦᠽᠸᠢ ᠵᠢᠨ ᠬᠦᠷᠢᠶᠡᠯᠡᠩ᠎ᠳᠤ ᠬᠦᠷᠴᠤ ᠰᠢᠨᠵᠢᠯᠡᠨ ᠪᠠᠢ᠍ᠢ᠍ᠴᠠᠭ᠋ᠠᠪᠠ᠃ ᠵᠠᠩ ᠴᠢᠶᠠᠨ ᠪᠤᠯ ᠮᠠᠨ᠎ᠤ ᠤᠯᠤᠰ᠎ᠤᠨ ᠤᠢ᠍ᠢ᠍ᠷ᠎ᠠ ᠦᠶ᠎ᠡ ᠵᠢᠨ ᠠᠯᠳᠠᠷᠳᠤ ᠠᠵᠤ ᠠᠬᠤᠢ᠍ᠢ᠍ᠯᠠᠯᠳᠠᠨ᠂ ᠰᠤᠷᠭ᠋ᠠᠨ ᠬᠦᠮᠦᠵᠢᠯᠳᠠᠨ ᠪᠠᠢ᠍ᠢ᠍ᠵᠤ᠂ ᠲᠤᠮᠳᠠᠳᠤ ᠤᠯᠤᠰ᠎ᠤᠨ ᠤᠢ᠍ᠢ᠍ᠷ᠎ᠡ ᠦᠶ᠎ᠡ ᠵᠢᠨ ᠦᠨᠳᠤᠰᠤᠳᠡᠨ᠎ᠤ ᠠᠵᠤ ᠦᠢ᠍ᠯᠡᠳᠪᠤᠷᠢ ᠵᠢᠨ ᠬᠦᠭᠵᠢᠯᠳᠠ᠂ ᠰᠤᠷᠭ᠋ᠠᠨ ᠬᠦᠮᠦᠵᠢᠯ ᠪᠠ ᠨᠡᠢ᠍ᠢ᠍ᠭᠡᠮ᠎ᠤᠨ ᠨᠡᠢ᠍ᠢ᠍ᠳᠡ ᠵᠢᠨ ᠠᠰᠠᠷᠠᠮᠵᠢ ᠵᠢᠨ ᠦᠢ᠍ᠯᠡᠰ᠎ᠤᠨ ᠬᠦᠭᠵᠢᠯᠳᠠ᠎ᠳᠤ ᠴᠢᠬᠤᠯᠠ ᠬᠤᠪᠢ ᠨᠠᠮᠠᠷᠢ ᠦᠵᠡᠬᠦᠯᠵᠠᠢ᠃ ᠲᠡᠬᠦᠨ᠎ᠤ ᠡᠬᠦᠰᠭᠡᠨ ᠪᠠᠢ᠍ᠢ᠍ᠭᠤᠯᠤᠬᠰᠡᠨ ᠨᠠᠨᠲ᠋ᠦ᠋ᠩ᠎ᠤᠨ ᠮᠦᠽᠸᠢ ᠵᠢᠨ ᠬᠦᠷᠢᠶᠠᠯᠡᠩ ᠪᠤᠯ ᠮᠠᠨ᠎ᠤ ᠤᠯᠤᠰ᠎ᠤᠨ ᠠᠨᠭ᠌ᠬᠠᠳᠠᠬ᠍ᠴᠢ ᠤᠯᠠᠨ ᠨᠠᠢ᠍ᠢ᠍ᠳᠠ ᠵᠢᠨ ᠮᠦᠽᠸᠢ ᠪᠤᠯᠤᠨ᠎ᠡ᠂ ᠤᠳᠤᠬᠠᠨ᠎ᠳᠤ ᠪᠠᠢ᠍ᠢ᠍ᠭ᠎ᠡ ᠲᠡᠤᠭᠡ ᠵᠢᠨ ᠲᠤᠷᠠᠰᠬᠠᠯᠳᠤ ᠵᠦᠢ᠍ᠯ᠂ ᠦᠨᠳᠤᠰᠤᠳᠡᠨ᠎ᠤ ᠵᠠᠩ ᠦᠢ᠍ᠯᠡ ᠵᠢᠨ ᠡᠳ᠋ ᠪᠤᠳᠠᠰ᠂ ᠪᠠᠢ᠍ᠢ᠍ᠭ᠋ᠠᠯᠢ ᠵᠢᠨ ᠦᠯᠢᠭᠡᠷ ᠶᠠᠨᠭ᠌ᠵᠤ ᠵᠡᠷᠭᠡ ᠡᠯ᠎ᠡ ᠵᠦᠢ᠍ᠯ᠎ᠤᠨ ᠬᠠᠳᠠᠭ᠋ᠠᠯᠠᠮᠠᠯ ᠡᠳ᠋᠎ᠨᠢ 5 ᠲᠦᠮᠡ ᠭᠠᠷᠤᠢ ᠬᠤᠪᠢ ᠪᠠᠢ᠍ᠢ᠍ᠨ᠎ᠡ᠃ ᠰᠢ ᠵᠢᠨ ᠫᠢᠩ ᠮᠦᠽᠸᠢ ᠵᠢᠨ ᠬᠦᠷᠢᠶᠠᠯᠠᠩ᠎ᠤᠨ ᠲᠡᠤᠭᠡ ᠵᠢᠨ ᠪᠠᠷᠢᠯᠭ᠎ᠡ᠎ᠨᠤᠭᠤᠳ᠎ᠢ ᠨᠠᠷᠢᠨ ᠬᠢᠨᠠᠮᠠᠭ᠋ᠠᠢ ᠪᠠᠢ᠍ᠢ᠍ᠴᠠᠭ᠋ᠠᠨ ᠦᠵᠡᠭᠰᠡᠨ ᠪᠦᠭᠡᠳ ᠵᠠᠩ ᠴᠢᠶᠠᠨ᠎ᠤ ᠬᠠᠭᠤᠴᠢᠨ ᠰᠠᠭᠤᠴᠠ ᠵᠢᠨ ᠲᠡᠯᠭᠡᠨ ᠦᠵᠡᠬᠦᠯᠭᠡ ᠵᠢᠨ ᠲᠠᠰᠤᠭ᠎ᠲᠤ ᠤᠷᠤᠵᠤ᠂ ᠵᠠᠩ ᠴᠢᠶᠠᠨ᠎ᠤ ᠦᠢ᠍ᠯᠡᠳᠪᠤᠷᠢ ᠬᠤᠳᠠᠯᠳᠤᠭ᠎ᠡ ᠡᠷᠬᠢᠯᠡᠨ᠂ ᠰᠤᠷᠭ᠋ᠠᠨ ᠬᠦᠮᠦᠵᠢᠯ᠎ᠢ ᠬᠦᠭᠵᠢᠬᠦᠯᠵᠤ᠂ ᠨᠡᠢ᠍ᠢ᠍ᠭᠡᠮ᠎ᠤᠨ ᠨᠡᠢ᠍ᠢ᠍ᠳᠠ ᠵᠢᠨ ᠠᠰᠠᠷᠠᠮᠵᠢ ᠵᠢᠨ ᠦᠢ᠍ᠯᠡᠰ᠎ᠢ ᠬᠦᠭᠵᠢᠬᠦᠯᠦᠭᠰᠡᠨ ᠪᠠᠢ᠍ᠢ᠍ᠳᠠᠯ᠎ᠢ ᠤᠢ᠍ᠢ᠍ᠯᠠᠭ᠋ᠠᠨ᠂ ᠲᠤᠬᠠᠢ ᠵᠢᠨ ᠭᠠᠵᠠᠷ᠎ᠤᠨ ᠠᠵᠤ ᠠᠬᠤᠢ᠍ᠢ᠍ᠯᠠᠯᠳᠠᠳ᠎ᠤᠨ ᠤᠯᠤᠰ ᠵᠶ᠋ᠠᠨ ᠬᠠᠢ᠍ᠢ᠍ᠷᠠᠯᠠᠬᠤ ᠰᠡᠳᠬᠢᠯᠭᠡ᠂ ᠨᠡᠢ᠍ᠢ᠍ᠭᠡᠮ᠎ᠤᠨ ᠬᠠᠷᠢᠭᠤᠴᠠᠯᠭ᠎ᠡ᠂ ᠲᠡᠮᠡᠴᠡᠯ᠎ᠤᠨ ᠵᠤᠷᠢᠭ ᠰᠠᠨᠠᠭ᠎ᠡ ᠵᠢ ᠬᠦᠮᠦᠵᠢᠬᠦᠯᠵᠤ ᠪᠠᠢ᠍ᠢ᠍ᠭ᠎ᠡ ᠪᠠᠢ᠍ᠢ᠍ᠳᠠᠯ᠎ᠤᠨ ᠲᠤᠬᠠᠢ ᠲᠠᠨᠢᠯᠴᠠᠭᠤᠯᠭ᠎ᠡ ᠵᠢ ᠰᠤᠨᠤᠰᠪᠠ᠃ ᠰᠢ ᠵᠢᠨ ᠫᠢᠩ᠂ ᠪᠢ ᠡᠨᠡ ᠤᠳᠠᠭ᠎ᠡ ᠲᠤᠰᠬᠠᠢ᠍ᠢ᠍ᠯᠡᠨ ᠨᠠᠨᠲ᠋ᠦ᠋ᠩ᠎ᠤᠨ ᠮᠦᠽᠸᠢ ᠵᠢᠨ ᠬᠦᠷᠢᠶᠠᠯᠠᠩ᠎ᠳᠤ ᠢᠷᠡᠵᠤ᠂ ᠵᠠᠩ ᠴᠢᠶᠠᠨ᠎ᠤ ᠦᠢ᠍ᠯᠡᠳᠪᠤᠷᠢ ᠬᠤᠳᠠᠯᠳᠤᠭ᠎ᠡ᠂ ᠰᠤᠷᠭ᠋ᠠᠨ ᠬᠦᠮᠦᠵᠢᠯ ᠪᠠ ᠨᠡᠢ᠍ᠢ᠍ᠭᠡᠮ᠎ᠤᠨ ᠨᠡᠢ᠍ᠢ᠍ᠳᠡ ᠵᠢᠨ ᠠᠰᠠᠷᠠᠮᠵᠢ ᠵᠢᠨ ᠦᠢ᠍ᠯᠡᠰ᠎ᠢ ᠬᠦᠭᠵᠢᠬᠦᠯᠦᠭᠰᠡᠨ ᠪᠠᠢ᠍ᠢ᠍ᠳᠠᠯ᠎ᠢ ᠤᠢ᠍ᠢ᠍ᠯᠠᠭ᠋ᠠᠪᠠ᠃ ᠲᠤᠬᠠᠢ ᠵᠢᠨ ᠦᠶᠡᠰ ᠲᠤᠳᠤᠭ᠋ᠠᠳᠤ ᠵᠢᠨ ᠬᠢᠮᠤᠷᠠᠯ ᠭᠠᠳᠠᠭ᠋ᠠᠳᠤ ᠵᠢᠨ ᠠᠶᠤᠯ᠎ᠳᠤ ᠲᠤᠯᠭ᠋ᠠᠷᠠᠬᠰᠡᠨ ᠪᠠᠢ᠍ᠢ᠍ᠳᠠᠯ ᠲᠤᠤᠷ᠎ᠡ᠂ ᠲᠤᠮᠳᠠᠳᠤ ᠵᠢᠨ ᠰᠤᠶᠤᠯ᠎ᠤᠨ ᠦᠷ᠎ᠠ ᠨᠦᠯᠦᠭᠡ ᠵᠢ ᠬᠦᠷᠳᠡᠭᠰᠡᠨ ᠰᠡᠭᠡᠭᠡᠳᠡᠨ ᠪᠤᠯᠤᠭᠰᠠᠨ᠎ᠤ ᠬᠤᠪᠢ᠎ᠳᠤ᠂ ᠵᠠᠩ ᠴᠢᠶᠠᠨ ᠬᠤᠴᠤᠷᠤᠨᠭ᠌ᠭᠤᠢ ᠪᠠᠢ᠍ᠢ᠍ᠪᠠᠯ ᠪᠤᠰᠤᠳ᠎ᠲᠤ ᠲᠠᠷᠤᠯᠠᠬᠳᠠᠨ᠎ᠡ᠂ ᠦᠢ᠍ᠯᠡᠳᠪᠤᠷᠢ ᠬᠤᠳᠠᠯᠳᠤᠭ᠎ᠡ ᠵᠢ ᠬᠦᠭᠵᠢᠬᠦᠯᠪᠡᠯ ᠰᠠᠶ᠋ᠢ ᠤᠯᠤᠰ ᠵᠶ᠋ᠠᠨ ᠠᠪᠤᠷᠠᠵᠤ ᠴᠢᠳᠠᠨ᠎ᠡ ᠭᠡᠳᠡᠭ ᠶᠤᠰᠤ ᠵᠢ ᠲᠠᠨᠢᠵᠤ᠂ ᠲᠡᠷᠢᠬᠦᠨ᠎ᠤ ᠮᠡᠷᠭᠡᠵᠢᠯ ᠪᠤᠯᠤᠨ ᠡᠵᠡᠨᠭᠨᠡᠯᠳᠠ ᠬᠠᠮᠢᠶᠡᠷᠤᠯᠳᠠ ᠵᠢᠨ ᠤᠢ᠍ᠢ᠍ᠯᠠᠭ᠋ᠠᠬᠳᠠᠬᠤᠨ᠎ᠢ ᠢᠳᠡᠪᠬᠢᠳᠠᠢ ᠤᠷᠤᠭᠤᠯᠤᠨ ᠠᠪᠴᠢᠷᠠᠵᠤ᠂ ᠪᠤᠳᠠᠳᠤ ᠠᠵᠢᠯᠯᠠᠭ᠎ᠠ᠎ᠪᠠᠷ ᠤᠯᠤᠰ ᠵᠶ᠋ᠠᠨ ᠬᠦᠴᠦᠷᠭᠡᠭᠵᠢᠬᠦᠯᠬᠦ ᠵᠢ ᠰᠤᠷᠳᠠᠯᠴᠢᠯᠠᠨ ᠪᠡᠶᠡᠴᠢᠯᠡᠨ ᠦᠢ᠍ᠯᠡᠳᠦᠯᠭᠡᠵᠢᠭᠦᠯᠵᠦ᠂ ᠦᠢ᠍ᠯᠡᠳᠪᠤᠷᠢ ᠬᠤᠳᠠᠯᠳᠤᠭ᠎ᠡ᠂ ᠰᠤᠷᠭ᠋ᠠᠨ ᠬᠦᠮᠦᠵᠢᠯ᠂ ᠡᠮ ᠡᠮᠨᠡᠯᠭᠡ᠂ ᠨᠡᠢ᠍ᠢ᠍ᠭᠡᠮ᠎ᠤᠨ ᠨᠡᠢ᠍ᠢ᠍ᠳᠠ ᠵᠢᠨ ᠠᠰᠠᠷᠠᠮᠵᠢ ᠵᠢᠨ ᠦᠢ᠍ᠯᠡᠰ᠎ᠤᠳ᠎ᠢ ᠬᠦᠭᠵᠢᠬᠦᠯᠤᠨ᠂ ᠤᠯᠠᠨ ᠲᠦᠮᠡᠨ᠎ᠢ ᠬᠠᠪᠰᠤᠷᠤᠨ ᠲᠡᠮᠵᠢᠵᠤ᠂ ᠨᠤᠳᠤᠭ ᠤᠰᠤᠨ᠎ᠳᠠᠭᠠᠨ ᠪᠤᠶᠠᠨ ᠦᠢ᠍ᠯᠡᠳᠴᠠᠢ᠂ ᠲᠡᠷᠨ ᠪᠤᠯ ᠮᠠᠨ᠎ᠤ ᠤᠯᠤᠰ᠎ᠤᠨ ᠦᠨᠳᠤᠰᠤᠳᠡᠨ᠎ᠤ ᠠᠵᠤ ᠠᠬᠤᠢ᠍ᠢ᠍ᠯᠠᠯᠳᠠᠨ᠎ᠤ ᠵᠢᠱ᠌ᠢᠶᠠᠴᠢ ᠮᠦᠨ᠃ ᠦᠭᠡᠷᠡᠴᠢᠯᠡᠯᠳᠠ ᠨᠡᠭᠡᠭᠡᠯᠳᠠ᠎ᠠᠴᠠ ᠨᠠᠭ᠋ᠠᠰᠢ᠂ ᠨᠠᠮ ᠪᠠ ᠤᠯᠤᠰ᠎ᠠᠴᠠ ᠠᠷᠠᠳ᠎ᠤᠨ ᠡᠵᠡᠨᠭᠨᠡᠯᠳᠠ ᠵᠢᠨ ᠠᠵᠤ ᠠᠬᠤᠢ᠍ᠢ᠍ᠯᠠᠯ᠎ᠤᠨ ᠬᠦᠭᠵᠢᠯᠳᠠ ᠪᠤᠯᠤᠨ ᠠᠵᠤ ᠠᠬᠤᠢ᠍ᠢ᠍ᠯᠠᠯᠳᠠᠳ᠎ᠤᠨ ᠦᠰᠦᠨ ᠪᠤᠢ᠍ᠢ᠍ᠵᠢᠯᠳᠠ᠎ᠳᠤ ᠰᠠᠢ᠍ᠢ᠍ᠨ ᠰᠠᠢ᠍ᠢ᠍ᠬᠠᠨ ᠨᠦᠬᠦᠴᠡᠯ᠎ᠢ ᠪᠦᠷᠢᠯᠳᠦᠭᠦᠯᠵᠦ ᠦᠭᠴᠠᠢ᠃ ᠠᠷᠠᠳ᠎ᠤᠨ ᠡᠵᠡᠨᠭᠨᠡᠯᠳᠠ ᠵᠢᠨ ᠠᠵᠤ ᠠᠬᠤᠢ᠍ᠢ᠍ᠯᠠᠯᠳᠠᠳ ᠪᠠᠶᠠᠵᠢᠬᠰᠡᠨ᠎ᠤ ᠲᠠᠷᠠᠭ᠎ᠡ ᠡᠷᠳᠡᠮᠳᠠᠨ ᠮᠡᠷᠭᠡᠳ᠎ᠠᠴᠠ᠎ᠲᠠᠭᠠᠨ ᠰᠤᠷᠤᠯᠴᠠᠵᠤ᠂ ᠤᠯᠤᠰ ᠭᠡᠷ᠎ᠤᠨ ᠬᠠᠢ᠍ᠢ᠍ᠷ᠎ᠡ ᠰᠡᠳᠬᠢᠯᠭᠡ᠎ᠪᠠᠨ ᠴᠢᠨᠭ᠌ᠭ᠋ᠠᠳᠬᠠᠨ ᠨᠡᠢ᠍ᠢ᠍ᠭᠡᠮ᠎ᠤᠨ ᠬᠠᠷᠢᠭᠤᠴᠠᠯᠭ᠎ᠡ ᠵᠢ ᠡᠬᠦᠷᠭᠡᠯᠡᠵᠤ᠂ ᠤᠷᠢᠳ ᠵᠶ᠋ᠠᠷ ᠪᠠᠶᠠᠵᠢᠬᠰᠡᠨ᠎ᠨᠢ ᠰᠡᠬᠦᠯᠡᠷ ᠪᠠᠶᠠᠵᠢᠬᠤ᠎ᠳᠤ ᠬᠠᠪᠰᠤᠷᠬᠤ ᠦᠢ᠍ᠯᠡᠳᠤᠯ᠎ᠢ ᠪᠠᠳᠠᠷᠠᠭᠤᠯᠤᠨ᠂ ᠨᠡᠢ᠍ᠢ᠍ᠭᠡᠮ᠎ᠤᠨ ᠨᠡᠢ᠍ᠢ᠍ᠳᠡ ᠵᠢᠨ ᠠᠰᠠᠷᠠᠮᠵᠢ ᠵᠢᠨ ᠦᠢ᠍ᠯᠡᠰ᠎ᠲᠤ ᠢᠳᠡᠪᠬᠢᠳᠠᠢ ᠤᠷᠤᠯᠴᠠᠬᠤ ᠪᠦᠬᠡᠳ ᠲᠡᠬᠦᠨ᠎ᠢ ᠡᠷᠬᠢᠯᠡᠨ ᠪᠠᠢ᠍ᠢ᠍ᠭᠤᠯᠬᠤ ᠭᠡᠷᠡᠭᠳᠠᠢ᠃ ᠵᠤᠷᠢᠬᠳᠠᠢ᠎ᠪᠠᠷ ᠰᠢᠨ᠎ᠡ ᠵᠢ ᠡᠬᠦᠳᠤᠨ ᠡᠷᠡᠮᠡᠭᠡᠢ᠍ᠢ᠍ᠯᠡᠨ ᠲᠡᠮᠡᠴᠡᠵᠤ ᠲᠡᠷᠢᠬᠦᠨ᠎ᠤ᠎ᠬᠢ ᠪᠤᠯᠬᠤ᠎ᠪᠠᠷ ᠬᠦᠴᠤᠯᠠᠨ ᠴᠢᠷᠮᠠᠢ᠍ᠢ᠍ᠵᠤ᠂ ᠰᠢᠨ᠎ᠡ ᠬᠦᠭᠵᠢᠯᠳᠠ ᠵᠢᠨ ᠪᠠᠢ᠍ᠢ᠍ᠷᠢᠰᠢᠯ᠎ᠢ ᠴᠤᠭᠴᠠᠯᠠᠨ ᠴᠢᠨᠠᠷ ᠰᠠᠢ᠍ᠢ᠍ᠳᠠᠢ ᠬᠦᠭᠵᠢᠯᠳᠠ ᠵᠢ ᠠᠬᠢᠭᠤᠯᠬᠤ᠎ᠳᠤ ᠨᠡᠩ ᠶᠡᠭᠡ ᠬᠤᠪᠢ ᠨᠠᠮᠡᠷᠢ ᠦᠵᠡᠬᠦᠯᠬᠦ ᠭᠡᠷᠡᠭᠳᠠᠢ᠃ ᠨᠠᠨᠲ᠋ᠦ᠋ᠩ᠎ᠤᠨ ᠮᠦᠽᠸᠢ ᠵᠢᠨ ᠬᠦᠷᠢᠶᠠᠯᠠᠩ ᠪᠤᠯᠤᠨ ᠵᠠᠩ ᠴᠢᠶᠠᠨ᠎ᠤ ᠬᠠᠭᠤᠴᠢᠨ ᠰᠠᠭᠤᠴᠠ ᠵᠢ ᠤᠯᠤᠰ ᠵᠶ᠋ᠠᠨ ᠬᠠᠢ᠍ᠢ᠍ᠷᠠᠯᠠᠬᠤ ᠦᠵᠡᠯ᠎ᠤᠨ ᠬᠦᠮᠦᠵᠢᠯ᠎ᠤᠨ ᠰᠠᠭᠤᠷᠢᠨ ᠭᠠᠵᠠᠷ ᠪᠤᠯᠭ᠋ᠠᠵᠤ᠂ ᠦᠷᠭᠡᠨ ᠤᠯᠠᠨ ᠠᠷᠠᠳ᠎ᠤᠨ ᠡᠵᠡᠨᠭᠨᠡᠯᠳᠠ ᠵᠢᠨ ᠠᠵᠤ ᠠᠬᠤᠢ᠍ᠢ᠍ᠯᠠᠯᠳᠠᠨ ᠪᠤᠯᠤᠨ ᠵᠠᠯᠠᠭᠤᠴᠤᠳ ᠪᠠᠭ᠋ᠠᠴᠤᠳ᠎ᠲᠤ ᠬᠦᠮᠦᠵᠢᠯ ᠬᠦᠷᠳᠡᠭᠡᠨ᠂ ᠨᠡᠢ᠍ᠢ᠍ᠭᠡᠮ᠎ᠤᠨ ᠬᠠᠷᠢᠭᠤᠴᠠᠯᠭ᠋ᠠᠳᠤ ᠰᠡᠳᠬᠢᠯᠭᠡ ᠵᠢ᠎ᠨᠢ ᠨᠡᠮᠡᠭᠳᠡᠬᠦᠯᠵᠤ᠂ 《ᠲᠦᠷᠪᠡᠨ ᠢᠳᠡᠭᠡᠯ》᠎ᠢ᠎ᠨᠢ ᠪᠠᠳᠤᠳᠬᠠᠬᠤ ᠭᠡᠷᠡᠭᠳᠠᠢ ᠭᠡᠵᠤ ᠴᠢᠬᠤᠯᠠᠴᠢᠯᠠᠪᠠ᠃


     13᠎ᠤ ᠡᠳᠦᠷ᠂ ᠰᠢ ᠵᠢᠨ ᠫᠢᠩ ᠶᠠᠨᠭ᠌ᠵᠸᠤ᠎ᠳᠤ ᠬᠦᠷᠴᠤ ᠰᠢᠨᠵᠢᠯᠡᠨ ᠪᠠᠢ᠍ᠢ᠍ᠴᠠᠭ᠋ᠠᠪᠠ᠃ ᠡᠷᠳᠡᠨ᠎ᠤ ᠲᠠᠳᠠᠮᠠᠯ ᠭᠤᠤᠯ᠎ᠤᠨ ᠶᠠᠨᠭ᠌ᠵᠸᠤ ᠵᠢᠨ ᠭᠡᠰᠡᠭ ᠪᠤᠯ ᠪᠦᠬᠦᠢ᠍ᠢ᠍ᠯᠡ ᠲᠠᠳᠠᠮᠠᠯ ᠭᠤᠤᠯ᠎ᠤᠨ ᠬᠠᠮᠤᠭ᠎ᠤᠨ ᠡᠷᠳᠡᠨ᠎ᠤ ᠭᠡᠰᠡᠭ ᠪᠤᠯᠤᠨ᠎ᠡ᠂ ᠶᠠᠨᠭ᠌ᠵᠸᠤ ᠪᠤᠯ ᠲᠤᠮᠳᠠᠳᠤ ᠤᠯᠤᠰ᠎ᠤᠨ ᠡᠷᠳᠡᠨ᠎ᠤ ᠲᠠᠳᠠᠮᠠᠯ ᠭᠤᠤᠯ᠎ᠤᠨ ᠡᠬᠢᠯᠡᠯᠳᠡ ᠵᠢᠨ ᠴᠡᠭ᠎ᠤᠨ ᠬᠤᠳᠠ ᠪᠤᠯᠬᠤ ᠪᠦᠭᠡᠳ ᠪᠠᠰᠠ ᠬᠦᠭᠡᠮᠦ᠋ᠷᠡᠨ᠎ᠤ ᠠᠵᠤ ᠠᠬᠤᠢ ᠵᠢᠨ ᠪᠦᠰᠡ ᠪᠤᠯᠤᠨ ᠶᠡᠭᠡ ᠲᠠᠳᠡᠮᠡᠯ ᠭᠤᠤᠯ᠎ᠤᠨ ᠰᠤᠶᠤᠯ᠎ᠤᠨ ᠪᠦᠰᠡ ᠵᠢᠨ ᠠᠭᠤᠯᠵᠠᠷ ᠴᠡᠭ᠎ᠤᠨ ᠬᠤᠳᠠ ᠪᠤᠯᠤᠨ᠎ᠡ᠃ ᠲᠠᠳᠠᠮᠠᠯ ᠭᠤᠤᠯ᠎ᠤᠨ ᠰᠠᠨᠸᠠᠨ ᠠᠮᠢ ᠠᠬᠤᠢ ᠰᠤᠶᠤᠯ᠎ᠤᠨ ᠴᠡᠴᠡᠷᠯᠢᠭ᠎ᠲᠤ᠂ ᠰᠢ ᠵᠢᠨ ᠫᠢᠩ ᠶᠠᠭᠡ ᠲᠠᠳᠠᠮᠠᠯ ᠭᠤᠤᠯ ᠲᠠᠭ᠋ᠠᠤ ᠤᠷᠴᠢᠨ ᠲᠤᠭᠤᠷᠢᠨ᠎ᠤ ᠴᠡᠭᠴᠡᠯᠡᠨ ᠵᠠᠰᠠᠯᠳᠠ᠂ ᠠᠮᠢ ᠠᠬᠤᠢ ᠵᠢᠨ ᠰᠡᠷᠬᠦᠭᠡᠨ ᠵᠠᠰᠠᠯᠳᠠ ᠵᠢᠴᠢ ᠤᠳᠤ ᠦᠶ᠎ᠡ ᠵᠢᠨ ᠤᠰᠤᠨ ᠲᠡᠭᠡᠭᠡᠪᠤᠷᠢ ᠵᠢᠨ ᠵᠢᠱ᠌ᠢᠶ᠎ᠡ ᠦᠵᠡᠬᠦᠯᠬᠦ ᠲᠤᠭᠤᠷᠢᠭ᠎ᠤᠨ ᠪᠦᠳᠦᠭᠡᠨ ᠪᠠᠢ᠍ᠢ᠍ᠭᠤᠯᠤᠯᠳᠠ ᠵᠢᠨ ᠪᠠᠢ᠍ᠢ᠍ᠳᠠᠯ᠎ᠤᠨ ᠲᠠᠨᠢᠯᠴᠠᠭᠤᠯᠭ᠎ᠡ ᠵᠢ ᠰᠤᠨᠤᠰᠪᠠ᠃ ᠤᠢ᠍ᠢ᠍ᠷ᠎ᠡ ᠵᠢᠨ ᠵᠢᠯ᠎ᠠᠴᠠ ᠨᠠᠭ᠋ᠠᠰᠢ᠂ ᠲᠦᠷᠢᠮ᠎ᠠᠴᠠ ᠵᠦᠷᠢᠴᠡᠵᠤ ᠪᠠᠢ᠍ᠢ᠍ᠭᠤᠯᠤᠬᠰᠡᠨ ᠪᠠᠷᠢᠯᠭ᠎ᠡ ᠵᠢ ᠴᠡᠪᠡᠷᠯᠡᠬᠦ᠂ ᠤᠰᠤᠨ᠎ᠤ ᠰᠢᠰᠳ᠋ᠸᠮ᠎ᠢ ᠯᠠᠢ᠍ᠢ᠍ᠳᠠᠵᠤ ᠨᠡᠪᠳᠡᠷᠡᠬᠦᠯᠬᠦ ᠵᠡᠷᠭᠡ ᠴᠡᠭᠴᠡᠯᠡᠨ ᠵᠠᠰᠠᠯᠳᠠ᠎ᠪᠠᠷ ᠲᠠᠮᠵᠢᠨ ᠠᠮᠢ ᠠᠬᠤᠢ ᠤᠷᠴᠢᠨ ᠲᠤᠭᠤᠷᠢᠨ ᠢᠯᠡᠳᠳᠠ ᠰᠠᠢ᠍ᠢ᠍ᠵᠢᠷᠠᠭᠰᠠᠨ ᠪᠠᠢ᠍ᠢ᠍ᠨ᠎ᠠ᠃ ᠰᠢ ᠵᠢᠨ ᠫᠢᠩ ᠲᠠᠳᠠᠮᠠᠯ ᠭᠤᠤᠯ᠎ᠤᠨ ᠰᠠᠨᠸᠠᠨ᠎ᠤ ᠭᠡᠰᠡᠭ᠎ᠤᠨ ᠬᠦᠪᠡᠭᠡ᠎ᠪᠠᠷ ᠠᠯᠬᠤᠯᠠᠨ ᠲᠠᠳᠠᠮᠠᠯ ᠭᠤᠤᠯ᠎ᠤᠨ ᠠᠮᠢ ᠠᠬᠤᠢ ᠵᠢᠨ ᠬᠤᠨᠭ᠌ᠭᠢᠯ᠎ᠤᠨ ᠪᠦᠳᠦᠭᠡᠨ ᠪᠠᠢ᠍ᠢ᠍ᠭᠤᠯᠤᠯᠳᠠ ᠵᠢᠨ ᠪᠠᠢ᠍ᠢ᠍ᠳᠠᠯ᠎ᠢ ᠪᠠᠢ᠍ᠢ᠍ᠴᠠᠭ᠋ᠠᠨ ᠦᠵᠡᠵᠤ᠂ ᠶᠡᠭᠡ ᠲᠡᠳᠠᠮᠠᠯ ᠭᠤᠤᠯ᠎ᠤᠨ ᠰᠤᠶᠤᠯ᠎ᠢ ᠬᠠᠮᠠᠭ᠋ᠠᠯᠠᠵᠤ ᠤᠯᠠᠮᠵᠢᠯᠠᠨ ᠠᠰᠢᠬᠯᠠᠭ᠋ᠠᠳ ᠤᠯᠤᠬᠰᠡᠨ ᠦᠷ᠎ᠡ ᠪᠦᠳᠦᠭᠡᠯ᠎ᠢ ᠤᠢ᠍ᠢ᠍ᠯᠠᠭ᠋ᠠᠪᠠ᠃ ᠰᠢ ᠵᠢᠨ ᠫᠢᠩ ᠭᠠᠷᠠᠮ ᠲᠠᠬᠡᠷ᠎ᠠ ᠬᠤᠳᠠ ᠵᠢᠨ ᠠᠷᠠᠳ᠎ᠤᠳ᠎ᠲᠠᠢ ᠲᠤᠳᠤᠨᠤ᠎ᠪᠠᠷ ᠰᠠᠨᠠᠯ ᠵᠶ᠋ᠠᠨ ᠰᠤᠯᠢᠯᠴᠠᠭᠰᠠᠨ ᠪᠠᠢ᠍ᠢ᠍ᠨ᠎ᠠ᠃ ᠲᠡᠷᠡ᠂ ᠶᠠᠨᠭ᠌ᠵᠸᠤ ᠪᠤᠯ ᠰᠠᠢ᠍ᠢ᠍ᠬᠠᠨ ᠭᠠᠵᠠᠷ ᠶᠤᠮ᠂ ᠤᠰᠤ ᠬᠦᠪᠡᠭᠡᠳᠡᠬᠦᠯᠦᠨ ᠪᠦᠳᠦᠭᠡᠨ ᠪᠠᠢ᠍ᠢ᠍ᠭᠤᠯᠵᠤ᠂ ᠤᠰᠤᠨ᠎ᠤ ᠠᠰᠢᠭ᠎ᠢ ᠬᠦᠷᠳᠡᠭᠡᠳ ᠬᠦᠭᠵᠢᠨ ᠮᠠᠨᠳᠤᠵᠤ᠂ ᠤᠰᠤᠨ᠎ᠤ ᠠᠴᠢ᠎ᠪᠠᠷ ᠦᠵᠡᠰᠬᠦᠯᠡᠨᠭᠳᠤ ᠰᠠᠢ᠍ᠢ᠍ᠬᠠᠨ ᠪᠤᠯᠵᠠᠢ᠂ ᠶᠠᠨᠭ᠌ᠵᠸᠤ ᠪᠤᠯ ᠤᠯᠤᠰ᠎ᠤᠨ ᠭᠤᠤᠯᠳᠠᠯᠭ᠎ᠡ᠎ᠲᠠᠢ ᠲᠡᠤᠭᠡ ᠰᠤᠶᠤᠯ᠎ᠤᠨ ᠨᠠᠷᠠᠳᠤ ᠬᠤᠳᠠ ᠮᠦᠨ᠃ ᠤᠳᠠᠭ᠋ᠠᠠ ᠵᠢᠯ᠎ᠤᠨ ᠲᠤᠷᠰᠢ᠂ ᠲᠠᠳᠠᠮᠠᠯ ᠭᠤᠤᠯ ᠬᠤᠶᠠᠷ ᠬᠦᠪᠡᠭᠡᠨ᠎ᠤ ᠬᠤᠳᠠ ᠪᠠ ᠠᠷᠠᠳ ᠲᠦᠮᠡᠨ᠎ᠢ ᠤᠮᠳᠠᠯᠠᠭᠰᠠᠭ᠋ᠠᠷ ᠢᠷᠠᠵᠤ᠂ ᠬᠤᠶᠠᠷ ᠬᠦᠪᠡᠭᠡᠨ᠎ᠤ ᠠᠷᠠᠳ ᠲᠦᠮᠡᠨ᠎ᠤ ᠪᠠᠶᠠᠵᠢᠯ᠎ᠤᠨ ᠭᠤᠤᠯ᠂ ᠵᠢᠷᠭ᠋ᠠᠯ᠎ᠤᠨ ᠭᠤᠤᠯ ᠪᠤᠯᠵᠦ ᠪᠠᠢ᠍ᠢ᠍ᠨ᠎ᠠ᠃ ᠤᠯᠠᠨ ᠵᠶ᠋ᠠᠷ ᠵᠶ᠋ᠠᠨ ᠶᠡᠬᠡ ᠲᠠᠳᠠᠮᠠᠯ ᠭᠤᠤᠯ᠎ᠢ ᠰᠠᠢ᠍ᠢ᠍ᠳᠤᠷ ᠬᠠᠮᠠᠭ᠋ᠠᠯᠠᠵᠤ᠂ ᠲᠠᠳᠠᠮᠠᠯ ᠭᠤᠤᠯ ᠵᠶ᠋ᠠᠷ ᠠᠷᠠᠳ ᠲᠦᠮᠡᠨ᠎ᠳᠤ ᠡᠬᠦᠷᠢᠳᠡ ᠪᠤᠶᠠᠨ ᠤᠢ᠍ᠢ᠍ᠯᠡᠳᠬᠦ ᠵᠢ ᠬᠦᠰᠡᠵᠤ ᠪᠠᠢ᠍ᠢ᠍ᠨ᠎ᠠ᠃ ᠠᠮᠢ ᠠᠬᠤᠢ ᠵᠢᠨ ᠪᠤᠯᠪᠠᠰᠤᠨ᠎ᠤ ᠪᠠᠢ᠍ᠢ᠍ᠭᠤᠯᠤᠯᠳᠠ᠎ᠨᠢ ᠠᠵᠤ ᠠᠬᠤᠢ ᠨᠡᠢ᠍ᠢ᠍ᠬᠡᠮ᠎ᠤᠨ ᠬᠦᠭᠵᠢᠯᠳᠠ᠎ᠳᠤ ᠬᠤᠯᠪᠤᠬᠳᠠᠨ᠂ ᠠᠷᠠᠳ ᠲᠦᠮᠡᠨ᠎ᠤ ᠠᠵᠤ ᠠᠮᠢᠳᠤᠷᠠᠯ ᠠᠵᠠ ᠵᠢᠷᠭ᠋ᠠᠯ᠎ᠳᠤ ᠬᠤᠯᠪᠤᠬᠳᠠᠵᠤ᠂ ᠵᠠᠯᠠᠭᠤᠴᠤᠳ ᠪᠠᠭ᠋ᠠᠴᠤᠳ᠎ᠤᠨ ᠡᠷᠡᠬᠦᠯ ᠪᠤᠢ᠍ᠢ᠍ᠵᠢᠯᠳᠠ᠎ᠳᠤ ᠬᠤᠯᠪᠤᠬᠳᠠᠵᠤ ᠪᠠᠢ᠍ᠢ᠍ᠨ᠎ᠠ᠃ ᠠᠮᠢ ᠠᠬᠤᠢ ᠵᠢᠨ ᠪᠤᠯᠪᠠᠰᠤᠨ᠎ᠤ ᠪᠠᠢ᠍ᠢ᠍ᠭᠤᠯᠤᠯᠳᠠ ᠵᠢ ᠴᠢᠩᠭ᠋ᠠᠳᠬᠠᠬᠤ ᠪᠤᠯ ᠠᠵᠤ ᠠᠬᠤᠢ ᠨᠡᠢ᠍ᠢ᠍ᠬᠡᠮ᠎ᠤᠨ ᠴᠢᠨᠠᠷ ᠰᠠᠢ᠍ᠢ᠍ᠳᠠᠢ ᠬᠦᠭᠵᠢᠯᠳᠠ ᠵᠢ ᠠᠬᠢᠭᠤᠯᠬᠤ ᠵᠢᠨ ᠵᠠᠢ᠍ᠢ᠍ᠯᠠᠰᠢ ᠦᠬᠡᠢ ᠱᠠᠭ᠋ᠠᠷᠳᠠᠯᠭ᠎ᠠ᠂ ᠮᠦᠨ ᠴᠤ᠌ ᠦᠷᠬᠡᠨ ᠤᠯᠠᠨ ᠲᠦᠮᠡᠨ᠎ᠤ ᠬᠠᠮᠳᠤ ᠵᠢᠨ ᠲᠠᠨᠢᠯᠳᠠ ᠪᠠ ᠬᠦᠰᠡᠯ ᠡᠷᠡᠮᠡᠯᠵᠡᠯ ᠪᠤᠯᠬᠤ ᠶᠤᠮ᠃ ᠶᠡᠬᠡ ᠲᠠᠳᠠᠮᠠᠯ ᠭᠤᠤᠯ᠎ᠤᠨ ᠰᠤᠶᠤᠯ᠎ᠤᠨ ᠦᠪ᠎ᠢ ᠬᠠᠮᠠᠭ᠋ᠠᠯᠠᠬᠤ ᠵᠢ ᠠᠮᠢ ᠠᠬᠤᠢ ᠤᠷᠴᠢᠨ ᠲᠤᠭᠤᠷᠢᠨ᠎ᠢ ᠬᠠᠮᠠᠭ᠋ᠠᠯᠠᠵᠤ ᠰᠠᠢ᠍ᠢ᠍ᠵᠢᠷᠠᠭᠤᠯᠬᠤ᠂ ᠭᠤᠤᠯ ᠲᠠᠭ᠋ᠠᠤ ᠨᠡᠷᠡᠳᠤ ᠬᠤᠳᠠ ᠪᠠᠯᠭ᠋ᠠᠰᠤ ᠵᠢ ᠬᠠᠮᠠᠭ᠋ᠠᠯᠠᠵᠤ ᠰᠡᠷᠬᠦᠬᠡᠨ ᠵᠠᠰᠠᠬᠤ᠂ ᠰᠤᠶᠤᠯ ᠵᠢᠭᠤᠯᠴᠢᠯᠠᠯ᠎ᠢ ᠠᠭᠤᠰᠤᠯᠴᠠᠭᠤᠯᠤᠨ ᠬᠦᠭᠵᠢᠬᠦᠯᠬᠦ᠂ ᠲᠠᠳᠠᠮᠠᠯ ᠭᠤᠤᠯ᠎ᠤᠨ ᠤᠰᠤᠨ ᠲᠡᠭᠡᠭᠡᠪᠤᠷᠢ ᠵᠢᠨ ᠬᠡᠯᠪᠡᠷᠢ ᠵᠢ ᠬᠤᠪᠢᠷᠠᠭᠤᠯᠵᠤ ᠲᠡᠰ ᠲᠡᠪᠰᠢᠬᠦᠯᠬᠦ᠎ᠲᠠᠢ ᠨᠢᠬᠡᠳᠭᠡᠵᠤ᠂ ᠶᠡᠬᠡ ᠲᠠᠳᠠᠮᠠᠯ ᠭᠤᠤᠯ ᠲᠠᠭ᠋ᠠᠤ ᠵᠢᠨ ᠤᠷᠤᠨ ᠪᠦᠰᠠ ᠵᠢᠨ ᠠᠵᠤ ᠠᠬᠤᠢ ᠨᠡᠢ᠍ᠢ᠍ᠬᠡᠮ᠎ᠤᠨ ᠬᠦᠭᠵᠢᠯᠳᠠ᠂ ᠠᠷᠠᠳ᠎ᠤᠨ ᠠᠮᠢᠳᠤᠷᠠᠯ᠎ᠤᠨ ᠰᠠᠢ᠍ᠢ᠍ᠵᠢᠷᠠᠯᠳᠠ᠎ᠳᠤ ᠠᠰᠢᠬᠳᠠᠢ ᠨᠦᠬᠦᠴᠠᠯ᠎ᠢ ᠪᠦᠷᠢᠯᠳᠤᠬᠦᠯᠬᠦ ᠭᠡᠷᠡᠭᠳᠠᠢ ᠬᠡᠵᠤ ᠵᠢᠭ᠋ᠠᠵᠤ ᠭᠠᠷᠭ᠋ᠠᠪᠠ᠃


     11 ᠰᠠᠷ᠎ᠠ ᠵᠢᠨ 12᠎ᠠᠴᠠ 13᠎ᠤ ᠡᠳᠦᠷ ᠪᠤᠯᠳᠠᠯ᠎ᠠ᠂ ᠨᠠᠮ᠎ᠤᠨ ᠲᠦᠪ ᠬᠤᠷᠢᠶᠠᠨ᠎ᠤ ᠶᠡᠷᠦᠩᠭᠡᠢ ᠱᠦᠵᠢ᠂ ᠤᠯᠤᠰ᠎ᠤᠨ ᠲᠡᠷᠢᠬᠦᠯᠡᠭᠴᠢ᠂ ᠲᠦᠪ᠎ᠤᠨ ᠴᠡᠷᠢᠭ᠎ᠤᠨ ᠶᠠᠪᠤᠳᠠᠯ᠎ᠤᠨ ᠬᠤᠷᠢᠶᠠᠨ᠎ᠤ ᠲᠡᠷᠢᠬᠦᠯᠡᠭᠴᠢ ᠰᠢ ᠵᠢᠨ ᠫᠢᠩ ᠵᠢᠶᠠᠩᠰᠦ᠎ᠳᠤ ᠰᠢᠨᠵᠢᠯᠡᠨ ᠪᠠᠢ᠍ᠢ᠍ᠴᠠᠭ᠋ᠠᠪᠠ᠃ ᠵᠢᠷᠤᠭ ᠪᠤᠯ 13᠎ᠤ ᠦᠳᠡ ᠵᠢᠨ ᠬᠤᠢ᠍ᠢ᠍ᠨ᠎ᠠ᠂ ᠰᠢ ᠵᠢᠨ ᠫᠢᠩ ᠶᠠᠨᠭ᠌ᠵᠸᠤ ᠬᠤᠳᠠ ᠵᠢᠨ ᠵᠢᠶᠠᠩᠳᠦ᠋ ᠤᠰᠤᠨ ᠠᠰᠢᠬᠯᠠᠯᠳᠠ ᠵᠢᠨ ᠬᠦᠢ᠍ᠰᠦ ᠪᠠᠷᠢᠯᠭ᠎ᠠ ᠵᠢᠨ ᠲᠦᠷᠪᠡᠳᠤᠭᠡᠷ ᠤᠰᠤ ᠲᠠᠳᠠᠬᠤ ᠦᠷᠳᠡᠬᠡ᠎ᠳᠤ ᠤᠰᠤ ᠲᠠᠳᠠᠬᠤ ᠬᠦᠬᠡᠷᠬᠡ ᠵᠢᠨ ᠡᠷᠬᠢᠯᠳᠡ ᠵᠢᠨ ᠪᠠᠢ᠍ᠢ᠍ᠳᠠᠯ᠎ᠢ ᠪᠠᠢ᠍ᠢ᠍ᠴᠠᠭ᠋ᠠᠨ ᠦᠵᠡᠵᠤ ᠪᠠᠢ᠍ᠢ᠍ᠭ᠎ᠠ᠎ᠨᠢ᠃


      ᠲᠠᠷᠠᠭ᠎ᠠ᠎ᠨᠢ ᠰᠢ ᠵᠢᠨ ᠫᠢᠩ ᠮᠠᠰᠢᠨ ᠲᠡᠷᠬᠡ᠎ᠪᠠᠷ ᠵᠢᠶᠠᠩᠳᠦ᠋ ᠤᠰᠤᠨ ᠠᠰᠢᠬᠯᠠᠯᠳᠠ ᠵᠢᠨ ᠬᠦᠢ᠍ᠰᠦ ᠪᠠᠷᠢᠯᠭ᠎ᠠ᠎ᠳᠤ ᠬᠦᠷᠴᠠᠢ᠃ ᠵᠢᠶᠠᠩᠳᠦ᠋ ᠤᠰᠤᠨ ᠠᠰᠢᠬᠯᠠᠯᠳᠠ ᠵᠢᠨ ᠬᠦᠢ᠍ᠰᠦ ᠪᠠᠷᠢᠯᠭ᠎ᠠ ᠪᠤᠯ ᠡᠮᠤᠨᠡᠳᠡᠬᠢ ᠤᠰᠤ ᠵᠢ ᠤᠮᠠᠷᠠᠰᠢ ᠲᠠᠳᠠᠬᠤ ᠵᠡᠬᠦᠨ ᠱᠤᠭᠤᠮ᠎ᠤᠨ ᠢᠨᠵᠸᠨ᠋ᠸᠷᠢᠩ᠎ᠤᠨ ᠡᠬᠢ ᠡᠬᠦᠰᠤᠯ ᠮᠦᠨ᠂ ᠪᠠᠰᠠ ᠴᠦ᠍ ᠤᠳᠤᠬᠠᠨ᠎ᠳᠠᠬᠢ ᠮᠠᠨ᠎ᠤ ᠤᠯᠤᠰ᠎ᠤᠨ ᠬᠡᠪᠴᠢᠶ᠎ᠠ᠎ᠪᠠᠷ ᠬᠠᠮᠤᠬ᠎ᠤᠨ ᠶᠡᠬᠡ ᠴᠠᠬᠢᠯᠭ᠋ᠠᠨ ᠬᠦᠴᠤ᠎ᠪᠠᠷ ᠤᠰᠤ ᠵᠠᠯᠠᠬᠤ ᠢᠨᠵᠸᠨ᠋ᠸᠷᠢᠩ᠂ ᠠᠽᠢᠶ᠎ᠠ ᠲᠢᠪ᠎ᠤᠨ ᠬᠠᠮᠤᠬ᠎ᠤᠨ ᠶᠡᠬᠡ ᠬᠦᠬᠡᠷᠬᠡ ᠵᠢᠨ ᠦᠷᠳᠡᠬᠡᠳᠤ ᠬᠦᠢ᠍ᠰᠦ ᠪᠠᠷᠢᠯᠭ᠎ᠠ ᠪᠤᠯᠤᠨ᠎ᠠ᠃ ᠰᠢ ᠵᠢᠨ ᠫᠢᠩ ᠦᠵᠡᠬᠦᠯᠬᠡ ᠵᠢᠨ ᠲᠢᠩᠬᠢᠮ᠎ᠳᠤ ᠤᠷᠤᠵᠤ ᠡᠮᠤᠨᠡᠳᠡᠬᠢ ᠤᠰᠤ ᠵᠢ ᠤᠮᠠᠷᠠᠰᠢ ᠲᠠᠳᠠᠬᠤ ᠵᠡᠬᠦᠨ ᠱᠤᠭᠤᠮ᠎ᠤᠨ ᠢᠨᠵᠸᠨ᠋ᠸᠷᠢᠩ ᠵᠢᠴᠢ ᠵᠢᠶᠠᠩᠳᠦ᠋ ᠵᠢᠨ ᠤᠰᠤᠨ ᠠᠰᠢᠬᠯᠠᠯᠳᠠ ᠵᠢᠨ ᠬᠦᠢ᠍ᠰᠦ ᠪᠠᠷᠢᠯᠭ᠎ᠠ ᠵᠢᠨ ᠲᠤᠰᠬᠠᠢ ᠹᠢᠯᠢᠮ᠎ᠢ ᠦᠵᠡᠵᠤ᠂ ᠡᠯᠡᠰᠤᠨ ᠴᠠᠷ᠎ᠠ᠎ᠲᠠᠢ ᠤᠶᠠᠯᠳᠤᠭᠤᠯᠤᠨ ᠡᠮᠤᠨᠡᠳᠡᠬᠢ ᠤᠰᠤ ᠵᠢ ᠤᠮᠠᠷᠠᠰᠢ ᠲᠠᠳᠠᠬᠤ ᠵᠡᠬᠦᠨ ᠱᠤᠭᠤᠮ᠎ᠤᠨ ᠢᠨᠵᠸᠨ᠋ᠸᠷᠢᠩ᠎ᠤᠨ ᠪᠦᠳᠤᠬᠡᠨ ᠪᠠᠢ᠍ᠢ᠍ᠭᠤᠯᠤᠯᠳᠠ ᠪᠠ ᠡᠷᠬᠢᠯᠳᠡ ᠵᠢᠨ ᠪᠠᠢ᠍ᠢ᠍ᠳᠠᠯ᠎ᠤᠨ ᠲᠠᠨᠢᠯᠴᠠᠭᠤᠯᠭ᠎ᠠ ᠵᠢ ᠰᠤᠨᠤᠰᠴᠠᠢ᠃ ᠲᠡᠷᠡ ᠲᠦᠷᠪᠡᠳᠤᠭᠡᠷ ᠤᠰᠤ ᠲᠠᠳᠠᠬᠤ ᠦᠷᠳᠡᠬᠡ᠎ᠳᠤ ᠬᠦᠷᠴᠦ᠂ ᠤᠰᠤ ᠲᠠᠳᠠᠬᠤ ᠬᠦᠬᠡᠷᠬᠡ ᠵᠢᠨ ᠡᠷᠬᠢᠯᠳᠡ ᠵᠢᠨ ᠪᠠᠢ᠍ᠢ᠍ᠳᠠᠯ᠎ᠢ ᠪᠠᠢ᠍ᠢ᠍ᠴᠠᠭ᠋ᠠᠨ ᠦᠵᠡᠪᠡ᠃ ᠠᠵᠢᠬᠯᠠᠯᠳᠠ ᠵᠢᠨ ᠲᠠᠪᠴᠠᠩ ᠲᠠᠬᠡᠷ᠎ᠠ ᠠᠵᠢᠯᠳᠠᠨ᠎ᠠᠴᠠ ᠰᠢ ᠵᠢᠨ ᠫᠢᠩ᠎ᠳᠤ ᠰᠠᠶᠢᠬᠠᠨ ᠠᠪᠤᠬᠰᠠᠨ ᠤᠰᠤᠨ᠎ᠤ ᠵᠠᠬ᠍ᠪᠤᠷ᠎ᠢ ᠦᠵᠡᠬᠦᠯᠵᠤ᠂ ᠲᠤᠬᠠᠢ ᠵᠢᠨ ᠭᠠᠵᠠᠷ᠎ᠤᠨ ᠤᠰᠤᠨ᠎ᠤ ᠡᠬᠢ ᠰᠤᠷᠪᠤᠯᠵᠢ ᠵᠢᠨ ᠠᠮᠢ ᠠᠬᠤᠢ ᠵᠢᠨ ᠬᠠᠮᠠᠭ᠋ᠠᠯᠠᠯᠳᠠ ᠵᠡᠷᠬᠡ ᠪᠠᠢ᠍ᠢ᠍ᠳᠠᠯ ᠵᠶ᠋ᠠᠨ ᠲᠠᠨᠢᠯᠴᠠᠭᠤᠯᠤᠭᠰᠠᠨ ᠪᠠᠢ᠍ᠢ᠍ᠨ᠎ᠠ᠃
      ᠵᠢᠶᠠᠩᠳᠦ᠋ ᠤᠰᠤᠨ ᠠᠰᠢᠬᠯᠠᠯᠳᠠ ᠵᠢᠨ ᠬᠦᠢ᠍ᠰᠦ ᠪᠠᠷᠢᠯᠭ᠎ᠠ ᠵᠢᠨ ᠦᠵᠡᠬᠦᠯᠬᠡ ᠵᠢᠨ ᠤᠷᠳᠤᠨ᠎ᠳᠤ᠂ ᠰᠢ ᠵᠢᠨ ᠫᠢᠩ ᠶᠠᠪᠤᠬᠤ ᠵᠢᠨ ᠲᠠᠭ᠋ᠠᠤ ᠦᠵᠡᠵᠤ᠂ ᠤᠰᠤᠨ ᠠᠰᠢᠬᠯᠠᠯᠳᠠ ᠵᠢᠨ ᠬᠦᠢ᠍ᠰᠦ ᠪᠠᠷᠢᠯᠭ᠎ᠠ ᠵᠢᠨ ᠬᠦᠭᠵᠢᠯᠳᠠ ᠪᠦᠳᠦᠭᠡᠨ ᠪᠠᠢ᠍ᠢ᠍ᠭᠤᠯᠤᠯᠳᠠ ᠵᠢᠨ ᠦᠩᠬᠡᠷᠡᠯᠳᠠ ᠪᠤᠯᠤᠨ ᠤᠰᠤ ᠵᠢ ᠲᠤᠬᠢᠷᠠᠭᠤᠯᠤᠨ ᠲᠠᠳᠠᠬᠤ᠂ ᠤᠰᠤᠳᠤᠯ᠎ᠢ ᠰᠡᠷᠬᠡᠢ᠍ᠢ᠍ᠯᠡᠬᠦ᠂ ᠦᠶᠡᠷ᠎ᠢ ᠵᠠᠯᠠᠬᠤ᠂ ᠤᠰᠤᠨ ᠵᠠᠮ᠎ᠢ ᠨᠡᠪᠳᠡᠷᠡᠬᠦᠯᠬᠦ᠂ ᠠᠮᠢ ᠠᠬᠤᠢ ᠤᠷᠴᠢᠨ ᠲᠤᠭᠤᠷᠢᠨ᠎ᠢ ᠰᠠᠢ᠍ᠢ᠍ᠵᠢᠷᠠᠭᠤᠯᠬᠤ ᠵᠡᠷᠬᠡ ᠦᠢ᠍ᠯᠡᠳᠤᠯ ᠴᠢᠳᠠᠪᠬᠢ ᠵᠢᠨ ᠪᠠᠢ᠍ᠢ᠍ᠳᠠᠯ᠎ᠢ᠎ᠨᠢ ᠨᠠᠷᠢᠨ ᠤᠢ᠍ᠢ᠍ᠯᠠᠭ᠋ᠠᠪᠠ᠃ ᠰᠢ ᠵᠢᠨ ᠫᠢᠩ᠂ 《ᠤᠮᠠᠷᠠᠳᠤ ᠤᠷᠤᠨ᠎ᠳᠤ ᠬᠤᠮᠰᠠ ᠡᠮᠤᠨᠡᠳᠤ ᠤᠷᠤᠨ᠎ᠳᠤ ᠡᠯᠪᠡᠭ》 ᠪᠠᠢ᠍ᠢ᠍ᠬᠤ ᠪᠤᠯ ᠮᠠᠨ᠎ᠤ ᠤᠯᠤᠰ᠎ᠤᠨ ᠤᠰᠤᠨ᠎ᠤ ᠡᠬᠢ ᠪᠠᠶᠠᠯᠢᠬ᠎ᠤᠨ ᠲᠠᠷᠬᠠᠯᠳᠠ ᠵᠢᠨ ᠤᠨᠴᠠᠯᠢᠬ ᠪᠤᠯᠤᠨ᠎ᠠ᠃ ᠨᠠᠮ ᠪᠤᠯᠤᠨ ᠤᠯᠤᠰ᠎ᠠᠴᠠ ᠡᠮᠤᠨᠡᠳᠡᠬᠢ ᠤᠰᠤ ᠵᠢ ᠤᠮᠠᠷᠠᠰᠢ ᠲᠠᠳᠠᠬᠤ ᠢᠨᠵᠸᠨ᠋ᠸᠷᠢᠩ᠎ᠤᠨ ᠪᠦᠳᠤᠬᠡᠨ ᠪᠠᠢ᠍ᠢ᠍ᠭᠤᠯᠤᠯᠳᠠ ᠵᠢ ᠭᠡᠷᠡᠭᠵᠢᠬᠦᠯᠦᠭᠰᠡᠨ᠎ᠨᠢ ᠲᠠᠷᠤᠢ ᠤᠰᠤᠨ᠎ᠤ ᠡᠬᠢ ᠪᠠᠶᠠᠯᠢᠬ᠎ᠢ ᠰᠢᠨᠵᠢᠯᠡᠬᠦ ᠤᠬᠠᠭ᠋ᠠᠨᠴᠢ᠎ᠪᠠᠷ ᠲᠤᠬᠢᠷᠠᠭᠤᠯᠵᠤ᠂ ᠡᠮᠤᠨᠡᠳᠤ ᠤᠮᠠᠷᠠᠳᠤ ᠵᠢᠨ ᠲᠡᠩᠴᠡᠬᠦᠷᠢᠳᠠᠢ ᠬᠦᠭᠵᠢᠯᠳᠠ ᠦᠷᠬᠦᠯᠵᠢᠯᠡᠬᠦ ᠬᠦᠭᠵᠢᠯᠳᠠ ᠵᠢ ᠠᠬᠢᠭᠤᠯᠬᠤ ᠵᠢᠨ ᠲᠦᠯᠦᠭᠡ ᠶᠤᠮ᠃ ᠡᠮᠤᠨᠡᠳᠡᠬᠢ ᠤᠰᠤ ᠵᠢ ᠤᠮᠠᠷᠠᠰᠢ ᠲᠠᠳᠠᠬᠤ ᠵᠡᠬᠦᠨ ᠱᠤᠭᠤᠮ᠎ᠤᠨ ᠢᠨᠵᠸᠨ᠋ᠸᠷᠢᠩ᠎ᠤᠨ ᠪᠦᠳᠤᠬᠡᠨ ᠪᠠᠢ᠍ᠢ᠍ᠭᠤᠯᠤᠯᠳᠠ ᠵᠢ ᠦᠷᠬᠦᠯᠵᠢᠯᠠᠨ ᠠᠬᠢᠭᠤᠯᠵᠤ᠂ ᠲᠦᠯᠤᠪᠵᠢᠬᠦᠯᠬᠡ ᠪᠤᠯᠤᠨ ᠪᠦᠳᠤᠬᠡᠨ ᠪᠠᠢ᠍ᠢ᠍ᠭᠤᠯᠤᠯᠳᠠ ᠵᠢᠨ ᠲᠦᠰᠤᠯ ᠵᠶ᠋ᠠᠨ ᠲᠡᠬᠦᠯᠳᠡᠷᠵᠢᠬᠦᠯᠤᠨ᠂ ᠡᠮᠤᠨᠡᠳᠡᠬᠢ ᠤᠰᠤ ᠵᠢ ᠤᠮᠠᠷᠠᠰᠢ ᠲᠠᠳᠠᠬᠤ ᠵᠡᠬᠦᠨ ᠱᠤᠭᠤᠮ᠎ᠤᠨ ᠢᠨᠵᠸᠨ᠋ᠸᠷᠢᠩ᠎ᠢ ᠤᠰᠤᠨ᠎ᠤ ᠡᠬᠢ ᠪᠠᠶᠠᠯᠢᠬ᠎ᠤᠨ ᠲᠤᠬᠢᠷᠠᠭᠤᠯᠤᠯᠳᠠ ᠵᠢ ᠰᠢᠯᠢᠳᠡᠭᠵᠢᠬᠦᠯᠬᠦ᠂ ᠤᠯᠠᠨ ᠲᠦᠮᠡᠨ᠎ᠤ ᠤᠰᠤ ᠤᠮᠳᠠ ᠵᠢᠨ ᠠᠮᠤᠷ ᠲᠦᠪᠰᠢᠨ᠎ᠢ ᠪᠠᠳᠤᠯᠠᠬᠤ᠂ ᠭᠤᠤᠯ ᠮᠦᠷᠡᠨ ᠨᠠᠭᠤᠷ ᠪᠦᠷᠢᠳᠦ ᠵᠢᠨ ᠠᠮᠢ ᠠᠬᠤᠢ ᠤᠷᠴᠢᠨ ᠲᠤᠭᠤᠷᠢᠨ᠎ᠢ ᠰᠡᠷᠬᠦᠬᠡᠬᠦ᠂ ᠡᠮᠤᠨᠡᠳᠤ ᠤᠮᠠᠷᠠᠳᠤ ᠵᠢᠨ ᠠᠵᠤ ᠠᠬᠤᠢ ᠵᠢᠨ ᠤᠷᠴᠢᠯ᠎ᠢ ᠰᠢᠯᠤᠭᠤᠳᠬᠠᠬᠤ ᠠᠮᠢᠨ ᠱᠤᠭᠤᠮ ᠪᠤᠯᠭ᠋ᠠᠬᠤ ᠵᠢ ᠪᠠᠳᠤᠯᠠᠬᠤ ᠭᠡᠷᠡᠭᠳᠠᠢ᠃ ᠡᠮᠤᠨᠡᠳᠡᠬᠢ ᠤᠰᠤ ᠵᠢ ᠤᠮᠠᠷᠠᠰᠢ ᠲᠠᠳᠠᠬᠤ ᠢᠨᠵᠸᠨ᠋ᠸᠷᠢᠩ᠎ᠢ ᠤᠮᠠᠷᠠᠳᠤ ᠤᠷᠤᠨ᠎ᠤ ᠤᠰᠤ ᠠᠷᠪᠢᠯᠠᠬᠤ ᠠᠵᠢᠯᠯᠠᠭ᠎ᠠ᠎ᠲᠠᠢ ᠨᠢᠬᠡᠳᠤᠯᠳᠠᠢ ᠲᠦᠯᠤᠪᠵᠢᠬᠦᠯᠵᠤ᠂ ᠤᠰᠤ ᠲᠠᠳᠠᠬᠤ ᠪᠠ ᠤᠰᠤ ᠠᠷᠪᠢᠯᠠᠬᠤ ᠵᠢ ᠵᠡᠷᠬᠡ᠎ᠪᠠᠷ ᠴᠢᠩᠭ᠎ᠠ ᠠᠳᠬᠤᠬᠤ ᠵᠢ ᠪᠠᠷᠢᠮᠳᠠᠯᠠᠨ᠂ ᠨᠢᠬᠡ ᠲᠠᠯ᠎ᠠ᠎ᠪᠠᠷ ᠤᠮᠠᠷᠠᠰᠢ ᠤᠰᠤ ᠲᠠᠳᠠᠬᠤ ᠴᠢᠳᠠᠪᠤᠷᠢ ᠵᠢ ᠲᠡᠭᠡᠭᠰᠢᠯᠡᠬᠦᠯᠵᠤ᠂ ᠨᠦᠬᠦᠬᠡ ᠲᠠᠯ᠎ᠠ᠎ᠪᠠᠷ ᠤᠮᠠᠷᠠᠳᠤ ᠤᠷᠤᠨ᠎ᠤ ᠪᠤᠳᠠᠳᠠᠢ᠎ᠠᠴᠠ ᠡᠬᠦᠰᠤᠨ ᠤᠰᠤᠨ᠎ᠤ ᠬᠡᠮᠵᠢᠶ᠎ᠠ᠎ᠪᠠᠷ ᠬᠤᠲᠠ ᠵᠢᠨ ᠪᠦᠳᠦᠬᠡᠨ ᠪᠠᠢ᠍ᠢ᠍ᠭᠤᠯᠤᠯᠳᠠ᠎ᠪᠠᠨ ᠲᠤᠭᠲᠠᠭ᠋ᠠᠵᠦ ᠤᠰᠤᠨ᠎ᠤ ᠬᠡᠮᠵᠢᠶ᠎ᠠ᠎ᠪᠠᠷ ᠠᠵᠤ ᠦᠢ᠍ᠯᠡᠰ᠎ᠤᠨ ᠪᠦᠳᠦᠬᠡᠨ ᠪᠠᠢ᠍ᠢ᠍ᠭᠤᠯᠤᠯᠳᠠ᠎ᠪᠠᠨ ᠲᠤᠭᠳᠠᠭ᠋ᠠᠬᠤ ᠵᠢ ᠪᠠᠷᠢᠮᠳᠠᠯᠠᠵᠤ᠂ ᠤᠰᠤ ᠠᠷᠪᠢᠯᠠᠨ ᠬᠡᠷᠡᠭᠯᠡᠵᠤ᠂ ᠲᠤᠷ᠎ᠠ᠎ᠪᠠᠷ ᠵᠶ᠋ᠠᠨ ᠤᠰᠤ ᠭᠡᠷᠡᠭᠯᠡᠬᠦ ᠬᠡᠪᠴᠢᠶ᠎ᠠ᠎ᠪᠠᠨ ᠦᠷᠬᠡᠳᠬᠡᠵᠤ ᠪᠤᠯᠬᠤ ᠦᠬᠡᠢ ᠬᠡᠵᠤ ᠵᠢᠭ᠋ᠠᠵᠤ ᠭᠠᠷᠭ᠋ᠠᠪᠠ᠃ ᠰᠢ ᠵᠢᠨ ᠫᠢᠩ᠂ ᠡᠮᠤᠨᠡᠳᠡᠬᠢ ᠤᠰᠤ ᠵᠢ ᠤᠮᠠᠷᠠᠰᠢ ᠲᠠᠳᠠᠬᠤ ᠵᠡᠬᠦᠨ ᠱᠤᠭᠤᠮ᠎ᠤᠨ ᠢᠨᠵᠸᠨ᠋ᠸᠷᠢᠩ᠎ᠤᠨ ᠴᠢᠬᠤᠯᠠ ᠶᠡᠬᠡ ᠠᠮᠵᠢᠯᠳᠠ ᠪᠦᠳᠤᠮᠵᠢ᠎ᠨᠢ ᠬᠡᠳᠤᠨ ᠠᠷᠪᠠᠨ ᠲᠦᠮᠡᠨ ᠪᠦᠳᠤᠬᠡᠨ ᠪᠠᠢ᠍ᠢ᠍ᠭᠤᠯᠤᠬ᠍ᠴᠢ ᠵᠢᠨ ᠤᠷᠳᠤ ᠬᠤᠭᠤᠴᠠᠭ᠋ᠠᠨ᠎ᠤ ᠰᠢᠷᠭ᠋ᠠᠭᠤ ᠬᠠᠳᠠᠭᠤᠵᠢᠯᠳᠠᠢ ᠬᠦᠳᠡᠯᠮᠤᠷᠢ᠎ᠠᠴᠠ ᠰᠠᠯᠵᠤ ᠴᠢᠳᠠᠬᠤ ᠦᠬᠡᠢ᠂ ᠭᠤᠤᠯ ᠲᠠᠭ᠋ᠠᠤ ᠵᠢᠨ 40 ᠲᠦᠮᠡᠨ ᠨᠡᠬᠦᠳᠡᠯ ᠠᠷᠠᠳ᠎ᠤᠨ ᠯᠤᠳᠤ ᠶᠡᠬᠡ ᠬᠤᠪᠢ ᠨᠡᠮᠡᠷᠢ᠎ᠠᠴᠠ ᠰᠠᠯᠵᠤ ᠴᠢᠳᠠᠬᠤ ᠦᠬᠡᠢ ᠶᠤᠮ᠃ ᠲᠤᠮᠤ ᠤᠰᠤᠨ ᠠᠰᠢᠬᠯᠠᠯᠳᠠ ᠵᠢᠨ ᠬᠦᠢ᠍ᠰᠦ ᠪᠠᠷᠢᠯᠭ᠎ᠠ ᠵᠢᠨ ᠲᠦᠬᠦᠬᠡᠷᠤᠮᠵᠢ ᠪᠤᠯᠤᠨ ᠵᠢᠶᠠᠩᠳᠦ᠋ ᠤᠰᠤᠨ ᠠᠰᠢᠬᠯᠠᠯᠳᠠ ᠵᠢᠨ ᠬᠦᠢ᠍ᠰᠦ ᠪᠠᠷᠢᠯᠭ᠎ᠠ ᠵᠢᠨ ᠦᠵᠡᠰᠬᠦᠯᠠᠩ᠎ᠤᠨ ᠤᠷᠳᠤᠨ᠎ᠳᠤ ᠲᠦᠰᠢᠭᠯᠠᠨ᠂ ᠤᠯᠤᠰ᠎ᠤᠨ ᠪᠠᠢ᠍ᠢ᠍ᠳᠠᠯ ᠪᠤᠯᠤᠨ ᠤᠰᠤᠨ᠎ᠤ ᠪᠠᠢ᠍ᠢ᠍ᠳᠠᠯ᠎ᠤᠨ ᠬᠦᠮᠤᠵᠢᠯ᠎ᠢ ᠢᠳᠡᠪᠬᠢᠳᠠᠢ ᠦᠷᠨᠢᠬᠦᠯᠵᠤ᠂ ᠺᠠᠳ᠋ᠷ ᠤᠯᠠᠨ ᠲᠦᠮᠡᠨ ᠢᠯᠠᠩᠭᠤᠶ᠎ᠠ ᠵᠠᠯᠠᠭᠤᠴᠤᠳ ᠪᠠᠭ᠋ᠠᠴᠤᠳ᠎ᠤᠨ ᠤᠰᠤᠨ᠎ᠤ ᠡᠬᠢ ᠪᠠᠶᠠᠯᠢᠬ᠎ᠢ ᠠᠷᠪᠢᠯᠠᠬᠤ᠂ ᠤᠰᠤᠨ᠎ᠤ ᠠᠮᠢ ᠠᠬᠤᠢ ᠵᠢ ᠬᠠᠮᠠᠭ᠋ᠠᠯᠠᠬᠤ ᠦᠵᠡᠯ ᠰᠠᠨᠠᠭ᠋ᠠᠨ᠎ᠤ ᠤᠬᠠᠮᠰᠠᠷ ᠪᠤᠯᠤᠨ ᠦᠢ᠍ᠯᠡ ᠠᠵᠢᠯᠯᠠᠭ᠎ᠠ ᠵᠢᠨ ᠤᠬᠠᠮᠰᠠᠷ᠎ᠢ᠎ᠨᠢ ᠴᠢᠩᠭ᠋ᠠᠳᠬᠠᠵᠤ᠂ ᠤᠢ᠍ᠢ᠍ᠯᠡᠳᠪᠤᠷᠢᠯᠡᠯ ᠠᠮᠢᠳᠤᠷᠠᠯ᠎ᠤᠨ ᠠᠷᠭ᠎ᠠ ᠬᠡᠯᠪᠡᠷᠢ ᠵᠢ ᠪᠤᠬᠢᠷᠳᠤᠯ ᠦᠬᠡᠢ ᠲᠡᠢ᠍ᠢ᠍ᠰᠢ ᠬᠤᠪᠢᠷᠠᠭᠤᠯᠬᠤ ᠵᠢ ᠲᠦᠷᠬᠡᠳᠬᠡᠨ ᠠᠬᠢᠭᠤᠯᠬᠤ ᠭᠡᠷᠡᠭᠳᠠᠢ ᠬᠡᠵᠤ ᠴᠢᠬᠤᠯᠠᠴᠢᠯᠠᠪᠠ᠃


      ᠳ᠋ᠢᠩ ᠰᠢᠤᠸᠠᠢ ᠰᠢᠶᠠᠩ᠂ ᠯᠢᠦ ᠡᡁᠸ᠂ ᠴᠸᠨ ᠰᠢ᠂ ᠡᡁᠸ ᠯᠢ ᠹᠸᠩ ᠪᠤᠯᠤᠨ ᠲᠦᠪ᠎ᠤᠨ ᠬᠤᠯᠪᠤᠬᠳᠠᠯ ᠪᠦᠬᠦᠢ ᠰᠠᠯᠠᠭ᠎ᠠ ᠮᠦᠴᠢᠷ᠎ᠤᠨ ᠬᠠᠷᠢᠭᠤᠴᠠᠯᠭ᠋ᠠᠳᠠᠨ ᠨᠦᠬᠦᠳ ᠪᠠᠷ᠎ᠠ ᠪᠤᠯᠵᠤ ᠰᠢᠨᠵᠢᠯᠡᠨ ᠪᠠᠢ᠍ᠢ᠍ᠴᠠᠭ᠋ᠠᠵᠠᠢ᠃

ᠢᠷᠡᠯᠲᠡ᠄ ᠥᠪᠥᠷ ᠮᠣᠩᠭᠣᠯ᠎ᠤᠨ ᠡᠳᠦᠷ ᠎ᠤᠨ ᠰᠣᠨᠢᠨ
          
ᠬᠠᠮᠢᠶ᠎ᠡ ᠪᠦᠬᠦᠢ ᠰᠣᠨᠢᠨ
ᠨᠠᠮ᠎ᠤᠨ ᠲᠦᠪ ᠬᠤᠷᠢᠶᠠᠨ᠎ᠤ ᠤᠯᠤᠰ ᠲᠦᠷᠦ ᠵᠢᠨ ᠲᠤᠪᠴᠢᠶ᠎ᠠ ᠬᠤᠷᠠᠯ ᠬᠤᠷᠠᠯᠳᠤᠭᠤᠯᠪᠠ ᠰᠢ ᠵᠢᠨ ᠫᠢᠩ ᠬᠤᠷᠠᠯ᠎ᠢ ᠡᠷᠭᠢᠯᠡᠪᠡ
ᠯᠢ ᠺᠸ ᠴᠢᠶᠠᠩ ᠲᠦᠷᠦ ᠵᠢᠨ ᠶᠠᠪᠤᠳᠠᠯ᠎ᠤᠨ ᠬᠣᠷᠢᠶᠠᠨ᠎ᠤ 《ᠠᠷᠪᠠᠨ ᠳᠥᠷᠪᠡᠳᠦᠭᠡᠷ ᠲᠠᠪᠤᠨ ᠵᠢᠯ》᠎ᠤᠨ ᠲᠥᠯᠥᠪᠵᠢᠭᠦᠯᠭᠡ ᠵᠢᠨ 《ᠬᠥᠲᠥᠯᠪᠦᠷᠢ ᠵᠢᠨ ᠲᠥᠰᠦᠯ》᠎ᠢ ᠨᠠᠢ᠌ᠷᠠᠭᠤᠯᠤᠨ ᠵᠣᠬᠢᠶᠠᠬᠤ ᠠᠵᠢᠯ᠎ᠤᠨ ᠤᠳᠤᠷᠢᠳᠬᠤ ᠳᠤᠭᠤᠢ᠌ᠯᠠᠩ᠎ᠤᠨ ᠬᠤᠷᠠᠯ᠎ᠢ ᠡᠷᠬᠢᠯᠡᠨ ᠬᠤᠷᠠᠯᠳᠤᠭᠤᠯᠪᠠ
ᠰᠢ ᠵᠢᠨ ᠫᠢᠩ ᠴᠠᠬᠢᠯᠭ᠋ᠠᠨ ᠴᠢᠮᠡᠬᠡ ᠢᠯᠡᠬᠡᠵᠥ ᠨᠠᠮ᠎ᠤᠨ ᠲᠥᠪ ᠬᠣᠷᠢᠶ᠎ᠠ᠂ ᠲᠥᠷᠥ ᠵᠢᠨ ᠶᠠᠪᠤᠳᠠᠯ᠎ᠤᠨ ᠬᠣᠷᠢᠶ᠎ᠠ ᠪᠣᠯᠤᠨ ᠲᠥᠪ᠎ᠤᠨ ᠴᠡᠷᠢᠭ᠎ᠤᠨ ᠶᠠᠪᠤᠳᠠᠯ᠎ᠤᠨ ᠬᠣᠷᠢᠶᠠᠨ᠎ᠤ ᠡᠮᠤᠨ᠎ᠡ᠎ᠠᠴᠠ ᠰᠠᠷᠠᠨ ᠪᠥᠮᠪᠥᠷᠴᠡᠭ᠎ᠢ ᠬᠠᠶ᠋ᠢᠨ ᠰᠢᠨᠵᠢᠯᠡᠬᠦ ᠢᠨᠵᠧᠨᠧᠷᠢᠩ᠎ᠤᠨ ᠴᠠᠩ ᠧ ᠲᠠᠪᠤᠳᠤᠭ᠋ᠠᠷ᠎ᠤᠨ ᠡᠭᠦᠷᠭᠡ ᠲᠡᠭᠦᠰ ᠠᠮᠵᠢᠯᠲᠠ ᠣᠯᠤᠭᠰᠠᠨ᠎ᠳᠤ ᠪᠠᠶᠠᠷ ᠬᠦᠷᠭᠡᠪᠡ
ᠯᠢ ᠺᠸ ᠴᠢᠶᠠᠩ ᠲᠦᠷᠦ ᠵᠢᠨ ᠶᠠᠪᠤᠳᠠᠯ᠎ᠤᠨ ᠬᠣᠷᠢᠶᠠᠨ᠎ᠤ ᠪᠠᠶ᠋ᠢᠩᠭᠤ ᠵᠢᠨ ᠬᠤᠷᠠᠯ᠎ᠢ ᠡᠷᠬᠢᠯᠡᠨ ᠬᠤᠷᠠᠯᠳᠤᠭᠤᠯᠵᠤ ᠣᠷᠣᠨ ᠪᠦᠰᠡ ᠵᠢᠨ ᠪᠦᠬᠦ ᠲᠠᠯ᠎ᠠ ᠵᠢᠨ ᠠᠵᠤ ᠠᠬᠤᠶ ᠵᠢᠨ ᠬᠠᠨᠢᠲᠠᠨ᠎ᠤ ᠬᠠᠷᠢᠴᠠᠭ᠋ᠠᠨ᠎ᠤ ᠬᠡᠯᠡᠯᠴᠡᠭᠡᠷ᠎ᠢ ᠬᠦᠴᠦᠨ᠎ᠲᠠᠢ ᠪᠣᠯᠭ᠋ᠠᠨ ᠬᠡᠷᠡᠭᠵᠢᠭᠦᠯᠬᠦ ᠬᠣᠯᠪᠣᠭᠳᠠᠯ ᠪᠦᠬᠦᠢ ᠠᠵᠢᠯ᠎ᠢ ᠲᠦᠷᠭᠡᠪᠴᠢᠯᠡᠨ ᠰᠠᠶ᠋ᠢᠲᠤᠷ ᠬᠢᠬᠦ ᠲᠤᠬᠠᠢ ᠪᠠᠢ᠌ᠷᠢᠯᠠᠭᠤᠯᠤᠯᠲᠠ ᠬᠢᠪᠡ
ᠯᠢ ᠺᠸ ᠴᠢᠶᠠᠩ ᠲᠦᠷᠦ ᠵᠢᠨ ᠶᠠᠪᠤᠳᠠᠯ᠎ᠤᠨ ᠬᠣᠷᠢᠶᠠᠨ᠎ᠤ ᠪᠠᠶ᠋ᠢᠩᠭᠤ ᠵᠢᠨ ᠬᠤᠷᠠᠯ᠎ᠢ ᠡᠷᠬᠢᠯᠡᠨ ᠬᠤᠷᠠᠯᠳᠤᠭᠤᠯᠵᠤ ᠵᠠᠰᠠᠭ᠎ᠤᠨ ᠶᠠᠪᠤᠳᠠᠯ᠎ᠤᠨ ᠦᠢ᠍ᠯᠡᠴᠢᠯᠡᠭᠡ ᠵᠢᠨ ᠠᠷᠠᠳ᠎ᠲᠤ ᠲᠦᠬᠦᠮ ᠦᠵᠡᠭᠦᠯᠬᠦ ᠬᠠᠯᠠᠮᠰᠢᠯ ᠤᠲᠠᠰᠤ ᠵᠢ ᠰᠢᠯᠢᠳᠡᠭᠵᠢᠭᠦᠯᠬᠦ ᠵᠡᠷᠭᠡ ᠵᠢ ᠪᠠᠶ᠋ᠢᠷᠢᠯᠠᠭᠤᠯᠪᠠ
 
            