ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠴᠠᠬᠢᠮ ᠰᠣᠷᠪᠣᠯᠵᠢᠯᠠᠭ᠎ᠠ
ᠲᠡᠷᠢᠭᠦᠨ ᠬᠠᠭᠤᠳᠠᠰᠤ   -   ᠲᠡᠷᠢᠭᠦᠨ ᠵᠣᠷᠪᠣᠰ
2020 ᠣᠨ᠎ᠤ ᠲᠥᠪ᠎ᠤᠨ ᠠᠵᠤ ᠠᠬᠤᠢ ᠵᠢᠨ ᠠᠵᠢᠯ᠎ᠤᠨ ᠬᠤᠷᠠᠯ᠎ᠠᠴᠠ ᠰᠢ ᠵᠢᠨ ᠫᠢᠩ ᠨᠥᠬᠥᠷ ᠵᠶ᠋ᠠᠷ ᠭᠣᠣᠯ ᠪᠣᠯᠭ᠋ᠠᠭᠰᠠᠨ ᠨᠠᠮ᠎ᠤᠨ ᠲᠥᠪ ᠬᠣᠷᠢᠶ᠎ᠠ 《ᠠᠷᠪᠠᠨ ᠳᠥᠷᠪᠡᠳᠦᠭᠡᠷ ᠲᠠᠪᠤᠨ ᠵᠢᠯ》᠎ᠤᠨ ᠡᠬᠢᠯᠡᠯᠲᠡ ᠵᠢᠨ ᠠᠯᠬᠤᠮ᠎ᠢ ᠲᠥᠯᠦᠪᠵᠢᠭᠦᠯᠦᠭᠰᠡᠨ᠎ᠢ ᠠᠵᠢᠬᠤ᠎ᠨᠢ
ᠨᠡᠶ᠋ᠢᠲᠡᠯᠡᠭᠰᠡᠨ ᠴᠠᠭ᠄ 2020-12-22

     12 ᠳ᠋ᠤᠭ᠋ᠠᠷ ᠰᠠᠷ᠎ᠠ ᠵᠢᠨ 20᠎ᠤ ᠡᠳᠦᠷ᠎ᠤᠨ ᠪᠡᠭᠡᠵᠢᠩ᠎ᠤᠨ ᠰᠢᠨᠬᠤᠸᠠ ᠬᠣᠷᠢᠶᠠᠨ᠎ᠤ ᠴᠠᠬᠢᠯᠭ᠋ᠠᠨ ᠮᠡᠳᠡᠭᠡ᠄ 《ᠠᠷᠪᠠᠨ ᠳᠥᠷᠪᠡᠳᠦᠭᠡᠷ ᠲᠠᠪᠤᠨ ᠵᠢᠯ》᠎ᠤᠨ ᠲᠥᠯᠦᠪᠵᠢᠭᠦᠯᠭᠡ ᠰᠢᠨ᠎ᠡ ᠠᠶᠠᠯᠠᠯ ᠵᠶ᠋ᠠᠨ ᠡᠬᠢᠯᠡᠭᠦᠯᠪᠡ — 2020 ᠣᠨ᠎ᠤ ᠲᠥᠪ᠎ᠤᠨ ᠠᠵᠤ ᠠᠬᠤᠢ ᠵᠢᠨ ᠠᠵᠢᠯ᠎ᠤᠨ ᠬᠤᠷᠠᠯ᠎ᠠᠴᠠ ᠰᠢ ᠵᠢᠨ ᠫᠢᠩ ᠨᠥᠬᠥᠷ ᠵᠶ᠋ᠠᠷ ᠭᠣᠣᠯ ᠪᠣᠯᠭ᠋ᠠᠭᠰᠠᠨ ᠨᠠᠮ᠎ᠤᠨ ᠲᠥᠪ ᠬᠣᠷᠢᠶ᠎ᠠ 《ᠠᠷᠪᠠᠨ ᠳᠥᠷᠪᠡᠳᠦᠭᠡᠷ ᠲᠠᠪᠤᠨ ᠵᠢᠯ》᠎ᠤᠨ ᠡᠬᠢᠯᠡᠯᠲᠡ ᠵᠢᠨ ᠠᠯᠬᠤᠮ᠎ᠢ ᠲᠥᠯᠦᠪᠵᠢᠭᠦᠯᠦᠭᠰᠡᠨ᠎ᠢ ᠠᠵᠢᠬᠤ᠎ᠨᠢ
      ᠵᠢᠯ᠎ᠤᠨ ᠡᠴᠦᠰ ᠪᠣᠯᠵᠤ᠂ ᠵᠢᠯ᠎ᠳᠤ ᠨᠢᠭᠡ ᠤᠳᠠᠭ᠎ᠠ ᠶᠠᠪᠤᠭᠳᠠᠳᠠᠭ ᠲᠥᠪ᠎ᠤᠨ ᠠᠵᠤ ᠠᠬᠤᠢ ᠵᠢᠨ ᠠᠵᠢᠯ᠎ᠤᠨ ᠬᠤᠷᠠᠯ᠎ᠨᠢ ᠪᠦᠬᠦ ᠪᠥᠮᠪᠥᠷᠴᠡᠭ᠎ᠤᠨ ᠠᠩᠬᠠᠷᠤᠯ᠎ᠢ ᠲᠠᠲᠠᠪᠠ᠃ ᠡᠨᠡ ᠵᠢᠯ᠎ᠤᠨ ᠬᠤᠷᠠᠯ ᠪᠣᠯ ᠠᠬᠤᠶ ᠪᠠᠶ᠋ᠢᠳᠠᠯ᠎ᠨᠢ ᠣᠨᠴᠠᠭ᠋ᠠᠶ᠂ ᠵᠠᠩᠭᠢᠯᠠᠭ᠎ᠠ᠎ᠨᠢ ᠴᠢᠬᠤᠯᠠ ᠶᠡᠬᠡ ᠠᠴᠢ ᠬᠣᠯᠪᠣᠭᠳᠠᠯ᠎ᠨᠢ ᠶᠡᠬᠡ ᠶᠤᠮ᠃
     12 ᠳ᠋ᠤᠭ᠋ᠠᠷ ᠰᠠᠷ᠎ᠠ ᠵᠢᠨ 16᠎ᠤ ᠡᠳᠦᠷ᠎ᠠᠴᠠ 18᠎ᠤ ᠡᠳᠦᠷ ᠪᠣᠯᠲᠠᠯ᠎ᠠ᠃ ᠪᠡᠭᠡᠵᠢᠩ᠂ ᠵᠢᠩ ᠰᠢ ᠵᠣᠴᠢᠳ᠎ᠤᠨ ᠪᠠᠭᠤᠳᠠᠯ᠃
     《ᠬᠣᠶᠠᠷ ᠵᠠᠭᠤᠨ ᠵᠢᠯ》᠎ᠤᠨ ᠲᠡᠮᠡᠴᠡᠬᠦ ᠬᠠᠷᠠᠯᠲᠠ ᠵᠢᠨ ᠲᠡᠦᠬᠡ ᠵᠢᠨ ᠠᠭᠤᠯᠵᠠᠷ᠎ᠲᠤ ᠵᠣᠭᠰᠣᠵᠤ᠂ 2020 ᠣᠨ᠎ᠤ ᠲᠥᠪ᠎ᠤᠨ ᠠᠵᠤ ᠠᠬᠤᠢ ᠵᠢᠨ ᠠᠵᠢᠯ᠎ᠤᠨ ᠬᠤᠷᠠᠯ᠎ᠨᠢ ᠳᠤᠮᠳᠠᠳᠤ ᠤᠯᠤᠰ᠎ᠤᠨ ᠠᠵᠤ ᠠᠬᠤᠢ ᠵᠢᠨ ᠬᠥᠭᠵᠢᠯᠲᠡ ᠵᠢᠨ ᠶᠡᠬᠡ ᠪᠤᠳᠤᠯᠭ᠎ᠠ ᠵᠢ ᠲᠥᠯᠥᠪᠵᠢᠭᠦᠯᠪᠡ᠃
      ᠶᠡᠷᠦᠩᠬᠡᠶ ᠱᠦᠵᠢ ᠰᠢ ᠵᠢᠨ ᠫᠢᠩ ᠬᠤᠷᠠᠯ ᠳᠡᠭᠡᠷ᠎ᠡ ᠴᠢᠬᠤᠯᠠ ᠶᠠᠷᠢᠶ᠎ᠠ ᠲᠠᠯᠪᠢᠵᠤ᠂ ᠤᠯᠤᠰ᠎ᠤᠨ ᠳᠣᠲᠣᠭ᠋ᠠᠳᠤ ᠭᠠᠳᠠᠭ᠋ᠠᠳᠤ ᠵᠢᠨ ᠠᠵᠤ ᠠᠬᠤᠶ ᠵᠢᠨ ᠪᠠᠶ᠋ᠢᠳᠠᠯ᠎ᠢ ᠭᠦᠨᠵᠡᠭᠡᠶ ᠵᠠᠳᠠᠯᠵᠤ᠂ 2021 ᠣᠨ᠎ᠤ ᠠᠵᠤ ᠠᠬᠤᠶ ᠵᠢᠨ ᠠᠵᠢᠯ᠎ᠤᠨ ᠶᠡᠷᠦᠩᠬᠡᠶ ᠱᠠᠭ᠋ᠠᠷᠳᠠᠯᠭ᠎ᠠ ᠪᠣᠯᠤᠨ ᠲᠥᠷᠥ ᠵᠢᠨ ᠪᠣᠳᠣᠯᠭ᠎ᠠ ᠵᠢᠨ ᠬᠠᠨᠳᠤᠰᠢ ᠵᠢ ᠳᠤᠷᠠᠳᠴᠤ᠂ ᠭᠣᠣᠯᠳᠠᠯᠭ᠎ᠠ᠎ᠲᠠᠢ ᠡᠭᠦᠷᠭᠡ ᠵᠢ ᠪᠠᠢ᠌ᠷᠢᠯᠠᠭᠤᠯᠤᠨ᠂ 《ᠠᠷᠪᠠᠨ ᠳᠥᠷᠪᠡᠳᠦᠭᠡᠷ ᠲᠠᠪᠤᠨ ᠵᠢᠯ》᠎ᠤᠨ ᠲᠥᠯᠦᠪᠵᠢᠭᠦᠯᠭᠡ᠂ ᠨᠡᠶ᠋ᠢᠭᠡᠮ ᠵᠢᠷᠤᠮᠲᠤ ᠣᠳᠣᠬᠢᠴᠢᠯᠠᠭᠰᠠᠨ ᠤᠯᠤᠰ᠎ᠢ ᠪᠥᠬᠥ ᠲᠠᠯ᠎ᠠ᠎ᠪᠠᠷ ᠪᠥᠲᠥᠭᠡᠨ ᠪᠠᠶ᠋ᠢᠭᠤᠯᠬᠤ ᠰᠢᠨ᠎ᠡ ᠠᠶᠠᠯᠠᠯ᠎ᠢ ᠡᠬᠢᠯᠡᠭᠦᠯᠬᠦ᠎ᠳᠤ ᠴᠢᠭᠯᠡᠯ᠎ᠢ ᠲᠣᠭᠲᠠᠭ᠋ᠠᠨ ᠥᠭᠪᠡ᠃



      ᠵᠢᠷᠤᠭ ᠪᠣᠯ 11 ᠳ᠋ᠦ᠍ᠭᠡᠷ ᠰᠠᠷ᠎ᠠ ᠵᠢᠨ 3᠎ᠤ ᠡᠳᠦᠷ ᠰᠡᠭᠦᠳᠡᠷᠯᠡᠭᠰᠡᠨ ᠤᠯᠤᠰ᠎ᠤᠨ ᠬᠤᠷᠠᠯ ᠦᠵᠡᠰᠬᠦᠯᠡᠩ᠎ᠤᠨ ᠲᠥᠪ (ᠱᠠᠩᠬᠠᠶ)


      ᠲᠡᠦᠬᠡ ᠵᠢᠨ ᠬᠠᠭᠤᠳᠠᠰᠤᠨ᠎ᠠ ᠲᠡᠮᠳᠡᠭᠯᠡᠭᠳᠡᠬᠦ — ᠶᠡᠷᠦ ᠪᠤᠰᠤ ᠵᠢᠨ ᠣᠨ ᠵᠢᠯ᠎ᠳᠠᠬᠢ ᠶᠡᠷᠦ ᠪᠤᠰᠤ ᠵᠢᠨ ᠠᠮᠵᠢᠯᠲᠠ᠂ ᠰᠢ ᠵᠢᠨ ᠫᠢᠩ ᠨᠥᠬᠥᠷ ᠵᠶ᠋ᠠᠷ ᠭᠣᠣᠯ ᠪᠣᠯᠭ᠋ᠠᠭᠰᠠᠨ ᠨᠠᠮ᠎ᠤᠨ ᠲᠥᠪ ᠬᠣᠷᠢᠶ᠎ᠠ ᠲᠦᠭ ᠲᠦᠮᠡᠨ ᠠᠷᠠᠳ ᠲᠦᠮᠡᠨ᠎ᠢ ᠪᠦᠯᠬᠦᠮᠳᠡᠭᠦᠯᠦᠨ ᠳᠠᠭ᠋ᠠᠭᠤᠯᠵᠤ ᠡᠷᠡᠯᠬᠡᠭᠯᠡᠨ ᠲᠠᠮᠡᠴᠡᠭᠡᠳ᠂ ᠠᠷᠠᠳ ᠲᠦᠮᠡᠨ᠎ᠳᠤ ᠲᠠᠭ᠋ᠠᠰᠢᠶᠠᠯ᠎ᠲᠠᠢ᠂ ᠳᠡᠯᠡᠬᠡᠢ ᠳ᠋ᠠᠬᠢᠨ᠎ᠤ ᠠᠩᠬᠠᠷᠤᠯ᠎ᠢ ᠲᠠᠲᠠᠭᠰᠠᠨ᠂ ᠲᠡᠦᠬᠡ ᠵᠢᠨ ᠬᠠᠭᠤᠳᠠᠰᠤᠨ᠎ᠳᠤ ᠲᠡᠮᠳᠡᠭᠯᠡᠭᠳᠡᠬᠦ ᠬᠠᠷᠢᠭᠤᠯᠲᠠ ᠵᠢᠨ ᠬᠠᠭᠤᠳᠠᠰᠤ ᠵᠢ ᠲᠤᠰᠢᠶᠠᠪᠠ᠃
     《ᠲᠤᠶ᠋ᠢᠯ᠎ᠤᠨ ᠶᠡᠷᠦ ᠪᠤᠰᠤ》 — ᠡᠨᠡ ᠤᠳᠠᠭ᠋ᠠᠨ᠎ᠤ ᠲᠥᠪ᠎ᠤᠨ ᠠᠵᠤ ᠠᠬᠤᠢ ᠵᠢᠨ ᠠᠵᠢᠯ᠎ᠤᠨ ᠬᠤᠷᠠᠯ ᠳᠡᠭᠡᠷ᠎ᠡ᠂ ᠶᠡᠷᠦᠩᠬᠡᠢ ᠱᠦᠵᠢ ᠰᠢ ᠵᠢᠨ ᠫᠢᠩ ᠡᠨᠡᠬᠦ ᠵᠠᠩᠭᠢᠯᠠᠭ᠎ᠠ ᠵᠢᠨ ᠦᠭᠡ᠎ᠪᠠᠷ 2020 ᠣᠨ᠎ᠢ ᠬᠤᠷᠢᠶᠠᠩᠭᠤᠶ᠋ᠢᠯᠠᠵᠤ᠂ 《ᠡᠨᠡ ᠵᠢᠯ ᠪᠣᠯ ᠰᠢᠨ᠎ᠡ ᠳᠤᠮᠳᠠᠳᠤ ᠤᠯᠤᠰ᠎ᠤᠨ ᠲᠡᠦᠬᠡᠨ᠎ᠳᠠᠬᠢ ᠲᠤᠶ᠋ᠢᠯ᠎ᠤᠨ ᠶᠡᠷᠦ ᠪᠤᠰᠤ ᠵᠢᠨ ᠨᠢᠭᠡ ᠵᠢᠯ ᠪᠣᠯᠤᠨ᠎ᠠ》 ᠭᠡᠵᠦ ᠴᠢᠬᠤᠯᠠᠴᠢᠯᠠᠪᠠ᠃
      ᠬᠣᠶᠠᠷ ᠡᠳᠦᠷ ᠬᠠᠭ᠋ᠠᠰ᠎ᠤᠨ ᠬᠤᠷᠠᠯ ᠳᠡᠭᠡᠷ᠎ᠡ᠂ ᠬᠤᠷᠠᠯ᠎ᠳᠤ ᠣᠷᠣᠯᠴᠠᠭᠰᠠᠨ ᠨᠥᠬᠥᠳ ᠤᠳᠠᠯ ᠦᠭᠡᠢ ᠥᠩᠭᠡᠷᠡᠬᠦ ᠭᠡᠵᠦ ᠪᠠᠶ᠋ᠢᠭ᠎ᠠ ᠡᠨᠡ ᠨᠢᠭᠡᠨ ᠵᠢᠯ᠎ᠢ ᠡᠷᠭᠢᠴᠡᠭᠦᠯᠬᠦ᠎ᠳᠤ᠎ᠪᠠᠨ ᠰᠡᠳᠬᠢᠯ ᠶᠡᠬᠡ ᠳᠣᠭᠳᠤᠯᠵᠤ ᠪᠠᠢ᠌ᠯ᠎ᠠ᠃

《〈ᠲᠤᠶ᠋ᠢᠯ〉 ᠭᠡᠳᠡᠭ ᠨᠢᠭᠡᠯᠡ ᠦᠭᠡᠨ᠎ᠳᠤ ᠰᠦᠷ ᠳᠠᠯᠠᠶ᠋ᠢᠴᠠᠲᠠᠢ᠂ ᠲᠦᠭ ᠲᠦᠮᠡᠨ ᠠᠶᠤᠯ ᠲᠦᠭᠰᠢᠭᠦᠷᠢ᠎ᠲᠠᠢ᠂ ᠮᠠᠭᠲᠠᠨ ᠳᠠᠭᠤᠯᠠᠭᠤᠰᠢᠲᠠᠢ᠂ ᠭᠡᠷᠡᠯ ᠰᠠᠴᠤᠷᠠᠩᠭᠤᠢ ᠠᠮᠵᠢᠯᠲᠠ ᠵᠡᠷᠭᠡ ᠡᠯᠪᠡᠭ ᠠᠭᠤᠯᠭ᠎ᠠ ᠵᠢ ᠪᠠᠭᠲᠠᠭ᠋ᠠᠵᠠᠢ》 ᠭᠡᠵᠦ ᠵᠠᠷᠢᠮ ᠨᠥᠬᠥᠷ ᠬᠡᠯᠡᠪᠡ᠃
    ᠬᠤᠷᠠᠯ᠎ᠠᠴᠠ ᠵᠢᠭ᠋ᠠᠨ ᠭᠠᠷᠭ᠋ᠠᠭᠰᠠᠨ᠎ᠨᠢ᠂ ᠡᠨᠡ ᠵᠢᠯ ᠪᠥᠬᠥ ᠪᠥᠮᠪᠥᠷᠴᠡᠭ᠎ᠤᠨ ᠠᠵᠤ ᠠᠬᠤᠶ᠎ᠳᠤ ᠤᠴᠠᠷᠠᠭᠰᠠᠨ ᠲᠠᠭ᠋ᠠᠷᠢᠯᠲᠠ᠎ᠨᠢ 1929 ᠣᠨ᠎ᠤ ᠠᠵᠤ ᠠᠬᠤᠶ ᠵᠢᠨ ᠶᠡᠬᠡ ᠤᠷᠤᠭᠤᠳᠠᠯ᠎ᠲᠠᠢ ᠠᠳᠠᠯᠢ ᠥᠬᠡᠶ ᠪᠥᠭᠡᠳ 2008 ᠣᠨ᠎ᠤ ᠣᠯᠠᠨ ᠤᠯᠤᠰ᠎ᠤᠨ ᠮᠥᠩᠭᠥᠨ ᠭᠦᠢ᠍ᠯᠭᠡᠭᠡᠨ᠎ᠤ ᠬᠢᠮᠤᠷᠠᠯ᠎ᠤᠨ ᠦᠷᠪᠢᠰᠦᠯᠲᠡ᠎ᠠᠴᠠ ᠪᠣᠯᠤᠭᠰᠠᠨ ᠨᠥᠯᠥᠭᠡ᠎ᠲᠠᠢ ᠴᠦ᠍ ᠠᠳᠠᠯᠢ ᠥᠬᠡᠶ ᠶᠤᠮ᠂ ᠬᠠᠷᠢᠨ ᠬᠠᠩᠭ᠋ᠠᠯᠭ᠎ᠠ ᠲᠠᠰᠤᠷᠠᠭᠰᠠᠨ ᠪᠠ ᠬᠡᠷᠡᠭᠴᠡᠭᠡ ᠠᠪᠴᠢᠭᠰᠠᠨ ᠳᠠᠪᠬᠤᠷ ᠲᠠᠭ᠋ᠠᠷᠢᠯᠲᠠ᠎ᠳᠤ ᠲᠤᠯᠭ᠋ᠠᠷᠠᠪᠠ᠂ ᠬᠦᠴᠢᠷᠳᠡᠯ᠎ᠨᠢ ᠤᠷᠢᠳ ᠡᠮᠦᠨ᠎ᠡ ᠪᠠᠶ᠋ᠢᠭ᠎ᠠ ᠥᠬᠡᠶ ᠶᠤᠮ᠃
      ᠳᠤᠮᠳᠠᠳᠤ ᠤᠯᠤᠰ᠎ᠤᠨ ᠠᠵᠤ ᠠᠬᠤᠶ ᠡᠷᠡᠨ ᠵᠠᠭᠤᠨ᠎ᠳᠤ ᠬᠣᠪᠣᠷ ᠲᠣᠬᠢᠶᠠᠯᠳᠤᠬᠤ ᠭᠤᠷᠪᠠᠨ ᠳᠠᠪᠬᠤᠷ ᠬᠦᠨᠳᠦ ᠨᠣᠴᠢᠲᠠᠶ ᠲᠠᠭ᠋ᠠᠷᠢᠯᠲᠠ᠎ᠳᠤ ᠤᠴᠠᠷᠠᠵᠠᠶ᠄
      ᠨᠢᠭᠡ᠎ᠳᠤ ᠵᠠᠭᠤᠨ ᠵᠢᠯ᠎ᠳᠤ ᠲᠣᠬᠢᠶᠠᠯᠳᠤᠭ᠎ᠠ ᠥᠬᠡᠶ ᠰᠢᠨ᠎ᠡ ᠲᠢᠲᠢᠮᠯᠢᠭ ᠠᠭᠤᠰᠬᠢᠨ ᠦᠷᠪᠢᠰᠦᠯ᠎ᠤᠨ ᠬᠢᠵᠢᠭ ᠭᠡᠨᠡᠳᠲᠡ ᠡᠭᠦᠰᠪᠡ᠂ ᠬᠣᠶᠠᠷ᠎ᠲᠤ ᠳᠡᠯᠡᠬᠡᠶ ᠵᠢᠨ ᠠᠵᠤ ᠠᠬᠤᠶ ᠳᠡᠯᠡᠬᠡᠶ ᠵᠢᠨ ᠬᠣᠶᠠᠳᠤᠭ᠋ᠠᠷ ᠲᠡᠶ᠋ᠢᠨ ᠳᠠᠭᠤᠰᠤᠭᠰᠠᠨ᠎ᠠᠴᠠ ᠨᠠᠭ᠋ᠠᠰᠢᠳᠠ ᠬᠠᠮᠤᠭ᠎ᠤᠨ ᠬᠦᠨᠳᠦ ᠨᠣᠴᠢᠲᠠᠶ ᠪᠠᠭᠤᠷᠠᠯᠲᠠ᠎ᠳᠤ ᠤᠴᠠᠷᠠᠪᠠ᠂ ᠭᠤᠷᠪᠠ᠎ᠳᠤ ᠪᠥᠬᠥ ᠲᠠᠯ᠎ᠠ᠎ᠪᠠᠷ ᠲᠠᠰ ᠳᠡᠪᠰᠢᠬᠦ ᠵᠢ ᠵᠠᠷᠢᠮ ᠤᠯᠤᠰ ᠬᠣᠷᠢᠭᠯᠠᠵᠤ᠂ ᠭᠠᠳᠠᠭ᠋ᠠᠳᠤ ᠣᠷᠴᠢᠨ᠎ᠳᠤ ᠯᠤᠲᠤ ᠶᠡᠬᠡ ᠥᠷᠢᠰᠥᠯᠳᠦᠭᠡᠨ ᠠᠪᠴᠢᠷᠠᠪᠠ᠃
     《ᠡᠩ ᠲᠡᠷᠢᠭᠦᠨ᠎ᠳᠤ ᠬᠢᠵᠢᠭ᠎ᠤᠨ ᠪᠠᠶ᠋ᠢᠳᠠᠯ᠎ᠢ ᠬᠣᠷᠢᠭᠯᠠᠨ ᠵᠣᠭᠰᠤᠭ᠋ᠠᠵᠤ》 《ᠡᠩ ᠲᠡᠷᠢᠭᠦᠨ᠎ᠳᠤ ᠠᠵᠢᠯ ᠵᠶ᠋ᠠᠨ ᠰᠡᠷᠭᠦᠭᠡᠨ ᠦᠢ᠍ᠯᠡᠳᠪᠦᠷᠢᠯᠡᠯ ᠵᠶ᠋ᠠᠨ ᠰᠡᠷᠭᠦᠭᠡᠵᠦ》 《ᠡᠩ ᠲᠡᠷᠢᠭᠦᠨ᠎ᠳᠤ ᠠᠵᠤ ᠠᠬᠤᠢ ᠵᠢᠨ ᠨᠡᠮᠡᠭᠳᠡᠯ ᠰᠥᠭᠡᠷᠭᠦ ᠪᠠᠶ᠋ᠢᠭᠰᠠᠨ᠎ᠠᠴᠠ᠎ᠪᠠᠨ ᠡᠶᠡᠷᠭᠦ ᠪᠣᠯᠬᠤ ᠵᠢ ᠪᠡᠶᠡᠯᠡᠭᠦᠯᠵᠡᠢ》᠂ ᠲᠤᠰ ᠤᠳᠠᠭ᠋ᠠᠨ᠎ᠤ ᠬᠤᠷᠠᠯ᠎ᠨᠢ 《ᠭᠤᠷᠪᠠᠨ ᠡᠩ ᠲᠡᠷᠢᠭᠦᠨ》 ᠵᠶ᠋ᠡᠷ ᠡᠨᠡ ᠵᠢᠯ᠎ᠤᠨ ᠳᠤᠮᠳᠠᠳᠤ ᠤᠯᠤᠰ᠎ᠤᠨ ᠠᠵᠤ ᠠᠬᠤᠢ ᠨᠡᠶ᠋ᠢᠭᠡᠮ᠎ᠤᠨ ᠬᠥᠭᠵᠢᠯᠲᠡ ᠵᠢᠨ ᠢᠯᠡ ᠲᠣᠳᠣ ᠣᠨᠴᠠᠯᠢᠭ᠎ᠢ ᠲᠣᠢ᠌ᠮᠤᠴᠢᠯᠠᠨ ᠳᠤᠷᠠᠳᠪᠠ᠃



      ᠦᠵᠡᠭᠴᠢᠳ ᠪᠡᠭᠡᠵᠢᠩ᠎ᠤᠨ ᠣᠯᠢᠮᠫᠢᠺ ᠴᠡᠴᠡᠷᠯᠢᠭ᠎ᠤᠨ ᠳᠤᠮᠳᠠ ᠲᠡᠩᠭᠡᠯᠢᠭ᠎ᠤᠨ ᠦᠵᠡᠮᠵᠢ ᠵᠢᠨ ᠶᠡᠬᠡ ᠵᠠᠮ᠎ᠳᠠᠬᠢ ᠬᠤᠪᠴᠠᠰᠤᠨ᠎ᠤ ᠠᠷᠠᠯᠵᠢᠶᠠᠨ᠎ᠤ ᠴᠤᠭᠯᠠᠭ᠋ᠠᠨ᠎ᠤ ᠲᠤᠰᠬᠠᠶ ᠰᠡᠳᠦᠪᠲᠦ ᠦᠵᠡᠭᠦᠯᠦᠯᠭᠡ ᠵᠢ ᠲᠣᠭᠤᠷᠢᠨ ᠦᠵᠡᠵᠦ ᠪᠠᠢ᠌ᠭ᠎ᠠ᠎ᠨᠢ (9 ᠳ᠋ᠦ᠍ᠭᠡᠷ ᠰᠠᠷ᠎ᠠ ᠵᠢᠨ 9᠎ᠤ ᠡᠳᠦᠷ ᠰᠡᠭᠦᠳᠡᠷᠯᠡᠪᠡ)


     《ᠭᠤᠷᠪᠠᠨ ᠬᠦᠨᠳᠦ ᠨᠣᠴᠢᠲᠠᠢ ᠲᠠᠭ᠋ᠠᠷᠢᠯᠳᠠ ᠳᠣᠣᠷ᠎ᠠ 〈ᠭᠤᠷᠪᠠᠨ ᠲᠡᠷᠢᠭᠦᠨ〉᠎ᠢ ᠪᠡᠶᠡᠯᠡᠭᠦᠯᠵᠦ᠂ ᠳᠤᠮᠳᠠᠳᠤ ᠤᠯᠤᠰ ᠨᠢᠭᠡᠨ ᠤᠳᠠᠭ᠋ᠠᠨ᠎ᠤ ᠠᠮᠵᠢᠯᠲᠠᠲᠠᠢ ᠲᠠᠢ᠍ᠢ᠍ᠨ ᠬᠢᠭᠰᠡᠨ ᠪᠥᠭᠡᠳ 〈ᠭᠤᠷᠪᠠᠨ ᠶᠡᠬᠡ ᠠᠮᠵᠢᠯᠲᠠ〉 ᠵᠢ ᠣᠯᠵᠠᠢ᠄ ᠡᠯᠪᠡᠭ ᠪᠠᠶᠠᠯᠢᠭ ᠪᠣᠳᠠᠰ᠎ᠤᠨ ᠦᠷ᠎ᠡ ᠪᠦᠲᠦᠭᠡᠯ᠎ᠢ ᠣᠯᠪᠠ; ᠣᠶᠤᠨ ᠰᠠᠨᠠᠭ᠋ᠠᠨ᠎ᠤ ᠡᠳ᠋ ᠪᠠᠶᠠᠯᠢᠭ᠎ᠢ ᠣᠯᠪᠠ; ᠶᠡᠬᠡ᠎ᠪᠠᠷ ᠳᠡᠭᠡᠭᠰᠢᠯᠡᠭᠰᠡᠨ ᠳᠡᠯᠡᠬᠡᠶ ᠳᠡᠭᠡᠷᠡᠬᠢ ᠨᠥᠯᠥᠭᠡᠯᠡᠬᠦ ᠬᠦᠴᠦᠨ᠎ᠢ ᠣᠯᠪᠠ᠃ ᠪᠢᠳᠡᠨ᠎ᠤ ᠨᠢᠭᠲᠠᠷᠠᠯ᠎ᠤᠨ ᠬᠦᠴᠦᠨ᠂ ᠲᠥᠪᠯᠡᠩᠭᠦᠢ ᠬᠦᠴᠦᠨ ᠶᠡᠬᠡ᠎ᠪᠠᠷ ᠳᠡᠭᠡᠭᠰᠢᠯᠡᠪᠡ᠃》 ᠭᠡᠵᠦ ᠬᠤᠷᠠᠯ᠎ᠳᠤ ᠣᠷᠣᠯᠴᠠᠭᠰᠠᠨ ᠨᠢᠭᠡ ᠨᠥᠬᠥᠷ ᠰᠡᠳᠬᠢᠯ ᠬᠥᠳᠡᠯᠦᠨ ᠬᠡᠯᠡᠪᠡ᠃
      ᠬᠦᠨᠳᠦ ᠬᠡᠴᠡᠭᠦᠦ ᠨᠠᠷᠢᠨ ᠪᠤᠳᠤᠯᠢᠶᠠᠨᠲᠠᠶ ᠳᠡᠯᠡᠬᠡᠶ ᠵᠢᠨ ᠪᠠᠶ᠋ᠢᠳᠠᠯ᠂ ᠬᠠᠲᠠᠭᠤ ᠪᠡᠷᠬᠡᠰᠢᠶᠡᠯᠲᠡᠢ ᠨᠦᠰᠡᠷ ᠬᠦᠨᠳᠦ ᠤᠯᠤᠰ᠎ᠤᠨ ᠳᠣᠲᠣᠭ᠋ᠠᠳᠤ ᠵᠢᠨ ᠥᠭᠡᠷᠡᠴᠢᠯᠡᠯᠲᠡ ᠬᠥᠭᠵᠢᠯᠲᠡ ᠲᠣᠭᠲᠠᠭᠤᠨ᠎ᠤ ᠡᠭᠦᠷᠭᠡ ᠢᠯᠠᠩᠭᠤᠶ᠎ᠠ ᠰᠢᠨ᠎ᠡ ᠲᠢᠲᠢᠮᠯᠢᠭ ᠠᠭᠤᠰᠬᠢᠨ ᠦᠷᠪᠢᠰᠦᠯ᠎ᠤᠨ ᠬᠢᠵᠢᠭ᠎ᠤᠨ ᠪᠠᠶ᠋ᠢᠳᠠᠯ᠎ᠤᠨ ᠬᠦᠨᠳᠦ ᠨᠣᠴᠢᠲᠠᠶ ᠲᠠᠭ᠋ᠠᠷᠢᠯᠲᠠ ᠵᠢᠨ ᠡᠮᠦᠨ᠎ᠡ᠂ ᠰᠢ ᠵᠢᠨ ᠫᠢᠩ ᠨᠥᠬᠥᠷ ᠵᠶ᠋ᠠᠷ ᠭᠣᠤᠯ ᠪᠣᠯᠭ᠋ᠠᠭᠰᠠᠨ ᠨᠠᠮ᠎ᠤᠨ ᠲᠥᠪ ᠬᠣᠷᠢᠶ᠎ᠠ ᠪᠠᠶ᠋ᠢᠯᠳᠤᠬᠤ ᠪᠣᠳᠣᠯᠭ᠎ᠠ ᠵᠢᠨ ᠲᠣᠭᠲᠠᠯ ᠬᠦᠴᠦᠨ ᠵᠶ᠋ᠠᠨ ᠪᠠᠲᠤᠯᠠᠵᠤ᠂ ᠪᠠᠶ᠋ᠢᠳᠠᠯ᠎ᠢ ᠣᠨᠣᠪᠴᠢᠲᠠᠶ ᠮᠠᠭ᠋ᠠᠳᠯᠠᠨ᠂ ᠨᠠᠷᠢᠨ ᠨᠢᠮᠪᠠᠶ ᠲᠥᠯᠥᠪᠵᠢᠭᠦᠯᠦᠨ ᠪᠠᠶ᠋ᠢᠷᠢᠯᠠᠭᠤᠯᠵᠤ᠂ ᠡᠷᠡᠰ ᠰᠢᠭᠤᠷᠬᠠᠶ᠎ᠪᠠᠷ ᠠᠵᠢᠯᠯᠠᠭ᠎ᠠ ᠬᠢᠵᠦ᠂ ᠬᠠᠲᠠᠭᠤᠵᠢᠯᠲᠠᠶ ᠴᠢᠷᠮᠠᠶ᠋ᠢᠯᠭ᠎ᠠ ᠭᠠᠷᠭ᠋ᠠᠵᠤ᠂ ᠠᠷᠠᠳ ᠲᠦᠮᠡᠨ᠎ᠳᠤ ᠲᠠᠭ᠋ᠠᠰᠢᠶᠠᠭᠳᠠᠭᠰᠠᠨ᠂ ᠳᠡᠯᠡᠬᠡᠶ ᠳ᠋ᠠᠬᠢᠨ᠎ᠤ ᠠᠩᠬᠠᠷᠤᠯ᠎ᠢ ᠲᠠᠲᠠᠭᠰᠠᠨ᠂ ᠲᠡᠦᠬᠡ ᠵᠢᠨ ᠬᠠᠭᠤᠳᠠᠰᠤᠨ᠎ᠳᠤ ᠲᠡᠮᠳᠡᠭᠯᠡᠭᠳᠡᠭᠰᠡᠨ ᠬᠠᠷᠢᠭᠤᠯᠲᠠ ᠵᠢᠨ ᠬᠠᠭᠤᠳᠠᠰᠤ ᠵᠢ ᠲᠤᠰᠢᠶᠠᠪᠠ᠃
     — ᠳᠤᠮᠳᠠᠳᠤ ᠤᠯᠤᠰ ᠪᠦᠬᠦ ᠪᠥᠮᠪᠥᠷᠴᠡᠭ᠎ᠤᠨ ᠴᠤᠷ᠎ᠤᠨ ᠭᠠᠭᠴᠠ ᠠᠵᠤ ᠠᠬᠤᠢ ᠵᠢᠨ ᠡᠶᠡᠷᠭᠦ ᠨᠡᠮᠡᠭᠳᠡᠯ᠎ᠢ ᠪᠡᠶᠡᠯᠡᠭᠦᠯᠦᠭᠰᠡᠨ ᠭᠣᠣᠯ ᠠᠵᠤ ᠠᠬᠤᠢ ᠵᠢᠨ ᠴᠣᠭᠴᠠ ᠪᠣᠯᠪᠠ᠃ ᠨᠢᠭᠡᠳᠦᠭᠡᠷ ᠤᠯᠠᠷᠢᠯ᠎ᠳᠤ 6.8%᠎ᠪᠠᠷ ᠪᠠᠭ᠋ᠠᠰᠴᠤ᠂ ᠬᠣᠶᠠᠳᠤᠭ᠋ᠠᠷ ᠤᠯᠠᠷᠢᠯ᠎ᠳᠤ 3.2%᠎ᠪᠠᠷ ᠨᠡᠮᠡᠭᠳᠡᠨ᠂ ᠭᠤᠷᠪᠠᠳᠤᠭ᠋ᠠᠷ ᠤᠯᠠᠷᠢᠯ᠎ᠳᠤ 4.9%᠎ᠪᠠᠷ ᠳᠡᠭᠡᠭᠰᠢᠯᠡᠭᠡᠳ᠂ ᠳᠤᠮᠳᠠᠳᠤ ᠤᠯᠤᠰ᠎ᠤᠨ ᠠᠵᠤ ᠠᠬᠤᠢ ᠵᠢᠨ ᠡᠷᠭᠢᠯᠲᠡ ᠤᠯᠠᠷᠢᠯ ᠳᠠᠷᠠᠭ᠋ᠠᠯᠠᠨ ᠰᠠᠶ᠋ᠢᠵᠢᠷᠠᠵᠤ᠂ ᠠᠯᠬᠤᠮ ᠠᠯᠬᠤᠮ ᠵᠶ᠋ᠠᠷ ᠬᠡᠪ᠎ᠤᠨ ᠪᠠᠶ᠋ᠢᠳᠠᠯ ᠵᠶ᠋ᠠᠨ ᠰᠡᠷᠭᠦᠭᠡᠨ᠂ ᠪᠦᠬᠦ ᠵᠢᠯ᠎ᠤᠨ ᠠᠵᠤ ᠠᠬᠤᠢ ᠵᠢᠨ ᠶᠡᠷᠦᠩᠬᠡᠢ ᠬᠡᠮᠵᠢᠶ᠎ᠡ 100 ᠲᠦᠮᠡᠨ ᠳ᠋ᠦᠩᠰᠢᠭᠤᠷ ᠲᠥᠭᠥᠷᠢᠭ᠎ᠢ ᠳᠠᠪᠠᠬᠤ ᠪᠣᠯᠤᠨ᠎ᠠ᠃ ᠰᠢᠨᠵᠢᠯᠡᠬᠦ ᠤᠬᠠᠭ᠋ᠠᠨ ᠮᠡᠷᠭᠡᠵᠢᠯ᠎ᠤᠨ ᠰᠢᠨ᠎ᠡ ᠵᠢ ᠡᠭᠦᠳᠬᠦ ᠠᠵᠢᠯ ᠴᠢᠬᠤᠯᠠ ᠶᠡᠬᠡ ᠠᠬᠢᠴᠠ᠎ᠲᠠᠢ ᠪᠤᠯᠵᠤ᠂ ᠵᠠᠩᠭᠢᠯᠠᠭ᠎ᠠ ᠵᠢᠨ ᠭᠣᠣᠯᠯᠠᠬᠤ ᠮᠡᠷᠭᠡᠵᠢᠯ᠎ᠤᠨ ᠰᠢᠪᠲᠤᠯᠤᠯᠲᠠ ᠵᠢᠨ ᠠᠯᠬᠤᠴᠠ ᠲᠦᠷᠭᠡᠳᠴᠦ᠂ ᠰᠢᠨ᠎ᠡ ᠬᠥᠳᠡᠯᠭᠡᠭᠴᠢ ᠡᠨᠧᠷᠭᠢ ᠰᠢᠨ᠎ᠡ ᠡᠵᠡᠩᠨᠡᠯᠲᠡ ᠵᠢᠨ ᠬᠡᠯᠪᠡᠷᠢ ᠪᠠᠶ᠋ᠢᠳᠠᠯ ᠲᠠᠰᠤᠷᠠᠯᠲᠠ ᠦᠭᠡᠢ ᠴᠣᠯᠭᠤᠷᠠᠨ ᠢᠯᠡᠷᠡᠪᠡ᠃ ᠳᠤᠮᠳᠠᠳᠤ ᠤᠯᠤᠰ᠎ᠤᠨ ᠠᠵᠤ ᠠᠬᠤᠶ ᠠᠶᠤᠯ ᠲᠦᠭᠰᠢᠭᠦᠷᠢ᠎ᠲᠠᠢ ᠲᠡᠮᠡᠴᠡᠬᠦ ᠬᠦᠴᠦᠷᠬᠡᠭ ᠶᠡᠬᠡ ᠴᠢᠳᠠᠪᠤᠷᠢ᠂ ᠡᠷᠡᠰ ᠬᠠᠲᠠᠭᠤ ᠤᠶᠠᠨ ᠬᠠᠳᠠᠨ ᠴᠢᠨᠠᠷ᠎ᠢ ᠢᠯᠡᠷᠡᠭᠦᠯᠪᠡ᠃



      ᠵᠧᠵᠢᠶᠠᠩ ᠮᠤᠵᠢ ᠵᠢᠨ ᠴᠠᠩ ᠰᠢᠩ ᠰᠢᠶᠠᠨ᠎ᠤ ᠯᠦᠩ ᠱᠠᠨ ᠵᠡᠭᠡᠯᠢ ᠵᠢᠨ ᠵᠦ᠍ ᠱᠠᠨ ᠲᠣᠰᠬᠣᠨ᠎ᠳᠤ ᠴᠡᠪᠡᠷᠯᠡᠭᠴᠢ   ᠠᠵᠢᠯᠲᠠᠳ ᠤᠰᠤᠨ ᠵᠠᠮ᠎ᠢ ᠡᠳᠦᠷ ᠳᠣᠲᠤᠮ ᠴᠡᠪᠡᠷᠯᠡᠨ ᠪᠠᠢ᠌ᠴᠠᠭ᠋ᠠᠵᠤ ᠪᠠᠢ᠌ᠭ᠎ᠠ᠎ᠨᠢ (4 ᠳ᠋ᠦ᠍ᠭᠡᠷ ᠰᠠᠷ᠎ᠠ ᠵᠢᠨ 9  ᠎ᠤ ᠡᠳᠦᠷ ᠰᠡᠭᠦᠳᠡᠷᠯᠡᠪᠡ᠂ ᠵᠢᠯᠣᠭᠣᠴᠢ ᠥᠬᠡᠶ ᠨᠢᠰᠬᠡᠯ᠎ᠤᠨ ᠬᠡᠷᠡᠯ ᠵᠢᠷᠤᠭ)᠃


     — ᠭᠤᠷᠪᠠᠨ ᠶᠡᠬᠡ ᠰᠢᠪᠲᠤᠯᠤᠯᠲᠠ ᠵᠢᠨ ᠳᠠᠶ᠋ᠢᠯᠠᠯᠳᠤᠭ᠋ᠠᠨ ᠰᠢᠢ᠍ᠳᠪᠦᠷᠢᠲᠦ ᠴᠢᠨᠠᠷᠲᠠᠢ ᠠᠮᠵᠢᠯᠲᠠ ᠤᠯᠪᠠ᠃ ᠵᠢᠯ᠎ᠤᠨ ᠡᠬᠢᠨ᠎ᠳᠤ ᠦᠯᠡᠳᠡᠵᠦ ᠪᠠᠢ᠌ᠭᠰᠠᠨ 551 ᠲᠦᠮᠡᠨ ᠬᠥᠳᠡᠭᠡ ᠲᠣᠰᠬᠣᠨ᠎ᠤ ᠶᠠᠳᠠᠭᠤ ᠬᠦᠴᠢᠷᠳᠡᠯᠲᠡᠢ ᠬᠥᠮᠦᠨ ᠠᠮᠠ ᠪᠠ 52 ᠶᠠᠳᠠᠭᠤ ᠬᠦᠴᠢᠷᠳᠡᠯᠲᠡᠢ ᠰᠢᠶᠠᠨ᠎ᠢ ᠪᠦᠬᠦᠨ᠎ᠢ ᠶᠠᠳᠠᠭᠤ᠎ᠠᠴᠠ ᠠᠩᠭᠢᠵᠢᠷᠠᠭᠤᠯᠪᠠ᠃ ᠠᠮᠢ ᠠᠬᠤᠶ ᠵᠢᠨ ᠣᠷᠴᠢᠨ ᠲᠣᠭᠣᠷᠢᠨ᠎ᠤ ᠶᠠᠰᠤ ᠴᠢᠨᠠᠷ ᠦᠷᠭᠦᠯᠵᠢᠯᠡᠨ ᠰᠠᠶ᠋ᠢᠵᠢᠷᠠᠵᠤ᠂ ᠪᠣᠬᠢᠷᠲᠤᠯ ᠥᠬᠡᠶ ᠬᠥᠭᠵᠢᠯᠲᠡ ᠵᠢᠨ ᠬᠠᠨᠳᠤᠰᠢ ᠰᠠᠶ᠋ᠢᠨ ᠪᠠᠶ᠋ᠢᠨ᠎ᠠ᠃ ᠨᠢᠭᠡ ᠪᠦᠯᠦᠭ ᠬᠦᠨᠳᠦ ᠶᠡᠬᠡ ᠠᠶᠤᠯ ᠲᠥᠭᠰᠢᠭᠦᠷᠲᠦ ᠳᠠᠯᠳᠡ ᠭᠡᠮ᠎ᠢ ᠣᠨᠣᠪᠴᠢᠲᠠᠢ ᠵᠠᠳᠠᠯᠵᠤ᠂ ᠮᠥᠩᠭᠥᠨ ᠭᠦᠢ᠍ᠯᠭᠡᠭᠡᠨ᠎ᠤ ᠠᠶᠤᠯ ᠲᠦᠭᠰᠢᠭᠦᠷᠢ ᠵᠢ ᠰᠢᠢ᠍ᠳᠪᠦᠷᠢᠯᠡᠬᠦ ᠠᠵᠢᠯ ᠴᠢᠬᠤᠯᠠ ᠱᠠᠳᠤᠴᠢ ᠴᠢᠨᠠᠷᠲᠠᠢ ᠦᠷ᠎ᠡ ᠪᠦᠲᠦᠭᠡᠯ ᠤᠯᠪᠠ᠃
     — ᠥᠭᠡᠷᠡᠴᠢᠯᠡᠯᠲᠡ ᠨᠡᠭᠡᠭᠡᠯᠲᠡ ᠴᠢᠬᠤᠯᠠ ᠳᠠᠪᠠᠯᠲᠠ ᠵᠢ ᠪᠡᠶᠡᠯᠡᠭᠦᠯᠪᠡ᠃ ᠬᠠᠢ᠌ᠨᠠᠨ᠎ᠤ ᠴᠢᠯᠥᠭᠡᠲᠦ ᠠᠷᠠᠯᠵᠢᠶᠠᠨ᠎ᠤ ᠭᠠᠷᠠᠮ᠎ᠤᠨ ᠪᠦᠲᠦᠭᠡᠨ ᠪᠠᠢ᠌ᠭᠤᠯᠤᠯᠲᠠ ᠵᠡᠷᠭᠡ ᠴᠢᠬᠤᠯᠠ ᠶᠡᠬᠡ ᠥᠭᠡᠷᠡᠴᠢᠯᠡᠯᠲᠡ ᠨᠡᠬᠡᠭᠡᠯᠲᠡ ᠵᠢᠨ ᠠᠷᠭ᠎ᠠ ᠬᠡᠮᠵᠢᠶ᠎ᠡ ᠵᠢ ᠵᠠᠯᠭ᠋ᠠᠭ᠎ᠠ᠎ᠪᠠᠷ ᠨᠡᠢ᠌ᠲᠡᠯᠡᠵᠦ᠂ ᠭᠠᠳᠠᠭ᠋ᠠᠳᠤ ᠠᠷᠠᠯᠵᠢᠶᠠᠨ᠎ᠤ ᠭᠠᠳᠠᠭ᠋ᠠᠳᠤ ᠣᠷᠤᠭᠤᠯᠤᠯᠲᠠ ᠭᠠᠷᠭ᠋ᠠᠯᠲᠠ ᠪᠠ ᠭᠠᠳᠠᠭ᠋ᠠᠳᠤ ᠪᠡᠯᠡ ᠵᠢ ᠠᠰᠢᠭᠯᠠᠬᠤ ᠪᠠᠢ᠌ᠳᠠᠯ ᠰᠥᠷᠥᠨ ᠨᠡᠮᠡᠭᠳᠡᠵᠦ᠂ 《ᠨᠢᠭᠡ ᠪᠦᠰᠡ ᠨᠢᠭᠡ ᠵᠠᠮ》᠎ᠢ ᠬᠠᠮᠲᠤ᠎ᠪᠠᠷ ᠪᠦᠲᠦᠭᠡᠨ ᠪᠠᠢ᠌ᠭᠤᠯᠬᠤ ᠯᠠᠪᠳᠠᠭᠤᠨ ᠵᠶ᠋ᠠᠷ ᠠᠬᠢᠵᠤ᠂ ᠣᠷᠣᠨ ᠪᠦᠰᠡ ᠵᠢᠨ ᠪᠦᠬᠦ ᠲᠠᠯ᠎ᠠ ᠵᠢᠨ ᠠᠵᠤ ᠠᠬᠤᠢ ᠵᠢᠨ ᠬᠠᠨᠢᠲᠠᠨ᠎ᠤ ᠬᠠᠷᠢᠴᠠᠭ᠎ᠠ ᠵᠢᠨ ᠵᠥᠪᠳᠡᠯᠴᠡᠭᠡᠷ᠎ᠲᠤ ᠠᠮᠵᠢᠯᠲᠠ᠎ᠲᠠᠢ ᠭᠠᠷ᠎ᠤᠨ ᠦᠰᠦᠭ ᠵᠢᠷᠤᠵᠤ᠂ ᠥᠭᠡᠷᠡᠴᠢᠯᠡᠯᠲᠡ ᠨᠡᠭᠡᠭᠡᠯᠲᠡ ᠰᠢᠨ᠎ᠡ ᠡᠬᠢᠯᠡᠯᠲᠡ ᠵᠢᠨ ᠴᠡᠭ᠎ᠠᠴᠠ᠎ᠪᠠᠨ ᠠᠬᠢᠨ ᠮᠣᠷᠳᠠᠪᠠ᠃



      ᠡᠨᠡ ᠪᠣᠯ ᠬᠠᠢ᠌ᠺᠧᠦ ᠬᠣᠲᠠ ᠵᠢᠨ ᠵᠢᠶᠠᠩᠳᠥ᠋ᠩ ᠰᠢᠨ᠎ᠡ ᠲᠣᠭᠣᠷᠢᠭ᠎ᠤᠨ ᠹᠦ᠋ ᠷᠥᠩ ᠾᠧ ᠭᠣᠣᠯ᠎ᠤᠨ ᠶᠡᠷᠦᠩᠬᠡᠶ᠋ᠢᠯᠡᠨ ᠵᠠᠰᠠᠬᠤ ᠢᠨᠵᠧᠨᠧᠷᠢᠩ (11 ᠳ᠋ᠦ᠍ᠭᠡᠷ ᠰᠠᠷ᠎ᠠ ᠵᠢᠨ 6᠎ᠤ ᠡᠳᠦᠷ ᠰᠡᠭᠦᠳᠡᠷᠯᠡᠪᠡ᠂ ᠵᠢᠯᠣᠭᠣᠴᠢ ᠦᠭᠡᠢ ᠨᠢᠰᠬᠡᠯ᠎ᠤᠨ ᠵᠢᠷᠤᠭ)


     — ᠠᠷᠠᠳ᠎ᠤᠨ ᠠᠮᠢᠳᠤᠷᠠᠯ ᠬᠦᠴᠦᠲᠡᠶ ᠪᠠᠲᠤᠯᠠᠭ᠎ᠠ᠎ᠲᠠᠢ ᠪᠣᠯᠪᠠ᠃ ᠬᠤᠳᠠ ᠪᠠᠯᠭ᠋ᠠᠰᠤᠨ᠎ᠤ ᠰᠢᠨ᠎ᠡ᠎ᠪᠠᠷ ᠨᠡᠮᠡᠭᠳᠡᠭᠰᠡᠨ ᠠᠵᠢᠯ ᠣᠯᠭᠣᠯᠲᠠ 1100 ᠲᠦᠮᠡᠨ ᠬᠥᠮᠥᠨ᠎ᠢ ᠳᠠᠪᠠᠵᠤ᠂ ᠰᠠᠭᠤᠭ᠋ᠠᠯᠢ ᠠᠷᠠᠳ᠎ᠤᠨ ᠣᠷᠣᠯᠭ᠎ᠠ ᠵᠢᠨ ᠨᠡᠮᠡᠭᠳᠡᠯ ᠪᠠ ᠠᠵᠤ ᠠᠬᠤᠢ ᠵᠢᠨ ᠨᠡᠮᠡᠭᠳᠡᠯ ᠦᠨᠳᠦᠰᠦᠨ᠎ᠳᠤ᠎ᠪᠠᠨ ᠠᠳᠠᠯᠢ ᠠᠯᠬᠤᠮ᠎ᠲᠠᠢ ᠪᠣᠯᠪᠠ᠃ ᠰᠣᠶᠣᠯ ᠵᠢᠭᠤᠯᠴᠢᠯᠠᠯ᠂ ᠨᠡᠢ᠌ᠭᠡᠮ᠎ᠤᠨ ᠪᠠᠲᠤᠯᠠᠭ᠎ᠠ᠂ ᠣᠯᠠᠨ ᠨᠡᠢ᠌ᠲᠡ ᠵᠢᠨ ᠡᠷᠡᠭᠦᠯ ᠬᠠᠮᠠᠭ᠋ᠠᠯᠠᠯ᠂ ᠪᠠᠴᠢᠮ ᠪᠠᠢ᠌ᠳᠠᠯ᠎ᠢ ᠠᠷᠭ᠋ᠠᠴᠠᠭ᠋ᠠᠬᠤ ᠬᠠᠮᠢᠶᠠᠷᠤᠯᠲᠠ᠂ ᠨᠡᠢ᠌ᠭᠡᠮ᠎ᠤᠨ ᠵᠠᠰᠠᠯᠲᠠ᠂ ᠪᠠᠲᠤᠯᠠᠭ᠎ᠠ ᠵᠢᠨ ᠴᠢᠨᠠᠷᠲᠠᠢ ᠣᠷᠣᠨ ᠰᠠᠭᠤᠴᠠ ᠵᠡᠷᠭᠡ ᠠᠵᠢᠯ ᠦᠢ᠍ᠯᠡᠰ ᠰᠢᠨ᠎ᠡ ᠠᠬᠢᠴᠠ᠎ᠲᠠᠢ ᠪᠣᠯᠵᠤ᠂ ᠨᠡᠢ᠌ᠭᠡᠮ᠎ᠤᠨ ᠬᠥᠭᠵᠢᠯᠲᠡ ᠵᠢᠨ ᠬᠦᠷᠢᠶᠡᠨ᠎ᠳᠠᠬᠢ ᠳᠤᠲᠠᠭᠤᠳᠠᠯ᠎ᠢ ᠨᠥᠬᠥᠪᠥᠷᠢᠯᠡᠬᠦ ᠠᠵᠢᠯ ᠲᠦᠷᠭᠡᠪᠴᠢᠯᠡᠨ ᠠᠬᠢᠪᠠ᠃ ᠵᠠᠬ᠎ᠠ ᠳᠡᠯᠭᠡᠭᠦᠷ᠎ᠤᠨ ᠬᠠᠩᠭ᠋ᠠᠯᠭ᠎ᠠ ᠡᠯᠪᠡᠭ ᠳᠡᠯᠪᠡᠭ᠂ ᠦᠨ᠎ᠡ ᠬᠠᠩᠰᠢ ᠦᠨᠳᠦᠰᠦᠨ᠎ᠳᠤ᠎ᠪᠠᠨ ᠲᠣᠭᠲᠠᠪᠤᠷᠢᠲᠠᠢ ᠪᠣᠯᠪᠠ᠃



     11 ᠳ᠋ᠦ᠍ᠭᠡᠷ ᠰᠠᠷ᠎ᠠ ᠵᠢᠨ 11᠎ᠤ ᠡᠳᠦᠷ᠂ ᠱᠧᠨᠵᠧᠨ᠎ᠳᠤ ᠶᠠᠪᠤᠭᠳᠠᠭᠰᠠᠨ ᠬᠣᠷᠢᠨ ᠬᠣᠶᠠᠳᠤᠭ᠋ᠠᠷ ᠬᠤᠭᠤᠴᠠᠭ᠋ᠠᠨ᠎ᠤ ᠳᠤᠮᠳᠠᠳᠤ ᠤᠯᠤᠰ᠎ᠤᠨ ᠣᠯᠠᠨ ᠤᠯᠤᠰ᠎ᠤᠨ ᠳᠡᠭᠡᠳᠦ ᠰᠢᠨ᠎ᠡ ᠮᠡᠷᠭᠡᠵᠢᠯ᠎ᠤᠨ ᠦᠷ᠎ᠡ ᠪᠦᠲᠦᠭᠡᠯ᠎ᠤᠨ ᠠᠷᠠᠯᠵᠢᠶ᠎ᠠ ᠰᠣᠯᠢᠯᠴᠠᠭ᠋ᠠᠨ᠎ᠤ ᠴᠤᠭᠯᠠᠭ᠋ᠠᠨ ᠳᠡᠭᠡᠷ᠎ᠡ᠂ ᠲᠣᠭᠣᠷᠢᠨ ᠦᠵᠡᠭᠴᠢᠳ ᠵᠥᠩ ᠭᠤᠸᠠᠩ ᠴᠥᠮ᠎ᠡ ᠵᠢᠨ ᠦᠵᠡᠭᠦᠯᠦᠯᠭᠡ ᠵᠢᠨ ᠲᠠᠪᠴᠠᠩ᠎ᠠᠴᠠ 《ᠬᠤᠸᠠ ᠯᠦᠩ ᠨᠢᠭᠡᠳᠦᠭᠡᠷ》 ᠴᠥᠮ᠎ᠡ ᠵᠢᠨ ᠴᠠᠬᠢᠯᠭ᠋ᠠᠨ᠎ᠤ ᠮᠡᠷᠭᠡᠵᠢᠯ᠎ᠢ ᠣᠢ᠌ᠯᠠᠭ᠋ᠠᠵᠤ ᠪᠠᠢ᠌ᠭ᠎ᠠ᠎ᠨᠢ᠃   ᠰᠢᠨᠬᠤᠸᠠ ᠬᠣᠷᠢᠶᠠᠨ᠎ᠤ ᠰᠤᠷᠪᠤᠯᠵᠢᠯᠠᠭᠴᠢ ᠮᠤᠤ ᠰᠧ ᠴᠢᠶᠠᠨ ᠰᠡᠭᠦᠳᠡᠷᠯᠡᠪᠡ᠃


     2020 ᠣᠨ ᠪᠣᠯ ᠪᠠᠰᠠ ᠴᠤ᠌ 《ᠠᠷᠪᠠᠨ ᠭᠤᠷᠪᠠᠳᠤᠭ᠋ᠠᠷ ᠲᠠᠪᠤᠨ ᠵᠢᠯ᠎ᠤᠨ ᠲᠥᠯᠥᠪᠵᠢᠭᠦᠯᠭᠡ》 ᠵᠢᠨ ᠰᠡᠭᠦᠯ ᠬᠤᠷᠢᠶᠠᠬᠤ ᠵᠢᠯ ᠮᠥᠨ᠃ 5 ᠵᠢᠯ᠎ᠤᠨ ᠲᠤᠷᠰᠢ ᠬᠠᠯᠠᠰᠢᠷᠠᠯ ᠦᠭᠡᠢ ᠲᠡᠮᠡᠴᠡᠬᠦ᠎ᠪᠠᠷ ᠳᠠᠮᠵᠢᠭ᠋ᠠᠳ᠂ ᠮᠠᠨ᠎ᠤ ᠤᠯᠤᠰ᠎ᠤᠨ ᠠᠵᠤ ᠠᠬᠤᠢ ᠨᠡᠢ᠌ᠭᠡᠮ᠎ᠤᠨ ᠬᠥᠭᠵᠢᠯᠲᠡ ᠲᠡᠦᠬᠡᠲᠦ ᠴᠢᠨᠠᠷᠲᠠᠢ ᠰᠢᠨ᠎ᠡ ᠠᠮᠵᠢᠯᠲᠠ ᠣᠯᠵᠤ᠂ ᠠᠵᠤ ᠠᠬᠤᠢ ᠵᠢᠨ ᠪᠣᠳᠠᠲᠤ ᠬᠦᠴᠦᠨ᠂ ᠰᠢᠨᠵᠢᠯᠡᠬᠦ ᠤᠬᠠᠭ᠋ᠠᠨ ᠲᠧᠭᠨᠢᠭ ᠮᠡᠷᠭᠡᠵᠢᠯ᠎ᠤᠨ ᠪᠣᠳᠠᠲᠤ ᠬᠦᠴᠦᠨ᠂ ᠤᠯᠤᠰ᠎ᠤᠨ ᠶᠡᠷᠦᠩᠬᠡᠢ ᠬᠦᠴᠦᠨ ᠪᠠ ᠠᠷᠠᠳ᠎ᠤᠨ ᠠᠮᠢᠳᠤᠷᠠᠯ᠎ᠤᠨ ᠬᠢᠷᠢ ᠲᠦᠪᠰᠢᠨ ᠳᠠᠬᠢᠨᠲᠠ ᠰᠢᠨ᠎ᠡ ᠳᠡᠭᠲᠡᠷ᠎ᠲᠤ ᠭᠠᠷᠴᠤ᠂ ᠴᠢᠨᠡᠭᠡᠯᠢᠭ ᠨᠡᠢ᠌ᠭᠡᠮ᠎ᠢ ᠪᠦᠬᠦ ᠲᠠᠯ᠎ᠠ᠎ᠪᠠᠷ ᠪᠡᠶᠡᠯᠡᠭᠦᠯᠬᠦ ᠢᠯᠠᠯᠲᠠ ᠵᠢ ᠤᠳᠠᠯ ᠦᠭᠡᠢ ᠣᠯᠵᠤ᠂ ᠳᠤᠮᠳᠠᠳᠤ ᠵᠢᠨ ᠦᠨᠳᠦᠰᠦᠲᠡᠨ᠎ᠤ ᠠᠭᠤᠤ ᠶᠡᠬᠡ ᠰᠡᠷᠭᠦᠨ ᠮᠠᠨᠳᠤᠯᠲᠠ ᠰᠢᠨ᠎ᠡ ᠨᠢᠭᠡᠨ ᠲᠣᠮᠣ ᠠᠯᠬᠤᠮ᠎ᠢ ᠠᠯᠬᠤᠪᠠ᠃
     《ᠮᠠᠨ᠎ᠤ ᠤᠯᠤᠰ ᠳᠡᠯᠡᠬᠡᠶ ᠵᠢᠨ ᠠᠵᠤ ᠠᠬᠤᠶ ᠵᠢᠨ ᠪᠠᠭᠤᠷᠠᠯᠲᠠ ᠵᠢᠨ ᠳᠤᠮᠳᠠ ᠰᠠᠯᠬᠢ ᠳᠠᠪᠠᠯᠭ᠋ᠠᠨ᠎ᠢ ᠰᠥᠷᠥᠨ ᠤᠷᠤᠭᠰᠢᠯᠠᠪᠠ᠂ ᠡᠭᠦᠨ ᠵᠶ᠋ᠠᠨ ᠳᠤᠮᠳᠠᠳᠤ ᠵᠢᠨ ᠦᠨᠳᠦᠰᠦᠲᠡᠨ᠎ᠤ ᠬᠥᠭᠵᠢᠯᠲᠡ ᠵᠢᠨ ᠲᠡᠦᠬᠡᠨ ᠳᠡᠭᠡᠷ᠎ᠡ ᠣᠮᠣᠭ ᠪᠠᠬᠠᠳᠤᠯ᠎ᠲᠠᠢ᠎ᠪᠠᠷ ᠪᠢᠴᠢᠵᠦ ᠪᠣᠯᠤᠨ᠎ᠠ》᠂ 《ᠬᠢᠵᠢᠭ᠎ᠤᠨ ᠪᠠᠢ᠌ᠳᠠᠯ᠎ᠢ ᠰᠡᠷᠭᠡᠢ᠌ᠯᠡᠨ ᠡᠵᠡᠮᠳᠡᠬᠦ ᠰᠢᠯᠭ᠋ᠠᠯᠲᠠ ᠵᠢᠨ ᠬᠠᠭᠤᠳᠠᠰᠤ ᠵᠢ ᠴᠢᠨᠠᠷ ᠰᠠᠢ᠌ᠲᠠᠶ ᠬᠠᠷᠢᠭᠤᠯᠵᠤ᠂ ᠠᠷᠭ᠎ᠠ ᠪᠦᠬᠦᠨ᠎ᠢ ᠰᠦᠪᠡᠭᠴᠢᠯᠡᠨ ᠠᠵᠤ ᠠᠬᠤᠶ ᠵᠢᠨ ᠦᠨᠳᠦᠰᠦᠨ ᠰᠠᠭᠤᠷᠢ ᠵᠢ ᠲᠣᠭᠲᠠᠪᠤᠷᠢᠵᠢᠭᠤᠯᠵᠤ᠂ 〈ᠳᠤᠮᠳᠠᠳᠤ ᠤᠯᠤᠰ᠎ᠤᠨ ᠵᠠᠰᠠᠯᠲᠠ〉 ᠵᠢᠨ ᠢᠯᠡᠳᠲᠡ ᠳᠠᠪᠠᠭᠤᠯᠢᠭ᠎ᠢ ᠪᠥᠬᠥ ᠲᠠᠯ᠎ᠠ᠎ᠪᠠᠷ ᠢᠯᠡᠷᠡᠭᠦᠯᠪᠡ》 ᠁ ᠳᠤᠭᠤᠢ᠌ᠯᠠᠩ ᠬᠤᠪᠢᠶᠠᠨ ᠶᠠᠷᠢᠯᠴᠠᠬᠤ ᠦᠶ᠎ᠡ᠎ᠳᠤ᠂ ᠡᠨᠡ ᠵᠢᠯ᠎ᠤᠨ ᠪᠡᠷᠬᠡ ᠬᠠᠲᠠᠭᠤᠵᠢᠯᠲᠠᠶ ᠪᠠᠢ᠌ᠳᠠᠯ ᠪᠠ ᠣᠯᠤᠭᠰᠠᠨ ᠶᠡᠷᠦ ᠪᠤᠰᠤ ᠵᠢᠨ ᠠᠮᠵᠢᠯᠲᠠ ᠪᠦᠲᠦᠮᠵᠢ ᠵᠢᠨ ᠲᠤᠬᠠᠶ ᠬᠤᠷᠠᠯ᠎ᠳᠤ ᠣᠷᠣᠯᠴᠠᠭᠰᠠᠨ ᠨᠥᠬᠥᠳ ᠬᠥᠷ ᠬᠥᠭᠵᠢᠶᠡᠨ᠎ᠲᠠᠢ ᠶᠠᠷᠢᠯᠴᠠᠵᠤ᠂ ᠭᠦᠨ ᠲᠥᠷᠥᠭᠳᠡᠯ᠎ᠲᠠᠢ ᠪᠠᠢ᠌ᠯ᠎ᠠ᠃
      ᠬᠦᠴᠢᠷ ᠪᠡᠷᠬᠡᠰᠢᠶᠡᠯ ᠬᠠᠷᠰᠢ ᠰᠠᠭ᠋ᠠᠳ᠎ᠢ ᠢᠯᠠᠨ ᠳᠠᠪᠠᠵᠤ᠂ ᠠᠮᠵᠢᠯᠲᠠ ᠪᠦᠲᠦᠮᠵᠢ ᠬᠢᠯᠪᠠᠷ ᠪᠤᠰᠤ᠎ᠪᠠᠷ ᠢᠷᠡᠭᠰᠡᠨ ᠶᠤᠮ᠂ ᠡᠨᠡ ᠪᠣᠯ ᠰᠢ ᠵᠢᠨ ᠫᠢᠩ ᠨᠥᠬᠥᠷ ᠵᠶ᠋ᠡᠷ ᠭᠣᠣᠯ ᠪᠣᠯᠭ᠋ᠠᠭᠰᠠᠨ ᠨᠠᠮ᠎ᠤᠨ ᠲᠥᠪ ᠬᠣᠷᠢᠶᠠᠨ᠎ᠤ ᠪᠠᠲᠤ ᠴᠢᠩᠭ᠎ᠠ ᠤᠳᠤᠷᠢᠳᠤᠯᠭ᠎ᠠ ᠵᠢᠨ ᠦᠷ᠎ᠡ ᠳ᠋ᠦᠩ ᠮᠥᠨ᠂ ᠪᠦᠬᠦ ᠨᠠᠮ ᠪᠦᠬᠦ ᠤᠯᠤᠰ᠎ᠤᠨ ᠦᠨᠳᠦᠰᠦᠲᠡᠨ᠎ᠨᠦᠭᠦᠳ᠎ᠤᠨ ᠠᠷᠠᠳ ᠲᠦᠮᠡᠨ᠎ᠤ ᠪᠦᠯᠬᠦᠮᠳᠡᠨ ᠲᠡᠮᠡᠴᠡᠭᠰᠡᠨ᠎ᠤ ᠦᠷ᠎ᠡ ᠳ᠋ᠦᠩ ᠮᠥᠨ᠃
      ᠪᠦᠬᠦ ᠪᠥᠮᠪᠥᠷᠴᠡᠭ᠎ᠢ ᠠᠵᠢᠭᠯᠠᠪᠠᠯ᠂ 《ᠳᠤᠮᠳᠠᠳᠤ ᠤᠯᠤᠰ᠎ᠤᠨ ᠵᠠᠰᠠᠯᠲᠠ》 ᠪᠣᠯᠤᠨ 《ᠥᠷᠥᠨᠡᠳᠠᠬᠢᠨ᠎ᠤ ᠰᠠᠮᠠᠭᠤᠷᠠᠯ》 ᠎ᠤᠨ ᠬᠠᠷᠢᠴᠠᠭᠤᠯᠤᠯ ᠨᠡᠩ ᠢᠯᠡ ᠲᠣᠳᠣ ᠪᠤᠯᠵᠤ᠂ ᠠᠷᠠᠳ ᠤᠯᠠᠨ ᠳᠣᠲᠣᠭ᠋ᠠᠳᠤ ᠰᠡᠳᠬᠢᠯ᠎ᠠᠴᠠ᠎ᠪᠠᠨ ᠨᠠᠮ᠎ᠤᠨ ᠤᠳᠤᠷᠢᠳᠤᠯᠭ᠎ᠠ ᠵᠢ ᠬᠦᠷᠢᠶᠡᠯᠡᠵᠦ᠂ ᠨᠡᠢ᠌ᠭᠡᠮ ᠵᠢᠷᠤᠮᠲᠤ ᠪᠠᠢ᠌ᠭᠤᠯᠤᠯ᠎ᠤᠨ ᠳᠠᠪᠠᠭᠤᠯᠢᠭ ᠴᠢᠨᠠᠷ᠎ᠢ ᠨᠡᠩ ᠭᠦᠨᠵᠡᠭᠡᠢ ᠣᠢ᠌ᠯᠠᠭ᠋ᠠᠵᠤ᠂ ᠠᠭᠤᠤ ᠶᠡᠬᠡ ᠡᠬᠡ ᠤᠯᠤᠰ᠎ᠤᠨ ᠵᠶ᠋ᠠᠨ ᠲᠥᠯᠥᠭᠡ ᠨᠡᠩ ᠴᠢᠩ ᠰᠡᠳᠬᠢᠯ᠎ᠠᠴᠠ᠎ᠪᠠᠨ ᠣᠮᠣᠭᠰᠢᠵᠤ ᠪᠠᠢ᠌ᠨ᠎ᠠ᠃



      ᠡᠨᠡ ᠪᠣᠯ 9 ᠳ᠋ᠦ᠍ᠭᠡᠷ ᠰᠠᠷ᠎ᠠ ᠵᠢᠨ 23᠎ᠤ ᠡᠳᠦᠷ ᠰᠡᠭᠦᠳᠡᠷᠯᠡᠭᠰᠡᠨ ᠬᠠᠢ᠌ᠨᠠᠨ᠎ᠤ ᠶᠠᠩ ᠫᠦ᠋ ᠵᠢᠨ ᠰᠢᠶᠣᠣ ᠴᠠᠨ ᠲᠠᠨ ᠭᠠᠷᠠᠮ ᠪᠣᠯᠤᠨ᠎ᠠ᠃   ᠰᠢᠨᠬᠤᠸᠠ ᠬᠣᠷᠢᠶᠠᠨ᠎ᠤ ᠰᠤᠷᠪᠤᠯᠵᠢᠯᠠᠭᠴᠢ ᠫᠦ᠋ ᠰᠢᠶᠤᠤ ᠰᠢᠤᠢ ᠰᠡᠭᠦᠳᠡᠷᠯᠡᠪᠡ᠃


      ᠡᠷᠬᠢᠮ ᠨᠠᠨᠳᠢᠨ ᠰᠡᠩᠬᠡᠷᠡᠭᠦᠯᠦᠯ — ᠴᠢᠬᠤᠯᠠ ᠶᠡᠬᠡ ᠵᠠᠩᠭᠢᠯᠠᠭ᠎ᠠ ᠵᠢᠨ ᠦᠶ᠎ᠡ ᠵᠢᠨ ᠴᠢᠬᠤᠯᠠ ᠶᠡᠬᠡ ᠰᠢᠯᠭ᠋ᠠᠯᠲᠠ᠂ ᠬᠠᠲᠠᠭᠤ ᠴᠢᠩᠭ᠎ᠠ ᠥᠷᠢᠰᠥᠯᠳᠦᠭᠡᠨ᠎ᠤ ᠳᠣᠣᠷ᠎ᠠ ᠠᠵᠤ ᠠᠬᠤᠢ ᠵᠢᠨ ᠠᠵᠢᠯ᠎ᠢ ᠰᠠᠢ᠌ᠲᠤᠷ ᠬᠢᠬᠦ ᠵᠢᠮ᠎ᠡ ᠶᠣᠰᠣᠴᠢ ᠴᠢᠨᠠᠷ᠎ᠤᠨ ᠲᠤᠬᠠᠢ ᠲᠠᠨᠢᠯᠲᠠ᠎ᠪᠠᠨ ᠭᠦᠨᠵᠡᠭᠡᠢ᠌ᠷᠡᠭᠦᠯᠬᠦ᠎ᠳᠤ᠂ 《ᠲᠠᠪᠤᠨ ᠦᠨᠳᠦᠰᠦᠨ》᠎ᠤ ᠠᠭᠤᠯᠤᠭᠳᠠᠬᠤᠨ ᠭᠦᠨᠵᠡᠭᠡᠢ᠂ ᠰᠡᠩᠬᠡᠷᠡᠭᠦᠯᠦᠯ ᠭᠦᠨ ᠪᠠᠢ᠌ᠨ᠎ᠠ
      ᠬᠤᠷᠠᠯ᠎ᠠᠴᠠ ᠴᠢᠬᠤᠯᠠᠴᠢᠯᠠᠨ ᠵᠢᠭ᠋ᠠᠵᠤ ᠭᠠᠷᠭ᠋ᠠᠭᠰᠠᠨ᠎ᠨᠢ᠂ ᠤᠯᠤᠰ᠎ᠤᠨ ᠳᠣᠲᠣᠭ᠋ᠠᠳᠤ ᠭᠠᠳᠠᠭ᠋ᠠᠳᠤ ᠵᠢᠨ ᠬᠣᠶᠠᠷ ᠶᠡᠬᠡ ᠲᠠᠯ᠎ᠠ ᠵᠢ ᠨᠢᠭᠡᠳᠦᠯᠲᠡᠢ ᠲᠥᠯᠥᠪᠵᠢᠭᠦᠯᠬᠦ᠂ ᠬᠢᠵᠢᠭ᠎ᠤᠨ ᠪᠠᠢ᠌ᠳᠠᠯ᠎ᠢ ᠰᠡᠷᠭᠡᠢ᠌ᠯᠡᠨ ᠡᠵᠡᠮᠳᠡᠬᠦ ᠪᠠ ᠠᠵᠤ ᠠᠬᠤᠢ ᠨᠡᠢ᠌ᠭᠡᠮ᠎ᠤᠨ ᠬᠥᠭᠵᠢᠯᠲᠡ ᠵᠢ ᠨᠢᠭᠡᠳᠦᠯᠲᠡᠢ ᠲᠥᠯᠥᠪᠵᠢᠭᠦᠯᠬᠦ ᠦᠢ᠍ᠯᠡᠳᠦᠯᠭᠡ ᠳᠤᠮᠳᠠ᠂ ᠪᠢᠳᠡ ᠬᠠᠲᠠᠭᠤ ᠴᠢᠩᠭ᠎ᠠ ᠥᠷᠢᠰᠥᠯᠳᠦᠭᠡᠨ᠎ᠤ ᠳᠣᠣᠷ᠎ᠠ ᠠᠵᠤ ᠠᠬᠤᠢ ᠵᠢᠨ ᠠᠵᠢᠯ᠎ᠢ ᠰᠠᠢ᠌ᠲᠤᠷ ᠬᠢᠬᠦ ᠵᠢᠮ᠎ᠡ ᠶᠣᠰᠣᠴᠢ ᠴᠢᠨᠠᠷᠲᠠᠢ ᠲᠠᠨᠢᠯᠲᠠ᠎ᠪᠠᠨ ᠭᠦᠨᠵᠡᠭᠡᠢ᠌ᠷᠡᠭᠦᠯᠪᠡ᠃
     《ᠨᠠᠮ᠎ᠤᠨ ᠲᠥᠪ ᠬᠣᠷᠢᠶᠠᠨ᠎ᠤ ᠡᠷᠬᠡ ᠰᠦᠷ ᠪᠣᠯ ᠠᠶᠤᠯ ᠲᠦᠭᠰᠢᠭᠦᠷᠢᠲᠡᠢ ᠴᠠᠭ ᠮᠥᠴᠡ᠎ᠳᠤ ᠪᠦᠬᠦ ᠨᠠᠮ ᠪᠦᠬᠦ ᠤᠯᠤᠰ᠎ᠤᠨ ᠦᠨᠳᠦᠰᠦᠲᠡᠨ᠎ᠨᠦᠭᠦᠳ᠎ᠤᠨ ᠠᠷᠠᠳ ᠲᠦᠮᠡᠨ᠎ᠤ ᠬᠦᠴᠢᠷ᠎ᠢ ᠰᠦᠷᠦᠨ ᠤᠷᠤᠭᠰᠢᠯᠠᠬᠤ ᠦᠨᠳᠦᠰᠦᠨ ᠲᠦᠰᠢᠭ ᠲᠤᠯᠭ᠋ᠠᠭᠤᠷᠢ ᠮᠥᠨ》᠃
     《ᠠᠷᠠᠳ ᠲᠦᠮᠡᠨ᠎ᠢ ᠳᠡᠭᠡᠳᠦᠯᠡᠬᠦ ᠪᠣᠯ ᠵᠥᠪ ᠰᠣᠩᠭᠣᠯᠲᠠ ᠬᠢᠬᠦ ᠵᠢᠨ ᠦᠨᠳᠦᠰᠦᠨ ᠤᠷᠢᠲᠠᠯ ᠮᠥᠨ》᠃
     《ᠪᠠᠢ᠌ᠭᠤᠯᠤᠯ᠎ᠤᠨ ᠳᠠᠪᠠᠭᠤᠯᠢᠭ ᠪᠣᠯ ᠴᠠᠭ᠎ᠤᠨ ᠪᠡᠷᠬᠡ ᠵᠢ ᠬᠠᠮᠲᠤ᠎ᠪᠠᠷ ᠲᠤᠭᠤᠯᠬᠤ ᠠᠤᠭ᠎ᠠ ᠶᠡᠬᠡ ᠬᠦᠴᠦᠨ᠎ᠢ ᠪᠦᠷᠢᠯᠳᠦᠭᠦᠯᠬᠦ ᠦᠨᠳᠦᠰᠦᠨ ᠪᠠᠲᠤᠯᠠᠭ᠎ᠠ ᠮᠥᠨ》᠃
     《ᠰᠢᠨᠵᠢᠯᠡᠬᠦ ᠤᠬᠠᠭ᠋ᠠᠨᠴᠢ ᠰᠢᠢᠳᠪᠦᠷᠢᠲᠦ ᠪᠣᠳᠣᠯᠭ᠎ᠠ ᠲᠣᠭᠲᠠᠭ᠋ᠠᠬᠤ ᠪᠠ ᠪᠦᠲᠦᠭᠡᠯᠴᠢ᠎ᠪᠠᠷ ᠠᠷᠭ᠋ᠠᠴᠠᠭ᠋ᠠᠬᠤ ᠪᠣᠯ ᠠᠶᠤᠯ ᠲᠦᠭᠰᠢᠭᠦᠷᠢ ᠵᠢ ᠠᠵᠠ ᠲᠣᠬᠢᠶᠠᠯ ᠪᠤᠯᠭ᠋ᠠᠨ ᠬᠤᠪᠢᠷᠠᠭᠤᠯᠬᠤ ᠵᠢᠨ ᠦᠨᠳᠦᠰᠦᠨ ᠠᠷᠭ᠎ᠠ ᠮᠥᠨ》᠃
     《ᠰᠢᠨᠵᠢᠯᠡᠬᠦ ᠤᠬᠠᠭ᠋ᠠᠨ ᠲᠧᠭᠨᠢᠭ ᠮᠡᠷᠭᠡᠵᠢᠯ᠎ᠤᠨ ᠲᠠᠯ᠎ᠠ᠎ᠪᠠᠷ ᠪᠡᠶ᠎ᠡ᠎ᠪᠠᠨ ᠳᠠᠭ᠋ᠠᠭ᠋ᠠᠵᠤ ᠬᠦᠴᠦᠷᠬᠡᠭᠵᠢᠬᠦ ᠪᠣᠯ ᠬᠥᠭᠵᠢᠯᠲᠡ ᠵᠢᠨ ᠶᠡᠬᠡ ᠲᠠᠯ᠎ᠠ ᠵᠢ ᠠᠬᠢᠭᠤᠯᠬᠤ ᠵᠢᠨ ᠦᠨᠳᠦᠰᠦᠨ ᠲᠤᠯᠭ᠋ᠠᠭᠤᠷᠢᠯᠠᠯ ᠮᠥᠨ》᠃
      ᠬᠤᠷᠠᠯ᠎ᠠᠴᠠ ᠳᠤᠷᠠᠳᠤᠭᠰᠠᠨ ᠡᠨᠡ ᠬᠦ᠌ 《ᠲᠠᠪᠤᠨ ᠦᠨᠳᠦᠰᠦᠨ》 ᠲᠤᠷᠰᠢᠯᠭ᠎ᠠ᠎ᠨᠢ ᠥᠩᠭᠡᠷᠡᠭᠰᠡᠨ ᠵᠶ᠋ᠠᠨ ᠳ᠋ᠦᠩᠨᠡᠵᠦ᠂ ᠢᠷᠡᠭᠡᠳᠦᠢ᠎ᠳᠤ ᠰᠡᠩᠬᠡᠷᠡᠭᠦᠯᠦᠯ ᠪᠣᠯᠪᠠ᠃
     《ᠡᠨᠡ 〈ᠲᠠᠪᠤᠨ ᠦᠨᠳᠦᠰᠦᠨ〉 ᠪᠣᠯ ᠵᠢᠮ᠎ᠡ ᠶᠣᠰᠣ ᠮᠥᠨ᠂ ᠪᠠᠰᠠ ᠴᠤ᠌ ᠲᠤᠷᠰᠢᠯᠭ᠎ᠠ ᠮᠥᠨ᠂ ᠪᠢᠳᠡᠨ᠎ᠤ ᠠᠵᠤ ᠠᠬᠤᠶ ᠨᠡᠢ᠌ᠭᠡᠮ᠎ᠤᠨ ᠬᠥᠭᠵᠢᠯᠲᠡ ᠵᠢ ᠨᠢᠭᠡᠳᠦᠯᠲᠡᠶ ᠲᠥᠯᠥᠪᠯᠡᠨ᠂ ᠢᠯᠠᠯᠲᠠ᠎ᠠᠴᠠ ᠢᠯᠠᠯᠲᠠ᠎ᠳᠤ ᠬᠥᠷᠬᠥ ᠵᠢᠨ ᠦᠨᠳᠦᠰᠦᠨ ᠵᠢᠷᠤᠮᠯᠠᠯ ᠮᠥᠨ》᠂ ᠬᠤᠷᠠᠯ᠎ᠳᠤ ᠣᠷᠣᠯᠴᠠᠭᠰᠠᠨ ᠨᠥᠬᠥᠳ ᠶᠠᠷᠢᠯᠴᠠᠯᠭ᠎ᠠ᠎ᠳᠤ᠎ᠪᠠᠨ ᠨᠡᠢ᠌ᠳᠡᠮ ᠦᠵᠡᠭᠰᠡᠨ᠎ᠨᠢ᠂ ᠡᠨᠡ ᠪᠣᠯ ᠰᠢ ᠵᠢᠨ ᠫᠢᠩ᠎ᠤᠨ ᠰᠢᠨ᠎ᠡ ᠴᠠᠭ ᠦᠶ᠎ᠡ ᠵᠢᠨ ᠳᠤᠮᠳᠠᠳᠤ ᠤᠯᠤᠰ᠎ᠤᠨ ᠣᠨᠴᠠᠯᠢᠭ᠎ᠲᠠᠢ ᠨᠡᠢ᠌ᠭᠡᠮ ᠵᠢᠷᠤᠮ᠎ᠤᠨ ᠠᠵᠤ ᠠᠬᠤᠢ ᠵᠢᠨ ᠦᠵᠡᠯ ᠰᠠᠨᠠᠭ᠋ᠠᠨ᠎ᠤ ᠬᠠᠮᠤᠭ᠎ᠤᠨ ᠰᠢᠨ᠎ᠡ ᠦᠷ᠎ᠡ ᠪᠦᠲᠦᠭᠡᠯ᠎ᠤᠨ ᠳᠡᠭᠡᠳᠦ ᠬᠡᠮᠵᠢᠶᠡᠨ᠎ᠤ ᠬᠤᠷᠢᠶᠠᠩᠭᠤᠢ᠌ᠯᠠᠯ ᠪᠣᠯᠤᠨ᠎ᠠ᠃
     《ᠲᠠᠪᠤᠨ ᠦᠨᠳᠦᠰᠦᠨ》᠎ᠤ ᠳᠣᠲᠣᠷ᠎ᠠ᠂ 《ᠨᠠᠮ᠎ᠤᠨ ᠲᠥᠪ ᠬᠣᠷᠢᠶᠠᠨ᠎ᠤ ᠡᠷᠬᠡ ᠰᠦᠷ ᠪᠣᠯ ᠠᠶᠤᠯ ᠲᠦᠭᠰᠢᠭᠦᠷᠢᠲᠡᠢ ᠴᠠᠭ ᠮᠥᠴᠡ᠎ᠳᠤ ᠪᠦᠬᠦ ᠨᠠᠮ ᠪᠦᠬᠦ ᠤᠯᠤᠰ᠎ᠤᠨ ᠦᠨᠳᠦᠰᠦᠲᠡᠨ᠎ᠨᠦᠭᠦᠳ᠎ᠤᠨ ᠠᠷᠠᠳ ᠲᠦᠮᠡᠨ᠎ᠤ ᠬᠦᠴᠢᠷ᠎ᠢ ᠰᠦᠷᠦᠨ ᠤᠷᠤᠭᠰᠢᠯᠠᠬᠤ ᠵᠢᠨ ᠦᠨᠳᠦᠰᠦᠨ ᠲᠦᠰᠢᠭ ᠮᠥᠨ》 ᠭᠡᠬᠦ ᠵᠤᠷᠪᠤᠰ ᠪᠣᠯ ᠶᠡᠷᠦᠩᠬᠡᠢ ᠵᠠᠬᠢᠷᠤᠯᠲᠠ᠂ ᠵᠠᠩᠭᠢᠯᠠᠭ᠎ᠠ ᠪᠣᠯᠤᠨ᠎ᠠ᠃



     12 ᠳ᠋ᠤᠭ᠋ᠠᠷ ᠰᠠᠷ᠎ᠠ ᠵᠢᠨ 17᠎ᠤ ᠡᠳᠦᠷ᠂ ᠾᠸᠪᠸᠢ ᠮᠤᠵᠢ ᠵᠢᠨ ᠲᠠᠩᠱ᠌ᠠᠨ ᠬᠣᠲᠠ ᠵᠢᠨ ᠹᠸᠩ ᠷᠦᠨ ᠲᠣᠭᠣᠷᠢᠭ᠎ᠤᠨ ᠶᠡᠷᠦᠩᠬᠡᠢ᠌ᠯᠡᠭᠰᠡᠨ ᠠᠵᠢᠯ ᠮᠡᠷᠭᠡᠵᠢᠯ᠎ᠤᠨ ᠰᠤᠷᠭ᠋ᠠᠨ ᠬᠥᠮᠦᠵᠢᠯ᠎ᠤᠨ ᠲᠥᠪ᠎ᠤᠨ ᠨᠢᠰᠬᠡᠯ ᠰᠡᠯᠪᠢᠨ ᠵᠠᠰᠠᠬᠤ ᠲᠤᠰᠬᠠᠶ ᠮᠡᠷᠭᠡᠵᠢᠯ᠎ᠤᠨ ᠪᠠᠭᠰᠢ ᠰᠤᠷᠤᠭᠴᠢᠳ᠎ᠲᠤ᠎ᠪᠠᠨ ᠬᠢᠴᠢᠶᠡᠯ ᠣᠷᠣᠵᠤ ᠪᠠᠢ᠌ᠭ᠎ᠠ᠎ᠨᠢ (ᠵᠢᠯᠣᠭᠣᠴᠢ ᠦᠭᠡᠢ ᠨᠢᠰᠭᠡᠯ᠎ᠤᠨ ᠵᠢᠷᠤᠭ)᠃ ᠰᠢᠨᠬᠤᠸᠠ ᠬᠣᠷᠢᠶᠠᠨ᠎ᠤ ᠰᠤᠷᠪᠤᠯᠵᠢᠯᠠᠭᠴᠢ ᠮᠸᠦ ᠢᠤᠢ ᠰᠡᠭᠦᠳᠡᠷᠯᠡᠪᠡ᠃


      ᠬᠤᠷᠠᠯ᠎ᠠᠴᠠ ᠢᠯᠡ ᠲᠣᠳᠣᠷᠬᠠᠢ ᠳᠤᠷᠠᠳᠤᠭᠰᠠᠨ᠎ᠨᠢ᠂ ᠴᠢᠬᠤᠯᠠ ᠶᠡᠬᠡ ᠲᠡᠦᠬᠡ ᠵᠢᠨ ᠵᠠᠩᠭᠢᠯᠠᠭ᠎ᠠ ᠵᠢᠨ ᠦᠶ᠎ᠡ᠂ ᠴᠢᠬᠤᠯᠠ ᠶᠡᠬᠡ ᠰᠢᠯᠭ᠋ᠠᠯᠲᠠ ᠵᠢᠨ ᠡᠮᠦᠨ᠎ᠡ᠂ ᠨᠠᠮ᠎ᠤᠨ ᠲᠥᠪ ᠬᠣᠷᠢᠶᠠᠨ᠎ᠤ ᠮᠠᠭ᠋ᠠᠳᠯᠠᠬᠤ ᠴᠢᠳᠠᠪᠤᠷᠢ᠂ ᠰᠢᠢ᠍ᠳᠪᠦᠷᠢᠲᠦ ᠪᠤᠳᠤᠯᠭ᠎ᠠ ᠲᠣᠭᠲᠠᠭ᠋ᠠᠬᠤ ᠴᠢᠳᠠᠪᠤᠷᠢ᠂ ᠠᠵᠢᠯᠯᠠᠭ᠎ᠠ ᠠᠪᠬᠤ ᠴᠢᠳᠠᠪᠤᠷᠢ ᠪᠣᠯ ᠰᠢᠢ᠍ᠳᠪᠦᠷᠢᠲᠦ ᠴᠢᠨᠠᠷᠲᠠᠢ ᠦᠢ᠍ᠯᠡᠳᠦᠯ᠎ᠲᠠᠢ ᠶᠤᠮ᠃
     《ᠳᠤᠮᠳᠠᠳᠤ ᠤᠯᠤᠰ ᠠᠶᠤᠯ ᠲᠦᠭᠰᠢᠭᠦᠷᠢ ᠵᠢ ᠠᠵᠠ ᠲᠣᠬᠢᠶᠠᠯ ᠪᠣᠯᠭ᠋ᠠᠨ ᠬᠤᠪᠢᠷᠠᠭᠤᠯᠵᠤ᠂ ᠰᠠᠯᠬᠢ ᠰᠦᠷᠦᠨ ᠳᠠᠪᠠᠯᠭ᠋ᠠᠨ᠎ᠢ ᠵᠦᠰᠦᠵᠦ ᠶᠡᠷᠦ ᠪᠤᠰᠤ ᠵᠢᠨ ᠠᠮᠵᠢᠯᠲᠠ ᠪᠦᠲᠦᠮᠵᠢ ᠣᠯᠤᠭᠰᠠᠨ ᠶᠠᠪᠤᠳᠠᠯ᠎ᠨᠢ ᠭᠡᠨᠡᠳᠲᠡ ᠵᠢᠨ ᠶᠠᠪᠤᠳᠠᠯ ᠪᠢᠰᠢ᠂ ᠠᠵᠠ ᠲᠣᠬᠢᠶᠠᠯ ᠪᠢᠰᠢ᠂ ᠬᠠᠮᠤᠭ᠎ᠤᠨ ᠦᠨᠳᠦᠰᠦᠨ ᠵᠦᠢ᠍ᠯ ᠪᠣᠯ ᠶᠡᠷᠦᠩᠬᠡᠢ ᠱᠦᠵᠢ ᠰᠢ ᠵᠢᠨ ᠫᠢᠩ ᠪᠣᠯᠤᠨ ᠨᠠᠮ᠎ᠤᠨ ᠲᠥᠪ ᠬᠣᠷᠢᠶ᠎ᠠ ᠵᠠᠮᠴᠢᠯᠠᠭᠴᠢ ᠪᠣᠯᠵᠤ ᠵᠠᠯᠠᠭᠤᠷ ᠪᠠᠷᠢᠭᠰᠠᠨ᠎ᠳᠤ ᠪᠠᠢ᠌ᠨ᠎ᠠ》 ᠭᠡᠵᠦ ᠨᠢᠭᠡᠨ ᠪᠢᠴᠢᠭ ᠮᠠᠲ᠋ᠧᠷᠢᠶᠠᠯ ᠲᠤᠭᠤᠷᠪᠢᠬᠤ ᠳᠤᠭᠤᠢ᠌ᠯᠠᠩ᠎ᠤᠨ ᠪᠦᠷᠢᠯᠳᠦᠬᠦᠨ ᠢᠩᠭᠢᠵᠦ ᠢᠯᠡᠳᠬᠡᠪᠡ᠃



     6 ᠳ᠋ᠤᠭ᠋ᠠᠷ ᠰᠠᠷ᠎ᠠ ᠵᠢᠨ 1᠎ᠤ ᠡᠳᠦᠷ᠂ ᠬᠣᠲᠠ ᠵᠢᠨ ᠠᠷᠠᠳ ᠦᠬᠠᠨ᠎ᠤ ᠪᠣᠣ ᠴᠧᠩ ᠵᠠᠮ᠎ᠤᠨ ᠰᠥᠨᠢ ᠵᠢᠨ ᠵᠠᠬ᠎ᠠ᠎ᠳᠤ ᠰᠡᠯᠡᠭᠦᠴᠡᠵᠦ ᠪᠠᠢ᠌ᠭ᠎ᠠ᠎ᠨᠢ᠃ ᠰᠢᠨᠬᠤᠸᠠ ᠬᠣᠷᠢᠶᠠᠨ᠎ᠤ ᠰᠤᠷᠪᠤᠯᠵᠢᠯᠠᠭᠴᠢ ᠰᠢᠶᠦ᠋ᠩ ᠴᠢ ᠰᠡᠭᠦᠳᠡᠷᠯᠡᠪᠡ᠃


      ᠰᠢᠢᠳᠪᠦᠷᠢᠲᠦ ᠪᠣᠳᠣᠯᠭ᠎ᠠ ᠲᠣᠭᠲᠠᠭ᠋ᠠᠵᠤ ᠦᠬᠠᠨ ᠬᠣᠲᠠ ᠵᠢ ᠪᠢᠲᠡᠭᠦᠮᠵᠢᠯᠡᠬᠦ᠎ᠠᠴᠠ ᠠᠪᠤᠭ᠋ᠠᠳ ᠡᠮᠬᠢ ᠵᠢᠷᠤᠮ᠎ᠲᠠᠢ᠎ᠪᠠᠷ ᠠᠵᠢᠯ ᠵᠶ᠋ᠡᠨ ᠰᠡᠷᠭᠦᠭᠡᠵᠦ ᠦᠢᠯᠡᠳᠪᠦᠷᠢᠯᠡᠯ ᠵᠶ᠋ᠡᠨ ᠰᠡᠷᠭᠦᠭᠡᠬᠦ ᠬᠦᠷᠲᠡᠯ᠎ᠡ᠂ ᠤᠯᠤᠰ ᠳᠠᠶᠠᠭ᠋ᠠᠷ᠎ᠤᠨ ᠬᠦᠴᠦᠨ ᠵᠶ᠋ᠠᠷ ᠬᠢᠵᠢᠭ᠎ᠤᠨ ᠪᠠᠢ᠌ᠳᠠᠯ᠎ᠢ ᠰᠡᠷᠭᠡᠢ᠌ᠯᠡᠨ ᠡᠵᠡᠮᠳᠡᠬᠦ ᠳᠠᠢ᠌ᠯᠠᠯᠳᠤᠭ᠋ᠠᠨ᠎ᠢ ᠰᠠᠢ᠌ᠲᠤᠷ ᠬᠢᠬᠦ᠎ᠠᠴᠠ ᠠᠪᠤᠭ᠋ᠠᠳ ᠶᠠᠳᠠᠭᠤ᠎ᠠᠴᠠ ᠠᠩᠭᠢᠵᠢᠷᠠᠭᠤᠯᠬᠤ ᠰᠢᠪᠲᠤᠯᠤᠯᠲᠠ ᠳᠠᠢ᠌ᠯᠠᠯᠳᠤᠭ᠋ᠠᠨ᠎ᠳᠤ ᠢᠯᠠᠯᠲᠠ ᠣᠯᠬᠤ ᠬᠦᠷᠲᠡᠯ᠎ᠡ ᠁ ᠣᠯᠠᠨ ᠳᠠᠪᠬᠤᠴᠠᠭᠰᠠᠨ ᠬᠡᠯᠪᠡᠷᠢ ᠵᠢᠨ ᠲᠠᠭ᠋ᠠᠷᠢᠯᠲᠠ᠎ᠳᠤ ᠬᠠᠨᠳᠤᠵᠤ᠂ ᠶᠡᠷᠦᠩᠬᠡᠶ ᠱᠦᠵᠢ ᠰᠢ ᠵᠢᠨ ᠫᠢᠩ ᠶᠡᠷᠦ ᠪᠤᠰᠤ ᠵᠢᠨ ᠠᠷᠭ᠎ᠠ ᠬᠡᠮᠵᠢᠶ᠎ᠡ᠎ᠪᠠᠷ ᠶᠡᠷᠦ ᠪᠤᠰᠤ ᠵᠢᠨ ᠬᠦᠴᠢᠷᠳᠡᠯ᠎ᠳᠤ ᠬᠠᠨᠳᠤᠵᠤ᠂ ᠯᠠᠪᠳᠠᠭᠤᠨ ᠲᠣᠭᠲᠠᠭᠤᠨ ᠵᠶ᠋ᠠᠷ ᠠᠷᠭ᠋ᠠᠴᠠᠭ᠋ᠠᠵᠤ᠂ ᠰᠢᠨᠵᠢᠯᠡᠬᠦ ᠤᠬᠠᠭ᠋ᠠᠨᠴᠢ᠎ᠪᠠᠷ ᠰᠢᠢᠳᠪᠦᠷᠢᠲᠦ ᠪᠣᠳᠣᠯᠭ᠎ᠠ ᠲᠣᠭᠲᠠᠭ᠋ᠠᠵᠤ᠂ ᠴᠠᠴᠠᠷ᠎ᠲᠤ ᠰᠠᠭᠤᠵᠤ ᠰᠢᠢᠳᠪᠦᠷᠢᠲᠦ ᠠᠷᠭ᠎ᠠ ᠭᠠᠷᠭ᠋ᠠᠨ᠂ ᠠᠮᠠᠯᠠᠯᠲᠠ᠎ᠪᠠᠨ ᠪᠡᠶᠡᠯᠡᠭᠦᠯᠵᠦ᠂ ᠲᠡᠯᠡᠶ ᠵᠢ ᠰᠢᠩᠭᠡᠭᠡᠬᠦ ᠪᠢᠯᠢᠭᠲᠦ ᠡᠷᠳᠡᠮ ᠪᠣᠯᠤᠨ ᠤᠳᠤᠷᠢᠳᠬᠤ ᠭᠣᠤᠯᠯᠠᠭᠴᠢ ᠵᠢᠨ ᠦᠢᠯᠡᠳᠦᠯ ᠵᠶ᠋ᠡᠨ ᠪᠠᠳᠠᠷᠠᠭᠤᠯᠵᠤ᠂ ᠶᠡᠬᠡ ᠰᠡᠳᠬᠢᠴᠡ ᠶᠡᠬᠡ ᠪᠠᠢ᠌ᠷᠢᠰᠢᠯ ᠵᠶ᠋ᠡᠷ ᠶᠡᠬᠡ ᠬᠤᠪᠢᠰᠤᠯᠲᠠ ᠵᠢ ᠠᠷᠭ᠋ᠠᠴᠠᠭ᠋ᠠᠵᠤ᠂ ᠲᠥᠷᠥ ᠵᠢ ᠵᠠᠰᠠᠵᠤ ᠵᠠᠰᠠᠭ᠎ᠢ ᠡᠷᠭᠢᠯᠡᠬᠦ ᠭᠠᠷᠮᠠᠭ᠋ᠠᠶ ᠴᠢᠳᠠᠪᠤᠷᠢ᠎ᠪᠠᠨ ᠳᠠᠬᠢᠨᠲᠠ ᠢᠯᠡᠷᠡᠭᠦᠯᠪᠡ᠃
     《ᠡᠨᠡ ᠵᠢᠯ᠎ᠤᠨ ᠣᠯᠤᠭᠰᠠᠨ ᠲᠡᠦᠬᠡᠲᠦ ᠴᠢᠨᠠᠷᠲᠠᠢ ᠠᠮᠵᠢᠯᠲᠠ ᠪᠣᠯ ᠰᠢ ᠵᠢᠨ ᠫᠢᠩ᠎ᠤᠨ ᠰᠢᠨ᠎ᠡ ᠴᠠᠭ ᠦᠶ᠎ᠡ ᠵᠢᠨ ᠳᠤᠮᠳᠠᠳᠤ ᠤᠯᠤᠰ᠎ᠤᠨ ᠣᠨᠴᠠᠯᠢᠭ᠎ᠲᠠᠢ ᠨᠡᠶ᠋ᠢᠭᠡᠮ ᠵᠢᠷᠤᠮ᠎ᠤᠨ ᠦᠵᠡᠯ ᠰᠠᠨᠠᠭ᠋ᠠᠨ᠎ᠤ ᠪᠣᠳᠠᠲᠠᠢ ᠦᠢ᠍ᠯᠡᠳᠦᠯᠭᠡ ᠳᠤᠮᠳᠠ ᠣᠯᠣᠭᠰᠠᠨ ᠶᠡᠬᠡ ᠠᠮᠵᠢᠯᠲᠠ ᠪᠦᠲᠦᠮᠵᠢ᠂ ᠡᠯᠪᠡᠭ ᠪᠠᠶᠠᠯᠢᠭ ᠦᠷ᠎ᠡ ᠪᠦᠲᠦᠭᠡᠯ ᠪᠣᠯᠤᠨ᠎ᠠ》 ᠬᠡᠮᠡᠨ ᠬᠤᠷᠠᠯ᠎ᠳᠤ ᠣᠷᠣᠯᠴᠠᠭᠰᠠᠨ ᠨᠥᠬᠥᠳ ᠳᠤᠭᠤᠶ᠋ᠢᠯᠠᠩ ᠬᠤᠪᠢᠶᠠᠨ ᠶᠠᠷᠢᠯᠴᠠᠬᠤ᠎ᠳᠤ᠎ᠪᠠᠨ ᠦᠨᠡᠨ ᠰᠡᠳᠬᠢᠯ᠎ᠠᠴᠠ᠎ᠪᠠᠨ ᠶᠠᠷᠢᠵᠠᠭ᠋ᠠᠪᠠ᠃
     《ᠠᠷᠠᠳ ᠲᠦᠮᠡᠨ᠎ᠢ ᠳᠡᠭᠡᠳᠦᠯᠡᠬᠦ》 《ᠪᠠᠶ᠋ᠢᠭᠤᠯᠤᠯ᠎ᠤᠨ ᠳᠠᠪᠠᠭᠤᠯᠢᠭ᠎ᠢ ᠪᠠᠳᠠᠷᠠᠭᠤᠯᠬᠤ》 《ᠰᠢᠨᠵᠢᠯᠡᠬᠦ ᠤᠬᠠᠭ᠋ᠠᠨᠴᠢ᠎ᠪᠠᠷ ᠰᠢᠢ᠍ᠳᠪᠦᠷᠢᠲᠦ ᠪᠤᠳᠤᠯᠭ᠎ᠠ ᠲᠣᠭᠲᠠᠭ᠋ᠠᠬᠤ ᠪᠠ ᠪᠦᠲᠦᠭᠡᠯᠴᠢ ᠴᠢᠨᠠᠷᠲᠠᠢ ᠠᠷᠭ᠋ᠠᠴᠠᠭ᠋ᠠᠬᠤ》

《ᠰᠢᠨᠵᠢᠯᠡᠬᠦ ᠤᠬᠠᠭ᠋ᠠᠨ ᠲᠧᠭᠨᠢᠭ ᠮᠡᠷᠭᠡᠵᠢᠯ᠎ᠤᠨ ᠲᠠᠯ᠎ᠠ᠎ᠪᠠᠷ ᠪᠡᠶ᠎ᠡ᠎ᠪᠠᠨ ᠳᠠᠭ᠋ᠠᠭ᠋ᠠᠵᠤ ᠥᠪᠡᠷ᠎ᠢ᠎ᠪᠠᠨ ᠬᠦᠴᠦᠷᠬᠡᠭᠵᠢᠭᠦᠯᠬᠦ》 ᠁ 《ᠦᠨᠳᠦᠰᠦᠨ》 ᠨᠢᠭᠡᠪᠦᠷᠢ᠎ᠳᠤ ᠴᠥᠮ ᠰᠡᠩᠬᠡᠷᠡᠭᠦᠯᠦᠯ ᠠᠭᠤᠯᠵᠤ ᠪᠤᠢ᠃ ᠡᠳᠡᠭᠡᠷ ᠡᠷᠬᠢᠮ ᠨᠠᠨᠳᠢᠨ ᠲᠤᠷᠰᠢᠯᠭ᠎ᠠ᠎ᠨᠢ ᠬᠥᠮᠦᠰ᠎ᠤᠨ ᠢᠮᠠᠭᠲᠠ ᠡᠷᠡᠯᠬᠡᠭᠯᠡᠨ ᠲᠡᠮᠡᠴᠡᠬᠦ ᠵᠢ ᠵᠣᠷᠢᠭᠵᠢᠭᠤᠯᠵᠤ᠂ ᠳᠤᠮᠳᠠᠳᠤ ᠤᠯᠤᠰ᠎ᠤᠨ ᠠᠵᠤ ᠠᠬᠤᠢ ᠨᠡᠶ᠋ᠢᠭᠡᠮ᠎ᠤᠨ ᠬᠥᠭᠵᠢᠯᠲᠡ ᠵᠢ ᠬᠦᠳᠦᠯᠥᠨ ᠳᠠᠭ᠋ᠠᠭᠤᠯᠵᠤ ᠰᠠᠭ᠋ᠠᠳ ᠦᠭᠡᠢ ᠤᠷᠤᠭᠰᠢᠯᠠᠭᠤᠯᠤᠮᠤᠢ᠃
      ᠰᠠᠷᠠ ᠪᠦᠮᠪᠦᠷᠴᠡᠭ᠎ᠢ ᠬᠠᠢ᠌ᠨ ᠰᠢᠨᠵᠢᠯᠡᠵᠦ᠂ ᠵᠡᠭᠦᠳᠦ᠎ᠪᠠᠨ ᠲᠡᠷᠭᠡᠯᠰᠢᠭᠦᠯᠦᠨ ᠤᠷᠤᠭᠰᠢᠯᠠᠵᠠᠭ᠋ᠠᠶ᠎ᠠ᠃
     《ᠡᠨᠡ ᠪᠣᠯ ᠰᠢᠨ᠎ᠡ ᠮᠠᠶᠢᠭ᠎ᠤᠨ ᠤᠯᠤᠰ ᠳᠠᠶᠠᠭ᠋ᠠᠷᠴᠢᠯᠠᠭᠰᠠᠨ ᠪᠠᠶ᠋ᠢᠭᠤᠯᠤᠯ᠎ᠤᠨ ᠳᠠᠪᠠᠭᠤᠯᠢᠭ᠎ᠢ ᠪᠠᠳᠠᠷᠠᠭᠤᠯᠵᠤ ᠬᠦᠴᠢᠷ᠎ᠢ ᠲᠤᠭᠤᠯᠤᠨ ᠪᠡᠷᠬᠡ ᠵᠢ ᠳᠠᠪᠠᠭ᠋ᠠᠳ ᠣᠯᠤᠭᠰᠠᠨ ᠪᠠᠰᠠ ᠨᠢᠭᠡᠨ ᠴᠢᠬᠤᠯᠠ ᠶᠡᠬᠡ ᠠᠮᠵᠢᠯᠲᠠ ᠪᠣᠯᠣᠨ᠎ᠠ》᠂ 12 ᠳ᠋ᠤᠭ᠋ᠠᠷ ᠰᠠᠷ᠎ᠠ ᠵᠢᠨ 17᠎ᠤ ᠡᠳᠦᠷ᠂ ᠶᠡᠷᠦᠩᠬᠡᠶ ᠱᠦᠵᠢ ᠰᠢ ᠵᠢᠨ ᠫᠢᠩ ᠨᠠᠮ᠎ᠤᠨ ᠲᠥᠪ ᠬᠣᠷᠢᠶ᠎ᠠ᠂ ᠲᠥᠷᠥ ᠵᠢᠨ ᠶᠠᠪᠤᠳᠠᠯ᠎ᠤᠨ ᠬᠣᠷᠢᠶ᠎ᠠ ᠪᠣᠯᠤᠨ ᠲᠥᠪ᠎ᠤᠨ ᠴᠡᠷᠢᠭ᠎ᠤᠨ ᠶᠠᠪᠤᠳᠠᠯ᠎ᠤᠨ ᠬᠣᠷᠢᠶᠠᠨ᠎ᠤ ᠡᠮᠦᠨ᠎ᠡ᠎ᠠᠴᠠ ᠰᠠᠷᠠᠨ ᠪᠥᠮᠪᠥᠷᠴᠡᠭ᠎ᠢ ᠬᠠᠶ᠋ᠢᠨ ᠰᠢᠨᠵᠢᠯᠡᠬᠦ ᠢᠨᠵᠧᠨᠧᠷᠢᠩ᠎ᠤᠨ ᠴᠠᠩ ᠧ ᠲᠠᠪᠤᠳᠤᠭ᠋ᠠᠷ᠎ᠤᠨ ᠡᠭᠦᠷᠭᠡ ᠲᠡᠭᠦᠰ ᠠᠮᠵᠢᠯᠲᠠ ᠣᠯᠤᠭᠰᠠᠨ᠎ᠳᠤ ᠪᠠᠶᠠᠷ ᠬᠦᠷᠭᠡᠪᠡ᠃



     12 ᠳ᠋ᠤᠭ᠋ᠠᠷ ᠰᠠᠷ᠎ᠠ ᠵᠢᠨ 4᠎ᠤ ᠡᠳᠦᠷ᠂ ᠤᠯᠤᠰ᠎ᠤᠨ ᠰᠠᠨᠰᠠᠷ᠎ᠤᠨ ᠠᠶᠠᠯᠠᠯ᠎ᠤᠨ ᠲᠣᠪᠴᠢᠶ᠎ᠠ ᠰᠠᠷᠠᠨ ᠪᠥᠮᠪᠥᠷᠴᠡᠭ᠎ᠢ ᠬᠠᠶ᠋ᠢᠨ ᠰᠢᠨᠵᠢᠯᠡᠬᠦ ᠢᠨᠵᠧᠨᠧᠷᠢᠩ᠎ᠤᠨ ᠴᠠᠩ ᠧ ᠲᠠᠪᠤᠳᠤᠭ᠋ᠠᠷ ᠬᠠᠢ᠌ᠨ ᠰᠢᠨᠵᠢᠯᠡᠬᠦ ᠬᠠᠶ᠋ᠢᠭᠤᠷ ᠰᠠᠷᠠᠨ ᠪᠥᠮᠪᠥᠷᠴᠡᠭ᠎ᠤᠨ ᠭᠠᠳᠠᠷᠭᠤ ᠳᠡᠭᠡᠷ᠎ᠡ ᠤᠯᠤᠰ᠎ᠤᠨ ᠲᠣᠭ ᠵᠶ᠋ᠠᠨ ᠮᠠᠨᠳᠤᠭᠤᠯᠤᠭᠰᠠᠨ ᠭᠡᠷᠡᠯ ᠵᠢᠷᠤᠭ᠎ᠢ ᠨᠡᠶ᠋ᠢᠲᠡᠯᠡᠪᠡ᠃ ᠴᠠᠩ ᠧ ᠲᠠᠪᠤᠳᠤᠭ᠋ᠠᠷ᠎ᠤᠨ ᠪᠤᠴᠠᠯᠲᠠ ᠵᠢᠨ ᠮᠠᠰᠢᠨ ᠪᠣᠯᠤᠨ ᠳᠡᠭᠳᠡᠯᠲᠡ ᠵᠢᠨ ᠮᠠᠰᠢᠨ᠎ᠤ ᠨᠡᠶ᠋ᠢᠯᠡᠮᠡᠯ ᠴᠣᠭᠴᠠ ᠵᠢᠨ ᠭᠡᠷᠡᠯ ᠵᠢᠷᠤᠭ᠎ᠤᠨ ᠮᠠᠰᠢᠨ᠎ᠨᠢ ᠲᠠᠪᠤᠨ ᠣᠳᠣᠲᠤ ᠤᠯᠠᠭ᠋ᠠᠨ ᠲᠤᠭ ᠰᠠᠷᠠᠨ ᠪᠦᠮᠪᠦᠷᠴᠡᠭ ᠳᠡᠭᠡᠷ᠎ᠡ ᠠᠮᠵᠢᠯᠲᠠ᠎ᠲᠠᠢ ᠮᠠᠨᠳᠤᠭᠰᠠᠨ᠎ᠢ ᠰᠡᠭᠦᠳᠡᠷᠯᠡᠵᠡᠢ᠂ ᠡᠭᠦᠨ᠎ᠠᠴᠠ ᠭᠠᠳᠠᠨ᠎ᠠ ᠵᠢᠷᠤᠭ ᠳᠦᠷᠰᠦ ᠵᠢᠨ ᠳᠡᠭᠡᠷ᠎ᠡ ᠲᠠᠯ᠎ᠠ᠎ᠳᠤ ᠨᠢᠭᠡᠨᠲᠡ ᠰᠠᠷᠠᠨ ᠪᠦᠮᠪᠦᠷᠴᠡᠭ᠎ᠤᠨ ᠭᠠᠳᠠᠷᠭᠤ᠎ᠠᠴᠠ ᠦᠯᠢᠭᠡᠷ ᠠᠪᠬᠤ ᠮᠧᠬᠠᠨᠢᠭ ᠭᠠᠷ ᠵᠢᠴᠢ ᠦᠯᠢᠭᠡᠷ ᠠᠪᠬᠤ ᠪᠠᠭ᠋ᠠᠵᠢ ᠬᠠᠷᠠᠭᠳᠠᠵᠤ ᠪᠠᠶ᠋ᠢᠨ᠎ᠠ᠃ ᠰᠢᠨᠬᠤᠸᠠ ᠬᠣᠷᠢᠶ᠎ᠠ᠎ᠠᠴᠠ ᠨᠡᠢ᠌ᠲᠡᠯᠡᠪᠡ (ᠤᠯᠤᠰ᠎ᠤᠨ ᠰᠠᠨᠰᠠᠷ᠎ᠤᠨ ᠠᠶᠠᠯᠠᠯ᠎ᠤᠨ ᠲᠣᠪᠴᠢᠶ᠎ᠠ᠎ᠠᠴᠠ ᠭᠡᠷᠡᠯ ᠵᠢᠷᠤᠭ ᠬᠠᠩᠭ᠋ᠠᠪᠠ)


      ᠬᠤᠷᠠᠯ᠎ᠤᠨ ᠬᠤᠭᠤᠴᠠᠭ᠋ᠠᠨ᠎ᠳᠤ᠂ 2 ᠺᠢᠯᠣᠭ᠌ᠷᠠᠮ ᠣᠷᠴᠢᠮ᠎ᠤᠨ ᠰᠠᠷᠠᠨ ᠪᠦᠮᠪᠦᠷᠴᠡᠭ᠎ᠤᠨ ᠬᠥᠷᠥᠰᠥ ᠵᠢ ᠲᠡᠭᠡᠭᠡᠭᠰᠡᠨ ᠴᠠᠩ ᠧ ᠲᠠᠪᠤᠳᠤᠭ᠋ᠠᠷ ᠬᠠᠶ᠋ᠢᠭᠤᠷ ᠠᠮᠵᠢᠯᠲᠠ᠎ᠲᠠᠢ᠎ᠪᠠᠷ ᠪᠤᠴᠠᠵᠤ ᠢᠷᠡᠭᠰᠡᠨ᠎ᠨᠢ ᠬᠤᠷᠠᠯ᠎ᠳᠤ ᠣᠷᠣᠯᠴᠠᠭᠰᠠᠳ᠎ᠤᠨ ᠠᠩᠬᠠᠷᠤᠮᠵᠢ ᠪᠠ ᠬᠠᠯᠠᠭᠤᠨ ᠶᠠᠷᠢᠯᠴᠠᠭ᠎ᠠ ᠵᠢ ᠲᠠᠲᠠᠭᠰᠠᠨ ᠪᠠᠶ᠋ᠢᠨ᠎ᠠ᠃
     《ᠰᠢᠨᠵᠢᠯᠡᠬᠦ ᠤᠬᠠᠭ᠋ᠠᠨ ᠮᠡᠷᠭᠡᠵᠢᠯ᠎ᠤᠨ ᠲᠠᠯ᠎ᠠ᠎ᠪᠠᠷ ᠪᠡᠶ᠎ᠡ᠎ᠪᠠᠨ ᠳᠠᠭ᠋ᠠᠭ᠋ᠠᠵᠤ ᠥᠪᠡᠷ᠎ᠢ᠎ᠪᠠᠨ ᠬᠦᠴᠦᠷᠬᠡᠭᠵᠢᠭᠦᠯᠬᠦ ᠪᠣᠯ ᠬᠥᠭᠵᠢᠯᠲᠡ ᠵᠢᠨ ᠶᠡᠬᠡ ᠲᠠᠯ᠎ᠠ ᠵᠢ ᠠᠬᠢᠭᠤᠯᠬᠤ ᠦᠨᠳᠦᠰᠦᠨ ᠲᠦᠰᠢᠭ ᠲᠤᠯᠭ᠋ᠠᠭᠤᠷᠢ ᠮᠥᠨ᠂ ᠡᠭᠦᠨ᠎ᠢ ᠪᠢᠳᠡ ᠨᠡᠩ ᠭᠦᠨᠵᠡᠭᠡᠶ ᠣᠢ᠌ᠯᠠᠭ᠋ᠠᠪᠠ》᠃ ᠰᠢᠨᠵᠢᠯᠡᠬᠦ ᠤᠬᠠᠭ᠋ᠠᠨ ᠲᠧᠭᠨᠢᠭ ᠮᠡᠷᠭᠡᠵᠢᠯ᠎ᠤᠨ ᠰᠠᠯᠠᠭ᠎ᠠ ᠮᠥᠴᠢᠷ᠎ᠠᠴᠠ ᠢᠷᠡᠭᠰᠡᠨ ᠬᠤᠷᠠᠯ᠎ᠳᠤ ᠣᠷᠣᠯᠴᠠᠭᠰᠠᠨ ᠨᠢᠭᠡᠨ ᠨᠥᠬᠥᠷ ᠢᠯᠡᠳᠬᠡᠭᠰᠡᠨ᠎ᠨᠢ᠂ 《ᠲᠡᠮᠡᠴᠡᠭᠴᠢ》 ᠨᠡᠷᠡᠮᠵᠢᠲᠦ ᠲᠦᠮᠡᠨ ᠮᠧᠲᠷ᠎ᠤᠨ ᠭᠦᠨ ᠳᠠᠯᠠᠶ᠎ᠳᠤ ᠱᠤᠩᠭᠤᠬᠤ ᠲᠤᠷᠰᠢᠯᠲᠠ᠎ᠠᠴᠠ ᠠᠪᠤᠭ᠋ᠠᠳ 《ᠵᠢᠦ ᠵᠠᠩ》 ᠺᠸᠠᠨ᠋ᠲ ᠺᠣᠮᠫᠢᠦ᠋ᠲ᠋ᠧᠷ᠎ᠢ ᠰᠤᠳᠤᠯᠤᠨ ᠦᠢ᠍ᠯᠡᠳᠬᠦ ᠠᠵᠢᠯ ᠴᠢᠬᠤᠯᠠ ᠠᠬᠢᠯᠲᠠ᠎ᠲᠠᠢ ᠪᠣᠯᠣᠭᠰᠠᠨ ᠬᠦᠷᠲᠡᠯ᠎ᠡ᠂ ᠠᠯᠢ ᠣᠯᠠᠨ ᠰᠢᠨ᠎ᠡ ᠡᠭᠦᠳᠦᠯᠲᠡ ᠵᠢᠨ ᠦᠷ᠎ᠡ ᠪᠦᠲᠦᠮᠵᠢ᠎ᠨᠢ ᠵᠢᠯ᠎ᠤᠨ ᠡᠴᠦᠰ᠎ᠲᠤ ᠭᠡᠷᠡᠯ ᠰᠠᠴᠤᠷᠠᠩᠭᠤᠢ᠎ᠪᠠᠷ ᠢᠯᠡᠷᠡᠨ ᠳᠣᠳᠤᠷᠠᠵᠤ᠂ ᠳᠤᠮᠳᠠᠳᠤ ᠤᠯᠤᠰ᠎ᠤᠨ ᠴᠢᠨᠠᠷ ᠰᠠᠶ᠋ᠢᠲᠠᠢ ᠬᠥᠭᠵᠢᠯᠲᠡ ᠵᠢᠨ ᠢᠳᠡᠷᠡᠭᠦᠨ ᠠᠯᠬᠤᠭ᠎ᠠ ᠵᠢ ᠭᠡᠷᠡᠴᠢᠯᠡᠬᠦ ᠪᠣᠯᠣᠨ᠎ᠠ᠃
     《ᠤᠳᠠᠭ᠎ᠠ ᠪᠦᠷᠢ ᠬᠤᠷᠠᠯ᠎ᠳᠤ ᠣᠷᠣᠯᠴᠠᠨ᠂ ᠶᠡᠷᠦᠩᠬᠡᠢ ᠱᠦᠵᠢ ᠰᠢ ᠵᠢᠨ ᠫᠢᠩ᠎ᠤᠨ ᠶᠠᠷᠢᠶ᠎ᠠ᠂ ᠠᠵᠢᠯ᠎ᠤᠨ ᠪᠠᠢ᠌ᠷᠢᠯᠠᠭᠤᠯᠤᠯᠲᠠ ᠵᠢ ᠰᠣᠨᠣᠰᠬᠤ ᠪᠦᠷᠢ ᠢᠲᠡᠭᠡᠯ ᠨᠡᠩ ᠪᠠᠲᠤ ᠴᠢᠩᠭ᠎ᠠ ᠪᠣᠯᠳᠠᠭ!》 《ᠶᠡᠬᠡ ᠳᠠᠢ᠌ᠯᠠᠯᠳᠤᠭ᠋ᠠᠨ ᠶᠡᠬᠡ ᠰᠢᠯᠭ᠋ᠠᠯᠲᠠ᠎ᠳᠤ ᠭᠣᠣᠯᠳᠠᠯᠭ᠎ᠠ ᠵᠢ᠎ᠨᠢ ᠠᠵᠢᠵᠤ᠂ ᠡᠷᠡᠰ ᠴᠢᠩᠭ᠎ᠠ ᠲᠦᠰᠢᠭ ᠲᠤᠯᠭ᠋ᠠᠭᠤᠷᠢ᠎ᠨᠢ ᠬᠥᠮᠥᠨ᠎ᠢ ᠪᠢᠰᠢᠷᠡᠭᠦᠯᠳᠡᠭ》! ᠬᠤᠷᠠᠯ᠎ᠳᠤ ᠣᠷᠣᠯᠴᠠᠭᠰᠠᠨ ᠨᠥᠬᠥᠳ ᠴᠥᠮ ᠡᠶ᠋ᠢᠮᠦ ᠭᠦᠨᠵᠡᠭᠡᠶ ᠲᠥᠷᠥᠭᠳᠡᠯ᠎ᠲᠠᠢ ᠪᠣᠯᠵᠤ᠂ ᠰᠢ ᠵᠢᠨ ᠫᠢᠩ ᠨᠥᠬᠥᠷ ᠵᠶ᠋ᠠᠷ ᠭᠣᠤᠯ ᠪᠣᠯᠭ᠋ᠠᠭᠰᠠᠨ ᠨᠠᠮ᠎ᠤᠨ ᠲᠥᠪ ᠬᠣᠷᠢᠶᠠᠨ᠎ᠤ ᠪᠠᠲᠤ ᠴᠢᠩᠬ᠎ᠠ ᠤᠳᠤᠷᠢᠳᠤᠯᠭ᠎ᠠ ᠪᠠᠢ᠌ᠬᠤ ᠪᠣᠯᠬᠣᠷ 《ᠲᠠᠪᠤᠨ ᠦᠨᠳᠦᠰᠦᠨ》 ᠵᠢᠮ᠎ᠡ ᠶᠣᠰᠤᠴᠢ ᠲᠤᠷᠰᠢᠯᠭ᠎ᠠ ᠵᠢ ᠭᠦᠨᠵᠡᠭᠡᠶ ᠣᠢ᠌ᠯᠠᠭ᠋ᠠᠵᠤ ᠲᠤᠭᠤᠰᠢᠯᠠᠭᠤᠯᠪᠠᠯ᠂ ᠳᠤᠮᠳᠠᠳᠤ ᠤᠯᠤᠰ᠎ᠤᠨ ᠣᠨᠴᠠᠯᠢᠭ᠎ᠲᠠᠢ ᠨᠡᠶ᠋ᠢᠭᠡᠮ ᠵᠢᠷᠤᠮ᠎ᠤᠨ ᠦᠢ᠍ᠯᠡᠰ ᠯᠠᠪᠲᠠᠶ ᠢᠯᠠᠭᠳᠠᠰᠢ ᠦᠭᠡᠢ ᠪᠠᠶ᠋ᠢᠷᠢᠨ᠎ᠳᠤ ᠰᠡᠬᠦᠢ᠌ᠵᠦ᠂ ᠨᠡᠩ ᠶᠡᠬᠡ ᠰᠢᠨ᠎ᠡ ᠭᠠᠶ᠋ᠢᠬᠠᠮᠰᠢᠭ᠎ᠢ ᠲᠠᠰᠤᠷᠠᠯᠳᠠ ᠦᠭᠡᠢ ᠡᠭᠦᠳᠦᠨ ᠪᠦᠲᠦᠭᠡᠵᠦ ᠴᠢᠳᠠᠬᠤ ᠶᠤᠮ᠃
      ᠰᠢᠨ᠎ᠡ ᠪᠠᠶ᠋ᠢᠳᠠᠯ᠎ᠢ ᠡᠭᠦᠳᠬᠦ — ᠰᠢᠨ᠎ᠡ ᠡᠬᠢᠯᠡᠯᠲᠡ ᠰᠢᠨ᠎ᠡ ᠲᠡᠮᠡᠴᠡᠯ᠂ ᠰᠢᠨ᠎ᠡ ᠬᠥᠭᠵᠢᠯᠲᠡ ᠵᠢᠨ ᠪᠠᠶ᠋ᠢᠷᠢᠰᠢᠯ᠎ᠢ ᠪᠠᠶ᠋ᠢᠭᠤᠯᠬᠤ᠎ᠳᠤ ᠢᠷᠡᠬᠦ ᠵᠢᠯ ᠠᠩᠬᠠᠨ᠎ᠤ ᠠᠯᠬᠤᠮ ᠵᠶ᠋ᠠᠨ ᠰᠠᠶ᠋ᠢᠲᠤᠷ ᠠᠯᠬᠤᠵᠤ᠂ ᠰᠢᠨ᠎ᠡ ᠳᠦᠷᠰᠦ ᠪᠠᠶ᠋ᠢᠳᠠᠯ᠎ᠲᠠᠢ ᠪᠣᠯᠬᠤ ᠬᠡᠷᠡᠭᠲᠡᠶ
      ᠰᠠᠯᠬᠢ ᠳᠠᠪᠠᠯᠭ᠋ᠠᠨ᠎ᠢ ᠰᠦᠷᠦᠨ ᠣᠷᠣᠭᠰᠢᠯᠠᠵᠤ᠂ ᠳᠤᠮᠳᠠᠳᠤ ᠤᠯᠤᠰ᠎ᠤᠨ ᠠᠵᠤ ᠠᠬᠤᠢ ᠵᠢᠨ ᠬᠥᠯᠭᠡ ᠣᠩᠭᠣᠴᠠ   ᠠᠭᠤᠳᠠᠮ ᠳᠠᠯᠠᠢ ᠵᠢᠨ ᠰᠢᠨ᠎ᠡ ᠣᠷᠣᠨ ᠵᠶ᠋ᠡᠷ ᠠᠶᠠᠯᠠᠬᠤ ᠪᠣᠯᠣᠨ᠎ᠠ᠃
     2021 ᠣᠨ ᠪᠣᠯ ᠮᠠᠨ᠎ᠤ ᠤᠯᠤᠰ᠎ᠤᠨ ᠣᠳᠣᠬᠢᠴᠢᠯᠠᠭᠰᠠᠨ ᠪᠦᠲᠦᠭᠡᠨ ᠪᠠᠶ᠋ᠢᠭᠤᠯᠤᠯᠲᠠ ᠵᠢᠨ ᠠᠬᠢᠴᠠ᠎ᠳᠠᠬᠢ ᠣᠨᠴᠠᠭ᠋ᠠᠶ ᠴᠢᠬᠤᠯᠠ ᠴᠢᠨᠠᠷ ᠪᠦᠬᠦᠢ ᠨᠢᠭᠡ ᠵᠢᠯ ᠪᠣᠯᠬᠤ— 《ᠠᠷᠪᠠᠨ ᠳᠥᠷᠪᠡᠳᠦᠭᠡᠷ ᠲᠠᠪᠤᠨ ᠵᠢᠯ》᠎ᠤᠨ ᠡᠬᠢᠯᠡᠯᠲᠡ ᠵᠢᠨ ᠵᠢᠯ ᠮᠥᠨ᠃ ᠨᠡᠶ᠋ᠢᠭᠡᠮ ᠵᠢᠷᠤᠮᠲᠤ ᠣᠳᠣᠬᠢᠴᠢᠯᠠᠭᠰᠠᠨ ᠤᠯᠤᠰ᠎ᠢ ᠪᠦᠬᠦ ᠲᠠᠯ᠎ᠠ᠎ᠪᠠᠷ ᠪᠦᠳᠦᠭᠡᠨ ᠪᠠᠶ᠋ᠢᠭᠤᠯᠬᠤ ᠰᠢᠨ᠎ᠡ ᠠᠶᠠᠨ ᠡᠬᠢᠯᠡᠬᠦ ᠪᠣᠯᠣᠨ᠎ᠠ᠃
      ᠭᠡᠪᠡᠴᠦ ᠤᠷᠤᠭᠰᠢᠯᠠᠬᠤ ᠵᠠᠮ ᠪᠣᠯ ᠲᠡᠢ᠌ᠮᠦ ᠲᠡᠭᠰᠢ ᠳᠠᠷᠳᠠᠩ ᠪᠢᠰᠢ ᠶᠤᠮ᠂ ᠢᠯᠠᠯᠲᠠ ᠵᠢᠨ ᠲᠡᠷᠲᠡᠭᠡ ᠡᠷᠭᠢᠨ᠎ᠳᠤ ᠬᠡᠳᠦᠢ ᠣᠶ᠋ᠢᠷᠠᠳᠬᠤ ᠲᠤᠰᠤᠮ ᠤᠯᠠᠮ ᠬᠠᠲᠠᠭᠤ ᠰᠢᠯᠭ᠋ᠠᠯᠲᠠ ᠲᠤᠯᠭ᠋ᠠᠷᠠᠵᠤ᠂ ᠲᠤᠬᠰᠢᠠ ᠰᠢᠷᠦᠭᠦᠨ ᠤᠷᠤᠰᠬᠠᠯ᠎ᠤᠨ ᠠᠶᠤᠯ᠎ᠳᠤ ᠤᠴᠠᠷᠠᠬᠤ᠎ᠨᠢ ᠵᠠᠶ᠋ᠢᠯᠠᠰᠢ ᠤᠢ᠍ᠭᠡᠢ ᠶᠤᠮ᠃
        ᠳᠡᠯᠡᠬᠡᠢ ᠳ᠋ᠠᠬᠢᠨ᠎ᠢ ᠪᠠᠷᠠᠯᠠᠬᠤᠶ᠎ᠠ᠂ ᠬᠡᠪ᠎ᠤᠨ ᠪᠤᠰᠤ ᠰᠡᠳᠡᠯᠲᠡ ᠥᠭᠬᠦ ᠲᠥᠷᠥ ᠵᠢᠨ ᠪᠣᠳᠣᠯᠭ᠎ᠠ᠂ ᠳᠣᠤᠷ᠎ᠠ ᠰᠠᠭᠤᠷᠢ ᠲᠣᠭ᠎ᠠ ᠪᠣᠯᠤᠨ ᠸᠠᠺᠼᠢᠨ᠎ᠤ ᠠᠬᠢᠴᠠ ᠵᠡᠷᠭᠡ ᠡᠯᠧᠮᠧᠨ᠋ᠲ᠎ᠤᠨ ᠬᠠᠮᠲᠤ ᠵᠢᠨ ᠦᠢ᠍ᠯᠡᠳᠦᠯ ᠳᠣᠤᠷ᠎ᠠ ᠢᠷᠡᠬᠦ ᠵᠢᠯ ᠳᠡᠯᠡᠬᠡᠶ ᠵᠢᠨ ᠠᠵᠤ ᠠᠬᠤᠶ ᠰᠡᠷᠭᠦᠯᠲᠡ ᠵᠢᠨ ᠴᠢᠨᠠᠷᠲᠠᠶ ᠨᠡᠮᠡᠭᠳᠡᠯ ᠭᠠᠷᠬᠤ ᠪᠣᠯᠤᠮᠵᠢ᠎ᠲᠠᠢ ᠪᠠᠢ᠌ᠨ᠎ᠠ᠂ ᠭᠡᠪᠡᠴᠦ ᠵᠠᠭᠤᠨ ᠵᠢᠯ᠎ᠳᠤ ᠲᠣᠬᠢᠶᠠᠯᠳᠤᠭ᠎ᠠ ᠦᠭᠡᠢ ᠶᠡᠬᠡ ᠬᠤᠪᠢᠰᠤᠯᠲᠠ ᠵᠢᠨ ᠪᠠᠢ᠌ᠳᠠᠯ ᠲᠦᠷᠭᠡᠨ ᠬᠤᠪᠢᠰᠤᠯᠲᠠ ᠵᠢᠨ ᠬᠤᠭᠤᠴᠠᠭ᠋ᠠᠨ᠎ᠳᠤ ᠣᠷᠣᠵᠤ᠂ ᠪᠠᠶ᠋ᠢᠳᠠᠯ ᠮᠥᠨ ᠬᠦ᠌ ᠡᠭᠡᠳᠡᠷᠡᠭᠡᠨ ᠪᠤᠳᠤᠯᠢᠶᠠᠨᠲᠠᠶ ᠪᠠᠶ᠋ᠢᠵᠤ᠂ ᠬᠢᠵᠢᠭ᠎ᠤᠨ ᠪᠠᠢ᠌ᠳᠠᠯ᠎ᠤᠨ ᠳᠠᠭ᠋ᠠᠷᠢᠯᠲᠠ᠎ᠠᠴᠠ ᠪᠣᠯᠤᠭᠰᠠᠨ ᠡᠯ᠎ᠡ ᠵᠦᠢ᠍ᠯ᠎ᠤᠨ ᠡᠭᠦᠰᠦᠮᠡᠯ ᠠᠶᠤᠯ ᠲᠦᠭᠰᠢᠭᠦᠷᠢ ᠵᠢ ᠣᠮᠲᠣᠭ᠋ᠠᠶ᠋ᠢᠯᠠᠵᠤ ᠪᠣᠯᠤᠰᠢ ᠥᠬᠡᠶ ᠪᠠᠢ᠌ᠨ᠎ᠠ᠃



     12 ᠳ᠋ᠤᠭ᠋ᠠᠷ ᠰᠠᠷ᠎ᠠ ᠵᠢᠨ 18᠎ᠤ ᠡᠳᠦᠷ᠂ ᠠᠵᠢᠯᠴᠢᠳ ᠾᠸᠪᠸᠢ ᠮᠤᠵᠢ ᠵᠢᠨ ᠬᠠᠨᠳᠠᠨ ᠬᠤᠳᠠ ᠵᠢᠨ ᠵᠢᠢ ᠨᠠᠨ ᠰᠢᠨ᠎ᠡ ᠲᠣᠭᠣᠷᠢᠭ᠎ᠤᠨ ᠰᠢᠨ᠎ᠡ᠎ᠪᠠᠷ ᠮᠠᠨᠳᠤᠭᠰᠠᠨ ᠣᠨᠴᠠ ᠲᠦᠷᠦᠯ᠎ᠤᠨ ᠬᠣᠭᠣᠯᠠᠢ ᠮᠠᠲ᠋ᠧᠷᠢᠶᠠᠯ᠎ᠤᠨ ᠬᠢᠵᠠᠭ᠋ᠠᠷᠲᠤ ᠺᠣᠮᠫᠠᠨᠢ ᠵᠢᠨ ᠦᠢ᠍ᠯᠡᠳᠪᠦᠷᠢᠯᠡᠯ᠎ᠤᠨ ᠲᠠᠰᠤᠭ᠎ᠲᠤ ᠠᠵᠢᠯᠯᠠᠵᠤ ᠪᠠᠢ᠌ᠭ᠎ᠠ᠎ᠨᠢ᠃ ᠰᠢᠨᠬᠤᠸᠠ ᠬᠣᠷᠢᠶ᠎ᠠ ᠵᠢᠨ ᠰᠤᠷᠪᠤᠯᠵᠢᠯᠠᠭᠴᠢ   ᠸᠠᠩ ᠰᠢᠶᠤᠤ ᠰᠡᠭᠦᠳᠡᠷᠯᠡᠪᠡ


      ᠤᠯᠤᠰ᠎ᠤᠨ ᠳᠣᠲᠣᠭ᠋ᠠᠳᠤ ᠵᠢᠨ ᠪᠠᠢ᠌ᠳᠠᠯ᠎ᠢ ᠡᠷᠭᠢᠨ ᠬᠠᠷᠠᠬᠤ᠎ᠳᠤ᠂ ᠳᠤᠮᠳᠠᠳᠤ ᠤᠯᠤᠰ᠎ᠤᠨ ᠠᠵᠤ ᠠᠬᠤᠶ ᠦᠷᠭᠦᠯᠵᠢᠯᠡᠨ ᠰᠡᠷᠭᠦᠵᠦ᠂ ᠪᠠᠢ᠌ᠳᠠᠯ ᠰᠠᠶ᠋ᠢᠨ ᠪᠠᠶ᠋ᠢᠨ᠎ᠠ᠂ ᠭᠡᠪᠡᠴᠦ ᠬᠢᠵᠢᠭ᠎ᠤᠨ ᠬᠤᠪᠢᠷᠠᠯᠲᠠ ᠪᠣᠯᠤᠨ ᠭᠠᠳᠠᠭ᠋ᠠᠳᠤ ᠣᠷᠴᠢᠨ ᠲᠣᠭᠣᠷᠢᠨ᠎ᠳᠤ ᠮᠠᠰᠢ ᠣᠯᠠᠨ ᠲᠣᠭᠲᠠᠪᠤᠷᠢᠲᠤ ᠪᠣᠰᠤ ᠴᠢᠨᠠᠷ ᠣᠷᠣᠰᠢᠵᠤ᠂ ᠠᠵᠤ ᠠᠬᠤᠢ ᠵᠢᠨ ᠰᠡᠷᠭᠦᠯᠲᠡ ᠵᠢᠨ ᠰᠠᠭᠤᠷᠢ ᠬᠠᠷᠠᠬᠠᠨ ᠪᠠᠲᠤ ᠪᠡᠬᠢ ᠪᠢᠰᠢ ᠪᠠᠢ᠌ᠵᠤ᠂ ᠢᠷᠡᠬᠦ ᠵᠢᠯ᠎ᠤᠨ ᠠᠵᠤ ᠠᠬᠤᠢ ᠵᠢᠨ ᠨᠡᠮᠡᠭᠳᠡᠯ᠎ᠤᠨ ᠬᠤᠷᠳᠤᠴᠠ᠎ᠳᠤ ᠤᠷᠢᠳ ᠵᠶ᠋ᠠᠷ ᠲᠦᠷᠭᠡᠨ ᠰᠡᠭᠦᠯᠡᠷ᠎ᠨᠢ ᠤᠳᠠᠭ᠋ᠠᠰᠢᠷᠠᠬᠤ ᠪᠠᠶ᠋ᠢᠳᠠᠯ ᠢᠯᠡᠷᠡᠵᠦ ᠮᠡᠳᠡᠬᠦ ᠶᠤᠮ᠂ ᠠᠵᠤ ᠠᠬᠤᠢ ᠵᠢᠨ ᠠᠵᠢᠯᠯᠠᠭ᠋ᠠᠨ᠎ᠢ ᠬᠡᠷᠬᠢᠨ ᠵᠦᠢ ᠵᠣᠬᠢᠰᠲᠠᠢ ᠬᠡᠪᠴᠢᠶᠡᠨ᠎ᠳᠤ ᠪᠠᠶ᠋ᠢᠯᠭ᠋ᠠᠬᠤ ᠪᠣᠯ ᠨᠢᠭᠡᠨ ᠶᠡᠬᠡ ᠰᠢᠯᠭ᠋ᠠᠯᠲᠠ ᠪᠣᠯᠤᠨ᠎ᠠ᠃
     《ᠨᠠᠷᠢᠨ ᠪᠤᠳᠤᠯᠢᠶᠠᠨᠲᠠᠶ ᠪᠥᠭᠡᠳ ᠬᠠᠲᠠᠭᠤ ᠪᠡᠷᠬᠡ ᠭᠠᠳᠠᠭ᠋ᠠᠳᠤ ᠣᠷᠴᠢᠨ ᠨᠥᠬᠥᠴᠡᠯ᠎ᠳᠤ ᠬᠠᠨᠳᠤᠬᠤ᠎ᠳᠤ᠂ ᠵᠠᠩᠭᠢᠯᠠᠭ᠎ᠠ᠎ᠨᠢ ᠥᠪᠡᠷ᠎ᠤᠨ ᠶᠠᠪᠤᠳᠠᠯ ᠵᠶ᠋ᠠᠨ ᠰᠠᠶ᠋ᠢᠲᠤᠷ ᠬᠢᠬᠦ᠎ᠳᠤ ᠪᠣᠶ》᠃
     《ᠪᠢᠳᠡ ᠰᠠᠨᠠᠭ᠋ᠠᠰᠢᠷᠠᠨ ᠵᠣᠪᠠᠨᠢᠬᠤ ᠤᠬᠠᠮᠰᠠᠷ ᠵᠶ᠋ᠠᠨ ᠴᠢᠩᠭ᠋ᠠᠳᠬᠠᠨ᠂ ᠵᠠᠪᠠᠯ ᠢᠯᠠᠬᠤ ᠢᠲᠡᠭᠡᠯ ᠵᠣᠷᠢᠭ ᠵᠶ᠋ᠠᠨ ᠪᠠᠲᠤᠳᠬᠠᠵᠤ᠂ ᠠᠵᠤ ᠠᠬᠤᠶ ᠵᠢᠨ ᠦᠷᠭᠦᠯᠵᠢᠯᠡᠨ ᠰᠡᠷᠭᠦᠬᠦ ᠪᠠ ᠴᠢᠨᠠᠷ ᠰᠠᠶ᠋ᠢᠲᠠᠶ ᠬᠥᠭᠵᠢᠬᠦ ᠵᠢ ᠠᠬᠢᠭᠤᠯᠬᠤ

ᠬᠡᠷᠡᠭᠲᠡᠢ》᠃
      ᠲᠥᠪ᠎ᠤᠨ ᠠᠵᠤ ᠠᠬᠤᠢ ᠵᠢᠨ ᠠᠵᠢᠯ᠎ᠤᠨ ᠬᠤᠷᠠᠯ ᠳᠡᠭᠡᠷ᠎ᠡ᠂ ᠶᠡᠷᠦᠩᠬᠡᠶ ᠱᠦᠵᠢ ᠰᠢ ᠵᠢᠨ ᠫᠢᠩ᠎ᠤᠨ ᠶᠠᠷᠢᠶ᠎ᠠ ᠥᠨᠳᠥᠷ᠎ᠲᠤ ᠵᠣᠭᠰᠣᠨ ᠠᠯᠤᠰ᠎ᠢ ᠪᠠᠷᠠᠯᠠᠵᠥ᠂ ᠠᠶᠠᠯᠠᠯ᠎ᠤᠨ ᠴᠢᠭᠯᠡᠯ᠎ᠢ ᠵᠢᠯᠣᠭᠣᠳᠤᠨ᠂ ᠢᠷᠡᠬᠦ ᠵᠢᠯ᠎ᠤᠨ ᠠᠵᠤ ᠠᠬᠤᠢ ᠵᠢᠨ ᠠᠵᠢᠯ᠎ᠳᠤ ᠶᠡᠷᠦᠩᠬᠡᠢ ᠱᠠᠭ᠋ᠠᠷᠳᠠᠯᠭ᠎ᠠ ᠪᠠ ᠲᠥᠷᠥ ᠵᠢᠨ ᠪᠣᠳᠣᠯᠭ᠎ᠠ ᠵᠢᠨ ᠴᠢᠭᠯᠡᠯ᠎ᠢ ᠳᠤᠷᠠᠳᠪᠠ—
        ᠲᠣᠭᠲᠠᠭᠤᠨ ᠪᠠᠶ᠋ᠢᠯᠭ᠋ᠠᠬᠤ ᠮᠥᠷᠲᠡᠭᠡᠨ ᠤᠷᠤᠭᠰᠢᠯᠠᠨ ᠳᠠᠪᠰᠢᠬᠤ ᠠᠵᠢᠯ᠎ᠤᠨ ᠶᠡᠷᠦᠩᠬᠡᠶ ᠬᠥᠭ ᠠᠶᠠᠰ᠎ᠢ ᠪᠠᠷᠢᠮᠲᠠᠯᠠᠵᠤ᠂ ᠰᠢᠨ᠎ᠡ ᠬᠥᠭᠵᠢᠯᠲᠡ ᠵᠢᠨ ᠱᠠᠲᠤᠨ᠎ᠳᠤ ᠰᠠᠭᠤᠷᠢᠯᠠᠨ᠂ ᠰᠢᠨ᠎ᠡ ᠬᠥᠭᠵᠢᠯᠲᠡ ᠵᠢᠨ ᠣᠨᠣᠯᠵᠢᠬᠤᠨ᠎ᠢ ᠲᠤᠭᠤᠰᠢᠯᠠᠭᠤᠯᠵᠤ᠂ ᠰᠢᠨ᠎ᠡ ᠬᠥᠭᠵᠢᠯᠲᠡ ᠵᠢᠨ ᠪᠠᠶ᠋ᠢᠷᠢᠰᠢᠯ᠎ᠢ ᠪᠠᠢ᠌ᠭᠤᠯᠵᠤ᠂ ᠴᠢᠨᠠᠷ ᠰᠠᠶ᠋ᠢᠲᠠᠶ ᠬᠥᠭᠵᠢᠯᠲᠡ ᠵᠢ ᠠᠬᠢᠭᠤᠯᠬᠤ᠎ᠪᠠᠷ ᠭᠣᠤᠯ ᠰᠡᠳᠦᠪ ᠪᠣᠯᠭ᠋ᠠᠨ᠂ ᠬᠠᠩᠭ᠋ᠠᠯᠭ᠎ᠠ ᠵᠢᠨ ᠲᠠᠯ᠎ᠠ ᠵᠢᠨ ᠪᠦᠲᠦᠴᠡ ᠵᠢᠨ ᠴᠢᠨᠠᠷᠲᠠᠶ ᠥᠭᠡᠷᠡᠴᠢᠯᠡᠯᠲᠡ ᠵᠢ ᠭᠦᠨᠵᠡᠭᠡᠶ᠋ᠢᠷᠡᠭᠦᠯᠬᠦ᠎ᠪᠠᠷ ᠭᠣᠤᠯ ᠰᠢᠵᠢᠮ ᠪᠣᠯᠭ᠋ᠠᠵᠤ᠂ ᠥᠭᠡᠷᠡᠴᠢᠯᠡᠯᠲᠡ ᠬᠢᠵᠦ ᠰᠢᠨ᠎ᠡ ᠵᠢ ᠡᠭᠦᠳᠬᠦ᠎ᠪᠠᠷ ᠦᠨᠳᠦᠰᠦᠨ ᠬᠥᠳᠡᠯᠭᠡᠬᠦ ᠬᠦᠴᠦᠨ ᠪᠣᠯᠭ᠋ᠠᠵᠤ᠂ ᠠᠷᠠᠳ ᠲᠦᠮᠡᠨ᠎ᠤ ᠡᠳᠦᠷ ᠢᠷᠡᠬᠦᠶ᠎ᠡ ᠨᠡᠮᠡᠭᠳᠡᠵᠦ ᠪᠠᠢ᠌ᠭ᠎ᠠ ᠰᠠᠢ᠌ᠨ ᠰᠠᠢ᠌ᠬᠠᠨ ᠠᠮᠢᠳᠤᠷᠠᠯ᠎ᠤᠨ ᠬᠡᠷᠡᠭᠴᠡᠭᠡ ᠱᠠᠭ᠋ᠠᠷᠳᠠᠯᠭ᠎ᠠ ᠵᠢ ᠬᠠᠩᠭ᠋ᠠᠬᠤ᠎ᠪᠠᠷ ᠦᠨᠳᠦᠰᠦᠨ ᠵᠣᠷᠢᠯᠲᠠ ᠪᠣᠯᠭ᠋ᠠᠬᠤ ᠬᠡᠷᠡᠭᠲᠡᠢ ᠁
      ᠬᠣᠷᠸ᠎ᠠ ᠲᠦᠷᠦ ᠵᠢᠨ ᠪᠤᠳᠤᠯᠭ᠎ᠠ᠎ᠨᠢ ᠦᠷᠭᠦᠯᠵᠢᠯᠡᠯᠲᠦ ᠴᠢᠨᠠᠷ᠂ ᠲᠣᠭᠲᠠᠪᠤᠷᠢᠲᠤ ᠴᠢᠨᠠᠷ᠂ ᠦᠷᠭᠦᠯᠵᠢᠯᠡᠭᠦᠢ᠌ᠴᠡ ᠴᠢᠨᠠᠷ᠎ᠢ ᠪᠠᠲᠤᠯᠠᠬᠤ ᠬᠡᠷᠡᠭᠲᠡᠶ᠃ ᠡᠳ᠋᠎ᠤᠨ ᠵᠠᠰᠠᠭ᠎ᠤᠨ ᠢᠳᠡᠪᠬᠢᠲᠡᠢ ᠲᠥᠷᠥ ᠵᠢᠨ ᠪᠣᠳᠣᠯᠭ᠎ᠠ ᠪᠠ ᠵᠣᠭᠣᠰᠣᠨ᠎ᠤ ᠯᠠᠪᠳᠠᠭᠤᠨ ᠲᠥᠷᠥ ᠵᠢᠨ ᠪᠣᠳᠣᠯᠭ᠎ᠠ ᠵᠢ ᠦᠷᠭᠦᠯᠵᠢᠯᠡᠨ ᠬᠡᠷᠡᠭᠵᠢᠭᠦᠯᠵᠦ᠂ ᠠᠵᠤ ᠠᠬᠤᠶ ᠵᠢᠨ ᠰᠡᠷᠭᠦᠯᠲᠡ᠎ᠳᠤ ᠦᠵᠡᠭᠦᠯᠬᠦ ᠴᠢᠬᠤᠯᠠ ᠳᠡᠮᠵᠢᠯᠭᠡ ᠵᠢᠨ ᠡᠷᠴᠢᠮ᠎ᠢ ᠪᠠᠲᠤᠯᠠᠵᠤ᠂ ᠲᠥᠷᠥ ᠵᠢᠨ ᠪᠣᠳᠣᠯᠭ᠎ᠠ ᠵᠢᠨ ᠠᠵᠢᠯᠯᠠᠭ᠋ᠠᠨ᠎ᠤ ᠲᠠᠯ᠎ᠠ᠎ᠪᠠᠷ ᠨᠡᠩ ᠣᠨᠣᠪᠴᠢᠲᠠᠶ ᠪᠦᠲᠦᠮᠵᠢᠲᠡᠶ ᠪᠠᠶ᠋ᠢᠬᠤ  ᠂ ᠪᠠᠴᠢᠮ ᠡᠷᠭᠢᠯᠲᠡ ᠭᠠᠷᠭ᠋ᠠᠬᠤ ᠦᠭᠡᠢ ᠪᠠᠢ᠌ᠵᠤ᠂ ᠲᠦᠷᠦ ᠵᠢᠨ ᠪᠤᠳᠤᠯᠭ᠎ᠠ ᠵᠢᠨ ᠴᠠᠭ ᠬᠤᠭᠤᠴᠠᠭ᠋ᠠᠨ᠎ᠤ ᠦᠷ᠎ᠡ ᠪᠦᠲᠦᠮᠵᠢ ᠵᠢ ᠰᠠᠢ᠌ᠲᠤᠷ ᠡᠵᠡᠮᠳᠡᠬᠦ ᠬᠡᠷᠡᠭᠲᠡᠢ ᠁



      ᠦᠵᠡᠭᠴᠢᠳ 2020 ᠣᠨ᠎ᠤ ᠳᠤᠮᠳᠠᠳᠤ ᠤᠯᠤᠰ᠎ᠤᠨ ᠣᠯᠠᠨ ᠤᠯᠤᠰ᠎ᠤᠨ ᠦᠢ᠍ᠯᠡᠴᠢᠯᠡᠭᠡᠨ᠎ᠤ ᠠᠷᠠᠯᠵᠢᠶᠠᠨ᠎ᠤ ᠴᠤᠭᠯᠠᠭ᠋ᠠᠨ᠎ᠤ 5G ᠮᠡᠳᠡᠭᠡ ᠬᠣᠯᠪᠣᠭ᠋ᠠᠨ᠎ᠤ ᠦᠢ᠍ᠯᠡᠴᠢᠯᠡᠭᠡᠨ᠎ᠤ ᠲᠤᠰᠬᠠᠶ ᠰᠡᠳᠦᠪᠲᠦ ᠦᠵᠡᠭᠦᠯᠭᠡ ᠵᠢᠨ ᠲᠣᠭᠣᠷᠢᠭ᠎ᠲᠤ ᠲᠣᠭᠣᠷᠢᠨ ᠦᠵᠡᠵᠦ ᠪᠠᠢ᠌ᠭ᠎ᠠ᠎ᠨᠢ (9 ᠳ᠋ᠦ᠍ᠭᠡᠷ ᠰᠠᠷ᠎ᠠ ᠵᠢᠨ 7᠎ᠤ ᠡᠳᠦᠷ ᠰᠡᠭᠦᠳᠡᠷᠯᠡᠪᠡ)᠃ ᠰᠢᠨᠬᠤᠸᠠ ᠬᠣᠷᠢᠶ᠎ᠠ ᠵᠢᠨ ᠰᠤᠷᠪᠤᠯᠵᠢᠯᠠᠭᠴᠢ   ᠯᠦ᠍ ᠫᠸᠩ ᠰᠡᠭᠦᠳᠡᠷᠯᠡᠪᠡ


      ᠰᠢᠨ᠎ᠡ ᠬᠥᠭᠵᠢᠯᠲᠡ ᠵᠢᠨ ᠪᠠᠶ᠋ᠢᠷᠢᠰᠢᠯ᠎ᠢ ᠴᠣᠭᠴᠠᠯᠠᠬᠤ — ᠡᠨᠡ ᠪᠣᠯ ᠲᠤᠰ ᠤᠳᠠᠭ᠎ᠠ ᠵᠢᠨ ᠲᠥᠪ᠎ᠤᠨ ᠠᠵᠤ ᠠᠬᠤᠢ ᠵᠢᠨ ᠠᠵᠢᠯ᠎ᠤᠨ ᠬᠤᠷᠠᠯ᠎ᠤᠨ ᠪᠠᠶ᠋ᠢᠷᠢᠯᠠᠭᠤᠯᠤᠯᠲᠠ ᠵᠢᠨ ᠠᠵᠢᠯ᠎ᠤᠨ ᠳᠤᠮᠳᠠᠬᠢ ᠢᠯᠡ ᠲᠣᠳᠣ ᠴᠢᠭᠯᠡᠯ

ᠪᠣᠯᠤᠨ᠎ᠠ᠃    
     《ᠳᠠᠷᠠᠭ᠎ᠠ ᠵᠢᠯ᠎ᠤᠨ ᠠᠵᠤ ᠠᠬᠤᠢ ᠵᠢᠨ ᠠᠵᠢᠯ᠎ᠢ ᠰᠢᠨ᠎ᠡ ᠬᠥᠭᠵᠢᠯᠲᠡ ᠵᠢᠨ ᠪᠠᠢ᠌ᠷᠢᠰᠢᠯ᠎ᠢ ᠪᠠᠶ᠋ᠢᠭᠤᠯᠬᠤ ᠵᠢᠨ ᠲᠣᠭᠣᠷᠢᠨ᠎ᠳᠤ ᠥᠷᠨᠢᠭᠦᠯᠬᠦ ᠬᠡᠷᠡᠭᠲᠡᠢ》᠃ ᠶᠡᠷᠦᠩᠬᠡᠢ ᠱᠦᠵᠢ ᠰᠢ ᠵᠢᠨ ᠫᠢᠩ ᠬᠤᠷᠠᠯ ᠳᠡᠭᠡᠷ᠎ᠡ᠂ 《ᠰᠢᠨ᠎ᠡ ᠬᠥᠭᠵᠢᠯᠲᠡ ᠵᠢᠨ ᠪᠠᠶ᠋ᠢᠷᠢᠰᠢᠯ᠎ᠢ ᠪᠠᠶ᠋ᠢᠭᠤᠯᠬᠤ᠎ᠳᠤ ᠳᠠᠷᠠᠭ᠎ᠠ ᠵᠢᠯ ᠠᠩᠬᠠᠨ᠎ᠤ ᠠᠯᠬᠤᠮ᠎ᠢ ᠰᠠᠶ᠋ᠢᠲᠤᠷ ᠠᠯᠬᠤᠵᠤ᠂ ᠰᠢᠨ᠎ᠡ ᠳᠦᠷᠰᠦ ᠪᠠᠶ᠋ᠢᠳᠠᠯ᠎ᠲᠠᠢ ᠪᠣᠯᠭ᠋ᠠᠬᠤ ᠬᠡᠷᠡᠭᠲᠡᠢ》 ᠭᠡᠵᠦ ᠲᠣᠳᠤᠷᠬᠠᠢ ᠱᠠᠭ᠋ᠠᠷᠳᠠᠪᠠ᠃
      ᠬᠤᠷᠠᠯ᠎ᠠᠴᠠ᠂ ᠤᠯᠤᠰ᠎ᠤᠨ ᠳᠤᠳᠤᠭ᠋ᠠᠳᠤ ᠵᠢᠨ ᠶᠡᠬᠡ ᠤᠷᠴᠢᠯ ᠵᠶ᠋ᠠᠷ ᠭᠤᠤᠯ ᠴᠤᠭᠴᠠ ᠪᠤᠯᠭ᠋ᠠᠵᠦ᠂ ᠤᠯᠤᠰ᠎ᠤᠨ ᠳᠤᠳᠤᠭ᠋ᠠᠳᠤ ᠭᠠᠳᠠᠭ᠋ᠠᠳᠤ ᠵᠢᠨ ᠬᠤᠤᠰ ᠤᠷᠴᠢᠯ ᠬᠠᠷᠢᠯᠴᠠᠨ ᠠᠬᠢᠭᠤᠯᠤᠭᠰᠠᠨ ᠰᠢᠨ᠎ᠠ ᠬᠦᠭᠵᠢᠯᠳᠡ ᠵᠢᠨ ᠪᠠᠢ᠍ᠢ᠍ᠷᠢᠰᠢᠯ᠎ᠢ ᠲᠦᠷᠭᠡᠳᠭᠡᠨ ᠪᠠᠢ᠍ᠢ᠍ᠭᠤᠯᠬᠤ᠎ᠳᠤ᠂ ᠬᠠᠩᠭ᠋ᠠᠯᠭ᠎ᠠ ᠵᠢᠨ ᠲᠠᠯ᠎ᠠ ᠵᠢᠨ ᠪᠦᠲᠦᠴᠡ ᠵᠢᠨ ᠴᠢᠨᠠᠷᠳᠠᠢ ᠦᠭᠡᠷᠡᠴᠢᠯᠡᠯᠳᠡ ᠵᠢᠨ ᠡᠨᠡ ᠬᠦ᠌ ᠭᠤᠤᠯ ᠰᠢᠵᠢᠮ᠎ᠢ ᠴᠢᠩᠭ᠎ᠠ ᠠᠳᠬᠤᠵᠤ᠂ ᠬᠡᠷᠡᠭᠴᠡᠭᠡᠨ᠎ᠤ ᠲᠠᠯ᠎ᠠ ᠵᠢᠨ ᠬᠠᠮᠢᠶᠠᠷᠤᠯᠳᠠ ᠵᠢ ᠠᠩᠬᠠᠷᠤᠨ ᠴᠢᠬᠤᠯᠠᠴᠢᠯᠠᠵᠤ᠂ ᠲᠦᠭᠵᠢᠷᠡᠯ᠎ᠢ ᠨᠡᠪᠳᠡᠷᠡᠭᠦᠯᠵᠦ᠂ ᠳᠤᠳᠠᠭᠤᠳᠠᠯ᠎ᠢ ᠨᠦᠬᠦᠪᠦᠷᠢᠯᠡᠨ᠂ ᠦᠢ᠍ᠯᠡᠳᠪᠦᠷᠢᠯᠡᠯ᠂ ᠬᠤᠪᠢᠶᠠᠷᠢᠯᠠᠯᠳᠠ᠂ ᠭᠦᠢ᠍ᠯᠭᠡᠭᠡ᠂ ᠬᠡᠷᠡᠭᠯᠡᠭᠡ ᠵᠡᠷᠭᠡ ᠡᠯ᠎ᠠ ᠭᠤᠭᠴᠤᠭ᠎ᠠ ᠵᠢ ᠨᠡᠪᠳᠡᠷᠡᠭᠦᠯᠵᠤ᠂ ᠬᠡᠷᠡᠭᠴᠡᠭᠡ᠎ᠪᠠᠷ ᠬᠠᠩᠭ᠋ᠠᠯᠭ᠎ᠠ ᠵᠢ ᠬᠦᠳᠦᠯᠬᠦ᠂ ᠬᠠᠩᠭ᠋ᠠᠯᠭ᠎ᠠ᠎ᠪᠠᠷ ᠬᠡᠷᠡᠭᠴᠡᠭᠡ ᠵᠢ ᠡᠭᠦᠳᠬᠦ ᠨᠡᠩ ᠦᠨᠳᠦᠷ ᠲᠦᠪᠰᠢᠨ᠎ᠤ ᠬᠦᠳᠡᠯᠦᠩᠭᠦᠢ ᠲᠡᠩᠴᠡᠭᠦᠷᠢ ᠵᠢ ᠪᠦᠷᠢᠯᠳᠦᠭᠦᠯᠬᠦ ᠬᠡᠷᠡᠭᠲᠡᠢ ᠭᠡᠵᠦ ᠳᠤᠷᠠᠳᠪᠠ᠃
      ᠰᠢᠨ᠎ᠡ ᠬᠦᠭᠵᠢᠯᠲᠡ ᠵᠢᠨ ᠪᠠᠢ᠌ᠷᠢᠰᠢᠯ᠎ᠢ ᠪᠠᠢ᠌ᠭᠤᠯᠬᠤ᠎ᠪᠠᠷ ᠶᠡᠷᠦᠩᠬᠡᠢ ᠬᠦᠲᠦᠴᠢ ᠪᠣᠯᠭ᠋ᠠᠵᠤ᠂ ᠬᠤᠷᠠᠯ᠎ᠠᠴᠠ ᠳᠠᠷᠠᠭ᠎ᠠ ᠵᠢᠯ᠎ᠤᠨ ᠠᠵᠤ ᠠᠬᠤᠢ ᠵᠢᠨ ᠠᠵᠢᠯ᠎ᠤᠨ ᠨᠠᠢ᠍ᠮᠠᠨ ᠭᠣᠣᠯᠳᠠᠯᠭ᠎ᠠ᠎ᠲᠠᠢ ᠡᠭᠦᠷᠭᠡ ᠵᠢ ᠳᠤᠷᠠᠳᠪᠠ᠄ ᠤᠯᠤᠰ᠎ᠤᠨ ᠪᠠᠢ᠍ᠢ᠍ᠯᠳᠤᠬᠤ ᠪᠤᠳᠤᠯᠭ᠎ᠠ ᠵᠢᠨ ᠰᠢᠨᠵᠢᠯᠡᠬᠦ ᠤᠬᠠᠭ᠋ᠠᠨ ᠲᠸᠭᠨᠢᠭ ᠮᠡᠷᠭᠡᠵᠢᠯ᠎ᠤᠨ ᠬᠦᠴᠦᠨ᠎ᠢ ᠴᠢᠩᠭ᠋ᠠᠷᠠᠭᠤᠯᠤᠨ᠎ᠠ; ᠠᠵᠤ ᠦᠢ᠍ᠯᠡᠰ᠎ᠤᠨ ᠬᠡᠯᠬᠢᠶ᠎ᠡ ᠬᠠᠩᠭ᠋ᠠᠯᠭ᠎ᠠ ᠵᠢᠨ ᠬᠡᠯᠬᠢᠶ᠎ᠡ ᠵᠢᠨ ᠪᠡᠶ᠎ᠡ᠎ᠪᠠᠨ ᠳᠠᠭ᠋ᠠᠭ᠋ᠠᠵᠤ ᠡᠵᠡᠮᠳᠡᠬᠦ ᠴᠢᠳᠠᠪᠤᠷᠢ ᠵᠢ ᠴᠢᠩᠭ᠋ᠠᠳᠬᠠᠨ᠎ᠠ; ᠳᠣᠲᠣᠭ᠋ᠠᠳᠤ ᠬᠡᠷᠡᠭᠴᠡᠭᠡ ᠵᠢ ᠥᠷᠭᠡᠳᠬᠡᠬᠦ ᠡᠨᠡ ᠬᠦ᠌ ᠪᠠᠶ᠋ᠢᠯᠳᠤᠬᠤ ᠪᠤᠳᠤᠯᠭ᠎ᠠ ᠵᠢᠨ ᠰᠠᠭᠤᠷᠢ ᠴᠡᠭ᠎ᠢ ᠪᠠᠷᠢᠮᠲᠠᠯᠠᠨ᠎ᠠ; ᠥᠭᠡᠷᠡᠴᠢᠯᠡᠯᠲᠡ ᠨᠡᠭᠡᠭᠡᠯᠲᠡ ᠵᠢ ᠪᠦᠬᠦ ᠲᠠᠯ᠎ᠠ᠎ᠪᠠᠷ ᠠᠬᠢᠭᠤᠯᠤᠨ᠎ᠠ; ᠦᠷ᠎ᠡ ᠪᠠ ᠲᠠᠷᠢᠶᠠᠨ ᠭᠠᠵᠠᠷ᠎ᠤᠨ ᠠᠰᠠᠭᠤᠳᠠᠯ᠎ᠢ ᠰᠠᠶ᠋ᠢᠲᠤᠷ ᠰᠢᠢ᠍ᠳᠪᠦᠷᠢᠯᠡᠨ᠎ᠡ; ᠭᠠᠭᠴᠠᠭ᠋ᠠᠷ ᠡᠵᠡᠮᠰᠢᠯ᠎ᠢ ᠡᠰᠡᠷᠭᠦᠴᠡᠬᠦ ᠪᠠ ᠬᠦᠷᠦᠩᠭᠡ ᠵᠢᠨ ᠡᠮᠬᠢ ᠵᠠᠮᠪᠠᠷᠠᠭ᠎ᠠ ᠦᠭᠡᠢ ᠦᠷᠭᠡᠳᠬᠦ ᠵᠢ ᠬᠣᠷᠢᠭᠯᠠᠨ ᠵᠣᠭᠰᠤᠭ᠋ᠠᠬᠤ ᠵᠢ ᠴᠢᠩᠭ᠋ᠠᠳᠬᠠᠨ᠎ᠠ; ᠶᠡᠬᠡ ᠬᠤᠳᠠ ᠵᠢᠨ ᠣᠷᠣᠨ ᠰᠠᠭᠤᠴᠠ ᠵᠢᠨ ᠲᠤᠪᠤᠢ᠍ᠢ᠍ᠮ᠎ᠠ ᠠᠰᠠᠭᠤᠳᠠᠯ᠎ᠢ ᠰᠠᠶ᠋ᠢᠲᠤᠷ ᠰᠢᠢ᠍ᠳᠪᠦᠷᠢᠯᠡᠨ᠎ᠡ; ᠨᠡᠭᠦᠷᠡᠰᠦᠲᠥ᠋ᠷᠥᠭᠴᠢ ᠵᠢ ᠣᠷᠭᠢᠯ ᠬᠡᠮᠵᠢᠶᠡᠨ᠎ᠳᠤ ᠬᠦᠷᠭᠡᠬᠦ᠂ ᠨᠡᠭᠦᠷᠡᠰᠦᠲᠥ᠋ᠷᠥᠭᠴᠢ ᠵᠢ ᠰᠠᠭ᠋ᠠᠷᠮᠠᠭᠵᠢᠭᠤᠯᠬᠤ ᠠᠵᠢᠯ᠎ᠢ ᠰᠠᠶ᠋ᠢᠲᠤᠷ ᠬᠢᠨ᠎ᠡ᠃
      ᠬᠤᠷᠠᠯ᠎ᠳᠤ ᠣᠷᠣᠯᠴᠠᠭᠰᠠᠨ ᠨᠥᠬᠥᠳ᠎ᠤᠨ ᠦᠵᠡᠬᠦ᠎ᠪᠠᠷ᠂ ᠶᠡᠷᠦᠩᠬᠡᠶ ᠱᠦᠵᠢ ᠰᠢ ᠵᠢᠨ ᠫᠢᠩ᠎ᠤᠨ ᠴᠢᠬᠤᠯᠠ ᠶᠠᠷᠢᠶ᠎ᠠ᠎ᠨᠢ ᠥᠨᠳᠥᠷ᠎ᠲᠤ ᠵᠣᠭᠰᠣᠨ ᠠᠯᠤᠰ᠎ᠢ ᠪᠡᠷᠡᠯᠡᠵᠦ᠂ ᠦᠵᠡᠯ ᠰᠠᠨᠠᠭ᠎ᠠ ᠭᠦᠨ ᠭᠦᠨᠵᠡᠭᠡᠶ ᠪᠠᠶ᠋ᠢᠵᠤ᠂ ᠴᠢᠭᠯᠡᠯ᠎ᠢ ᠵᠢᠭ᠋ᠠᠭᠰᠠᠨ ᠵᠶ᠋ᠠᠷ ᠪᠠᠷᠠᠬᠤ ᠥᠬᠡᠶ ᠪᠠᠰᠠ ᠠᠷᠭ᠎ᠠ ᠵᠠᠮ᠎ᠢ ᠲᠣᠳᠣᠷᠬᠠᠶ᠋ᠢᠯᠠᠵᠤ᠂ ᠪᠥᠬᠥ ᠲᠠᠯ᠎ᠠ ᠵᠢ ᠬᠠᠮᠤᠷᠠᠭᠰᠠᠨ ᠵᠶ᠋ᠠᠷ ᠪᠠᠷᠠᠬᠤ ᠥᠬᠡᠶ ᠪᠠᠰᠠ ᠭᠣᠣᠯᠳᠠᠯᠭ᠎ᠠ ᠵᠢ ᠳᠣᠪᠣᠶ᠋ᠢᠯᠭ᠋ᠠᠵᠤ᠂ ᠠᠯᠢ ᠣᠯᠠᠨ ᠴᠢᠭᠯᠡᠯᠲᠦ ᠴᠢᠨᠠᠷᠲᠠᠶ᠂ ᠦᠨᠳᠦᠰᠦᠨ ᠴᠢᠨᠠᠷᠲᠠᠶ᠂ ᠪᠥᠬᠥ ᠲᠠᠯ᠎ᠠ ᠵᠢᠨ ᠴᠢᠨᠠᠷᠲᠠᠶ ᠠᠰᠠᠭᠤᠳᠠᠯ᠎ᠢ ᠭᠦᠨᠵᠡᠭᠡᠶ ᠲᠣᠳᠣᠷᠬᠠᠶ᠋ᠢᠯᠠᠨ ᠥᠭᠦᠯᠡᠪᠡ᠃
     《ᠤᠯᠤᠰ᠎ᠤᠨ ᠪᠠᠢ᠍ᠢ᠍ᠯᠳᠤᠬᠤ ᠪᠤᠳᠤᠯᠭ᠎ᠠ ᠵᠢᠨ ᠰᠢᠨᠵᠢᠯᠡᠬᠦ ᠤᠬᠠᠭ᠋ᠠᠨ ᠲᠸᠭᠨᠢᠭ ᠮᠡᠷᠭᠡᠵᠢᠯ᠎ᠤᠨ ᠬᠦᠴᠦᠨ᠎ᠢ ᠴᠢᠩᠭ᠋ᠠᠷᠠᠭᠤᠯᠬᠤ》 ᠵᠢ ᠨᠠᠢ᠍ᠮᠠᠨ ᠶᠡᠬᠡ ᠭᠣᠣᠯᠳᠠᠯᠭ᠎ᠠ᠎ᠲᠠᠢ ᠡᠭᠦᠷᠭᠡ ᠵᠢᠨ ᠲᠡᠷᠢᠭᠦᠨ᠎ᠳᠤ ᠲᠠᠯᠪᠢᠪᠠ᠃ ᠡᠭᠦᠨ᠎ᠠᠴᠠ ᠡᠮᠦᠨ᠎ᠡ᠂ 《ᠠᠷᠪᠠᠨ ᠳᠥᠷᠪᠡᠳᠦᠭᠡᠷ ᠲᠠᠪᠤᠨ ᠵᠢᠯ》᠎ᠤᠨ ᠲᠥᠯᠥᠪᠵᠢᠭᠦᠯᠭᠡ ᠵᠢᠨ ᠰᠠᠨᠠᠭᠤᠯᠭ᠎ᠠ᠎ᠳᠤ ᠪᠠᠰᠠ ᠰᠢᠨᠵᠢᠯᠡᠬᠦ ᠤᠬᠠᠭ᠋ᠠᠨ ᠲᠧᠭᠨᠢᠭ ᠮᠡᠷᠭᠡᠵᠢᠯ᠎ᠤᠨ ᠰᠢᠨ᠎ᠡ ᠵᠢ ᠡᠭᠦᠳᠬᠦ ᠵᠢ ᠡᠯ᠎ᠡ ᠵᠦᠢ᠍ᠯ᠎ᠤᠨ ᠡᠭᠦᠷᠭᠡ ᠵᠢᠨ ᠲᠡᠷᠢᠭᠦᠨ ᠪᠠᠶ᠋ᠢᠷᠢᠨ᠎ᠳᠤ ᠲᠠᠯᠪᠢᠪᠠ᠃ ᠡᠳᠦᠷ ᠢᠷᠡᠬᠦᠶ᠎ᠡ ᠰᠢᠷᠦᠭᠦᠰᠴᠦ ᠪᠠᠶ᠋ᠢᠭ᠎ᠠ ᠪᠦᠬᠦ ᠪᠥᠮᠪᠥᠷᠴᠡᠭ᠎ᠤᠨ ᠰᠢᠨᠵᠢᠯᠡᠬᠦ ᠤᠬᠠᠭ᠋ᠠᠨ ᠲᠧᠭᠨᠢᠭ ᠮᠡᠷᠭᠡᠵᠢᠯ᠎ᠤᠨ ᠥᠷᠢᠰᠥᠯᠳᠦᠭᠡᠨ᠎ᠳᠤ ᠬᠠᠨᠳᠤᠭᠤᠯᠵᠤ᠂ ᠬᠤᠷᠠᠯ᠎ᠠᠴᠠ ᠤᠯᠤᠰ᠎ᠨᠢ ᠴᠢᠬᠤᠯᠠ ᠶᠡᠬᠡ ᠰᠢᠨᠵᠢᠯᠡᠬᠦ ᠤᠬᠠᠭ᠋ᠠᠨ ᠲᠸᠭᠨᠢᠭ ᠮᠡᠷᠭᠡᠵᠢᠯ᠎ᠤᠨ ᠰᠢᠨ᠎ᠠ ᠵᠢ ᠡᠭᠦᠳᠬᠦ ᠵᠤᠬᠢᠶᠠᠨ ᠪᠠᠢ᠍ᠢ᠍ᠭᠤᠯᠤᠭᠴᠢ ᠪᠤᠯᠬᠤ ᠦᠢ᠍ᠯᠡᠳᠦᠯ᠎ᠢ ᠭᠦᠢ᠍ᠴᠡᠳ ᠪᠠᠳᠠᠷᠠᠭᠤᠯᠵᠤ᠂ ᠪᠠᠢ᠍ᠢ᠍ᠯᠳᠤᠬᠤ ᠪᠤᠳᠤᠯᠭ᠎ᠠ ᠵᠢᠨ ᠴᠢᠨᠠᠷᠳᠠᠢ ᠬᠡᠷᠡᠭᠴᠡᠭᠡ᠎ᠪᠠᠷ ᠤᠳᠤᠷᠢᠳᠤᠮᠵᠢ ᠪᠤᠯᠭ᠋ᠠᠬᠤ ᠵᠢ ᠪᠠᠷᠢᠮᠳᠠᠯᠠᠵᠤ᠂ ᠰᠢᠨᠵᠢᠯᠡᠬᠦ ᠤᠬᠠᠭ᠋ᠠᠨ ᠲᠸᠭᠨᠢᠭ ᠮᠡᠷᠭᠡᠵᠢᠯ᠎ᠤᠨ ᠰᠢᠨ᠎ᠡ ᠵᠢ ᠡᠭᠦᠳᠬᠦ ᠴᠢᠭᠯᠡᠯ ᠪᠠ ᠭᠤᠤᠯᠳᠠᠯᠭ᠎ᠠ ᠵᠢ ᠲᠤᠭᠳᠠᠭ᠋ᠠᠵᠤ᠂ ᠤᠯᠤᠰ᠎ᠤᠨ ᠬᠦᠭᠵᠢᠯᠳᠡ ᠪᠠ ᠠᠮᠤᠷ ᠲᠦᠪᠰᠢᠨ᠎ᠢ ᠬᠢᠵᠠᠭ᠋ᠠᠷᠯᠠᠵᠤ ᠪᠠᠢ᠍ᠢ᠍ᠭ᠎ᠠ ᠴᠢᠬᠤᠯᠠ ᠶᠡᠬᠡ ᠬᠦᠴᠢᠷ ᠠᠰᠠᠭᠤᠳᠠᠯ᠎ᠢ ᠬᠦᠴᠦᠯᠡᠨ ᠰᠢᠢ᠍ᠳᠪᠦᠷᠢᠯᠡᠵᠦ᠂ ᠴᠢᠳᠠᠪᠤᠷᠢᠲᠠᠨ ᠪᠠ ᠲᠣᠭᠲᠠᠴᠠ ᠭᠡᠬᠦ ᠬᠣᠶᠠᠷ ᠵᠠᠩᠭᠢᠯᠠᠭ᠎ᠠ ᠵᠢᠨ ᠴᠡᠭ᠎ᠢ ᠰᠠᠶ᠋ᠢᠲᠤᠷ ᠠᠳᠬᠤᠬᠤ ᠬᠡᠷᠡᠭᠲᠡᠢ ᠭᠡᠵᠦ ᠴᠢᠬᠤᠯᠠᠴᠢᠯᠠᠪᠠ᠃
      ᠠᠵᠤ ᠦᠢ᠍ᠯᠡᠰ᠎ᠤᠨ ᠬᠡᠯᠬᠢᠶ᠎ᠡ ᠬᠠᠩᠭ᠋ᠠᠯᠭ᠎ᠠ ᠵᠢᠨ ᠬᠡᠯᠬᠢᠶ᠎ᠡ ᠵᠢ ᠠᠮᠤᠷ ᠲᠣᠭᠲᠠᠭᠤᠨ ᠪᠠᠢ᠌ᠯᠭ᠋ᠠᠬᠤ ᠪᠣᠯ ᠰᠢᠨ᠎ᠡ ᠬᠥᠭᠵᠢᠯᠲᠡ ᠵᠢᠨ ᠪᠠᠶ᠋ᠢᠷᠢᠰᠢᠯ᠎ᠢ ᠪᠠᠶ᠋ᠢᠭᠤᠯᠬᠤ ᠵᠢᠨ ᠰᠠᠭᠤᠷᠢ ᠮᠥᠨ᠃ ᠬᠤᠷᠠᠯ᠎ᠠᠴᠠ᠂ ᠵᠠᠩᠭᠢᠯᠠᠭ᠎ᠠ ᠵᠢᠨ ᠭᠤᠤᠯᠯᠠᠭᠴᠢ ᠮᠡᠷᠭᠡᠵᠢᠯ᠎ᠤᠨ ᠰᠢᠪᠲᠤᠯᠤᠯᠲᠠ ᠵᠢᠨ ᠢᠨᠵᠸᠨ᠋ᠸᠷᠢᠩ᠎ᠢ ᠰᠠᠢ᠍ᠢ᠍ᠳᠤᠷ ᠬᠡᠷᠡᠭᠵᠢᠭᠦᠯᠵᠤ᠂ ᠨᠢᠭᠡ ᠪᠦᠯᠦᠭ 《ᠪᠤᠭᠤᠮᠢ》 ᠪᠤᠯᠵᠦ ᠪᠠᠢ᠍ᠢ᠍ᠭ᠎ᠠ ᠠᠰᠠᠭᠤᠳᠠᠯ᠎ᠢ ᠲᠦᠷᠭᠡᠨ ᠰᠢᠢ᠍ᠳᠪᠦᠷᠢᠯᠡᠵᠤ᠂ ᠠᠵᠤ ᠦᠢ᠍ᠯᠡᠰ᠎ᠤᠨ ᠳᠠᠪᠠᠭᠤᠯᠢᠭ ᠬᠦᠷᠢᠶᠡᠨ᠎ᠳᠤ ᠠᠵᠢᠯ ᠵᠶ᠋ᠠᠨ ᠨᠠᠷᠢᠯᠢᠭ ᠬᠢᠵᠤ᠂ ᠨᠡᠩ ᠤᠯᠠᠨ ᠭᠤᠴᠤ ᠮᠡᠷᠭᠡᠵᠢᠯ᠎ᠢ ᠡᠭᠦᠳᠬᠦ ᠬᠡᠷᠡᠭᠳᠠᠢ ᠁ ᠳᠤᠲᠠᠭᠤᠳᠠᠯ ᠲᠠᠯ᠎ᠠ᠎ᠪᠠᠨ ᠨᠥᠬᠥᠪᠥᠷᠢᠯᠡᠨ ᠳᠠᠪᠠᠭᠤᠯᠢᠭ ᠲᠠᠯ᠎ᠠ᠎ᠪᠠᠨ ᠳᠠᠪᠲᠠᠨ ᠪᠣᠯᠪᠠᠰᠤᠷᠠᠭᠤᠯᠵᠤ᠂ ᠣᠨᠤᠴᠢᠲᠠᠢ᠎ᠪᠠᠷ ᠠᠷᠭ᠎ᠠ ᠪᠤᠳᠤᠯᠭ᠎ᠠ ᠬᠡᠷᠡᠭᠵᠢᠭᠦᠯᠬᠦ ᠬᠡᠷᠡᠭᠲᠡᠢ ᠭᠡᠵᠦ ᠳᠤᠷᠠᠳᠪᠠ᠃



      ᠭᠢᠷᠢᠨ ᠮᠣᠵᠢ ᠵᠢᠨ ᠭᠢᠷᠢᠨ ᠬᠣᠲᠠ ᠵᠢᠨ ᠶᠦᠩ ᠵᠢᠢ ᠰᠢᠶᠠᠨ᠎ᠤ ᠢ ᠯᠠ ᠰᠢ ᠪᠠᠯᠭ᠋ᠠᠰᠤ ᠵᠢᠨ ᠵᠢᠦ ᠶᠤᠸᠠᠢ ᠹᠧᠩ ᠭᠡᠷ ᠪᠦᠯᠢ ᠵᠢᠨ ᠲᠠᠷᠢᠶᠠᠯᠠᠩ᠎ᠤᠨ ᠲᠠᠯᠠᠪᠠᠢ᠎ᠳᠤ᠂ ᠠᠵᠢᠯᠲᠠᠳ ᠲᠤᠷᠰᠢᠯᠲᠠ ᠵᠢᠨ ᠲᠠᠰᠤᠭ᠎ᠲᠤ ᠨᠢᠭᠡ ᠪᠦᠯᠦᠭ ᠲᠤᠷᠰᠢᠨ ᠲᠠᠷᠢᠭᠰᠠᠨ ᠤᠰᠤᠨ ᠳᠤᠲᠤᠷᠭ᠎ᠠ ᠵᠢᠨ ᠭᠠᠳᠠᠷ ᠪᠠᠢ᠌ᠳᠠᠯ᠎ᠢ ᠰᠢᠯᠭ᠋ᠠᠨ ᠪᠠᠢ᠌ᠴᠠᠭ᠋ᠠᠵᠤ ᠪᠠᠢ᠌ᠭ᠎ᠠ᠎ᠨᠢ᠃ (8 ᠰᠠᠷ᠎ᠠ ᠵᠢᠨ 12᠎ᠤᠨ ᠡᠳᠦᠷ ᠰᠡᠭᠦᠳᠡᠷᠯᠡᠪᠡ)᠃ ᠰᠢᠨᠬᠤᠸᠠ ᠬᠣᠷᠢᠶᠠᠨ᠎ᠤ ᠰᠣᠷᠪᠤᠯᠵᠢᠯᠠᠭᠴᠢ ᠰᠢᠤᠢ ᠴᠠᠩ ᠰᠡᠭᠦᠳᠡᠷᠯᠡᠪᠡ


     《ᠦᠷ᠎ᠡ ᠪᠠ ᠲᠠᠷᠢᠶᠠᠨ ᠭᠠᠵᠠᠷ᠎ᠤᠨ ᠠᠰᠠᠭᠤᠳᠠᠯ》᠎ᠢ ᠤᠷᠢᠳᠤ ᠭᠠᠷᠤᠭ᠎ᠠ ᠤᠢ᠍ᠭᠡᠢ ᠴᠢᠬᠤᠯᠠᠴᠢᠯᠠᠨ ᠦᠵᠡᠪᠡ᠃ ᠠᠮᠤ ᠪᠤᠳᠠᠭ᠋ᠠᠨ᠎ᠤ ᠠᠮᠤᠷ ᠲᠦᠪᠰᠢᠨ᠎ᠢ ᠪᠠᠲᠤᠯᠠᠬᠤ ᠪᠠᠶ᠋ᠢᠯᠳᠤᠬᠤ ᠪᠣᠳᠣᠯᠭ᠎ᠠ ᠵᠢᠨ ᠲᠠᠯ᠎ᠠ᠎ᠠᠴᠠ᠂ ᠬᠤᠷᠠᠯ᠎ᠠᠴᠠ ᠦᠷ᠎ᠡ ᠵᠢᠨ ᠡᠬᠢ ᠰᠤᠷᠪᠤᠯᠵᠢ ᠵᠢᠨ 《ᠪᠤᠭᠤᠮᠢ》 ᠪᠤᠯᠵᠦ ᠪᠠᠢ᠍ᠢ᠍ᠭ᠎ᠠ ᠮᠡᠷᠭᠡᠵᠢᠯ᠎ᠤᠨ ᠰᠢᠪᠳᠤᠯᠤᠯᠳᠠ ᠵᠢ ᠦᠷᠨᠢᠭᠦᠯᠵᠤ᠂ ᠦᠷ᠎ᠠ ᠵᠢᠨ ᠦᠢ᠍ᠯᠡᠰ᠎ᠤᠨ ᠬᠤᠪᠢᠰᠤᠯᠲᠠ ᠵᠢᠨ ᠲᠠᠢ᠌ᠨ᠎ᠢ ᠵᠤᠷᠢᠭᠳᠠᠢ ᠬᠢᠬᠦ ᠬᠡᠷᠡᠭᠳᠠᠢ᠂ 18 ᠳ᠋ᠦᠩᠰᠢᠭᠤᠷ ᠮᠦ᠍ ᠲᠠᠷᠢᠶᠠᠨ ᠭᠠᠵᠠᠷ᠎ᠤᠨ ᠤᠯᠠᠭ᠋ᠠᠨ ᠱᠤᠭᠤᠮ᠎ᠢ ᠪᠠᠳᠤ ᠰᠠᠬᠢᠵᠤ᠂ ᠲᠠᠷᠢᠶᠠᠨ ᠭᠠᠵᠠᠷ᠎ᠢ 《ᠲᠠᠷᠢᠶᠠᠯᠠᠩ᠎ᠤᠨ ᠪᠤᠰᠤ》 ᠪᠣᠯᠭ᠋ᠠᠬᠤ ᠵᠢ ᠡᠷᠡᠰ ᠬᠣᠷᠢᠭᠯᠠᠨ᠂ 《ᠠᠮᠤ ᠪᠤᠳᠠᠭ᠋ᠠᠨ᠎ᠤ ᠪᠤᠰᠤ》 ᠪᠤᠯᠭ᠋ᠠᠬᠤ ᠵᠢ ᠡᠷᠡᠰ ᠰᠡᠷᠭᠡᠢ᠍ᠢ᠍ᠯᠡᠵᠤ᠂ ᠲᠠᠷᠢᠶᠠᠨ ᠭᠠᠵᠠᠷ᠎ᠤᠨ ᠡᠵᠡᠯᠡᠯᠲᠡ ᠨᠦᠬᠦᠪᠦᠷᠢ ᠵᠢ ᠲᠡᠩᠴᠡᠭᠦᠷᠢᠳᠠᠢ ᠪᠤᠯᠭ᠋ᠠᠬᠤ ᠵᠢ ᠵᠢᠷᠤᠮᠵᠢᠭᠤᠯᠬᠤ ᠬᠡᠷᠡᠭᠳᠠᠢ ᠭᠡᠵᠦ ᠴᠢᠬᠤᠯᠠᠴᠢᠯᠠᠪᠠ᠃
     《ᠭᠠᠭᠴᠠᠭ᠋ᠠᠷ ᠡᠵᠡᠮᠰᠢᠯ᠎ᠢ ᠡᠰᠡᠷᠭᠦᠴᠡᠬᠦ ᠪᠠ ᠬᠦᠷᠦᠩᠭᠡ ᠵᠢᠨ ᠡᠮᠬᠢ ᠵᠠᠮᠪᠠᠷᠠᠭ᠎ᠠ ᠦᠭᠡᠢ ᠦᠷᠭᠡᠳᠬᠦ ᠵᠢ ᠬᠣᠷᠢᠭᠯᠠᠨ ᠵᠣᠭᠰᠤᠭ᠋ᠠᠬᠤ ᠵᠢ ᠴᠢᠩᠭ᠋ᠠᠳᠬᠠᠬᠤ》᠎ᠨᠢ ᠠᠯᠤᠰ ᠬᠡᠲᠦ ᠵᠢᠨ ᠬᠣᠯᠪᠤᠭᠳᠠᠯ᠎ᠲᠠᠢ ᠪᠠᠢ᠌ᠵᠤ᠂ ᠤᠯᠠᠨ᠎ᠤ ᠠᠩᠬᠠᠷᠤᠯ᠎ᠢ ᠥᠷᠭᠡᠨ ᠵᠶ᠋ᠠᠷ ᠲᠠᠲᠠᠵᠤ ᠪᠠᠶ᠋ᠢᠨ᠎ᠠ᠃ ᠬᠤᠷᠠᠯ᠎ᠠᠴᠠ᠂ ᠭᠠᠭᠴᠠᠭ᠋ᠠᠷ ᠡᠵᠡᠮᠰᠢᠯ᠎ᠢ ᠡᠰᠡᠷᠭᠦᠴᠡᠬᠦ᠂ ᠲᠦᠪ ᠪᠤᠰᠤ ᠦᠷᠢᠰᠦᠯᠲᠦᠭᠡᠡ᠎ᠢ ᠡᠰᠡᠷᠭᠦᠴᠡᠬᠦ ᠪᠤᠯ ᠨᠡᠢ᠍ᠢ᠍ᠭᠡᠮ ᠵᠢᠷᠤᠮ᠎ᠤᠨ ᠵᠠᠬ᠎ᠠ ᠲᠡᠯᠭᠡᠭᠦᠷ᠎ᠤᠨ ᠠᠵᠦ ᠠᠬᠤᠢ ᠵᠢᠨ ᠪᠠᠢ᠍ᠢ᠍ᠭᠤᠯᠤᠮᠵᠢ ᠵᠢ ᠪᠦᠷᠢᠨᠰᠢᠭᠦᠯᠵᠤ᠂ ᠴᠢᠨᠠᠷ ᠰᠠᠢ᠍ᠢ᠍ᠲᠠᠢ ᠬᠦᠭᠵᠢᠯᠲᠠ ᠵᠢ ᠠᠬᠢᠭᠤᠯᠬᠤ ᠲᠤᠲᠤᠭ᠋ᠠᠲᠤ ᠱᠠᠭ᠋ᠠᠷᠲᠠᠯᠭ᠎ᠠ ᠮᠦᠨ ᠭᠡᠵᠦ ᠲᠣᠳᠤᠷᠬᠠᠢ ᠵᠢᠭ᠋ᠠᠵᠤ ᠭᠠᠷᠭ᠋ᠠᠪᠠ᠃ ᠤᠯᠤᠰ᠎ᠠᠴᠠ ᠲᠠᠪᠴᠠᠩᠳᠦ ᠠᠵᠦ ᠠᠬᠤᠢ᠍ᠢ᠍ᠯᠠᠯ᠎ᠤᠨ ᠰᠢᠨ᠎ᠠ ᠵᠢ ᠡᠭᠦᠳᠴᠤ ᠬᠦᠭᠵᠢᠬᠦ ᠵᠢ᠎ᠨᠢ ᠳᠡᠮᠵᠢᠬᠦ᠂ ᠤᠯᠠᠠ ᠤᠯᠤᠰ᠎ᠤᠨ ᠦᠷᠢᠰᠦᠯᠲᠦᠬᠦ ᠬᠦᠴᠦᠨ᠎ᠢ ᠴᠢᠩᠭ᠋ᠠᠳᠬᠠᠬᠤ ᠵᠢ ᠲᠣᠳᠤᠷᠬᠠᠢ᠌ᠯᠠᠭᠰᠠᠨ᠎ᠤ ᠬᠠᠮᠲᠤ ᠳᠦᠷᠢᠮ ᠲᠤᠭᠲᠠᠭ᠋ᠠᠯ᠎ᠢ ᠴᠢᠩᠭ᠋ᠠᠳᠬᠠᠠ᠂ ᠬᠢᠨᠠᠯᠲᠠ ᠬᠠᠮᠢᠶᠠᠷᠤᠯᠲᠠ ᠵᠢᠨ ᠴᠢᠲᠠᠪᠤᠷᠢ ᠵᠢ ᠲᠡᠭᠡᠭᠰᠢᠯᠡᠭᠦᠯᠵᠦ᠂ ᠭᠠᠭᠴᠠᠭ᠋ᠠᠷ ᠡᠵᠡᠮᠰᠢᠯ ᠪᠠ ᠲᠦᠪ ᠪᠤᠰᠤ ᠦᠷᠢᠰᠦᠯᠲᠦᠭᠡᠡ᠎ᠤ ᠠᠵᠢᠯᠯᠠᠭ᠎ᠠ ᠵᠢ ᠡᠷᠡᠰ ᠡᠰᠡᠷᠭᠦᠴᠡᠬᠦ ᠵᠢ ᠴᠢᠩᠭ᠋ᠠᠳᠬᠠᠬᠤ ᠬᠡᠷᠡᠭᠲᠡᠢ ᠭᠡᠪᠡ᠃
     《ᠶᠡᠬᠡ ᠬᠤᠳᠠ ᠵᠢᠨ ᠣᠷᠣᠨ ᠰᠠᠭᠤᠴᠠ ᠵᠢᠨ ᠲᠤᠪᠤᠢ᠍ᠢ᠍ᠮ᠎ᠠ ᠠᠰᠠᠭᠤᠳᠠᠯ᠎ᠢ ᠰᠠᠶ᠋ᠢᠲᠤᠷ ᠰᠢᠢ᠍ᠳᠪᠦᠷᠢᠯᠡᠬᠦ》᠎ᠨᠢ ᠠᠷᠠᠳ ᠤᠯᠠᠨ᠎ᠤ ᠪᠤᠶᠠᠨ ᠵᠢᠷᠭ᠋ᠠᠯ᠎ᠲᠠᠢ ᠬᠣᠯᠪᠣᠭᠳᠠᠨ᠎ᠠ᠃ ᠡᠨᠡ ᠤᠳᠠᠭ᠎ᠠ ᠵᠢᠨ ᠬᠤᠷᠠᠯ᠎ᠠᠴᠠ 《ᠭᠡᠷ ᠪᠠᠢ᠌ᠰᠢᠩ᠎ᠨᠢ ᠰᠠᠭᠤᠬᠤ᠎ᠳᠤ ᠵᠣᠷᠢᠭᠤᠯᠤᠭᠰᠠᠨ ᠶᠤᠮ ᠰᠠᠷᠢᠭ᠋ᠠᠯᠠᠬᠤ᠎ᠳᠤ ᠵᠣᠷᠢᠭᠤᠯᠤᠭᠰᠠᠨ ᠪᠢᠰᠢ》 ᠭᠡᠳᠡᠭ ᠲᠦᠷᠦ ᠵᠢᠨ ᠪᠤᠳᠤᠯᠭ᠎ᠠ ᠵᠢᠨ ᠪᠠᠶ᠋ᠢᠷᠢ ᠲᠣᠭᠲᠠᠭ᠋ᠠᠯᠲᠠ ᠵᠢ ᠪᠠᠷᠢᠮᠲᠠᠯᠠᠬᠤ ᠵᠢᠨ ᠬᠠᠮᠲᠤ ᠤᠢ᠍ᠢ᠍ᠷ᠎ᠠ ᠵᠢᠨ ᠬᠤᠭᠤᠴᠠᠭ᠋ᠠᠨ᠎ᠤ 《ᠳ᠋ᠠᠨ ᠺᠧ ᠨᠡᠶ᠋ᠢᠲᠡ ᠵᠢᠨ ᠰᠠᠭᠤᠴᠠ》 ᠵᠡᠷᠭᠡ ᠠᠰᠠᠭᠤᠳᠠᠯ᠎ᠳᠤ ᠣᠨᠤᠴᠢᠲᠠᠢ ᠴᠢᠭᠯᠡᠭᠦᠯᠵᠦ᠂ ᠭᠡᠷ ᠪᠠᠢ᠍ᠢ᠍ᠰᠢᠩ᠎ᠢ 《ᠤᠷᠲᠤ ᠬᠤᠭᠤᠴᠠᠭ᠎ᠠ᠎ᠪᠠᠷ ᠲᠦᠷᠢᠶᠡᠰᠦᠯᠡᠬᠦ ᠲᠦᠷᠦ ᠵᠢᠨ ᠪᠤᠲᠤᠯᠭ᠎ᠠ ᠵᠢ ᠲᠦᠷᠭᠡᠡ ᠪᠦᠷᠢᠨᠰᠢᠭᠦᠯᠵᠦ᠂ ᠲᠦᠷᠢᠶᠡᠰᠦᠯᠡᠬᠦ ᠬᠤᠲᠠᠯᠲᠤᠨ ᠠᠪᠬᠤ ᠤᠷᠤᠨ ᠰᠠᠭᠤᠴᠠ ᠵᠢ ᠠᠯᠬᠤᠮ ᠠᠯᠬᠤᠮ ᠵᠶ᠋ᠠᠷ ᠤᠯᠠᠠ ᠨᠡᠢ᠍ᠢ᠍ᠲᠡ ᠵᠢᠨ ᠦᠢ᠍ᠯᠡᠴᠢᠯᠡᠭᠡ ᠵᠢ ᠡᠳ᠋ᠯᠡᠬᠦ ᠲᠠᠯ᠎ᠠ᠎ᠪᠠᠷ ᠡᠷᠭᠡ ᠲᠡᠭᠰᠢ ᠡᠷᠭᠡ᠎ᠲᠠᠢ ᠪᠤᠯᠭ᠋ᠠᠵᠦ᠂ ᠤᠷᠲᠤ ᠬᠤᠭᠤᠴᠠᠭ᠎ᠠ᠎ᠪᠠᠷ ᠲᠦᠷᠢᠶᠡᠰᠦᠯᠡᠬᠦ ᠭᠡᠷ ᠪᠠᠢ᠍ᠢ᠍ᠰᠢᠩ᠎ᠤᠨ ᠵᠠᠬ᠎ᠠ ᠲᠡᠯᠭᠡᠬᠦᠷ᠎ᠤᠨ ᠬᠦᠭᠵᠢᠯᠲᠠ ᠵᠢ ᠵᠢᠷᠤᠮᠵᠢᠭᠤᠯᠬᠤ ᠭᠡᠷᠡᠭᠲᠡᠢ》 ᠭᠡᠵᠦ ᠲᠣᠳᠤᠷᠬᠠᠢ ᠳᠤᠷᠠᠳᠤᠨ ᠭᠠᠷᠭ᠋ᠠᠪᠠ᠃
      ᠳᠣᠲᠣᠭ᠋ᠠᠳᠤ ᠬᠡᠷᠡᠭᠴᠡᠭᠡ ᠵᠢ ᠥᠷᠭᠡᠳᠬᠡᠬᠦ ᠡᠨᠡ ᠬᠦ᠌ ᠪᠠᠶ᠋ᠢᠯᠳᠤᠬᠤ ᠪᠤᠳᠤᠯᠭ᠎ᠠ ᠵᠢᠨ ᠰᠠᠭᠤᠷᠢ ᠴᠡᠭ᠎ᠢ ᠪᠠᠷᠢᠮᠲᠠᠯᠠᠵᠤ᠂ ᠥᠭᠡᠷᠡᠴᠢᠯᠡᠯᠲᠡ ᠨᠡᠭᠡᠭᠡᠯᠳᠠ ᠵᠢ ᠪᠦᠬᠦ ᠲᠠᠯ᠎ᠠ᠎ᠪᠠᠷ ᠲᠦᠯᠬᠢᠨ ᠠᠬᠢᠭᠤᠯᠵᠤ᠂ ᠨᠡᠭᠦᠷᠡᠰᠦᠲᠥ᠋ᠷᠥᠭᠴᠢ ᠵᠢ ᠤᠷᠬᠢᠯ᠎ᠳᠤ ᠬᠦᠷᠭᠡᠬᠦ᠂ ᠨᠡᠭᠦᠷᠡᠰᠦᠲᠥ᠋ᠷᠥᠭᠴᠢ ᠵᠢ ᠰᠠᠭ᠋ᠠᠷᠮᠠᠭᠵᠢᠭᠤᠯᠬᠤ ᠠᠵᠢᠯ᠎ᠢ ᠰᠠᠶ᠋ᠢᠲᠤᠷ ᠬᠢᠬᠦ ᠬᠡᠷᠡᠭᠲᠡᠢ᠃



      ᠡᠨᠡ ᠪᠣᠯ ᠾᠧᠪᠧᠢ ᠮᠣᠵᠢ ᠵᠢᠨ ᠸᠧᠢ ᠰᠢᠶᠠᠨ᠎ᠤ ᠨᠢᠭᠡ ᠰᠠᠯᠬᠢᠨ ᠬᠦᠴᠦᠨ᠎ᠤ ᠴᠠᠬᠢᠯᠭ᠋ᠠᠨ᠎ᠤ ᠲᠦᠬᠦᠭᠡᠷᠦᠮᠵᠢ ᠦᠢ᠍ᠯᠡᠳᠪᠦᠷᠢᠯᠡᠬᠦ ᠠᠵᠤ ᠠᠬᠤᠢ᠌ᠯᠠᠯ᠎ᠳᠠᠬᠢ ᠲᠣᠮᠤ ᠬᠡᠯᠪᠡᠷᠢ ᠵᠢᠨ ᠰᠠᠯᠬᠢᠨ ᠬᠦᠴᠦᠨ᠎ᠤ ᠴᠠᠬᠢᠯᠭ᠋ᠠᠨ᠎ᠤ ᠮᠠᠰᠢᠨ ᠪᠦᠯᠦᠭ᠎ᠤᠨ ᠰᠡᠩᠰᠡ ᠪᠣᠯᠤᠨ᠎ᠠ᠃ (12 ᠰᠠᠷ᠎ᠠ ᠵᠢᠨ 8᠎ᠤ ᠡᠳᠦᠷ ᠰᠡᠭᠦᠳᠡᠷᠯᠡᠪᠡ᠂ ᠵᠢᠯᠤᠭᠣᠴᠢ ᠦᠭᠡᠢ ᠨᠢᠰᠭᠡᠯ ᠵᠶ᠋ᠡᠷ ᠰᠡᠭᠦᠳᠡᠷᠯᠡᠭᠰᠡᠨ ᠰᠡᠭᠦᠳᠡᠷ)᠃ ᠰᠢᠨᠬᠤᠸᠠ ᠬᠣᠷᠢᠶᠠᠨ᠎ᠤ ᠰᠣᠷᠪᠤᠯᠵᠢᠯᠠᠭᠴᠢ ᠮᠧᠦ ᠢᠦᠢ ᠰᠡᠭᠦᠳᠡᠷᠯᠡᠪᠡ


      ᠡᠳᠡᠭᠡᠷ ᠠᠯᠢ ᠤᠯᠠᠨ ᠭᠣᠣᠯᠳᠠᠯᠭ᠎ᠠ᠎ᠲᠠᠢ ᠡᠭᠦᠷᠭᠡ᠎ᠨᠢ ᠠᠰᠠᠭᠤᠳᠠᠯ ᠵᠶ᠋ᠠᠷ ᠤᠳᠤᠷᠢᠳᠤᠮᠵᠢ ᠪᠣᠯᠭ᠋ᠠᠬᠤ ᠪᠠ ᠬᠠᠷᠠᠯᠲᠠ᠎ᠪᠠᠷ ᠤᠳᠤᠷᠢᠳᠤᠮᠵᠢ ᠪᠣᠯᠭ᠋ᠠᠬᠤ ᠵᠢ ᠪᠠᠷᠢᠮᠲᠠᠯᠠᠵᠤ᠂ ᠨᠡᠶ᠋ᠢᠭᠡᠮ᠎ᠤᠨ ᠠᠩᠬᠠᠷᠤᠯ ᠲᠠᠯᠪᠢᠵᠤ ᠪᠠᠶ᠋ᠢᠭ᠎ᠠ ᠠᠰᠠᠭᠤᠳᠠᠯ᠎ᠳᠤ ᠡᠷᠴᠢᠮᠲᠡᠢ ᠬᠠᠷᠢᠭᠤᠯᠲᠠ ᠥᠭᠴᠡᠢ᠃
      ᠳᠤᠭᠤᠶ᠋ᠢᠯᠠᠩ ᠬᠤᠪᠢᠶᠠᠨ ᠶᠠᠷᠢᠯᠴᠠᠬᠤ ᠳᠤᠮᠳᠠ᠂ ᠬᠤᠷᠠᠯ᠎ᠳᠤ ᠣᠷᠣᠯᠴᠠᠭᠰᠠᠨ ᠨᠥᠬᠥᠳ ᠶᠡᠷᠦᠩᠬᠡᠶ ᠱᠦᠵᠢ ᠰᠢ ᠵᠢᠨ ᠫᠢᠩ᠎ᠤᠨ ᠴᠢᠬᠤᠯᠠ ᠶᠠᠷᠢᠶ᠎ᠠ ᠪᠣᠯᠤᠨ ᠪᠠᠶ᠋ᠢᠷᠢᠯᠠᠭᠤᠯᠤᠯᠲᠠ ᠡᠭᠦᠷᠭᠡ ᠵᠢᠨ ᠲᠣᠭᠣᠷᠢᠨ᠎ᠳᠤ ᠢᠳᠡᠪᠬᠢᠲᠡᠶ᠎ᠪᠠᠷ ᠶᠠᠷᠢᠶ᠎ᠠ ᠲᠠᠯᠪᠢᠵᠤ᠂ ᠲᠣᠰ ᠲᠣᠰ᠎ᠤᠨ ᠲᠤᠰᠬᠠᠶ ᠮᠡᠷᠭᠡᠵᠢᠯ᠎ᠤᠨ ᠬᠠᠷᠠᠭ᠋ᠠᠰᠤ᠎ᠠᠴᠠ ᠲ᠋ᠠᠷᠠᠭ᠎ᠠ ᠵᠢᠯ᠎ᠤᠨ ᠠᠵᠤ ᠠᠬᠤᠶ ᠵᠢᠨ ᠠᠵᠢᠯ᠎ᠤᠨ ᠭᠣᠣᠯᠳᠠᠯᠭ᠎ᠠ᠎ᠲᠠᠢ ᠡᠭᠦᠷᠭᠡ ᠵᠢ ᠬᠡᠷᠬᠢᠨ ᠰᠠᠶ᠋ᠢᠲᠤᠷ ᠨᠠᠶ᠋ᠢᠳᠠᠪᠤᠷᠢᠵᠢᠭᠤᠯᠬᠤ ᠲᠤᠬᠠᠶ ᠠᠭᠤᠵᠢᠷᠠᠲᠠᠯ᠎ᠠ ᠶᠠᠷᠢᠯᠴᠠᠵᠤ᠂ ᠬᠤᠷᠠᠯ᠎ᠤᠨ ᠲᠠᠯᠠᠪᠠᠶ ᠬᠥᠷ ᠬᠥᠭᠵᠢᠶᠡᠨ ᠵᠶ᠋ᠠᠷ ᠪᠢᠯᠬᠠᠵᠤ ᠪᠠᠶ᠋ᠢᠯ᠎ᠠ᠃
      ᠬᠤᠷᠠᠯ᠎ᠳᠤ ᠣᠷᠣᠯᠴᠠᠭᠰᠠᠨ ᠨᠥᠬᠥᠳ᠎ᠠᠴᠠ ᠢᠯᠡᠳᠬᠡᠬᠦ᠎ᠳᠤ᠎ᠪᠠᠨ ᠶᠡᠷᠦᠩᠬᠡᠶ ᠱᠦᠵᠢ ᠰᠢ ᠵᠢᠨ ᠫᠢᠩ᠎ᠤᠨ ᠴᠢᠬᠤᠯᠠ ᠶᠠᠷᠢᠶ᠎ᠠ᠎ᠨᠢ ᠨᠠᠷᠢᠨ ᠪᠤᠳᠤᠯᠢᠶᠠᠨᠲᠠᠶ ᠪᠠᠶ᠋ᠢᠳᠠᠯ᠎ᠤᠨ ᠲᠤᠬᠠᠢ ᠰᠢᠨᠵᠢᠯᠡᠬᠦ ᠤᠬᠠᠭ᠋ᠠᠨᠴᠢ ᠡᠵᠡᠮᠳᠡᠯ᠂ ᠬᠥᠭᠵᠢᠯᠲᠡ ᠵᠢᠨ ᠵᠢᠮ᠎ᠡ ᠶᠣᠰᠣ ᠵᠢᠨ ᠲᠤᠬᠠᠢ ᠭᠦᠨᠵᠡᠭᠡᠶ ᠠᠵᠢᠭᠯᠠᠯᠲᠠ᠂ ᠬᠥᠭᠵᠢᠯᠲᠡ ᠵᠢᠨ ᠬᠠᠷᠠᠯᠲᠠ ᠵᠢᠨ ᠲᠤᠬᠠᠢ ᠣᠨᠤᠴᠢᠲᠠᠢ ᠲᠦᠯᠦᠪᠯᠡᠭᠡ ᠵᠢ ᠲᠤᠰᠬᠠᠵᠤ᠂ ᠴᠢᠨᠠᠷ ᠰᠠᠶ᠋ᠢᠲᠠᠶ ᠬᠥᠭᠵᠢᠯᠲᠡ ᠵᠢ ᠪᠥᠬᠥ ᠲᠠᠯ᠎ᠠ᠎ᠪᠠᠷ ᠠᠬᠢᠭᠤᠯᠬᠤ᠎ᠳᠤ ᠦᠨᠳᠦᠰᠦᠨ ᠵᠢᠷᠤᠮᠯᠠᠯ ᠬᠠᠩᠭ᠋ᠠᠵᠤ᠂ ᠳᠠᠷᠠᠭ᠎ᠠ ᠵᠢᠯ᠎ᠤᠨ ᠰᠢᠨ᠎ᠡ ᠬᠥᠭᠵᠢᠯᠲᠡ ᠵᠢᠨ ᠪᠠᠶ᠋ᠢᠷᠢᠰᠢᠯ᠎ᠢ ᠪᠠᠶ᠋ᠢᠭᠤᠯᠬᠤ᠎ᠳᠤ

《ᠠᠩᠬᠠᠨ᠎ᠤ ᠠᠯᠬᠤᠮ᠎ᠢ ᠰᠠᠶ᠋ᠢᠲᠤᠷ ᠠᠯᠬᠤᠵᠤ᠂ ᠰᠢᠨ᠎ᠡ ᠳᠦᠷᠰᠦ ᠪᠠᠶ᠋ᠢᠳᠠᠯ᠎ᠢ ᠨᠡᠭᠡᠭᠡᠬᠦ》 ᠴᠢᠭᠯᠡᠯ᠎ᠢ ᠲᠣᠳᠣᠷᠬᠠᠶ ᠵᠢᠭ᠋ᠠᠵᠤ ᠥᠭᠴᠡᠶ ᠭᠡᠪᠡ᠃



     12 ᠰᠠᠷ᠎ᠠ ᠵᠢᠨ 11᠎ᠤ ᠡᠳᠦᠷ᠂ ᠾᠧᠪᠧᠢ ᠮᠣᠵᠢ ᠵᠢᠨ ᠨᠠᠨ ᠾᠧ ᠰᠢᠶᠠᠨ᠎ᠤ ᠵᠢᠶᠠ ᠰᠦᠩ ᠪᠠᠯᠭ᠋ᠠᠰᠤ ᠵᠢᠨ ᠨᠢᠭᠡᠨ ᠣᠳᠣᠬᠢᠴᠢᠯᠠᠭᠰᠠᠨ ᠲᠠᠷᠢᠶᠠᠯᠠᠩ᠎ᠤᠨ ᠵᠢᠱ᠌ᠢᠶ᠎ᠡ ᠦᠵᠡᠭᠦᠯᠬᠦ ᠲᠣᠭᠤᠷᠢᠭ᠎ᠤᠨ ᠠᠵᠢᠯᠴᠢᠨ ᠤᠶᠤᠨᠲᠤ ᠬᠦᠯᠡᠮᠵᠢ᠎ᠳᠤ ᠠᠵᠢᠯᠯᠠᠵᠤ ᠪᠠᠢ᠌ᠭ᠎ᠠ᠎ᠨᠢ᠃ ᠰᠢᠨᠬᠤᠸᠠ ᠬᠣᠷᠢᠶᠠᠨ᠎ᠤ ᠰᠣᠷᠪᠤᠯᠵᠢᠯᠠᠭᠴᠢ ᠵᠣ᠌ ᠰᠢᠦᠢ ᠳ᠋ᠦᠩ ᠰᠡᠭᠦᠳᠡᠷᠯᠡᠪᠡ


      ᠭᠣᠣᠯ ᠲᠤᠯᠭ᠋ᠠᠭᠤᠷᠢᠯᠠᠬᠤ ᠬᠦᠴᠦᠨ— ᠲᠦᠭ ᠲᠦᠮᠡᠨ ᠵᠶ᠋ᠠᠷ ᠵᠶ᠋ᠠᠨ ᠰᠡᠳᠬᠢᠯ ᠠᠯᠬᠤᠭ᠎ᠠ᠎ᠪᠠᠨ ᠨᠢᠭᠡᠳᠬᠡᠵᠦ᠂ ᠨᠠᠮ᠎ᠤᠨ ᠠᠵᠤ ᠠᠬᠤᠢ ᠵᠢᠨ ᠠᠵᠢᠯ᠎ᠳᠠᠬᠢ ᠪᠦᠬᠦ ᠲᠠᠯ᠎ᠠ ᠵᠢᠨ ᠤᠳᠤᠷᠢᠳᠤᠯᠭ᠎ᠠ ᠵᠢ ᠴᠢᠩᠭ᠋ᠠᠳᠬᠠᠨ᠂ ᠦᠨᠡᠨ ᠬᠦ᠌ ᠠᠳᠬᠤᠵᠤ ᠰᠢᠷᠭ᠋ᠠᠭᠤ ᠠᠵᠢᠯᠯᠠᠨ ᠡᠯ᠎ᠡ ᠵᠦᠢ᠍ᠯ᠎ᠤᠨ ᠰᠢᠢ᠍ᠳᠪᠦᠷᠢᠲᠦ ᠪᠤᠳᠤᠯᠭ᠎ᠠ ᠵᠢᠨ ᠪᠠᠶ᠋ᠢᠷᠢᠯᠠᠭᠤᠯᠤᠯᠲᠠ ᠵᠢ ᠠᠵᠤ ᠠᠬᠤᠢ ᠵᠢᠨ ᠠᠵᠢᠯ᠎ᠤᠨ ᠡᠯ᠎ᠡ ᠲᠠᠯ᠎ᠠ᠎ᠳᠤ ᠲᠤᠭᠤᠰᠢᠯᠠᠭᠤᠯᠬᠤ ᠬᠡᠷᠡᠭᠲᠡᠢ
      ᠰᠢᠨ᠎ᠡ ᠠᠶᠠᠯᠠᠯ᠎ᠢ ᠡᠬᠢᠯᠡᠭᠦᠯᠬᠦ᠎ᠳᠤ ᠶᠠᠭᠤᠨ᠎ᠳᠤ ᠲᠥᠰᠢᠭᠯᠡᠵᠦ᠂ ᠲᠤᠬᠰᠢᠨ ᠳᠠᠪᠠᠯᠭ᠋ᠠᠨ ᠰᠢᠷᠦᠭᠦᠨ ᠤᠷᠤᠰᠬᠠᠯ᠎ᠢ ᠠᠷᠭ᠋ᠠᠴᠠᠭ᠋ᠠᠵᠤ ᠴᠤᠴᠠᠯᠲᠠ ᠦᠭᠡᠢ ᠤᠷᠤᠭᠰᠢᠯᠠᠬᠤ ᠪᠤᠢ?
      ᠨᠠᠮ᠎ᠤᠨ ᠤᠳᠤᠷᠢᠳᠤᠯᠭ᠎ᠠ ᠪᠣᠯ ᠨᠠᠮ ᠪᠠ ᠤᠯᠤᠰ ᠣᠷᠣᠨ᠎ᠤ ᠡᠯ᠎ᠡ ᠵᠦᠢ᠍ᠯ᠎ᠤᠨ ᠠᠵᠢᠯ᠎ᠢ ᠰᠠᠶ᠋ᠢᠲᠤᠷ ᠬᠢᠬᠦ ᠵᠢᠨ ᠦᠨᠳᠦᠰᠦᠨ ᠪᠠᠲᠤᠯᠠᠭ᠎ᠠ ᠮᠥᠨ᠂ ᠠᠯᠢᠪᠠ ᠬᠦᠴᠢᠷ ᠪᠡᠷᠬᠡᠰᠢᠶᠡᠯ ᠪᠠ ᠠᠶᠤᠯ ᠲᠦᠭᠰᠢᠭᠦᠷᠢ ᠵᠢ ᠢᠯᠠᠨ ᠳᠠᠪᠠᠬᠤ ᠵᠢᠨ

《ᠷᠢᠳᠢ ᠰᠢᠳᠢ》 ᠮᠥᠨ᠃
      ᠶᠡᠷᠦᠩᠬᠡᠢ ᠱᠦᠵᠢ ᠰᠢ ᠵᠢᠨ ᠫᠢᠩ ᠡᠨᠡ ᠤᠳᠠᠭ᠎ᠠ ᠵᠢᠨ ᠬᠤᠷᠠᠯ ᠳᠡᠭᠡᠷ᠎ᠡ ᠴᠢᠬᠤᠯᠠᠴᠢᠯᠠᠭᠰᠠᠨ᠎ᠨᠢ᠂ ᠰᠢᠨ᠎ᠡ ᠬᠥᠭᠵᠢᠯᠲᠡ ᠵᠢᠨ ᠱᠠᠲᠤᠨ᠎ᠳᠤ ᠵᠣᠬᠢᠴᠠᠬᠤ᠂ ᠰᠢᠨ᠎ᠡ ᠬᠥᠭᠵᠢᠯᠲᠡ ᠵᠢᠨ ᠣᠨᠣᠯᠵᠢᠬᠤᠨ᠎ᠢ ᠲᠤᠭᠤᠰᠢᠯᠠᠭᠤᠯᠬᠤ᠂ ᠰᠢᠨ᠎ᠡ ᠬᠥᠭᠵᠢᠯᠲᠡ ᠵᠢᠨ ᠪᠠᠶ᠋ᠢᠷᠢᠰᠢᠯ᠎ᠢ ᠪᠠᠢ᠌ᠭᠤᠯᠬᠤ᠎ᠳᠤ ᠡᠷᠬᠡᠪᠰᠢ ᠨᠠᠮ᠎ᠤᠨ ᠪᠦᠬᠦ ᠲᠠᠯ᠎ᠠ ᠵᠢᠨ ᠤᠳᠤᠷᠢᠳᠤᠯᠭ᠎ᠠ ᠵᠢ ᠴᠢᠩᠭ᠋ᠠᠳᠬᠠᠵᠤ᠂ ᠨᠠᠮ᠎ᠠᠴᠠ ᠠᠵᠤ ᠠᠬᠤᠢ ᠨᠡᠶ᠋ᠢᠭᠡᠮ᠎ᠤᠨ ᠬᠥᠭᠵᠢᠯᠲᠡ ᠵᠢ ᠤᠳᠤᠷᠢᠳᠬᠤ ᠪᠠᠢ᠌ᠭᠤᠯᠤᠯ ᠲᠣᠭᠲᠠᠴᠠ ᠵᠢ ᠪᠠᠷᠢᠮᠲᠠᠯᠠᠨ ᠪᠦᠷᠢᠨᠰᠢᠭᠦᠯᠵᠦ᠂ ᠪᠦᠬᠦ ᠨᠠᠮ᠎ᠤᠨ ᠠᠯᠬᠤᠭ᠎ᠠ ᠨᠢᠭᠡᠳᠦᠯᠲᠡᠢ ᠪᠠᠶ᠋ᠢᠬᠤ ᠵᠢ ᠪᠠᠲᠤᠯᠠᠬᠤ ᠬᠡᠷᠡᠭᠲᠡᠢ ᠭᠡᠪᠠ᠃
      ᠠᠵᠤ ᠠᠬᠤᠢ ᠵᠢᠨ ᠠᠵᠢᠯ᠎ᠢ ᠰᠠᠶ᠋ᠢᠲᠤᠷ ᠬᠢᠬᠦ ᠪᠣᠯ ᠮᠠᠨ᠎ᠤ ᠨᠠᠮ᠎ᠤᠨ ᠲᠦᠷᠦ ᠵᠢ ᠵᠠᠰᠠᠬᠤ ᠵᠢᠨ ᠴᠢᠬᠤᠯᠠ ᠶᠡᠬᠡ ᠡᠭᠦᠷᠭᠡ ᠮᠥᠨ᠃
     《ᠨᠠᠮ᠎ᠤᠨ ᠤᠳᠤᠷᠢᠳᠤᠯᠭ᠎ᠠ ᠲᠤᠬᠰᠢᠨ ᠳᠠᠪᠠᠯᠭ᠋ᠠᠨ ᠰᠢᠷᠦᠭᠦᠨ ᠤᠷᠤᠰᠬᠠᠯ᠎ᠤᠨ ᠳᠤᠮᠳᠠ ᠬᠠᠳᠠ ᠴᠢᠯᠠᠭᠤ ᠮᠡᠲᠦ ᠪᠠᠲᠤ ᠪᠡᠬᠢ ᠶᠤᠮ》 《ᠶᠡᠷᠦ ᠪᠤᠰᠤ ᠵᠢᠨ ᠠᠮᠵᠢᠯᠲᠠ ᠪᠦᠲᠦᠮᠵᠢ ᠵᠢᠨ ᠠᠷᠤ᠎ᠳᠤ ᠪᠦᠬᠦ ᠤᠯᠤᠰ᠎ᠤᠨ ᠠᠷᠠᠳ ᠲᠦᠮᠡᠨ᠎ᠤ ᠬᠠᠮᠲᠤ ᠵᠢᠨ ᠴᠢᠷᠮᠠᠶ᠋ᠢᠯᠭ᠎ᠠ ᠪᠠᠶ᠋ᠢᠨ᠎ᠠ᠂ ᠨᠠᠮ᠎ᠤᠨ ᠤᠳᠤᠷᠢᠳᠤᠯᠭ᠎ᠠ ᠳᠣᠣᠷ᠎ᠠ ᠬᠦᠴᠦᠷᠬᠡᠭ ᠶᠡᠬᠡ ᠲᠠᠢ᠍ᠢ᠍ᠴᠢᠨ ᠬᠦᠴᠦᠨ᠎ᠢ ᠪᠦᠷᠢᠯᠳᠦᠭᠦᠯᠵᠡᠢ》 《〈ᠳᠤᠮᠳᠠᠳᠤ ᠤᠯᠤᠰ᠎ᠤᠨ ᠵᠠᠰᠠᠯᠲᠠ〉 ᠵᠢᠨ ᠢᠯᠡᠳᠲᠡ ᠳᠠᠪᠠᠭᠤᠯᠢᠭ᠎ᠢ ᠪᠦᠬᠦ ᠲᠠᠯ᠎ᠠ᠎ᠪᠠᠷ ᠲᠤᠰᠬᠠᠪᠠ》 ᠁ ᠬᠤᠷᠠᠯ᠎ᠤᠨ ᠬᠤᠭᠤᠴᠠᠭ᠋ᠠᠨ᠎ᠳᠤ᠂ 《ᠨᠠᠮ᠎ᠤᠨ ᠠᠵᠤ ᠠᠬᠤᠢ ᠵᠢᠨ ᠠᠵᠢᠯ᠎ᠳᠠᠬᠢ ᠪᠦᠬᠦ ᠲᠠᠯ᠎ᠠ ᠵᠢᠨ ᠤᠳᠤᠷᠢᠳᠤᠯᠭ᠎ᠠ ᠵᠢ ᠴᠢᠩᠭ᠋ᠠᠳᠬᠠᠬᠤ》᠎ᠨᠢ ᠡᠯ᠎ᠡ ᠳᠤᠭᠤᠶ᠋ᠢᠯᠠᠩ᠎ᠤᠨ ᠶᠠᠷᠢᠯᠴᠠᠭ᠋ᠠᠨ᠎ᠤ ᠬᠠᠮᠲᠤ ᠵᠢᠨ ᠲᠠᠨᠢᠯᠲᠠ ᠪᠣᠯᠪᠠ᠃



     12 ᠳ᠋ᠤᠭ᠋ᠠᠷ ᠰᠠᠷ᠎ᠠ ᠵᠢᠨ 4᠎ᠤ ᠡᠳᠦᠷ᠂ ᠳᠤᠮᠳᠠᠳᠤ ᠤᠯᠤᠰ᠎ᠤᠨ ᠰᠢᠨᠵᠢᠯᠡᠬᠦ ᠤᠬᠠᠭ᠋ᠠᠨ ᠲᠸᠭᠨᠢᠭ ᠮᠡᠷᠭᠡᠵᠢᠯ᠎ᠤᠨ ᠶᠡᠬᠡ ᠰᠤᠷᠭ᠋ᠠᠭᠤᠯᠢ ᠲᠣᠰ ᠰᠤᠷᠭ᠋ᠠᠭᠤᠯᠢ ᠵᠢᠨ ᠫᠠᠨ ᠵᠢᠶᠠᠨ ᠸᠧᠶ ᠵᠡᠷᠭᠡ ᠬᠥᠮᠦᠰ 76 ᠹᠣᠲ᠋ᠣᠨ᠎ᠤ ᠺᠸᠠᠨ᠋ᠲ ᠺᠣᠮᠫᠢᠦ᠋ᠲ᠋ᠧᠷ᠎ᠤᠨ ᠣᠭ ᠬᠡᠯᠪᠡᠷᠢ ᠵᠢᠨ ᠮᠠᠰᠢᠨ 《ᠵᠢᠦ ᠵᠠᠩ》᠎ᠢ ᠠᠮᠵᠢᠯᠲᠠᠲᠠᠶ ᠪᠠᠢ᠌ᠭᠤᠯᠵᠤ᠂ ᠬᠠᠷᠢᠭᠤ ᠣᠯᠬᠤ ᠲᠣᠭ᠋ᠠᠨ᠎ᠤ ᠤᠬᠠᠭ᠋ᠠᠨ᠎ᠤ ᠪᠣᠳᠣᠯᠭ᠎ᠠ ᠵᠢᠨ ᠠᠷᠭ᠎ᠠ ᠵᠢᠨ ᠭᠠᠦᠢ᠍ᠰ ᠵᠶ᠋ᠡᠷ ᠪᠸᠦᠢ᠍ᠰ᠎ᠤᠨ ᠶᠠᠩᠵᠤ ᠵᠢ ᠠᠪᠬᠤ᠎ᠳᠤ ᠵᠥᠪᠬᠡᠨ 200  ᠰᠤᠺᠦ᠋ᠨ᠋ᠲ ᠬᠡᠷᠡᠭᠰᠡᠨ᠎ᠡ ᠭᠡᠵᠦ ᠵᠠᠷᠯᠠᠪᠠ᠃ ᠡᠨᠡ ᠬᠦ᠌ ᠰᠢᠪᠲᠤᠯᠤᠯᠲᠠ᠎ᠨᠢ ᠮᠠᠨ᠎ᠤ ᠤᠯᠤᠰ᠎ᠢ ᠪᠥᠬᠥ ᠪᠥᠮᠪᠥᠷᠴᠡᠭ᠎ᠤᠨ 《ᠺᠸᠠᠨ᠋ᠲ᠎ᠤᠨ ᠳᠠᠪᠠᠭᠤᠯᠢᠭ ᠴᠢᠨᠠᠷ》᠎ᠢ ᠪᠡᠶᠡᠯᠡᠭᠦᠯᠦᠭᠰᠡᠨ ᠬᠣᠶᠠᠳᠠᠬᠢ ᠤᠯᠤᠰ ᠪᠣᠯᠭ᠋ᠠᠪᠠ᠃ ᠡᠨᠡ ᠪᠣᠯ ᠹᠣᠲ᠋ᠣᠨ ᠪᠠ ᠺᠸᠠᠨ᠋ᠲ᠎ᠤᠨ ᠨᠥᠯᠥᠭᠡᠯᠡᠯᠴᠡᠯ᠎ᠤᠨ ᠪᠣᠳᠠᠲᠤ ᠵᠢᠷᠤᠭ ᠪᠣᠯᠣᠨ᠎ᠠ᠄ ᠵᠡᠭᠦᠨ ᠳᠣᠤᠷ᠎ᠠ ᠲᠠᠯ᠎ᠠ᠎ᠨᠢ ᠬᠡᠷᠡᠯ᠎ᠤᠨ ᠤᠬᠠᠭ᠋ᠠᠨ ᠣᠷᠣᠭᠤᠯᠬᠤ ᠬᠡᠰᠡᠭ᠂ ᠪᠠᠷᠠᠭᠤᠨ ᠳᠣᠤᠷ᠎ᠠ ᠲᠠᠯ᠎ᠠ᠎ᠨᠢ ᠹᠠᠰ ᠣᠨᠢᠰᠤᠯᠠᠬᠤ  ᠵᠢᠨ ᠬᠡᠷᠡᠯ᠎ᠤᠨ ᠵᠠᠮ᠂ ᠳᠡᠭᠡᠷ᠎ᠡ ᠲᠠᠯ᠎ᠠ᠎ᠨᠢ ᠨᠡᠢ᠌ᠲᠡ 100 ᠬᠡᠷᠡᠯ᠎ᠤᠨ ᠤᠬᠠᠭ᠋ᠠᠨ᠎ᠤ ᠵᠠᠭᠪᠤᠷ᠎ᠢ ᠭᠠᠷᠭ᠋ᠠᠵᠤ᠂ ᠲᠣᠰ ᠲᠣᠰ ᠳᠣᠤᠷ᠎ᠠ ᠬᠣᠷᠣᠭᠳᠠᠯᠲᠤ ᠲᠠᠩ ᠮᠤᠳᠤᠢ᠍ᠯᠲᠤ ᠬᠡᠷᠡᠯ᠎ᠤᠨ ᠰᠢᠷᠬᠡᠭ ᠪᠣᠯᠤᠨ 100 ᠬᠡᠲᠦ ᠳᠠᠮᠵᠢᠭᠤᠯᠤᠭᠴᠢ ᠲᠠᠩ ᠹᠣᠲ᠋ᠣᠨ ᠬᠠᠢ᠌ᠭᠤᠷ᠎ᠲᠤ ᠬᠣᠯᠪᠣᠳᠠᠭ᠃ ᠰᠢᠨᠬᠤᠸᠠ ᠬᠣᠷᠢᠶ᠎ᠠ ᠨᠡᠢ᠌ᠲᠡᠯᠡᠪᠡ

 
     《ᠠᠷᠪᠠᠨ ᠳᠥᠷᠪᠡᠳᠦᠭᠡᠷ ᠲᠠᠪᠤᠨ ᠵᠢᠯ》᠎ᠤᠨ ᠲᠥᠯᠥᠪᠵᠢᠭᠦᠯᠭᠡ ᠵᠢ ᠪᠠᠷᠠᠯᠠᠨ᠂ ᠬᠣᠶᠠᠳᠤᠭ᠋ᠠᠷ ᠵᠠᠭᠤᠨ ᠵᠢᠯ᠎ᠤᠨ ᠲᠡᠮᠡᠴᠡᠬᠦ ᠬᠠᠷᠠᠯᠲᠠ ᠵᠢ ᠬᠠᠷᠠᠬᠤᠶ᠎ᠠ᠂ ᠪᠢᠳᠡ ᠦᠷᠭᠦᠯᠵᠢᠯᠡᠨ ᠡᠷᠡᠮᠡᠬᠡᠢ᠌ᠯᠡᠨ ᠲᠡᠮᠡᠴᠡᠵᠦ᠂ ᠰᠢᠨ᠎ᠡ ᠵᠢ ᠡᠭᠦᠳᠦᠨ ᠤᠷᠤᠭᠰᠢᠯᠠᠬᠤ ᠴᠢᠬᠤᠯᠠᠲᠠᠢ ᠪᠠᠢ᠌ᠨ᠎ᠠ᠃ ᠪᠠᠢ᠌ᠳᠠᠯ ᠬᠡᠳᠦᠢ ᠨᠠᠷᠢᠨ ᠪᠤᠳᠤᠯᠢᠶᠠᠨᠲᠠᠢ ᠡᠭᠦᠷᠭᠡ ᠬᠡᠳᠦᠢ ᠪᠡᠷᠬᠡ ᠬᠠᠲᠠᠭᠤᠵᠢᠯᠲᠠᠢ ᠪᠣᠯᠬᠤ ᠳᠣᠲᠣᠮ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠡᠨᠡ ᠬᠦ᠌ ᠴᠢᠭᠯᠡᠯ ᠵᠢᠭ᠋ᠠᠭᠰᠠᠨ ᠵᠦᠭᠯᠡᠭᠦᠷ᠂ ᠰᠡᠳᠬᠢᠯ ᠵᠶ᠋ᠡᠨ ᠨᠢᠭᠡᠳᠬᠡᠨ ᠬᠦᠴᠦ᠎ᠪᠠᠨ ᠬᠠᠮᠲᠤᠳᠬᠠᠬᠤ ᠲᠦᠰᠢᠭ ᠲᠤᠯᠭ᠋ᠠᠭᠤᠷᠢ᠎ᠠᠴᠠ ᠤᠯᠠᠮ ᠰᠠᠯᠵᠤ ᠪᠣᠯᠬᠤ ᠦᠭᠡᠢ ᠪᠦᠭᠡᠳ ᠨᠠᠮ᠎ᠤᠨ ᠪᠦᠬᠦ ᠲᠠᠯ᠎ᠠ ᠵᠢᠨ ᠤᠳᠤᠷᠢᠳᠤᠯᠭ᠎ᠠ ᠵᠢ ᠤᠯᠠᠮ ᠪᠠᠷᠢᠮᠲᠠᠯᠠᠨ ᠴᠢᠩᠭ᠋ᠠᠳᠬᠠᠬᠤ ᠬᠡᠷᠡᠭᠲᠡᠢ᠃
      ᠨᠠᠮ᠎ᠤᠨ ᠠᠷᠪᠠ ᠶᠢᠰᠦᠳᠦᠭᠡᠷ ᠬᠤᠭᠤᠴᠠᠭ᠋ᠠᠨ᠎ᠤ ᠲᠥᠪ ᠬᠣᠷᠢᠶᠠᠨ᠎ᠤ ᠲᠠᠪᠤᠳᠤᠭ᠋ᠠᠷ ᠪᠥᠬᠥᠳᠡ ᠬᠤᠷᠠᠯ᠎ᠠᠴᠠ ᠴᠢᠬᠤᠯᠠᠴᠢᠯᠠᠭᠰᠠᠨ᠎ᠨᠢ᠂ 《ᠠᠷᠪᠠᠨ ᠳᠥᠷᠪᠡᠳᠦᠭᠡᠷ ᠲᠠᠪᠤᠨ ᠵᠢᠯ》᠎ᠤᠨ ᠲᠥᠯᠥᠪᠵᠢᠭᠦᠯᠭᠡ ᠪᠠ 2035 ᠣᠨ᠎ᠤ ᠠᠯᠤᠰ᠎ᠤᠨ ᠬᠠᠷᠠᠯᠲᠠ ᠵᠢ ᠪᠡᠶᠡᠯᠡᠭᠦᠯᠬᠦ᠎ᠳᠤ ᠡᠷᠬᠡᠪᠰᠢ ᠨᠠᠮ᠎ᠤᠨ ᠪᠥᠬᠥ ᠲᠠᠯ᠎ᠠ ᠵᠢᠨ ᠤᠳᠤᠷᠢᠳᠤᠯᠭ᠎ᠠ ᠵᠢ ᠪᠠᠷᠢᠮᠲᠠᠯᠠᠨ᠂ ᠠᠯᠢᠪᠠ ᠢᠳᠡᠪᠬᠢ ᠬᠦᠴᠦᠨ ᠵᠦᠢᠯ᠎ᠢ ᠭᠦᠢᠴᠡᠳ ᠳᠠᠢ᠌ᠴᠢᠯᠠᠵᠤ᠂ ᠪᠦᠯᠬᠦᠮᠳᠡᠵᠦ ᠪᠣᠯᠬᠤ ᠬᠦᠴᠦᠨ ᠪᠦᠬᠦᠨ᠎ᠲᠠᠢ ᠥᠷᠭᠡᠨ ᠵᠶ᠋ᠡᠷ ᠪᠦᠯᠬᠦᠮᠳᠡᠵᠦ᠂ ᠬᠥᠭᠵᠢᠯᠲᠡ ᠵᠢ ᠠᠬᠢᠭᠤᠯᠬᠤ ᠬᠦᠴᠦᠷᠬᠡᠭ ᠶᠡᠬᠡ ᠬᠠᠮᠲᠤᠷᠠᠯ ᠬᠦᠴᠦᠨ᠎ᠢ ᠪᠦᠷᠢᠯᠳᠦᠭᠦᠯᠬᠦ ᠬᠡᠷᠡᠭᠲᠡᠶ ᠭᠡᠪᠠ᠃
      ᠨᠠᠮ᠎ᠤᠨ ᠠᠵᠤ ᠠᠬᠤᠢ ᠵᠢᠨ ᠠᠵᠢᠯ᠎ᠳᠠᠬᠢ ᠪᠦᠬᠦ ᠲᠠᠯ᠎ᠠ ᠵᠢᠨ ᠤᠳᠤᠷᠢᠳᠤᠯᠭ᠎ᠠ ᠵᠢ ᠴᠢᠩᠭ᠋ᠠᠳᠬᠠᠬᠤ᠎ᠳᠤ ᠤᠯᠤᠰ ᠲᠦᠷᠦ ᠵᠢᠨ ᠤᠬᠠᠮᠰᠠᠷ ᠵᠶ᠋ᠠᠨ ᠪᠠᠲᠤᠳᠬᠠᠨ᠂ ᠤᠯᠤᠰ ᠲᠦᠷᠦ ᠵᠢᠨ ᠵᠣᠭᠰᠣᠴᠠ᠎ᠪᠠᠨ ᠳᠡᠭᠡᠭᠰᠢᠯᠡᠭᠦᠯᠬᠦ ᠬᠡᠷᠡᠭᠲᠡᠢ—
      ᠡᠨᠡ ᠤᠳᠠᠭ᠎ᠠ ᠵᠢᠨ ᠲᠥᠪ᠎ᠤᠨ ᠠᠵᠤ ᠠᠬᠤᠢ ᠵᠢᠨ ᠠᠵᠢᠯ᠎ᠤᠨ ᠬᠤᠷᠠᠯ᠎ᠠᠴᠠ ᠴᠢᠬᠤᠯᠠᠴᠢᠯᠠᠭᠰᠠᠨ᠎ᠨᠢ᠂

《ᠤᠯᠤᠰ ᠲᠦᠷᠦ ᠵᠢ ᠡᠷᠬᠢᠮᠯᠡᠬᠦ ᠦᠨᠳᠦᠷᠴᠡ᠎ᠠᠴᠠ ᠠᠵᠤ ᠠᠬᠤᠢ ᠵᠢᠨ ᠠᠵᠢᠯ᠎ᠢ ᠴᠢᠬᠤᠯᠠᠴᠢᠯᠠᠬᠤ ᠬᠡᠷᠡᠭᠲᠡᠢ》 《ᠤᠯᠤᠰ ᠲᠦᠷᠦ ᠵᠢᠨ ᠬᠠᠷᠠᠴᠠ᠎ᠪᠠᠷ ᠠᠵᠤ ᠠᠬᠤᠢ ᠨᠡᠢ᠌ᠭᠡᠮ᠎ᠤᠨ ᠠᠰᠠᠭᠤᠳᠠᠯ᠎ᠢ ᠠᠵᠢᠭᠯᠠᠬᠤ ᠪᠠ ᠵᠠᠳᠠᠯᠬᠤ᠎ᠳᠤ ᠴᠢᠳᠠᠮᠠᠭ᠋ᠠᠢ᠌ᠷᠠᠬᠤ ᠬᠡᠷᠡᠭᠲᠡᠢ》 《ᠤᠯᠤᠰ ᠲᠦᠷᠦ ᠵᠢᠨ ᠰᠡᠷᠭᠡᠭ ᠴᠢᠨᠠᠷ ᠪᠠ ᠤᠯᠤᠰ ᠲᠦᠷᠦ ᠵᠢᠨ ᠢᠯᠭ᠋ᠠᠨ ᠲᠠᠨᠢᠬᠤ ᠴᠢᠳᠠᠪᠤᠷᠢ᠎ᠪᠠᠨ ᠳᠡᠭᠡᠭᠰᠢᠯᠡᠭᠦᠯᠵᠦ᠂ ᠠᠵᠤ ᠠᠬᠤᠢ ᠵᠢᠨ ᠠᠵᠢᠯᠯᠠᠭ᠋ᠠᠨ᠎ᠤ ᠤᠯᠤᠰ ᠲᠦᠷᠦ ᠵᠢᠨ ᠦᠷ᠎ᠡ ᠳ᠋ᠦᠩ᠎ᠢ ᠴᠢᠳᠠᠮᠠᠭ᠋ᠠᠢ ᠠᠵᠢᠭᠯᠠᠬᠤ ᠬᠡᠷᠡᠭᠲᠡᠢ》 ᠭᠡᠪᠠ᠃
      ᠨᠢᠭᠡ ᠬᠤᠪᠢ ᠵᠢᠨ ᠪᠠᠢ᠌ᠷᠢᠯᠠᠭᠤᠯᠤᠯᠲᠠ᠂ ᠶᠢᠰᠦᠨ ᠬᠤᠪᠢ ᠵᠢᠨ ᠨᠠᠢ᠌ᠳᠠᠪᠤᠷᠢᠵᠢᠭᠤᠯᠤᠯᠲᠠ᠃ ᠨᠠᠮ᠎ᠤᠨ ᠲᠥᠪ ᠬᠣᠷᠢᠶᠠᠨ᠎ᠤ ᠰᠢᠢ᠍ᠳᠪᠦᠷᠢᠲᠦ ᠪᠤᠳᠤᠯᠭ᠎ᠠ ᠵᠢᠨ ᠪᠠᠢ᠌ᠷᠢᠯᠠᠭᠤᠯᠤᠯᠲᠠ ᠵᠢ ᠰᠤᠯᠠᠷᠠᠭᠤᠯᠤᠯ ᠦᠭᠡᠢ ᠴᠢᠩᠭ᠎ᠠ ᠠᠳᠬᠤᠵᠤ ᠡᠷᠴᠢᠮᠲᠡᠢ ᠨᠠᠢ᠌ᠳᠠᠪᠤᠷᠢᠵᠢᠭᠤᠯᠬᠤ ᠬᠡᠷᠡᠭᠲᠡᠢ᠂ ᠬᠣᠭᠣᠰᠣᠨ ᠤᠷᠢᠶ᠎ᠠ ᠬᠠᠰᠬᠢᠷᠤᠭ᠋ᠠᠳ ᠨᠠᠢ᠌ᠳᠠᠪᠤᠷᠢᠵᠢᠭᠤᠯᠬᠤ ᠦᠭᠡᠢ ᠪᠠᠢ᠌ᠵᠤ ᠪᠣᠯᠬᠤ ᠦᠭᠡᠢ᠂ ᠨᠡᠩ ᠴᠤ᠌ ᠬᠡᠯᠪᠡᠷᠢᠴᠢ ᠦᠵᠡᠯ᠂ ᠨᠣᠶᠠᠨᠴᠢ ᠰᠤᠷᠲᠠᠯ ᠭᠠᠷᠭ᠋ᠠᠵᠤ ᠪᠣᠯᠬᠤ ᠦᠭᠡᠢ᠃ ᠨᠠᠮ᠎ᠤᠨ ᠲᠥᠪ ᠬᠣᠷᠢᠶᠠᠨ᠎ᠤ ᠰᠢᠢ᠍ᠳᠪᠦᠷᠢᠲᠦ ᠪᠤᠳᠤᠯᠭ᠎ᠠ ᠵᠢᠨ ᠪᠠᠢ᠌ᠷᠢᠯᠠᠭᠤᠯᠤᠯᠲᠠ ᠵᠢ ᠲᠤᠭᠤᠰᠢᠯᠠᠭᠤᠯᠤᠨ ᠨᠠᠢ᠌ᠳᠠᠪᠤᠷᠢᠵᠢᠭᠤᠯᠤᠭᠰᠠᠨ ᠪᠠᠢ᠌ᠳᠠᠯ᠎ᠳᠤ ᠴᠢᠬᠤᠯᠠ ᠪᠦᠬᠦᠢ ᠰᠢᠮᠳᠠᠭᠤᠯᠤᠨ ᠪᠠᠢ᠌ᠴᠠᠭ᠋ᠠᠵᠤ᠂ ᠰᠢᠮᠳᠠᠭᠤᠯᠤᠨ ᠵᠢᠯᠣᠭᠣᠳᠬᠤ ᠠᠵᠢᠯ᠎ᠢ ᠥᠷᠨᠢᠭᠦᠯᠬᠦ ᠬᠡᠷᠡᠭᠲᠡᠢ᠂ ᠭᠡᠪᠡᠴᠦ ᠬᠣᠯᠪᠣᠭᠳᠠᠯ ᠪᠦᠬᠦᠢ ᠠᠵᠢᠯ᠎ᠢ ᠵᠢᠷᠤᠮᠵᠢᠭᠤᠨ ᠬᠢᠵᠦ᠂ ᠪᠣᠳᠠᠲᠤ ᠦᠷ᠎ᠡ ᠪᠦᠲᠦᠮᠵᠢ ᠵᠢ ᠡᠷᠬᠢᠮᠯᠡᠬᠦ ᠬᠡᠷᠡᠭᠲᠡᠢ᠃
      ᠨᠠᠮ᠎ᠤᠨ ᠠᠵᠤ ᠠᠬᠤᠢ ᠵᠢᠨ ᠠᠵᠢᠯ᠎ᠳᠠᠬᠢ ᠪᠦᠬᠦ ᠲᠠᠯ᠎ᠠ ᠵᠢᠨ ᠤᠳᠤᠷᠢᠳᠤᠯᠭ᠎ᠠ ᠵᠢ ᠴᠢᠩᠭ᠋ᠠᠳᠬᠠᠬᠤ᠎ᠳᠤ ᠲᠤᠰᠬᠠᠢ᠌ᠵᠢᠭᠰᠠᠨ ᠴᠢᠳᠠᠪᠤᠷᠢ᠎ᠪᠠᠨ ᠳᠡᠭᠡᠭᠰᠢᠯᠡᠭᠦᠯᠵᠦ᠂ ᠰᠢᠨ᠎ᠡ ᠬᠥᠭᠵᠢᠯᠲᠡ ᠵᠢᠨ ᠪᠠᠢ᠌ᠷᠢᠰᠢᠯ᠎ᠢ ᠤᠳᠤᠷᠢᠳᠤᠨ ᠪᠠᠢ᠌ᠭᠤᠯᠬᠤ ᠮᠡᠷᠭᠡᠵᠢᠯᠲᠡᠨ ᠪᠣᠯᠬᠤ᠎ᠪᠠᠷ ᠴᠢᠷᠮᠠᠢ᠌ᠬᠤ ᠬᠡᠷᠡᠭᠲᠡᠢ—



     11 ᠳ᠋ᠦ᠍ᠭᠡᠷ ᠰᠠᠷ᠎ᠠ ᠵᠢᠨ 28᠎ᠤ ᠡᠳᠦᠷ᠎ᠤᠨ 8 ᠴᠠᠭ 30 ᠮᠢᠨᠦ᠋ᠲ᠎ᠤᠨ ᠦᠶ᠎ᠡ᠎ᠪᠠᠷ᠂ 10909 ᠮᠧᠲᠷ᠎ᠤᠨ ᠳᠤᠮᠳᠠᠳᠤ ᠤᠯᠤᠰ᠎ᠤᠨ ᠬᠥᠮᠦᠨ ᠠᠴᠢᠶᠠᠯᠠᠭᠰᠠᠨ ᠭᠦᠨ ᠱᠤᠩᠭᠤᠯᠲᠠ ᠵᠢᠨ ᠰᠢᠨ᠎ᠡ ᠲᠡᠮᠳᠡᠭᠯᠡᠯ᠎ᠢ ᠡᠭᠦᠳᠦᠭᠰᠡᠨ 《ᠲᠡᠮᠡᠴᠡᠭᠴᠢ》 ᠨᠡᠷᠡᠮᠵᠢᠲᠦ ᠱᠣᠩᠭᠣᠯ ᠣᠩᠭᠣᠴᠠ ᠬᠣᠶᠠᠳᠤᠭ᠋ᠠᠷ ᠱᠠᠲᠤᠨ᠎ᠤ ᠳᠠᠯᠠᠶ ᠵᠢᠨ ᠲᠤᠷᠰᠢᠯᠲᠠ᠎ᠪᠠᠨ ᠳᠠᠭᠤᠰᠬᠠᠭ᠋ᠠᠳ ᠢᠯᠠᠯᠲᠠ᠎ᠲᠠᠢ᠎ᠪᠠᠷ ᠪᠤᠴᠠᠵᠤ ᠢᠷᠡᠪᠡ᠃ ᠡᠨᠡ ᠪᠣᠯ 《ᠲᠡᠮᠡᠴᠡᠭᠴᠢ》 ᠨᠡᠷᠡᠮᠵᠢᠲᠦ ᠱᠣᠩᠭᠣᠯ ᠣᠩᠭᠣᠴᠠ (ᠮᠠᠲ᠋ᠧᠷᠢᠶᠠᠯ ᠭᠡᠷᠡᠯ ᠵᠢᠷᠤᠭ) ᠪᠣᠯᠤᠨ᠎ᠠ᠃ ᠰᠢᠨᠬᠤᠸᠠ ᠬᠣᠷᠢᠢ᠎ᠠ ᠨᠡᠢ᠌ᠲᠡᠯᠡᠪᠡ (ᠳᠤᠮᠳᠠᠳᠤ ᠤᠯᠤᠰ᠎ᠤᠨ ᠣᠩᠭᠣᠴᠠ ᠰᠠᠯ᠎ᠤᠨ ᠪᠦᠯᠦᠭᠯᠡᠯ᠎ᠠᠴᠠ ᠵᠢᠷᠤᠭ᠎ᠢ ᠬᠠᠩᠭ᠋ᠠᠪᠠ)


      ᠴᠢᠳᠠᠪᠤᠷᠢᠲᠠᠨ ᠴᠤᠭᠯᠠᠷᠠᠪᠠᠯ ᠨᠠᠮ ᠰᠠᠶᠢ ᠬᠥᠭᠵᠢᠨ᠎ᠡ᠃ ᠰᠢᠨᠵᠢᠯᠡᠬᠦ ᠤᠬᠠᠭ᠋ᠠᠨ ᠲᠸᠭᠨᠢᠭ ᠮᠡᠷᠭᠡᠵᠢᠯ᠎ᠤᠨ ᠬᠤᠪᠢᠰᠤᠯᠲᠠ ᠵᠢᠨ ᠬᠤᠷᠳᠤᠴᠠ ᠮᠠᠰᠢ ᠲᠦᠷᠭᠡᠰᠴᠦ᠂ ᠠᠵᠤ ᠠᠬᠤᠢ ᠨᠡᠢ᠌ᠭᠡᠮ᠎ᠤᠨ ᠠᠵᠢᠯᠯᠠᠭ᠋ᠠᠨ᠎ᠤ ᠪᠤᠳᠤᠯᠢᠶᠠᠨᠲᠤ ᠴᠢᠨᠠᠷ ᠪᠦᠬᠦ ᠲᠠᠯ᠎ᠠ᠎ᠪᠠᠷ ᠳᠡᠭᠡᠭᠰᠢᠯᠡᠨ᠎ᠡ᠂ ᠬᠡᠷᠪᠡ ᠰᠢᠨᠵᠢᠯᠡᠬᠦ ᠤᠬᠠᠭ᠋ᠠᠨ ᠲᠸᠭᠨᠢᠭ ᠮᠡᠷᠭᠡᠵᠢᠯ᠎ᠤᠨ ᠬᠤᠪᠢᠷᠠᠯᠲᠠ ᠵᠢᠨ ᠬᠠᠨᠳᠤᠰᠢ ᠵᠢ ᠡᠵᠡᠮᠰᠢᠬᠦ ᠦᠭᠡᠢ᠂ ᠰᠢᠨ᠎ᠡ᠎ᠪᠠᠷ ᠬᠥᠭᠵᠢᠭᠰᠡᠨ ᠬᠦᠷᠢᠶ᠎ᠡ ᠴᠠᠷᠠᠭ᠎ᠠ ᠵᠢᠨ ᠪᠠᠢ᠌ᠳᠠᠯ᠎ᠢ ᠣᠢ᠌ᠯᠠᠭ᠋ᠠᠬᠤ ᠦᠭᠡᠢ᠂ ᠤᠯᠠᠨ ᠲᠦᠮᠡᠨ᠎ᠤ ᠬᠦᠰᠡᠯ ᠡᠷᠡᠮᠡᠯᠵᠡᠯ ᠪᠠ ᠬᠦᠰᠡᠯ ᠱᠠᠭ᠋ᠠᠷᠳᠠᠯᠭ᠎ᠠ ᠵᠢᠨ ᠬᠤᠪᠢᠷᠠᠯᠲᠠ᠎ᠳᠤ ᠰᠡᠷᠡᠭᠳᠡᠯ ᠦᠭᠡᠢ ᠪᠣᠯ ᠠᠵᠤ ᠠᠬᠤᠢ ᠵᠢᠨ ᠠᠵᠢᠯ᠎ᠢ ᠰᠠᠢ᠌ᠲᠤᠷ ᠵᠢᠯᠣᠭᠣᠳᠬᠤ ᠵᠢᠨ ᠠᠷᠭ᠎ᠠ ᠦᠭᠡᠢ ᠪᠥᠭᠡᠳ ᠣᠳᠣᠬᠢᠴᠢᠯᠠᠭᠰᠠᠨ ᠪᠦᠳᠦᠭᠡᠨ ᠪᠠᠢ᠌ᠭᠤᠯᠤᠯᠲᠠ ᠵᠢ ᠴᠤ᠌ ᠤᠳᠤᠷᠢᠳᠬᠤ ᠵᠢᠨ ᠠᠷᠭ᠎ᠠ ᠦᠭᠡᠢ ᠶᠤᠮ᠃
      ᠠᠵᠤ ᠠᠬᠤᠢ ᠵᠢᠨ ᠠᠵᠢᠯ᠎ᠳᠠᠬᠢ ᠨᠠᠮ᠎ᠤᠨ ᠪᠦᠬᠦ ᠲᠠᠯ᠎ᠠ ᠵᠢᠨ ᠤᠳᠤᠷᠢᠳᠤᠯᠭ᠎ᠠ ᠵᠢ ᠴᠢᠩᠭ᠋ᠠᠳᠬᠠᠬᠤ᠎ᠳᠤ ᠬᠥᠭᠵᠢᠯᠲᠡ ᠪᠠ ᠠᠮᠤᠷ ᠲᠦᠪᠰᠢᠨ᠎ᠤ ᠬᠣᠶᠠᠷ ᠶᠡᠬᠡ ᠶᠠᠪᠤᠳᠠᠯ᠎ᠢ ᠰᠠᠢ᠌ᠲᠤᠷ ᠠᠳᠬᠤᠬᠤ ᠬᠡᠷᠡᠭᠲᠡᠢ—
      ᠰᠢᠨ᠎ᠡ ᠠᠶᠠᠨ᠎ᠢ ᠡᠬᠢᠯᠡᠭᠦᠯᠵᠦ᠂ ᠮᠠᠨ᠎ᠤ ᠤᠯᠤᠰ᠎ᠤᠨ ᠬᠥᠭᠵᠢᠯᠲᠡ ᠠᠶᠤᠯ ᠲᠦᠭᠰᠢᠭᠦᠷᠢ ᠠᠮᠠᠷᠬᠠᠨ ᠡᠭᠦᠰᠬᠦ ᠤᠯᠠᠨ ᠡᠭᠦᠰᠬᠦ ᠬᠤᠭᠤᠴᠠᠭ᠋ᠠᠨ᠎ᠳᠤ ᠣᠷᠣᠪᠠᠯ᠂ ᠡᠯ᠎ᠡ ᠵᠦᠢ᠍ᠯ᠎ᠤᠨ ᠵᠥᠷᠢᠴᠡᠯ ᠪᠠ ᠠᠰᠠᠭᠤᠳᠠᠯ ᠬᠠᠷᠢᠯᠴᠠᠨ ᠰᠣᠯᠪᠢᠴᠠᠬᠤ ᠪᠣᠯᠣᠨ᠎ᠠ᠂ ᠠᠮᠤᠷ ᠲᠦᠪᠰᠢᠨ ᠬᠥᠭᠵᠢᠯᠲᠡ ᠵᠢᠨ ᠬᠥᠪᠴᠢ ᠵᠢ ᠴᠢᠩᠭ᠋ᠠᠯᠠᠬᠤ ᠬᠡᠷᠡᠭᠲᠡᠢ᠃
      ᠤᠷᠤᠭᠰᠢᠯᠠᠯᠲᠠ ᠵᠢᠨ ᠵᠠᠮ ᠳᠡᠭᠡᠷᠡᠬᠢ ᠰᠢᠨ᠎ᠡ ᠥᠷᠢᠰᠥᠯᠳᠦᠭᠡᠨ᠎ᠤ ᠡᠮᠦᠨ᠎ᠡ᠂ ᠡᠯ᠎ᠡ ᠱᠠᠲᠤᠨ᠎ᠤ ᠨᠠᠮ᠎ᠤᠨ ᠬᠣᠷᠢᠢ᠎ᠠ ᠪᠣᠯᠤᠨ ᠵᠠᠰᠠᠭ᠎ᠤᠨ ᠣᠷᠳᠣᠨ ᠶᠡᠬᠡ ᠬᠠᠨᠳᠤᠰᠢ ᠵᠢ ᠪᠠᠢ᠌ᠩᠭᠤ ᠠᠵᠢᠭᠯᠠᠨ᠂ ᠶᠡᠬᠡ ᠲᠠᠯ᠎ᠠ ᠵᠢ ᠪᠠᠢ᠌ᠩᠭᠤ ᠪᠣᠳᠣᠯᠬᠢᠯᠠᠵᠤ᠂ ᠬᠣᠷᠢᠭ᠎ᠠ ᠱᠤᠭᠤᠮ᠎ᠤᠨ ᠰᠡᠳᠬᠢᠬᠦᠢ ᠵᠢ ᠪᠠᠷᠢᠮᠲᠠᠯᠠᠨ᠂ ᠰᠠᠨᠠᠭ᠋ᠠᠰᠢᠷᠠᠬᠤ ᠤᠬᠠᠮᠰᠠᠷ ᠵᠶ᠋ᠠᠨ ᠴᠢᠩᠭ᠋ᠠᠳᠬᠠᠵᠤ᠂ 《ᠰᠠᠯᠬᠢ ᠰᠥᠷᠴᠦ ᠣᠩᠭᠣᠴᠠ ᠰᠡᠯᠢᠬᠦ》 ᠦᠵᠡᠯ ᠰᠠᠨᠠᠭ᠎ᠠ ᠪᠣᠯᠤᠨ ᠠᠵᠢᠯ᠎ᠤᠨ ᠪᠡᠯᠡᠳᠬᠡᠯ᠎ᠢ ᠰᠠᠢ᠌ᠲᠤᠷ ᠬᠢᠵᠦ᠂ ᠤᠷᠢᠳᠴᠢᠯᠠᠵᠤ ᠪᠡᠯᠡᠳᠬᠡᠨ ᠰᠠᠨᠠᠭ᠋ᠠᠴᠢᠯᠠᠭ᠋ᠠᠲᠤ ᠳᠠᠢ᠌ᠨ᠎ᠢ ᠰᠠᠢ᠌ᠲᠤᠷ ᠬᠢᠬᠦ ᠬᠡᠷᠡᠭᠲᠡᠢ᠃ ᠵᠠᠷᠢᠮ ᠭᠣᠣᠯᠳᠠᠯᠭ᠎ᠠ᠎ᠲᠠᠢ ᠬᠦᠷᠢᠶᠡᠨ᠎ᠳᠠᠬᠢ ᠨᠦᠯᠦᠭᠡᠯᠡᠯ ᠶᠡᠬᠡᠲᠡᠢ ᠳᠠᠯᠳᠠ ᠬᠢᠮᠤᠷᠠᠯ ᠪᠠ ᠲᠥᠰᠥᠭᠡᠯᠡᠬᠦᠶ᠎ᠡ ᠪᠡᠷᠬᠡ ᠮᠦᠷᠲᠡᠭᠡᠨ ᠶᠡᠷᠦ ᠪᠣᠰᠤ ᠵᠢᠨ ᠬᠡᠷᠡᠭ᠎ᠢ ᠴᠢᠩᠭ᠎ᠠ ᠰᠡᠷᠭᠡᠢ᠌ᠯᠡᠵᠦ᠂ ᠡᠯ᠎ᠡ ᠲᠦᠷᠦᠯ᠎ᠤᠨ ᠠᠶᠤᠯ ᠲᠦᠭᠰᠢᠭᠦᠷᠢ ᠵᠢᠨ ᠭᠡᠮ ᠰᠣᠭᠣᠭ᠎ᠢ ᠰᠡᠷᠭᠡᠢ᠌ᠯᠡᠨ ᠠᠷᠢᠯᠭ᠋ᠠᠬᠤ 《ᠪᠤᠯᠤᠳ ᠬᠡᠷᠡᠮ ᠲᠡᠮᠦᠷ ᠬᠠᠨ᠎ᠠ》 ᠵᠢ ᠪᠠᠲᠤ ᠴᠣᠭᠴᠠᠯᠠᠬᠤ ᠬᠡᠷᠡᠭᠲᠡᠢ᠃



      ᠾᠸᠪᠸᠢ ᠮᠤᠵᠢ ᠵᠢᠨ ᠴᠢᠦᠶ ᠵᠧᠦ ᠰᠢᠶᠠᠨ᠎ᠤ ᠴᠢᠬᠢ ᠮᠣᠳᠣ ᠪᠣᠢ᠌ᠵᠢᠭᠤᠯᠬᠤ ᠠᠵᠤ ᠦᠢᠯᠡᠰ᠎ᠤᠨ ᠰᠠᠭᠤᠷᠢᠨ ᠭᠠᠵᠠᠷ᠎ᠤᠨ ᠠᠵᠢᠯᠴᠢᠨ ᠴᠢᠬᠢ ᠮᠣᠳᠣ ᠪᠣᠢ᠌ᠵᠢᠭᠤᠯᠬᠤ ᠬᠦᠯᠡᠮᠵᠢ᠎ᠳᠤ ᠠᠵᠢᠯᠯᠠᠵᠤ ᠪᠠᠢ᠌ᠭ᠎ᠠ᠎ᠨᠢ (5 ᠳ᠋ᠤᠭ᠋ᠠᠷ ᠰᠠᠷ᠎ᠠ ᠵᠢᠨ 4᠎ᠤ ᠡᠳᠦᠷ ᠰᠡᠭᠦᠳᠡᠷᠯᠡᠪᠡ)᠃ ᠴᠢᠦᠶ ᠵᠧᠦ ᠰᠢᠶᠠᠨ ᠠᠵᠤ ᠦᠢᠯᠡᠰ ᠵᠶ᠋ᠡᠷ ᠶᠠᠳᠠᠭᠤ ᠵᠢ ᠲᠡᠳᠬᠦᠬᠦ ᠠᠷᠭ᠎ᠠ ᠵᠠᠮ ᠵᠶ᠋ᠠᠨ ᠢᠳᠡᠪᠬᠢᠲᠡᠶ ᠦᠷᠭᠡᠳᠬᠡᠨ᠂ ᠲᠤᠬᠠᠶ ᠵᠢᠨ ᠭᠠᠵᠠᠷ᠎ᠤᠨ ᠠᠵᠤ ᠦᠢᠯᠡᠰ᠎ᠤᠨ ᠳᠠᠪᠠᠭᠤᠯᠢᠭ ᠵᠶ᠋ᠠᠨ ᠪᠠᠳᠠᠷᠠᠭᠤᠯᠵᠤ᠂ ᠶᠠᠳᠠᠭᠤ ᠬᠦᠴᠢᠷᠳᠡᠯᠲᠡᠶ ᠡᠷᠦᠬᠡ᠎ᠨᠦᠭᠦᠳ ᠶᠠᠳᠠᠭᠤ ᠵᠢ ᠲᠡᠳᠬᠦᠬᠦ ᠪᠠᠯᠠ ᠮᠥᠩᠭᠥ᠎ᠪᠠᠨ ᠠᠰᠢᠭᠯᠠᠨ ᠣᠲᠣ ᠦᠶ᠎ᠡ ᠵᠢᠨ ᠪᠡᠯᠡᠳᠬᠡᠮᠵᠢᠲᠦ ᠲᠠᠷᠢᠶᠠᠯᠠᠩ᠎ᠤᠨ ᠰᠠᠭᠤᠷᠢᠨ ᠭᠠᠵᠠᠷ᠎ᠲᠤ ᠬᠤᠪᠢ ᠣᠷᠣᠭᠤᠯᠬᠤ ᠵᠢ ᠨᠢᠭᠡᠳᠦᠯᠲᠡᠶ ᠲᠥᠯᠥᠪᠵᠢᠭᠦᠯᠦᠨ ᠵᠣᠬᠢᠴᠠᠭᠤᠯᠵᠤ᠂ ᠣᠯᠠᠨ ᠲᠦᠮᠡᠨ᠎ᠢ ᠳᠠᠢ᠌ᠴᠢᠯᠠᠨ ᠶᠠᠳᠠᠭᠤ᠎ᠠᠴᠠ ᠠᠩᠭᠢᠵᠢᠷᠠᠭᠤᠯᠤᠨ ᠣᠷᠣᠯᠭ᠎ᠠ ᠵᠢ᠎ᠨᠢ ᠨᠡᠮᠡᠭᠳᠡᠭᠦᠯᠵᠦ ᠪᠠᠢ᠌ᠨ᠎ᠠ᠃ ᠰᠢᠨᠬᠤᠸᠠ ᠬᠣᠷᠢᠶᠠᠨ᠎ᠤ ᠰᠤᠷᠪᠤᠯᠵᠢᠯᠠᠭᠴᠢ   ᠵᠦ᠍ ᠰᠢᠤᠢ ᠳ᠋ᠦᠩ ᠰᠡᠭᠦᠳᠡᠷᠯᠡᠪᠡ


      ᠵᠢᠯ᠎ᠤᠨ ᠡᠴᠦᠰ ᠣᠨ᠎ᠤ ᠡᠬᠢᠨ ᠪᠣᠯᠬᠤ᠎ᠳᠤ᠂ ᠡᠯ᠎ᠡ ᠵᠦᠢ᠍ᠯ᠎ᠤᠨ ᠠᠵᠢᠯ᠎ᠢ ᠴᠢᠩᠭ᠎ᠠ ᠠᠳᠬᠤᠵᠤ ᠪᠣᠳᠠᠲᠠᠢ ᠠᠳᠬᠤᠬᠤ ᠬᠡᠷᠡᠭᠲᠡᠢ᠃ ᠬᠢᠵᠢᠭ᠎ᠤᠨ ᠪᠠᠢ᠌ᠳᠠᠯ᠎ᠢ ᠰᠡᠷᠭᠡᠢ᠌ᠯᠡᠨ ᠡᠵᠡᠮᠳᠡᠬᠦ ᠲᠠᠯ᠎ᠠ᠎ᠪᠠᠷ 《ᠭᠠᠳᠠᠨ᠎ᠠ᠎ᠠᠴᠠ ᠬᠠᠯᠳᠠᠪᠤᠷᠢᠯᠠᠨ ᠣᠷᠣᠵᠤ ᠢᠷᠡᠬᠦ ᠵᠢ ᠰᠡᠷᠭᠡᠢ᠌ᠯᠡᠵᠦ᠂ ᠳᠣᠲᠣᠭ᠋ᠠᠳᠤ᠎ᠳᠤ᠎ᠪᠠᠨ ᠲᠠᠬᠢᠨ ᠡᠭᠦᠰᠬᠦ ᠵᠢ ᠰᠡᠷᠭᠡᠢ᠌ᠯᠡᠬᠦ》 ᠠᠵᠢᠯ᠎ᠢ ᠥᠴᠦᠬᠡᠨ ᠴᠦ᠍ ᠰᠤᠯᠠᠷᠠᠭᠤᠯᠤᠯ ᠦᠭᠡᠢ ᠰᠠᠢ᠌ᠲᠤᠷ ᠠᠳᠬᠤᠵᠤ᠂ ᠴᠢᠩᠭ᠎ᠠ ᠰᠡᠷᠭᠡᠢ᠌ᠯᠡᠨ ᠰᠠᠬᠢᠵᠤ᠂ ᠬᠡᠪᠴᠢᠶᠡᠲᠦ ᠴᠢᠨᠠᠷᠲᠠᠢ᠎ᠪᠠᠷ ᠬᠠᠯᠳᠠᠪᠤᠷᠢᠯᠠᠨ ᠣᠷᠣᠵᠤ ᠢᠷᠡᠬᠦ ᠪᠠ ᠲᠠᠬᠢᠨ ᠳᠡᠯᠭᠡᠷᠡᠬᠦ ᠪᠠᠢ᠌ᠳᠠᠯ ᠭᠠᠷᠬᠤ ᠦᠭᠡᠢ ᠪᠠᠢ᠌ᠬᠤ ᠵᠢ ᠦᠨᠡᠨ ᠬᠦ᠌ ᠪᠠᠲᠤᠯᠠᠬᠤ ᠬᠡᠷᠡᠭᠲᠡᠢ; ᠬᠣᠶᠠᠷ ᠪᠠᠶᠠᠷ᠎ᠤᠨ ᠬᠤᠭᠤᠴᠠᠭ᠋ᠠᠨ᠎ᠤ ᠵᠠᠬ᠎ᠠ ᠳᠡᠯᠭᠡᠭᠦᠷ᠎ᠤᠨ ᠬᠠᠩᠭ᠋ᠠᠯᠭ᠎ᠠ ᠵᠢ ᠰᠠᠢ᠌ᠲᠤᠷ ᠲᠤᠬᠢᠷᠠᠭᠤᠯᠵᠤ᠂ ᠠᠷᠠᠳ᠎ᠤᠨ ᠦᠨᠳᠦᠰᠦᠨ ᠠᠮᠢᠳᠤᠷᠠᠯ᠎ᠢ ᠦᠨᠡᠨ ᠬᠦ᠌ ᠪᠠᠲᠤᠯᠠᠨ᠂ ᠬᠦᠴᠢᠷᠳᠡᠯᠲᠡᠢ ᠬᠥᠮᠦᠰ᠎ᠤᠨ ᠦᠨᠳᠦᠰᠦᠨ ᠵᠦᠢ᠍ᠯ᠎ᠢ ᠪᠠᠲᠤᠯᠠᠨ ᠳᠠᠭ᠋ᠠᠭ᠋ᠠᠬᠤ ᠠᠵᠢᠯ᠎ᠢ ᠰᠠᠢ᠌ᠲᠤᠷ ᠬᠢᠬᠦ ᠬᠡᠷᠡᠭᠲᠡᠢ ᠁
      ᠳᠤᠮᠳᠠᠳᠤ ᠤᠯᠤᠰ᠎ᠤᠨ ᠶᠠᠪᠤᠳᠠᠯ᠎ᠢ ᠰᠠᠢ᠌ᠲᠤᠷ ᠬᠢᠬᠦ ᠵᠢᠨ ᠵᠠᠩᠭᠢᠯᠠᠭ᠎ᠠ᠎ᠨᠢ ᠨᠠᠮ᠎ᠳᠤ ᠪᠠᠢ᠌ᠨ᠎ᠠ᠂ ᠬᠥᠮᠦᠨ᠎ᠳᠤ ᠪᠠᠢ᠌ᠨ᠎ᠠ᠃
      ᠰᠢᠨ᠎ᠡ ᠠᠶᠠᠨ᠎ᠤ ᠤᠷᠤᠭᠰᠢᠯᠠᠯᠲᠠ ᠵᠢᠨ ᠪᠦᠷᠢᠶ᠎ᠡ ᠨᠢᠭᠡᠨᠲᠡ ᠬᠠᠩᠭᠢᠨᠠᠯ᠎ᠠ᠃ ᠢᠷᠡᠬᠦ ᠵᠢᠯ᠎ᠤᠨ ᠠᠵᠤ ᠠᠬᠤᠢ ᠵᠢᠨ ᠠᠵᠢᠯ᠎ᠢ ᠰᠠᠢ᠌ᠲᠤᠷ ᠬᠢᠬᠦ ᠡᠭᠦᠷᠭᠡ ᠮᠠᠰᠢ ᠬᠦᠨᠳᠦ ᠪᠠᠢ᠌ᠨ᠎ᠠ᠂ ᠪᠦᠬᠦ ᠨᠠᠮ ᠵᠶ᠋ᠠᠷ ᠵᠶ᠋ᠠᠨ ᠰᠢ ᠵᠢᠨ ᠫᠢᠩ ᠨᠥᠬᠥᠷ ᠵᠶ᠋ᠡᠷ ᠭᠣᠣᠯ ᠪᠣᠯᠭ᠋ᠠᠭᠰᠠᠨ ᠨᠠᠮ᠎ᠤᠨ ᠲᠥᠪ ᠬᠣᠷᠢᠶᠠᠨ᠎ᠤ ᠲᠣᠭᠣᠷᠢᠨ᠎ᠳᠤ ᠨᠢᠭᠲᠠᠷᠠᠨ ᠪᠦᠯᠬᠦᠮᠳᠡᠵᠦ᠂ 14 ᠳ᠋ᠦᠩᠰᠢᠭᠤᠷ ᠳᠤᠮᠳᠠᠳᠤ ᠤᠯᠤᠰ᠎ᠤᠨ ᠠᠷᠠᠳ ᠲᠦᠮᠡᠨ᠎ᠤ ᠰᠦᠷ ᠳᠠᠯᠠᠢ᠌ᠴᠠᠲᠠᠢ ᠠᠤᠭ᠎ᠠ ᠬᠦᠴᠦᠨ᠎ᠢ ᠨᠢᠭᠲᠠᠷᠠᠭᠤᠯᠤᠨ᠂ ᠰᠢᠯᠢᠳᠡᠭ ᠠᠮᠵᠢᠯᠲᠠ᠎ᠪᠠᠷ ᠵᠶ᠋ᠠᠨ ᠨᠠᠮ ᠪᠠᠢ᠌ᠭᠤᠯᠤᠭᠳᠠᠭᠰᠠᠨ 100 ᠵᠢᠯ᠎ᠤᠨ ᠤᠢ ᠵᠢ ᠤᠭᠲᠤᠵᠤ᠂ ᠨᠡᠢ᠌ᠭᠡᠮ ᠵᠢᠷᠤᠮᠲᠤ ᠣᠳᠣᠬᠢᠴᠢᠯᠠᠭᠰᠠᠨ ᠤᠯᠤᠰ᠎ᠢ ᠪᠦᠬᠦ ᠲᠠᠯ᠎ᠠ᠎ᠪᠠᠷ ᠪᠦᠳᠦᠭᠡᠨ ᠪᠠᠢ᠌ᠭᠤᠯᠵᠤ᠂ ᠳᠤᠮᠳᠠᠳᠤ ᠵᠢᠨ ᠦᠨᠳᠦᠰᠦᠲᠡᠨ᠎ᠤ ᠠᠭᠤᠤ ᠶᠡᠬᠡ ᠰᠡᠷᠭᠦᠨ ᠮᠠᠨᠳᠤᠯᠲᠠ ᠵᠢᠨ ᠳᠤᠮᠳᠠᠳᠤ ᠵᠢᠨ ᠵᠡᠭᠦᠳᠦ ᠵᠢ ᠲᠡᠷᠭᠡᠯᠰᠢᠭᠦᠯᠬᠦ᠎ᠳᠤ ᠴᠥᠬᠥᠷᠡᠰᠢ ᠦᠭᠡᠢ ᠲᠡᠮᠡᠴᠡᠵᠡᠭᠡᠶ᠎ᠡ!

ᠢᠷᠡᠯᠲᠡ᠄ ᠥᠪᠥᠷ ᠮᠣᠩᠭᠣᠯ᠎ᠤᠨ ᠵᠠᠰᠠᠭ᠎ᠤᠨ ᠣᠷᠳᠣᠨ
          
ᠬᠠᠮᠢᠶ᠎ᠡ ᠪᠦᠬᠦᠢ ᠰᠣᠨᠢᠨ
ᠯᠢ ᠺᠸ ᠴᠢᠶᠠᠩ ᠲᠦᠷᠦ ᠵᠢᠨ ᠶᠠᠪᠤᠳᠠᠯ᠎ᠤᠨ ᠬᠣᠷᠢᠶᠠᠨ᠎ᠤ ᠪᠠᠢ᠌ᠩᠭᠤ ᠵᠢᠨ ᠬᠤᠷᠠᠯ᠎ᠢ ᠡᠷᠬᠢᠯᠡᠨ ᠬᠤᠷᠠᠯᠳᠤᠭᠤᠯᠵᠤ ᠡᠨᠧᠷᠭᠢ ᠵᠢᠨ ᠠᠶᠤᠯᠭᠦᠶ ᠲᠣᠭᠲᠠᠭᠤᠨ ᠬᠠᠩᠭ᠋ᠠᠯᠭ᠎ᠠ ᠵᠢ ᠪᠠᠲᠤᠯᠠᠵᠤ ᠤᠯᠠᠨ ᠲᠦᠮᠡᠨ᠎ᠤ ᠳᠤᠯᠠᠭ᠋ᠠᠨ ᠡᠪᠦᠯᠵᠢᠬᠦ ᠵᠢ ᠦᠨᠡᠨ ᠬᠦ᠌ ᠪᠠᠲᠤᠯᠠᠬᠤ ᠬᠣᠯᠪᠣᠭᠳᠠᠯ ᠪᠦᠬᠦᠢ ᠠᠵᠢᠯ᠎ᠢ ᠤᠯᠠᠮ ᠴᠢᠨᠠᠭᠰᠢᠳᠠ ᠰᠠᠢ᠌ᠲᠤᠷ ᠬᠢᠬᠦ ᠵᠡᠷᠭᠡ ᠠᠵᠢᠯ᠎ᠤᠳ᠎ᠢ ᠪᠠᠢ᠌ᠷᠢᠯᠠᠭᠤᠯᠪᠠ
ᠯᠢ ᠺᠸ ᠴᠢᠶᠠᠩ ᠲᠦᠷᠦ ᠵᠢᠨ ᠶᠠᠪᠤᠳᠠᠯ᠎ᠤᠨ ᠬᠣᠷᠢᠶᠠᠨ᠎ᠤ ᠪᠠᠶ᠋ᠢᠩᠭᠤ ᠵᠢᠨ ᠬᠤᠷᠠᠯ᠎ᠢ ᠡᠷᠬᠢᠯᠡᠨ ᠬᠤᠷᠠᠯᠳᠤᠭᠤᠯᠵᠤ ᠬᠦᠴᠦ ᠶᠠᠪᠤᠭᠴᠢ ᠲᠠᠷᠢᠶᠠᠴᠢᠨ᠎ᠤ ᠴᠠᠯᠢᠩ᠎ᠢ ᠣᠯᠭᠣᠬᠤ ᠵᠢ ᠪᠠᠲᠤᠯᠠᠭᠰᠠᠨ ᠪᠠᠶ᠋ᠢᠳᠠᠯ᠎ᠤᠨ ᠲᠤᠬᠠᠢ ᠬᠠᠷᠢᠭᠤ ᠮᠡᠳᠡᠭᠦᠯᠦᠯᠲᠡ ᠵᠢ ᠰᠣᠨᠣᠰᠴᠤ ᠠᠷᠭ᠎ᠠ ᠬᠡᠮᠵᠢᠶ᠎ᠡ ᠵᠢ ᠨᠠᠶ᠋ᠢᠳᠠᠪᠤᠷᠢᠵᠢᠭᠤᠯᠬᠤ ᠵᠢ ᠴᠢᠩᠭ᠋ᠠᠳᠬᠠᠵᠤ ᠬᠦᠴᠦ ᠶᠠᠪᠤᠭᠴᠢ ᠲᠠᠷᠢᠶᠠᠴᠢᠨ᠎ᠤ ᠬᠥᠯᠥᠰᠥ ᠣᠯᠭᠣᠮᠵᠢ᠎ᠪᠠᠨ ᠴᠠᠭ ᠲᠤᠬᠠᠢ᠎ᠳᠤ᠎ᠨᠢ ᠲᠣᠭ᠎ᠠ ᠶᠣᠰᠣᠭ᠋ᠠᠷ ᠣᠯᠬᠤ ᠵᠢ᠎ᠨᠢ ᠪᠠᠲᠤᠯᠠᠬᠤ ᠬᠡᠷᠡᠭᠲᠡᠢ ᠭᠡᠵᠦ ᠱᠠᠭ᠋ᠠᠷᠳᠠᠪᠠ
ᠯᠢ ᠺᠧ ᠴᠢᠶᠠᠩ ᠲᠥᠷᠥ ᠵᠢᠨ ᠶᠠᠪᠤᠳᠠᠯ᠎ᠤᠨ ᠬᠣᠷᠢᠶᠠᠨ᠎ᠤ ᠪᠠᠢ᠌ᠩᠭᠤ ᠵᠢᠨ ᠬᠣᠷᠢᠶᠠᠨ᠎ᠤ ᠬᠤᠷᠠᠯ᠎ᠢ ᠬᠤᠷᠠᠯᠳᠤᠭᠤᠯᠵᠤ ᠰᠢᠨ᠎ᠡ ᠵᠢᠯ ᠴᠠᠭ᠋ᠠᠨ ᠰᠠᠷ᠎ᠠ 《ᠬᠣᠣᠰ ᠪᠠᠶᠠᠷ》᠎ᠤᠨ ᠬᠤᠭᠤᠴᠠᠭ᠋ᠠᠨ᠎ᠳᠤ ᠬᠢᠵᠢᠭ ᠭᠠᠮᠰᠢᠭ᠎ᠤᠨ ᠪᠠᠢ᠌ᠳᠠᠯ᠎ᠳᠤ ᠨᠥᠯᠥᠭᠡᠯᠡᠭᠳᠡᠭᠰᠡᠨ ᠶᠠᠳᠠᠭᠤ ᠬᠦᠴᠢᠷᠳᠡᠯᠲᠡᠢ ᠣᠯᠠᠨ ᠲᠦᠮᠡᠨ ᠪᠠ ᠳᠣᠣᠷ᠎ᠠ ᠪᠠᠲᠤᠯᠠᠭ᠋ᠠᠲᠤ ᠣᠯᠠᠨ ᠲᠦᠮᠡᠨ᠎ᠤ ᠠᠮᠢᠳᠤᠷᠠᠯ᠎ᠤᠨ ᠪᠠᠲᠤᠯᠠᠭ᠎ᠠ ᠵᠢ ᠴᠢᠩᠭ᠋ᠠᠳᠬᠠᠬᠤ ᠵᠡᠷᠭᠡ ᠠᠵᠢᠯ᠎ᠢ ᠪᠠᠢ᠌ᠷᠢᠯᠠᠭᠤᠯᠪᠠ
ᠯᠢ ᠺᠸ ᠴᠢᠶᠠᠩ ᠲᠥᠷᠥ ᠵᠢᠨ ᠶᠠᠪᠤᠳᠠᠯ᠎ᠤᠨ ᠬᠣᠷᠢᠶᠠᠨ᠎ᠤ ᠪᠠᠢ᠌ᠩᠭᠤ ᠵᠢᠨ ᠬᠣᠷᠢᠶᠠᠨ᠎ᠤ ᠬᠤᠷᠠᠯ᠎ᠢ ᠡᠷᠭᠢᠯᠡᠨ ᠬᠤᠷᠠᠯᠳᠤᠭᠤᠯᠵᠤ ᠠᠷᠭ᠎ᠠ ᠬᠡᠮᠵᠢᠶ᠎ᠡ ᠵᠢ ᠴᠢᠩᠭ᠋ᠠᠳᠬᠠᠨ ᠳᠦᠷᠢᠮ᠎ᠢ ᠲᠡᠭᠦᠯᠳᠡᠷᠵᠢᠭᠦᠯᠵᠦ ᠠᠵᠤ ᠠᠬᠤᠢ᠌ᠯᠠᠯ᠎ᠳᠤ ᠬᠣᠯᠪᠣᠭᠳᠠᠭᠰᠠᠨ ᠳᠤᠷ᠎ᠠ᠎ᠪᠠᠷ ᠰᠦᠢ᠍ᠳᠬᠡᠯ ᠬᠤᠷᠢᠶᠠᠬᠤ ᠶᠠᠪᠤᠳᠠᠯ᠎ᠢ ᠡᠷᠡᠰ ᠬᠣᠷᠢᠭᠯᠠᠬᠤ ᠵᠡᠷᠭᠡ ᠠᠵᠢᠯ᠎ᠢ ᠪᠠᠢ᠌ᠷᠢᠯᠠᠭᠤᠯᠪᠠ
ᠴᠡᠴᠡᠭ᠎ᠤᠨ ᠳᠡᠯᠪᠢᠰ᠎ᠨᠢ ᠥᠪᠡᠷ ᠥᠪᠡᠷ᠎ᠤᠨ ᠥᠩᠭᠡ᠎ᠪᠠᠷ ᠵᠶ᠋ᠡᠨ ᠰᠣᠯᠣᠩᠭ᠋ᠠᠷᠠᠪᠠᠴᠤ ᠴᠢᠩ ᠰᠡᠳᠬᠢᠯ᠎ᠨᠢ ᠲᠥᠪ ᠵᠦᠭ ᠵᠶ᠋ᠡᠨ ᠲᠡᠮᠡᠦᠯᠦᠨ᠎ᠡ
 
            