ᠰᠢᠨᠬᠤᠸᠠ ᠬᠤᠷᠢᠶᠠᠨ᠎ᠤ ᠪᠡᠭᠡᠵᠢᠩ᠎ᠤᠨ 4 ᠰᠠᠷ᠎ᠡ ᠵᠢᠨ 13᠎ᠤ ᠴᠠᠬᠢᠯᠭ᠋ᠠᠨ ᠮᠡᠳᠡᠭᠡ ᠤᠯᠤᠰ᠎ᠤᠨ ᠲᠡᠷᠢᠬᠦᠯᠡᠭᠴᠢ ᠰᠢ ᠵᠢᠨ ᠫᠢᠩ 4 ᠰᠠᠷ᠎ᠡ ᠵᠢᠨ 13᠎ᠤ ᠡᠳᠦᠷ ᠢᠨᠳᠤᠨ᠋ᠸᠰᠢᠶᠡ ᠵᠢᠨ ᠶᠡᠷᠤᠨᠭ᠌ᠭᠡᠢ᠍ᠢ᠍ᠯᠡᠭᠴᠢ ᠽᠦᠸᠸᠺᠸ᠎ᠲᠠᠢ ᠬᠠᠷᠢᠯᠴᠠᠨ ᠪᠠᠶᠠᠷ᠎ᠤᠨ ᠴᠠᠬᠢᠯᠭ᠋ᠠᠨ ᠴᠢᠮᠡᠭᠡ ᠶᠠᠪᠤᠭᠤᠯᠵᠤ᠂ ᠲᠤᠮᠳᠠᠳᠤ ᠢᠨᠳᠦᠨ᠋ᠸᠰᠢᠶ᠎ᠡ ᠵᠢᠨ ᠬᠠᠷᠢᠯᠴᠠᠭ᠎ᠡ ᠪᠠᠢ᠍ᠢ᠍ᠭᠤᠯᠤᠬᠰᠡᠨ 70 ᠵᠢᠯ᠎ᠤᠨ ᠤᠢ ᠵᠢ ᠪᠠᠶᠠᠷᠯᠡᠨ ᠪᠡᠯᠭᠡᠯᠡᠪᠡ᠃
ᠰᠢ ᠵᠢᠨ ᠫᠢᠩ ᠪᠠᠶᠠᠷ᠎ᠤᠨ ᠴᠠᠬᠢᠯᠭ᠋ᠠᠨ ᠴᠢᠮᠡᠭᠡ᠎ᠳᠡᠭᠡᠨ᠂ ᠲᠤᠮᠳᠠᠳᠤ ᠤᠯᠤᠰ ᠪᠤᠯᠤᠨ ᠢᠨᠳᠦᠨ᠋ᠸᠰᠢᠶ᠎ᠡ ᠵᠢᠨ ᠨᠦᠬᠦᠷᠰᠡᠭ ᠶᠠᠪᠤᠯᠴᠠᠭᠡ ᠦᠨᠢ ᠤᠳᠠᠭ᠋ᠠᠨ ᠲᠡᠤᠭᠡ᠎ᠲᠠᠢ ᠶᠤᠮ᠃ ᠬᠠᠷᠢᠯᠴᠠᠭ᠎ᠡ ᠪᠠᠢ᠍ᠢ᠍ᠭᠤᠯᠤᠬᠰᠡᠨ 70 ᠵᠢᠯ᠎ᠤᠨ ᠲᠤᠷᠰᠢ᠂ ᠬᠤᠶᠠᠷ ᠲᠠᠯ᠎ᠡ ᠵᠢᠨ ᠬᠠᠷᠢᠯᠴᠠᠭ᠎ᠡ ᠲᠦᠷᠭᠡᠨ ᠬᠦᠭᠵᠢᠪᠠ᠃ ᠢᠯᠠᠨᠭ᠌ᠭᠤᠶᠡ ᠤᠢ᠍ᠢ᠍ᠷ᠎ᠡ ᠵᠢᠨ ᠵᠢᠯ᠎ᠠᠴᠠ ᠨᠠᠭ᠋ᠠᠰᠢ᠂ ᠬᠤᠶᠠᠷ ᠤᠯᠤᠰ᠎ᠤᠨ ᠬᠠᠷᠢᠯᠴᠠᠭ᠎ᠡ ᠵᠢᠨ ᠪᠠᠢ᠍ᠢ᠍ᠷᠢ ᠲᠤᠬᠳᠠᠭ᠋ᠠᠯᠳᠠ ᠲᠠᠰᠤᠷᠠᠯᠳᠠ ᠦᠭᠡᠢ ᠲᠡᠭᠡᠭᠰᠢᠯᠡᠵᠤ᠂ ᠬᠠᠮᠳᠤᠷᠠᠯᠴᠠᠭ᠋ᠠᠨ᠎ᠤ ᠬᠦᠷᠢᠶ᠎ᠡ ᠲᠠᠰᠤᠷᠠᠯᠳᠠ ᠦᠭᠡᠢ ᠦᠷᠭᠡᠵᠢᠵᠤ᠂ 《ᠨᠢᠭᠡ ᠪᠦᠰᠡ ᠨᠢᠭᠡ ᠵᠠᠮ》᠎ᠢ ᠬᠠᠮᠳᠤ᠎ᠪᠠᠷ ᠪᠦᠳᠦᠭᠡᠨ ᠪᠠᠢ᠍ᠢ᠍ᠭᠤᠯᠬᠤ ᠦᠷ᠎ᠡ ᠪᠦᠳᠦᠭᠡᠯ ᠪᠠᠶᠠᠯᠢᠬ᠍ᠵᠢᠨ᠂ ᠲᠡᠯᠡᠭᠡᠢ ᠵᠢᠨ ᠪᠠ ᠭᠠᠵᠠᠷ ᠤᠷᠤᠨ᠎ᠤ ᠭᠡᠷᠡᠭ ᠶᠠᠪᠤᠳᠠᠯ᠎ᠳᠤ ᠨᠢᠬᠳᠠ ᠬᠠᠮᠳᠤᠷᠠᠯᠴᠠᠵᠤ᠂ ᠬᠤᠶᠠᠷ ᠤᠯᠤᠰ᠎ᠤᠨ ᠠᠷᠠᠳ ᠲᠦᠮᠡᠨ᠎ᠳᠤ ᠠᠵᠠ ᠵᠢᠷᠭ᠋ᠠᠯ ᠤᠯᠭᠤᠵᠦ᠂ ᠭᠠᠵᠠᠷ ᠤᠷᠤᠨ᠎ᠤ ᠪᠠ ᠪᠦᠬᠦ ᠪᠦᠮᠪᠦᠷᠴᠡᠭ᠎ᠤᠨ ᠴᠡᠴᠡᠭᠯᠡᠯ ᠬᠦᠭᠵᠢᠯ ᠲᠤᠬᠳᠠᠭᠤᠨ ᠪᠠᠢ᠍ᠢ᠍ᠳᠠᠯ᠎ᠳᠤ ᠴᠢᠬᠤᠯᠠ ᠬᠤᠪᠢ ᠨᠠᠮᠠᠷᠢ ᠦᠵᠡᠬᠦᠯᠵᠠᠢ ᠭᠡᠵᠤ ᠵᠢᠭ᠋ᠠᠵᠤ ᠭᠠᠷᠭ᠋ᠠᠪᠠ᠃
ᠰᠢ ᠵᠢᠨ ᠫᠢᠩ᠂ ᠲᠤᠮᠳᠠᠳᠤ ᠤᠯᠤᠰ ᠪᠤᠯᠤᠨ ᠢᠨᠳᠤᠨ᠋ᠸᠰᠢᠶᠡ ᠵᠢᠨ᠎ᠬᠢᠨ ᠬᠤᠶᠠᠷ ᠲᠠᠯ᠎ᠡ᠂ ᠭᠠᠵᠠᠷ ᠤᠷᠤᠨ ᠪᠤᠯᠤᠨ ᠤᠯᠠᠨ ᠲᠠᠯ᠎ᠡ ᠵᠢᠨ ᠲᠠᠪᠬᠤᠷᠭᠡᠳᠤ ᠦᠷᠭᠡᠨ ᠲᠡᠯᠭᠡᠷ ᠬᠠᠮᠳᠤ ᠵᠢᠨ ᠠᠰᠢᠭ ᠲᠤᠰᠠᠲᠠᠢ ᠶᠤᠮ᠂ ᠬᠠᠮᠳᠤᠷᠠᠯᠴᠠᠭ᠎ᠡ ᠵᠢᠨ ᠲᠠᠯᠳᠠ ᠬᠦᠴᠤᠨ ᠯᠤᠳᠤ ᠶᠡᠭᠡ ᠪᠠᠢ᠍ᠢ᠍ᠭ᠎ᠠ ᠶᠤᠮ᠃ ᠲᠤᠮᠳᠠᠳᠤ ᠤᠯᠤᠰ ᠦᠷᠬᠦᠯᠵᠢᠯᠡᠨ ᠢᠨᠳᠤᠨ᠋ᠸᠰᠢᠶᠡᠯᠤᠭᠠ ᠬᠠᠳᠠᠭᠤ ᠪᠡᠷᠭᠡᠰᠢᠶᠠᠯ᠎ᠢ ᠬᠠᠮᠳᠤ᠎ᠪᠠᠷ ᠲᠤᠭᠤᠯᠵᠤ᠂ ᠰᠢᠨ᠎ᠡ ᠲᠢᠳᠢᠮᠯᠢᠭ ᠠᠭᠤᠰᠬᠢᠨ ᠦᠷᠪᠢᠰᠦᠯ᠎ᠤᠨ ᠬᠢᠵᠢᠭ᠎ᠤᠨ ᠪᠠᠢ᠍ᠢ᠍ᠳᠠᠯ᠎ᠢ ᠲᠠᠢ᠍ᠢ᠍ᠯᠠᠨ ᠢᠯᠠᠨᠡ᠃ ᠪᠢ ᠲᠤᠮᠳᠠᠳᠤ ᠢᠨᠳᠤᠨ᠋ᠸᠰᠢᠶᠡ ᠵᠢᠨ ᠬᠠᠷᠢᠯᠴᠠᠭ᠎ᠡ ᠵᠢᠨ ᠬᠦᠭᠵᠢᠯᠳᠠ ᠵᠢ ᠲᠡᠭᠡᠳᠤ ᠬᠡᠮᠵᠢᠶ᠎ᠡ᠎ᠪᠠᠷ ᠴᠢᠬᠤᠯᠠᠴᠢᠯᠠᠵᠤ ᠪᠠᠢ᠍ᠢ᠍ᠨ᠎ᠡ᠂ ᠲᠤᠷᠠᠳᠠᠶ᠎ᠡ ᠶᠡᠷᠤᠨᠭ᠌ᠭᠡᠢ᠍ᠢ᠍ᠯᠡᠭᠴᠢ ᠽᠦᠸᠸᠺᠸᠯᠦᠭᠡ ᠬᠠᠮᠳᠤ᠎ᠪᠠᠷ ᠴᠢᠷᠮᠠᠢ᠍ᠢ᠍ᠵᠤ᠂ ᠲᠤᠮᠳᠠᠳᠤ ᠢᠨᠳᠤᠨ᠋ᠸᠰᠢᠶᠡ ᠵᠢᠨ ᠪᠦᠬᠦ ᠲᠠᠯ᠎ᠡ ᠵᠢᠨ ᠪᠠᠢ᠍ᠢ᠍ᠯᠳᠤᠬᠤ ᠪᠤᠳᠤᠯᠭ᠎ᠡ ᠵᠢᠨ ᠬᠠᠨᠢᠳᠠᠨ᠎ᠤ ᠬᠠᠷᠢᠯᠴᠠᠭ᠎ᠡ᠎ᠳᠤ ᠰᠢᠨ᠎ᠡ ᠠᠭᠤᠯᠤᠬᠳᠠᠬᠤᠨ ᠨᠡᠮᠡᠷᠢᠯᠠᠵᠤ᠂ ᠭᠠᠵᠠᠷ ᠤᠷᠤᠨ᠎ᠤ ᠬᠦᠭᠵᠢᠯᠳᠠ᠎ᠳᠤ ᠰᠢᠨ᠎ᠡ ᠬᠦᠳᠡᠯᠭᠡᠬᠦ ᠬᠦᠴᠤᠨ ᠨᠡᠮᠡᠷᠢᠯᠡᠨ᠎ᠡ ᠭᠡᠵᠤ ᠴᠢᠬᠤᠯᠠᠴᠢᠯᠠᠪᠠ᠃
ᠽᠦᠸᠸᠺᠸ ᠪᠠᠶᠠᠷ᠎ᠤᠨ ᠴᠠᠬᠢᠯᠭ᠋ᠠᠨ ᠴᠢᠮᠡᠭᠡ᠎ᠳᠡᠭᠡᠨ᠂ ᠢᠨᠳᠤᠨ᠋ᠸᠰᠢᠶᠡ ᠪᠤᠯᠤᠨ ᠲᠤᠮᠳᠠᠳᠤ ᠤᠯᠤᠰ ᠦᠨᠢ ᠤᠳᠠᠭ᠋ᠠᠨ ᠲᠡᠤᠭᠡ ᠪᠠ ᠰᠤᠶᠤᠯ᠎ᠤᠨ ᠬᠤᠯᠪᠤᠭ᠋ᠠᠰᠤ᠎ᠲᠠᠢ ᠶᠤᠮ᠂ ᠬᠤᠶᠠᠷ ᠤᠯᠤᠰ᠎ᠤᠨ ᠤᠳᠤᠷᠢᠳᠬᠤ ᠬᠦᠮᠦᠨ ᠪᠤᠯᠤᠨ ᠨᠡᠢ᠍ᠢ᠍ᠭᠡᠮ᠎ᠤᠨ ᠡᠯ᠎ᠡ ᠡᠳᠡᠭᠡᠳ᠎ᠤᠨ᠎ᠬᠢᠨ ᠨᠢᠬᠳᠠ ᠶᠠᠪᠤᠯᠴᠠᠵᠦ᠂ ᠪᠠᠳᠤ ᠨᠦᠬᠦᠷᠯᠡᠯ᠎ᠢ ᠪᠠᠢ᠍ᠢ᠍ᠭᠤᠯᠵᠠᠢ᠃ ᠬᠤᠶᠠᠷ ᠤᠯᠤᠰ᠎ᠤᠨ ᠬᠠᠷᠢᠯᠴᠠᠭ᠎ᠡ 70 ᠵᠢᠯ᠎ᠢ ᠦᠨᠭᠭᠡᠷᠡᠬᠦᠯᠵᠤ᠂ ᠡᠳᠦᠷ ᠢᠷᠡᠬᠦᠶ᠎ᠡ ᠪᠤᠯᠪᠠᠰᠤᠷᠠᠨᠭ᠌ᠭᠤᠢ ᠪᠤᠯᠵᠠᠢ᠂ ᠡᠨᠡ ᠪᠤᠯ ᠢᠨᠳᠤᠨ᠋ᠸᠰᠢᠶᠡ ᠪᠤᠯᠤᠨ ᠲᠤᠮᠳᠠᠳᠤ ᠤᠯᠤᠰ᠎ᠤᠨ ᠤᠯᠤᠬᠰᠡᠨ ᠪᠠᠢ᠍ᠢ᠍ᠯᠳᠤᠬᠤ ᠪᠤᠳᠤᠯᠭ᠎ᠡ ᠵᠢᠨ ᠴᠢᠨᠠᠷᠳᠠᠢ ᠢᠯᠡᠳᠳᠠ ᠦᠷ᠎ᠡ ᠪᠦᠳᠦᠭᠡᠯ ᠪᠤᠯᠤᠨ᠎ᠡ᠃ ᠬᠤᠶᠠᠷ ᠤᠯᠤᠰ ᠵᠶ᠋ᠠᠷ ᠵᠶ᠋ᠠᠨ ᠡᠯ᠎ᠡ ᠬᠦᠷᠢᠶᠠᠨ᠎ᠳᠤ ᠲᠠᠰᠤᠷᠠᠯᠳᠠ ᠦᠭᠡᠢ ᠬᠠᠮᠳᠤᠷᠠᠯᠴᠠᠭ᠋ᠠᠨ᠎ᠤ ᠠᠵᠠ ᠲᠤᠬᠢᠶᠠᠯ᠎ᠢ ᠡᠬᠦᠳᠴᠤ᠂ ᠬᠤᠶᠠᠷ ᠤᠯᠤᠰ᠎ᠤᠨ ᠠᠷᠠᠳ ᠲᠦᠮᠡᠨ᠎ᠳᠤ ᠪᠤᠶᠠᠨ ᠦᠢ᠍ᠯᠡᠳᠴᠠᠢ᠂ ᠡᠨᠡ᠎ᠨᠢ ᠬᠤᠶᠠᠷ ᠲᠠᠯ᠎ᠡ ᠵᠢᠨ ᠤᠮᠤᠬᠰᠢᠯ ᠪᠤᠯᠬᠤ ᠶᠤᠮ᠃ ᠪᠦᠬᠦ ᠲᠠᠯ᠎ᠡ ᠵᠢᠨ ᠪᠠᠢ᠍ᠢ᠍ᠯᠳᠤᠬᠤ ᠪᠤᠳᠤᠯᠭ᠎ᠡ ᠵᠢᠨ ᠬᠠᠨᠢᠳᠠᠨ᠎ᠤ ᠬᠠᠷᠢᠯᠴᠠᠭ᠎ᠡ ᠵᠢᠨ ᠪᠤᠷᠤ ᠲᠦᠯᠦᠪ᠎ᠤᠨ ᠲᠤᠤᠷ᠎ᠡ᠂ ᠬᠤᠶᠠᠷ ᠲᠠᠯ᠎ᠡ᠎ᠪᠠᠷ ᠵᠶ᠋ᠠᠨ ᠬᠠᠮᠳᠤᠷᠠᠯᠴᠠᠭ᠋ᠠᠨ᠎ᠤ ᠵᠤᠷᠢᠭ ᠰᠠᠨᠠᠭ᠎ᠡ ᠵᠢ ᠪᠠᠷᠢᠮᠳᠠᠯᠠᠪᠡᠯ ᠯᠠᠪᠳᠠᠢ ᠬᠤᠶᠠᠷ ᠤᠯᠤᠰ᠎ᠤᠨ ᠲᠠᠰᠤᠷᠠᠯᠳᠠ ᠦᠭᠡᠢ ᠬᠦᠭᠵᠢᠨ ᠴᠡᠴᠡᠭᠯᠡᠬᠦ ᠵᠢ ᠠᠬᠢᠭᠤᠯᠵᠤ᠂ ᠭᠠᠵᠠᠷ ᠤᠷᠤᠨ ᠪᠠ ᠲᠠᠯᠡᠭᠡᠢ ᠵᠢᠨ ᠡᠨᠭᠭᠡ ᠲᠠᠢ᠍ᠢ᠍ᠪᠤᠩ᠂ ᠲᠤᠬᠳᠠᠭᠤᠨ ᠪᠠᠢ᠍ᠢ᠍ᠳᠠᠯ ᠪᠤᠯᠤᠨ ᠴᠡᠴᠡᠭᠯᠡᠯ ᠬᠦᠭᠵᠢᠯ᠎ᠳᠤ ᠬᠤᠪᠢ ᠨᠠᠮᠠᠷᠢ ᠦᠵᠡᠬᠦᠯᠬᠦ ᠪᠤᠯᠤᠨ᠎ᠡ ᠭᠡᠵᠤ ᠢᠯᠡᠳᠭᠡᠪᠡ᠃