ᠰᠢᠨᠬᠤᠸᠠ ᠬᠤᠷᠢᠶᠡᠨ᠎ᠤ ᠪᠡᠭᠡᠵᠢᠩ᠎ᠤᠨ 4 ᠳ᠋ᠦ᠍ᠭᠡᠷ ᠰᠠᠷ᠎ᠠ ᠵᠢᠨ 16᠎ᠤ ᠴᠠᠬᠢᠯᠭ᠋ᠠᠨ ᠮᠡᠳᠡᠬᠡ ᠤᠯᠤᠰ᠎ᠤᠨ ᠲᠡᠷᠢᠬᠦᠯᠡᠭᠴᠢ ᠰᠢ ᠵᠢᠨ ᠫᠢᠩ 16᠎ᠤ ᠤᠷᠤᠢ ᠤᠷᠤᠰ᠎ᠤᠨ ᠶᠡᠷᠦᠨᠭᠬᠡᠢ᠍ᠢ᠍ᠯᠡᠭᠴᠢ ᠫᠦᠲ᠋ᠢᠨ᠎ᠲᠠᠢ ᠤᠳᠠᠰᠤ᠎ᠪᠠᠷ
ᠶᠠᠷᠢᠯᠴᠠᠪᠠ᠃
ᠰᠢ ᠵᠢᠨ ᠫᠢᠩ᠂ ᠤᠳᠤᠬᠠᠨ᠎ᠳᠤ᠂ ᠰᠢᠨ᠎ᠡ ᠲᠢᠳᠢᠮᠯᠢᠭ ᠠᠭᠤᠰᠬᠢᠨ ᠦᠷᠪᠢᠰᠦᠯ᠎ᠤᠨ ᠬᠢᠵᠢᠭ᠎ᠤᠨ ᠪᠠᠢ᠍ᠢ᠍ᠳᠠᠯ ᠪᠦᠬᠦ ᠪᠦᠮᠪᠦᠷᠴᠡᠭ᠎ᠲᠤ ᠲᠠᠷᠬᠠᠨ ᠲᠡᠯᠬᠡᠷᠡᠵᠥ᠂ ᠡᠯ᠎ᠡ ᠤᠯᠤᠰ᠎ᠲᠤ ᠪᠦᠷ ᠬᠢᠵᠢᠭ᠎ᠲᠠᠢ ᠲᠡᠮᠡᠴᠡᠬᠦ ᠬᠠᠳᠠᠭᠤᠵᠢᠯᠳᠠᠢ ᠡᠬᠦᠷᠬᠡ ᠲᠤᠯᠭ᠋ᠠᠷᠠᠵᠥ ᠪᠠᠢ᠍ᠢ᠍ᠨ᠎ᠠ᠃ ᠪᠢᠳᠡ ᠨᠢᠬᠡ ᠰᠠᠷ᠎ᠠ ᠵᠢᠨ ᠲᠤᠳᠤᠷ᠎ᠠ ᠬᠤᠶᠠᠷ ᠤᠳᠠᠭ᠎ᠠ ᠤᠳᠠᠰᠤ᠎ᠪᠠᠷ ᠶᠠᠷᠢᠯᠴᠠᠵᠥ᠂ ᠬᠢᠵᠢᠭ᠎ᠤᠨ ᠪᠠᠢ᠍ᠢ᠍ᠳᠠᠯ᠎ᠢ ᠰᠡᠷᠬᠡᠢ᠍ᠢ᠍ᠯᠡᠨ ᠡᠵᠡᠮᠳᠡᠬᠦ ᠬᠠᠮᠳᠤᠷᠠᠯᠴᠠᠭ᠎ᠠ ᠵᠢ ᠨᠡᠩ ᠰᠠᠢ᠍ᠢ᠍ᠳᠤᠷ ᠦᠷᠨᠢᠬᠦᠯᠬᠦ ᠲᠤᠬᠠᠢ ᠰᠤᠯᠢᠯᠴᠠᠭ᠎ᠠ ᠵᠤᠬᠢᠴᠠᠭᠤᠯᠭ᠎ᠠ ᠬᠢᠵᠥ᠂ ᠲᠤᠮᠳᠠᠳᠤ ᠤᠷᠤᠰ᠎ᠤᠨ ᠬᠠᠷᠢᠯᠴᠠᠭ᠎ᠠ ᠦᠨᠳᠤᠷ ᠲᠦᠪᠰᠢᠨ᠎ᠲᠠᠢ ᠪᠠᠢ᠍ᠢ᠍ᠬᠤ ᠵᠢ ᠲᠠᠬᠢᠨᠳᠡ ᠢᠯᠡᠷᠡᠬᠦᠯᠪᠡ᠃ ᠲᠠ ᠪᠡᠶ᠎ᠡ᠎ᠪᠠᠷ ᠵᠶ᠋ᠠᠨ ᠬᠢᠵᠢᠭ᠎ᠲᠠᠢ ᠲᠡᠮᠡᠴᠡᠬᠦ ᠠᠵᠢᠯ᠎ᠢ ᠪᠠᠢ᠍ᠢ᠍ᠷᠢᠯᠠᠭᠤᠯᠤᠨ ᠵᠢᠯᠤᠭᠤᠳᠴᠦ᠂ ᠠᠯᠢ ᠤᠯᠠᠨ ᠰᠡᠷᠬᠡᠢ᠍ᠢ᠍ᠯᠡᠨ ᠡᠵᠡᠮᠳᠡᠬᠦ ᠬᠦᠴᠦᠳᠠᠢ ᠠᠷᠭ᠎ᠠ ᠬᠡᠮᠵᠢᠶ᠎ᠡ ᠵᠢ ᠲᠤᠭᠳᠠᠭ᠋ᠠᠭᠰᠠᠠ ᠪᠠᠢ᠍ᠢ᠍ᠨ᠎ᠠ᠃ ᠲᠠᠨ᠎ᠤ ᠪᠠᠳᠤ ᠴᠢᠩᠭ᠎ᠠ ᠤᠳᠤᠷᠢᠳᠤᠯᠭ᠎ᠠ ᠲᠤᠤᠷ᠎ᠡ᠂ ᠤᠷᠤᠰ᠎ᠤᠨ᠎ᠬᠢᠨ ᠬᠢᠵᠢᠭ ᠲᠠᠷᠬᠠᠨ ᠲᠡᠯᠬᠡᠷᠡᠬᠦ ᠵᠢ ᠡᠷᠳᠡᠬᠡᠨ ᠬᠤᠷᠢᠬᠯᠠᠵᠥ᠂ ᠠᠷᠠᠳ ᠲᠦᠮᠡᠨ᠎ᠤ ᠠᠮᠢ ᠨᠠᠰᠤᠨ᠎ᠤ ᠠᠮᠤᠷ ᠲᠦᠪᠰᠢᠨ ᠪᠤᠯᠤᠨ ᠪᠡᠶ᠎ᠡ ᠮᠠᠬᠠᠪᠤᠳ᠎ᠤᠨ ᠡᠷᠡᠬᠦᠯ ᠮᠡᠨᠳᠦ ᠵᠢ ᠪᠠᠳᠤᠯᠠᠵᠥ᠂ ᠠᠵᠥ ᠠᠬᠤᠢ ᠨᠡᠢ᠍ᠢ᠍ᠬᠡᠮ᠎ᠤᠨ ᠬᠦᠭᠵᠢᠯᠳᠡ᠎ᠪᠠᠨ ᠰᠡᠷᠬᠦᠬᠡᠵᠥ ᠴᠢᠳᠠᠨ᠎ᠠ ᠬᠡᠳᠡᠭ᠎ᠢ ᠪᠢᠳᠡ ᠢᠳᠡᠬᠡᠵᠥ ᠪᠠᠢ᠍ᠢ᠍ᠨ᠎ᠠ ᠬᠡᠵᠥ ᠵᠢᠭ᠋ᠠᠵᠥ ᠭᠠᠷᠭ᠋ᠠᠪᠠ᠃
ᠰᠢ ᠵᠢᠨ ᠫᠢᠩ᠂ ᠲᠤᠮᠳᠠᠳᠤ ᠤᠷᠤᠰ ᠠᠭᠤᠯᠠ ᠤᠰᠤ᠎ᠪᠠᠷ ᠵᠶ᠋ᠠᠨ ᠵᠠᠯᠭ᠋ᠠᠯᠳᠤᠵᠥ᠂ ᠬᠤᠶᠠᠷ ᠤᠯᠤᠰ᠎ᠤᠨ ᠠᠷᠠᠳ ᠲᠦᠮᠡᠨ ᠰᠡᠳᠬᠢᠯ ᠰᠠᠨᠠᠭ᠎ᠠ᠎ᠪᠠᠨ ᠤᠯᠤᠯᠴᠠᠵᠦ ᠪᠠᠢ᠍ᠢ᠍ᠭ᠎ᠠ ᠶᠤᠮ᠃ ᠤᠷᠤᠰᠤᠨᠬᠢᠨᠤ ᠲᠤᠮᠳᠠᠳᠤ ᠤᠯᠤᠰ ᠬᠢᠵᠢᠭ᠎ᠲᠠᠢ ᠲᠡᠮᠡᠴᠡᠬᠡᠳ ᠬᠠᠮᠤᠭ᠎ᠤᠨ ᠬᠦᠴᠢᠷ᠎ᠲᠠᠢ ᠪᠠᠢ᠍ᠢ᠍ᠬᠰᠠᠠ ᠦᠶ᠎ᠡ᠎ᠳᠤ ᠬᠠᠷᠠᠮ ᠦᠬᠡᠢ ᠲᠡᠮᠵᠢᠯᠬᠡ ᠦᠵᠡᠬᠦᠯᠥᠭᠰᠡᠡᠢ ᠪᠢᠳᠡ ᠬᠡᠵᠢᠶᠡᠳᠡ ᠮᠠᠷᠳᠠᠬᠤ ᠦᠬᠡᠢ ᠶᠤᠮ᠃ ᠡᠨᠡ ᠬᠡᠳᠦᠨ ᠡᠳᠦᠷ᠂ ᠳᠤᠮᠳᠠᠳᠤ ᠤᠯᠤᠰ᠎ᠤᠨ ᠵᠠᠰᠠᠭ᠎ᠤᠨ ᠤᠷᠳᠤᠨ᠎ᠤ ᠲᠤᠮᠢᠯᠠᠭᠰᠠᠨ ᠡᠮᠴᠢᠯᠡᠭᠡᠨ᠎ᠤ ᠲᠤᠰᠬᠠᠢ ᠮᠡᠷᠭᠡᠵᠢᠯᠳᠡᠨ᠎ᠤ ᠲᠤᠭᠤᠢ᠍ᠢ᠍ᠯᠠᠩ ᠮᠤᠰᠺᠸᠠ ᠬᠤᠳᠠ᠎ᠳᠤ ᠠᠵᠢᠯ ᠵᠶ᠋ᠠᠨ ᠢᠳᠡᠪᠬᠢᠳᠡᠢ ᠦᠷᠨᠢᠭᠦᠯᠵᠤ᠂ ᠤᠷᠤᠰ᠎ᠤᠨ᠎ᠬᠢᠨ᠎ᠲᠠᠢ ᠬᠢᠵᠢᠭ᠎ᠲᠠᠢ ᠲᠡᠮᠡᠴᠡᠭᠰᠡᠨ ᠲᠤᠷᠰᠢᠯᠭ᠎ᠠ᠎ᠪᠠᠨ ᠬᠤᠪᠢᠶᠠᠯᠴᠠᠵᠤ ᠪᠠᠢ᠍ᠢ᠍ᠨ᠎ᠠ᠃ ᠳᠤᠮᠳᠠᠳᠤ ᠤᠯᠤᠰ ᠤᠷᠤᠰ᠎ᠲᠤ ᠨᠢᠭᠡ ᠪᠦᠯᠦᠭ ᠲᠤᠰᠠᠯᠠᠮᠵᠢ ᠦᠭᠭᠦᠭᠰᠡᠨ ᠪᠦᠭᠡᠳ ᠤᠷᠤᠰ᠎ᠤᠨ᠎ᠬᠢᠨ ᠳᠤᠮᠳᠠᠳᠤ ᠤᠯᠤᠰ᠎ᠠᠴᠠ ᠬᠢᠵᠢᠭ᠎ᠲᠠᠢ ᠲᠡᠮᠡᠴᠡᠬᠦ ᠡᠮᠴᠢᠯᠡᠭᠡᠨ᠎ᠤ ᠡᠳ᠋ ᠪᠤᠳᠠᠰ ᠬᠤᠳᠠᠯᠳᠤᠨ ᠠᠪᠬᠤ ᠵᠢ ᠢᠳᠡᠪᠬᠢᠳᠠᠢ᠎ᠪᠠᠷ ᠳᠡᠮᠵᠢᠵᠤ ᠪᠠᠢ᠍ᠢ᠍ᠨ᠎ᠠ᠃ ᠳᠤᠮᠳᠠᠳᠤ ᠤᠯᠤᠰ ᠦᠷᠭᠦᠯᠵᠢᠯᠡᠨ ᠤᠷᠤᠰ᠎ᠤᠨ᠎ᠬᠢᠨ᠎ᠳᠤ ᠬᠦᠴᠦᠳᠦ ᠳᠡᠮᠵᠢᠯᠭᠡ ᠬᠠᠩᠭ᠋ᠠᠨ᠎ᠠ᠃ ᠤᠷᠤᠰᠤᠨᠬᠢᠨᠤ ᠤᠷᠤᠰ᠎ᠲᠤ ᠰᠠᠭᠤᠭ᠎ᠠ ᠳᠤᠮᠳᠠᠳᠤ ᠤᠯᠤᠰ᠎ᠤᠨ ᠢᠷᠭᠡᠳ᠎ᠤᠨ ᠲᠦᠯᠦᠭᠡ ᠬᠢᠭᠰᠡᠨ ᠢᠳᠡᠪᠬᠢᠳᠠᠢ ᠠᠵᠢᠯ᠎ᠳᠤ ᠲᠠᠯᠠᠷᠬᠠᠵᠤ ᠪᠠᠢ᠍ᠢ᠍ᠨ᠎ᠠ᠃ ᠤᠷᠤᠰ᠎ᠤᠨ᠎ᠬᠢᠨ ᠦᠷᠭᠦᠯᠵᠢᠯᠡᠨ ᠳᠤᠮᠳᠠᠳᠤ ᠤᠯᠤᠰ᠎ᠤᠨ ᠢᠷᠭᠡᠨ᠎ᠤ ᠤᠷᠤᠰᠲᠠᠬᠢ ᠬᠡᠪ᠎ᠤᠨ ᠠᠵᠢᠯ᠂ ᠠᠮᠢᠳᠤᠷᠠᠯ᠎ᠳᠤ ᠪᠠᠳᠤᠯᠠᠭ᠎ᠠ ᠬᠠᠩᠭ᠋ᠠᠨ᠎ᠠ ᠭᠡᠳᠡᠭ᠎ᠲᠤ ᠢᠳᠡᠭᠡᠵᠤ ᠪᠠᠢ᠍ᠢ᠍ᠨ᠎ᠠ ᠭᠡᠵᠤ ᠴᠢᠬᠤᠯᠠᠴᠢᠯᠠᠵᠠᠢ᠃ ᠰᠢ ᠵᠢᠨ ᠫᠢᠩ᠂ ᠬᠢᠵᠢᠭ᠎ᠤᠨ ᠪᠠᠢ᠍ᠢ᠍ᠳᠠᠯ᠎ᠢ ᠤᠯᠤᠰ ᠲᠦᠷᠦᠴᠢᠯᠡᠬᠦ᠂ ᠲᠡᠮᠳᠡᠭ ᠬᠠᠳᠠᠬᠤ᠎ᠨᠢ ᠤᠯᠠᠨ ᠤᠯᠤᠰ᠎ᠤᠨ ᠬᠠᠮᠳᠤᠷᠠᠯᠴᠠᠭ᠎ᠠ᠎ᠳᠤ ᠠᠰᠢᠭ ᠦᠭᠡᠢ ᠶᠤᠮ᠂ ᠳᠤᠮᠳᠠᠳᠤ ᠤᠷᠤᠰ ᠭᠠᠷ ᠬᠤᠯᠪᠤᠨ ᠬᠠᠮᠳᠤᠷᠠᠯᠴᠠᠵᠤ᠂ ᠪᠦᠬᠦ ᠳᠡᠯᠡᠭᠡᠢ ᠵᠢᠨ ᠤᠯᠠᠨ ᠨᠡᠢ᠍ᠢ᠍ᠳᠡ ᠵᠢᠨ ᠡᠷᠡᠭᠦᠯ ᠬᠠᠮᠠᠭ᠋ᠠᠯᠠᠯ᠎ᠤᠨ ᠠᠮᠤᠷ ᠲᠦᠪᠰᠢᠨ᠎ᠢ ᠬᠠᠮᠠᠭ᠋ᠠᠯᠠᠪᠠᠯ ᠵᠤᠬᠢᠨ᠎ᠠ ᠭᠡᠵᠤ ᠴᠢᠬᠤᠯᠠᠴᠢᠯᠠᠪᠠ᠃
ᠰᠢ ᠵᠢᠨ ᠫᠢᠩ᠂ ᠡᠨᠡ ᠵᠢᠯ᠎ᠤᠨ ᠲᠦᠷᠦᠭᠦᠦ ᠤᠯᠠᠷᠢᠯ᠎ᠳᠤ᠂ ᠳᠤᠮᠳᠠᠳᠤ ᠤᠷᠤᠰ ᠬᠤᠶᠠᠷ ᠲᠠᠯ᠎ᠠ ᠵᠢᠨ ᠠᠷᠠᠯᠵᠢᠶᠠᠨ᠎ᠤ ᠬᠡᠮᠵᠢᠶ᠎ᠠ ᠠᠳᠠᠯᠢ ᠬᠤᠭᠤᠴᠠᠭ᠋ᠠᠨ᠎ᠤ᠎ᠬᠢ᠎ᠠᠴᠠ 3.4%᠎ᠪᠠᠷ ᠨᠡᠮᠡᠭᠳᠡᠪᠡ᠂ ᠡᠨᠡ᠎ᠨᠢ ᠳᠡᠯᠡᠭᠡᠢ ᠵᠢᠨ ᠠᠵᠤ ᠠᠬᠤᠢ ᠶᠡᠷᠦᠩᠬᠡᠢ᠎ᠳᠡᠭᠡᠨ ᠤᠷᠤᠭᠤᠳᠠᠵᠤ ᠪᠠᠢ᠍ᠢ᠍ᠭ᠎ᠠ ᠪᠠᠢ᠍ᠢ᠍ᠳᠠᠯ ᠳᠤᠤᠷ᠎ᠠ ᠲᠦᠢ᠍ᠯ᠎ᠤᠨ ᠬᠢᠯᠪᠠᠷ ᠪᠤᠰᠤ ᠵᠢᠨ ᠠᠮᠵᠢᠯᠳᠠ ᠪᠤᠯᠬᠤ ᠶᠤᠮ᠃ ᠲᠤᠮᠲᠠᠲᠤ ᠤᠷᠤᠰ ᠬᠤᠶᠠᠷ ᠲᠠᠯ᠎ᠠ᠎ᠪᠠᠷ ᠵᠶ᠋ᠠᠨ ᠬᠢᠵᠢᠭ᠎ᠤᠨ ᠪᠠᠢ᠍ᠢ᠍ᠲᠠᠯ᠎ᠢ ᠪᠠᠢ᠍ᠢ᠍ᠩᠭᠤ ᠰᠡᠷᠭᠡᠢ᠍ᠢ᠍ᠯᠡᠡ ᠡᠵᠡᠮᠲᠡᠬᠦ ᠲᠤᠮᠲᠠ ᠠᠮᠢᠲᠤᠯᠢᠭ ᠤᠯᠠᠠ ᠶᠠᠩᠵᠤᠲᠦ ᠰᠢᠨ᠎ᠠ ᠬᠠᠮᠲᠤᠷᠠᠯᠴᠠᠭ᠋ᠠᠠᠤ ᠠᠷᠭ᠎ᠠ ᠬᠡᠯᠪᠡᠷᠢ ᠵᠢ ᠠᠪᠴᠦ᠂ ᠬᠤᠶᠠᠷ ᠲᠠᠯ᠎ᠠ ᠵᠢᠨ ᠬᠠᠮᠲᠤᠷᠠᠯᠴᠠᠭ᠎ᠠ ᠲᠠᠰᠤᠷᠠᠯᠲᠠ ᠦᠭᠡᠢ ᠬᠦᠭᠵᠢᠬᠦ ᠠᠰᠠᠭᠤᠳᠠᠯ᠎ᠢ ᠰᠤᠲᠤᠯᠤᠨ ᠶᠠᠷᠢᠯᠴᠠᠪᠠᠯ ᠵᠤᠬᠢᠨ᠎ᠠ᠃ ᠬᠢᠵᠢᠭ᠎ᠤᠨ ᠪᠠᠢ᠍ᠢ᠍ᠲᠠᠯ᠎ᠤᠨ ᠰᠢᠯᠭ᠋ᠠᠯᠲᠠ᠎ᠪᠠᠷ ᠲᠠᠮᠵᠢᠵᠦ᠂ ᠲᠤᠮᠲᠠᠲᠤ ᠤᠷᠤᠰ᠎ᠤᠨ ᠪᠠᠢ᠍ᠢ᠍ᠯᠲᠤᠬᠤ ᠪᠤᠲᠤᠯᠭ᠎ᠠ ᠵᠢᠨ ᠬᠠᠮᠵᠢᠯᠴᠠᠭ᠎ᠠ ᠨᠡᠩ ᠪᠠᠳᠦᠵᠢᠵᠦ᠂ ᠬᠤᠶᠠᠷ ᠤᠯᠤᠰ᠎ᠤᠨ ᠠᠷᠠᠳ ᠲᠦᠮᠡᠡ᠎ᠤ ᠨᠦᠬᠦᠷᠯᠡᠯ ᠦᠨᠢᠳᠡ ᠪᠠᠬᠢᠵᠢᠬᠦ᠎ᠨᠢ ᠯᠠᠪᠳᠠᠢ ᠶᠤᠮ ᠭᠡᠵᠦ ᠴᠢᠬᠤᠯᠠᠴᠢᠯᠠᠪᠠ᠃
ᠫᠦᠲ᠋ᠢᠨ᠂ ᠲᠤᠮᠲᠠᠲᠤ ᠤᠯᠤᠰ᠎ᠤᠨ ᠵᠠᠰᠠᠭ᠎ᠤᠨ ᠤᠷᠲᠤᠨ ᠪᠤᠯᠤᠨ ᠲᠤᠮᠲᠠᠲᠤ ᠤᠯᠤᠰ᠎ᠤᠨ ᠠᠷᠠᠳ ᠲᠦᠮᠡᠡ ᠪᠦᠯᠭᠦᠮᠲᠡᠡ ᠰᠡᠳᠭᠢᠯ ᠨᠢᠭᠡᠳᠴᠤ᠂ ᠰᠢᠨ᠎ᠠ ᠲᠢᠲᠢᠮᠯᠢᠭ ᠠᠭᠤᠰᠬᠢᠨ ᠦᠷᠪᠢᠰᠦᠯ᠎ᠤᠨ ᠬᠢᠵᠢᠭ᠎ᠤᠨ ᠪᠠᠢ᠍ᠢ᠍ᠲᠠᠯ᠎ᠢ ᠰᠡᠷᠭᠡᠢ᠍ᠢ᠍ᠯᠡᠡ ᠡᠵᠡᠮᠲᠡᠬᠦ ᠲᠠᠯ ᠠ᠎ᠪᠠᠷ ᠴᠢᠬᠤᠯᠠ ᠠᠮᠵᠢᠯᠲᠠ ᠤᠯᠤᠭᠰᠠᠠ ᠪᠦᠭᠡᠳ ᠲᠡᠯᠡᠭᠡᠢ ᠵᠢᠨ ᠮᠠᠰᠢ ᠤᠯᠠᠨ ᠤᠯᠤᠰ᠎ᠤᠨ ᠬᠢᠵᠢᠭ᠎ᠲᠠᠢ ᠲᠡᠮᠡᠴᠡᠬᠦ᠎ᠳᠤ ᠲᠡᠮᠵᠢᠯᠭᠡ ᠪᠠ ᠬᠠᠪᠰᠤᠷᠤᠯᠭ᠎ᠠ ᠬᠠᠩᠭ᠋ᠠᠵᠦ ᠪᠠᠢ᠍ᠢ᠍ᠨ᠎ᠠ᠃ ᠬᠢᠵᠢᠭ᠎ᠤᠨ ᠪᠠᠢ᠍ᠢ᠍ᠲᠠᠯ ᠡᠭᠦᠰᠦᠭᠰᠡᠨ᠎ᠠᠴᠠ ᠨᠠᠭ᠋ᠠᠰᠢ᠂ ᠤᠷᠤᠰ ᠲᠤᠮᠲᠠᠲᠤ ᠬᠤᠶᠠᠷ ᠤᠯᠤᠰ ᠢᠮᠠᠭᠲᠠ ᠪᠦᠯᠬᠦᠮᠲᠡᠡ ᠬᠠᠮᠲᠤᠷᠠᠯᠴᠠᠵᠦ᠂ ᠬᠠᠷᠢᠯᠴᠠᠠ ᠲᠡᠮᠵᠢᠵᠦ᠂ ᠤᠷᠤᠰ ᠲᠤᠮᠲᠠᠲᠤ ᠵᠢᠨ ᠬᠠᠷᠢᠯᠴᠠᠭ᠎ᠠ ᠵᠢᠨ ᠪᠠᠢ᠍ᠢ᠍ᠯᠲᠤᠬᠤ ᠪᠤᠲᠤᠯᠭ᠋ᠠᠲᠦ ᠴᠢᠨᠠᠷ ᠪᠤᠯᠤᠨ ᠦᠨᠲᠦᠷ ᠲᠦᠪᠰᠢᠨ᠎ᠢ ᠢᠯᠡᠷᠡᠭᠦᠯᠵᠠᠢ᠃ ᠵᠠᠷᠢᠮ ᠬᠦᠮᠦᠠ ᠸᠢᠷᠦᠢ᠍ᠰᠤᠨ ᠡᠬᠢ ᠡᠭᠦᠰᠦᠯ᠎ᠤᠨ ᠠᠰᠠᠭᠤᠲᠠᠯ᠎ᠳᠤ ᠲᠤᠮᠲᠠᠲᠤ ᠤᠯᠤᠰ᠎ᠲᠤ ᠭᠡᠷᠡᠭ ᠨᠦᠮᠦᠷᠦᠭᠦᠯᠬᠦᠪᠠᠷ ᠭᠤᠷᠢᠳᠠᠵᠦ ᠪᠠᠢ᠍ᠢ᠍ᠭ᠎ᠠ ᠬᠢᠲᠡᠯᠢ ᠬᠦᠯᠢᠶᠠᠠ ᠠᠪᠴᠤ ᠪᠤᠯᠬᠤ ᠦᠭᠡᠢ᠃ ᠤᠷᠤᠰ᠎ᠤᠨ᠎ᠬᠢᠨ ᠲᠤᠷᠠᠲᠠᠶ᠎ᠠ ᠦᠷᠬᠦᠯᠵᠢᠯᠡᠡ ᠲᠤᠮᠲᠠᠲᠤ ᠤᠯᠤᠰ᠎ᠯᠤᠭ᠎ᠠ ᠬᠢᠵᠢᠭ᠎ᠲᠠᠢ ᠲᠡᠮᠡᠴᠡᠬᠦ ᠵᠡᠷᠭᠡ ᠡᠯ᠎ᠠ ᠬᠦᠷᠢᠶᠡᠡ᠎ᠳᠠᠬᠢ ᠰᠤᠯᠢᠯᠴᠠᠭ᠎ᠠ ᠬᠠᠮᠲᠤᠷᠠᠯᠴᠠᠭ᠎ᠠ᠎ᠪᠠᠨ ᠴᠢᠩᠭ᠋ᠠᠳᠬᠠᠠ᠂ ᠤᠯᠠᠠ ᠤᠯᠤᠰ᠎ᠤᠨ ᠬᠤᠯᠪᠤᠭ᠋ᠠᠲᠤ ᠪᠠᠢ᠍ᠢ᠍ᠭᠤᠯᠭ᠎ᠠ ᠵᠡᠷᠭᠡ ᠪᠤᠷᠤ ᠲᠦᠯᠦᠪ᠎ᠤᠨ ᠲᠤᠲᠤᠷ᠎ᠠ ᠨᠢᠭᠲᠠ ᠤᠯᠤᠯᠴᠠᠠ ᠬᠠᠮᠵᠢᠯᠴᠠᠨ᠎ᠠ ᠭᠡᠵᠦ ᠢᠯᠡᠳᠭᠡᠪᠡ᠃