ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠴᠠᠬᠢᠮ ᠰᠣᠷᠪᠣᠯᠵᠢᠯᠠᠭ᠎ᠠ
ᠲᠡᠷᠢᠭᠦᠨ ᠬᠠᠭᠤᠳᠠᠰᠤ   -   ᠲᠡᠷᠢᠭᠦᠨ ᠵᠣᠷᠪᠣᠰ
ᠠᠷᠠᠳ ᠲᠦᠮᠡᠨ᠎ᠤ ᠳᠤᠮᠳᠠ᠎ᠠᠴᠠ ᠰᠦᠷ ᠳᠠᠯᠠᠶ᠋ᠢᠴᠠᠲᠠᠢ ᠬᠦᠴᠦᠷᠬᠡᠭ ᠬᠦᠴᠦᠨ᠎ᠢ ᠰᠢᠩᠭᠡᠭᠡᠨ᠎ᠠ — ᠶᠡᠷᠦᠨᠭᠬᠡᠢ ᠱᠦᠵᠢ ᠰᠢ ᠵᠢᠨ ᠫᠢᠩ 2020 ᠤᠨ᠎ᠤ ᠪᠦᠬᠦ ᠤᠯᠤᠰ᠎ᠤᠨ ᠬᠤᠶᠠᠷ ᠬᠤᠷᠠᠯ᠎ᠳᠤ ᠤᠷᠤᠯᠴᠠᠭᠰᠠᠠ ᠲᠦᠯᠦᠭᠡᠯᠡᠭᠴᠢ᠂ ᠭᠡᠰᠢᠬᠦᠨ᠎ᠲᠠᠢ ᠤᠯᠤᠰ᠎ᠤᠨ ᠶᠡᠬᠡ ᠪᠤᠲᠤᠯᠭ᠎ᠠ ᠵᠢ ᠬᠠᠮᠲᠤ᠎ᠪᠠᠷ ᠵᠦᠪᠯᠡᠵᠤ ᠶᠠᠷᠢᠯᠴᠠᠭᠰᠠᠠ ᠪᠤᠲᠠᠲᠦ ᠲᠡᠮᠳᠡᠭᠯᠡᠯ
ᠨᠡᠶ᠋ᠢᠲᠡᠯᠡᠭᠰᠡᠨ ᠴᠠᠭ᠄ 2020-05-29

      ᠰᠢᠨ᠎ᠡ ᠲᠢᠲᠢᠮᠯᠢᠭ ᠠᠭᠤᠰᠬᠢᠨ ᠦᠷᠪᠢᠰᠦᠯ᠎ᠤᠨ ᠬᠢᠵᠢᠭ᠎ᠤᠨ ᠪᠠᠶ᠋ᠢᠳᠠᠯ᠎ᠢ ᠬᠣᠷᠢᠬᠯᠠᠨ ᠡᠵᠡᠮᠳᠡᠵᠤ᠂ ᠴᠢᠨᠡᠭᠡᠯᠢᠭ ᠨᠡᠶ᠋ᠢᠭᠡᠮ᠎ᠢ ᠪᠦᠬᠦ ᠲᠠᠯ᠎ᠠ᠎ᠪᠠᠷ ᠪᠡᠶᠡᠯᠡᠭᠦᠯᠬᠦ ᠰᠢᠢ᠍ᠳᠪᠦᠷᠢᠲᠦ ᠢᠯᠠᠯᠲᠠ ᠤᠯᠵᠦ᠂ ᠶᠠᠳᠠᠭᠤ᠎ᠠᠴᠠ ᠠᠩᠭᠢᠵᠢᠷᠠᠭᠤᠯᠬᠤ ᠪᠣᠭᠣᠮᠲᠠ ᠰᠢᠪᠲᠤᠯᠬᠤ ᠰᠢᠢ᠍ᠳᠪᠦᠷᠢᠲᠦ ᠲᠠᠢ᠍ᠢ᠍ᠯᠠᠯᠳᠤᠭ᠋ᠠᠨ ᠬᠢᠨ᠎ᠠ᠃ 2020 ᠣᠨ ᠬᠡᠴᠢᠨᠡᠭᠡᠨ ᠬᠢᠯᠪᠠᠷ ᠪᠤᠰᠤ ᠪᠠᠢ᠍ᠢ᠍ᠭᠰᠠᠨ ᠪᠤᠯ ᠡᠨᠡ ᠵᠢᠯ᠎ᠤᠨ ᠪᠦᠬᠦ ᠤᠯᠤᠰ᠎ᠤᠨ ᠬᠣᠶᠠᠷ ᠬᠤᠷᠠᠯ ᠲᠠᠷᠤᠢ ᠲᠠᠴᠢᠨᠡᠭᠡᠨ ᠶᠡᠷᠦ ᠪᠤᠰᠤ ᠵᠢᠨ ᠪᠠᠢ᠍ᠢ᠍ᠭ᠎ᠠ ᠶᠤᠮ᠃
      ᠬᠡᠳᠦᠨ ᠡᠳᠦᠷ᠎ᠤᠨ ᠲᠤᠷᠰᠢ᠂ ᠶᠡᠷᠦᠩᠬᠡᠶ ᠱᠦᠵᠢ ᠰᠢ ᠵᠢᠨ ᠫᠢᠩ ᠠᠷᠪᠠᠨ ᠭᠤᠷᠪᠠᠳᠤᠭ᠋ᠠᠷ ᠬᠤᠭᠤᠴᠠᠭ᠋ᠠᠨ᠎ᠤ ᠪᠥᠬᠥ ᠤᠯᠤᠰ᠎ᠤᠨ ᠠᠷᠠᠳ᠎ᠤᠨ ᠲᠥᠯᠥᠭᠡᠯᠡᠭᠴᠢᠳ᠎ᠤᠨ ᠶᠡᠬᠡ ᠬᠤᠷᠠᠯ᠎ᠤᠨ ᠭᠤᠷᠪᠠᠳᠤᠭ᠋ᠠᠷ ᠬᠤᠷᠠᠯ᠎ᠤᠨ ᠥᠪᠥᠷ ᠮᠣᠩᠭᠣᠯ᠂ ᠬᠤᠪᠸᠢ ᠵᠢᠨ ᠲᠥᠯᠥᠭᠡᠯᠡᠭᠴᠢᠳ᠎ᠤᠨ ᠪᠦᠯᠬᠦᠮ᠎ᠤᠨ ᠬᠢᠨᠠᠨ ᠵᠥᠪᠯᠡᠬᠦ᠎ᠳᠤ ᠲᠣᠰ ᠲᠣᠰ ᠣᠷᠣᠯᠴᠠᠵᠤ᠂ ᠴᠢᠯᠥᠭᠡᠯᠡᠬᠦ ᠴᠡᠷᠢᠭ ᠪᠣᠯᠤᠨ ᠵᠡᠪᠰᠡᠭᠲᠦ ᠴᠠᠭᠳᠠᠭ᠎ᠠ ᠵᠢᠨ ᠴᠡᠷᠢᠭ ᠠᠩᠭᠢ ᠵᠢᠨ ᠲᠥᠯᠥᠭᠡᠯᠡᠭᠴᠢᠳ᠎ᠤᠨ ᠪᠦᠯᠬᠦᠮ᠎ᠤᠨ ᠪᠥᠬᠥᠳᠡ ᠬᠤᠷᠠᠯ᠎ᠳᠤ ᠣᠷᠣᠯᠴᠠᠵᠤ᠂ ᠪᠦᠬᠦ ᠤᠯᠤᠰ᠎ᠤᠨ ᠤᠯᠤᠰ ᠲᠥᠷᠥ ᠵᠢᠨ ᠵᠥᠪᠯᠡᠯᠭᠡᠨ᠎ᠤ ᠠᠷᠪᠠᠨ ᠭᠤᠷᠪᠠᠳᠤᠭ᠋ᠠᠷ ᠬᠤᠭᠤᠴᠠᠭ᠋ᠠᠨ᠎ᠤ ᠬᠤᠷᠢᠶᠠᠨ᠎ᠤ ᠭᠤᠷᠪᠠᠳᠤᠭ᠋ᠠᠷ ᠬᠤᠷᠠᠯ᠎ᠳᠤ ᠣᠷᠣᠯᠴᠠᠵᠤ ᠪᠠᠢ᠍ᠢ᠍ᠭ᠎ᠠ ᠠᠵᠤ ᠠᠬᠤᠶ ᠵᠢᠨ ᠡᠲᠡᠭᠡᠳ᠎ᠤᠨ ᠭᠡᠰᠢᠭᠦᠳ᠎ᠢ ᠡᠷᠬᠢᠨ ᠦᠵᠡᠭᠰᠡᠨ ᠪᠦᠭᠡᠳ ᠬᠠᠮᠲᠤᠷᠠᠭᠰᠠᠨ ᠳᠤᠭᠤᠶ᠋ᠢᠯᠠᠩ ᠎ᠤᠨ ᠬᠤᠷᠠᠯ᠎ᠳᠤ ᠣᠷᠣᠯᠴᠠᠵᠠᠶ᠃ ᠲᠥᠯᠥᠭᠡᠯᠡᠭᠴᠢᠳ ᠭᠡᠰᠢᠭᠦᠳ᠎ᠲᠠᠢ ᠳᠣᠲᠣᠨᠣ᠎ᠪᠠᠷ ᠶᠠᠷᠢᠯᠴᠠᠵᠤ᠂ ᠤᠯᠤᠰ᠎ᠤᠨ ᠶᠠᠭᠡ ᠪᠤᠳᠤᠯᠭ᠎ᠠ ᠵᠢ ᠬᠠᠮᠲᠤ᠎ᠪᠠᠷ ᠵᠥᠪᠳᠡᠯᠴᠡᠵᠤ᠂ ᠳᠤᠮᠳᠠᠳᠤ ᠵᠢᠨ ᠦᠨᠳᠦᠰᠦᠲᠡᠨ ᠲᠦᠮᠡᠨ ᠤᠯᠠᠨ ᠵᠶ᠋ᠠᠷ ᠵᠶ᠋ᠠᠨ ᠰᠡᠳᠬᠢᠯ ᠨᠢᠭᠡᠳᠴᠦ᠂ ᠬᠦᠴᠢᠷ᠎ᠢ ᠲᠤᠭᠤᠯᠤᠨ ᠪᠡᠷᠬᠡ ᠵᠢ ᠳᠠᠪᠠᠵᠤ᠂ ᠴᠢᠨᠡᠭᠡᠯᠢᠭ ᠨᠡᠶ᠋ᠢᠭᠡᠮ᠎ᠢ ᠪᠦᠬᠦ ᠲᠠᠯ᠎ᠠ᠎ᠪᠠᠷ ᠪᠡᠶᠡᠯᠡᠭᠦᠯᠬᠦ ᠰᠢᠢ᠍ᠳᠪᠦᠷᠢᠲᠦ ᠢᠯᠠᠯᠲᠠ ᠤᠯᠬᠤ᠂ ᠶᠠᠳᠠᠭᠤ᠎ᠠᠴᠠ ᠠᠩᠭᠢᠵᠢᠷᠠᠭᠤᠯᠬᠤ ᠪᠣᠭᠣᠮᠲᠠ ᠰᠢᠪᠲᠤᠯᠬᠤ ᠰᠢᠢ᠍ᠳᠪᠦᠷᠢᠲᠦ ᠳᠠᠶ᠋ᠢᠯᠠᠯᠳᠤᠭ᠋ᠠᠨ᠎ᠤ ᠰᠦᠷ ᠳᠠᠯᠠᠶ᠋ᠢᠴᠠᠲᠠᠢ ᠬᠦᠴᠦᠨ᠎ᠢ ᠨᠢᠭᠲᠠᠷᠠᠭᠤᠯᠪᠠ᠃
      ᠠᠷᠠᠳ ᠲᠦᠮᠡᠨ᠎ᠲᠠᠢ ᠰᠡᠳᠬᠢᠯ ᠵᠢᠷᠦᠬᠡ᠎ᠪᠠᠨ ᠬᠣᠯᠪᠣᠨ᠎ᠠ — 《ᠠᠷᠠᠳ ᠲᠦᠮᠡᠨ᠎ᠤ ᠠᠮᠢ ᠨᠠᠰᠤᠨ᠎ᠤ ᠠᠮᠤᠷ ᠲᠦᠪᠰᠢᠨ ᠪᠠ ᠪᠡᠶ᠎ᠡ ᠮᠠᠬᠠᠪᠣᠳ᠎ᠤᠨ ᠡᠷᠡᠭᠦᠯ ᠮᠡᠨᠳᠦ ᠵᠢ ᠬᠠᠮᠠᠭ᠋ᠠᠯᠠᠬᠤ᠎ᠳᠤ ᠪᠢᠳᠡ ᠶᠠᠮᠠᠷᠪᠠ ᠦᠷᠡᠭᠳᠡᠯ ᠭᠠᠷᠭ᠋ᠠᠬᠤ᠎ᠠᠴᠠ ᠬᠠᠢ᠍ᠢ᠍ᠬᠤᠷᠬᠤ ᠦᠭᠡᠢ》  
      ᠬᠤᠪᠸᠢ ᠮᠤᠵᠢ ᠵᠢᠨ ᠱ᠌ᠢ ᠶᠠᠨ ᠬᠣᠲᠠ ᠵᠢᠨ᠎ᠲᠠᠢ ᠾᠧ ᠡᠮᠨᠡᠯᠭᠡ ᠵᠢᠨ ᠬᠣᠷᠢᠶᠠᠨ᠎ᠤ ᠨᠠᠮ᠎ᠤᠨ ᠬᠣᠷᠢᠶᠠᠨ᠎ᠤ ᠱᠦᠵᠢ᠂ ᠬᠤᠷᠢᠶᠠᠨ ᠳᠠᠷᠤᠭ᠎ᠠ ᠯᠦᠸᠧ ᠵᠢᠶᠧ ᠲᠥᠯᠥᠭᠡᠯᠡᠭᠴᠢ ᠭᠤᠷᠪᠠᠨ ᠡᠳᠦᠷ᠎ᠤᠨ ᠳᠣᠲᠣᠷ᠎ᠠ᠂ ᠶᠡᠷᠦᠩᠬᠡᠢ ᠱᠦᠵᠢ ᠰᠢ ᠵᠢᠨ ᠫᠢᠩ ᠲᠡᠭᠦᠨ᠎ᠢ ᠬᠣᠶᠠᠷ ᠤᠳᠠᠭ᠎ᠠ ᠳᠤᠷᠠᠳᠤᠨ᠎ᠠ ᠬᠡᠵᠦ ᠲᠡᠷᠡ ᠰᠠᠨᠠᠶ᠎ᠠ ᠰᠠᠨᠠᠵᠤ ᠴᠤ᠌ ᠤᠯᠬᠤ ᠦᠭᠡᠢ ᠠᠵᠢ᠃
     《ᠡᠨᠡ ᠡᠳᠦᠷ᠎ᠤᠨ ᠦᠳᠡ ᠵᠢᠨ ᠡᠮᠦᠨ᠎ᠡ᠂ ᠲᠥᠯᠥᠭᠡᠯᠡᠭᠴᠢᠳ᠎ᠤᠨ ᠰᠤᠷᠪᠤᠯᠵᠢᠯᠠᠭ᠎ᠠ ᠬᠦᠯᠢᠶᠡᠬᠦ ᠵᠠᠮ᠎ᠳᠤ ᠨᠢᠬᠡᠨ ᠬᠤᠪᠸᠢ᠎ᠠᠴᠠ ᠢᠷᠡᠭᠰᠡᠨ ᠪᠦᠬᠦ ᠤᠯᠤᠰ᠎ᠤᠨ ᠠᠷᠠᠳ᠎ᠤᠨ ᠲᠦᠯᠦᠭᠡᠯᠡᠭᠴᠢᠳ᠎ᠤᠨ ᠶᠡᠬᠡ ᠬᠤᠷᠠᠯ᠎ᠤᠨ ᠲᠥᠯᠥᠭᠡᠯᠡᠭᠴᠢ ᠰᠤᠷᠪᠤᠯᠵᠢᠯᠠᠭᠴᠢ ᠵᠢᠨ ᠰᠤᠷᠪᠤᠯᠵᠢᠯᠠᠭ᠎ᠠ ᠵᠢ ᠬᠦᠯᠢᠶᠡᠬᠦ᠎ᠳᠡᠭᠡᠨ ᠬᠡᠯᠡᠭᠰᠡᠨ ᠦᠭᠡ᠎ᠨᠢ ᠨᠠᠳᠠ᠎ᠳᠤ ᠭᠦᠨ ᠰᠠᠭᠤᠭᠳᠠᠯ ᠦᠯᠡᠳᠡᠭᠡᠵᠡᠢ》᠃ 5 ᠰᠠᠷ᠎ᠠ ᠵᠢᠨ 22᠎ᠤᠨ ᠦᠳᠡ ᠵᠢᠨ ᠬᠣᠶ᠋ᠢᠨ᠎ᠠ᠂ ᠠᠷᠠᠳ᠎ᠤᠨ ᠶᠡᠬᠡ ᠬᠤᠷᠠᠯ᠎ᠤᠨ ᠲᠠᠩᠬᠢᠮ᠎ᠤᠨ ᠵᠡᠭᠦᠨ ᠶᠡᠬᠡ ᠲᠢᠩᠬᠢᠮ᠎ᠳᠤ᠂ ᠶᠡᠷᠦᠩᠬᠡᠢ ᠱᠦᠵᠢ ᠰᠢ ᠵᠢᠨ ᠫᠢᠩ ᠲᠡᠭᠦᠨ᠎ᠤ ᠪᠠᠶ᠋ᠢᠭ᠎ᠠ ᠥᠪᠥᠷ ᠮᠣᠩᠭᠣᠯ᠎ᠤᠨ ᠲᠥᠯᠥᠭᠡᠯᠡᠭᠴᠢᠳ᠎ᠤᠨ ᠪᠦᠯᠬᠦᠮ᠎ᠤᠨ ᠬᠢᠨᠠᠨ ᠵᠥᠪᠯᠡᠬᠦ᠎ᠳᠤ ᠣᠷᠣᠯᠴᠠᠪᠠ᠃ ᠰᠢᠨ᠎ᠡ ᠲᠢᠲᠢᠮᠯᠢᠭ ᠠᠭᠤᠰᠬᠢᠨ ᠦᠷᠪᠢᠰᠦᠯ᠎ᠤᠨ ᠬᠢᠵᠢᠭ᠎ᠤᠨ ᠪᠠᠶ᠋ᠢᠳᠠᠯ᠎ᠢ ᠰᠡᠷᠭᠡᠶ᠋ᠢᠯᠡᠨ ᠡᠵᠡᠮᠳᠡᠬᠦ ᠲᠡᠮᠡᠴᠡᠯ᠎ᠤᠨ ᠲᠤᠬᠠᠶ ᠰᠢ ᠵᠢᠨ ᠫᠢᠩ ᠡᠶ᠋ᠢᠮᠦ ᠨᠢᠭᠡᠨ ᠨᠠᠷᠢᠨ ᠵᠦᠢ᠍ᠯᠡᠰ᠎ᠢ ᠶᠠᠷᠢᠪᠠ —
     《ᠡᠨᠡ ᠲᠥᠯᠥᠭᠡᠯᠡᠭᠴᠢ ᠰᠤᠷᠪᠤᠯᠵᠢᠯᠠᠭᠴᠢ᠎ᠳᠤ ᠬᠡᠯᠡᠬᠦ᠎ᠳᠡᠭᠡᠨ᠂ ᠬᠤᠪᠧᠶ ᠵᠢᠨ ᠡᠮᠨᠡᠵᠤ ᠡᠳᠡᠷᠡᠬᠦᠯᠦᠭᠰᠡᠨ 80 ᠨᠠᠰᠤᠨ᠎ᠠᠴᠠ ᠳᠡᠭᠡᠭᠰᠢᠬᠢ ᠰᠢᠨ᠎ᠡ ᠲᠢᠲᠢᠮᠯᠢᠭ ᠠᠭᠤᠰᠬᠢᠨ ᠦᠷᠪᠢᠰᠦᠯ᠎ᠤᠨ ᠡᠪᠡᠳᠴᠢᠲᠡᠨ 3000 ᠭᠠᠷᠤᠶ ᠪᠠᠶ᠋ᠢᠵᠤ᠂ ᠡᠬᠦᠨ᠎ᠳᠤ ᠨᠢᠬᠡᠨ 87 ᠨᠠᠰᠤᠲᠠᠶ ᠨᠠᠰᠤᠲᠠᠨ᠎ᠢ 10 ᠭᠠᠷᠤᠢ ᠡᠮᠴᠢ ᠰᠤᠪᠢᠯᠠᠭᠴᠢ ᠬᠡᠳᠦᠨ ᠠᠷᠪᠠᠨ ᠡᠳᠦᠷ ᠵᠶ᠋ᠠᠷ ᠨᠠᠷᠢᠨ ᠨᠢᠮᠪᠠᠢ ᠡᠮᠨᠠᠨ ᠵᠠᠰᠠᠵᠤ ᠰᠤᠪᠢᠯᠠᠵᠤ ᠬᠠᠷᠠᠭ᠋ᠠᠯᠵᠠᠭᠰᠠᠠ ᠵᠶ᠋ᠠᠷ ᠡᠴᠦᠰ᠎ᠲᠡᠭᠡᠨ ᠠᠮᠢ ᠵᠢ᠎ᠨᠢ ᠠᠪᠤᠷᠠᠭᠰᠠᠨ

ᠭᠡᠳᠡᠭ》᠃
     《ᠠᠷᠠᠳ ᠲᠦᠮᠡᠨ᠎ᠢ ᠳᠡᠭᠡᠳᠦᠯᠡᠬᠦ ᠬᠡᠭᠴᠢ ᠶᠠᠭᠤ ᠪᠤᠢ? ᠡᠶ᠋ᠢᠮᠦ ᠣᠯᠠᠨ ᠬᠥᠮᠦᠨ ᠨᠢᠭᠡ ᠡᠪᠡᠳᠴᠢᠲᠡᠨ᠎ᠢ ᠬᠠᠷᠠᠭ᠋ᠠᠯᠵᠠᠵᠤ ᠪᠠᠢ᠍ᠢ᠍ᠬᠤ᠎ᠨᠢ ᠨᠡᠭᠡᠷᠡᠨ ᠶᠠᠮᠠᠷᠪᠠ ᠦᠷᠡᠭᠳᠡᠯ ᠭᠠᠷᠭ᠋ᠠᠬᠤ ᠵᠢ ᠬᠠᠢ᠍ᠢ᠍ᠬᠤᠷᠬᠤ ᠦᠬᠡᠢ ᠪᠠᠢ᠍ᠢ᠍ᠬᠤ ᠵᠢᠨ ᠢᠯᠡᠷᠡᠯ ᠪᠤᠯᠬᠤ ᠶᠤᠮ》 ᠬᠡᠵᠦ ᠶᠡᠷᠦᠩᠬᠡᠢ ᠱᠦᠵᠢ ᠰᠢ ᠵᠢᠨ ᠫᠢᠩ ᠰᠡᠳᠬᠢᠯ ᠳᠤᠭᠳᠤᠯᠤᠨ ᠶᠠᠷᠢᠵᠤ ᠭᠠᠷᠤᠯ᠎ᠠ᠃
      ᠶᠡᠷᠦᠩᠬᠡᠢ ᠱᠦᠵᠢ ᠵᠢᠨ ᠳᠤᠷᠠᠳᠤᠭᠰᠠᠨ ᠡᠨᠡ ᠬᠦ᠌ ᠠᠷᠠᠳ᠎ᠤᠨ ᠲᠥᠯᠥᠭᠡᠯᠡᠭᠴᠢ ᠪᠤᠯ ᠯᠦᠸᠧ ᠵᠢᠶᠸ ᠪᠤᠯᠬᠤ ᠶᠤᠮ᠃ ᠬᠡᠳᠦᠨ ᠰᠠᠷ᠎ᠠ ᠳᠠᠷᠠᠭ᠋ᠠᠯᠠᠨ ᠬᠢᠵᠢᠭ᠎ᠲᠠᠢ ᠲᠠᠮᠠᠴᠡᠬᠦ ᠡᠮᠦᠨ᠎ᠡ ᠹᠷᠣᠨᠲ᠎ᠲᠤ ᠡᠷᠡᠯᠬᠡᠭᠯᠡᠨ ᠳᠡᠮᠡᠴᠡᠵᠦ᠂ ᠬᠢᠵᠢᠭ᠎ᠲᠠᠢ ᠲᠠᠮᠠᠴᠡᠬᠦ ᠰᠢᠢ᠍ᠳᠪᠦᠷᠢᠲᠦ ᠢᠯᠠᠯᠲᠠ ᠵᠢ ᠣᠯᠤᠭᠰᠠᠨ ᠭᠠᠵᠠᠷ᠎ᠠᠴᠠ ᠠᠷᠠᠳ ᠲᠦᠮᠡᠨ᠎ᠤ ᠲᠦᠷᠦ ᠵᠢᠨ ᠶᠠᠪᠤᠳᠠᠯ᠎ᠳᠤ ᠣᠷᠣᠯᠴᠠᠨ ᠲᠦᠷᠦ ᠵᠢᠨ ᠶᠠᠪᠤᠳᠠᠯ᠎ᠢ ᠵᠥᠪᠯᠡᠬᠦ ᠲᠠᠩᠬᠢᠮ᠎ᠳᠤ ᠢᠷᠡᠭᠰᠡᠨ ᠵᠶ᠋ᠠᠷ ᠯᠦᠸᠧ ᠵᠢᠶᠧ ᠵᠢᠨ ᠰᠡᠳᠬᠢᠯ᠎ᠳᠤ ᠮᠠᠰᠢ ᠣᠯᠠᠨ ᠲᠥᠷᠥᠭᠳᠡᠯ᠎ᠲᠠᠢ ᠪᠠᠢ᠍ᠢ᠍ᠯ᠎ᠠ᠃
      ᠬᠣᠶᠠᠷ ᠡᠳᠦᠷ᠎ᠤᠨ ᠳᠠᠷᠠᠭ᠋ᠠᠬᠢ 5 ᠰᠠᠷ᠎ᠠ ᠵᠢᠨ 24᠎ᠤ ᠦᠳᠡ ᠵᠢᠨ ᠬᠣᠶ᠋ᠢᠨ᠎ᠠ᠂ ᠬᠤᠪᠸᠢ ᠵᠢᠨ ᠲᠥᠯᠥᠭᠡᠯᠡᠭᠴᠢᠳ᠎ᠤᠨ ᠪᠦᠯᠬᠦᠮ᠎ᠤᠨ ᠬᠢᠨᠠᠨ ᠵᠥᠪᠯᠡᠬᠦ ᠠᠬᠤᠢ ᠲᠠᠯᠠᠪᠠᠢ᠎ᠳᠤ᠂ ᠯᠦᠸᠧ ᠵᠢᠶᠸ ᠶᠡᠷᠦᠩᠬᠡᠢ ᠱᠦᠵᠢ ᠰᠢ ᠵᠢᠨ ᠫᠢᠩ᠎ᠤᠨ ᠡᠰᠡᠷᠭᠦ ᠲᠠᠯ᠎ᠠ᠎ᠳᠤ ᠰᠠᠭᠤᠵᠤ᠂ ᠬᠠᠮᠤᠭ᠎ᠤᠨ ᠲᠦᠷᠦᠬᠦᠨ᠎ᠳᠤ ᠦᠭᠡ ᠭᠡᠯᠡᠪᠠ᠃ ᠳᠡᠷᠡ ᠭᠡᠯᠡᠬᠦ᠎ᠲᠠᠢ ᠵᠡᠷᠬᠡ᠎ᠪᠠᠷ ᠶᠡᠷᠦᠩᠬᠡᠶ ᠱᠦᠵᠢ ᠲᠡᠭᠦᠨ᠎ᠢ ᠲᠠᠨᠢᠴᠢᠬᠠᠭᠰᠠᠠ ᠪᠠᠢ᠍ᠢ᠍ᠯ᠎ᠠ᠃
     《ᠲᠠ ᠯᠦᠸᠧ ᠵᠢᠶᠧ ᠪᠢᠵᠡ?》
     《ᠲᠡᠶ᠋ᠢᠮᠦ ᠡ》᠃
      ᠬᠢᠵᠢᠭ᠎ᠤᠨ ᠪᠠᠶ᠋ᠢᠳᠠᠯ ᠡᠭᠦᠰᠦᠭᠰᠡᠨ᠎ᠠᠴᠠ ᠨᠠᠭ᠋ᠠᠰᠢ᠂ ᠬᠤᠪᠸᠢ ᠪᠣᠯᠤᠨ ᠦᠬᠠᠨ᠎ᠤ ᠪᠠᠶ᠋ᠢᠳᠠᠯ ᠶᠡᠷᠦᠩᠬᠡᠢ ᠱᠦᠵᠢ ᠰᠢ ᠵᠢᠨ ᠫᠢᠩ᠎ᠤᠨ ᠰᠠᠨᠠᠭ᠎ᠠ ᠪᠤᠳᠤᠯ᠎ᠢ ᠴᠠᠭ ᠢᠮᠠᠭᠲᠠ ᠲᠠᠲᠠᠭᠰᠠᠭ᠋ᠠᠷ ᠢᠷᠠᠵᠠᠢ᠃
     3 ᠰᠠᠷ᠎ᠠ ᠵᠢᠨ 10᠎ᠤ ᠡᠳᠦᠷ᠂ ᠬᠢᠵᠢᠭ᠎ᠤᠨ ᠪᠠᠶ᠋ᠢᠳᠠᠯ᠎ᠢ ᠰᠡᠷᠭᠡᠶ᠋ᠢᠯᠡᠨ ᠡᠵᠡᠮᠳᠡᠬᠦ ᠵᠠᠩᠭᠢᠯᠠᠭ᠎ᠠ ᠵᠢᠨ ᠴᠠᠭ ᠮᠥᠴᠡ᠎ᠳᠤ᠂ ᠶᠡᠷᠦᠩᠬᠡᠶ ᠱᠦᠵᠢ ᠰᠢ ᠵᠢᠨ ᠫᠢᠩ ᠦᠬᠠᠨ᠎ᠳᠤ ᠬᠦᠷᠴᠦ᠂ ᠬᠢᠵᠢᠭ᠎ᠲᠠᠢ ᠳᠡᠮᠡᠴᠡᠬᠦ ᠲᠠᠢ᠍ᠢ᠍ᠯᠠᠯᠳᠤᠭ᠋ᠠᠨ᠎ᠢ ᠵᠢᠯᠣᠭᠣᠳᠴᠤ᠂ ᠬᠤᠪᠸᠢ ᠵᠢᠨ ᠠᠷᠠᠳ ᠲᠦᠮᠡᠨ᠎ᠤ ᠡᠷᠴᠢ ᠵᠣᠷᠢᠭ᠎ᠢ ᠬᠥᠪᠴᠢᠯᠡᠪᠡ᠃
      ᠬᠣᠶᠠᠷ ᠰᠠᠷ᠎ᠠ ᠭᠠᠷᠤᠢ ᠵᠢᠨ ᠲᠠᠷᠠᠭ᠎ᠠ᠂ ᠶᠡᠷᠦᠩᠬᠡᠢ ᠱᠦᠵᠢ ᠰᠢ ᠵᠢᠨ ᠫᠢᠩ ᠬᠤᠪᠸᠢ ᠵᠢᠨ ᠠᠷᠠᠳ ᠲᠦᠮᠡᠨ᠎ᠤ ᠳᠤᠮᠳᠠ ᠳᠠᠬᠢᠨᠲᠠ ᠬᠦᠷᠴᠦ ᠢᠷᠡᠪᠡ᠃
     《ᠡᠨᠡ ᠤᠳᠠᠭ᠎ᠠ ᠵᠢᠨ ᠬᠣᠶᠠᠷ ᠬᠤᠷᠠᠯ ᠬᠢᠵᠢᠭ᠎ᠤᠨ ᠪᠠᠶ᠋ᠢᠳᠠᠯ᠎ᠢ ᠰᠡᠷᠭᠡᠶ᠋ᠢᠯᠡᠨ ᠡᠵᠡᠮᠳᠡᠬᠦ ᠬᠡᠷᠡᠭᠴᠡᠭᠡ ᠵᠢ ᠦᠨᠳᠦᠰᠦᠯᠡᠵᠤ᠂ ᠲᠥᠪ᠎ᠤᠨ ᠤᠳᠤᠷᠢᠳᠬᠤ ᠨᠥᠬᠥᠳ ᠪᠦᠯᠬᠦᠮ ᠳᠤᠭᠤᠶ᠋ᠢᠯᠠᠩ᠎ᠳᠤ ᠤᠴᠢᠬᠤ ᠲᠤᠭ᠎ᠠ᠎ᠪᠠᠨ ᠪᠠᠭ᠋ᠠᠰᠬᠠᠪᠠ᠃ ᠪᠢ ᠬᠤᠪᠸᠢ ᠵᠢᠨ ᠲᠥᠯᠥᠭᠡᠯᠡᠭᠴᠢᠳ᠎ᠤᠨ ᠪᠦᠯᠬᠦᠮ᠎ᠳᠤ ᠵᠠᠪᠠᠯ ᠤᠴᠢᠨ᠎ᠠ ᠭᠡᠵᠦ ᠣᠨᠴᠠᠭ᠋ᠠᠶ᠋ᠢᠯᠠᠨ ᠳᠤᠷᠠᠳᠴᠠᠢ᠃ ᠲᠠ ᠨᠠᠷ ᠪᠣᠯ ᠬᠤᠪᠸᠢ ᠵᠢᠨ 6000 ᠭᠠᠷᠤᠶ ᠲᠦᠮᠡᠨ ᠠᠷᠠᠳ ᠲᠦᠮᠡᠨ᠎ᠤ ᠲᠥᠯᠥᠭᠡᠯᠡᠭᠴᠢ ᠮᠥᠨ᠂ ᠪᠢ ᠲᠠ ᠤᠯᠠᠨ ᠵᠶ᠋ᠠᠨ ᠡᠷᠬᠢᠵᠥ ᠥᠵᠡᠬᠥ᠎ᠪᠠᠷ ᠢᠷᠡᠯ᠎ᠠ》 ᠭᠡᠵᠦ ᠶᠡᠷᠦᠩᠬᠡᠢ ᠱᠦᠵᠢ ᠬᠡᠯᠡᠪᠡ᠃
      ᠣᠨᠴᠠᠭ᠋ᠠᠢ ᠲᠣᠬᠢᠷᠠᠭᠤᠯᠤᠯᠳᠠ᠂ ᠣᠨᠴᠠᠭ᠋ᠠᠢ ᠬᠠᠯᠠᠮᠵᠢᠯᠠᠯ᠎ᠨᠢ ᠲᠥᠯᠥᠭᠡᠯᠡᠭᠴᠢᠳ᠎ᠤᠨ ᠰᠡᠳᠬᠢᠯ᠎ᠢ ᠳᠤᠯᠠᠭ᠋ᠠᠴᠠᠭᠤᠯᠤᠬᠰᠠᠨ ᠪᠥᠭᠡᠳ ᠬᠤᠪᠸᠢ ᠵᠢᠨ ᠠᠷᠠᠳ ᠲᠦᠮᠡᠨ᠎ᠤ ᠰᠡᠳᠬᠢᠯ᠎ᠢ ᠴᠦ᠍ ᠳᠤᠯᠠᠭ᠋ᠠᠴᠠᠭᠤᠯᠤᠨ᠎ᠠ ᠠᠵᠢ᠃
      ᠡᠨᠡᠬᠥ ᠴᠠᠬ ᠮᠥᠴᠠ ᠵᠢᠨ ᠡᠷᠬᠢᠴᠠᠬᠥᠯᠥᠯ᠂ ᠲᠦᠭ ᠲᠦᠮᠡᠨ ᠬᠥᠮᠥᠰ᠎ᠤᠨ ᠰᠡᠳᠬᠢᠯ᠎ᠢ ᠳᠣᠭᠳᠣᠯᠤᠭᠤᠯᠤᠨ᠎ᠠ᠃
     2020 ᠣᠨ᠎ᠳᠤ᠂ ᠳᠤᠮᠳᠠᠳᠤ ᠵᠢᠨ ᠦᠨᠳᠦᠰᠦᠲᠡᠨ᠎ᠤ ᠲᠡᠦᠬᠡᠨ ᠳᠡᠭᠡᠷ᠎ᠡ᠂ ᠬᠡᠷᠬᠢᠨ ᠬᠥᠮᠦᠰ᠎ᠢ ᠰᠣᠴᠢᠭ᠋ᠠᠮ᠎ᠠ ᠬᠠᠭᠤᠳᠠᠰᠤ ᠦᠯᠡᠳᠡᠭᠡᠭᠰᠡᠨ ᠪᠤᠢ?
      ᠰᠢᠨ᠎ᠡ ᠲᠢᠲᠢᠮᠯᠢᠭ ᠠᠭᠤᠰᠬᠢᠨ ᠦᠷᠪᠢᠰᠦᠯ᠎ᠤᠨ ᠬᠢᠵᠢᠭ᠎ᠤᠨ ᠪᠠᠢ᠍ᠢ᠍ᠳᠠᠯ᠎ᠳᠤ ᠴᠢᠭᠯᠡᠬᠥᠯᠥᠨ᠂ ᠡᠨᠡ ᠤᠳᠠᠭ᠋ᠠᠨ᠎ᠤ ᠰᠢᠨ᠎ᠡ ᠳᠤᠮᠳᠠᠳᠤ ᠤᠯᠤᠰ ᠪᠠᠶ᠋ᠢᠭᠤᠯᠤᠭᠳᠠᠭᠰᠠᠨ᠎ᠠᠴᠠ ᠨᠠᠭ᠋ᠠᠰᠢᠬᠢ ᠦᠷᠪᠢᠰᠤᠨ ᠲᠡᠯᠭᠡᠷᠡᠬᠦ ᠬᠤᠷᠳᠤᠴᠠ᠎ᠪᠠᠷ ᠬᠠᠮᠤᠭ᠎ᠤᠨ ᠲᠦᠷᠭᠡᠨ᠂ ᠬᠠᠯᠳᠠᠪᠤᠷᠢᠯᠠᠬᠰᠠᠨ ᠬᠡᠪᠴᠢᠶ᠎ᠡ ᠬᠠᠮᠤᠭ᠎ᠤᠨ ᠥᠷᠭᠡᠨ᠂ ᠰᠡᠷᠭᠡᠶ᠋ᠢᠯᠡᠨ ᠡᠵᠡᠮᠳᠡᠬᠦ ᠬᠦᠴᠢᠷᠳᠠᠯ ᠵᠶ᠋ᠠᠷ ᠬᠠᠮᠤᠭ᠎ᠤᠨ ᠶᠡᠭᠡ ᠤᠯᠠᠨ ᠨᠠᠢ᠍ᠢ᠍ᠳᠠ ᠵᠢᠨ ᠡᠷᠡᠭᠦᠯ ᠬᠠᠮᠠᠭ᠋ᠠᠯᠠᠯ᠎ᠤᠨ ᠬᠡᠷᠡᠭ᠎ᠲᠤ ᠰᠢ ᠵᠢᠨ ᠫᠢᠩ ᠨᠥᠬᠥᠷ ᠵᠶ᠋ᠠᠷ ᠭᠣᠤᠯ ᠪᠣᠯᠭ᠋ᠠᠭᠰᠠᠨ ᠨᠠᠮ᠎ᠤᠨ ᠲᠥᠪ ᠬᠣᠷᠢᠶ᠎ᠠ ᠢᠳᠡᠭᠡᠯ ᠵᠤᠷᠢᠬ ᠵᠶ᠋ᠠᠨ ᠪᠠᠳᠤᠳᠬᠠᠨ᠂ ᠡᠷᠡᠰ ᠰᠢᠭᠤᠷᠬᠠᠢ ᠠᠵᠢᠯᠯᠠᠨ᠂ ᠠᠷᠠᠳ ᠲᠦᠮᠡᠨ᠎ᠤ ᠠᠮᠢ ᠨᠠᠰᠤᠨ᠎ᠤ ᠠᠮᠤᠷ ᠲᠦᠪᠰᠢᠨ ᠪᠣᠯᠤᠨ ᠪᠡᠶ᠎ᠡ ᠮᠠᠬᠠᠪᠣᠳ᠎ᠤᠨ ᠡᠷᠡᠭᠦᠯ ᠮᠡᠨᠳᠦ ᠵᠢ ᠲᠡᠷᠢᠭᠦᠨ ᠪᠠᠶ᠋ᠢᠷᠢᠨ᠎ᠳᠤ ᠲᠠᠯᠪᠢᠬᠰᠠᠨ ᠪᠠᠢ᠍ᠢ᠍ᠨ᠎ᠠ᠃ ᠶᠡᠷᠦᠩᠬᠡᠢ ᠱᠦᠵᠢ ᠰᠢ ᠵᠢᠨ ᠫᠢᠩ ᠪᠡᠶ᠎ᠡ᠎ᠪᠠᠷ ᠵᠶ᠋ᠠᠨ ᠵᠢᠯᠣᠭᠣᠳᠴᠤ᠂ ᠪᠡᠶ᠎ᠡ᠎ᠪᠠᠷ ᠵᠶ᠋ᠠᠨ ᠪᠠᠶ᠋ᠢᠷᠢᠯᠠᠭᠤᠯᠵᠥ᠂ ᠳᠤᠮᠳᠠᠳᠤ ᠤᠯᠤᠰ᠎ᠤᠨ 14 ᠳ᠋ᠦᠩᠰᠢᠭᠤᠷ ᠠᠷᠠᠳ ᠲᠦᠮᠡᠨ ᠰᠦᠷ ᠵᠢᠪᠬᠤᠯᠠᠩᠲᠤ ᠠᠷᠠᠳ᠎ᠤᠨ ᠳᠠᠢ᠍ᠢ᠍ᠨ᠂ ᠶᠡᠷᠦᠩᠬᠡᠢ ᠳᠠᠢ᠍ᠢ᠍ᠯᠠᠯᠳᠤᠭ᠋ᠠᠨ᠂ ᠬᠤᠷᠢᠬᠯᠠᠯᠳᠠ ᠵᠢᠨ ᠲᠠᠢ᠍ᠢ᠍ᠯᠠᠯᠳᠤᠭ᠋ᠠᠨ᠎ᠢ ᠦᠷᠨᠢᠬᠦᠯᠪᠠ᠃
     《ᠬᠢᠵᠢᠭ》᠎ᠤᠨ ᠲᠠᠢ᠍ᠢ᠍ᠯᠠᠯᠳᠤᠭ᠋ᠠᠨ᠎ᠤ ᠬᠡᠷᠡᠭᠴᠡᠭᠡ᠎ᠠᠴᠠ ᠪᠣᠯᠵᠤ᠂ ᠡᠨᠡ ᠵᠢᠯ᠎ᠤᠨ ᠪᠦᠬᠦ ᠤᠯᠤᠰ᠎ᠤᠨ ᠬᠣᠶᠠᠷ ᠬᠤᠷᠠᠯ ᠬᠣᠶᠠᠷ ᠰᠠᠷ᠎ᠠ ᠭᠠᠷᠤᠢ ᠬᠣᠶ᠋ᠢᠰᠢᠯᠠᠨ ᠶᠠᠪᠤᠭᠳᠠᠵᠠᠢ᠂ ᠡᠨᠡ᠎ᠨᠢ ᠶᠡᠷᠦ ᠪᠤᠰᠤ ᠵᠢᠨ ᠴᠠᠭ ᠦᠶ᠎ᠡ ᠵᠢᠨ ᠶᠡᠷᠦ ᠪᠤᠰᠤ ᠵᠢᠨ ᠠᠷᠭ᠎ᠠ ᠬᠡᠮᠵᠢᠶ᠎ᠡ ᠪᠣᠯᠤᠨ᠎ᠠ᠃
      ᠰᠢᠷᠭ᠋ᠠᠭᠤ ᠬᠠᠲᠠᠭᠤᠵᠢᠯᠲᠠᠶ ᠴᠢᠷᠮᠠᠶ᠋ᠢᠯᠭ᠎ᠠ᠎ᠪᠠᠷ ᠳᠠᠮᠵᠢᠨ᠂ ᠦᠬᠠᠨ᠎ᠢ ᠬᠠᠮᠠᠭ᠋ᠠᠯᠠᠬᠤ ᠲᠠᠢ᠍ᠢ᠍ᠯᠠᠯᠳᠤᠭ᠋ᠠᠨ᠂ ᠬᠤᠪᠸᠢ ᠵᠢ ᠬᠠᠮᠠᠭ᠋ᠠᠯᠠᠬᠤ ᠲᠠᠢ᠍ᠢ᠍ᠯᠠᠯᠳᠤᠭ᠋ᠠᠨ ᠰᠢᠶᠳᠪᠦᠷᠢᠲᠦ ᠴᠢᠨᠠᠷᠲᠠᠶ ᠦᠷ᠎ᠡ ᠪᠦᠲᠦᠭᠡᠯ ᠣᠯᠵᠤ᠂ ᠬᠢᠵᠢᠭ᠎ᠤᠨ ᠪᠠᠶ᠋ᠢᠳᠠᠯ᠎ᠢ ᠰᠡᠷᠭᠡᠶ᠋ᠢᠯᠡᠨ ᠡᠵᠡᠮᠳᠡᠬᠥ ᠬᠤᠷᠢᠬᠯᠠᠯᠳᠠ ᠵᠢᠨ ᠲᠠᠢ᠍ᠢ᠍ᠯᠠᠯᠳᠤᠭ᠋ᠠᠨ ᠴᠢᠬᠤᠯᠠ ᠶᠡᠬᠡ ᠪᠠᠶ᠋ᠢᠯᠳᠤᠬᠤ ᠪᠤᠳᠤᠯᠭ᠎ᠠ ᠵᠢᠨ ᠦᠷ᠎ᠡ ᠪᠦᠲᠦᠭᠡᠯ ᠤᠯᠤᠯ᠎ᠠ᠃
      ᠣᠳᠣᠬᠠᠨ᠎ᠳᠤ᠂ ᠵᠢᠯ᠎ᠳᠤ ᠨᠢᠭᠡ ᠤᠳᠠᠭ᠎ᠠ ᠶᠠᠪᠤᠭᠳᠠᠳᠠᠭ ᠦᠪᠡᠳᠡᠭᠰᠢ ᠶᠡᠬᠡ ᠬᠤᠷᠠᠯ ᠳᠠᠬᠢᠨᠲᠠ ᠬᠤᠷᠠᠯᠳᠤᠭᠰᠠᠨ᠎ᠨᠢ ᠲᠡᠷᠡ ᠴᠡᠭ ᠵᠶ᠋ᠠᠷ ᠵᠶ᠋ᠠᠨ ᠳᠤᠮᠳᠠᠳᠤ ᠤᠯᠤᠰ᠎ᠤᠨ ᠬᠢᠵᠢᠭ᠎ᠲᠠᠢ ᠲᠠᠮᠠᠴᠡᠬᠦ ᠲᠠᠢ᠍ᠢ᠍ᠯᠠᠯᠳᠤᠭ᠋ᠠᠨ ᠴᠢᠬᠤᠯᠠ ᠶᠡᠭᠡ ᠪᠠᠶ᠋ᠢᠯᠳᠤᠬᠤ ᠪᠤᠳᠤᠯᠭ᠎ᠠ ᠵᠢᠨ ᠦᠷ᠎ᠠ ᠪᠦᠲᠦᠭᠡᠯ ᠣᠯᠤᠭᠰᠠᠨ᠎ᠤ ᠢᠯᠡᠷᠬᠡᠢ ᠪᠡᠯᠭᠡ ᠲᠡᠮᠳᠡᠭ ᠪᠣᠯᠬᠤ ᠶᠤᠮ᠃
     《ᠦᠬᠠᠨ᠎ᠤ ᠠᠵᠤ ᠠᠬᠤᠶ᠋ᠢᠯᠠᠯ ᠠᠵᠢᠯ ᠵᠶ᠋ᠠᠨ ᠰᠡᠷᠬᠦᠭᠡᠵᠤ ᠦᠢ᠍ᠯᠡᠳᠪᠦᠷᠢᠯᠡᠯ ᠵᠶ᠋ᠠᠨ ᠰᠡᠷᠭᠦᠭᠡᠯ᠎ᠠ᠂ ᠬᠡᠦᠬᠡᠳ᠎ᠤᠳ ᠵᠠᠯᠭ᠋ᠠᠪᠡᠷ ᠰᠤᠷᠭ᠋ᠠᠭᠤᠯᠢ᠎ᠳᠠᠭᠠᠨ ᠤᠴᠢᠯ᠎ᠠ᠂ ᠡᠮᠨᠡᠯᠭᠡ ᠵᠢᠨ ᠬᠣᠷᠢᠶ᠎ᠠ ᠬᠡᠪ᠎ᠤᠨ ᠪᠠᠶ᠋ᠢᠳᠠᠯ ᠵᠶ᠋ᠠᠷ ᠡᠮᠴᠢᠯᠡᠵᠤ ᠡᠬᠢᠯᠠᠯ᠎ᠠ᠂ ᠬᠤᠳᠠᠯᠳᠤᠭ᠋ᠠᠨ᠎ᠤ ᠲᠠᠯᠠᠪᠠᠢ ᠭᠡᠳᠤ ᠲᠡᠯᠭᠡᠬᠦᠷ ᠡᠬᠦᠳᠠ᠎ᠪᠠᠨ ᠨᠡᠭᠡᠭᠡᠯ᠎ᠠ᠂ ᠲᠡᠷᠡ ᠬᠦ᠌ ᠠᠮᠢᠵᠢᠷᠠᠯ᠎ᠤᠨ ᠬᠦᠴᠦᠨ᠎ᠲᠠᠢ ᠦᠬᠠᠨ ᠬᠤᠳᠠ ᠬᠦᠭᠵᠢᠶᠠᠨ ᠨᠠᠷᠬᠢᠶᠠᠨ ᠵᠶ᠋ᠠᠷ ᠪᠢᠯᠬᠠᠯ᠎ᠠ》 ᠬᠡᠵᠥ 5 ᠲᠥᠯᠥᠭᠡᠯᠡᠭᠴᠢ ᠤᠷᠢᠳ ᠬᠣᠵᠢᠳ ᠦᠭᠡ ᠭᠡᠯᠡᠵᠤ᠂ ᠶᠡᠷᠦᠩᠬᠡᠢ ᠱᠦᠵᠢ᠎ᠳᠤ ᠬᠤᠪᠸᠢ ᠪᠣᠯᠤᠨ ᠦᠬᠠᠨ᠎ᠤ ᠬᠢᠵᠢᠭ᠎ᠤᠨ ᠪᠠᠢ᠍ᠢ᠍ᠳᠠᠯ᠎ᠠᠴᠠ ᠲᠠᠬᠢᠨ ᠬᠦᠭᠵᠢᠨ ᠮᠠᠨᠳᠤᠵᠤ ᠪᠠᠢ᠍ᠢ᠍ᠬᠤ ᠲᠤᠬᠠᠢ ᠬᠠᠷᠢᠭᠤ ᠮᠡᠳᠡᠭᠦᠯᠦᠯᠳᠠ ᠬᠢᠵᠤ᠂ ᠦᠭᠡ ᠦᠬᠦᠯᠠᠪᠤᠷᠢ᠎ᠳᠤᠨᠢ ᠲᠤᠭᠳᠤᠯᠤᠭᠰᠠᠨ ᠰᠡᠳᠬᠢᠯᠭᠡ ᠪᠢᠯᠬᠠᠵᠤ ᠪᠠᠢ᠍ᠢ᠍ᠯ᠎ᠠ᠃
      ᠦᠬᠠᠨ ᠬᠣᠲᠠ ᠵᠢᠨ ᠬᠣᠶᠠᠳᠤᠭ᠋ᠠᠷ ᠬᠥᠩᠭᠡᠨ ᠠᠵᠤ ᠦᠶᠯᠡᠳᠪᠦᠷᠢ ᠵᠢᠨ ᠰᠤᠷᠭ᠋ᠠᠭᠤᠯᠢ᠎ᠠᠴᠠ ᠢᠷᠡᠭᠰᠡᠨ ᠢᠦᠶ ᠴᠧᠩ ᠲᠥᠯᠥᠭᠡᠯᠡᠭᠴᠢ᠂ ᠦᠬᠠᠨ᠎ᠤ ᠠᠷᠠᠳ ᠲᠦᠮᠡᠨ᠎ᠤ ᠬᠦᠰᠡᠯ ᠪᠤᠳᠤᠯ᠎ᠢ ᠡᠪᠤᠷᠯᠡᠵᠤ ᠢᠷᠠᠯ᠎ᠠ᠃ ᠬᠢᠵᠢᠭ᠎ᠤᠨ ᠪᠠᠶ᠋ᠢᠳᠠᠯ᠎ᠤᠨ ᠬᠤᠭᠤᠴᠠᠭ᠋ᠠᠨ᠎ᠳᠤ ᠲᠡᠷᠡ ᠦᠬᠠᠨ᠎ᠤ ᠠᠶ ᠵᠢᠶᠠ ᠣᠯᠠᠨ ᠤᠯᠤᠰ᠎ᠤᠨ ᠨᠡᠶ᠋ᠢᠭᠡᠮ ᠲᠣᠭᠣᠷᠢᠭ᠎ᠲᠤ ᠬᠦᠷᠴᠦ ᠰᠠᠶ᠋ᠢᠨ ᠲᠤᠷᠠᠴᠤᠳ ᠪᠤᠯᠤᠭᠰᠠᠨ ᠪᠠᠢ᠍ᠢ᠍ᠵᠠᠢ᠃
     《ᠶᠡᠷᠦᠩᠬᠡᠢ ᠱᠦᠵᠢ᠂ ᠲᠠ ᠬᠤᠪᠸᠢ᠎ᠳᠤ ᠰᠢᠨᠵᠢᠯᠡᠨ ᠪᠠᠶ᠋ᠢᠴᠠᠭ᠋ᠠᠬᠤ᠎ᠳᠠᠭᠠᠨ᠂ ᠦᠬᠠᠨ᠎ᠤ ᠠᠷᠠᠳ ᠲᠦᠮᠡᠨ ᠠᠮᠢᠳᠤ ᠵᠢᠭ᠋ᠠᠰᠤ ᠢᠳᠡᠬᠦ ᠳᠤᠷᠠᠲᠠᠶ ᠪᠣᠯᠬᠣᠷ ᠢᠯᠡᠭᠦᠬᠡᠨ ᠵᠣᠬᠢᠶᠠᠨ ᠪᠠᠶ᠋ᠢᠭᠤᠯᠵᠤ ᠬᠠᠩᠭ᠋ᠠᠬᠤ ᠬᠡᠷᠡᠭᠲᠡᠶ ᠭᠡᠰᠡᠨ ᠶᠤᠮ᠃ ᠨᠢᠭᠡ ᠭᠠᠷᠠᠭ ᠪᠣᠯᠤᠯ ᠦᠭᠡᠢ᠎ᠪᠠᠷ ᠠᠮᠢᠳᠤ ᠵᠢᠭ᠋ᠠᠰᠤ ᠵᠢ ᠮᠠᠨ᠎ᠤ ᠨᠡᠢ᠍ᠢ᠍ᠭᠡᠮ ᠲᠤᠭᠤᠷᠢᠬ᠎ᠲᠤ ᠬᠦᠷᠭᠡᠵᠥ ᠢᠷᠡᠪᠡ᠃ ᠨᠠᠶᠠ ᠭᠠᠷᠤᠭᠰᠠᠠ ᠯᠢᠶᠣᠤ ᠨᠠᠰᠤᠲᠠᠨ᠂ ᠡᠢ᠍ᠢ᠍ᠮᠦᠷᠬᠦ ᠬᠦᠨᠳᠦ ᠨᠤᠴᠢᠳᠠᠢ ᠬᠢᠵᠢᠭ᠎ᠤᠨ ᠪᠠᠶ᠋ᠢᠳᠠᠯ᠎ᠳᠤ ᠠᠮᠢᠳᠤ ᠵᠢᠭ᠋ᠠᠰᠤ ᠣᠯᠵᠤ ᠢᠳᠡᠨ᠎ᠠ ᠭᠡᠵᠤ ᠶᠡᠷᠤᠨᠢ ᠪᠣᠳᠣᠵᠤ ᠣᠯᠤᠭᠰᠠᠨ ᠦᠭᠡᠶ᠂ ᠨᠠᠮ ᠵᠠᠰᠠᠭ᠎ᠲᠠᠭᠠᠨ ᠲᠠᠯᠠᠷᠬᠠᠵᠤ ᠪᠠᠶ᠋ᠢᠨ᠎ᠠ ᠬᠡᠵᠥ ᠰᠠᠳᠬᠢᠯ ᠲᠤᠭᠳᠤᠯᠤᠨ ᠭᠡᠯᠡᠵᠤ ᠪᠠᠢ᠍ᠢ᠍ᠬᠰᠠᠨ ᠶᠤᠮ》᠃
      ᠰᠡᠳᠬᠢᠯ ᠬᠥᠳᠡᠯᠭᠡᠮ᠎ᠠ ᠥᠯᠢᠭᠡᠷ ᠵᠶ᠋ᠠᠨ ᠬᠤᠪᠢᠶᠠᠯᠴᠠᠬᠤ ᠵᠢᠨ ᠵᠠᠢ᠍ᠢ᠍ᠴᠠ᠎ᠳᠤ ᠢᠦᠶ ᠴᠧᠩ ᠬᠠᠯᠠᠭᠤᠨ ᠨᠢᠯᠪᠤᠰᠤ ᠪᠦᠮᠪᠤᠷᠢᠬᠦᠯᠤᠯ᠎ᠠ᠃ ᠲᠡᠷᠡ ᠰᠠᠭᠤᠳᠠᠯ᠎ᠠᠴᠠ᠎ᠪᠠᠨ ᠪᠣᠰᠴᠤ ᠵᠣᠭᠰᠣᠨ ᠮᠡᠭᠦᠢ᠍ᠢ᠍ᠨ ᠶᠣᠰᠣᠯᠠᠪᠠ᠃
     《ᠢᠷᠡᠬᠦ᠎ᠠᠴᠠ ᠡᠮᠦᠨ᠎ᠡ᠂ ᠣᠯᠠᠨ ᠵᠶ᠋ᠠᠷ ᠵᠶ᠋ᠠᠨ ᠨᠠᠳᠠ᠎ᠳᠤ ᠨᠠᠢ᠍ᠢ᠍ᠳᠠᠵᠤ ᠵᠡᠪᠠᠯ 〈ᠲᠠᠯᠠᠷᠬᠠᠯ᠎ᠠ!  〉 ᠶᠡᠷᠦᠩᠬᠡᠶ ᠱᠦᠵᠢ᠎ᠳᠤ ᠲᠠᠯᠠᠷᠬᠠᠵᠤ ᠪᠠᠢ᠍ᠢ᠍ᠨ᠎ᠠ᠂ ᠨᠠᠮ᠎ᠤᠨ ᠲᠥᠪ ᠬᠣᠷᠢᠶ᠎ᠠ᠎ᠳᠤ ᠲᠠᠯᠠᠷᠬᠠᠵᠤ ᠪᠠᠢ᠍ᠢ᠍ᠨ᠎ᠠ᠂ ᠬᠤᠪᠧᠶ ᠪᠣᠯᠤᠨ ᠦᠬᠠᠨ᠎ᠢ ᠳᠠᠮᠵᠢᠵᠤ ᠲᠤᠰᠠᠯᠠᠭᠰᠠᠨ ᠪᠦᠬᠦ ᠤᠯᠤᠰ᠎ᠤᠨ ᠠᠷᠠᠳ ᠲᠦᠮᠡᠨ ᠪᠣᠯᠤᠨ ᠡᠯ᠎ᠡ ᠡᠲᠡᠭᠡᠳ᠎ᠤᠨ ᠨᠠᠶ᠋ᠢᠵᠠ ᠨᠠᠷ᠎ᠲᠠᠭᠠᠨ ᠲᠠᠯᠠᠷᠬᠠᠵᠤ ᠪᠠᠢ᠍ᠢ᠍ᠨ᠎ᠠ ᠭᠡᠵᠤ ᠭᠡᠯᠡᠭᠡᠷᠡᠢ ᠭᠡᠰᠡᠨ ᠶᠤᠮ》 ᠭᠡᠪᠡ᠃
      ᠬᠤᠷᠠᠯ᠎ᠤᠨ ᠲᠠᠯᠠᠪᠠᠢ᠎ᠳᠤ ᠠᠯᠠᠭ᠎ᠠ ᠲᠠᠰᠢᠬᠤ ᠲᠠᠭᠤᠨ ᠤᠳᠠᠲᠠᠯ᠎ᠠ ᠦᠷᠭᠦᠯᠵᠢᠯᠡᠪᠡ᠃
     《ᠤᠯᠠᠨ᠎ᠤ ᠬᠡᠯᠡᠭᠦ ᠵᠢ ᠰᠣᠨᠣᠰᠤᠭ᠋ᠠᠳ ᠪᠢ ᠮᠠᠰᠢ ᠰᠡᠳᠬᠢᠯ ᠲᠤᠭᠳᠤᠯᠤᠯ᠎ᠠ》 ᠭᠡᠵᠤ ᠶᠡᠷᠦᠩᠬᠡᠢ ᠱᠦᠵᠢ ᠰᠢ ᠵᠢᠨ ᠫᠢᠩ ᠭᠦᠨ ᠰᠡᠳᠬᠢᠯᠭᠡ᠎ᠲᠠᠢ᠎ᠪᠠᠷ ᠭᠡᠯᠡᠨ᠎ᠠ᠃ ᠲᠠᠷᠠ᠄ 《ᠬᠤᠪᠸᠢ ᠵᠢᠨ ᠠᠷᠠᠳ ᠲᠦᠮᠡᠨ᠂ ᠦᠬᠠᠨ᠎ᠤ ᠠᠷᠠᠳ ᠲᠦᠮᠡᠨ ᠬᠢᠵᠢᠭ᠎ᠤᠨ ᠪᠠᠢ᠍ᠢ᠍ᠳᠠᠯ᠎ᠢ ᠰᠡᠷᠭᠡᠢ᠍ᠢ᠍ᠯᠡᠨ ᠡᠵᠡᠮᠳᠡᠬᠦ᠎ᠳᠤ ᠴᠢᠬᠤᠯᠠ ᠶᠡᠬᠡ ᠬᠤᠪᠢ ᠨᠡᠮᠡᠷᠢ ᠦᠵᠡᠭᠦᠯᠵᠦ᠂ ᠯᠤᠲᠤ ᠶᠡᠬᠡ ᠦᠷᠡᠭᠳᠡᠯ ᠭᠠᠷᠭ᠋ᠠᠵᠠᠶ᠃ ᠦᠬᠠᠨ ᠪᠣᠯ ᠨᠡᠷ᠎ᠡ ᠨᠢᠳᠡᠷ᠎ᠲᠡᠭᠡᠨ ᠲᠤᠬᠢᠷᠠᠭᠰᠠᠨ ᠪᠠᠭ᠋ᠠᠲᠤᠷᠯᠢᠭ ᠬᠤᠳᠠ᠂ ᠬᠤᠪᠸᠢ ᠵᠢᠨ ᠠᠷᠠᠳ ᠲᠦᠮᠡᠨ ᠪᠠ ᠦᠬᠠᠨ᠎ᠤ ᠠᠷᠠᠳ ᠲᠦᠮᠡᠨ ᠪᠣᠯ ᠶᠤᠰᠤᠳᠠᠢ ᠪᠠᠭ᠋ᠠᠲᠤᠷᠯᠢᠭ ᠠᠷᠠᠳ ᠲᠦᠮᠡᠨ ᠮᠥᠨ᠃ ᠪᠢ ᠡᠨᠳᠡ ᠰᠠᠭᠤᠵᠤ ᠪᠠᠢ᠍ᠢ᠍ᠭ᠎ᠠ ᠨᠥᠬᠥᠳ ᠪᠤᠯᠤᠨ ᠬᠤᠪᠸᠢ ᠵᠢᠨ ᠦᠨᠳᠦᠰᠦᠲᠡᠨ᠎ᠨᠦᠭᠦᠳ᠎ᠤᠨ ᠺᠠᠳ᠋ᠷ ᠣᠯᠠᠨ ᠲᠦᠮᠡᠨ᠎ᠳᠤ ᠴᠢᠩ ᠰᠡᠳᠬᠢᠯ᠎ᠤᠨ ᠮᠡᠨᠳᠦᠴᠢᠯᠡᠯ ᠪᠣᠯᠤᠨ ᠲᠠᠯᠠᠷᠬᠠᠯ ᠵᠶ᠋ᠠᠨ ᠳᠡᠪᠰᠢᠭᠦᠯᠵᠤ ᠪᠠᠢ᠍ᠢ᠍ᠨ᠎ᠠ!》 ᠭᠡᠯ᠎ᠡ᠃
     《ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠰᠠᠭᠤᠷᠢ᠎ᠨᠢ ᠠᠷᠠᠳ ᠲᠦᠮᠡᠨ᠎ᠳᠤ ᠪᠠᠢ᠍ᠢ᠍ᠨ᠎ᠠ᠂ ᠠᠮᠢᠨ ᠰᠤᠳᠠᠰᠤ᠎ᠨᠢ ᠠᠷᠠᠳ ᠲᠦᠮᠡᠨ᠎ᠳᠤ ᠪᠠᠢ᠍ᠢ᠍ᠨ᠎ᠠ᠃ ᠨᠠᠮ᠎ᠠᠴᠠ ᠠᠷᠠᠳ ᠲᠦᠮᠡᠨ᠎ᠢ ᠪᠦᠯᠬᠦᠮᠳᠡᠬᠦᠯᠥᠨ ᠳᠠᠭ᠋ᠠᠭᠤᠯᠵᠤ ᠬᠤᠪᠢᠰᠬᠠᠯ᠂ ᠪᠦᠳᠦᠬᠡᠨ ᠪᠠᠢ᠍ᠢ᠍ᠭᠤᠯᠤᠯᠳᠠ᠂ ᠦᠬᠡᠷᠡᠴᠢᠯᠡᠯᠳᠠ ᠬᠢᠭᠰᠡᠨ᠎ᠤ ᠦᠨᠳᠦᠰᠦᠨ ᠵᠤᠷᠢᠯᠭ᠎ᠠ᠎ᠨᠢ ᠠᠷᠠᠳ ᠲᠦᠮᠡᠨ᠎ᠢ ᠰᠠᠢ᠍ᠢ᠍ᠨ ᠰᠠᠢ᠍ᠢ᠍ᠬᠠᠨ ᠠᠮᠢᠳᠤᠷᠠᠭᠤᠯᠬᠤ ᠵᠢᠨ ᠲᠦᠯᠥᠬᠡ ᠶᠤᠮ᠂ ᠬᠡᠳᠤᠢ ᠶᠡᠬᠡ ᠦᠷᠢᠰᠦᠯᠳᠦᠬᠡᠨ ᠪᠤᠯᠤᠨ ᠲᠠᠷᠤᠯᠳᠠ᠎ᠳᠤ ᠲᠤᠯᠭ᠋ᠠᠷᠠᠭᠰᠠᠠ ᠴᠦ᠍᠂ ᠬᠡᠳᠤᠢ ᠶᠡᠬᠡ ᠦᠷᠡᠭᠳᠡᠯ ᠪᠤᠯᠤᠨ ᠦᠨ᠎ᠠ ᠦᠷᠳᠡᠭ ᠭᠠᠷᠭ᠋ᠠᠭᠰᠠᠠ ᠴᠦ᠍᠂ ᠡᠨᠡ ᠲᠡᠯ᠎ᠡ᠎ᠪᠠᠷ ᠪᠦᠷ ᠢᠮᠠᠬᠳᠠ ᠬᠤᠪᠢᠷᠡᠰᠢ ᠦᠬᠡᠢ᠂ ᠦᠴᠦᠬᠡᠨ ᠴᠦ᠍ ᠭᠤᠢ᠍ᠢ᠍ᠪᠢᠰᠢ ᠦᠬᠡᠢ ᠶᠤᠮ》᠃
      ᠥᠪᠥᠷ ᠮᠣᠩᠭᠣᠯ᠎ᠤᠨ ᠲᠥᠯᠥᠭᠡᠯᠡᠭᠴᠢᠳ᠎ᠤᠨ ᠪᠦᠯᠬᠦᠮ᠎ᠳᠤ᠂ ᠶᠡᠷᠦᠩᠬᠡᠶ ᠱᠦᠵᠢ ᠰᠢ ᠵᠢᠨ ᠫᠢᠩ 《ᠠᠷᠠᠳ ᠲᠦᠮᠡᠨ》 ᠵᠶ᠋ᠠᠷ ᠵᠠᠩᠭᠢᠯᠠᠭ᠎ᠠ ᠵᠢᠨ ᠦᠭᠡ ᠪᠣᠯᠭ᠋ᠠᠵᠤ᠂ ᠨᠠᠮ᠎ᠤᠨ ᠬᠦᠰᠡᠯᠡᠩ ᠢᠲᠡᠭᠡᠯ ᠪᠢᠰᠢᠷᠡᠯ᠂ ᠰᠢᠨᠵᠢ ᠴᠢᠨᠠᠷ ᠵᠣᠷᠢᠯᠲᠠ᠂ ᠤᠭ ᠰᠠᠨᠠᠭ᠎ᠠ ᠡᠭᠦᠷᠭᠡ ᠬᠠᠷᠢᠭᠤᠴᠠᠯᠭ᠎ᠠ᠎ᠠᠴᠠ ᠡᠬᠢᠯᠡᠨ ᠶᠠᠷᠢᠵᠤ᠂ ᠡᠨᠡ ᠬᠣᠶᠠᠷ ᠥᠰᠥᠭ᠎ᠤᠨ ᠠᠭᠤᠯᠤᠭᠳᠠᠬᠤᠨ᠎ᠢ ᠭᠦᠨᠵᠡᠭᠡᠶ ᠲᠠᠢ᠍ᠢ᠍ᠯᠪᠤᠷᠢᠯᠠᠵᠠᠢ᠃
      ᠠᠷᠠᠳ ᠲᠦᠮᠡᠨ᠎ᠢ ᠳᠡᠭᠡᠳᠦᠯᠡᠬᠦ ᠵᠢ ᠪᠠᠷᠢᠮᠳᠠᠯᠠᠬᠤ ᠲᠤᠬᠠᠢ ᠥᠭᠦᠯᠡᠬᠦ᠎ᠳᠡᠭᠡᠨ᠂ ᠶᠡᠷᠦᠩᠬᠡᠢ ᠱᠦᠵᠢ ᠰᠢ ᠵᠢᠨ ᠫᠢᠩ ᠡᠷᠲᠡᠨ᠎ᠤ ᠦᠭᠡ᠎ᠪᠠᠷ ᠡᠰᠢᠯᠡᠨ ᠲᠠᠳᠠᠵᠤ᠄
     《〈ᠠᠷᠠᠳ ᠢᠷᠭᠡᠳ᠎ᠲᠠᠢ ᠠᠰᠢᠭ ᠲᠤᠰᠠ᠎ᠪᠠᠨ ᠬᠠᠮᠲᠤᠳᠬᠠᠵᠤ ᠴᠢᠲᠠᠪᠠᠰᠦ ᠳᠡᠯᠡᠬᠡᠢ ᠳ᠋ᠠᠬᠢᠨ᠎ᠢ ᠤᠯᠵᠤ ᠪᠤᠯᠤᠮᠤᠢ; ᠠᠷᠠᠳ ᠢᠷᠭᠡᠳ᠎ᠲᠤ ᠠᠰᠢᠭ ᠲᠤᠰᠠ ᠤᠯᠭᠤᠵᠤ ᠴᠢᠳᠠᠪᠠᠰᠤ ᠳᠡᠯᠡᠬᠡᠶ ᠳ᠋ᠠᠬᠢᠨ᠎ᠢ ᠵᠠᠬᠢᠷᠴᠦ ᠪᠤᠯᠤᠮᠤᠢ〉 ᠭᠡᠵᠤ ᠡᠷᠳᠡᠨ᠎ᠤ ᠬᠦᠮᠦᠰ ᠶᠠᠷᠢᠳᠠᠭ᠃ ᠮᠠᠨ᠎ᠤ ᠨᠠᠮ᠎ᠳᠤ ᠥᠪᠡᠷ᠎ᠤᠨ ᠣᠨᠴᠠᠭ᠋ᠠᠶ ᠠᠰᠢᠭ ᠲᠤᠰᠠ ᠪᠠᠢ᠍ᠢ᠍ᠬᠤ ᠦᠭᠡᠢ᠂ ᠨᠠᠮ ᠬᠡᠵᠢᠶ᠎ᠡ ᠴᠦ᠍ ᠭᠡᠰᠡᠨ ᠴᠥᠮ ᠤᠯᠠᠨ ᠲᠦᠮᠡᠨ᠎ᠤ ᠠᠰᠢᠭ ᠲᠤᠰᠠ ᠵᠢ ᠲᠡᠷᠢᠭᠦᠨ ᠪᠠᠢ᠍ᠢ᠍ᠷᠢᠨ᠎ᠳᠤ ᠲᠠᠯᠪᠢᠬᠤ ᠬᠡᠷᠡᠭᠳᠠᠢ ᠭᠡᠵᠦ ᠨᠠᠮ᠎ᠤᠨ ᠲᠦᠷᠢᠮ᠎ᠳᠤ ᠲᠣᠳᠣᠷᠬᠠᠶ ᠲᠣᠭᠲᠠᠭ᠋ᠠᠪᠠ》 ᠭᠡᠪᠡ᠃
      ᠶᠡᠷᠦᠩᠬᠡᠶ ᠱᠦᠵᠢ ᠰᠢ ᠵᠢᠨ ᠫᠢᠩ ᠬᠣᠶᠠᠷ ᠬᠤᠷᠠᠯ᠎ᠠᠴᠠ ᠡᠮᠦᠨᠡᠬᠡᠨ ᠱᠠᠨ ᠰᠢ᠎ᠳᠤ ᠬᠦᠷᠴᠦ ᠰᠢᠨᠵᠢᠯᠡᠨ ᠪᠠᠢ᠍ᠢ᠍ᠴᠠᠭ᠋ᠠᠵᠤ ᠪᠠᠢ᠍ᠢ᠍ᠴᠠᠭ᠋ᠠᠨ ᠰᠤᠳᠤᠯᠤᠯᠳᠠ ᠬᠢᠭᠰᠡᠨ ᠲᠥᠷᠥᠭᠳᠡᠯ ᠵᠶ᠋ᠠᠨ᠄ 《ᠪᠢ ᠳ᠋ᠠᠲ᠋ᠦ᠋ᠩ᠎ᠤᠨ ᠣᠷᠭ᠋ᠠᠨᠢᠭ ᠰᠢᠷ᠎ᠠ ᠴᠡᠴᠡᠭᠲᠦ ᠪᠠᠷᠢᠮᠵᠢᠶᠠᠵᠢᠭᠤᠯᠤᠭᠰᠠᠨ ᠲᠠᠷᠢᠮᠠᠯ᠎ᠤᠨ ᠰᠠᠭᠤᠷᠢᠨ᠎ᠳᠤ ᠲᠣᠰᠬᠣᠨ᠎ᠤ ᠠᠷᠠᠳ᠎ᠲᠤ᠂ ᠳᠤᠮᠳᠠᠳᠤ ᠤᠯᠤᠰ᠎ᠤᠨ ᠡᠪ ᠬᠠᠮᠲᠤ ᠨᠠᠮ ᠠᠷᠠᠳ ᠲᠦᠮᠡᠨ᠎ᠤ ᠲᠥᠯᠥᠭᠡ ᠠᠵᠢᠯ ᠶᠠᠪᠤᠳᠠᠯ ᠬᠢᠬᠦ᠂ ᠠᠷᠠᠳ ᠲᠦᠮᠡᠨ᠎ᠳᠤ ᠪᠤᠶᠠᠨ ᠦᠢ᠍ᠯᠡᠳᠬᠦ ᠵᠢ ᠬᠠᠮᠤᠭ᠎ᠤᠨ ᠴᠢᠬᠤᠯᠠ ᠵᠠᠰᠠᠭ᠎ᠤᠨ ᠠᠵᠢᠯ᠎ᠤᠨ ᠪᠦᠲᠦᠮᠵᠢ ᠪᠣᠯᠭ᠋ᠠᠵᠤ᠂ ᠠᠷᠠᠳ ᠢᠷᠭᠡᠳ᠎ᠲᠤ ᠬᠡᠴᠢᠨᠡᠨ ᠰᠠᠢ᠍ᠢ᠍ᠨ ᠶᠠᠪᠤᠳᠠᠯ ᠪᠣᠳᠠᠲᠠᠶ ᠠᠵᠢᠯ ᠬᠢᠵᠦ ᠥᠭᠭᠦᠭᠰᠡᠨ ᠵᠶ᠋ᠠᠷ ᠵᠠᠰᠠᠭ᠎ᠤᠨ ᠠᠵᠢᠯ᠎ᠤᠨ ᠠᠮᠵᠢᠯᠲᠠ ᠪᠦᠲᠦᠮᠵᠢ ᠵᠢ ᠰᠢᠯᠭ᠋ᠠᠬᠤ ᠴᠢᠬᠤᠯᠠ ᠪᠠᠷᠢᠮᠵᠢᠶ᠎ᠠ ᠪᠣᠯᠭ᠋ᠠᠨ᠎ᠠ ᠭᠡᠵᠠᠢ》 ᠭᠡᠵᠤ ᠤᠯᠠᠨ᠎ᠳᠤ ᠶᠠᠷᠢᠯ᠎ᠡ᠃
    ᠠᠷᠠᠳ ᠲᠦᠮᠡᠨ᠎ᠢ ᠳᠡᠭᠡᠳᠦᠯᠡᠨ᠎ᠡ! ᠡᠨᠡ ᠪᠣᠯ ᠳᠤᠮᠳᠠᠳᠤ ᠤᠯᠤᠰ᠎ᠤᠨ ᠡᠪ ᠬᠠᠮᠲᠤᠴᠤᠳ᠎ᠤᠨ ᠵᠣᠷᠢᠭ ᠰᠢᠭᠤᠳᠤᠨ ᠲᠡᠮᠡᠴᠡᠬᠦ ᠤᠭ ᠰᠠᠨᠠᠭ᠎ᠠ ᠮᠥᠨ᠂ ᠶᠡᠷᠦᠩᠬᠡᠢ ᠱᠦᠵᠢ ᠰᠢ ᠵᠢᠨ ᠫᠢᠩ᠎ᠤᠨ ᠲᠦᠷᠦ ᠪᠠᠷᠢᠬᠤ ᠣᠢ᠍ᠢ᠍ᠯᠠᠭ᠋ᠠᠭᠳᠠᠬᠤᠨ ᠮᠥᠨ᠃
      ᠭᠠᠭᠴᠠ ᠬᠦ᠌ ᠡᠨᠡ ᠬᠦ᠌ 《ᠭᠠᠷᠤᠭ᠎ᠠ》᠎ᠳᠤ ᠵᠣᠭᠰᠣᠪᠠᠯ ᠰᠠᠶᠢ ᠡᠨᠡ ᠬᠦ᠌ ᠦᠭᠡ ᠵᠢᠨ ᠬᠦᠨᠳᠦ ᠵᠢ ᠵᠢᠩᠬᠢᠨᠢ ᠣᠬᠠᠵᠤ ᠴᠢᠳᠠᠨ᠎ᠠ — 《ᠠᠷᠠᠳ ᠲᠦᠮᠡᠨ᠎ᠤ ᠠᠮᠢ ᠨᠠᠰᠤᠨ᠎ᠤ ᠠᠮᠤᠷ ᠲᠦᠪᠰᠢᠨ ᠪᠠ ᠪᠡᠶ᠎ᠠ ᠮᠠᠬᠠᠪᠤᠳ᠎ᠤᠨ ᠡᠷᠡᠭᠦᠯ ᠮᠡᠨᠳᠤ ᠵᠢ ᠬᠠᠮᠠᠭ᠋ᠠᠯᠠᠬᠤ᠎ᠳᠤ ᠶᠠᠮᠠᠷᠪᠠ ᠦᠷᠡᠭᠳᠡᠯ ᠭᠠᠷᠭ᠋ᠠᠬᠤ᠎ᠠᠴᠠ ᠴᠦ᠍ ᠪᠤᠴᠠᠬᠤ ᠦᠭᠡᠢ》᠃
    ᠠᠷᠠᠳ ᠲᠦᠮᠡᠨ᠎ᠳᠤ ᠪᠤᠶᠠᠨ ᠦᠢ᠍ᠯᠡᠳᠦᠨ᠎ᠡ — 《ᠬᠠᠮᠲᠤ᠎ᠪᠠᠷ ᠴᠢᠨᠡᠭᠡᠯᠢᠭᠵᠢᠵᠦ᠂ ᠴᠢᠨᠡᠭᠡᠯᠢᠭ ᠨᠡᠢ᠍ᠢ᠍ᠭᠡᠮ᠎ᠢ ᠪᠦᠬᠦ ᠲᠠᠯ᠎ᠠ᠎ᠪᠠᠷ ᠪᠡᠶᠡᠯᠡᠬᠦᠯᠦᠨ᠎ᠡ᠂ ᠣᠯᠠᠨ ᠵᠶ᠋ᠠᠷ ᠵᠶ᠋ᠠᠨ ᠡᠨᠡ ᠵᠠᠮ ᠵᠶ᠋ᠠᠷ ᠬᠠᠮᠲᠤ᠎ᠪᠠᠷ ᠵᠠᠮᠨᠠᠶ᠎ᠠ》
      ᠶᠠᠳᠠᠭᠤ᠎ᠠᠴᠠ ᠠᠩᠭᠢᠵᠢᠷᠠᠭᠤᠯᠬᠤ ᠪᠣᠭᠣᠮᠲᠠ ᠰᠢᠪᠲᠤᠯᠬᠤ ᠬᠠᠷᠠᠯᠲᠠ ᠵᠢ ᠲᠣᠭᠲᠠᠭᠰᠠᠨ ᠬᠤᠭᠤᠴᠠᠭ᠋ᠠᠨ᠎ᠳᠤ ᠪᠡᠶᠡᠯᠡᠭᠦᠯᠬᠦ ᠪᠣᠯ ᠶᠡᠷᠦᠩᠬᠡᠢ ᠱᠦᠵᠢ ᠰᠢ ᠵᠢᠨ ᠫᠢᠩ᠎ᠤᠨ ᠰᠠᠨᠠᠭ᠋ᠠᠰᠢᠷᠠᠵᠤ ᠪᠠᠢ᠍ᠢ᠍ᠭ᠎ᠠ ᠶᠡᠬᠡ ᠶᠠᠪᠤᠳᠠᠯ ᠪᠣᠯᠤᠨ᠎ᠠ᠃ 2013 ᠣᠨ᠎ᠠᠴᠠ ᠨᠠᠭ᠋ᠠᠰᠢ᠂ ᠲᠡᠷᠡᠪᠡᠷ ᠵᠢᠯ ᠪᠦᠷᠢ ᠵᠢᠨ ᠪᠦᠬᠦ ᠤᠯᠤᠰ᠎ᠤᠨ ᠬᠣᠶᠠᠷ ᠬᠤᠷᠠᠯ ᠳᠡᠭᠡᠷ᠎ᠡ ᠲᠥᠯᠥᠭᠡᠯᠡᠭᠴᠢ ᠭᠡᠰᠢᠭᠦᠳ᠎ᠲᠠᠢ ᠬᠠᠮᠲᠤ᠎ᠪᠠᠷ ᠶᠠᠳᠠᠭᠤ᠎ᠠᠴᠠ ᠠᠩᠭᠢᠵᠢᠷᠠᠭᠤᠯᠬᠤ ᠪᠣᠭᠣᠮᠲᠠ ᠰᠢᠪᠲᠤᠯᠬᠤ ᠶᠡᠬᠡ ᠪᠤᠳᠤᠯᠭ᠎ᠠ ᠵᠢ ᠵᠥᠪᠳᠡᠯᠴᠡᠳᠡᠭ᠃
     《ᠣᠳᠣᠬᠠᠨ᠎ᠳᠤ᠂ ᠪᠦᠬᠦ ᠤᠯᠤᠰ᠎ᠲᠤ ᠪᠠᠰᠠ 52 ᠶᠠᠳᠠᠭᠤ ᠬᠦᠴᠢᠷᠳᠡᠯᠲᠡᠢ ᠰᠢᠶᠠᠨ ᠶᠠᠳᠠᠭᠤ᠎ᠠᠴᠠ ᠠᠩᠭᠢᠵᠢᠷᠠᠭ᠋ᠠᠳᠤᠢ᠂ 2707 ᠶᠠᠳᠠᠭᠤ ᠬᠦᠴᠢᠷᠳᠡᠯᠲᠡᠢ ᠲᠣᠰᠬᠣᠨ ᠶᠠᠳᠠᠭᠤ᠎ᠠᠴᠠ ᠠᠩᠭᠢᠵᠢᠷᠠᠭ᠋ᠠᠳᠤᠢ᠂ ᠲᠠᠩᠰᠠᠯᠠᠵᠤ ᠺᠠᠷᠲᠯᠠᠭᠰᠠᠨ ᠶᠠᠳᠠᠭᠤ ᠬᠦᠴᠢᠷᠳᠡᠯᠲᠡᠢ ᠬᠥᠮᠦᠨ ᠠᠮᠠ ᠵᠢᠨ ᠨᠢᠭᠡ ᠪᠦᠯᠦᠭ᠎ᠢ᠎ᠨᠢ ᠪᠠᠰᠠ ᠶᠠᠳᠠᠭᠤ᠎ᠠᠴᠠ ᠠᠩᠭᠢᠵᠢᠷᠠᠭᠤᠯᠵᠤ ᠲᠡᠢ᠍ᠢ᠍ᠯᠦᠭᠡᠳᠦᠢ ᠪᠠᠢ᠍ᠢ᠍ᠭᠰᠠᠭ᠋ᠠᠷ》᠃
     5 ᠰᠠᠷ᠎ᠠ ᠵᠢᠨ 23᠎ᠤ ᠦᠳᠡ ᠡᠮᠦᠨ᠎ᠡ᠂ ᠪᠡᠭᠡᠵᠢᠩ᠎ᠤᠨ ᠲᠡᠮᠦᠷ ᠵᠠᠮ᠎ᠤᠨ ᠲᠣᠮᠣ ᠠᠰᠠᠷ᠎ᠲᠤ᠂ ᠪᠦᠬᠦ ᠤᠯᠤᠰ᠎ᠤᠨ ᠤᠯᠤᠰ ᠲᠦᠷᠦ ᠵᠢᠨ ᠵᠥᠪᠯᠡᠯᠭᠡᠨ᠎ᠤ ᠠᠷᠪᠠᠨ ᠭᠤᠷᠪᠠᠳᠤᠭ᠋ᠠᠷ ᠬᠤᠭᠤᠴᠠᠭ᠋ᠠᠨ᠎ᠤ ᠬᠣᠷᠢᠶᠠᠨ᠎ᠤ ᠭᠤᠷᠪᠠᠳᠤᠭ᠋ᠠᠷ ᠬᠤᠷᠠᠯ᠎ᠳᠤ ᠣᠷᠣᠯᠴᠠᠭᠰᠠᠨ ᠠᠵᠤ ᠠᠬᠤᠢ ᠵᠢᠨ ᠡᠲᠡᠭᠡᠳ᠎ᠤᠨ ᠭᠡᠰᠢᠭᠦᠳ᠎ᠢ ᠡᠷᠬᠢᠨ ᠦᠵᠡᠬᠦ᠎ᠳᠡᠭᠡᠨ ᠶᠡᠷᠦᠩᠬᠡᠢ ᠱᠦᠵᠢ ᠰᠢ ᠵᠢᠨ ᠫᠢᠩ ᠡᠢ᠍ᠢ᠍ᠮᠦ ᠨᠢᠭᠡ ᠬᠤᠪᠢ ᠡᠭᠦᠷᠭᠡ ᠵᠢᠨ ᠨᠠᠷᠢᠨ ᠳᠠᠩᠰᠠ ᠭᠠᠷᠭ᠋ᠠᠯ᠎ᠠ᠃
      ᠬᠣᠶᠠᠷ ᠰᠠᠷ᠎ᠠ ᠭᠠᠷᠤᠶ ᠵᠢᠨ ᠡᠮᠦᠨ᠎ᠡ᠂ 3 ᠰᠠᠷ᠎ᠠ ᠵᠢᠨ 6᠎ᠤ ᠡᠳᠦᠷ᠂ ᠥᠩᠭᠡᠷᠡᠭᠰᠡᠨ ᠵᠢᠯ᠎ᠤᠳ᠎ᠲᠤ ᠪᠦᠬᠦ ᠤᠯᠤᠰ᠎ᠤᠨ ᠬᠣᠶᠠᠷ ᠬᠤᠷᠠᠯ ᠶᠠᠭ ᠬᠤᠷᠠᠯᠳᠤᠵᠤ ᠪᠠᠢ᠍ᠢ᠍ᠭᠰᠠᠨ ᠦᠶ᠎ᠠ᠂ ᠶᠡᠷᠦᠩᠬᠡᠶ   ᠱᠦᠵᠢ ᠰᠢ ᠵᠢᠨ ᠫᠢᠩ᠎ᠤᠨ ᠠᠷᠪᠠᠨ ᠨᠠᠢ᠍ᠮᠠᠳᠤᠭ᠋ᠠᠷ ᠶᠡᠬᠡ ᠬᠤᠷᠠᠯ᠎ᠠᠴᠠ ᠨᠠᠭ᠋ᠠᠰᠢᠬᠢ ᠶᠠᠳᠠᠭᠤ᠎ᠠᠴᠠ ᠠᠩᠭᠢᠵᠢᠷᠠᠭᠤᠯᠬᠤ ᠪᠣᠭᠣᠮᠲᠠ ᠰᠢᠪᠲᠤᠯᠬᠤ ᠲᠠᠯ᠎ᠠ ᠵᠢᠨ ᠬᠠᠮᠤᠭ᠎ᠤᠨ ᠶᠡᠬᠡ ᠬᠡᠪᠴᠢᠶᠡᠨ᠎ᠤ ᠬᠤᠷᠠᠯ᠎ᠳᠤ ᠣᠷᠣᠯᠴᠠᠵᠤ᠂ ᠶᠠᠳᠠᠭᠤ᠎ᠠᠴᠠ ᠠᠩᠭᠢᠵᠢᠷᠠᠭᠤᠯᠬᠤ ᠪᠤᠭᠤᠮᠳᠠ ᠰᠢᠪᠳᠤᠯᠬᠤ ᠰᠢᠢ᠍ᠳᠪᠤᠷᠢᠳᠤ ᠳᠠᠢ᠍ᠢ᠍ᠯᠠᠯᠳᠤᠭ᠋ᠠᠨ ᠬᠢᠵᠤ   ᠰᠢᠢ᠍ᠳᠪᠦᠷᠢᠲᠦ ᠢᠯᠠᠯᠲᠠ ᠤᠯᠬᠤ ᠶᠡᠷᠦᠩᠬᠡᠶ ᠲᠠᠢ᠍ᠢ᠍ᠴᠢᠯᠠᠯᠳᠠ ᠬᠢᠪᠡ᠃ ᠬᠣᠶᠠᠷ ᠬᠤᠷᠠᠯ᠎ᠠᠴᠠ ᠡᠮᠦᠨᠡᠬᠡᠨ᠂ ᠲᠡᠷᠡᠪᠡᠷ ᠪᠠᠰᠠ ᠵᠣᠭᠰᠣᠯ ᠦᠭᠡᠢ ᠱᠠᠨᠰᠢ᠂ ᠱᠠᠨ ᠰᠢ᠎ᠪᠠᠷ ᠰᠢᠨᠵᠢᠯᠡᠨ ᠪᠠᠢ᠍ᠢ᠍ᠴᠠᠭ᠋ᠠᠵᠤ᠂ ᠶᠠᠳᠠᠭᠤ᠎ᠠᠴᠠ ᠠᠩᠭᠢᠵᠢᠷᠠᠭᠤᠯᠬᠤ ᠪᠣᠭᠣᠮᠲᠠ ᠰᠢᠪᠲᠤᠯᠬᠤ ᠳᠠᠢ᠍ᠢ᠍ᠯᠠᠯᠳᠤᠭ᠋ᠠᠨ᠎ᠤ ᠦᠷ᠎ᠡ ᠪᠦᠲᠦᠮᠵᠢ ᠵᠢᠨ ᠠᠬᠢᠴᠠ ᠵᠢ ᠲᠤᠬᠠᠢ ᠵᠢᠨ ᠭᠠᠵᠠᠷ᠎ᠲᠤᠨᠢ ᠬᠦᠷᠴᠦ ᠣᠢ᠍ᠢ᠍ᠯᠠᠭ᠋ᠠᠪᠠ᠃
      ᠳᠠᠢ᠍ᠢ᠍ᠨ᠎ᠤ ᠳᠠᠯᠠᠪᠤᠷ᠎ᠲᠤᠷ ᠬᠡᠩᠭᠡᠷᠭᠡ ᠳᠡᠯᠡᠳᠦᠬᠦᠶ᠎ᠡ᠂ ᠴᠡᠷᠢᠭ᠎ᠤᠨ ᠵᠠᠷᠯᠢᠭ ᠠᠭᠤᠯᠠ ᠮᠡᠲᠦ᠃ ᠡᠳᠦᠭᠡ᠂ 2020 ᠣᠨ ᠨᠢᠭᠡᠨᠲᠡ 5 ᠰᠠᠷ᠎ᠠ ᠰᠢᠬᠠᠮ ᠥᠩᠭᠡᠷᠡᠪᠡ᠂ ᠶᠠᠳᠠᠭᠤ᠎ᠠᠴᠠ ᠠᠩᠭᠢᠵᠢᠷᠠᠭᠤᠯᠬᠤ ᠪᠣᠭᠣᠮᠲᠠ ᠰᠢᠪᠲᠤᠯᠬᠤ ᠠᠵᠢᠯ ᠰᠢᠪᠲᠤᠯᠤᠯᠲᠠ ᠵᠢᠨ ᠱᠠᠲᠤᠨ᠎ᠳᠤ ᠣᠷᠣᠯ᠎ᠠ᠃
     《ᠬᠡᠳᠦᠢ᠍ᠢ᠍ᠪᠡᠷ ᠦᠩᠬᠡᠷᠡᠭᠰᠡᠨ᠎ᠲᠠᠢ ᠬᠠᠷᠢᠴᠠᠭᠤᠯᠪᠠᠯ ᠶᠡᠷᠦᠩᠬᠡᠢ ᠬᠡᠮᠵᠢᠶ᠎ᠠ᠎ᠨᠢ ᠶᠡᠬᠡ ᠪᠢᠰᠢ ᠪᠤᠯᠪᠠᠴᠤ ᠪᠦᠷ ᠶᠠᠳᠠᠭᠤ ᠵᠢᠨ ᠲᠤᠳᠤᠷᠠᠬᠢ ᠶᠠᠳᠠᠭᠤ᠂ ᠬᠦᠴᠢᠷᠳᠡᠯᠳᠡᠢ ᠵᠢᠨ ᠲᠤᠳᠤᠷᠠᠬᠢ ᠬᠦᠴᠢᠷᠳᠡᠯᠳᠡᠢ ᠪᠠᠢ᠍ᠢ᠍ᠵᠦ᠂ ᠶᠠᠳᠠᠭᠤ᠎ᠠᠴᠠ ᠠᠩᠬᠢᠵᠢᠷᠠᠭᠤᠯᠬᠤ᠎ᠳᠤ ᠬᠠᠮᠤᠬ᠎ᠤᠨ ᠬᠦᠴᠢᠷᠳᠡᠢ ᠬᠦᠮᠦᠰ ᠪᠠᠢ᠍ᠢ᠍ᠭ᠎ᠠ ᠶᠤᠮ》 ᠶᠡᠷᠦᠩᠬᠡᠢ ᠱᠦᠵᠢ ᠰᠢ ᠵᠢᠨ ᠫᠢᠩ᠎ᠤᠨ ᠦᠭᠡ ᠶᠠᠷᠢᠶ᠎ᠠ᠎ᠠᠴᠠ ᠡᠷᠡᠰ ᠪᠠᠳᠤ ᠤᠪᠤᠷ ᠲᠤᠳᠤᠷᠠᠨ᠎ᠠ᠄ 《ᠪᠢᠳᠡ ᠰᠢᠨ᠎ᠠ ᠲᠢᠳᠢᠮᠯᠢᠭ ᠠᠭᠤᠰᠬᠢᠨ ᠦᠷᠪᠢᠰᠦᠯ᠎ᠤᠨ ᠬᠢᠵᠢᠭ᠎ᠤᠨ ᠪᠠᠢ᠍ᠢ᠍ᠳᠠᠯ᠎ᠠᠴᠠ ᠪᠤᠯᠤᠬᠰᠠᠨ ᠠᠰᠢᠬ ᠦᠬᠡᠢ ᠨᠦᠯᠦᠬᠡ ᠵᠢ ᠴᠢᠷᠮᠠᠢ᠍ᠢ᠍ᠨ ᠲᠠᠪᠠᠵᠦ᠂ ᠶᠠᠳᠠᠭᠤ᠎ᠠᠴᠠ ᠠᠩᠬᠢᠵᠢᠷᠠᠭᠤᠯᠬᠤ ᠪᠤᠭᠤᠮᠳᠠ ᠰᠢᠪᠲᠤᠯᠬᠤ ᠲᠠᠢ᠍ᠢ᠍ᠯᠠᠯᠳᠤᠭ᠋ᠠᠨ᠎ᠤ ᠪᠦᠬᠦ ᠲᠠᠯ᠎ᠠ ᠵᠢᠨ ᠢᠯᠠᠯᠳᠠ ᠵᠢ ᠡᠷᠡᠰ ᠲᠡᠮᠡᠴᠡᠨ ᠤᠯᠬᠤ ᠬᠡᠷᠡᠭᠳᠡᠢ᠃ ᠡᠨᠡ ᠪᠤᠯ ᠮᠠᠨ᠎ᠤ ᠨᠠᠮ᠎ᠠᠴᠠ ᠠᠷᠠᠳ ᠲᠦᠮᠡᠨ᠂ ᠲᠡᠤᠬᠡ᠎ᠳᠤ ᠲᠠᠯᠪᠢᠬᠰᠠᠨ ᠲᠦᠪ ᠴᠢᠩᠭ᠎ᠠ ᠠᠮᠠᠯᠠᠯᠳᠠ ᠮᠦᠨ!》
     《ᠡᠨᠳᠡ ᠪᠠᠰᠠ ᠮᠢᠨᠤ ᠨᠢᠭᠡᠨ ᠬᠠᠢ᠍ᠢ᠍ᠷ᠎ᠠ ᠰᠡᠳᠬᠢᠯᠬᠡ ᠰᠢᠡᠭᠭᠡᠭᠡᠵᠤ ᠪᠠᠢ᠍ᠢ᠍ᠨ᠎ᠠ》 ᠭᠡᠵᠤ ᠶᠡᠷᠦᠩᠬᠡᠢ ᠱᠦᠵᠢ ᠦᠬᠡ᠎ᠪᠠᠨ ᠵᠢᠭ᠋ᠠᠬᠠᠨ ᠵᠤᠬᠰᠤᠰᠬᠢᠵᠦ᠂ ᠬᠠᠷᠠᠴᠠ᠎ᠨᠢ ᠬᠡᠷᠡᠯᠳᠦᠵᠦ᠄
     《ᠪᠢ ᠵᠢᠷᠭᠤᠭ᠎ᠠ ᠲᠤᠯᠤᠭ᠋ᠠᠨ ᠵᠢᠯ ᠲᠠᠷᠢᠶᠠᠴᠢᠨ ᠪᠤᠯᠤᠬᠰᠠᠨ᠂ ᠲᠡᠷᠡ ᠦᠶ᠎ᠠ᠎ᠳᠤ ᠬᠡᠳᠡᠰᠤ ᠦᠯᠦᠰᠬᠦᠯᠡᠩ ᠪᠠᠢ᠍ᠢ᠍ᠬᠰᠠᠨ ᠪᠢ ᠬᠠᠵᠠᠭᠤ ᠬᠠᠪᠢ ᠵᠢᠨ ᠤᠯᠨᠨ ᠲᠦᠮᠡᠨ᠎ᠠᠴᠠ ᠲᠠᠨᠤᠰ᠎ᠤᠨ ᠦᠵᠡᠬᠦ᠎ᠪᠠᠷ ᠶᠠᠮᠠᠷ ᠠᠮᠢᠳᠤᠷᠠᠯ᠎ᠨᠢ ᠬᠠᠮᠤᠬ᠎ᠤᠨ ᠰᠠᠢ᠍ᠢ᠍ᠬᠠᠨ ᠪᠤᠢ᠂ ᠪᠤᠳᠠᠳᠠᠢ ᠬᠠᠷᠠᠯᠳᠠ ᠴᠢᠨᠢ ᠶᠠᠭᠤ ᠪᠤᠢ? ᠬᠡᠵᠦ ᠠᠰᠠᠭᠤᠬᠰᠠᠨ》
     《ᠠᠷᠠᠳ ᠤᠯᠠᠨ 〈ᠭᠤᠷᠪᠠᠨ ᠠᠯᠬᠤᠮ ᠵᠶ᠋ᠠᠷ ᠶᠠᠪᠤᠬᠤ〉 ᠬᠠᠷᠠᠯᠳᠠ ᠲᠤᠷᠠᠳᠤᠵᠠᠢ᠄ 〈ᠨᠢᠬᠡᠳᠦᠬᠡᠷ ᠬᠠᠷᠠᠯᠳᠠ᠎ᠨᠢ ᠪᠤᠳᠠᠭ᠎ᠠ ᠭᠤᠶᠤᠬᠤ ᠦᠬᠡᠢ᠂ ᠬᠡᠳᠡᠰᠤ ᠴᠠᠳᠬᠤᠯᠠᠩ ᠵᠠᠪᠤᠬᠤ ᠵᠢ ᠬᠦᠰᠡᠨ᠎ᠠ᠃ ᠶᠠᠭᠤ ᠢᠳᠡᠭᠰᠡᠨ ᠴᠤ᠌ ᠬᠠᠮᠢᠶ᠎ᠠ ᠦᠬᠡᠢ᠂ ᠬᠠᠭ᠋ᠠᠰ ᠵᠢᠯ ᠠᠭ᠎ᠠ ᠪᠤᠳᠠᠭ᠎ᠠ ᠬᠠᠭ᠋ᠠᠰ ᠵᠢᠯ ᠠᠮᠤ ᠪᠤᠳᠠᠭ᠎ᠠ ᠢᠳᠡᠭᠰᠡᠨ ᠴᠤ᠌ ᠬᠠᠮᠢᠶ᠎ᠠ ᠦᠬᠡᠢ᠃ ᠲᠠᠷᠠᠭ᠋ᠠᠯᠠᠪᠠᠯ᠂ ᠲᠤᠬᠠᠢ ᠵᠢᠨ ᠭᠠᠵᠠᠷ᠎ᠤᠨ ᠨᠤᠳᠤᠬ᠎ᠤᠨ ᠬᠡᠯᠡᠯᠬᠡ᠎ᠪᠠᠷ ᠪᠤᠯ 〈ᠴᠤᠯ ᠪᠤᠳᠠᠭ᠎ᠠ〉 ᠤᠯᠵᠦ ᠢᠳᠡᠨ᠎ᠠ᠂ ᠲᠠᠷᠤᠢ ᠰᠢᠰᠢ ᠵᠢᠨ ᠪᠤᠳᠠᠭ᠎ᠠ᠂ ᠡᠷᠳᠡᠨᠢ ᠰᠢᠰᠢ ᠵᠢᠨ ᠭᠤᠯᠢᠷ ᠤᠯᠵᠦ ᠢᠳᠡᠨ᠎ᠠ᠃ ᠭᠤᠷᠪᠠᠳᠤᠭ᠋ᠠᠷ ᠬᠠᠷᠠᠯᠳᠠ᠎ᠨᠢ᠂ ᠲᠠᠳᠡᠨᠦᠰ᠎ᠤᠨ ᠦᠵᠡᠬᠦ᠎ᠪᠠᠷ ᠲᠡᠷᠡ ᠬᠤᠯᠠ ᠲᠡᠭᠷᠢ ᠤᠢ᠍ᠢ᠍ᠷ᠎ᠠ ᠶᠠᠪᠤᠳᠠᠯ᠂ 〈ᠨᠠᠷᠢᠯᠢᠬ ᠠᠮᠤ ᠢᠳᠡᠶ᠎ᠠ ᠬᠡᠪᠡᠯ ᠨᠠᠷᠢᠯᠢᠭ ᠠᠮᠤ ᠢᠳᠡᠵᠦ᠂ ᠪᠠᠰᠠ ᠦᠷᠬᠦᠯᠵᠢ ᠮᠢᠬ᠎ᠠ ᠤᠯᠵᠦ ᠢᠳᠡᠬᠦ〉᠂ 〈ᠳ᠋ᠧᠪᠠᠵᠠᠨ᠎ᠤ ᠪᠠᠷᠢᠮᠵᠢᠶ᠎ᠠ〉᠂ 〈ᠲᠠᠷᠠᠭ᠎ᠠ ᠲᠦᠷᠦᠯ᠎ᠤᠨ ᠬᠢᠨᠢ ᠬᠦᠰᠡᠯ〉 ᠬᠡᠨ᠎ᠠ》᠃
     《ᠪᠢ᠂ ᠲᠠᠨᠤᠰ ᠪᠠᠰᠠ ᠲᠠᠬᠢᠭ᠋ᠠᠳ ᠴᠢᠷᠮᠠᠢ᠍ᠢ᠍ᠪᠠᠯ ᠶᠠᠮᠠᠷ ᠨᠡᠩ ᠶᠡᠬᠡ ᠬᠦᠰᠡᠯ᠎ᠲᠠᠢ ᠪᠤᠯᠬᠤ᠎ᠪᠠᠨ ᠵᠤᠷᠢᠬᠳᠠᠢ᠎ᠪᠠᠷ ᠪᠤᠳᠤᠵᠦ ᠦᠵᠡ ᠬᠡᠵᠦ ᠬᠡᠯᠡᠭᠰᠡᠨ》 ᠭᠡᠵᠤ ᠶᠡᠷᠦᠩᠬᠡᠢ ᠱᠦᠵᠢ ᠡᠷᠬᠢᠴᠡᠬᠦᠯᠬᠦ᠎ᠳᠡᠭᠡᠨ 《ᠲᠠᠳᠡᠨᠦᠰ᠎ᠤᠨ ᠬᠠᠷᠢᠭᠤᠯᠳᠠ ᠪᠤᠯ — ᠬᠤᠵᠢᠮ ᠠᠭᠤᠯᠠᠨ᠎ᠳᠤ ᠭᠠᠷᠴᠤ ᠬᠦᠳᠡᠯᠮᠦᠷᠢᠯᠡᠬᠦ᠎ᠳᠡᠭᠡᠨ ᠠᠯᠳᠠᠨ ᠲᠠᠮᠵᠢᠭᠤᠷ ᠲᠠᠮᠨᠠᠬᠤ ᠶᠤᠮ

ᠬᠡᠨ᠎ᠠ!》
      ᠪᠦᠬᠦ ᠲᠠᠯᠠᠪᠠᠢ᠎ᠳᠤ ᠤᠬᠠᠭ᠋ᠠᠨ᠎ᠢ᠎ᠨᠢ ᠤᠯᠤᠬᠰᠠᠨ ᠢᠨᠢᠶᠡᠬᠦ ᠲᠠᠭᠤᠨ ᠬᠦᠡᠭᠬᠢᠨᠡᠯ᠎ᠠ᠃
     《ᠮᠢᠨᠤ ᠪᠤᠳᠤᠬᠤ᠎ᠪᠠᠷ᠂ ᠦᠨᠡᠨ᠎ᠳᠡᠭᠡᠨ ᠡᠨᠡ ᠬᠦ᠌ ᠬᠠᠷᠠᠯᠳᠠ ᠵᠢ ᠪᠠᠰᠠ ᠶᠠᠬ ᠰᠠᠢ᠍ᠢ᠍ᠬᠠᠨ ᠪᠡᠶᠡᠯᠡᠬᠦᠯᠵᠦ ᠪᠠᠢ᠍ᠢ᠍ᠨ᠎ᠠ᠃ ᠡᠨᠡ ᠬᠦ᠌ 〈ᠠᠯᠳᠠᠨ ᠲᠠᠮᠵᠢᠭᠤᠷ〉᠎ᠢ ᠲᠠᠷᠢᠶᠠᠯᠠᠩ᠎ᠤᠨ ᠤᠳᠤᠬᠢᠴᠢᠯᠠᠯᠳᠠ ᠬᠡᠵᠦ ᠪᠢ ᠤᠢ᠍ᠢ᠍ᠯᠠᠭ᠋ᠠᠵᠦ ᠪᠠᠢ᠍ᠢ᠍ᠨ᠎ᠠ》 ᠶᠡᠷᠦᠩᠬᠡᠢ ᠱᠦᠵᠢ ᠰᠢ ᠵᠢᠨ ᠫᠢᠩ᠎ᠤᠨ ᠦᠬᠡ ᠶᠠᠷᠢᠶ᠎ᠠ᠎ᠳᠤᠨᠢ ᠴᠢᠩ ᠦᠨᠡᠨᠴᠢ ᠰᠡᠳᠬᠢᠯᠬᠡ ᠪᠢᠯᠬᠠᠨ᠎ᠠ᠂ 《ᠮᠠᠨ᠎ᠤ ᠡᠨᠡ ᠨᠢᠬᠡ ᠦᠶ᠎ᠠ ᠵᠢᠨ ᠬᠦᠮᠦᠨ᠎ᠳᠤ ᠮᠠᠨ᠎ᠤ ᠤᠯᠠᠨ ᠲᠦᠮᠡᠨ ᠤᠨᠴᠠᠭ᠋ᠠᠢ᠍ᠢ᠍ᠯᠠᠨ ᠮᠠᠨ᠎ᠤ ᠲᠠᠷᠢᠶᠠᠴᠢᠳ ᠵᠶ᠋ᠠᠨ ᠨᠢᠬᠡ ᠲᠡᠮᠨᠡᠬᠡᠳ ᠠᠪᠬᠤ ᠡᠢ᠍ᠢ᠍ᠮᠦ ᠨᠢᠬᠡ ᠬᠠᠢ᠍ᠢ᠍ᠷ᠎ᠠ ᠰᠡᠳᠬᠢᠯᠬᠡ᠎ᠲᠠᠢ ᠪᠠᠢ᠍ᠢ᠍ᠳᠠᠬ᠂ ᠨᠡᠢ᠍ᠢ᠍ᠬᠡᠮ ᠵᠢᠷᠤᠮ᠎ᠤᠨ ᠵᠠᠮ᠎ᠳᠤ ᠨᠢᠬᠡ ᠵᠢ ᠴᠤ᠌ ᠤᠷᠬᠢᠬᠳᠠᠭᠤᠯᠵᠤ ᠪᠤᠯᠬᠤ ᠦᠬᠡᠢ᠂ ᠬᠠᠮᠳᠤ᠎ᠪᠠᠷ ᠪᠠᠶᠠᠵᠢᠵᠦ᠂ ᠴᠢᠨᠡᠭᠡᠯᠢᠭ ᠨᠡᠢ᠍ᠢ᠍ᠭᠡᠮ᠎ᠢ ᠪᠦᠬᠦ ᠲᠠᠯ᠎ᠠ᠎ᠪᠠᠷ ᠪᠡᠶᠡᠯᠡᠬᠦᠯᠵᠤ᠂ ᠤᠯᠠᠨ ᠵᠶ᠋ᠠᠷ ᠵᠶ᠋ᠠᠨ ᠡᠨᠡ ᠵᠠᠮ ᠵᠶ᠋ᠠᠷ ᠬᠠᠮᠳᠤ᠎ᠪᠠᠷ ᠵᠠᠮᠨᠠᠨ᠎ᠠ》
      ᠬᠦᠭᠵᠢᠯᠳᠡ᠎ᠨᠢ ᠬᠡᠨ᠎ᠤ ᠲᠦᠯᠦᠬᠡ ᠪᠤᠢ? ᠶᠠᠮᠠᠷ ᠶᠠᠩᠵᠦ ᠵᠢᠨ ᠬᠦᠭᠵᠢᠯᠳᠡ ᠵᠢ ᠪᠡᠶᠡᠯᠡᠬᠦᠯᠬᠦ ᠪᠤᠢ? ᠰᠢᠷ᠎ᠠ ᠬᠦᠷᠦᠰᠤᠨ᠎ᠳᠤ ᠦᠨᠳᠦᠰᠦᠯᠡᠭᠰᠡᠨ ᠤᠷᠳᠤ ᠤᠳᠠᠭ᠋ᠠᠨ ᠤᠨ ᠰᠠᠷ᠎ᠠ᠎ᠨᠢ ᠠᠯᠢ ᠬᠡᠳᠦᠢ᠍ᠢ᠍ᠨ ᠰᠢ ᠵᠢᠨ ᠫᠢᠩ᠎ᠤᠨ ᠰᠡᠳᠬᠢᠯ᠎ᠳᠤ ᠬᠠᠷᠢᠭᠤᠯᠳᠠ ᠵᠢ ᠰᠠᠭᠤᠬᠳᠠᠭᠤᠯᠤᠬᠰᠠᠨ ᠠᠵᠢ᠃
      ᠡᠨᠡ ᠵᠢᠯ᠎ᠤᠨ ᠵᠠᠰᠠᠬ᠎ᠤᠨ ᠤᠷᠳᠤᠨ᠎ᠤ ᠠᠵᠢᠯ᠎ᠤᠨ ᠢᠯᠡᠳᠬᠡᠯ᠎ᠳᠤ᠂ ᠲᠤᠮᠳᠠᠳᠤ ᠤᠯᠤᠰ ᠲᠡᠯᠡᠬᠡᠢ ᠵᠢᠨ ᠬᠤᠶᠠᠳᠤᠭ᠋ᠠᠷ ᠶᠡᠬᠡ ᠠᠵᠦ ᠠᠬᠤᠢ ᠵᠢᠨ ᠴᠤᠬ᠍ᠴᠠ ᠪᠤᠯᠤᠬᠰᠠᠨ᠎ᠤ ᠬᠤᠪᠢ᠎ᠳᠤ ᠪᠦᠬᠦ ᠵᠢᠯ᠎ᠤᠨ ᠠᠵᠦ ᠠᠬᠤᠢ ᠵᠢᠨ ᠨᠡᠮᠡᠭᠳᠡᠯ᠎ᠤᠨ ᠬᠤᠷᠳᠤᠴᠠ ᠵᠢᠨ ᠪᠤᠳᠠᠳᠠᠢ ᠬᠠᠷᠠᠯᠳᠠ ᠵᠢ ᠲᠤᠷᠠᠳᠤᠬᠰᠠᠨ ᠦᠬᠡᠢ᠃
      ᠦᠪᠦᠷ ᠮᠤᠩᠭᠤᠯ᠎ᠤᠨ ᠲᠦᠯᠦᠭᠡᠯᠡᠭᠴᠢᠳ᠎ᠤᠨ ᠪᠦᠯᠬᠦᠮ᠎ᠳᠤ᠂ ᠶᠡᠷᠦᠩᠬᠡᠢ ᠱᠦᠵᠢ ᠰᠢ ᠵᠢᠨ ᠫᠢᠩ ᠡᠨᠡ ᠬᠦ᠌ ᠴᠢᠬᠤᠯᠠ ᠶᠡᠬᠡ ᠰᠤᠩᠭᠤᠯᠳᠠ ᠵᠢᠨ ᠴᠠᠭ᠋ᠠᠨᠠᠬᠢ ᠪᠤᠳᠤᠯᠬᠢᠯᠡᠯ᠎ᠢ ᠲᠠᠢ᠍ᠢ᠍ᠯᠪᠤᠷᠢᠯᠠᠪᠠ᠄
     《ᠬᠡᠷᠪᠡ ᠪᠢᠳᠡ ᠬᠠᠷᠠᠯᠳᠠ ᠵᠢ ᠠᠯᠪᠠᠳᠠᠯᠭ᠎ᠠ᠎ᠪᠠᠷ ᠲᠤᠬᠳᠠᠭ᠋ᠠᠬᠤ᠎ᠳᠤ ᠬᠦᠷᠪᠡᠯ᠂ ᠠᠩᠬᠠᠷᠤᠯ᠎ᠤᠨ ᠴᠡᠭ᠎ᠨᠢ ᠲᠠᠷᠤᠢ ᠴᠢᠩᠭ᠎ᠠ ᠰᠡᠳᠡᠯᠳᠡ ᠦᠭᠭᠦ᠂ ᠨᠡᠮᠡᠭᠳᠡᠯ᠎ᠤᠨ ᠨᠤᠷᠮ᠎ᠠ ᠵᠢ ᠠᠳᠬᠤᠬᠤ ᠪᠤᠯᠵᠦ ᠬᠤᠪᠢᠷᠠᠨ᠎ᠠ᠂ ᠢᠩᠬᠢᠬᠦ᠎ᠨᠢ ᠪᠢᠳᠡᠨ᠎ᠤ ᠠᠵᠦ ᠠᠬᠤᠢ ᠨᠡᠢ᠍ᠢ᠍ᠬᠡᠮ᠎ᠤᠨ ᠬᠦᠭᠵᠢᠯᠳᠡ ᠵᠢᠨ ᠶᠡᠷᠦᠩᠬᠡᠢ ᠵᠤᠷᠢᠯᠳᠠ᠎ᠲᠠᠢ ᠨᠡᠢ᠍ᠢ᠍ᠴᠡᠬᠦ ᠦᠬᠡᠢ᠂ ᠪᠢᠳᠡ ᠲᠦᠬᠦᠮᠬᠡᠨ ᠵᠶ᠋ᠠᠷ GDP ᠵᠢᠨ ᠨᠡᠮᠡᠭᠳᠡᠯ ᠵᠶ᠋ᠠᠷ ᠠᠯᠢᠪᠠ ᠵᠢ ᠬᠡᠮᠵᠢᠬᠦ ᠬᠡᠮᠵᠢᠬᠦᠷ ᠪᠤᠯᠭ᠋ᠠᠵᠤ ᠪᠤᠯᠬᠤ ᠦᠬᠡᠢ ᠬᠡᠵᠦ ᠶᠡᠷᠦ᠎ᠨᠢ ᠶᠠᠷᠢᠬᠰᠠᠭ᠋ᠠᠷ ᠢᠷᠡᠵᠡᠢ᠃ ᠪᠢᠳᠡᠨ᠎ᠤ ᠬᠦᠬᠡᠬᠡᠴᠡᠯᠳᠦᠳᠡᠭ᠎ᠨᠢ ᠴᠢᠨᠠᠷ ᠰᠠᠢ᠍ᠢ᠍ᠳᠠᠢ ᠬᠦᠭᠵᠢᠯᠳᠡ ᠶᠤᠮ᠂ ᠰᠢᠨ᠎ᠠ ᠬᠦᠭᠵᠢᠯᠳᠡ ᠵᠢᠨ ᠤᠢ᠍ᠢ᠍ᠯᠠᠭ᠋ᠠᠬᠳᠠᠬᠤᠨ᠎ᠢ ᠲᠤᠭᠤᠰᠢᠯᠠᠭᠤᠯᠬᠤ ᠬᠦᠭᠵᠢᠯᠳᠡ ᠵᠢ ᠬᠦᠬᠡᠬᠡᠴᠡᠯᠳᠦᠳᠡᠭ᠎ᠨᠢ ᠦᠷᠬᠡᠨ ᠤᠯᠠᠨ ᠠᠷᠠᠳ ᠲᠦᠮᠡᠨ᠎ᠤ ᠵᠤᠯ ᠵᠢᠷᠭ᠋ᠠᠯᠳᠤ ᠰᠠᠢ᠍ᠢ᠍ᠨ ᠰᠠᠢ᠍ᠢ᠍ᠬᠠᠨ ᠠᠮᠢᠳᠤᠷᠠᠯ᠎ᠤᠨ ᠲᠦᠯᠦᠬᠡ ᠶᠤᠮ》᠃
      ᠶᠠᠬ ᠡᠢ᠍ᠢ᠍ᠮᠦᠷᠬᠦ ᠠᠷᠠᠳ ᠲᠦᠮᠡᠨ᠎ᠤ ᠲᠦᠯᠦᠬᠡ᠂ ᠠᠷᠠᠳ ᠲᠦᠮᠡᠨ᠎ᠳᠤ ᠪᠤᠶᠠᠨ ᠦᠢ᠍ᠯᠡᠳᠬᠦ ᠵᠤᠷᠢᠯᠳᠠ ᠪᠠ ᠲᠤᠰᠤᠯᠳᠠ᠎ᠳᠤ ᠰᠠᠭᠤᠷᠢᠯᠠᠵᠦ᠂ ᠬᠤᠶᠠᠷ ᠬᠤᠷᠠᠯ᠎ᠤᠨ ᠬᠤᠭᠤᠴᠠᠭ᠋ᠠᠨ᠎ᠳᠤ᠂ ᠶᠡᠷᠦᠩᠬᠡᠢ ᠱᠦᠵᠢ ᠰᠢ ᠵᠢᠨ ᠫᠢᠩ ᠤᠯᠠᠨᠳᠠ ᠵᠠᠰᠠᠬ᠎ᠤᠨ ᠶᠠᠪᠤᠳᠠᠯ᠎ᠳᠤ ᠠᠷᠠᠳ᠎ᠤᠨ ᠰᠠᠨᠠᠯ ᠰᠠᠨᠠᠭᠤᠯᠭ᠎ᠠ ᠵᠢ ᠰᠤᠨᠤᠰᠴᠤ᠂ ᠠᠷᠠᠳ ᠤᠯᠠᠨ᠎ᠤ ᠭᠡᠷᠡᠭᠴᠡᠭᠡ ᠱᠠᠭ᠋ᠠᠷᠳᠠᠯᠭ᠎ᠠ᠎ᠳᠤ ᠠᠡᠭᠬᠠᠷᠤᠯ ᠵᠶ᠋ᠠᠨ ᠬᠠᠨᠳᠤᠭᠤᠯᠤᠭᠰᠠᠨ ᠶᠤᠮ᠃
     — ᠶᠠᠳᠠᠭᠤ᠎ᠠᠴᠠ ᠠᠩᠬᠢᠵᠢᠷᠠᠭᠤᠯᠬᠤ ᠪᠤᠭᠤᠮᠳᠠ ᠰᠢᠪᠳᠤᠯᠬᠤ ᠠᠬᠢᠴᠠ ᠪᠤᠯᠤᠨ ᠦᠷ᠎ᠡ ᠪᠦᠳᠦᠬᠡᠯ᠎ᠢ ᠪᠡᠬᠢᠵᠢᠬᠦᠯᠬᠦ ᠵᠢ ᠢᠮᠠᠬᠳᠠ ᠰᠠᠨᠠᠭ᠋ᠠᠰᠢᠷᠠᠵᠤ ᠬᠠᠯᠠᠮᠵᠢᠯᠠᠭᠰᠠᠭ᠋ᠠᠷ ᠢᠷᠡᠪᠡ᠃
      ᠤᠯᠤᠰ ᠲᠦᠷᠦ ᠵᠢᠨ ᠵᠦᠪᠯᠡᠯᠬᠡᠨ᠎ᠤ ᠬᠠᠮᠳᠤᠷᠠᠭᠰᠠᠠ ᠲᠤᠭᠤᠢ᠍ᠢ᠍ᠯᠠᠩ᠎ᠤᠨ ᠬᠤᠷᠡᠯ ᠲᠡᠬᠡᠷ᠎ᠡ᠂ ᠯᠢᠦ ᠴᠢ ᠬᠡᠰᠢᠬᠦᠨ 16 ᠵᠢᠯ᠎ᠤᠨ ᠡᠮᠤᠨ᠎ᠡ ᠰᠢ ᠵᠢᠨ ᠫᠢᠩ ᠵᠸᠵᠢᠶᠠᠩ᠎ᠤᠨ ᠨᠠᠮ ᠵᠠᠰᠠᠭ᠎ᠤᠨ ᠲᠦᠯᠥᠬᠡᠯᠡᠭᠴᠢᠳ᠎ᠤᠨ ᠪᠦᠯᠬᠦᠮ᠎ᠢ ᠲᠠᠭ᠋ᠠᠭᠤᠯᠤᠨ ᠴᠦᠩᠴᠢᠩ᠎ᠤᠨ ᠦᠯᠥᠢ᠍ᠩ ᠰᠢᠶᠠᠨ᠎ᠳᠤ ᠪᠠᠢ᠍ᠢ᠍ᠴᠠᠭ᠋ᠠᠨ ᠰᠤᠳᠤᠯᠤᠯᠳᠡ ᠬᠢᠭᠰᠡᠡ ᠪᠠᠢ᠍ᠢ᠍ᠳᠠᠯ᠎ᠢ ᠶᠠᠷᠢᠪᠠ᠄
     《ᠲᠤᠬᠠᠢ ᠵᠢᠨ ᠦᠶ᠎ᠡ᠎ᠳᠤ ᠪᠢ ᠦᠯᠥᠢ᠍ᠩ ᠰᠢᠶᠠᠨ᠎ᠤ ᠰᠢᠶᠠᠨ᠎ᠤ ᠲᠠᠷᠤᠭ᠎ᠠ ᠪᠠᠢ᠍ᠢ᠍ᠪᠠ᠂ ᠲᠠᠨ᠎ᠳᠤ ᠪᠢᠳᠡᠨ᠎ᠤ ᠵᠢᠭᠤᠯᠴᠢᠯᠠᠯ᠎ᠢ ᠬᠦᠭᠵᠢᠬᠦᠯᠬᠦ᠎ᠪᠠᠷ ᠶᠠᠳᠠᠭᠤ ᠵᠢ ᠲᠡᠳᠬᠦᠬᠦ ᠪᠤᠳᠤᠯ ᠵᠶ᠋ᠠᠨ ᠬᠡᠯᠡᠭᠰᠡᠡ ᠪᠢᠯᠡ᠃ ᠪᠢᠳᠡ ᠨᠢᠭᠡ ᠬᠤᠭᠤᠴᠠᠭ᠎ᠠ᠎ᠨᠢ ᠨᠢᠭᠡ ᠬᠤᠭᠤᠴᠠᠭ᠎ᠠ᠎ᠪᠠᠨ ᠵᠠᠯᠭ᠋ᠠᠨ ᠠᠵᠢᠯᠯᠠᠵᠥ᠂ ᠵᠢᠭᠤᠯᠴᠢᠯᠠᠯ ᠵᠶ᠋ᠠᠷ ᠶᠠᠳᠠᠭᠤ ᠵᠢ ᠲᠡᠳᠬᠦᠬᠦ ᠵᠢ ᠬᠡᠷᠡᠭᠵᠢᠬᠦᠯᠬᠦ᠎ᠪᠠᠷ ᠲᠠᠮᠵᠢᠨ᠂ ᠬᠠᠮᠢᠶ᠎ᠠ ᠪᠦᠬᠦᠢ ᠠᠵᠥ ᠦᠢ᠍ᠯᠡᠰ᠎ᠢ ᠶᠡᠬᠡ᠎ᠪᠠᠷ ᠬᠦᠭᠵᠢᠬᠦᠯᠵᠥ᠂ ᠦᠯᠥᠢ᠍ᠩ ᠰᠢᠶᠠᠨ ᠨᠢᠬᠡᠨᠳᠡ ᠶᠠᠳᠠᠭᠤ ᠬᠦᠴᠢᠷᠳᠡᠯᠳᠡᠢ ᠰᠢᠶᠠᠨ᠎ᠤ ᠮᠠᠯᠠᠭ᠋ᠠᠢ᠎ᠪᠠᠨ ᠲᠠᠶᠠᠬᠳᠠᠵᠥ᠂ ᠶᠠᠳᠠᠭᠤ᠎ᠠᠴᠠ ᠠᠨᠭ᠌ᠭᠢᠵᠢᠷᠠᠭᠰᠠᠠ ᠬᠦᠮᠥᠨ ᠠᠮᠠ ᠵᠢᠨ ᠬᠦᠮᠥᠨ ᠲᠤᠮᠳᠠᠴᠢ ᠵᠢᠨ ᠡᠵᠡᠮᠳᠡᠵᠥ ᠪᠤᠯᠬᠤ ᠤᠷᠤᠯᠭ᠎ᠠ 10027 ᠲᠦᠬᠦᠷᠢᠭ᠎ᠲᠤ ᠬᠦᠷᠦᠭᠰᠡᠡ ᠪᠠᠢ᠍ᠢ᠍ᠨ᠎ᠠ》 ᠭᠡᠪᠡ᠃
      ᠶᠡᠷᠤᠩᠬᠡᠢ ᠱᠦᠵᠢ ᠰᠢ ᠵᠢᠨ ᠫᠢᠩ ᠲᠤᠢ᠍ᠢ᠍ᠯ ᠵᠶ᠋ᠠᠷ ᠪᠠᠶᠠᠷᠯᠡᠵᠥ᠄ 《ᠤᠳᠤ ᠲᠡᠨᠳᠡᠬᠢ ᠵᠢᠨ ᠵᠠᠮ ᠬᠠᠷᠢᠯᠴᠠᠭ᠋ᠠᠨ᠎ᠤ ᠪᠠᠢ᠍ᠢ᠍ᠳᠠᠯ ᠶᠠᠠᠮᠷ ᠰᠢᠭ᠋ ᠪᠤᠯᠤᠭᠰᠠᠠ ᠪᠤᠢ?》 ᠬᠡᠵᠥ ᠯᠠᠪᠰᠢᠷᠠᠭᠤᠯᠤᠨ ᠠᠰᠠᠭᠤᠪᠠ᠃
     《ᠤᠳᠤ ᠲᠦᠷᠬᠡᠨ᠎ᠤ ᠵᠠᠰᠠᠮᠠᠯ ᠵᠠᠮ ᠨᠡᠪᠳᠡᠷᠡᠵᠥ᠂ ᠲᠦᠷᠬᠡᠨ᠎ᠤ ᠲᠡᠮᠤᠷ ᠵᠠᠮ᠎ᠢ ᠴᠦ᠍ ᠪᠠᠢ᠍ᠢ᠍ᠭᠤᠯᠵᠥ

ᠪᠠᠢ᠍ᠢ᠍ᠨ᠎ᠠ》᠃
     《ᠴᠦᠩᠴᠢᠩ᠎ᠤᠨ ᠵᠢᠭᠤᠯᠴᠢᠯᠠᠯ᠎ᠤᠨ ᠡᠬᠢ ᠪᠠᠶᠠᠯᠢᠭ ᠮᠠᠰᠢ ᠡᠯᠪᠡᠭ ᠶᠤᠮ᠃ ᠦᠩᠭᠡᠷᠡᠭᠰᠡᠡ᠎ᠤ ᠮᠠᠰᠢ ᠤᠯᠠᠨ 〈ᠶᠠᠳᠠᠭᠤ ᠰᠢᠶᠠᠩ〉 ᠤᠳᠤ ᠨᠢᠬᠡᠨᠳᠡ 〈ᠬᠦᠮᠥᠨ᠎ᠤ ᠤᠷᠴᠢᠯᠠᠩ᠎ᠤᠨ ᠠᠷᠰᠢ ᠵᠢᠨ ᠤᠷᠤᠨ〉 ᠪᠤᠯᠪᠡ᠂ ᠡᠬᠦᠨ᠎ᠳᠤ ᠵᠠᠮ ᠬᠠᠷᠢᠯᠴᠠᠭ᠎ᠠ ᠵᠡᠷᠬᠡ ᠰᠠᠭᠤᠷᠢ ᠲᠦᠬᠦᠬᠡᠷᠤᠮᠵᠢ ᠵᠢᠨ ᠪᠦᠳᠦᠬᠡᠨ ᠪᠠᠢ᠍ᠢ᠍ᠭᠤᠯᠤᠯᠳᠠ ᠲᠤᠩ ᠴᠢᠬᠤᠯᠠ ᠶᠤᠮ》᠃
      ᠦᠪᠤᠷ ᠮᠤᠩᠭᠤᠯ᠎ᠤᠨ ᠲᠦᠯᠥᠬᠡᠯᠡᠭᠴᠢᠳ᠎ᠤᠨ ᠪᠦᠯᠬᠦᠮ᠎ᠳᠤ᠂ ᠤᠯᠠᠭ᠋ᠠᠨᠴᠠᠪ ᠬᠤᠳᠠ ᠵᠢᠨ ᠲᠠᠷᠤᠭ᠎ᠠ ᠹᠸᠢ ᠳ᠋ᠦᠩ ᠪᠢᠨ ᠲᠦᠯᠦᠭᠡᠯᠡᠭᠴᠢ᠂ ᠶᠠᠳᠠᠭᠤ᠎ᠠᠴᠠ ᠠᠩᠬᠢᠵᠢᠷᠠᠭᠰᠠᠠ᠎ᠤ ᠲᠠᠷᠠᠭ᠎ᠠ᠂ ᠡᠪᠡᠳᠴᠢᠨ᠎ᠠᠴᠠ ᠪᠤᠯᠵᠤ ᠶᠠᠳᠠᠭᠤᠷᠠᠬᠤ ᠲᠠᠬᠢᠨ ᠶᠠᠳᠠᠭᠤᠷᠠᠬᠤ ᠬᠠᠷᠢᠴᠠᠯ ᠮᠥᠨ ᠨᠡᠯᠢᠶᠡᠳ ᠦᠨᠳᠤᠷ ᠪᠠᠢ᠍ᠢ᠍ᠨ᠎ᠠ ᠬᠡᠵᠥ ᠬᠡᠯᠡᠪᠡ᠃ ᠶᠡᠷᠤᠩᠬᠡᠢ ᠱᠦᠵᠢ ᠰᠢ ᠵᠢᠨ ᠫᠢᠩ ᠡᠬᠦᠰᠬᠦ ᠨᠤᠷᠮ᠎ᠡ᠎ᠪᠠᠷ ᠦᠨᠳᠤᠷ ᠪᠠᠢ᠍ᠢ᠍ᠭ᠎ᠠ ᠪᠤᠲᠠᠲᠠᠢ ᠡᠪᠡᠳᠴᠢᠨ ᠡᠮᠬᠡᠭ᠎ᠨᠢ ᠴᠤᠬᠤᠮ ᠶᠠᠭᠤ ᠪᠤᠯᠬᠤ ᠵᠢ ᠯᠠᠪᠯᠠᠨ ᠠᠰᠠᠭᠤᠭᠰᠠᠠ ᠪᠦᠬᠡᠳ ᠠᠵᠢᠯ ᠵᠶ᠋ᠠᠨ ᠦᠷᠬᠦᠯᠵᠢᠯᠡᠨ ᠨᠠᠷᠢᠯᠢᠭ ᠬᠢᠵᠥ ᠪᠤᠳᠠᠳᠠᠢ ᠬᠢᠬᠦ ᠬᠡᠷᠡᠭᠳᠡᠢ ᠬᠡᠵᠥ ᠵᠠᠬᠢᠪᠠ᠃
     — ᠭᠤᠤᠯᠳᠠᠯᠭ᠎ᠠ᠎ᠲᠠᠢ ᠵᠦᠢ᠍ᠯ᠎ᠳᠤ ᠠᠩᠬᠠᠷᠤᠯ ᠵᠶ᠋ᠠᠨ ᠲᠦᠪᠯᠡᠷᠡᠬᠦᠯᠵᠥ᠂ ᠰᠢᠨ᠎ᠡ ᠵᠢ ᠡᠬᠦᠳᠬᠦ ᠰᠡᠳᠬᠢᠴᠡ᠎ᠪᠠᠷ ᠠᠵᠢᠯ ᠤᠯᠭᠤᠯᠳᠠ ᠬᠡᠬᠦ ᠡᠨᠡ ᠬᠦ᠌ ᠬᠠᠮᠤᠭ᠎ᠤᠨ ᠶᠡᠬᠡ ᠠᠷᠠᠳ᠎ᠤᠨ ᠠᠮᠢᠳᠤᠷᠠᠯ᠎ᠢ ᠠᠰᠠᠭᠤᠳᠠᠯ᠎ᠢ ᠰᠠᠢ᠍ᠢ᠍ᠳᠤᠷ ᠰᠢᠳᠪᠤᠷᠢᠯᠡᠬᠦ ᠬᠡᠷᠡᠭᠲᠡᠢ᠃
     《ᠬᠢᠵᠢᠭ᠎ᠤᠨ ᠪᠠᠢ᠍ᠢ᠍ᠲᠠᠯ᠎ᠤᠨ ᠡᠬᠢᠨ᠎ᠤ ᠬᠤᠭᠤᠴᠠᠭ᠋ᠠᠨ᠎ᠳᠤ᠂ ᠮᠠᠰᠢ ᠤᠯᠠᠨ ᠬᠦᠯᠥᠰᠦᠨ ᠲᠠᠷᠢᠶᠠᠴᠢᠨ ᠬᠡᠷ᠎ᠲᠡᠭᠡᠨ ᠬᠢᠬᠦ ᠠᠵᠤ ᠦᠭᠡᠢ ᠵᠦᠭᠡᠷ ᠰᠠᠭᠤᠭ᠋ᠠᠳ ᠲᠡᠰᠬᠦ ᠠᠯᠲᠠᠷᠠᠵᠤ ᠪᠠᠢ᠍ᠢ᠍ᠪᠠ᠃ ᠬᠢᠵᠢᠭ᠎ᠤᠨ ᠪᠠᠢ᠍ᠢ᠍ᠳᠠᠯ ᠪᠠᠭ᠎ᠠ ᠨᠠᠮᠳᠠᠭᠰᠠᠠ᠎ᠤ ᠲᠠᠷᠠᠭ᠎ᠠ᠂ ᠮᠠᠨ᠎ᠤ ᠨᠠᠮ᠎ᠤᠨ ᠡᠬᠦᠷ᠎ᠤᠨ᠎ᠬᠢᠨ ᠪᠠᠷᠢᠨ ᠬᠦᠮᠥᠨ ᠬᠡᠷᠡᠭᠯᠡᠬᠦ ᠨᠢᠬᠡᠴᠢ᠎ᠲᠠᠢ ᠬᠠᠷᠢᠯᠴᠠᠵᠤ ᠵᠤᠬᠢᠴᠠᠭᠤᠯᠤᠨ ᠵᠤᠯᠭ᠋ᠠᠭᠤᠯᠵᠥ᠂ ᠤᠯᠠᠨ᠎ᠢ ᠬᠠᠪᠰᠤᠷᠤᠨ ᠠᠮᠤᠷ ᠲᠦᠪᠰᠢᠨ ᠵᠶ᠋ᠠᠷ ᠲᠤᠩ ᠲᠦᠷᠭᠡᠨ ᠵᠶ᠋ᠠᠷ ᠠᠵᠢᠯ᠎ᠢ᠎ᠨᠢ ᠰᠡᠷᠬᠦᠬᠡᠭᠰᠡᠡ ᠪᠠᠢ᠍ᠢ᠍ᠨ᠎ᠠ》᠃
      ᠦᠪᠤᠷ ᠮᠤᠩᠭᠤᠯ᠎ᠤᠨ ᠲᠦᠯᠥᠬᠡᠯᠡᠭᠴᠢᠳ᠎ᠤᠨ ᠪᠦᠯᠬᠦᠮ᠎ᠳᠤ᠂ ᠤᠯᠠᠭ᠋ᠠᠨᠬᠠᠳᠠ ᠬᠤᠳᠠ ᠵᠢᠨ ᠠᠤᠬᠠᠨ ᠬᠤᠰᠢᠭᠤᠨ᠎ᠤ ᠪᠡᠭᠡᠵᠢᠩ᠎ᠳᠤ ᠰᠠᠭᠤᠭ᠎ᠠ ᠨᠡᠬᠦᠳᠡᠯ ᠨᠠᠮ᠎ᠤᠨ ᠡᠬᠦᠷ᠎ᠤᠨ ᠱᠦᠵᠢ ᠰᠢᠤᠸᠠᠢ ᡁᠢ ᠬᠦᠸᠸ

ᠲᠦᠯᠥᠬᠡᠯᠡᠭᠴᠢ᠂ ᠶᠡᠷᠤᠩᠬᠡᠢ ᠱᠦᠵᠢ᠎ᠳᠤ ᠨᠠᠮ᠎ᠤᠨ ᠵᠤᠬᠢᠶᠠᠨ ᠪᠠᠢ᠍ᠢ᠍ᠭᠤᠯᠤᠯᠳᠠ ᠵᠢᠨ ᠦᠢ᠍ᠯᠡᠳᠦᠯ᠎ᠢ ᠪᠠᠳᠠᠷᠠᠭᠤᠯᠬᠤ᠎ᠪᠠᠷ ᠲᠠᠮᠵᠢᠨ ᠬᠦᠯᠥᠰᠦᠨ ᠲᠠᠷᠢᠶᠠᠴᠢᠨ᠎ᠢ ᠬᠠᠪᠰᠤᠷᠴᠤ ᠤᠨᠳᠤᠤ ᠭᠠᠵᠠᠷ ᠰᠢᠯᠵᠢᠬᠦᠯᠦᠨ ᠠᠵᠢᠯ ᠤᠯᠭᠤᠬᠰᠠᠠ ᠪᠠᠢ᠍ᠢ᠍ᠳᠠᠯ ᠵᠶ᠋ᠠᠨ ᠬᠠᠷᠢᠭᠤ ᠮᠡᠳᠡᠬᠦᠯᠪᠡ᠃
     《ᠤᠳᠤ ᠪᠦᠬᠦᠳᠡᠬᠡᠷ ᠵᠶ᠋ᠠᠨ ᠬᠠᠷᠢᠭ᠋ᠠᠳ ᠢᠷᠡᠭᠰᠡᠡ ᠤᠤ?》 ᠬᠡᠵᠥ ᠶᠡᠷᠤᠩᠬᠡᠢ ᠱᠦᠵᠢ ᠠᠰᠠᠭᠤᠪᠠ᠃
     《ᠶᠢᠰᠦᠨ ᠬᠤᠪᠢ᠎ᠨᠢ ᠪᠦᠷ ᠪᠡᠭᠡᠵᠢᠩ᠎ᠳᠤ ᠪᠤᠴᠠᠵᠥ ᠢᠷᠡᠬᠡᠳ ᠠᠵᠢᠯ ᠵᠶ᠋ᠠᠨ ᠰᠡᠷᠬᠦᠬᠡᠵᠡᠢ》᠃
     《ᠬᠡᠷᠪᠡ ᠬᠡᠷ᠎ᠤᠨ ᠵᠶ᠋ᠠᠨ ᠪᠠᠢ᠍ᠢ᠍ᠭ᠎ᠠ ᠭᠠᠵᠠᠷ᠎ᠲᠤ ᠠᠵᠢᠯ ᠤᠯᠪᠠᠯ᠂ ᠶᠠᠮᠠᠷ ᠠᠵᠢᠯ ᠬᠢᠬᠦ ᠪᠤᠢ?》
     《ᠮᠠᠨ᠎ᠤ ᠠᠤᠬᠠᠨ᠎ᠤ ᠨᠠᠷᠢᠮᠤ᠂ ᠰᠠᠭ᠋ᠠᠭ᠎ᠤᠨ ᠭᠤᠯᠢᠷ ᠶᠡᠬᠡ ᠰᠠᠢ᠍ᠢ᠍ᠨ᠂ ᠨᠤᠳᠤᠭ᠎ᠤᠨ ᠠᠬ᠎ᠠ ᠲᠡᠬᠦᠤ ᠨᠡᠷ ᠲᠠᠷᠢᠵᠥ ᠲᠡᠵᠢᠬᠡᠬᠦ ᠬᠤᠷᠰᠢᠶ᠎ᠠ᠎ᠳᠤ ᠤᠷᠤᠵᠥ ᠪᠤᠯᠤᠨ᠎ᠠ》᠃
      ᠰᠢᠤᠸᠠᠢ ᡁᠢ ᠬᠦᠸᠸ ᠵᠢᠨ ᠬᠠᠷᠢᠭᠤᠯᠬᠤ ᠵᠢ ᠰᠤᠨᠤᠰᠤᠭ᠋ᠠᠳ ᠶᠡᠷᠤᠩᠬᠡᠢ ᠱᠦᠵᠢ ᠲᠤᠯᠤᠭ᠋ᠠᠢ ᠲᠤᠬᠢᠵᠥ

ᠪᠠᠢ᠍ᠢ᠍ᠯ᠎ᠠ᠃
      ᠶᠡᠷᠦᠩᠬᠡᠶ ᠱᠦᠵᠢ᠄ 《ᠬᠢᠵᠢᠭ᠎ᠤᠨ ᠪᠠᠢ᠍ᠢ᠍ᠳᠠᠯ᠎ᠤᠨ ᠨᠥᠯᠥᠭᠡ᠎ᠠᠴᠠ ᠪᠣᠯᠵᠤ᠂ ᠡᠨᠡ ᠵᠢᠯ᠎ᠤᠨ ᠠᠵᠢᠯ ᠣᠯᠭᠣᠯᠲᠠ ᠵᠢ ᠲᠣᠭᠲᠠᠪᠤᠷᠢᠵᠢᠭᠤᠯᠬᠤ ᠡᠭᠦᠷᠭᠡ ᠮᠠᠰᠢ ᠬᠦᠨᠳᠦ ᠪᠠᠢ᠍ᠢ᠍ᠭ᠎ᠠ ᠶᠤᠮ᠂ ᠶᠡᠬᠡ ᠳᠡᠭᠡᠳᠦ ᠰᠤᠷᠭ᠋ᠠᠭᠤᠯᠢ ᠲᠡᠭᠦᠰᠦᠭᠰᠡᠳ᠂ ᠬᠥᠯᠥᠰᠥᠨ ᠳᠠᠷᠢᠶᠠᠴᠢᠨ᠂ ᠴᠡᠷᠢᠭ᠎ᠠᠴᠠ ᠬᠠᠯᠠᠭᠳᠠᠭᠰᠠᠳ ᠵᠡᠷᠭᠡ ᠭᠣᠤᠯᠳᠠᠯᠭ᠎ᠠ᠎ᠲᠠᠢ ᠬᠥᠮᠦᠰ᠎ᠲᠤ ᠠᠵᠢᠯ ᠣᠯᠭᠣᠬᠤ ᠠᠵᠢᠯ᠎ᠢ ᠰᠠᠶ᠋ᠢᠲᠤᠷ ᠬᠢᠬᠦ ᠬᠡᠷᠡᠭᠲᠡᠶ》 ᠬᠡᠵᠥ ᠤᠯᠠᠮ ᠴᠢᠨᠠᠬᠰᠢᠳᠠ ᠴᠢᠬᠤᠯᠠᠴᠢᠯᠠᠪᠠ᠃
      ᠬᠢᠵᠢᠭ᠎ᠤᠨ ᠪᠠᠶ᠋ᠢᠳᠠᠯ᠎ᠢ ᠰᠡᠷᠭᠡᠶ᠋ᠢᠯᠡᠨ ᠡᠵᠡᠮᠳᠡᠬᠦ ᠵᠢ ᠪᠠᠢ᠍ᠢ᠍ᠨᠭ᠌ᠭᠤᠵᠢᠭᠤᠯᠤᠬᠰᠠᠨ ᠪᠠᠶ᠋ᠢᠳᠠᠯ ᠳᠣᠣᠷ᠎ᠠ᠂ ᠠᠵᠢᠯ ᠣᠯᠭᠣᠯᠲᠠ ᠵᠢᠨ ᠠᠰᠠᠭᠤᠳᠠᠯ᠎ᠢ ᠰᠢᠢ᠍ᠳᠪᠦᠷᠢᠯᠡᠬᠦ᠎ᠳᠤ ᠪᠠᠰᠠ ᠪᠠᠢ᠍ᠢ᠍ᠳᠠᠯ᠎ᠳᠤᠨᠢ ᠲᠤᠬᠢᠷᠠᠭᠤᠯᠤᠨ ᠴᠢᠳᠠᠮᠠᠭ᠋ᠠᠢ᠎ᠪᠠᠷ ᠵᠢᠯᠣᠭᠣᠳᠴᠤ᠂ ᠠᠶᠤᠯ ᠲᠦᠭᠰᠢᠭᠦᠷᠢ ᠵᠢ ᠠᠵᠠ ᠲᠣᠬᠢᠶᠠᠯ ᠪᠣᠯᠭ᠋ᠠᠬᠤ ᠬᠡᠷᠡᠭᠲᠡᠢ᠃
     《ᠡᠨᠡ ᠵᠢᠯ᠎ᠤᠨ 1 ᠰᠠᠷ᠎ᠠ ᠵᠢᠨ 20᠎ᠠᠴᠠ 3 ᠰᠠᠷ᠎ᠠ ᠵᠢᠨ 30᠎ᠤ ᠡᠳᠦᠷ ᠪᠣᠯᠲᠠᠯ᠎ᠠ᠂ ᠮᠸᠢ ᠲᠤᠸᠠᠨ᠎ᠤ ᠰᠢᠨ᠎ᠡ ᠳᠠᠩᠰᠠᠯᠠᠭᠤᠯᠤᠭᠰᠠᠨ ᠬᠤᠭᠤᠯᠠ ᠬᠦᠷᠬᠡᠭᠴᠢ 45.78 ᠲᠦᠮᠡᠨ ᠬᠥᠮᠦᠨ᠎ᠳᠤ ᠬᠦᠷᠴᠦ᠂ ᠲᠤᠰ ᠲᠠᠪᠴᠠᠩ᠎ᠤᠨ ᠬᠤᠭᠤᠯᠠ ᠬᠦᠷᠬᠡᠭᠴᠢ ᠵᠢᠨ ᠳᠤᠳᠤᠷᠠᠬᠢ 25.7 ᠲᠦᠮᠡᠨ ᠬᠦᠮᠦᠨ᠎ᠨᠢ ᠲᠠᠩᠰᠠᠯᠠᠵᠥ   ᠺᠠᠷᠲᠯᠠᠭᠰᠠᠨ ᠶᠠᠳᠠᠭᠤ ᠬᠦᠴᠢᠷᠳᠡᠯᠲᠡᠶ ᠬᠥᠮᠦᠨ ᠠᠮᠠ ᠪᠣᠯᠤᠨ᠎ᠠ; ᠳ᠋ᠢ ᠳ᠋ᠢ ᠰᠦᠯᠵᠢᠶ᠎ᠡ᠎ᠪᠠᠷ ᠪᠤᠯᠵᠤᠬᠤ ᠲᠡᠷᠭᠡ ᠪᠠᠷᠢᠵᠤ ᠪᠠᠢ᠍ᠢ᠍ᠭ᠎ᠠ ᠵᠢᠯᠣᠭᠣᠴᠢ ᠵᠢᠨ ᠬᠠᠭ᠋ᠠᠰ ᠢᠯᠡᠭᠦᠤ᠎ᠨᠢ ᠬᠣᠲᠠ ᠣᠷᠣᠵᠤ ᠠᠵᠢᠯ ᠬᠢᠵᠦ ᠪᠠᠢ᠌ᠭ᠎ᠠ ᠬᠥᠮᠦᠰ ᠪᠤᠯᠤᠨ᠎ᠠ》᠃
      ᠤᠯᠤᠰ ᠲᠥᠷᠥ ᠵᠢᠨ ᠵᠥᠪᠯᠡᠯᠭᠡᠨ᠎ᠤ ᠬᠠᠮᠲᠤᠷᠠᠭᠰᠠᠨ ᠳᠤᠭᠤᠶ᠋ᠢᠯᠠᠩ᠎ᠤᠨ ᠬᠤᠷᠠᠯ ᠳᠡᠭᠡᠷ᠎ᠡ᠂ ᠸᠠᠩ ᠢ ᠮᠢᠩ ᠭᠡᠰᠢᠭᠦᠨ ᠡᠶ᠋ᠢᠮᠦ ᠨᠢᠭᠡ ᠪᠦᠯᠦᠭ ᠲᠣᠭ᠎ᠠ ᠪᠠᠷᠢᠮᠲᠠ᠎ᠪᠠᠷ 《ᠰᠢᠨ᠎ᠡ ᠠᠵᠢᠯ ᠣᠯᠭᠣᠯᠲᠠ ᠵᠢᠨ ᠬᠡᠯᠪᠡᠷᠢ》 ᠵᠢᠨ ᠠᠵᠢᠯ ᠣᠯᠭᠣᠯᠲᠠ ᠵᠢ ᠪᠠᠲᠤᠯᠠᠬᠤ 《ᠤᠰᠤ ᠬᠠᠳᠠᠭ᠋ᠠᠯᠠᠬᠤ ᠴᠥᠭᠥᠷᠥᠮ》 ᠪᠠ ᠠᠷᠠᠳ᠎ᠤᠨ ᠠᠮᠢᠳᠤᠷᠠᠯ᠎ᠤᠨ 《ᠲᠣᠭᠲᠠᠪᠤᠷᠢᠵᠢᠭᠤᠯᠬᠤ ᠪᠠᠭ᠋ᠠᠵᠢ》 ᠵᠢᠨ   ᠦᠢ᠍ᠯᠡᠳᠦᠯ᠎ᠢ ᠭᠡᠷᠡᠴᠢᠯᠡᠵᠦ᠂ ᠬᠣᠯᠪᠣᠭᠳᠠᠯ ᠪᠦᠬᠦᠢ ᠰᠠᠨᠠᠭᠤᠯᠭ᠎ᠠ ᠳᠤᠷᠠᠳᠤᠪᠠ᠃
      ᠶᠡᠷᠦᠩᠬᠡᠶ ᠱᠦᠵᠢ ᠰᠢ ᠵᠢᠨ ᠫᠢᠩ ᠲᠡᠷᠡ ᠳᠠᠷᠤᠶ᠎ᠳᠤᠨᠢ᠄ 《ᠬᠢᠵᠢᠭ᠎ᠤᠨ ᠪᠠᠶ᠋ᠢᠳᠠᠯ ᠭᠡᠨᠡᠳᠲᠡ ᠡᠭᠦᠰᠪᠡ᠂

〈ᠰᠢᠨ᠎ᠡ ᠠᠵᠢᠯ ᠣᠯᠭᠣᠯᠲᠠ ᠵᠢᠨ ᠬᠡᠯᠪᠡᠷᠢ〉 ᠴᠦ᠍ ᠭᠡᠨᠡᠳᠲᠡ᠎ᠪᠠᠷ ᠭᠠᠷᠴᠤ ᠢᠷᠡᠵᠡᠢ᠃ ᠡᠭᠦᠨ᠎ᠳᠤ ᠬᠠᠨᠳᠤᠭᠤᠯᠤᠨ ᠪᠢᠳᠡ ᠪᠠᠶ᠋ᠢᠳᠠᠯ᠎ᠢ᠎ᠲᠠᠭᠠᠨ ᠠᠵᠢᠯᠯᠠᠵᠤ᠂ ᠲᠡᠭᠦᠨ᠎ᠤ ᠠᠶ᠎ᠠ ᠵᠢ᠎ᠨᠢ ᠲᠠᠭ᠋ᠠᠭᠤᠯᠤᠨ ᠬᠦᠭᠵᠢᠬᠦᠯᠵᠤ᠂ ᠤᠨᠴᠠᠯᠠᠭᠲᠠᠨ ᠴᠣᠯᠭᠣᠷᠠᠨ ᠭᠠᠷᠬᠤ᠎ᠳᠤᠨᠢ ᠵᠠᠮ ᠲᠠᠯᠪᠢᠵᠤ ᠦᠭᠭᠦ ᠬᠡᠷᠡᠭᠲᠡᠶ᠃ ᠬᠡᠯᠡᠯᠭᠡᠨ ᠦᠭᠡᠢ 〈ᠰᠢᠨ᠎ᠠ ᠠᠵᠢᠯ ᠣᠯᠭᠣᠯᠲᠠ ᠵᠢᠨ ᠬᠡᠯᠪᠡᠷᠢ〉᠎ᠲᠠᠢ ᠢᠵᠢ ᠪᠦᠷᠢᠳᠦᠭᠰᠡᠨ ᠬᠠᠤᠯᠢ ᠴᠠᠭ᠋ᠠᠵᠠ ᠳᠦᠷᠢᠮ ᠲᠣᠭᠲᠠᠭ᠋ᠠᠯ᠎ᠢ ᠲᠤᠭᠲᠠᠭ᠋ᠠᠵᠤ ᠲᠥᠷᠥ ᠵᠢᠨ ᠪᠣᠳᠣᠯᠭ᠎ᠠ ᠵᠢᠨ ᠠᠷᠭ᠎ᠠ ᠬᠡᠮᠵᠢᠶ᠎ᠡ ᠠᠪᠬᠤ᠎ᠨᠢ ᠴᠦ᠍ ᠣᠷᠣᠶ᠋ᠢᠲᠠᠵᠤ ᠪᠣᠯᠬᠤ ᠦᠭᠡᠢ》 ᠬᠡᠵᠥ ᠬᠡᠯᠡᠪᠡ᠃
     — ᠰᠠᠭᠤᠷᠢ ᠵᠢ ᠪᠠᠲᠤᠳᠬᠠᠨ ᠦᠨᠳᠦᠰᠦ ᠵᠢ ᠪᠡᠬᠢᠵᠢᠭᠦᠯᠵᠦ᠂ ᠤᠷᠳᠤ ᠬᠤᠭᠤᠴᠠᠭ᠋ᠠᠨ᠎ᠤ ᠪᠦᠲᠦᠮᠵᠢᠲᠡᠢ ᠠᠯᠤᠰ ᠬᠡᠳᠤ ᠵᠢᠨ ᠲᠣᠭᠲᠠᠴᠠ ᠵᠢ ᠪᠠᠶ᠋ᠢᠭᠤᠯᠬᠤ ᠵᠢ ᠨᠡᠩ ᠴᠢᠬᠤᠯᠠᠴᠢᠯᠠᠬᠤ ᠬᠡᠷᠡᠭᠲᠡᠢ᠃
      ᠬᠤᠪᠸᠢ ᠵᠢᠨ ᠲᠥᠯᠥᠭᠡᠯᠡᠭᠴᠢᠳ᠎ᠤᠨ ᠪᠦᠯᠬᠦᠮ᠎ᠳᠤ᠂ ᠶᠡᠷᠦᠩᠬᠡᠢ ᠱᠦᠵᠢ ᠰᠢ ᠵᠢᠨ ᠫᠢᠩ ᠬᠥᠳᠡᠭᠡ ᠲᠣᠰᠬᠣᠨ᠎ᠤ ᠠᠵᠤ ᠦᠢ᠍ᠯᠡᠰ᠎ᠤᠨ 《ᠴᠢᠰᠤ ᠪᠦᠲᠦᠭᠡᠬᠦ》 ᠦᠢ᠍ᠯᠡᠳᠦᠯ᠎ᠢ ᠬᠠᠯᠠᠮᠵᠢᠯᠠᠵᠤ ᠪᠠᠶ᠋ᠢᠯ᠎ᠠ᠃
      ᠧᠨ ᠱ᠌ᠢ ᠵᠧᠦ ᠵᠢᠨ ᠴᠥᠭᠡᠨ ᠲᠣᠭ᠋ᠠᠲᠤ ᠦᠨᠳᠦᠰᠦᠲᠡᠨ᠎ᠤ ᠲᠠᠷᠢᠶᠠᠴᠢᠨ᠎ᠤ ᠲᠥᠯᠥᠭᠡᠯᠡᠭᠴᠢ ᠰᠦᠩ ᠴᠢᠩ ᠯᠢ ᠲᠤᠬᠠᠢ ᠵᠢᠨ ᠭᠠᠵᠠᠷ᠎ᠤᠨ ᠰᠸᠯᠸᠨ᠎ᠤ ᠠᠵᠤ ᠦᠢ᠍ᠯᠡᠰ᠎ᠤᠨ ᠬᠥᠭᠵᠢᠯᠲᠡ ᠵᠢᠨ ᠪᠠᠶ᠋ᠢᠳᠠᠯ᠎ᠢ ᠶᠠᠷᠢᠭᠰᠠᠠ ᠪᠠᠶ᠋ᠢᠨ᠎ᠠ᠃ ᠶᠡᠷᠦᠩᠬᠡᠶ ᠱᠦᠵᠢ ᠰᠢ ᠵᠢᠨ ᠫᠢᠩ᠄ 《ᠳᠡᠭᠡᠷ᠎ᠡ ᠰᠠᠷ᠎ᠠ ᠰᠠᠶᠢ ᠪᠢ ᠱᠠᠨᠰᠢ᠎ᠳᠤ ᠣᠴᠢᠵᠤ ᠥᠩᠭᠡᠷᠡᠵᠡᠶ᠂ ᠠᠨᠺᠠᠩ᠎ᠤᠨ ᠣᠷᠴᠢᠮ ᠪᠠᠰᠠ ᠰᠧᠯᠧᠨ ᠪᠠᠶᠠᠯᠢᠭ ᠭᠠᠵᠠᠷ ᠶᠤᠮ᠂ ᠲᠠᠨ᠎ᠤ ᠡᠨᠳᠡ ᠪᠠᠰᠠ ᠰᠧᠯᠧᠨ ᠪᠠᠶᠠᠯᠢᠭ ᠭᠠᠵᠠᠷ ᠪᠣᠯᠤᠨ᠎ᠠ᠂ ᠡᠨᠡ ᠬᠦ᠌ ᠡᠷᠬᠢᠮ ᠨᠠᠨᠳᠢᠨ ᠡᠬᠢ ᠪᠠᠶᠠᠯᠢᠭ᠎ᠢ ᠰᠠᠶ᠋ᠢᠲᠤᠷ ᠠᠰᠢᠬᠯᠠᠵᠤ᠂ ᠲᠡᠭᠦᠨ᠎ᠢ ᠰᠧᠯᠧᠨ᠎ᠤ ᠠᠵᠤ ᠦᠶᠯᠡᠰ ᠪᠣᠯᠭ᠋ᠠᠨ ᠬᠤᠪᠢᠷᠠᠭᠤᠯᠬᠤ ᠬᠡᠷᠡᠭᠲᠡᠶ》 ᠬᠡᠵᠥ ᠵᠤᠷᠢᠬ᠍ᠵᠢᠭᠤᠯᠪᠠ᠃
      ᠠᠷᠠᠳ ᠢᠷᠭᠡᠳ ᠠᠮᠤ ᠪᠤᠳᠠᠭ᠎ᠠ᠎ᠪᠠᠷ ᠠᠮᠢ ᠭᠣᠣᠯ ᠵᠶ᠋ᠠᠨ ᠪᠣᠯᠭ᠋ᠠᠮᠤᠢ᠃ ᠤᠯᠤᠰ ᠲᠥᠷᠥ ᠵᠢᠨ ᠵᠥᠪᠯᠡᠯᠭᠡᠨ᠎ᠤ ᠬᠠᠮᠲᠤᠷᠠᠭᠰᠠᠨ ᠳᠤᠭᠤᠶ᠋ᠢᠯᠠᠩ᠎ᠤᠨ ᠬᠤᠷᠠᠯ ᠳᠡᠭᠡᠷ᠎ᠡ᠂ ᠶᠡᠷᠦᠩᠬᠡᠢ ᠱᠦᠵᠢ ᠰᠢ ᠵᠢᠨ ᠫᠢᠩ ᠦᠪᠡᠷ᠎ᠤᠨ ᠵᠶ᠋ᠠᠨ ᠠᠵᠢᠯ᠎ᠤᠨ ᠦᠩᠬᠡᠷᠡᠯᠳᠡ᠎ᠲᠠᠢ᠎ᠪᠠᠨ ᠤᠶᠠᠯᠳᠤᠭᠤᠯᠤᠨ 《ᠠᠮᠤ ᠬᠦᠨᠡᠰᠤ》 《ᠬᠤᠯᠢᠰᠢᠨ ᠢᠳᠡᠬᠡᠨ》᠎ᠤ ᠴᠢᠬᠤᠯᠠ ᠴᠢᠨᠠᠷ᠎ᠢ ᠴᠢᠬᠤᠯᠠᠴᠢᠯᠠᠪᠠ᠄ 《ᠪᠢ ᠹᠦᠵᠧᠦ᠎ᠳᠤ ᠬᠤᠳᠠ ᠵᠢᠨ ᠤᠳᠤᠷᠢᠳᠤᠯᠭ᠎ᠠ ᠪᠠᠶ᠋ᠢᠬᠤ᠎ᠳᠠᠭᠠᠨ 〈ᠬᠤᠯᠢᠰᠢᠨ ᠢᠳᠡᠬᠡᠨ〉᠎ᠢ ᠰᠠᠶ᠋ᠢᠲᠤᠷ ᠬᠢᠬᠦ ᠵᠢ ᠲᠡᠷᠢᠭᠦᠨ ᠴᠢᠬᠤᠯᠠ ᠶᠠᠪᠤᠳᠠᠯ ᠪᠣᠯᠭ᠋ᠠᠪᠠ᠃ ᠹᠦᠵᠧᠦ ᠵᠢᠨ ᠬᠥᠮᠦᠰ 〈ᠭᠤᠷᠪᠠᠨ ᠡᠳᠦᠷ ᠨᠤᠭᠤᠭ᠎ᠠ ᠣᠯᠵᠤ ᠦᠵᠡᠬᠦ ᠦᠭᠡᠢ ᠪᠣᠯ ᠨᠢᠳᠦ ᠬᠠᠷᠠᠯᠠᠨ᠎ᠠ〉 ᠬᠡᠵᠤ ᠬᠡᠯᠡᠳᠡᠭ᠂ ᠰᠢᠨ᠎ᠡ ᠰᠣᠷᠭᠣᠭ ᠨᠣᠭᠣᠭ᠎ᠠ ᠢᠳᠡᠨ᠎ᠡ᠂ ᠬᠦᠬᠡ ᠨᠤᠭᠤᠭ᠎ᠠ ᠢᠳᠡᠨ᠎ᠡ᠃ ᠨᠣᠭᠣᠭ᠎ᠠ ᠦᠭᠡᠢ ᠪᠠᠶ᠋ᠢᠵᠤ ᠪᠣᠯᠬᠤ ᠦᠭᠡᠢ᠂ ᠨᠠᠩ ᠴᠤ᠌ ᠨᠣᠭᠣᠭ᠎ᠠ ᠵᠢᠨ ᠦᠨ᠎ᠡ ᠬᠡᠳᠦ ᠦᠨᠳᠤᠷ ᠪᠠᠢ᠍ᠢ᠍ᠵᠥ ᠪᠣᠯᠬᠤ ᠦᠭᠡᠢ᠃ ᠤᠳᠦ ᠵᠢᠨ ᠬᠤᠳᠠ ᠵᠢᠨ ᠳᠠᠷᠤᠭ᠎ᠠ ᠮᠥᠨ ᠯᠡ ᠡᠶ᠋ᠢᠮᠦ ᠤᠬᠠᠮᠰᠠᠷ᠎ᠲᠠᠢ ᠪᠠᠶ᠋ᠢᠬᠤ ᠬᠡᠷᠡᠭᠲᠡᠢ》᠃ 《ᠠᠳᠬᠤᠨ᠎ᠳᠠᠭᠠᠨ ᠠᠮᠤ ᠪᠤᠳᠠᠭ᠎ᠠ᠎ᠲᠠᠢ ᠪᠤᠯ ᠰᠠᠨᠲᠤᠷᠴᠤ ᠵᠤᠪᠠᠬᠤ ᠶᠠᠪᠤᠲᠠᠯ ᠦᠭᠡᠢ ᠬᠡᠭᠴᠢ ᠬᠡᠵᠢᠶ᠎ᠡ ᠴᠦ᠍ ᠭᠡᠰᠡᠨ ᠪᠦᠷ ᠦᠨᠡᠨ ᠶᠣᠰᠣ ᠮᠥᠨ》 ᠬᠡᠪᠡ᠃
      ᠥᠪᠥᠷ ᠮᠣᠩᠭᠣᠯ᠎ᠤᠨ ᠲᠥᠯᠥᠭᠡᠯᠡᠭᠴᠢᠳ᠎ᠤᠨ ᠪᠦᠯᠬᠦᠮ᠎ᠳᠤ᠂ ᠰᠢᠯᠢ ᠵᠢᠨ ᠭᠣᠤᠯ ᠠᠶ᠋ᠢᠮᠠᠭ᠎ᠤᠨ ᠳᠠᠷᠤᠭ᠎ᠠ ᠾᠦᠸᠸ ᠵᠣᠣ ᠯᠢᠶᠠᠩ ᠲᠥᠯᠥᠭᠡᠯᠡᠭᠴᠢ ᠲᠡᠳᠡᠨ᠎ᠤ ᠠᠮᠢ ᠠᠬᠤᠶ ᠵᠢ ᠤᠷᠢᠳ ᠵᠶ᠋ᠠᠷ ᠪᠣᠳᠣᠯᠬᠢᠯᠠᠬᠤ᠂ ᠪᠣᠬᠢᠷᠲᠤᠯ ᠥᠬᠡᠶ ᠬᠥᠭᠵᠢᠯᠲᠡ ᠵᠢ ᠪᠠᠷᠢᠮᠲᠠᠯᠠᠵᠤ᠂ ᠪᠥᠬᠥ ᠠᠶ᠋ᠢᠮᠠᠭ᠎ᠤᠨ 60%᠎ᠠᠴᠠ ᠳᠡᠭᠡᠭᠰᠢᠬᠢ ᠣᠷᠣᠨ ᠪᠦᠰᠡ ᠵᠢ ᠠᠮᠢ ᠠᠬᠤᠶ ᠵᠢᠨ ᠬᠠᠮᠠᠭ᠋ᠠᠯᠠᠯᠲᠠ ᠵᠢᠨ ᠤᠯᠠᠭ᠋ᠠᠨ ᠱᠤᠭᠤᠮ᠎ᠳᠤ ᠣᠷᠣᠭᠤᠯᠵᠤ᠂ ᠲᠠᠯ᠎ᠠ ᠨᠤᠲᠤᠭ᠎ᠲᠤ ᠰᠢᠨ᠎ᠡ᠎ᠪᠠᠷ ᠠᠭᠤᠷᠬᠠᠶ ᠨᠡᠭᠡᠭᠡᠬᠦ ᠲᠥᠷᠥᠯ ᠵᠦᠢ᠍ᠯ᠎ᠢ ᠤᠷᠤᠭᠤᠯᠬᠤ ᠦᠬᠡᠢ ᠪᠤᠯᠵᠠᠢ ᠬᠡᠪᠡ᠃
      ᠡᠭᠦᠨ᠎ᠢ ᠶᠡᠷᠦᠩᠬᠡᠶ ᠱᠦᠵᠢ ᠰᠢ ᠵᠢᠨ ᠫᠢᠩ ᠨᠤᠳᠠᠯᠠᠬᠰᠠᠨ ᠪᠦᠬᠡᠳ ᠳᠤᠳᠤᠷᠬᠠᠢ ᠵᠢᠭ᠋ᠠᠪᠤᠷᠢ ᠦᠭᠴᠤ᠄

《ᠲᠠᠯ᠎ᠠ ᠨᠤᠲᠤᠭ ᠵᠶ᠋ᠠᠨ ᠳᠡᠷᠡ ᠬᠡᠪ ᠵᠶ᠋ᠠᠷ᠎ᠨᠢ ᠦᠯᠡᠳᠡᠬᠡ᠂ ᠦᠷ᠎ᠡ ᠬᠣᠶ᠋ᠢᠴᠢᠰ᠎ᠲᠤ ᠦᠪ ᠪᠤᠯᠬᠤ ᠶᠤᠮ》 ᠬᠡᠪᠡ᠃
      ᠶᠡᠷᠦᠩᠬᠡᠢ ᠱᠦᠵᠢ᠄ 《ᠠᠮᠢ ᠠᠬᠤᠢ ᠣᠷᠴᠢᠨ ᠲᠣᠭᠣᠷᠢᠨ᠎ᠤ ᠬᠠᠮᠠᠭ᠋ᠠᠯᠠᠯᠲᠠ ᠪᠣᠯ ᠠᠷᠠᠳ ᠲᠦᠮᠡᠨ᠎ᠳᠤ ᠪᠤᠶᠠᠨ ᠦᠢ᠍ᠯᠡᠳᠬᠦ ᠵᠠᠭᠤᠨ ᠵᠢᠯ᠎ᠤᠨ ᠶᠡᠬᠡ ᠪᠤᠳᠤᠯᠭ᠎ᠠ ᠮᠥᠨ᠃ ᠠᠮᠢ ᠠᠬᠤᠢ ᠵᠢᠨ ᠪᠣᠯᠪᠠᠰᠤᠨ᠎ᠤ ᠪᠠᠶ᠋ᠢᠭᠤᠯᠤᠯᠲᠠ ᠵᠢ ᠴᠢᠩᠭ᠋ᠠᠳᠬᠠᠬᠤ ᠪᠠᠶ᠋ᠢᠯᠳᠤᠬᠤ ᠪᠣᠳᠣᠯᠭ᠎ᠠ ᠵᠢᠨ ᠲᠣᠭᠲᠠᠯ ᠬᠦᠴᠦᠨ᠎ᠢ ᠪᠠᠲᠤᠯᠠᠵᠤ᠂ ᠠᠮᠢ ᠠᠬᠤᠶ ᠵᠢ ᠤᠷᠢᠳ ᠵᠶ᠋ᠠᠷ ᠪᠣᠳᠣᠯᠬᠢᠯᠠᠬᠤ᠂ ᠪᠣᠬᠢᠷᠲᠤᠯ ᠥᠬᠡᠶ ᠬᠥᠭᠵᠢᠯᠳᠡ᠎ᠪᠠᠷ ᠤᠳᠤᠷᠢᠳᠤᠮᠵᠢ ᠪᠤᠯᠭ᠋ᠠᠬᠤ ᠵᠢ ᠪᠠᠲᠤ ᠪᠠᠷᠢᠮᠲᠠᠯᠠᠵᠤ᠂ ᠬᠥᠬᠡ ᠣᠭᠲᠠᠷᠭᠤᠶ᠂ ᠬᠥᠬᠡᠮᠳᠦᠭ ᠤᠰᠤ᠂ ᠠᠷᠢᠭᠤᠨ ᠬᠥᠷᠥᠰᠥ ᠵᠢ ᠬᠠᠮᠠᠭ᠋ᠠᠯᠠᠬᠤ ᠳᠠᠶ᠋ᠢᠯᠠᠯᠳᠤᠭ᠋ᠠᠨ᠎ᠢ ᠦᠷᠭᠦᠯᠵᠢᠯᠡᠨ ᠰᠠᠶ᠋ᠢᠲᠤᠷ ᠬᠢᠵᠦ᠂ ᠡᠬᠡ ᠤᠯᠤᠰ᠎ᠤᠨ ᠤᠮᠠᠷᠠᠲᠤ ᠵᠢᠨ ᠡᠨᠡ ᠬᠦ᠌ ᠲᠦᠮᠡᠨ ᠭᠠᠵᠠᠷ᠎ᠤᠨ ᠨᠣᠮᠢᠨ ᠨᠣᠭᠣᠭ᠋ᠠᠨ ᠤᠷᠲᠤ ᠴᠠᠭ᠋ᠠᠨ ᠬᠡᠷᠡᠮ᠎ᠢ ᠨᠠᠩ ᠪᠠᠲᠤ ᠪᠡᠬᠢ ᠪᠠᠶ᠋ᠢᠭᠤᠯᠬᠤ ᠬᠡᠷᠡᠭᠳᠡᠢ》 ᠬᠡᠵᠥ ᠵᠢᠭ᠋ᠠᠵᠥ ᠭᠠᠷᠭ᠋ᠠᠪᠠ᠃
      ᠁
      ᠵᠢᠵᠢᠭ ᠰᠠᠵᠢᠭ ᠶᠠᠪᠤᠳᠠᠯ᠎ᠠᠴᠠ ᠠᠷᠠᠳ ᠲᠦᠮᠡᠨ᠎ᠢ ᠬᠠᠯᠠᠮᠵᠢᠯᠠᠪᠠ᠃
      ᠶᠠᠳᠠᠭᠤ᠎ᠠᠴᠠ ᠠᠩᠭᠢᠵᠢᠷᠠᠭᠤᠯᠬᠤ ᠪᠤᠭᠤᠮᠳᠠ ᠰᠢᠪᠳᠤᠯᠬᠤ ᠳᠠᠢ᠍ᠢ᠍ᠯᠠᠯᠳᠤᠭ᠋ᠠᠨ᠎ᠠᠴᠠ ᠠᠵᠢᠯ ᠤᠯᠭᠤᠯᠳᠠ ᠠᠷᠠᠳ᠎ᠤᠨ ᠠᠮᠢᠳᠤᠷᠠᠯ ᠬᠦᠷᠳᠡᠯ᠎ᠠ᠂ ᠠᠮᠢ ᠠᠬᠤᠢ ᠵᠢᠨ ᠬᠠᠮᠠᠭ᠋ᠠᠯᠠᠯᠳᠠ᠎ᠠᠴᠠ ᠠᠮᠤ ᠪᠤᠳᠠᠭ᠎ᠠ ᠵᠢᠨ ᠠᠮᠤᠷ ᠲᠦᠪᠰᠢᠨ᠎ᠢ ᠪᠠᠲᠤᠯᠠᠬᠤ ᠬᠦᠷᠳᠡᠯ᠎ᠠ᠂ 《ᠵᠢᠷᠭᠤᠭ᠎ᠠ ᠵᠢ ᠲᠤᠭᠳᠠᠪᠤᠷᠢᠵᠢᠭᠤᠯᠬᠤ》 ᠠᠵᠢᠯ᠎ᠠᠴᠠ 《ᠵᠢᠷᠭᠤᠭ᠎ᠠ ᠵᠢ ᠪᠠᠳᠤᠯᠠᠬᠤ》 ᠡᠭᠦᠷᠭᠡ ᠬᠦᠷᠳᠡᠯ᠎ᠠ ᠴᠦᠮ 《ᠬᠠᠮᠳᠦ᠎ᠪᠠᠷ ᠪᠠᠶᠠᠵᠢᠬᠤ᠂ ᠴᠢᠨᠡᠭᠡᠯᠢᠭ ᠨᠡᠢ᠍ᠢ᠍ᠭᠡᠮ᠎ᠢ ᠪᠦᠬᠦ ᠲᠠᠯ᠎ᠠ᠎ᠪᠠᠷ ᠪᠡᠶᠡᠯᠡᠬᠦᠯᠬᠦ》 ᠰᠠᠢ᠍ᠢ᠍ᠨ ᠰᠠᠢ᠍ᠢ᠍ᠬᠠᠨ ᠬᠦᠰᠡᠯ ᠵᠡᠭᠦᠳᠦ ᠵᠢ ᠲᠡᠷᠭᠡᠯᠰᠢᠬᠦᠯᠬᠦ ᠵᠢᠨ ᠲᠦᠯᠦᠭᠡ ᠶᠤᠮ᠃
     《ᠠᠵᠢᠯ ᠶᠠᠪᠤᠲᠠᠯ᠎ᠢ ᠨᠢᠭᠡᠳ ᠨᠢᠭᠡ᠎ᠪᠠᠷ ᠨᠠᠢ᠍ᠢ᠍ᠳᠠᠪᠤᠷᠢᠵᠢᠭᠤᠯᠵᠤ᠂ ᠵᠢᠯ᠎ᠠᠴᠠ ᠵᠢᠯ ᠵᠠᠯᠭ᠋ᠠᠨ ᠬᠢᠵᠤ᠂ ᠴᠢᠷᠮᠠᠢ᠍ᠢ᠍ᠵᠤ ᠪᠠᠢ᠍ᠢ᠍ᠭ᠋ᠠᠳ ᠤᠯᠠᠨ ᠲᠦᠮᠡᠨ᠎ᠳᠤ ᠬᠤᠪᠢᠷᠠᠯᠳᠠ ᠵᠢ ᠤᠯᠵᠤ ᠬᠠᠷᠠᠭᠤᠯᠵᠤ᠂ ᠠᠰᠢᠭ ᠬᠦᠷᠳᠡᠭᠡᠬᠦ ᠬᠡᠷᠡᠭᠳᠠᠢ》 ᠭᠡᠵᠤ ᠶᠡᠷᠦᠩᠬᠡᠢ ᠱᠦᠵᠢ ᠰᠢ ᠵᠢᠨ ᠫᠢᠩ᠎ᠤᠨ   ᠬᠡᠯᠡᠭᠰᠡᠨ ᠦᠭᠡ᠎ᠤᠳ᠎ᠨᠢ ᠳᠤᠮᠳᠠᠳᠤ ᠤᠯᠤᠰ᠎ᠤᠨ ᠡᠪ ᠬᠠᠮᠳᠤᠴᠤᠳ᠎ᠤᠨ ᠤᠭ ᠰᠠᠨᠠᠭ᠎ᠠ ᠡᠭᠦᠷᠭᠡ ᠬᠠᠷᠢᠭᠤᠴᠠᠯᠭ᠎ᠠ ᠪᠤᠯᠤᠨ ᠲᠡᠮᠡᠴᠡᠯ᠎ᠤᠨ ᠵᠠᠩ ᠴᠢᠨᠠᠷ᠎ᠢ ᠳᠤᠰᠬᠠᠵᠠᠢ᠃
      ᠠᠷᠠᠳ ᠲᠦᠮᠡᠨ᠎ᠳᠤ ᠲᠦᠰᠢᠭᠯᠡᠨ᠎ᠡ — 《ᠠᠶᠤᠯ ᠲᠦᠭᠰᠢᠬᠦᠷᠢ ᠵᠢᠨ ᠳᠤᠮᠳᠠ᠎ᠠᠴᠠ ᠰᠢᠨ᠎ᠠ ᠠᠵᠠ ᠳᠤᠬᠢᠶᠠᠯ᠎ᠢ ᠡᠷᠢᠵᠤ᠂ ᠬᠤᠪᠢᠷᠠᠯᠳᠠ ᠳᠤᠮᠳᠠ᠎ᠠᠴᠠ ᠰᠢᠨ᠎ᠠ ᠪᠠᠢ᠍ᠢ᠍ᠳᠠᠯ᠎ᠢ ᠡᠭᠦᠳᠦᠨ᠎ᠡ》
     《ᠪᠢ ᠬᠢᠵᠢᠭ᠎ᠤᠨ ᠪᠠᠢ᠍ᠢ᠍ᠳᠠᠯ᠎ᠤᠨ ᠬᠤᠭᠤᠴᠠᠭ᠋ᠠᠨ᠎ᠳᠤ ᠪᠠᠢ᠍ᠢ᠍ᠴᠠᠭ᠋ᠠᠨ ᠰᠤᠳᠤᠯᠤᠯᠳᠠ ᠬᠢᠭᠡᠳ 7000 ᠰᠢᠬᠠᠮ ᠪᠠᠢ᠍ᠢ᠍ᠴᠠᠭ᠋ᠠᠯᠳᠠ ᠵᠢᠨ ᠬᠠᠭᠤᠳᠠᠰᠤ ᠤᠯᠵᠠᠢ᠂ ᠤᠯᠠᠨ᠎ᠤ ᠳᠤᠰᠬᠠᠭᠰᠠᠨ ᠵᠶ᠋ᠠᠷ ᠠᠷᠠᠳ᠎ᠤᠨ ᠡᠵᠡᠩᠨᠡᠯᠳᠡ ᠵᠢᠨ ᠠᠵᠤ ᠠᠬᠤᠢ᠍ᠢ᠍ᠯᠠᠯ᠎ᠤᠨ ᠬᠦᠭᠵᠢᠯᠳᠡ᠎ᠳᠤ ᠬᠦᠴᠢᠷᠳᠡᠯ ᠲᠤᠯᠭ᠋ᠠᠷᠠᠵᠤ᠂ ᠬᠠᠮᠤᠭ᠎ᠤᠨ ᠳᠤᠪᠤᠢ᠍ᠢ᠍ᠮ᠎ᠠ ᠠᠰᠠᠭᠤᠳᠠᠯ ᠭᠡᠪᠡᠯ ᠠᠷᠠᠳ᠎ᠤᠨ ᠲᠤᠮᠲᠠᠬᠢ ᠪᠡᠯᠡ ᠤᠷᠤᠭᠤᠯᠤᠯᠳᠠ ᠵᠢᠨ ᠨᠡᠮᠡᠭᠳᠡᠯ᠎ᠤᠨ ᠬᠤᠷᠳᠤᠴᠠ ᠪᠠᠭᠤᠷᠠᠵᠤ᠂ ᠠᠵᠢᠯ ᠤᠯᠭᠤᠯᠳᠠ ᠵᠢᠨ ᠪᠠᠢ᠍ᠢ᠍ᠳᠠᠯ ᠴᠤ᠌ ᠵᠤᠬᠢᠬᠤ ᠬᠡᠮᠵᠢᠶ᠎ᠡ᠎ᠪᠠᠷ ᠮᠠᠭᠤᠲᠠᠵᠠᠢ》᠃
      ᠤᠯᠤᠰ ᠲᠦᠷᠦ ᠵᠢᠨ ᠵᠦᠪᠯᠡᠯᠭᠡᠨ᠎ᠤ ᠬᠠᠮᠳᠤᠷᠠᠭᠰᠠᠨ ᠳᠤᠭᠤᠢ᠍ᠢ᠍ᠯᠠᠩ᠎ᠤᠨ ᠬᠤᠷᠠᠯ ᠳᠡᠭᠡᠷ᠎ᠠ᠂ ᠯᠢᠦ ᠶᠦᠩ ᠬᠤᠤ ᠭᠡᠰᠢᠭᠦᠨ᠂ ᠤᠳᠤᠬᠠᠨ᠎ᠳᠤ ᠠᠷᠠᠳ᠎ᠤᠨ ᠡᠵᠡᠩᠨᠡᠯᠳᠡ ᠵᠢᠨ ᠠᠵᠤ ᠠᠬᠤᠢ᠍ᠢ᠍ᠯᠠᠯ ᠤᠨᠴᠠᠭ᠋ᠠᠢ᠍ᠢ᠍ᠯᠠᠨ ᠳᠤᠮᠳᠠ ᠪᠠᠭ᠎ᠠ ᠠᠵᠤ ᠠᠬᠤᠢ᠍ᠢ᠍ᠯᠠᠯ᠎ᠳᠤ 《ᠭᠤᠷᠪᠠᠨ ᠬᠦᠴᠢᠷᠳᠡᠯ》 ᠲᠤᠯᠭ᠋ᠠᠷᠠᠵᠤ ᠪᠠᠢ᠍ᠢ᠍ᠨ᠎ᠠ᠂ ᠲᠤᠬᠠᠢ᠍ᠢ᠍ᠯᠠᠪᠠᠯ ᠦᠢ᠍ᠯᠡᠳᠪᠦᠷᠢᠯᠡᠵᠤ ᠪᠤᠷᠤᠯᠠᠭᠤᠯᠬᠤ᠎ᠳᠤ ᠬᠦᠴᠢᠷ᠂ ᠪᠡᠯᠡ ᠤᠷᠤᠭᠤᠯᠬᠤ᠎ᠳᠤ ᠬᠦᠴᠢᠷ᠂ ᠪᠡᠯᠡᠨ ᠮᠦᠩᠭᠦ ᠪᠤᠯᠭ᠋ᠠᠬᠤ᠎ᠳᠤ ᠬᠦᠴᠢᠷ ᠪᠠᠢ᠍ᠢ᠍ᠬᠤ ᠵᠡᠷᠭᠡ ᠠᠰᠠᠭᠤᠳᠠᠯ ᠪᠤᠯᠤᠨ᠎ᠠ ᠭᠡᠵᠤ ᠳᠤᠰᠬᠠᠵᠠᠢ᠃
      ᠡᠨᠡ ᠭᠤᠷᠪᠠᠨ 《ᠬᠦᠴᠢᠷᠳᠡᠯ》᠎ᠢ ᠰᠤᠨᠤᠰᠤᠭ᠋ᠠᠳ ᠰᠢ ᠵᠢᠨ ᠫᠢᠩ᠄ 《ᠦᠨᠦᠳᠦᠷ᠎ᠤᠨ ᠠᠷᠠᠳ᠎ᠤᠨ ᠡᠵᠡᠩᠨᠡᠯᠳᠡ ᠵᠢᠨ ᠠᠵᠤ ᠠᠬᠤᠢ᠍ᠢ᠍ᠯᠠᠯ ᠳᠤᠮᠳᠠᠳᠤ ᠤᠯᠤᠰ᠎ᠤᠨ ᠬᠦᠰᠡᠯᠡᠩ᠎ᠤᠨ ᠬᠠᠯᠠᠭᠤᠨ ᠬᠦᠷᠦᠰᠦᠨ ᠳᠡᠭᠡᠷ᠎ᠠ ᠤᠷᠭᠤᠪᠠ᠂ ᠭᠡᠳᠡᠯ᠎ᠡ ᠡᠨᠡ ᠬᠦ᠌ ᠬᠠᠯᠠᠭᠤᠨ ᠬᠦᠷᠦᠰᠦ ᠭᠡᠳᠡᠭ᠎ᠨᠢ ᠠᠩᠬ᠎ᠠ ᠡᠬᠢᠯᠡᠬᠦ᠎ᠳᠡᠭᠡᠨ ᠡᠵᠡᠭᠦᠢ ᠬᠡᠬᠡᠷ᠎ᠠ ᠪᠠᠢ᠍ᠢ᠍ᠵᠠᠢ᠃ ᠳᠡᠳᠡ ᠵᠠᠭ᠋ᠠᠭ ᠵᠠᠪᠰᠠᠷ᠎ᠢ ᠡᠷᠢᠨ ᠠᠮᠢ ᠵᠢᠭᠤᠵᠤ᠂ ᠪᠡᠷᠬᠡ ᠪᠠᠷᠳᠠᠭ᠎ᠠ ᠳᠤᠮᠳᠠᠭᠤᠷ ᠵᠠᠮ ᠭᠠᠷᠭ᠋ᠠᠵᠤ ᠶᠠᠪᠤᠭᠰᠠᠭ᠋ᠠᠷ ᠪᠠᠢ᠍ᠢ᠍ᠵᠤ ᠦᠨᠦᠳᠦᠷ᠎ᠲᠤ ᠬᠦᠷᠴᠤ ᠢᠷᠡᠵᠠᠢ᠂ ᠡᠨᠡ ᠬᠦ᠌ ᠶᠠᠪᠤᠴᠠ ᠬᠡᠴᠢᠨᠡᠨ ᠬᠠᠳᠠᠭᠤᠵᠢᠯᠳᠠᠢ ᠪᠤᠢ᠃ ᠦᠨᠦᠳᠦᠷ᠎ᠤᠨ ᠬᠡᠮᠵᠢᠶᠠᠨ᠎ᠳᠤ ᠬᠦᠷᠴᠤ᠂ ᠦᠨᠦᠳᠦᠷ᠎ᠤᠨ ᠬᠤᠪᠢ ᠨᠡᠮᠡᠷᠢ ᠵᠢ ᠦᠵᠡᠭᠦᠯᠵᠤ ᠪᠠᠢ᠍ᠢ᠍ᠬᠤ᠎ᠨᠢ ᠲᠦᠢ᠍ᠯ᠎ᠤᠨ ᠠᠮᠠᠷ ᠦᠭᠡᠢ》 ᠭᠡᠵᠤ ᠬᠡᠯᠡᠨ᠎ᠠ᠃
      ᠢᠩᠭᠢᠵᠤ ᠬᠡᠯᠡᠵᠤ ᠪᠠᠢ᠍ᠢ᠍ᠭᠰᠠᠨ ᠵᠶ᠋ᠠᠨ ᠶᠡᠷᠦᠩᠬᠡᠢ ᠱᠦᠵᠢ᠄ 《ᠠᠷᠠᠳ᠎ᠤᠨ ᠡᠵᠡᠩᠨᠡᠯᠳᠡ ᠵᠢᠨ ᠠᠵᠤ ᠠᠬᠤᠢ᠍ᠢ᠍ᠯᠠᠯ ᠤᠯᠠᠮ ᠴᠢᠨᠠᠭᠰᠢᠳᠠ ᠬᠦᠭᠵᠢᠬᠦ᠎ᠳᠤ ᠮᠦᠨ ᠬᠦ᠌ 〈ᠬᠦᠴᠢᠷᠳᠡᠯ〉᠎ᠤᠨ ᠳᠤᠮᠳᠠ ᠠᠶᠠᠯᠠᠨ᠎ᠠ᠃ ᠭᠦᠨ ᠤᠬᠠᠭ᠋ᠠᠨ᠎ᠤ ᠤᠳᠬ᠎ᠠ ᠤᠴᠢᠷ᠎ᠠᠴᠠ ᠬᠡᠯᠡᠪᠡᠯ᠂ 〈ᠬᠦᠴᠢᠷᠳᠡᠯ〉 ᠪᠤᠯ ᠶᠠᠮᠠᠷᠪᠠ ᠬᠦᠷᠢᠶᠡᠨ᠎ᠤ ᠤᠷᠤᠭᠰᠢᠯᠠᠯᠳᠠ ᠵᠢᠨ ᠵᠠᠮ ᠳᠡᠭᠡᠷᠡᠬᠢ ᠡᠭᠦᠷᠢᠳᠡ ᠵᠢᠨ ᠰᠡᠳᠦᠪ ᠪᠤᠯᠤᠨ᠎ᠠ᠃ ᠤᠳᠤᠬᠠᠨ᠎ᠳᠤ᠂ ᠳᠡᠯᠡᠬᠡᠢ ᠳ᠋ᠠᠬᠢᠨ᠎ᠤ ᠵᠠᠭᠤᠨ ᠵᠢᠯ᠎ᠳᠤ ᠪᠠᠢ᠍ᠢ᠍ᠭ᠎ᠠ ᠦᠭᠡᠢ ᠶᠡᠬᠡ ᠬᠤᠪᠢᠷᠠᠯᠳᠠ ᠵᠢᠨ ᠡᠮᠦᠨ᠎ᠠ᠂ 〈ᠬᠤᠤᠰ ᠵᠠᠭᠤᠨ ᠵᠢᠯ〉᠎ᠤᠨ ᠲᠡᠮᠡᠴᠡᠬᠦ ᠬᠠᠷᠠᠯᠳᠠ ᠵᠢ ᠪᠡᠶᠡᠯᠡᠭᠦᠯᠬᠦ ᠠᠶᠠᠨ ᠵᠠᠮ ᠳᠤᠮᠳᠠ᠂ 〈ᠬᠦᠴᠢᠷᠳᠡᠯ〉᠎ᠨᠢ ᠬᠠᠮᠢᠭ᠎ᠠ ᠪᠤᠯᠭ᠋ᠠᠨ᠎ᠳᠤ ᠤᠷᠤᠰᠢᠵᠤ ᠪᠠᠢ᠍ᠢ᠍ᠳᠠᠭ᠃ ᠭᠠᠭᠴᠠ ᠬᠦ᠌ ᠲᠠᠰᠤᠷᠠᠯᠳᠠ ᠦᠭᠡᠢ ᠰᠦᠪᠡᠭᠴᠢᠯᠡᠵᠤ᠂ ᠲᠠᠰᠤᠷᠠᠯᠳᠠ ᠦᠭᠡᠢ ᠲᠡᠮᠡᠴᠡᠪᠡᠯ ᠰᠠᠶᠢ ᠤᠷᠤᠭᠰᠢᠯᠠᠯᠳᠠ ᠵᠢᠨ ᠳᠤᠮᠳᠠᠬᠢ ᠬᠦᠴᠢᠷᠳᠡᠯ᠎ᠢ ᠲᠠᠰᠤᠷᠠᠯᠳᠠ ᠦᠭᠡᠢ ᠢᠯᠠᠨ ᠳᠠᠪᠠᠵᠤ᠂ ᠰᠢᠨ᠎ᠠ ᠬᠦᠭᠵᠢᠯᠳᠡ ᠵᠢᠨ ᠵᠠᠮ ᠵᠶ᠋ᠠᠷ ᠠᠶᠠᠯᠠᠵᠤ ᠴᠢᠳᠠᠨ᠎ᠠ》 ᠭᠡᠵᠤ ᠬᠡᠯᠡᠪᠡ᠃
     《ᠬᠦᠴᠢᠷᠳᠡᠯ》᠎ᠳᠤ ᠰᠢᠭᠤᠳ ᠬᠠᠨᠳᠤᠬᠤ ᠪᠤᠯ ᠤᠳᠤᠬᠠᠨ᠎ᠤ ᠤᠯᠤᠰ᠎ᠤᠨ ᠳᠤᠳᠤᠭ᠋ᠠᠳᠤ ᠭᠠᠳᠠᠭ᠋ᠠᠳᠤ ᠵᠢᠨ ᠪᠠᠢ᠍ᠢ᠍ᠳᠠᠯ᠎ᠤᠨ ᠲᠤᠬᠠᠢ ᠳᠤᠳᠤᠷᠬᠠᠢ ᠲᠠᠨᠢᠯᠳᠠ ᠮᠦᠨ —
      ᠤᠯᠤᠰ᠎ᠤᠨ ᠳᠤᠳᠤᠭ᠋ᠠᠳᠤ ᠵᠢᠨ ᠪᠠᠢ᠍ᠢ᠍ᠳᠠᠯ᠎ᠢ ᠦᠵᠡᠬᠦ᠎ᠳᠤ᠂ ᠮᠠᠨ᠎ᠤ ᠤᠯᠤᠰ᠎ᠤᠨ ᠠᠵᠤ ᠠᠬᠤᠢ ᠶᠠᠭ ᠬᠦᠭᠵᠢᠯᠳᠡ ᠵᠢᠨ ᠠᠷᠭ᠎ᠠ ᠬᠡᠯᠪᠡᠷᠢ᠎ᠪᠠᠨ ᠬᠤᠪᠢᠷᠠᠭᠤᠯᠬᠤ᠂ ᠠᠵᠤ ᠠᠬᠤᠢ ᠵᠢᠨ ᠪᠦᠲᠦᠴᠡ ᠵᠢ ᠰᠢᠯᠢᠳᠡᠭᠵᠢᠭᠦᠯᠬᠦ᠂ ᠨᠡᠮᠡᠭᠳᠡᠯ᠎ᠤᠨ ᠬᠦᠳᠡᠯᠭᠡᠬᠦ ᠬᠦᠴᠦᠨ᠎ᠢ ᠬᠤᠪᠢᠷᠠᠭᠤᠯᠬᠤ ᠵᠠᠩᠭᠢᠯᠠᠭ᠎ᠠ ᠵᠢᠨ ᠬᠤᠭᠤᠴᠠᠭ᠋ᠠᠨ᠎ᠳᠤ ᠤᠷᠤᠰᠢᠵᠤ᠂ ᠠᠵᠤ ᠠᠬᠤᠢ ᠵᠢᠨ ᠬᠦᠭᠵᠢᠯᠳᠡ ᠵᠢᠨ ᠤᠷᠤᠭᠰᠢ ᠢᠷᠡᠭᠡᠳᠦᠢ ᠰᠠᠢ᠍ᠢ᠍ᠨ ᠬᠠᠨᠲᠤᠰᠢ᠎ᠲᠠᠢ ᠪᠠᠢ᠍ᠢ᠍ᠭ᠎ᠠ ᠴᠤ᠌ ᠪᠦᠲᠦᠴᠡ ᠵᠢᠨ ᠴᠢᠨᠠᠷᠳᠠᠢ᠂ ᠪᠠᠢ᠍ᠢ᠍ᠭᠤᠯᠤᠮᠵᠢ ᠵᠢᠨ ᠴᠢᠨᠠᠷᠳᠠᠢ᠂ ᠦᠶᠡᠯᠡᠯ᠎ᠤᠨ ᠴᠢᠨᠠᠷᠳᠠᠢ ᠠᠰᠠᠭᠤᠳᠠᠯ ᠬᠠᠷᠢᠯᠴᠠᠨ ᠰᠤᠯᠪᠢᠴᠠᠭᠰᠠᠨ᠎ᠠᠴᠠ ᠪᠤᠯᠵᠤ ᠪᠤᠢ ᠪᠤᠯᠭ᠋ᠠᠭᠰᠠᠠ ᠬᠦᠴᠢᠷᠳᠡᠯ ᠪᠠ ᠦᠷᠢᠰᠦᠯᠳᠦᠭᠡᠨ ᠴᠤ᠌ ᠲᠤᠯᠭ᠋ᠠᠷᠠᠵᠤ ᠪᠠᠢ᠍ᠢ᠍ᠨ᠎ᠠ᠃ ᠶᠠᠭ ᠶᠡᠷᠦᠩᠬᠡᠢ ᠱᠦᠵᠢ ᠵᠢᠨ ᠬᠡᠯᠡᠭᠰᠡᠨᠴᠢᠯᠡᠨ᠄ 《ᠡᠭᠦᠨ᠎ᠤ ᠳᠠᠭ᠋ᠠᠤ ᠰᠢᠨ᠎ᠠ ᠲᠢᠳᠢᠮᠯᠢᠭ ᠠᠭᠤᠰᠬᠢᠨ ᠦᠷᠪᠢᠰᠦᠯ᠎ᠤᠨ ᠬᠢᠵᠢᠭ᠎ᠤᠨ ᠪᠠᠢ᠍ᠢ᠍ᠳᠠᠯ᠎ᠤᠨ ᠳᠠᠭ᠋ᠠᠷᠢᠯᠳᠠ᠎ᠳᠤ ᠤᠴᠠᠷᠠᠭᠰᠠᠨ᠎ᠠᠴᠠ ᠤᠳᠤᠬᠠᠨ᠎ᠤ ᠮᠠᠨ᠎ᠤ ᠤᠯᠤᠰ᠎ᠤᠨ ᠠᠵᠤ ᠠᠬᠤᠢ ᠵᠢᠨ ᠡᠷᠭᠢᠯᠳᠡ᠎ᠳᠤ ᠨᠡᠯᠢᠶᠡᠳ ᠶᠡᠬᠡ ᠳᠠᠷᠤᠭ᠋ᠠᠰᠤ ᠲᠤᠯᠭ᠋ᠠᠷᠠᠵᠤ ᠪᠠᠢ᠍ᠢ᠍ᠨ᠎ᠠ》᠃
      ᠳᠡᠯᠡᠬᠡᠢ ᠳ᠋ᠠᠬᠢᠨ᠎ᠢ ᠠᠵᠢᠬᠤ᠎ᠳᠤ᠂ ᠪᠢᠳᠡ ᠪᠠᠰᠠ ᠳᠡᠯᠡᠬᠡᠢ ᠵᠢᠨ ᠠᠵᠤ ᠠᠬᠤᠢ ᠲᠦᠢ᠍ᠯ ᠵᠶ᠋ᠠᠷ ᠤᠷᠤᠭᠤᠳᠠᠭᠰᠠᠨ᠂ ᠤᠯᠠᠨ ᠤᠯᠤᠰ᠎ᠤᠨ ᠠᠷᠠᠯᠵᠢᠶ᠎ᠠ ᠪᠠ ᠪᠡᠯᠡ ᠤᠷᠤᠭᠤᠯᠤᠯᠳᠠ ᠶᠡᠬᠡ᠎ᠪᠠᠷ ᠮᠠᠭᠤᠳᠠᠭᠰᠠᠨ᠂ ᠤᠯᠠᠨ ᠤᠯᠤᠰ᠎ᠤᠨ ᠮᠦᠩᠭᠦᠨ ᠭᠦᠢ᠍ᠯᠭᠡᠭᠡᠨ᠎ᠤ ᠵᠠᠬ᠎ᠠ ᠳᠡᠯᠭᠡᠭᠦᠷ ᠲᠤᠭᠲᠠᠭᠤᠨ ᠪᠤᠰᠤ ᠪᠤᠯᠤᠭᠰᠠᠨ᠂ ᠤᠯᠠᠨ ᠤᠯᠤᠰ᠎ᠤᠨ ᠶᠠᠪᠤᠯᠴᠠᠭ᠎ᠠ ᠬᠢᠵᠠᠭ᠋ᠠᠷᠯᠠᠭᠳᠠᠭᠰᠠᠨ᠂ ᠠᠵᠤ ᠠᠬᠤᠢ ᠵᠢᠨ ᠳᠡᠯᠡᠬᠡᠢ᠍ᠢ᠍ᠵᠢᠯᠳᠡ ᠰᠦᠷᠭᠡᠦ ᠤᠷᠤᠰᠬᠠᠯ᠎ᠳᠤ ᠤᠴᠠᠷᠠᠭᠰᠠᠨ᠂ ᠵᠠᠷᠢᠮ ᠤᠯᠤᠰ᠎ᠲᠤ ᠬᠠᠮᠠᠭ᠋ᠠᠯᠠᠬᠤ ᠦᠵᠡᠯ ᠪᠠ ᠭᠠᠭᠴᠠ ᠲᠠᠯᠠᠳᠤ ᠦᠵᠡᠯ ᠳᠡᠯᠭᠡᠷᠡᠭᠰᠡᠨ᠂ ᠭᠠᠵᠠᠷ ᠤᠷᠤᠨ ᠵᠶ᠋ᠠᠷ ᠰᠢᠯᠳᠠᠭ᠋ᠠᠯᠠᠭᠳᠠᠭᠰᠠᠨ ᠤᠯᠤᠰ ᠲᠦᠷᠦ ᠵᠢᠨ ᠲᠦᠭᠰᠢᠭᠦᠷᠢ ᠳᠡᠭᠡᠭᠰᠢᠯᠡᠭᠰᠡᠨ ᠵᠡᠷᠭᠡ ᠠᠰᠢᠭ ᠦᠭᠡᠢ ᠪᠠᠢ᠍ᠢ᠍ᠲᠠᠯ᠎ᠳᠤ ᠲᠤᠯᠭ᠋ᠠᠷᠠᠵᠤ ᠪᠠᠢ᠍ᠢ᠍ᠭ᠎ᠠ ᠤᠴᠢᠷ᠎ᠠᠴᠠ᠂ ᠪᠢᠲᠠ ᠨᠡᠩ ᠲᠤᠭᠳᠠᠭᠤᠨ ᠪᠤᠰᠤ ᠲᠤᠭᠳᠠᠭ᠋ᠠᠯᠳᠤ ᠪᠤᠰᠤ ᠳᠡᠯᠡᠬᠡᠢ ᠳᠡᠭᠡᠷ᠎ᠠ ᠲᠤᠰ ᠪᠡᠶ᠎ᠠ ᠵᠢᠨ ᠬᠦᠭᠵᠢᠯᠳᠡ᠎ᠪᠠᠨ ᠡᠷᠢᠯᠬᠢᠯᠡᠬᠦ ᠬᠡᠷᠡᠭᠳᠠᠢ ᠪᠤᠯᠵᠠᠢ᠃
      ᠶᠡᠷᠦᠩᠭᠡᠢ ᠱᠦᠵᠢ ᠨᠢᠭᠡ ᠴᠢᠬᠤᠯᠠ ᠮᠠᠭ᠋ᠠᠳᠯᠠᠯᠲᠠ ᠬᠢᠵᠠᠢ᠄ 《ᠲᠡᠯᠡᠭᠡᠢ ᠲᠡᠭᠡᠷᠡᠬᠢ ᠶᠠᠮᠠᠷᠪᠠ ᠬᠡᠷᠡᠭ ᠪᠤᠲᠠᠰ᠎ᠲᠤ ᠪᠦᠷ ᠬᠤᠶᠠᠷ ᠲᠠᠯ᠎ᠠ᠎ᠲᠠᠢ ᠪᠠᠢ᠍ᠢ᠍ᠲᠠᠭ᠂ ᠡᠨᠡ ᠤᠲᠠᠭ᠎ᠠ ᠵᠢᠨ ᠬᠢᠵᠢᠭ᠎ᠤᠨ ᠪᠠᠢ᠍ᠢ᠍ᠲᠠᠯ ᠪᠤᠯ ᠨᠢᠭᠡ ᠤᠲᠠᠭ᠎ᠠ ᠵᠢᠨ ᠠᠶᠤᠯ ᠲᠦᠭᠰᠢᠬᠦᠷᠢ ᠮᠦᠨ᠂ ᠭᠡᠲᠡᠯ᠎ᠠ ᠵᠤᠬᠢᠬᠤ ᠬᠡᠮᠵᠢᠶᠠᠠ ᠲᠡᠭᠡᠷ᠎ᠠ ᠪᠠᠰᠠ ᠰᠢᠨ᠎ᠠ ᠠᠵᠠ ᠲᠤᠬᠢᠶᠠᠯ᠎ᠢ ᠬᠦᠪᠦᠷᠡᠭᠦᠯᠦᠭᠰᠡᠡ ᠪᠠᠢ᠍ᠢ᠍ᠨ᠎ᠠ》 《ᠠᠶᠤᠯ ᠲᠦᠭᠰᠢᠭᠦᠷᠢ   ᠳᠤᠮᠳᠠ᠎ᠠᠴᠠ ᠰᠢᠨ᠎ᠠ ᠠᠵᠠ ᠲᠤᠬᠢᠶᠠᠯ᠎ᠢ ᠡᠷᠢᠵᠤ᠂ ᠬᠤᠪᠢᠷᠠᠯᠲᠠ ᠲᠤᠮᠲᠠ᠎ᠠᠴᠠ ᠰᠢᠨ᠎ᠠ ᠪᠠᠢ᠍ᠢ᠍ᠲᠠᠯ᠎ᠢ ᠡᠭᠦᠳᠦᠨ᠎ᠡ》᠃ ᠶᠡᠷᠦᠩᠭᠡᠢ ᠱᠦᠵᠢ ᠰᠢ ᠵᠢᠨ ᠫᠢᠩ ᠪᠦᠬᠦ ᠲᠠᠯ᠎ᠠ ᠵᠢᠨ᠂ ᠬᠤᠪᠢᠰᠤᠩᠭᠤᠢ᠂ ᠠᠯᠤᠰ ᠭᠡᠲᠦ ᠵᠢᠨ ᠬᠠᠷᠠᠭ᠋ᠠᠰᠤ᠎ᠠᠴᠠ᠂ ᠤᠲᠤᠬᠠᠠ᠎ᠤ ᠠᠵᠦ ᠠᠬᠤᠢ ᠵᠢᠨ ᠪᠠᠢ᠍ᠢ᠍ᠲᠠᠯ᠎ᠳᠤ ᠬᠦᠨᠵᠡᠭᠡᠢ ᠵᠠᠲᠠᠯᠤᠯᠲᠠ ᠬᠢᠵᠦ᠂ ᠪᠠᠢ᠍ᠢ᠍ᠯᠲᠤᠬᠤ ᠪᠤᠲᠤᠯᠭ᠎ᠠ ᠵᠢᠨ ᠵᠢᠯᠤᠭᠤᠲᠤᠯᠭ᠎ᠠ ᠬᠢᠵᠠᠢ᠃
      ᠶᠡᠷᠦᠩᠭᠡᠢ ᠱᠦᠵᠢ ᠨᠢᠭᠡ ᠤᠯᠠᠠ ᠲᠤᠭ᠎ᠠ ᠪᠠᠷᠢᠮᠲᠠ᠎ᠪᠠᠷ ᠦᠵᠡᠯᠲᠠ᠎ᠪᠠᠨ ᠴᠢᠨᠠᠭᠰᠢᠲᠠ ᠲᠤᠲᠤᠷᠬᠠᠢ᠍ᠢ᠍ᠯᠠᠠ ᠦᠭᠦᠯᠡᠪᠡ —
     1 ᠳ᠋ᠦᠩᠰᠢᠭᠤᠷ ᠭᠠᠷᠤᠢ ᠵᠠᠬ᠎ᠠ ᠲᠡᠯᠭᠡᠭᠦᠷ᠎ᠤᠨ ᠭᠤᠤᠯ ᠴᠤᠭᠴᠠ ᠪᠠ 1.7 ᠳ᠋ᠦᠩᠰᠢᠭᠤᠷ ᠭᠠᠷᠤᠢ ᠶᠡᠬᠡ ᠲᠡᠭᠡᠲᠦ ᠵᠡᠷᠭᠡ ᠵᠢᠨ ᠰᠤᠷᠭ᠋ᠠᠠ ᠬᠦᠮᠦᠵᠢᠯ ᠬᠦᠷᠲᠡᠭᠰᠡᠡ ᠪᠤᠶᠤ ᠡᠯ᠎ᠠ ᠲᠦᠷᠦᠯ᠎ᠤᠨ ᠲᠤᠰᠬᠠᠢ ᠮᠡᠷᠭᠡᠵᠢᠯ᠎ᠤᠨ ᠴᠢᠲᠠᠪᠤᠷᠢᠲᠠᠠ᠎ᠲᠠᠢ;
     4 ᠳ᠋ᠦᠩᠰᠢᠭᠤᠷ ᠭᠠᠷᠤᠢ ᠲᠤᠮᠲᠠ ᠵᠡᠷᠭᠡ ᠵᠢᠨ ᠤᠷᠤᠯᠭ᠎ᠠ᠎ᠲᠠᠢ ᠤᠯᠠᠠ ᠬᠦᠮᠦᠨ᠎ᠢ ᠪᠠᠭᠲᠠᠭ᠋ᠠᠭᠰᠠᠠ 14 ᠳ᠋ᠦᠩᠰᠢᠭᠤᠷ ᠬᠦᠮᠦᠨ ᠠᠮᠠ᠎ᠪᠠᠷ ᠪᠦᠷᠢᠯᠲᠦᠭᠰᠡᠡ ᠮᠤᠨᠲᠤᠭ ᠶᠡᠬᠡ ᠬᠡᠪᠴᠢᠶ᠎ᠠ᠎ᠲᠠᠢ ᠲᠤᠲᠤᠭ᠋ᠠᠲᠤ ᠭᠡᠷᠡᠭᠴᠡᠭᠡ ᠵᠢᠨ ᠵᠠᠬ᠎ᠠ ᠲᠡᠯᠭᠡᠭᠦᠷ ᠪᠤᠢ;
      ᠬᠢᠵᠢᠭ᠎ᠤᠨ ᠪᠠᠢ᠍ᠢ᠍ᠲᠠᠯ᠎ᠤᠨ ᠬᠤᠭᠤᠴᠠᠭ᠋ᠠᠠ᠎ᠳᠤ᠂ ᠰᠢᠨ᠎ᠠ ᠮᠡᠷᠭᠡᠵᠢᠯ᠂ ᠰᠢᠨ᠎ᠠ ᠡᠵᠡᠩᠨᠡᠯᠲᠡ ᠵᠢᠨ ᠬᠡᠯᠪᠡᠷᠢ ᠴᠤᠯᠭᠤᠷᠠᠠ ᠭᠠᠷᠴᠤ᠂ ᠲᠦᠷᠦᠭᠦᠦ ᠤᠯᠠᠷᠢᠯ᠎ᠳᠤ ᠪᠤᠲᠠᠲᠤ ᠪᠤᠲᠠᠰ᠎ᠤᠨ ᠲᠠᠸᠠᠷ᠎ᠤᠨ ᠰᠦᠯᠵᠢᠶᠠᠠ ᠲᠡᠭᠡᠷᠡᠬᠢ ᠵᠢᠵᠢᠭᠯᠡᠡ ᠪᠤᠷᠤᠯᠠᠭᠤᠯᠤᠭᠰᠠᠠ ᠵᠤᠭᠤᠰ᠎ᠤᠨ ᠲᠤᠭ᠎ᠠ 5.9% ᠨᠡᠮᠡᠭᠲᠡᠵᠦ᠂ ᠨᠡᠢ᠍ᠢ᠍ᠭᠡᠮ᠎ᠤᠨ ᠭᠡᠷᠡᠭᠯᠡᠭᠡᠡ᠎ᠤ ᠡᠳ᠋᠎ᠤᠨ ᠵᠢᠵᠢᠭᠯᠡᠡ ᠪᠤᠷᠤᠯᠠᠭᠤᠯᠤᠭᠰᠠᠠ ᠶᠡᠷᠦᠩᠭᠡᠢ ᠵᠤᠭᠤᠰ᠎ᠤᠨ ᠲᠤᠭ᠎ᠠ᠎ᠳᠠᠬᠢ ᠬᠠᠷᠢᠴᠠᠯ 23.6%᠎ᠢ ᠡᠵᠡᠯᠡᠵᠦ᠂ ᠰᠦᠯᠵᠢᠶᠠᠠ ᠲᠡᠭᠡᠷ᠎ᠠ ᠬᠤᠷᠠᠯᠲᠤᠭᠤᠯᠤᠭᠰᠠᠠ ᠬᠤᠷᠠᠯ᠂ ᠰᠦᠯᠵᠢᠶᠠᠠ ᠲᠡᠭᠡᠷᠡᠬᠢ ᠠᠷᠠᠯᠵᠢᠶ᠎ᠠ᠂ ᠰᠦᠯᠵᠢᠶᠠᠠ ᠲᠡᠭᠡᠷᠡᠬᠢ ᠰᠤᠷᠭ᠋ᠠᠠ ᠬᠦᠮᠦᠵᠢᠯ ᠵᠡᠷᠭᠡ᠎ᠨᠢ ᠶᠡᠬᠡ ᠬᠡᠪᠴᠢᠶ᠎ᠠ᠎ᠪᠠᠷ ᠨᠡᠮᠡᠭᠲᠡᠭᠰᠡᠡ ᠪᠠᠢ᠍ᠢ᠍ᠨ᠎ᠠ ᠁
     《ᠮᠠᠠ᠎ᠳᠤ ᠠᠰᠢᠭ᠎ᠲᠠᠢ ᠨᠦᠬᠦᠴᠡᠯ ᠪᠠᠰᠠ ᠲᠤᠩ ᠤᠯᠠᠠ ᠪᠠᠢ᠍ᠢ᠍ᠨ᠎ᠠ》᠃ 《ᠠᠵᠠ ᠲᠤᠬᠢᠶᠠᠯ᠎ᠢ ᠠᠮᠵᠢᠠ ᠪᠠᠢ᠍ᠢ᠍ᠯᠲᠤᠬᠤ ᠪᠤᠲᠤᠯᠭ᠎ᠠ ᠵᠢᠨ ᠴᠢᠨᠠᠷᠲᠠᠢ ᠰᠢᠨ᠎ᠠ᠎ᠪᠠᠷ ᠬᠦᠭᠵᠢᠭᠰᠡᠡ ᠠᠵᠦ ᠦᠢ᠍ᠯᠡᠰ᠎ᠢ ᠲᠦᠷᠭᠡᠡ ᠠᠬᠢᠭᠤᠯᠵᠦ᠂ ᠨᠡᠩ ᠤᠯᠠᠠ ᠰᠢᠨ᠎ᠠ ᠨᠡᠮᠡᠭᠲᠡᠯ᠎ᠤᠨ ᠴᠡᠭ᠂ ᠨᠡᠮᠡᠭᠲᠡᠯ᠎ᠤᠨ ᠲᠦᠢ᠍ᠯ᠎ᠢ ᠪᠦᠷᠢᠯᠲᠦᠭᠦᠯᠬᠦ ᠬᠡᠷᠡᠭᠲᠡᠢ》᠃ ᠭᠦᠨ ᠬᠦᠨᠵᠡᠭᠡᠢ ᠬᠢᠭᠰᠡᠡ ᠵᠠᠲᠠᠯᠤᠯᠲᠠ᠎ᠨᠢ ᠡᠬᠦᠯᠡ ᠮᠠᠨᠠᠨ᠎ᠢ ᠰᠠᠷᠨᠢᠭᠤᠯᠤᠭᠰᠠᠠ ᠮᠡᠲᠦ ᠪᠤᠯᠵᠤ᠂ ᠬᠦᠮᠦᠰ᠎ᠢ ᠬᠦᠨᠵᠡᠭᠡᠢ ᠰᠡᠳᠭᠢᠨ ᠪᠤᠲᠤᠭᠤᠯᠵᠠᠢ᠃
      ᠬᠦᠴᠢᠷ᠎ᠢ ᠲᠤᠭᠤᠯᠤᠨ ᠪᠡᠷᠭᠡ ᠵᠢ ᠲᠠᠪᠠᠬᠤ᠎ᠳᠤ᠂ ᠮᠠᠠ᠎ᠤ ᠬᠠᠮᠤᠭ᠎ᠤᠨ ᠶᠡᠬᠡ ᠬᠦᠴᠤᠠ ᠴᠢᠲᠠᠯ ᠠᠷᠠᠳ ᠲᠦᠮᠠᠠ᠎ᠠᠴᠠ ᠢᠷᠡᠳᠡᠭ ᠶᠤᠮ᠃
     《ᠠᠷᠠᠳ ᠲᠦᠮᠡᠡ ᠪᠤᠯ ᠮᠠᠠ᠎ᠤ ᠨᠠᠮ᠎ᠤᠨ ᠲᠦᠷᠦ ᠪᠠᠷᠢᠬᠤ ᠬᠠᠮᠤᠭ᠎ᠤᠨ ᠶᠡᠬᠡ ᠢᠲᠡ ᠬᠦᠴᠦᠨ ᠮᠦᠨ ᠭᠡᠵᠦ ᠪᠢ ᠲᠠᠬᠢᠨ ᠲᠠᠪᠲᠠᠠ ᠴᠢᠬᠤᠯᠠᠴᠢᠯᠠᠭᠰᠠᠠ ᠪᠢᠯᠡ》᠃
      ᠦᠪᠦᠷ ᠮᠤᠩᠭᠤᠯ᠎ᠤᠨ ᠲᠦᠯᠦᠭᠡᠯᠡᠭᠴᠢᠳ᠎ᠤᠨ ᠪᠦᠯᠬᠦᠮ᠎ᠳᠤ᠂ ᠶᠡᠷᠦᠩᠭᠡᠢ ᠱᠦᠵᠢ ᠰᠢ ᠵᠢᠨ ᠫᠢᠩ ᠠᠷᠠᠳ ᠲᠦᠮᠡᠨ᠎ᠤ ᠬᠦᠴᠤᠨ᠎ᠢ ᠢᠩᠭᠢᠵᠦ ᠮᠠᠭᠲᠠᠠ ᠰᠠᠢ᠍ᠢ᠍ᠰᠢᠶᠠᠭᠰᠠᠠ ᠪᠠᠢ᠍ᠢ᠍ᠨ᠎ᠠ᠄ 《ᠦᠷᠭᠡᠡ ᠤᠯᠠᠠ ᠠᠷᠠᠳ ᠲᠦᠮᠡᠡ ᠶᠡᠬᠡ ᠲᠠᠯ᠎ᠠ ᠵᠢ ᠲᠠᠨᠢᠵᠦ᠂ ᠶᠡᠬᠡ ᠲᠠᠯ᠎ᠠ ᠵᠢ ᠬᠠᠷᠠᠭ᠋ᠠᠯᠵᠠᠠ᠂ ᠤᠬᠠᠮᠰᠠᠷ᠎ᠠᠴᠠ᠎ᠪᠠᠨ ᠬᠢᠵᠢᠭ᠎ᠤᠨ ᠪᠠᠢ᠍ᠢ᠍ᠲᠠᠯ᠎ᠢ ᠰᠡᠷᠭᠡᠢ᠍ᠢ᠍ᠯᠡᠡ ᠡᠵᠡᠮᠲᠡᠬᠦ ᠲᠡᠮᠡᠴᠡᠯ᠎ᠤᠨ ᠶᠡᠬᠡ ᠲᠠᠯ᠎ᠠ᠎ᠳᠤ ᠬᠠᠮᠵᠢᠯᠴᠠᠵᠦ᠂ ᠬᠢᠵᠢᠭ᠎ᠤᠨ ᠪᠠᠢ᠍ᠢ᠍ᠲᠠᠯ᠎ᠢ ᠰᠡᠷᠭᠡᠢ᠍ᠢ᠍ᠯᠡᠡ ᠡᠵᠡᠮᠲᠡᠬᠦ ᠰᠠᠭᠤᠷᠢ ᠴᠢᠨᠠᠷᠲᠠᠢ ᠬᠦᠴᠤᠠ᠎ᠢ ᠪᠦᠷᠢᠯᠲᠦᠭᠦᠯᠵᠠᠢ》 《ᠬᠢᠵᠢᠭ᠎ᠤᠨ ᠪᠠᠢ᠍ᠢ᠍ᠲᠠᠯ᠎ᠢ ᠰᠡᠷᠭᠡᠢ᠍ᠢ᠍ᠯᠡᠡ ᠡᠵᠡᠮᠲᠡᠬᠦ ᠪᠠ ᠠᠵᠦ ᠠᠬᠤᠢ ᠨᠡᠢ᠍ᠢ᠍ᠭᠡᠮ᠎ᠤᠨ ᠬᠦᠭᠵᠢᠯᠲᠠ ᠵᠢ ᠨᠢᠭᠡᠲᠦᠯᠲᠡᠢ ᠲᠦᠯᠦᠪᠵᠢᠭᠦᠯᠬᠦ ᠠᠵᠢᠯ᠎ᠢ ᠰᠠᠢ᠍ᠢ᠍ᠲᠤᠷ ᠬᠢᠬᠦ᠎ᠳᠤ᠂ ᠠᠷᠠᠳ ᠲᠦᠮᠠᠠ᠎ᠢ ᠨᠢᠭᠲᠠ ᠲᠦᠰᠢᠭᠯᠡᠬᠦ ᠬᠡᠷᠡᠭᠲᠡᠢ》᠃
      ᠠᠷᠠᠳ ᠲᠦᠮᠡᠡ᠎ᠳᠤ ᠲᠦᠰᠢᠭᠯᠡᠬᠦ ᠪᠤᠯ ᠬᠢᠵᠢᠭ᠎ᠤᠨ ᠪᠠᠢ᠍ᠢ᠍ᠲᠠᠯ᠎ᠢ ᠰᠡᠷᠭᠡᠢ᠍ᠢ᠍ᠯᠡᠡ ᠡᠵᠡᠮᠲᠡᠬᠦ ᠠᠷᠠᠳ᠎ᠤᠨ ᠲᠠᠢ᠍ᠢ᠍ᠨ᠎ᠤ ᠢᠯᠠᠯᠲᠠ ᠵᠢ ᠤᠯᠬᠤ ᠡᠷᠲᠡᠨᠢ ᠮᠦᠨ; ᠠᠷᠠᠳ ᠲᠦᠮᠠᠠ᠎ᠢ ᠲᠠᠢ᠍ᠢ᠍ᠴᠢᠯᠠᠬᠤ ᠪᠤᠯ ᠬᠠᠷᠰᠢ ᠰᠠᠭ᠋ᠠᠳ᠎ᠢ ᠢᠯᠠᠨ ᠲᠠᠪᠠᠵᠤ᠂ ᠡᠷᠡᠮᠡᠭᠡᠢ᠍ᠢ᠍ᠯᠡᠡ ᠤᠷᠤᠭᠰᠢᠯᠠᠬᠤ ᠵᠢᠨ ᠪᠠᠲᠦ ᠴᠢᠩᠭ᠎ᠠ ᠠᠷᠤ ᠲᠦᠰᠢᠭ ᠮᠦᠨ᠃
      ᠦᠬᠠᠠ᠎ᠤ ᠰᠢᠨ᠎ᠠ ᠵᠸᠤ ᠲᠤᠭᠤᠷᠢᠭ᠎ᠤᠨ ᠴᠸᠠ ᠢᠤᠢ ᠼᠦᠨ ᠲᠤᠰᠬᠤᠨ᠎ᠤ ᠨᠠᠮ᠎ᠤᠨ ᠡᠭᠦᠷ᠎ᠤᠨ ᠱᠦᠵᠢ ᠵᠠᠩ ᠸᠸᠠ ᠰᠢ ᠪᠤᠯ ᠬᠢᠵᠢᠭ᠎ᠲᠠᠢ ᠲᠡᠮᠡᠴᠡᠬᠦ ᠡᠮᠦᠨ᠎ᠠ ᠹᠷᠤᠨᠲ᠎ᠠᠴᠠ ᠢᠷᠡᠭᠰᠡᠡ ᠪᠦᠬᠦ ᠤᠯᠤᠰ᠎ᠤᠨ ᠠᠷᠠᠳ᠎ᠤᠨ ᠲᠦᠯᠦᠭᠡᠯᠡᠭᠴᠢᠳ᠎ᠤᠨ ᠶᠡᠬᠡ ᠬᠤᠷᠠᠯ᠎ᠤᠨ ᠲᠦᠯᠦᠭᠡᠯᠡᠭᠴᠢ ᠶᠤᠮ᠂ ᠲᠡᠷᠡ ᠦᠪᠡᠷ᠎ᠤᠨ ᠲᠤᠰ ᠪᠡᠶ᠎ᠠ ᠵᠢᠨ ᠦᠩᠭᠡᠷᠡᠯᠲᠡ᠎ᠪᠠᠷ ᠵᠶ᠋ᠠᠨ ᠶᠡᠷᠦᠩᠭᠡᠢ ᠱᠦᠵᠢ ᠰᠢ ᠵᠢᠨ ᠫᠢᠩ᠎ᠳᠤ ᠦᠨᠲᠦᠰᠦᠨ ᠱᠠᠲᠤᠨ᠎ᠤ ᠵᠠᠰᠠᠯᠲᠠ ᠵᠢᠨ ᠴᠢᠬᠤᠯᠠ ᠴᠢᠨᠠᠷ᠎ᠢ ᠶᠠᠷᠢᠭᠰᠠᠠ ᠪᠠᠢ᠍ᠢ᠍ᠨ᠎ᠠ᠄
     《ᠮᠠᠠ᠎ᠤ ᠲᠤᠰᠬᠤᠨ ᠰᠢᠨ᠎ᠠ ᠵᠸᠤ ᠵᠢᠨ ᠭᠤᠤᠯ ᠬᠤᠲᠠ ᠵᠢᠨ ᠲᠤᠭᠤᠷᠢᠭ᠎ᠠᠴᠠ 27 ᠺᠢᠯᠤᠮᠸᠲᠷ ᠵᠠᠢ᠍ᠢ᠍ᠲᠠᠢ᠂ ᠲᠤᠰᠬᠤᠨ᠎ᠤ ᠠᠷᠠᠳ 1326 ᠪᠠᠢ᠍ᠢ᠍ᠨ᠎ᠠ᠂ ᠡᠭᠦᠨ᠎ᠳᠤ ᠦᠬᠠᠠ᠎ᠤ ᠬᠤᠲᠠ ᠵᠢᠨ ᠲᠤᠭᠤᠷᠢᠭ᠎ᠠᠴᠠ ᠨᠤᠲᠤᠭ᠎ᠲᠠᠭᠠᠨ ᠢᠷᠡᠭᠰᠡᠡ ᠬᠦᠮᠦᠰ ᠲᠠᠷᠤᠢ 447 ᠪᠠᠢ᠍ᠢ᠍ᠨ᠎ᠠ᠃ ᠦᠨᠡᠡ᠎ᠢ ᠬᠡᠯᠡᠬᠦ᠎ᠳᠤ᠂ ᠡᠬᠢᠯᠡᠩᠭᠦᠲᠠ ᠤᠯᠠᠠ ᠵᠶ᠋ᠠᠷ ᠵᠶ᠋ᠠᠨ ᠪᠦᠷ ᠪᠠᠯᠢᠲᠠᠠ ᠰᠠᠠᠲᠤᠷᠴᠤ ᠪᠠᠢ᠍ᠢ᠍ᠭᠰᠠᠠ》᠃
     《ᠬᠢᠵᠢᠭ᠎ᠤᠨ ᠪᠠᠢ᠍ᠢ᠍ᠲᠠᠯ᠎ᠢ ᠪᠢᠲᠡᠭᠦᠮᠵᠢᠯᠡᠵᠦ ᠲᠡᠢ᠍ᠢ᠍ᠯᠬᠦ ᠡᠰᠡᠬᠦ ᠵᠢᠨ ᠵᠠᠩᠭᠢᠯᠠᠭ᠎ᠠ᠎ᠨᠢ ᠨᠠᠮ᠎ᠤᠨ ᠡᠭᠦᠷ᠎ᠲᠤ ᠪᠠᠢ᠍ᠢ᠍ᠨ᠎ᠠ》᠃ ᠵᠠᠩ ᠸᠸᠠ ᠰᠢ ᠵᠢᠨ ᠲᠠᠭ᠋ᠠᠭᠤᠯᠭ᠎ᠠ ᠲᠤᠤᠷ᠎ᠠ᠂ 5 ᠨᠠᠮ᠎ᠤᠨ ᠭᠡᠰᠢᠭᠦᠨ ᠺᠠᠳ᠋ᠷ ᠲᠤᠷᠤᠭᠰᠢ ᠪᠠᠭᠤᠭᠰᠠᠠ ᠺᠠᠳ᠋ᠷ ᠪᠠ ᠰᠠᠢ᠍ᠢ᠍ᠨ ᠲᠤᠷ᠎ᠠ ᠵᠢᠨ ᠠᠵᠢᠯᠯᠠᠭᠰᠠᠳ᠎ᠢ ᠴᠤᠭᠯᠠᠭᠤᠯᠤᠨ 24 ᠬᠦᠮᠦᠨ᠎ᠤ ᠡᠩᠨᠡᠭᠡ ᠵᠢ ᠪᠠᠢ᠍ᠢ᠍ᠭᠤᠯᠵᠦ᠂ ᠲᠤᠰ ᠪᠦᠷᠢ ᠲᠠᠭ᠋ᠠᠭ᠋ᠠᠠ ᠪᠠᠲᠤᠯᠠᠵᠦ᠂ ᠬᠦᠠᠲᠡᠯᠡᠡ ᠪᠢᠴᠢᠭᠡᠰᠦ ᠡᠯᠭᠦᠨ᠂ ᠯᠠᠪᠠᠷ ᠵᠶ᠋ᠠᠷ ᠨᠡᠪᠲᠡᠷᠡᠭᠦᠯᠵᠦ᠂ ᠬᠡᠩᠭᠡᠷᠭᠡ ᠴᠠᠩ ᠲᠡᠯᠡᠲᠦᠨ ᠬᠠᠰᠬᠢᠷᠴᠤ᠂ ᠤᠯᠠᠠ ᠲᠦᠮᠠᠠ᠎ᠢ ᠲᠠᠢ᠍ᠢ᠍ᠴᠢᠯᠠᠨ ᠪᠠᠢ᠍ᠢ᠍ᠵᠤ 《ᠪᠤᠯᠤᠳ ᠭᠡᠷᠡᠮ ᠲᠡᠮᠦᠷ ᠬᠠᠨ᠎ᠠ》 ᠪᠤᠰᠬᠠᠭᠰᠠᠠ᠎ᠤ ᠰᠠᠢ᠍ᠢ᠍ᠨ ᠵᠶ᠋ᠠᠷ᠂ ᠪᠦᠬᠦ ᠲᠤᠰᠬᠤᠨ᠎ᠳᠤ ᠨᠢᠭᠡ ᠴᠤ᠌ ᠤᠨᠤᠰᠢᠯᠠᠭᠰᠠᠠ ᠡᠪᠡᠳᠴᠢᠨ᠎ᠤ ᠵᠢᠱ᠌ᠢᠶ᠎ᠠ ᠭᠠᠷᠤᠭᠰᠠᠠ ᠦᠭᠡᠢ᠂ ᠨᠢᠭᠡ ᠴᠤ᠌ ᠰᠡᠵᠢᠭᠯᠡᠯᠲᠡᠢ ᠡᠪᠡᠳᠴᠢᠠ᠎ᠤ ᠵᠢᠱ᠌ᠢᠶ᠎ᠡ ᠭᠠᠷᠤᠭᠰᠠᠠ ᠦᠭᠡᠢ ᠠᠵᠢ᠃
      ᠵᠠᠩ ᠸᠸᠠ ᠰᠢ ᠪᠠᠰᠠ ᠶᠡᠷᠦᠩᠭᠡᠢ ᠱᠦᠵᠢ᠎ᠳᠤ ᠦᠨᠲᠦᠰᠦᠨ ᠱᠠᠲᠤᠨ᠎ᠤ ᠵᠠᠰᠠᠯᠲᠠ᠎ᠳᠤ ᠤᠷᠤᠰᠢᠵᠦ ᠪᠠᠢ᠍ᠢ᠍ᠭ᠎ᠠ 《ᠲᠤᠲᠠᠭᠤᠲᠠᠯ》᠎ᠢ ᠲᠤᠰᠬᠠᠭᠰᠠᠠ ᠪᠠᠢ᠍ᠢ᠍ᠨ᠎ᠠ; ᠲᠤᠰᠬᠤᠨ᠂ ᠨᠡᠢ᠍ᠢ᠍ᠭᠡᠮ ᠲᠤᠭᠤᠷᠢᠭ᠎ᠤᠨ ᠺᠠᠳ᠋ᠷ᠎ᠤᠨ ᠬᠦᠮᠦᠨ ᠴᠦᠭᠡᠡ ᠤᠴᠢᠷ ᠶᠠᠪᠤᠲᠠᠯ ᠤᠯᠠᠠ ᠡᠬᠦᠷᠭᠡ ᠬᠦᠨᠲᠦ ᠪᠠᠢ᠍ᠢ᠍ᠵᠦ᠂ ᠬᠦᠷᠲᠡᠮᠵᠢ ᠤᠯᠭᠤᠮᠵᠢ ᠪᠠᠰᠠ ᠲᠠᠭ᠋ᠠᠵᠦ ᠠᠮᠵᠢᠬᠤ ᠦᠭᠡᠢ᠂ ᠴᠢᠲᠠᠪᠤᠷᠢ᠎ᠲᠠᠢ ᠬᠦᠮᠦᠨ᠎ᠢ ᠤᠷᠤᠭᠤᠯᠤᠨ ᠠᠪᠴᠢᠷᠠᠵᠦ ᠲᠡᠢ᠍ᠢ᠍ᠯᠬᠦ ᠦᠭᠡᠢ᠂ ᠦᠯᠡᠲᠡᠭᠡᠡ ᠬᠤᠴᠤᠷᠭ᠋ᠠᠵᠦ ᠲᠡᠢ᠍ᠢ᠍ᠯᠬᠦ ᠦᠭᠡᠢ ᠪᠠᠢ᠍ᠢ᠍ᠨ᠎ᠠ᠃
     《ᠡᠨᠡ ᠤᠳᠠᠭ᠎ᠠ ᠵᠢᠨ ᠬᠢᠵᠢᠭ᠎ᠤᠨ ᠪᠠᠢ᠍ᠢ᠍ᠳᠠᠯ᠎ᠨᠢ ᠮᠠᠨ᠎ᠤ ᠦᠨᠳᠦᠰᠦᠨ ᠱᠠᠲᠤᠨ᠎ᠤ ᠵᠠᠰᠠᠯᠳᠠ ᠵᠢᠨ ᠰᠢᠰᠲᠸᠮ ᠵᠠᠰᠠᠯᠳᠠ ᠵᠢᠨ ᠴᠢᠳᠠᠪᠤᠷᠢ ᠵᠢᠨ ᠲᠦᠪᠰᠢᠨ᠎ᠢ ᠰᠢᠯᠭ᠋ᠠᠵᠠᠢ᠂ ᠮᠦᠨᠴᠤ ᠮᠠᠨ᠎ᠤ ᠵᠡᠬᠡᠯᠢ ᠭᠤᠳᠤᠮᠵᠢ ᠪᠤᠯᠤᠨ ᠨᠡᠢ᠍ᠢ᠍ᠬᠡᠮ ᠲᠤᠭᠤᠷᠢᠬ᠂ ᠰᠢᠶᠠᠩ ᠪᠠᠯᠭ᠋ᠠᠰᠤ ᠪᠤᠯᠤᠨ ᠲᠤᠰᠬᠤᠨ᠎ᠤ ᠦᠨᠳᠤᠰᠤᠨ ᠱᠠᠳᠤᠨ᠎ᠤ ᠵᠤᠬᠢᠶᠠᠨ ᠪᠠᠢ᠍ᠢ᠍ᠭᠤᠯᠤᠯᠳᠠ ᠵᠢᠨ ᠤᠢ᠍ᠢ᠍ᠯᠡᠳᠤᠯ᠎ᠢ ᠲᠤᠪᠤᠢ᠍ᠢ᠍ᠮ᠎ᠠ ᠢᠯᠡᠷᠡᠬᠦᠯᠪᠠ》᠃ ᠶᠠᠷᠤᠩᠬᠡᠢ ᠱᠦᠵᠢ ᠰᠢ ᠵᠢᠨ ᠫᠢᠩ᠂ 《ᠡᠨᠭᠬᠡ ᠲᠠᠢ᠍ᠢ᠍ᠪᠤᠩ ᠦᠶ᠎ᠡ ᠪᠠ ᠲᠠᠢ᠍ᠢ᠍ᠨ᠎ᠤ ᠦᠶ᠎ᠡ᠎ᠢ ᠤᠶᠠᠯᠳᠤᠭᠤᠯᠬᠤ ᠲᠠᠯ᠎ᠠ᠎ᠠᠴᠠ ᠬᠡᠯᠡᠪᠡᠯ᠂ ᠨᠢᠬᠡ ᠰᠠᠭᠤᠷᠢ᠎ᠲᠠᠢ ᠪᠠᠢ᠍ᠢ᠍ᠬᠤ ᠬᠡᠷᠡᠭᠲᠡᠢ᠂ ᠨᠢᠬᠡ ᠢᠵᠢ ᠲᠦᠬᠦᠷ ᠲᠤᠭᠳᠠᠴᠠ ᠰᠢᠰᠲᠸᠮ ᠪᠠᠢ᠍ᠢ᠍ᠬᠤ ᠭᠡᠷᠡᠭᠳᠠᠢ᠃ ᠵᠠᠩᠬᠢᠯᠠᠭ᠎ᠠ ᠵᠢᠨ ᠦᠶ᠎ᠠ᠎ᠳᠤ ᠠᠪᠴᠤ ᠭᠠᠷᠭ᠋ᠠᠵᠤ᠂ ᠤᠢ᠍ᠢ᠍ᠯᠡᠳᠤᠯ᠎ᠢ᠎ᠨᠢ ᠪᠠᠳᠠᠷᠠᠭᠤᠯᠵᠤ ᠲᠡᠢ᠍ᠢ᠍ᠯᠬᠦ ᠭᠡᠷᠡᠭᠳᠠᠢ》 ᠬᠡᠵᠤ ᠵᠢᠭ᠋ᠠᠵᠤ ᠭᠠᠷᠭ᠋ᠠᠪᠠ᠃
      ᠨᠢᠳᠤᠨᠤᠨ ᠵᠢᠯ᠎ᠤᠨ ᠡᠴᠤᠰ᠎ᠲᠤ ᠬᠤᠷᠠᠯᠳᠤᠬᠰᠠᠨ ᠨᠠᠮ᠎ᠤᠨ ᠠᠷᠪᠠ ᠶᠢᠰᠤᠳᠤᠭᠡᠷ ᠬᠤᠭᠤᠴᠠᠭ᠋ᠠᠨ᠎ᠤ ᠲᠦᠪ ᠬᠤᠷᠢᠶᠠᠨ᠎ᠤ ᠲᠦᠷᠪᠡᠳᠤᠭᠡᠷ ᠪᠦᠬᠦᠳᠠ ᠬᠤᠷᠠᠯ᠎ᠠᠴᠠ ᠤᠯᠤᠰ᠎ᠤᠨ ᠵᠠᠰᠠᠯᠳᠠ ᠵᠢᠨ ᠰᠢᠰᠲᠸᠮ ᠪᠤᠯᠤᠨ ᠵᠠᠰᠠᠯᠳᠠ ᠵᠢᠨ ᠴᠢᠳᠠᠪᠤᠷᠢ ᠵᠢᠨ ᠤᠳᠤᠬᠢᠴᠢᠯᠠᠯᠳᠠ ᠵᠢ ᠠᠬᠢᠭᠤᠯᠬᠤ ᠴᠢᠬᠤᠯᠠ ᠰᠡᠳᠤᠪ᠎ᠢ ᠲᠤᠰᠬᠠᠢ ᠰᠡᠳᠤᠪ ᠵᠶ᠋ᠠᠷ ᠰᠤᠳᠤᠯᠪᠠ᠂ ᠬᠡᠨᠡᠳᠳᠡ᠎ᠪᠠᠷ ᠲᠠᠭ᠋ᠠᠷᠢᠨ ᠢᠷᠡᠭᠰᠡᠡ ᠰᠢᠨ᠎ᠠ ᠲᠢᠳᠢᠮᠯᠢᠭ ᠠᠭᠤᠰᠬᠢᠨ ᠦᠷᠪᠢᠰᠤᠯ᠎ᠤᠨ ᠬᠢᠵᠢᠭ᠎ᠤᠨ ᠪᠠᠢ᠍ᠢ᠍ᠳᠠᠯ᠎ᠨᠢ ᠤᠯᠤᠰ᠎ᠤᠨ ᠵᠠᠰᠠᠯᠳᠠ ᠵᠢᠨ ᠰᠢᠰᠲᠸᠮ ᠪᠤᠯᠤᠨ ᠵᠠᠰᠠᠯᠳᠠ ᠵᠢᠨ ᠴᠢᠲᠠᠪᠤᠷᠢ ᠵᠢᠨ ᠤᠳᠤᠬᠢᠴᠢᠯᠠᠯᠳᠠ ᠵᠢ ᠠᠬᠢᠭᠤᠯᠬᠤ ᠲᠤᠯᠭ᠋ᠠᠮ ᠴᠢᠨᠠᠷ᠎ᠢ ᠴᠢᠨᠠᠬᠰᠢᠳᠠ ᠢᠯᠡᠷᠡᠬᠦᠯᠪᠠ᠃
      ᠡᠨᠡ ᠬᠦ᠌ ᠰᠡᠳᠤᠪ᠎ᠲᠤ ᠠᠩᠬᠠᠷᠤᠯ ᠲᠦᠪᠯᠡᠷᠡᠬᠦᠯᠵᠤ᠂ ᠲᠦᠯᠤᠬᠡᠯᠡᠭᠴᠢ ᠬᠡᠰᠢᠬᠦᠨ ᠰᠠᠨᠠᠯ ᠰᠠᠨᠠᠭᠤᠯᠭ᠎ᠠ ᠲᠤᠷᠳᠴᠤ ᠠᠷᠭ᠎ᠠ ᠤᠬᠠᠭ᠋ᠠᠨ ᠭᠠᠷᠭ᠋ᠠᠪᠠ᠃
      ᠬᠤᠪᠸᠢ ᠵᠢᠨ ᠲᠦᠯᠤᠬᠡᠯᠡᠭᠴᠢᠳ᠎ᠤᠨ ᠪᠦᠯᠬᠦᠮ᠎ᠳᠤ᠂ 5 ᠲᠦᠯᠤᠬᠡᠯᠡᠭᠴᠢ ᠠᠳᠠᠯᠢ ᠪᠤᠰᠤ ᠲᠠᠯ᠎ᠠ᠎ᠠᠴᠠ ᠤᠯᠠᠨ ᠨᠡᠢ᠍ᠢ᠍ᠳᠠ ᠵᠢᠨ ᠡᠷᠡᠬᠦᠯ ᠬᠠᠮᠠᠭ᠋ᠠᠯᠠᠯ᠎ᠤᠨ ᠰᠡᠷᠬᠡᠢ᠍ᠢ᠍ᠯᠡᠨ ᠬᠠᠮᠠᠭ᠋ᠠᠯᠠᠬᠤ ᠲᠤᠤᠷ᠎ᠢ ᠨᠢᠬᠳᠠ ᠰᠦᠯᠵᠢᠬᠦ ᠪᠠᠳᠤ ᠪᠡᠬᠢᠯᠡᠬᠦ ᠲᠤᠬᠠᠢ ᠰᠠᠨᠠᠯ ᠰᠠᠨᠠᠭᠤᠯᠭ᠎ᠠ ᠲᠤᠷᠠᠳᠴᠠᠢ᠃
      ᠤᠯᠠᠨ᠎ᠤ ᠶᠠᠷᠢᠬᠤ ᠵᠢ ᠰᠤᠨᠤᠰᠤᠬᠰᠠᠨ᠎ᠤ ᠲᠠᠷᠠᠭ᠎ᠠ᠂ ᠶᠠᠷᠤᠩᠬᠡᠢ ᠱᠦᠵᠢ ᠰᠢ ᠵᠢᠨ ᠫᠢᠩ 5 ᠲᠠᠯ᠎ᠠ᠎ᠠᠴᠠ ᠠᠰᠠᠭᠤᠳᠠᠯ᠎ᠢ ᠬᠦᠨᠵᠡᠬᠡᠢ ᠵᠠᠳᠠᠯᠵᠤ᠂ 《ᠡᠪᠡᠳᠴᠢᠨ ᠡᠮᠭᠡᠭ᠎ᠢ ᠰᠡᠷᠬᠡᠢ᠍ᠢ᠍ᠯᠡᠨ ᠡᠵᠡᠮᠳᠡᠬᠦ ᠰᠢᠰᠲᠸᠮ᠎ᠳᠤ ᠦᠬᠡᠷᠡᠴᠢᠯᠠᠯᠳᠠ ᠬᠢᠬᠦ》 《ᠡᠪᠡᠳᠴᠢᠨ ᠡᠮᠭᠡᠭ᠎ᠢ ᠰᠢᠯᠭ᠋ᠠᠨ ᠪᠠᠢ᠍ᠢ᠍ᠴᠠᠭ᠋ᠠᠵᠤ ᠰᠡᠷᠡᠮᠵᠢᠯᠡᠬᠦᠯᠬᠦ ᠪᠠ ᠪᠠᠴᠢᠮ ᠠᠷᠭ᠋ᠠᠴᠠᠭ᠋ᠠᠬᠤ ᠠᠵᠢᠯᠯᠠᠭ᠎ᠠ ᠵᠢᠨ ᠴᠢᠳᠠᠪᠤᠷᠢ ᠵᠢ ᠲᠡᠭᠡᠭᠰᠢᠯᠡᠬᠦᠯᠬᠦ》 《ᠬᠦᠨᠳᠤ ᠨᠤᠴᠢᠳᠠᠢ ᠬᠢᠵᠢᠭ᠎ᠤᠨ ᠪᠠᠢ᠍ᠢ᠍ᠳᠠᠯ᠎ᠠᠴᠠ ᠠᠪᠤᠷᠠᠨ ᠡᠮᠨᠡᠬᠦ ᠰᠢᠰᠲᠸᠮ᠎ᠢ ᠲᠡᠬᠦᠯᠳᠡᠷᠵᠢᠬᠦᠯᠬᠦ》 《ᠤᠯᠠᠨ ᠨᠡᠢ᠍ᠢ᠍ᠳᠠ ᠵᠢᠨ ᠡᠷᠡᠬᠦᠯ ᠬᠠᠮᠠᠭ᠋ᠠᠯᠠᠯ᠎ᠤᠨ ᠪᠠᠴᠢᠮ ᠠᠷᠠᠭᠴᠠᠭ᠋ᠠᠬᠤ ᠬᠠᠤᠯᠢ ᠴᠠᠭ᠋ᠠᠵᠠ ᠬᠠᠤᠯᠢ ᠲᠦᠷᠢᠮ᠎ᠢ ᠲᠡᠬᠦᠯᠳᠡᠷᠵᠢᠬᠦᠯᠬᠦ》 《ᠤᠯᠤᠰ ᠵᠶ᠋ᠠᠨ ᠬᠠᠢ᠍ᠢ᠍ᠷᠠᠯᠠᠬᠤ ᠡᠷᠡᠬᠦᠯ ᠬᠠᠮᠠᠭ᠋ᠠᠯᠠᠯ᠎ᠤᠨ ᠬᠦᠳᠡᠯᠬᠡᠬᠡᠨ᠎ᠢ ᠬᠦᠨᠵᠡᠬᠡᠢ ᠦᠷᠨᠢᠬᠦᠯᠬᠦ》 ᠁ ᠭᠡᠵᠤ ᠠᠷᠭ᠋ᠠᠴᠠᠭ᠋ᠠᠬᠤ ᠪᠤᠳᠤᠯᠭ᠎ᠠ ᠵᠢ ᠨᠠᠷᠢᠨ ᠤᠨᠤᠴᠢᠳᠠᠢ ᠲᠤᠷᠠᠳᠴᠤ᠂ ᠤᠳᠤᠬᠠᠨ᠎ᠤ ᠪᠠᠢ᠍ᠢ᠍ᠳᠠᠯ᠎ᠳᠤ ᠰᠠᠭᠤᠷᠢᠯᠠᠬᠰᠠᠨ ᠵᠶ᠋ᠠᠷ ᠪᠠᠷᠠᠬᠤ ᠦᠬᠡᠢ᠂ ᠨᠡᠩ ᠴᠤ᠌ ᠠᠯᠤᠰ ᠢᠷᠡᠬᠡᠳᠤᠢ᠎ᠳᠤ ᠵᠤᠷᠢᠭᠤᠯᠤᠬᠰᠠᠨ ᠪᠠᠢ᠍ᠢ᠍ᠨ᠎ᠠ᠃
      ᠦᠪᠤᠷ ᠮᠤᠩᠭᠤᠯ᠎ᠤᠨ ᠲᠦᠯᠤᠬᠡᠯᠡᠭᠴᠢᠳ᠎ᠤᠨ ᠪᠦᠯᠬᠦᠮ᠎ᠳᠤ᠂ ᠶᠠᠷᠤᠩᠬᠡᠢ ᠱᠦᠵᠢ ᠰᠢ ᠵᠢᠨ ᠫᠢᠩ ᠪᠠᠰᠠ

《ᠦᠨᠳᠤᠷ ᠦᠷ᠎ᠠ ᠪᠦᠲᠦᠮᠵᠢᠲᠡᠢ ᠵᠠᠰᠠᠬᠤ》 ᠰᠡᠳᠤᠪ᠎ᠢ ᠤᠨᠴᠠᠭ᠋ᠠᠢ᠍ᠢ᠍ᠯᠠᠨ ᠲᠤᠷᠠᠳᠪᠠ᠄
     《ᠢᠳᠡᠪᠬᠢᠳᠠᠢ ᠪᠦᠭᠡᠳ ᠰᠠᠨᠠᠭ᠋ᠠᠴᠢᠯᠠᠭ᠎ᠠ᠎ᠠᠴᠠ᠎ᠪᠠᠨ ᠬᠢᠵᠤ᠂ ᠤᠳᠤᠬᠠᠨ᠎ᠳᠤ ᠰᠠᠭᠤᠷᠢᠯᠠᠬᠤ᠎ᠪᠠᠷ ᠪᠠᠷᠠᠬᠤ ᠦᠬᠡᠢ᠂ ᠠᠯᠤᠰ ᠬᠡᠳᠤ ᠵᠢ ᠪᠤᠲᠤᠯᠬᠢᠯᠠᠵᠤ᠂ ᠴᠢᠬᠤᠯᠠ ᠶᠡᠬᠡ ᠲᠦᠷᠤᠯ ᠵᠤᠢ᠍ᠢ᠍ᠯ᠎ᠤᠨ ᠪᠦᠳᠤᠬᠡᠨ ᠪᠠᠢ᠍ᠢ᠍ᠭᠤᠯᠤᠯᠳᠠ ᠵᠢ ᠠᠬᠢᠭᠤᠯᠬᠤ᠂ ᠵᠠᠬ᠎ᠠ ᠲᠡᠯᠬᠡᠬᠦᠷ᠎ᠤᠨ ᠭᠤᠤᠯ ᠴᠤᠬ᠍ᠴᠠ ᠵᠢᠨ ᠬᠦᠭᠵᠢᠯᠳᠠ ᠵᠢ ᠲᠡᠮᠵᠢᠬᠦ᠂ ᠠᠵᠤ ᠤᠢ᠍ᠢ᠍ᠯᠡᠰ᠎ᠤᠨ ᠪᠦᠳᠤᠴᠠ᠎ᠳᠤ ᠲᠤᠬᠢᠷᠠᠭᠤᠯᠤᠯᠳᠠ ᠬᠢᠬᠦ ᠵᠢ ᠲᠦᠷᠬᠡᠳᠬᠡᠬᠦ᠂ ᠦᠨᠳᠤᠰᠤᠨ ᠱᠠᠳᠤᠨ᠎ᠤ ᠵᠠᠰᠠᠯᠳᠠ ᠵᠢᠨ ᠴᠢᠳᠠᠪᠤᠷᠢ ᠵᠢ ᠲᠡᠭᠡᠭᠰᠢᠯᠡᠬᠦᠯᠬᠦ ᠵᠡᠷᠬᠡ ᠲᠠᠯ᠎ᠠ᠎ᠪᠠᠷ ᠵᠠᠷᠢᠮ ᠠᠰᠢᠬᠳᠠᠢ ᠠᠷᠭ᠎ᠠ ᠬᠡᠮᠵᠢᠶ᠎ᠠ ᠵᠢ ᠲᠤᠭᠳᠠᠭ᠋ᠠᠵᠤ᠂ ᠢᠯᠠᠩᠭᠤᠶ᠎ᠠ ᠳᠤᠮᠳᠠ ᠤᠷᠳᠤ ᠬᠤᠭᠤᠴᠠᠭ᠋ᠠᠨ᠎ᠤ ᠪᠠᠢ᠍ᠢ᠍ᠯᠳᠤᠬᠤ ᠪᠤᠳᠤᠯᠭ᠎ᠠ ᠵᠢᠨ ᠡᠬᠦᠷᠬᠡ ᠪᠤᠯᠤᠨ ᠪᠠᠢ᠍ᠢ᠍ᠯᠳᠤᠬᠤ ᠪᠤᠳᠤᠯᠭ᠎ᠠ ᠵᠢᠨ ᠪᠠᠢ᠍ᠢ᠍ᠷᠢᠰᠢᠯ᠎ᠢ ᠰᠤᠳᠤᠯᠤᠨ ᠲᠦᠯᠦᠪᠵᠢᠬᠦᠯᠵᠤ᠂ ᠴᠢᠨᠠᠷ ᠰᠠᠢ᠍ᠢ᠍ᠳᠠᠢ ᠬᠦᠭᠵᠢᠯᠳᠠ᠂ ᠦᠨᠳᠤᠷ ᠦᠷ᠎ᠠ ᠪᠦᠳᠤᠮᠵᠢᠳᠠᠢ ᠵᠠᠰᠠᠯᠳᠠ᠎ᠳᠤ ᠬᠦᠲᠦᠯᠦᠮᠵᠢ ᠪᠤᠯᠬᠤ ᠴᠢᠨᠠᠷᠳᠠᠢ ᠴᠢᠬᠤᠯᠠ ᠶᠡᠬᠡ ᠲᠦᠯᠤᠪᠵᠢᠬᠦᠯᠬᠡ᠂ ᠴᠢᠬᠤᠯᠠ ᠶᠡᠬᠡ ᠦᠬᠡᠷᠡᠴᠢᠠᠯᠯᠳᠠ᠂ ᠴᠢᠬᠤᠯᠡ ᠶᠡᠬᠡ ᠲᠦᠷᠤ ᠵᠢᠨ ᠪᠤᠳᠤᠯᠭ᠎ᠠ ᠵᠢ ᠴᠢᠭᠯᠡᠭᠦᠯᠦᠯᠲᠦ ᠴᠢᠨᠠᠷᠳᠠᠢ᠎ᠪᠠᠷ ᠪᠠᠢ᠍ᠢ᠍ᠷᠢᠯᠠᠭᠤᠯᠵᠤ ᠲᠤᠭᠲᠠᠭ᠋ᠠᠵᠤ᠂ ᠠᠶᠤᠯ ᠲᠦᠭᠰᠢᠭᠦᠷᠢ ᠵᠢ ᠠᠷᠭ᠋ᠠᠴᠠᠭ᠋ᠠᠬᠤ ᠲᠤᠮᠲᠠ ᠠᠵᠢᠯ᠎ᠤᠨ ᠰᠠᠨᠠᠭ᠋ᠠᠴᠢᠯᠠᠭ᠋ᠠᠳᠤ ᠡᠷᠬᠡ ᠵᠢ ᠤᠯᠵᠤ᠂ ᠬᠦᠭᠵᠢᠯᠳᠠ ᠵᠢᠨ ᠰᠠᠨᠠᠭ᠋ᠠᠴᠢᠯᠠᠭ᠋ᠠᠳᠤ ᠲᠠᠢ᠍ᠢ᠍ᠯᠯᠠᠳᠤᠭ᠋ᠠᠨ᠎ᠢ ᠰᠠᠢ᠍ᠢ᠍ᠳᠤᠷ ᠬᠢᠬᠦ ᠭᠡᠷᠡᠭᠳᠠᠢ》᠃
     26᠎ᠤ ᠦᠳᠡ ᠵᠢᠨ ᠬᠤᠢ᠍ᠢ᠍ᠨ᠎ᠠ᠂ ᠴᠢᠯᠤᠬᠡᠯᠡᠬᠦ ᠴᠡᠷᠢᠭ ᠪᠤᠯᠤᠨ ᠵᠡᠪᠰᠡᠭᠳᠤ ᠴᠠᠭᠳᠠᠭ᠎ᠠ ᠵᠢᠨ ᠴᠡᠷᠢᠭ ᠠᠩᠬᠢ ᠵᠢᠨ ᠲᠦᠯᠤᠬᠡᠯᠡᠭᠴᠢᠳ᠎ᠤᠨ ᠪᠦᠯᠬᠦᠮ᠎ᠤᠨ ᠪᠦᠬᠦᠳᠠ ᠬᠤᠷᠠᠯ᠎ᠳᠤ ᠤᠷᠤᠯᠴᠠᠬᠤ᠎ᠳᠠᠭᠠᠨ᠂ ᠰᠢ ᠵᠢᠨ ᠫᠢᠩ᠄ ᠪᠦᠬᠦ ᠴᠡᠷᠢᠭ ᠠᠩᠬᠢ ᠵᠢᠨ᠎ᠬᠢᠨ ᠤᠬᠠᠮᠰᠠᠷ᠎ᠠᠴᠠ᠎ᠪᠠᠨ ᠦᠵᠡᠯ ᠰᠠᠨᠠᠭ᠎ᠠ ᠪᠤᠯᠤᠨ ᠦᠢ᠍ᠯᠡ ᠠᠵᠢᠯᠯᠠᠭ᠎ᠠ᠎ᠪᠠᠨ ᠨᠠᠮ᠎ᠤᠨ ᠲᠦᠪ ᠬᠤᠷᠢᠶᠠᠨ᠎ᠤ ᠰᠢᠢ᠍ᠳᠪᠤᠷᠢᠳᠤ ᠪᠤᠳᠤᠯᠭ᠎ᠠ ᠪᠠᠢ᠍ᠢ᠍ᠷᠢᠯᠠᠭᠤᠯᠤᠯᠳᠠ᠎ᠲᠠᠢ ᠨᠢᠬᠡᠳᠬᠡᠵᠤ᠂ ᠢᠳᠡᠬᠡᠯ ᠵᠤᠷᠢᠬ ᠵᠶ᠋ᠠᠨ ᠪᠠᠳᠤᠳᠬᠠᠵᠤ᠂ ᠬᠦᠴᠢᠷ᠎ᠢ ᠰᠦᠷᠤᠨ ᠤᠷᠤᠬᠰᠢᠯᠠᠵᠤ᠂ ᠬᠢᠵᠢᠭ᠎ᠤᠨ ᠪᠠᠢ᠍ᠢ᠍ᠳᠠᠯ᠎ᠢ ᠰᠡᠷᠬᠡᠢ᠍ᠢ᠍ᠯᠡᠨ ᠡᠵᠡᠮᠳᠡᠬᠦ ᠵᠢ ᠪᠠᠢ᠍ᠢ᠍ᠨᠭ᠌ᠭᠤᠵᠢᠭᠤᠯᠤᠭᠰᠠᠠ ᠤᠷᠢᠳᠠᠯ ᠲᠤᠤᠷ᠎ᠠ ᠴᠡᠷᠢᠭ ᠠᠩᠬᠢ ᠵᠢᠨ ᠡᠯ᠎ᠠ ᠵᠤᠢ᠍ᠢ᠍ᠯ᠎ᠤᠨ ᠠᠵᠢᠯ᠎ᠢ ᠯᠠᠪᠳᠠᠭᠤᠨ ᠪᠠᠳᠤᠳᠠᠢ ᠠᠬᠢᠭᠤᠯᠵᠤ᠂ ᠤᠯᠤᠰ᠎ᠤᠨ ᠪᠠᠳᠤᠯᠠᠨ ᠬᠠᠮᠠᠭ᠋ᠠᠯᠠᠯᠳᠠ ᠪᠤᠯᠤᠨ ᠴᠡᠷᠢᠭ ᠠᠩᠬᠢ ᠵᠢᠨ ᠪᠦᠳᠤᠬᠡᠨ ᠪᠠᠢ᠍ᠢ᠍ᠭᠤᠯᠤᠯᠳᠠ ᠵᠢᠨ 2020 ᠤᠨ᠎ᠤ ᠬᠠᠷᠠᠯᠳᠠ ᠡᠬᠦᠷᠬᠡ ᠵᠢ ᠡᠷᠡᠰ ᠪᠡᠶᠡᠯᠡᠬᠦᠯᠵᠤ᠂ ᠨᠠᠮ ᠪᠤᠯᠤᠨ ᠠᠷᠠᠳ ᠲᠦᠮᠡᠨ᠎ᠤ ᠲᠤᠰᠢᠶᠠᠬᠰᠠᠨ ᠡᠯ᠎ᠠ ᠵᠤᠢ᠍ᠢ᠍ᠯ᠎ᠤᠨ ᠡᠬᠦᠷᠬᠡ ᠵᠢ ᠡᠷᠡᠰ ᠪᠡᠶᠡᠯᠡᠬᠦᠯᠬᠦ ᠭᠡᠷᠡᠭᠳᠠᠢ ᠬᠡᠵᠤ ᠴᠢᠬᠤᠯᠠᠴᠢᠯᠠᠪᠠ᠃
      ᠬᠦᠴᠢᠷ᠎ᠢ ᠲᠤᠭᠤᠯᠵᠤ ᠪᠡᠷᠬᠡ ᠵᠢ ᠲᠠᠪᠠᠬᠤ ᠲᠤᠮᠲᠠ ᠡᠷᠡᠮᠡᠬᠡᠢ᠍ᠢ᠍ᠯᠡᠨ ᠤᠷᠤᠬᠰᠢᠯᠠᠵᠤ᠂ ᠲᠡᠤᠬᠡᠳᠤ ᠴᠢᠨᠠᠷᠳᠠᠢ ᠰᠢᠯᠭ᠋ᠠᠯᠳᠠ ᠲᠤᠮᠲᠠ ᠲᠡᠤᠬᠡᠳᠤ ᠴᠢᠨᠠᠷᠳᠠᠢ ᠤᠷᠤᠬᠰᠢᠯᠠᠯᠳᠠ ᠵᠢ ᠪᠡᠶᠡᠯᠡᠬᠦᠯᠬᠦ ᠭᠡᠷᠡᠭᠳᠠᠢ᠂ ᠶᠠᠷᠤᠩᠬᠡᠢ ᠱᠦᠵᠢ ᠰᠢ ᠵᠢᠨ ᠫᠢᠩ᠎ᠤᠨ ᠶᠠᠷᠢᠶ᠎ᠠ᠎ᠨᠢ ᠬᠦᠮᠦᠰ᠎ᠤᠨ ᠤᠷᠮ᠎ᠠ ᠵᠤᠷᠢᠬ᠎ᠢ ᠬᠦᠭᠵᠢᠬᠡᠵᠤ᠂ ᠤᠷᠤᠬᠰᠢᠯᠠᠭᠤᠯᠤᠨ ᠲᠠᠪᠰᠢᠭᠤᠯᠤᠨ᠎ᠠ —
     《ᠦᠷᠬᠡᠨ ᠤᠯᠠᠨ ᠨᠠᠮ᠎ᠤᠨ ᠬᠡᠰᠢᠬᠦᠨ ᠺᠠᠳ᠋ᠷ ᠠᠷᠠᠳ ᠲᠦᠮᠡᠨ᠎ᠳᠤ ᠲᠦᠰᠢᠭᠯᠠᠵᠤ᠂ ᠬᠢᠵᠢᠭ᠎ᠤᠨ ᠪᠠᠢ᠍ᠢ᠍ᠳᠠᠯ᠎ᠢ ᠰᠡᠷᠬᠡᠢ᠍ᠢ᠍ᠯᠡᠨ ᠡᠵᠡᠮᠳᠡᠬᠦ ᠲᠡᠮᠡᠴᠡᠯ᠎ᠳᠤ ᠢᠯᠡᠷᠡᠬᠦᠯᠦᠭᠰᠡᠨ ᠤᠶᠤᠨ ᠰᠠᠨᠠᠭ᠋ᠠᠨ᠎ᠤ ᠲᠦᠷᠢ ᠲᠦᠷᠬᠦ᠎ᠪᠠᠨ ᠪᠠᠳᠠᠷᠠᠭᠤᠯᠵᠤ᠂ ᠦᠨᠡᠨ ᠬᠦ᠌ ᠠᠳᠬᠤᠨ ᠪᠤᠲᠠᠲᠠᠢ᠎ᠪᠠᠷ ᠠᠵᠢᠯᠯᠠᠵᠤ᠂ ᠡᠷᠡᠯᠭᠡᠭᠯᠡᠨ ᠲᠡᠮᠡᠴᠡᠵᠤ᠂ ᠵᠤᠷᠢᠬᠳᠠᠢ ᠡᠬᠦᠷᠬᠡᠯᠠᠵᠤ᠂ ᠵᠤᠷᠢᠬᠳᠠᠢ ᠲᠡᠮᠡᠴᠡᠵᠤ᠂ ᠵᠤᠷᠢᠬᠳᠠᠢ᠎ᠪᠠᠷ ᠬᠦᠴᠢᠷ ᠪᠡᠷᠬᠡᠰᠢᠶᠠᠯ᠎ᠢ ᠲᠠᠪᠠᠵᠤ ᠨᠡᠩ ᠶᠡᠬᠡ ᠰᠢᠨ᠎ᠡ ᠢᠯᠠᠯᠳᠠ ᠵᠢ ᠤᠯᠬᠤ ᠭᠡᠷᠡᠭᠳᠠᠢ》᠃
     (ᠰᠢᠨᠬᠤᠸᠠ ᠬᠤᠷᠢᠶᠡᠨ᠎ᠤ ᠪᠡᠭᠡᠵᠢᠩ᠎ᠤᠨ 5 ᠰᠠᠷ᠎ᠠ ᠵᠢᠨ 28᠎ᠤ ᠴᠠᠬᠢᠯᠭ᠋ᠠᠨ ᠮᠡᠳᠡᠬᠡ)


ᠢᠷᠡᠯᠲᠡ᠄ ᠳᠤᠮᠳᠠᠳᠤ ᠤᠯᠤᠰ᠎ᠤᠨ ᠮᠣᠩᠭᠣᠯ ᠬᠡᠯᠡᠨ᠎ᠤ ᠰᠣᠨᠢᠨ ᠮᠡᠳᠡᠭᠡ ᠵᠢᠨ ᠰᠦᠯᠵᠢᠶ᠎ᠡ
          
ᠬᠠᠮᠢᠶ᠎ᠡ ᠪᠦᠬᠦᠢ ᠰᠣᠨᠢᠨ
ᠶᠡᠷᠦᠩᠬᠡᠢ ᠱᠦᠵᠢ ᠰᠢ ᠵᠢᠨ ᠫᠢᠩ ᠢᠷᠭ᠋ᠠᠢ ᠬᠣᠲᠠ᠎ᠳᠤ ᠪᠠᠢ᠌ᠴᠠᠭ᠋ᠠᠨ ᠰᠤᠳᠤᠯᠤᠯᠲᠠ ᠬᠢᠪᠡ
ᠰᠢ ᠵᠢᠨ ᠫᠢᠩ 《ᠨᠢᠭᠡ ᠪᠦᠰᠡ ᠨᠢᠭᠡ ᠵᠠᠮ》᠎ᠤᠨ ᠤᠯᠠᠨ ᠤᠯᠤᠰ᠎ᠤᠨ ᠬᠠᠮᠳᠤᠷᠠᠯᠴᠠᠭ᠋ᠠᠨ᠎ᠤ ᠳᠡᠭᠡᠳᠤ ᠲᠡᠰ᠎ᠤᠨ ᠸᠢᠳᠢᠣ᠋ ᠬᠤᠷᠠᠯ᠎ᠳᠤ ᠪᠢᠴᠢᠭ᠎ᠤᠨ ᠬᠡᠯᠪᠡᠷᠢ᠎ᠪᠠᠷ ᠦᠭᠡ ᠬᠡᠯᠡᠪᠡ
ᠰᠢ ᠵᠢᠨ ᠫᠢᠩ ᠪᠦᠬᠦ ᠤᠯᠤᠰ᠎ᠤᠨ ᠦᠷᠬᠡᠨ ᠤᠯᠠᠨ ᠰᠤᠪᠢᠯᠠᠬ᠍ᠴᠢᠳ᠎ᠲᠤ ᠪᠠᠶᠠᠷ᠎ᠤᠨ ᠡᠳᠤᠷ᠎ᠤᠨ ᠬᠦᠰᠡᠯ ᠵᠦᠩᠨᠡᠯ ᠪᠤᠯᠤᠨ ᠴᠢᠩ ᠰᠡᠳᠬᠢᠯ᠎ᠤᠨ ᠲᠤᠬᠤᠨᠢᠭᠤᠯᠤᠯ ᠬᠦᠷᠬᠡᠪᠡ
ᠰᠢ ᠵᠢᠨ ᠫᠢᠩ ᠴᠢᠯᠥᠬᠡᠯᠡᠬᠦ ᠴᠡᠷᠢᠭ ᠪᠤᠯᠤᠨ ᠵᠡᠪᠰᠡᠭᠳᠤ ᠴᠠᠭᠳᠠᠭ᠎ᠠ ᠵᠢᠨ ᠴᠡᠷᠢᠭ ᠠᠩᠬᠢ ᠵᠢᠨ ᠲᠦᠯᠥᠬᠡᠯᠡᠭᠴᠢᠳ᠎ᠤᠨ ᠪᠦᠯᠬᠦᠮ᠎ᠤᠨ ᠪᠦᠬᠦᠳᠡ ᠬᠤᠷᠡᠯ᠎ᠳᠤ ᠣᠷᠣᠯᠴᠠᠵᠤ ᠴᠢᠬᠤᠯᠠ ᠶᠠᠷᠢᠶ᠎ᠠ ᠲᠠᠯᠪᠢᠪᠠ
ᠰᠢ ᠵᠢᠨ ᠫᠢᠩ ᠡᠸᠦ᠋ᠷᠦᠫᠡ ᠲᠢᠪ᠎ᠤᠨ ᠬᠡᠷᠡᠭ ᠡᠷᠬᠢᠯᠡᠭᠴᠢᠳ᠎ᠤᠨ ᠬᠤᠷᠠᠯ᠎ᠤᠨ ᠲᠡᠷᠢᠭᠦᠯᠡᠭᠴᠢ ᠮᠢᠰᠢᠶᠧᠷ ᠪᠠ ᠧᠦ᠋ᠷᠦᠫᠠ ᠲᠢᠪ᠎ᠤᠨ ᠤᠯᠤᠰ᠎ᠤᠳ᠎ᠤᠨ ᠬᠤᠯᠪᠤᠭ᠋ᠠᠨ᠎ᠤ ᠵᠦᠪᠯᠡᠯ᠎ᠤᠨ ᠲᠡᠷᠢᠭᠦᠯᠡᠭᠴᠢ ᠹᠧᠩᠳᠧᠯᠠᠢ᠍ᠢ᠍᠊ ᠊ ᠧᠨ᠎ᠲᠠᠢ ᠠᠭᠤᠯᠵᠠᠵᠠᠢ
 
            