ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠴᠠᠬᠢᠮ ᠰᠣᠷᠪᠣᠯᠵᠢᠯᠠᠭ᠎ᠠ
ᠲᠡᠷᠢᠭᠦᠨ ᠬᠠᠭᠤᠳᠠᠰᠤ   -   ᠲᠡᠷᠢᠭᠦᠨ ᠵᠣᠷᠪᠣᠰ
ᠰᠢ ᠵᠢᠨ ᠫᠢᠩ ᠲᠥᠪ᠎ᠤᠨ ᠥᠭᠡᠷᠡᠴᠢᠯᠡᠯᠲᠡ ᠵᠢ ᠪᠦᠬᠦ ᠲᠠᠯ᠎ᠠ᠎ᠪᠠᠷ ᠭᠦᠨᠵᠡᠭᠡᠶ᠋ᠢᠷᠡᠭᠦᠯᠬᠦ ᠵᠥᠪᠯᠡᠯ᠎ᠤᠨ ᠠᠷᠪᠠᠨ ᠳᠥᠷᠪᠡᠳᠦᠭᠡᠷ ᠤᠳᠠᠭ᠎ᠠ ᠵᠢᠨ ᠬᠤᠷᠠᠯ᠎ᠢ ᠡᠷᠬᠢᠯᠡᠨ ᠬᠤᠷᠠᠯᠳᠤᠭᠤᠯᠬᠤ᠎ᠳᠠᠭᠠᠨ ᠴᠢᠬᠤᠯᠠᠴᠢᠯᠠᠭᠰᠠᠨ᠎ᠨᠢ ᠥᠭᠡᠷᠡᠴᠢᠯᠡᠯᠲᠡ᠎ᠳᠤ ᠲᠦᠰᠢᠭᠯᠡᠨ ᠬᠤᠪᠢᠷᠠᠯᠲᠠ ᠵᠢ ᠠᠷᠭ᠋ᠠᠴᠠᠭ᠋ᠠᠵᠥ ᠰᠢᠨ᠎ᠡ ᠪᠠᠶ᠋ᠢᠳᠠᠯ᠎ᠢ ᠨᠡᠭᠡᠭᠡᠵᠤ ᠵᠠᠩᠭᠢᠯᠠᠭ᠎ᠠ ᠵᠢ ᠴᠢᠩᠭ᠎ᠠ ᠠᠳᠬᠤᠨ ᠰᠦᠪᠡᠭᠴᠢᠯᠡᠯᠲᠡ ᠬᠢᠬᠦ ᠵᠢ ᠵᠤᠷᠢᠬ᠍ᠵᠢᠭᠤᠯᠵᠤ ᠪᠣᠳᠠᠲᠤ ᠦᠷ᠎ᠡ ᠪᠦᠲᠦᠮᠵᠢ ᠵᠢ ᠳᠣᠪᠣᠶ᠋ᠢᠯᠭ᠋ᠠᠬᠤ ᠬᠡᠷᠡᠭᠳᠡᠢ
ᠨᠡᠶ᠋ᠢᠲᠡᠯᠡᠭᠰᠡᠨ ᠴᠠᠭ᠄ 2020-07-02

      ᠯᠢ ᠺᠸ ᠴᠢᠶᠠᠩ ᠸᠠᠩ ᠬᠤ᠌ ᠨᠢᠩ ᠣᠷᠣᠯᠴᠠᠪᠠ
      ᠨᠠᠮ᠎ᠤᠨ ᠲᠥᠪ ᠬᠣᠷᠢᠶᠠᠨ᠎ᠤ ᠶᠡᠷᠦᠩᠬᠡᠢ ᠱᠦᠵᠢ᠂ ᠤᠯᠤᠰ᠎ᠤᠨ ᠲᠡᠷᠢᠭᠦᠯᠡᠭᠴᠢ᠂ ᠲᠥᠪ᠎ᠤᠨ ᠴᠡᠷᠢᠭ᠎ᠤᠨ ᠶᠠᠪᠤᠳᠠᠯ᠎ᠤᠨ ᠬᠣᠷᠢᠶᠠᠨ᠎ᠤ ᠲᠡᠷᠢᠭᠦᠯᠡᠭᠴᠢ᠂ ᠲᠥᠪ᠎ᠤᠨ ᠥᠭᠡᠷᠡᠴᠢᠯᠡᠯᠲᠡ ᠵᠢ ᠪᠦᠬᠦ ᠲᠠᠯ᠎ᠠ᠎ᠪᠠᠷ ᠭᠦᠨᠵᠡᠭᠡᠶ᠋ᠢᠷᠡᠭᠦᠯᠬᠦ ᠵᠥᠪᠯᠡᠯ᠎ᠤᠨ ᠡᠷᠬᠢᠯᠡᠭᠴᠢ ᠰᠢ ᠵᠢᠨ ᠫᠢᠩ 6 ᠰᠠᠷ᠎ᠠ ᠵᠢᠨ 30᠎ᠤ ᠦᠳᠡ ᠵᠢᠨ ᠬᠣᠶ᠋ᠢᠨ᠎ᠠ ᠲᠥᠪ᠎ᠤᠨ ᠥᠭᠡᠷᠡᠴᠢᠯᠡᠯᠲᠡ ᠵᠢ ᠪᠦᠬᠦ ᠲᠠᠯ᠎ᠠ᠎ᠪᠠᠷ ᠭᠦᠨᠵᠡᠭᠡᠶ᠋ᠢᠷᠡᠭᠦᠯᠬᠦ ᠵᠥᠪᠯᠡᠯ᠎ᠤᠨ ᠠᠷᠪᠠᠨ ᠳᠥᠷᠪᠡᠳᠦᠭᠡᠷ ᠤᠳᠠᠭ᠎ᠠ ᠵᠢᠨ ᠬᠤᠷᠠᠯ᠎ᠢ ᠡᠷᠬᠢᠯᠡᠨ ᠬᠤᠷᠠᠯᠳᠤᠭᠤᠯᠬᠤ ᠵᠢᠨ ᠬᠠᠮᠲᠤ ᠴᠢᠬᠤᠯᠠ ᠶᠠᠷᠢᠶ᠎ᠠ ᠲᠠᠯᠪᠢᠪᠠ᠃ ᠲᠡᠷᠡ᠂ 《ᠠᠷᠪᠠᠨ ᠭᠤᠷᠪᠠᠳᠤᠭ᠋ᠠᠷ ᠲᠠᠪᠤᠨ ᠵᠢᠯ》᠎ᠤᠨ ᠲᠥᠯᠥᠪᠵᠢᠭᠦᠯᠭᠡ ᠵᠢᠨ ᠭᠣᠣᠯ ᠬᠠᠷᠠᠯᠲᠠ ᠡᠭᠦᠷᠭᠡ ᠵᠢ ᠠᠮᠵᠢᠯᠲᠠ᠎ᠲᠠᠢ ᠪᠡᠶᠡᠯᠡᠭᠦᠯᠵᠦ᠂ ᠶᠠᠳᠠᠭᠤ᠎ᠠᠴᠠ ᠠᠩᠭᠢᠵᠢᠷᠠᠭᠤᠯᠬᠤ ᠪᠣᠭᠣᠮᠲᠠ ᠰᠢᠪᠲᠤᠯᠬᠤ ᠰᠢᠢ᠍ᠳᠪᠦᠷᠢᠲᠦ ᠢᠯᠠᠯᠲᠠ ᠵᠢ ᠣᠯᠵᠤ᠂ ᠴᠢᠨᠡᠭᠡᠯᠢᠭ ᠨᠡᠶ᠋ᠢᠭᠡᠮ᠎ᠢ ᠪᠦᠬᠦ ᠲᠠᠯ᠎ᠠ᠎ᠪᠠᠷ ᠪᠡᠶᠡᠯᠡᠬᠦᠯᠵᠤ᠂ ᠢᠯᠠᠯᠲᠠ ᠵᠢᠨ ᠡᠷᠴᠢᠨ ᠳᠡᠭᠡᠷ᠎ᠡ ᠤᠷᠤᠬᠰᠢᠯᠠᠨ ᠨᠡᠶ᠋ᠢᠭᠡᠮ ᠵᠢᠷᠤᠮ᠎ᠤᠨ ᠣᠳᠣᠬᠢᠴᠢᠯᠠᠭᠰᠠᠨ ᠤᠯᠤᠰ᠎ᠢ ᠪᠦᠬᠦ ᠲᠠᠯ᠎ᠠ᠎ᠪᠠᠷ ᠪᠦᠲᠦᠭᠡᠨ ᠪᠠᠶ᠋ᠢᠭᠤᠯᠬᠤ ᠰᠢᠨ᠎ᠡ ᠠᠶᠠᠨ ᠵᠶ᠋ᠠᠨ ᠡᠬᠢᠯᠡᠭᠦᠯᠬᠦ᠎ᠳᠤ ᠡᠷᠬᠡᠪᠰᠢ ᠥᠭᠡᠷᠡᠴᠢᠯᠡᠯᠲᠡ ᠵᠢᠨ ᠰᠢᠪᠲᠤᠯᠤᠯᠲᠠ ᠪᠠ ᠵᠠᠮᠴᠢ ᠦᠢ᠍ᠯᠡᠳᠦᠯ᠎ᠢ ᠰᠠᠶ᠋ᠢᠲᠤᠷ ᠪᠠᠳᠠᠷᠠᠭᠤᠯᠵᠤ᠂ ᠥᠭᠡᠷᠡᠴᠢᠯᠡᠯᠲᠡ᠎ᠳᠤ ᠲᠦᠰᠢᠭᠯᠡᠨ ᠬᠤᠪᠢᠷᠠᠯᠲᠠ ᠵᠢ ᠠᠷᠭ᠋ᠠᠴᠠᠭ᠋ᠠᠵᠤ᠂ ᠰᠢᠨ᠎ᠡ ᠪᠠᠶ᠋ᠢᠳᠠᠯ᠎ᠢ ᠨᠡᠭᠡᠭᠡᠵᠦ᠂ ᠬᠠᠷᠠᠯᠲᠠ᠎ᠪᠠᠷ ᠬᠥᠲᠥᠯᠥᠨ ᠳᠠᠭ᠋ᠠᠭᠤᠯᠬᠤ ᠪᠠ ᠠᠰᠠᠭᠤᠳᠠᠯ ᠵᠶ᠋ᠠᠷ ᠤᠳᠤᠷᠢᠳᠤᠮᠵᠢ ᠪᠣᠯᠭ᠋ᠠᠬᠤ ᠵᠢ ᠪᠠᠷᠢᠮᠲᠠᠯᠠᠵᠤ᠂ ᠬᠦᠴᠦ ᠬᠤᠷᠠᠮᠳᠤᠭᠤᠯᠬᠤ ᠬᠦᠴᠦ ᠬᠠᠳᠠᠭ᠋ᠠᠯᠠᠬᠤ ᠬᠦᠴᠦ ᠲᠦᠯᠦᠪᠵᠢᠬᠦᠯᠬᠦ᠎ᠳᠡᠭᠡᠨ ᠴᠢᠳᠠᠮᠠᠭ᠋ᠠᠶ ᠪᠠᠶ᠋ᠢᠬᠤ᠎ᠪᠠᠷ ᠪᠠᠷᠠᠬᠤ ᠦᠬᠡᠢ ᠪᠠᠰᠠ ᠬᠤᠪᠢᠷᠠᠯᠲᠠ ᠵᠢ ᠲᠠᠨᠢᠵᠤ ᠬᠤᠪᠢᠷᠠᠯᠳᠠ ᠵᠢ ᠡᠷᠢᠯᠬᠢᠯᠡᠵᠤ ᠬᠤᠪᠢᠷᠠᠯᠳᠠ ᠵᠢ ᠠᠷᠭ᠋ᠠᠴᠠᠭ᠋ᠠᠬᠤ᠎ᠳᠠᠭᠠᠨ ᠴᠢᠳᠠᠮᠠᠭ᠋ᠠᠢ ᠪᠠᠢ᠍ᠢ᠍ᠵᠥ᠂ ᠵᠠᠩᠭᠢᠯᠠᠭ᠎ᠠ ᠵᠢ ᠴᠢᠩᠭ᠎ᠠ ᠠᠳᠬᠤᠵᠤ᠂ ᠰᠦᠪᠡᠭᠴᠢᠯᠡᠯᠲᠡ ᠬᠢᠬᠦ ᠵᠢ ᠢᠳᠡᠪᠬᠢᠲᠡᠶ᠎ᠪᠠᠷ ᠵᠣᠷᠢᠭᠵᠢᠭᠤᠯᠤᠨ᠂ ᠥᠭᠡᠷᠡᠴᠢᠯᠡᠯᠲᠡ ᠵᠢᠨ ᠪᠣᠳᠠᠲᠤ ᠦᠷ᠎ᠡ ᠪᠦᠲᠦᠮᠵᠢ ᠵᠢ ᠳᠣᠪᠣᠶ᠋ᠢᠯᠭ᠋ᠠᠵᠤ᠂ ᠥᠭᠡᠷᠡᠴᠢᠯᠡᠯᠲᠡ ᠵᠢ ᠠᠵᠤ ᠠᠬᠤᠶ ᠨᠡᠶ᠋ᠢᠭᠡᠮ᠎ᠤᠨ ᠬᠥᠭᠵᠢᠯᠲᠡ ᠵᠢᠨ ᠶᠡᠬᠡ ᠲᠠᠯ᠎ᠠ᠎ᠳᠤ ᠨᠠᠩ ᠰᠠᠶ᠋ᠢᠨ ᠦᠢ᠍ᠯᠡᠴᠢᠯᠡᠭᠦᠯᠬᠦ ᠬᠡᠷᠡᠭᠳᠡᠢ ᠬᠡᠵᠥ ᠴᠢᠬᠤᠯᠠᠴᠢᠯᠠᠪᠠ᠃
      ᠨᠠᠮ᠎ᠤᠨ ᠲᠥᠪ ᠬᠣᠷᠢᠶᠠᠨ᠎ᠤ ᠤᠯᠤᠰ ᠲᠦᠷᠦ ᠵᠢᠨ ᠲᠣᠪᠴᠢᠶᠠᠨ᠎ᠤ ᠪᠠᠶ᠋ᠢᠩᠭᠤ ᠵᠢᠨ ᠭᠡᠰᠢᠭᠦᠨ᠂ ᠲᠥᠪ᠎ᠤᠨ ᠥᠭᠡᠷᠡᠴᠢᠯᠡᠯᠲᠡ ᠵᠢ ᠪᠦᠬᠦ ᠲᠠᠯ᠎ᠠ᠎ᠪᠠᠷ ᠭᠦᠨᠵᠡᠭᠡᠶ᠋ᠢᠷᠡᠭᠦᠯᠬᠦ ᠵᠥᠪᠯᠡᠯ᠎ᠤᠨ ᠳᠡᠳ᠋ ᠡᠷᠬᠢᠯᠡᠭᠴᠢ ᠯᠢ ᠺᠸ ᠴᠢᠶᠠᠩ᠂ ᠸᠠᠩ ᠬᠤ᠌ ᠨᠢᠩ ᠬᠤᠷᠠᠯ᠎ᠳᠤ ᠣᠷᠣᠯᠴᠠᠪᠠ᠃
      ᠬᠤᠷᠠᠯ᠎ᠠᠴᠠ 《ᠤᠯᠤᠰ᠎ᠤᠨ ᠥᠮᠴᠢᠯᠡᠯ᠎ᠤᠨ ᠠᠵᠤ ᠠᠬᠤᠶ᠋ᠢᠯᠠᠯ᠎ᠤᠨ ᠥᠭᠡᠷᠡᠴᠢᠯᠡᠯᠲᠡ ᠵᠢᠨ ᠭᠤᠷᠪᠠᠨ ᠵᠢᠯ᠎ᠤᠨ ᠠᠵᠢᠯᠯᠠᠭ᠎ᠠ ᠵᠢᠨ ᠲᠥᠰᠦᠯ (2020 — 2022 ᠣᠨ)》᠂ 《ᠰᠢᠨ᠎ᠡ ᠨᠢᠭᠡ ᠦᠶ᠎ᠡ ᠵᠢᠨ ᠮᠡᠳᠡᠭᠡ ᠵᠠᠩᠭᠢ ᠵᠢᠨ ᠮᠡᠷᠭᠡᠵᠢᠯ ᠬᠢᠭᠡᠳ ᠦᠢ᠍ᠯᠡᠳᠬᠦ ᠦᠢ᠍ᠯᠡᠰ᠎ᠤᠨ ᠠᠭᠤᠰᠤᠯᠴᠠᠨ ᠬᠥᠭᠵᠢᠬᠦ ᠵᠢ ᠭᠦᠨᠵᠡᠭᠡᠶ᠋ᠢᠷᠡᠭᠦᠯᠬᠦ ᠲᠤᠬᠠᠶ ᠵᠢᠯᠣᠭᠣᠳᠬᠤ ᠰᠠᠨᠠᠯ》᠂ 《ᠬᠥᠳᠡᠭᠡ ᠲᠣᠰᠬᠣᠨ᠎ᠤ ᠬᠡᠷ ᠪᠠᠢ᠍ᠢ᠍ᠰᠢᠩ᠎ᠤᠨ ᠰᠠᠭᠤᠷᠢ ᠵᠢᠨ ᠲᠦᠷᠢᠮ᠎ᠤᠨ ᠥᠭᠡᠷᠡᠴᠢᠯᠡᠯᠲᠡ ᠵᠢ ᠭᠦᠨᠵᠡᠭᠡᠶ᠋ᠢᠷᠡᠭᠦᠯᠬᠦ ᠲᠤᠷᠰᠢᠯᠲᠠ ᠵᠢᠨ ᠴᠡᠭ᠎ᠤᠨ ᠲᠥᠰᠦᠯ》᠂ 《ᠵᠠᠭᠤᠴᠢᠯᠠᠭᠤᠷ᠎ᠤᠨ ᠭᠦᠨᠵᠡᠭᠡᠶ ᠠᠭᠤᠰᠤᠯᠴᠠᠨ ᠬᠥᠭᠵᠢᠬᠦ ᠵᠢ ᠲᠦᠷᠭᠡᠳᠬᠡᠨ ᠠᠬᠢᠭᠤᠯᠬᠤ ᠲᠤᠬᠠᠶ ᠵᠢᠯᠣᠭᠣᠳᠬᠤ ᠰᠠᠨᠠᠯ》᠂ 《ᠰᠢᠨ᠎ᠡ ᠴᠠᠭ ᠦᠶ᠎ᠡ ᠵᠢᠨ ᠰᠤᠷᠭ᠋ᠠᠨ ᠬᠥᠮᠦᠵᠢᠯ᠎ᠤᠨ ᠦᠨᠡᠯᠡᠯᠲᠡ ᠵᠢᠨ ᠥᠭᠡᠷᠡᠴᠢᠯᠡᠯᠲᠡ ᠵᠢ ᠭᠦᠨᠵᠡᠭᠡᠶ᠋ᠢᠷᠡᠭᠦᠯᠬᠦ ᠶᠡᠷᠦᠩᠬᠡᠶ

ᠲᠥᠰᠦᠯ》᠂ 《ᠤᠯᠤᠰ᠎ᠤᠨ ᠥᠮᠴᠢᠯᠡᠯᠲᠦ ᠤᠳᠬ᠎ᠠ ᠤᠷᠠᠯᠢᠭ᠎ᠤᠨ ᠬᠦᠷᠢᠶᠡᠯᠡᠩ ᠪᠦᠯᠬᠦᠮ᠎ᠤᠨ ᠥᠭᠡᠷᠡᠴᠢᠯᠡᠯᠲᠡ ᠵᠢ ᠭᠦᠨᠵᠡᠭᠡᠶ᠋ᠢᠷᠡᠭᠦᠯᠬᠦ ᠲᠤᠬᠠᠶ ᠬᠡᠷᠡᠭᠵᠢᠭᠦᠯᠬᠦ ᠰᠠᠨᠠᠯ》᠎ᠢ ᠬᠢᠨᠠᠨ ᠵᠥᠪᠯᠡᠵᠦ ᠪᠠᠲᠤᠯᠠᠪᠠ᠃ ᠬᠤᠷᠠᠯ᠎ᠠᠴᠠ ᠪᠠᠰᠠ ᠨᠠᠮ᠎ᠤᠨ ᠠᠷᠪᠠᠨ ᠨᠠᠢ᠍ᠮᠠᠳᠤᠭ᠋ᠠᠷ ᠬᠤᠭᠤᠴᠠᠭ᠋ᠠᠨ᠎ᠤ ᠲᠥᠪ ᠬᠣᠷᠢᠶᠠᠨ᠎ᠤ ᠭᠤᠷᠪᠠᠳᠤᠭ᠋ᠠᠷ ᠪᠥᠬᠥᠳᠡ ᠬᠤᠷᠠᠯ᠎ᠠᠴᠠ ᠨᠠᠭ᠋ᠠᠰᠢᠬᠢ ᠡᠮ ᠡᠮᠨᠡᠯᠭᠡ ᠡᠷᠡᠭᠦᠯ ᠬᠠᠮᠠᠭ᠋ᠠᠯᠠᠯ᠎ᠤᠨ ᠪᠠᠶ᠋ᠢᠭᠤᠯᠤᠮᠵᠢ ᠵᠢᠨ ᠥᠭᠡᠷᠡᠴᠢᠯᠡᠯᠲᠡ ᠵᠢᠨ ᠠᠬᠢᠴᠠ ᠵᠢᠨ ᠪᠠᠶ᠋ᠢᠳᠠᠯ᠎ᠤᠨ ᠬᠠᠷᠢᠭᠤ ᠮᠡᠳᠡᠭᠦᠯᠦᠯᠲᠡ ᠵᠢ ᠰᠣᠨᠣᠰᠪᠠ᠃
      ᠬᠤᠷᠠᠯ᠎ᠠᠴᠠ᠂ ᠤᠯᠤᠰ᠎ᠤᠨ ᠥᠮᠴᠢᠯᠡᠯ᠎ᠤᠨ ᠠᠵᠤ ᠠᠬᠤᠶ᠋ᠢᠯᠠᠯ ᠪᠣᠯ ᠳᠤᠮᠳᠠᠳᠤ ᠤᠯᠤᠰ᠎ᠤᠨ ᠣᠨᠴᠠᠯᠢᠭ᠎ᠲᠠᠢ ᠨᠡᠶ᠋ᠢᠭᠡᠮ ᠵᠢᠷᠤᠮ᠎ᠤᠨ ᠴᠢᠬᠤᠯᠠ ᠪᠣᠳᠠᠰ᠎ᠤᠨ ᠰᠠᠭᠤᠷᠢ ᠪᠠ ᠤᠯᠤᠰ ᠲᠦᠷᠦ ᠵᠢᠨ ᠰᠠᠭᠤᠷᠢ ᠮᠥᠨ᠂ ᠨᠠᠮ᠎ᠤᠨ ᠲᠦᠷᠦ ᠪᠠᠷᠢᠵᠤ ᠤᠯᠤᠰ ᠵᠶ᠋ᠠᠨ ᠮᠠᠨᠳᠤᠭᠤᠯᠬᠤ ᠵᠢᠨ ᠴᠢᠬᠤᠯᠠ ᠲᠤᠯᠭ᠋ᠠᠭᠤᠷᠢ ᠪᠠ ᠲᠦᠰᠢᠭᠯᠡᠬᠦ ᠬᠦᠴᠦᠨ ᠮᠥᠨ᠃ ᠡᠨᠡ ᠤᠳᠠᠭ᠋ᠠᠨ᠎ᠤ ᠰᠢᠨ᠎ᠡ ᠲᠢᠲᠢᠮᠯᠢᠭ ᠠᠭᠤᠰᠬᠢᠨ ᠦᠷᠪᠢᠰᠦᠯ᠎ᠤᠨ ᠬᠢᠵᠢᠭ᠎ᠤᠨ ᠪᠠᠶ᠋ᠢᠳᠠᠯ᠎ᠢ ᠠᠷᠭ᠋ᠠᠴᠠᠭ᠋ᠠᠬᠤ ᠶᠠᠪᠤᠴᠠ᠎ᠳᠤ᠂ ᠤᠯᠤᠰ᠎ᠤᠨ ᠥᠮᠴᠢᠯᠡᠯ᠎ᠤᠨ ᠠᠵᠤ ᠠᠬᠤᠶ᠋ᠢᠯᠠᠯ ᠬᠦᠨᠳᠦ ᠡᠭᠦᠷᠭᠡ ᠵᠢ ᠵᠣᠷᠢᠭᠲᠠᠶ ᠡᠭᠦᠷᠭᠡᠯᠡᠵᠦ᠂ ᠪᠠᠴᠢᠮ ᠪᠠᠶ᠋ᠢᠳᠠᠯ᠎ᠢ ᠠᠷᠭ᠋ᠠᠴᠠᠭ᠋ᠠᠵᠤ ᠬᠠᠩᠭ᠋ᠠᠯᠭ᠎ᠠ ᠵᠢ ᠪᠠᠲᠤᠯᠠᠬᠤ᠂ ᠡᠮ ᠡᠮᠨᠡᠯᠭᠡ ᠵᠢᠨ ᠲᠤᠰᠠᠯᠠᠮᠵᠢ ᠦᠵᠡᠭᠦᠯᠬᠦ᠂ ᠠᠵᠢᠯ ᠦᠢ᠍ᠯᠡᠳᠪᠦᠷᠢᠯᠡᠯ ᠵᠶ᠋ᠠᠨ ᠰᠡᠷᠭᠦᠭᠡᠬᠦ᠂ ᠠᠵᠤ ᠦᠢ᠍ᠯᠡᠰ᠎ᠤᠨ ᠬᠡᠯᠬᠢᠶ᠎ᠡ ᠬᠠᠩᠭ᠋ᠠᠯᠭ᠎ᠠ ᠵᠢᠨ ᠬᠡᠯᠬᠢᠶ᠎ᠡ ᠵᠢ ᠲᠣᠭᠲᠠᠪᠤᠷᠢᠵᠢᠭᠤᠯᠬᠤ ᠵᠡᠷᠭᠡ ᠲᠠᠯ᠎ᠠ᠎ᠪᠠᠷ ᠴᠢᠬᠤᠯᠠ ᠦᠢ᠍ᠯᠡᠳᠦᠯ ᠦᠵᠡᠭᠦᠯᠪᠡ᠃ ᠬᠣᠶ᠋ᠢᠰᠢᠳᠠ ᠵᠢᠨ 3 ᠵᠢᠯ ᠪᠣᠯ ᠤᠯᠤᠰ᠎ᠤᠨ ᠥᠮᠴᠢᠯᠡᠯ᠎ᠤᠨ ᠠᠵᠤ ᠠᠬᠤᠶ᠋ᠢᠯᠠᠯ᠎ᠤᠨ ᠥᠭᠡᠷᠡᠴᠢᠯᠡᠯᠲᠡ ᠵᠢᠨ ᠵᠠᠩᠭᠢᠯᠠᠭ᠎ᠠ ᠵᠢᠨ ᠱᠠᠲᠤ ᠦᠶ᠎ᠡ ᠪᠣᠯᠤᠨ᠎ᠠ᠂ ᠤᠯᠤᠰ᠎ᠤᠨ ᠥᠮᠴᠢᠯᠡᠯ᠎ᠤᠨ ᠠᠵᠤ ᠠᠬᠤᠶ᠋ᠢᠯᠠᠯ᠎ᠳᠠᠬᠢ ᠨᠠᠮ᠎ᠤᠨ ᠪᠦᠬᠦ ᠲᠠᠯ᠎ᠠ ᠵᠢᠨ ᠤᠳᠤᠷᠢᠳᠤᠯᠭ᠎ᠠ ᠵᠢ ᠪᠠᠷᠢᠮᠲᠠᠯᠠᠨ ᠴᠢᠩᠭ᠋ᠠᠳᠬᠠᠵᠤ᠂ ᠠᠵᠤ ᠠᠬᠤᠶ ᠵᠢᠨ ᠦᠨᠳᠦᠰᠦᠨ ᠪᠠᠶ᠋ᠢᠭᠤᠯᠤᠯ᠎ᠢ ᠪᠠᠷᠢᠮᠲᠠᠯᠠᠨ ᠲᠡᠭᠦᠯᠳᠡᠷᠵᠢᠭᠦᠯᠵᠥ᠂ ᠨᠡᠶ᠋ᠢᠭᠡᠮ ᠵᠢᠷᠤᠮ᠎ᠤᠨ ᠵᠠᠬ᠎ᠠ ᠳᠡᠯᠭᠡᠭᠦᠷ᠎ᠤᠨ ᠠᠵᠤ ᠠᠬᠤᠢ ᠵᠢᠨ ᠥᠭᠡᠷᠡᠴᠢᠯᠡᠯᠲᠡ ᠵᠢᠨ ᠴᠢᠭᠯᠡᠯ᠎ᠢ ᠪᠠᠷᠢᠮᠲᠠᠯᠠᠵᠤ᠂ ᠭᠣᠤᠯᠳᠠᠯᠭ᠎ᠠ ᠵᠢ ᠠᠳᠬᠤᠨ᠂ ᠳᠤᠲᠠᠭᠤᠳᠠᠯ᠎ᠢ ᠨᠥᠬᠥᠪᠥᠷᠢᠯᠡᠵᠦ᠂ ᠪᠠᠭᠤᠷᠠᠶ ᠲᠠᠯ᠎ᠠ ᠵᠢ ᠬᠦᠴᠦᠷᠬᠡᠭᠵᠢᠭᠦᠯᠵᠦ᠂ ᠤᠯᠤᠰ᠎ᠤᠨ ᠥᠮᠴᠢᠯᠡᠯ᠎ᠤᠨ ᠠᠵᠤ ᠠᠬᠤᠶ ᠵᠢᠨ ᠪᠠᠢ᠍ᠢ᠍ᠷᠢᠰᠢᠭᠤᠯᠤᠯ᠎ᠢ ᠰᠢᠯᠢᠳᠡᠭᠵᠢᠬᠦᠯᠬᠦ ᠪᠤᠯᠤᠨ ᠪᠦᠲᠦᠴᠡ ᠵᠢᠨ ᠲᠣᠬᠢᠷᠠᠭᠤᠯᠤᠯᠲᠠ ᠵᠢ ᠠᠬᠢᠭᠤᠯᠵᠤ᠂ ᠤᠯᠤᠰ᠎ᠤᠨ ᠥᠮᠴᠢᠯᠡᠯ᠎ᠤᠨ ᠠᠵᠤ ᠠᠬᠤᠶ ᠵᠢᠨ ᠥᠷᠢᠰᠥᠯᠳᠦᠬᠦ ᠬᠦᠴᠦᠨ᠂ ᠰᠢᠨ᠎ᠡ ᠵᠢ ᠡᠭᠦᠳᠬᠦ ᠬᠦᠴᠦᠨ᠂ ᠡᠵᠡᠮᠳᠡᠬᠦ ᠬᠦᠴᠦᠨ᠂ ᠨᠥᠯᠥᠭᠡᠯᠡᠬᠦ ᠬᠦᠴᠦᠨ᠂ ᠠᠶᠤᠯ ᠲᠦᠭᠰᠢᠭᠦᠷᠢ ᠵᠢ ᠡᠰᠡᠷᠭᠦᠴᠡᠬᠦ ᠴᠢᠳᠠᠪᠤᠷᠢ ᠵᠢ ᠴᠢᠩᠭ᠋ᠠᠷᠠᠭᠤᠯᠬᠤ ᠬᠡᠷᠡᠭᠳᠡᠢ ᠬᠡᠵᠥ ᠵᠢᠭ᠋ᠠᠵᠥ ᠭᠠᠷᠭ᠋ᠠᠪᠠ᠃
      ᠬᠤᠷᠠᠯ᠎ᠠᠴᠠ᠂ ᠰᠢᠨ᠎ᠡ ᠨᠢᠭᠡ ᠦᠶ᠎ᠡ ᠵᠢᠨ ᠮᠡᠳᠡᠭᠡ ᠵᠠᠨᠭ᠌ᠭᠢ ᠵᠢᠨ ᠮᠡᠷᠭᠡᠵᠢᠯ ᠪᠠ ᠦᠢ᠍ᠯᠡᠳᠬᠦ ᠦᠢ᠍ᠯᠡᠰ᠎ᠤᠨ ᠠᠭᠤᠰᠤᠯᠴᠠᠨ ᠬᠦᠭᠵᠢᠬᠦ ᠵᠢ ᠲᠦᠷᠭᠡᠳᠭᠡᠨ ᠠᠬᠢᠭᠤᠯᠬᠤ᠎ᠳᠤ᠂ ᠰᠢᠨ᠎ᠡ ᠨᠢᠭᠡ ᠡᠭᠡᠯᠵᠢ ᠵᠢᠨ ᠰᠢᠨᠵᠢᠯᠡᠬᠦ ᠤᠬᠠᠭ᠋ᠠᠨ ᠲᠸᠭᠨᠢᠭ ᠮᠡᠷᠭᠡᠵᠢᠯ᠎ᠤᠨ ᠬᠤᠪᠢᠰᠬᠠᠯ ᠪᠠ ᠠᠵᠤ ᠦᠢ᠍ᠯᠡᠰ᠎ᠤᠨ ᠬᠤᠪᠢᠰᠤᠯᠲᠠ ᠵᠢᠨ ᠬᠠᠨᠳᠤᠰᠢ᠎ᠯᠤᠭ᠎ᠠ ᠵᠤᠬᠢᠴᠠᠵᠤ᠂ ᠬᠠᠨᠭ᠌ᠭ᠋ᠠᠯᠭ᠎ᠡ ᠵᠢᠨ ᠲᠠᠯ᠎ᠡ ᠵᠢᠨ ᠪᠦᠳᠦᠴᠠ ᠵᠢᠨ ᠴᠢᠨᠠᠷᠳᠠᠢ ᠦᠭᠡᠷᠡᠴᠢᠯᠡᠯᠳᠠ᠎ᠪᠠᠷ ᠭᠤᠤᠯ ᠱᠤᠭᠤᠮ ᠪᠤᠯᠭ᠋ᠠᠵᠤ᠂ ᠤᠶᠤᠨᠳᠤ ᠦᠢ᠍ᠯᠡᠳᠬᠦ ᠦᠢ᠍ᠯᠡᠰ ᠵᠶ᠋ᠠᠷ ᠭᠤᠤᠯ ᠬᠦᠴᠤᠯᠠᠬᠦ ᠴᠢᠭᠯᠡᠯ ᠪᠤᠯᠭ᠋ᠠᠨ᠂ ᠠᠵᠤ ᠦᠢ᠍ᠯᠡᠳᠪᠤᠷᠢ ᠵᠢᠨ ᠢᠨᠲᠸᠷ ᠰᠦᠯᠵᠢᠶ᠎ᠡ᠎ᠪᠠᠷ ᠰᠢᠨ᠎ᠡ ᠵᠢ ᠡᠬᠦᠳᠦᠨ ᠬᠦᠭᠵᠢᠬᠦ ᠵᠢ ᠲᠦᠷᠭᠡᠳᠭᠡᠵᠤ᠂ ᠦᠢ᠍ᠯᠡᠳᠬᠦ ᠦᠢ᠍ᠯᠡᠰ᠎ᠤᠨ ᠦᠢ᠍ᠯᠡᠳᠪᠤᠷᠢᠯᠡᠯ᠎ᠤᠨ ᠠᠷᠭ᠎ᠡ ᠬᠡᠯᠪᠡᠷᠢ ᠪᠠ ᠠᠵᠤ ᠠᠬᠤᠢ᠍ᠢ᠍ᠯᠠᠯ᠎ᠤᠨ ᠬᠡᠯᠪᠡᠷᠢ ᠪᠠᠢ᠍ᠢ᠍ᠳᠠᠯ᠎ᠤᠨ ᠦᠨᠳᠤᠰᠤᠨ ᠴᠢᠨᠠᠷᠳᠠᠢ ᠬᠤᠪᠢᠰᠤᠯᠳᠠ ᠵᠢ ᠲᠦᠷᠭᠡᠳᠭᠡᠨ᠂ ᠠᠭᠤᠰᠤᠯᠴᠠᠨ ᠬᠦᠭᠵᠢᠬᠦ ᠰᠠᠭᠤᠷᠢ ᠲᠤᠯᠭ᠋ᠠᠭᠤᠷᠢᠯᠡᠯ᠎ᠢ ᠪᠠᠬᠢᠵᠢᠬᠦᠯᠵᠤ᠂ ᠬᠠᠤᠯᠢ ᠴᠠᠭ᠋ᠠᠵᠠ ᠬᠠᠤᠯᠢ ᠲᠤᠬᠳᠠᠭ᠋ᠠᠯ᠎ᠢ ᠪᠦᠷᠢᠨᠰᠢᠬᠦᠯᠤᠨ᠂ ᠦᠢ᠍ᠯᠡᠳᠬᠦ ᠦᠢ᠍ᠯᠡᠰ᠎ᠤᠨ ᠲᠤᠭ᠋ᠠᠴᠢᠯᠠᠬᠰᠨᠨ᠂ ᠲᠤᠤᠷ ᠰᠦᠯᠵᠢᠶᠠᠵᠢᠭᠰᠡᠨ᠂ ᠤᠶᠤᠨᠴᠢᠯᠠᠬᠰᠡᠨ ᠬᠦᠭᠵᠢᠯᠳᠠ ᠵᠢᠨ ᠲᠦᠪᠰᠢᠨ᠎ᠢ ᠲᠡᠭᠡᠭᠰᠢᠯᠡᠬᠦᠯᠬᠦ ᠭᠡᠷᠡᠭᠳᠠᠢ ᠭᠡᠵᠤ ᠴᠢᠬᠤᠯᠠᠴᠢᠯᠠᠪᠠ᠃
      ᠬᠤᠷᠠᠯ᠎ᠠᠴᠠ᠂ ᠬᠦᠳᠡᠭᠡ ᠲᠤᠰᠬᠤᠨ᠎ᠤ ᠭᠡᠷ ᠪᠠᠢ᠍ᠢ᠍ᠰᠢᠩ᠎ᠤᠨ ᠰᠠᠭᠤᠷᠢ ᠭᠠᠵᠠᠷ᠎ᠤᠨ ᠲᠦᠷᠢᠮ᠎ᠤᠨ ᠦᠭᠡᠷᠡᠴᠢᠯᠡᠯᠳᠠ ᠵᠢ ᠬᠦᠨᠵᠡᠭᠡᠢ᠍ᠢ᠍ᠷᠠᠬᠦᠯᠵᠤ᠂ ᠭᠡᠷ ᠪᠠᠢ᠍ᠢ᠍ᠰᠢᠩ᠎ᠤᠨ ᠰᠠᠭᠤᠷᠢ ᠵᠢᠨ ᠬᠠᠮᠳᠤ ᠵᠢᠨ ᠦᠮᠴᠢᠯᠡᠯ᠎ᠤᠨ ᠡᠷᠭᠡ ᠵᠢ ᠨᠠᠢ᠍ᠢ᠍ᠲᠠᠪᠤᠷᠢᠵᠢᠭᠤᠯᠬᠤ᠂ ᠭᠡᠷ ᠪᠠᠢ᠍ᠢ᠍ᠰᠢᠩ᠎ᠤᠨ ᠰᠠᠭᠤᠷᠢ ᠵᠢᠨ ᠲᠡᠷᠢᠶᠠᠴᠢᠨ ᠡᠷᠦᠭᠡ ᠵᠢᠨ ᠬᠢᠷᠢ ᠬᠡᠮ᠎ᠤᠨ ᠡᠷᠭᠡ ᠪᠠ ᠲᠡᠷᠢᠶᠠᠴᠢᠨ᠎ᠤ ᠭᠡᠷ ᠪᠠᠢ᠍ᠢ᠍ᠰᠢᠩ ᠡᠳ᠋ ᠬᠦᠷᠤᠨᠭ᠌ᠭᠡ ᠵᠢᠨ ᠡᠷᠭᠡ ᠵᠢ ᠪᠠᠲᠤᠯᠠᠬᠤ᠂ ᠭᠡᠷ ᠪᠠᠢ᠍ᠢ᠍ᠰᠢᠩ᠎ᠤᠨ ᠰᠠᠭᠤᠷᠢ ᠪᠠ ᠲᠡᠷᠢᠶᠠᠴᠢᠳ᠎ᠤᠨ ᠭᠡᠷ ᠪᠠᠢ᠍ᠢ᠍ᠰᠢᠩ᠎ᠤᠨ ᠭᠡᠷᠡᠭᠯᠡᠬᠦ ᠡᠷᠭᠡ ᠵᠢ ᠵᠤᠬᠢᠰᠳᠠᠢ ᠴᠢᠯᠦᠭᠡᠳᠠᠢ ᠲᠠᠯᠪᠢᠬᠤ ᠪᠤᠳᠠᠳᠠᠢ ᠠᠷᠭ᠎ᠡ ᠵᠠᠮ ᠪᠠ ᠠᠷᠭ᠎ᠡ ᠬᠡᠮᠵᠢᠶ᠎ᠡ ᠵᠢ ᠢᠳᠡᠪᠬᠢᠳᠠᠢ ᠬᠠᠢ᠍ᠢ᠍ᠨ ᠰᠦᠪᠡᠭᠴᠢᠯᠡᠵᠤ᠂ ᠭᠠᠵᠠᠷ ᠰᠢᠷᠤᠢ ᠵᠢᠨ ᠨᠡᠢ᠍ᠢ᠍ᠳᠠ ᠵᠢᠨ ᠦᠮᠴᠢᠯᠡᠯ᠎ᠤᠨ ᠰᠢᠨᠵᠢ ᠴᠢᠨᠠᠷ᠎ᠢ ᠬᠤᠪᠢᠷᠠᠭᠤᠯᠬᠤ ᠦᠭᠡᠢ᠂ ᠲᠡᠷᠢᠶᠠᠨ ᠭᠠᠵᠠᠷ᠎ᠤᠨ ᠤᠯᠠᠭ᠋ᠠᠨ ᠱᠤᠭᠤᠮ᠎ᠢ ᠲᠠᠪᠠᠬᠤ ᠦᠭᠡᠢ᠂ ᠲᠡᠷᠢᠶᠠᠴᠢᠳ᠎ᠤᠨ ᠠᠰᠢᠭ ᠲᠤᠰᠠ ᠵᠢ ᠬᠤᠬᠢᠷᠠᠭᠤᠯᠬᠤ ᠦᠭᠡᠢ ᠡᠨᠡ ᠬᠦ᠌ ᠭᠤᠷᠪᠡᠨ ᠵᠤᠷᠪᠤᠰ ᠬᠤᠷᠢᠭ᠎ᠡ ᠱᠤᠭᠤᠮ᠎ᠢ ᠡᠷᠡᠰ ᠰᠠᠬᠢᠵᠤ᠂ ᠲᠡᠷᠢᠶᠠᠴᠢᠳ᠎ᠤᠨ ᠡᠷᠭᠡ ᠠᠰᠢᠭ᠎ᠢ ᠰᠠᠢ᠍ᠢ᠍ᠳᠤᠷ ᠪᠡᠶᠡᠯᠡᠬᠦᠯᠤᠨ᠂ ᠰᠠᠢ᠍ᠢ᠍ᠳᠤᠷ ᠬᠠᠮᠠᠭ᠋ᠠᠯᠠᠵᠤ᠂ ᠰᠠᠢ᠍ᠢ᠍ᠳᠤᠷ ᠬᠦᠭᠵᠢᠬᠦᠯᠬᠦ ᠭᠡᠷᠡᠭᠳᠠᠢ ᠭᠡᠵᠤ ᠵᠢᠭ᠋ᠠᠵᠤ ᠭᠠᠷᠭ᠋ᠠᠪᠠ᠃
      ᠬᠤᠷᠠᠯ᠎ᠠᠴᠠ᠂ ᠵᠠᠭᠤᠴᠢᠯᠠᠭᠤᠷ᠎ᠤᠨ ᠠᠭᠤᠰᠤᠯᠴᠠᠯ ᠬᠦᠨᠵᠡᠭᠡᠢ᠍ᠢ᠍ᠷᠠᠨ ᠬᠦᠭᠵᠢᠬᠦ ᠵᠢ ᠠᠬᠢᠭᠤᠯᠵᠤ᠂ ᠪᠠᠢ᠍ᠢ᠍ᠭᠤᠯᠤᠮᠵᠢ ᠲᠤᠬᠳᠠᠴᠠ ᠵᠢᠨ ᠦᠭᠡᠷᠡᠴᠢᠯᠡᠯᠳᠠ ᠵᠢ ᠬᠦᠨᠵᠡᠭᠡᠢ᠍ᠢ᠍ᠷᠠᠬᠦᠯᠤᠨ᠂ ᠪᠦᠷᠢᠨ ᠵᠠᠭᠤᠴᠢᠯᠠᠭᠤᠷ᠎ᠤᠨ ᠴᠢᠳᠠᠪᠤᠷᠢᠳᠠᠨ᠎ᠢ ᠬᠦᠮᠦᠵᠢᠬᠦᠯᠬᠦ ᠡᠷᠴᠢᠮ ᠵᠶ᠋ᠠᠨ ᠴᠢᠨᠭ᠌ᠭ᠋ᠠᠷᠠᠭᠤᠯᠵᠤ᠂ ᠨᠢᠭᠡ ᠪᠦᠯᠦᠭ ᠬᠦᠴᠦᠷᠭᠡᠭ ᠶᠡᠭᠡ ᠨᠦᠯᠤᠭᠡᠯᠡᠬᠦ ᠬᠦᠴᠤᠨ ᠪᠠ ᠦᠷᠢᠰᠦᠯᠳᠦᠬᠦ ᠬᠦᠴᠤᠨ᠎ᠲᠠᠢ ᠰᠢᠨ᠎ᠡ ᠮᠠᠶᠢᠭ᠎ᠤᠨ ᠭᠤᠤᠯ ᠵᠠᠭᠤᠴᠢᠯᠠᠭᠤᠷ᠎ᠢ ᠴᠤᠬ᠍ᠴᠠᠯᠠᠨ᠂ ᠰᠦᠯᠵᠢᠶᠠᠨ ᠲᠡᠭᠡᠷᠡᠬᠢ ᠪᠠ ᠰᠦᠯᠵᠢᠶᠠᠨ ᠭᠠᠳᠠᠨᠠᠬᠢ ᠵᠢ ᠨᠢᠭᠡ ᠴᠤᠬ᠍ᠴᠠᠵᠢᠭᠤᠯᠬᠤ᠂ ᠲᠤᠳᠤᠭ᠋ᠠᠳᠤ ᠤᠬᠠᠭᠤᠯᠭ᠎ᠡ ᠭᠠᠳᠠᠭ᠋ᠠᠳᠤ ᠤᠬᠠᠭᠤᠯᠭ᠎ᠡ ᠬᠤᠯᠪᠤᠭ᠋ᠠᠯᠠᠨ ᠬᠦᠳᠡᠯᠦᠯᠴᠡᠬᠦ ᠭᠤᠤᠯ ᠤᠷᠤᠰᠬᠠᠯ ᠶᠠᠷᠢᠶ᠎ᠡ ᠬᠡᠯᠡᠯᠴᠡᠭᠡ ᠵᠢᠨ ᠪᠠᠢ᠍ᠢ᠍ᠷᠢᠰᠢᠯ᠎ᠢ ᠲᠦᠷᠭᠡᠳᠭᠡᠨ ᠪᠠᠢ᠍ᠢ᠍ᠭᠤᠯᠵᠤ᠂ ᠠᠭᠤᠯᠭ᠎ᠡ ᠵᠢᠨ ᠪᠠᠢ᠍ᠢ᠍ᠭᠤᠯᠤᠯᠳᠠ᠎ᠪᠠᠷ ᠦᠨᠳᠤᠰᠤ ᠪᠤᠯᠭ᠋ᠠᠬᠰᠡᠨ᠂ ᠲᠡᠷᠢᠬᠦᠨ᠎ᠤ ᠮᠡᠷᠭᠡᠵᠢᠯ ᠵᠶ᠋ᠠᠷ ᠲᠤᠯᠭ᠋ᠠᠭᠤᠷᠢᠯᠠᠯ ᠪᠤᠯᠭ᠋ᠠᠬᠰᠡᠨ᠂ ᠰᠢᠨ᠎ᠡ ᠵᠢ ᠡᠬᠦᠳᠬᠦ ᠬᠠᠮᠢᠶᠡᠷᠤᠯᠳᠠ᠎ᠪᠠᠷ ᠪᠠᠳᠤᠯᠠᠭ᠎ᠡ ᠪᠤᠯᠭ᠋ᠠᠬᠰᠡᠨ ᠪᠦᠷᠢᠨ ᠵᠠᠭᠤᠴᠢᠯᠠᠭᠤᠷ᠎ᠤᠨ ᠲᠠᠮᠵᠢᠭᠤᠯᠭ᠎ᠡ ᠵᠢᠨ ᠰᠢᠰᠲᠸᠮ᠎ᠢ ᠪᠠᠢ᠍ᠢ᠍ᠭᠤᠯᠵᠤ᠂ ᠶᠠᠷᠢᠶ᠎ᠡ ᠬᠡᠯᠡᠯᠴᠡᠭᠡ ᠵᠢ ᠬᠦᠲᠦᠯᠦᠨ ᠲᠠᠭ᠋ᠠᠭᠤᠯᠬᠤ᠂ ᠦᠵᠡᠯ ᠰᠠᠨᠠᠭ᠎ᠡ ᠵᠢᠨ ᠵᠢᠯᠤᠭᠤᠳᠤᠯᠭ᠎ᠡ ᠬᠢᠬᠦ᠂ ᠰᠤᠶᠤᠯ᠎ᠤᠨ ᠤᠯᠠᠮᠵᠢᠯᠠᠯ᠂ ᠠᠷᠠᠳ ᠲᠦᠮᠡᠨ᠎ᠳᠤ ᠦᠢ᠍ᠯᠡᠴᠢᠯᠡᠬᠦ ᠲᠠᠮᠵᠢᠭᠤᠯᠭ᠎ᠡ ᠵᠢᠨ ᠦᠨᠳᠤᠷᠯᠢᠭ᠌ ᠭᠠᠵᠠᠷ᠎ᠢ ᠪᠠᠳᠤ ᠡᠵᠡᠯᠡᠬᠦ ᠭᠡᠷᠡᠭᠳᠠᠢ ᠭᠡᠵᠤ ᠴᠢᠬᠤᠯᠠᠴᠢᠯᠠᠪᠠ᠃
      ᠬᠤᠷᠠᠯ᠎ᠠᠴᠠ᠂ ᠰᠤᠷᠭ᠋ᠠᠨ ᠬᠦᠮᠦᠵᠢᠯ᠎ᠤᠨ ᠦᠨᠡᠯᠡᠯᠳᠠ᠎ᠨᠢ ᠰᠤᠷᠭ᠋ᠠᠨ ᠬᠦᠮᠦᠵᠢᠯ᠎ᠤᠨ ᠬᠦᠭᠵᠢᠯᠳᠠ ᠵᠢᠨ ᠴᠢᠭᠯᠡᠯ᠎ᠲᠠᠢ ᠬᠤᠯᠪᠤᠬᠳᠠᠵᠤ ᠪᠠᠢ᠍ᠢ᠍ᠳᠠᠭ᠂ ᠨᠠᠮ᠎ᠤᠨ ᠰᠤᠷᠭ᠋ᠠᠨ ᠬᠦᠮᠦᠵᠢᠯ᠎ᠤᠨ ᠲᠤᠬᠠᠢ ᠴᠢᠭᠯᠡᠯᠳᠠ ᠵᠢ ᠪᠦᠬᠦ ᠲᠠᠯ᠎ᠡ᠎ᠪᠠᠷ ᠲᠤᠭᠤᠰᠢᠯᠠᠭᠤᠯᠵᠤ᠂ ᠨᠡᠢ᠍ᠢ᠍ᠭᠡᠮ ᠵᠢᠷᠤᠮ᠎ᠤᠨ ᠰᠤᠷᠭ᠋ᠠᠭᠤᠯᠢ ᠡᠷᠬᠢᠯᠡᠬᠦ ᠴᠢᠭᠯᠡᠯ᠎ᠢ ᠪᠠᠷᠢᠮᠳᠠᠯᠠᠨ᠂ ᠶᠤᠰᠤ ᠰᠤᠷᠳᠠᠬᠤᠨ ᠵᠶ᠋ᠠᠷ ᠬᠦᠮᠦᠨ ᠬᠦᠮᠦᠵᠢᠬᠦᠯᠬᠦ ᠦᠨᠳᠤᠰᠤᠨ ᠡᠬᠦᠷᠭᠡ ᠵᠢ ᠨᠠᠢ᠍ᠢ᠍ᠳᠠᠪᠤᠷᠢᠵᠢᠭᠤᠯᠵᠤ᠂ ᠰᠤᠷᠭ᠋ᠠᠨ ᠬᠦᠮᠦᠵᠢᠯ᠎ᠤᠨ ᠵᠢᠮ᠎ᠡ ᠶᠤᠰᠤ ᠵᠢ ᠵᠢᠷᠤᠮᠯᠠᠨ᠂ ᠠᠳᠠᠯᠢ ᠪᠤᠰᠤ ᠭᠤᠤᠯ ᠴᠤᠬ᠍ᠴᠠ ᠪᠠ ᠠᠳᠠᠯᠢ ᠪᠤᠰᠤ ᠰᠤᠷᠤᠯᠭ᠎ᠡ ᠵᠢᠨ ᠬᠤᠭᠤᠴᠠᠭ᠎ᠡ᠂ ᠠᠳᠠᠯᠢ ᠪᠤᠰᠤ ᠲᠦᠷᠦᠯ᠎ᠤᠨ ᠰᠤᠷᠭ᠋ᠠᠨ ᠬᠦᠮᠦᠵᠢᠯ᠎ᠤᠨ ᠤᠨᠴᠠᠯᠢᠭ᠎ᠲᠤ ᠴᠢᠭᠯᠡᠬᠦᠯᠵᠤ᠂ ᠦᠷ᠎ᠡ ᠳ᠋ᠦᠩ᠎ᠤᠨ ᠦᠨᠡᠯᠡᠯᠳᠠ ᠵᠢ ᠦᠭᠡᠷᠡᠴᠢᠯᠡᠨ ᠰᠠᠢ᠍ᠢ᠍ᠵᠢᠷᠠᠭᠤᠯᠵᠤ᠂ ᠶᠠᠪᠤᠴᠠ ᠵᠢᠨ ᠦᠨᠡᠯᠡᠯᠳᠠ ᠵᠢ ᠴᠢᠨᠭ᠌ᠭ᠋ᠠᠳᠬᠠᠵᠤ᠂ ᠦᠷᠳᠡᠭ ᠨᠡᠮᠡᠭᠳᠡᠯ᠎ᠤᠨ ᠦᠨᠡᠯᠡᠯᠳᠠ ᠵᠢ ᠬᠠᠢ᠍ᠢ᠍ᠨ ᠰᠦᠪᠡᠭᠴᠢᠯᠡᠨ᠂ ᠶᠡᠷᠤᠨᠭ᠌ᠭᠡᠢ᠍ᠢ᠍ᠯᠡᠭᠰᠡᠨ ᠦᠨᠡᠯᠡᠯᠳᠠ ᠵᠢ ᠪᠦᠷᠢᠨᠰᠢᠬᠦᠯᠵᠤ᠂ ᠬᠤᠪᠢ ᠵᠢ ᠯᠡ ᠬᠦᠭᠡᠭᠡᠴᠡᠯᠳᠦᠬᠦ᠂ ᠰᠤᠷᠭ᠋ᠠᠭᠤᠯᠢ ᠲᠠᠪᠰᠢᠬᠦ᠎ᠪᠠᠷ ᠯᠡ ᠭᠤᠤᠯ ᠪᠤᠯᠭ᠋ᠠᠬᠤ᠂ ᠰᠤᠷᠤᠯᠭ᠎ᠡ ᠵᠢᠨ ᠦᠨᠡᠮᠯᠡᠯ᠎ᠢ ᠯᠡ ᠦᠵᠡᠬᠦ᠂ ᠦᠬᠦᠯᠡᠯ᠎ᠢ ᠯᠡ ᠦᠵᠡᠬᠦ᠂ ᠵᠡᠷᠭᠡ ᠴᠤᠯᠠ ᠵᠢ ᠯᠡ ᠦᠵᠡᠬᠦ ᠠᠷᠬᠠᠭ ᠬᠡᠮ᠎ᠢ ᠬᠦᠴᠤᠯᠠᠨ ᠠᠷᠢᠯᠭ᠋ᠠᠵᠤ᠂ ᠰᠢᠨᠵᠢᠯᠡᠬᠦ ᠤᠬᠠᠭ᠋ᠠᠨᠴᠢ᠂ ᠴᠠᠭ ᠦᠶ᠎ᠡ ᠵᠢᠨ ᠱᠠᠭ᠋ᠠᠷᠳᠠᠯᠭ᠎ᠡ᠎ᠯᠤᠭ᠎ᠠ ᠵᠤᠬᠢᠴᠠᠬᠰᠡᠨ ᠰᠤᠷᠭ᠋ᠠᠨ ᠬᠦᠮᠦᠵᠢᠯ᠎ᠤᠨ ᠦᠨᠡᠯᠡᠯᠳᠠ ᠵᠢᠨ ᠲᠦᠷᠢᠮ ᠪᠠ ᠲᠤᠬᠳᠠᠴᠠ ᠵᠢ ᠪᠠᠢ᠍ᠢ᠍ᠭᠤᠯᠬᠤ ᠭᠡᠷᠡᠭᠳᠠᠢ ᠭᠡᠵᠤ ᠵᠢᠭ᠋ᠠᠵᠤ ᠭᠠᠷᠭ᠋ᠠᠪᠠ᠃
      ᠬᠤᠷᠠᠯ᠎ᠠᠴᠠ᠂ ᠤᠯᠤᠰ᠎ᠤᠨ ᠦᠮᠴᠢᠯᠡᠯ᠎ᠤᠨ ᠤᠳᠬ᠎ᠡ ᠤᠷᠠᠯᠢᠭ᠎ᠤᠨ ᠬᠦᠷᠢᠶᠠᠯᠠᠩ ᠪᠦᠯᠬᠦᠮ ᠪᠤᠯ ᠨᠡᠢ᠍ᠢ᠍ᠭᠡᠮ ᠵᠢᠷᠤᠮ᠎ᠤᠨ ᠤᠳᠬ᠎ᠡ ᠤᠷᠠᠯᠢᠭ᠎ᠢ ᠴᠡᠴᠡᠭᠯᠡᠬᠦᠯᠤᠨ ᠬᠦᠭᠵᠢᠬᠦᠯᠬᠦ ᠲᠤᠯᠭ᠋ᠠᠭᠤᠷᠢ ᠬᠦᠴᠤᠨ ᠪᠤᠯᠤᠨ᠎ᠡ᠂ ᠨᠡᠢ᠍ᠢ᠍ᠭᠡᠮ ᠵᠢᠷᠤᠮ᠎ᠤᠨ ᠭᠤᠤᠯᠯᠠᠭᠴᠢ ᠦᠷᠳᠡᠭ᠎ᠤᠨ ᠦᠵᠡᠯᠳᠠ᠎ᠪᠠᠷ ᠬᠦᠳᠤᠯᠤᠨ ᠲᠠᠭ᠋ᠠᠭᠤᠯᠵᠤ᠂ ᠲᠤᠭ᠎ᠢ ᠮᠠᠨᠳᠤᠭᠤᠯᠬᠤ᠂ ᠠᠷᠠᠳ᠎ᠤᠨ ᠰᠡᠳᠬᠢᠯ᠎ᠢ ᠨᠢᠬᠳᠠᠷᠠᠭᠤᠯᠬᠤ᠂ ᠰᠢᠨ᠎ᠡ ᠬᠦᠮᠦᠨ᠎ᠢ ᠬᠦᠮᠦᠵᠢᠬᠦᠯᠬᠦ᠂ ᠰᠤᠶᠤᠯ᠎ᠢ ᠬᠦᠭᠵᠢᠨ ᠴᠡᠴᠡᠭᠯᠡᠬᠦᠯᠬᠦ᠂ ᠲᠦᠷᠢ ᠲᠦᠷᠬᠦ ᠵᠢ ᠢᠯᠡᠷᠡᠬᠦᠯᠬᠦ ᠲᠡᠤᠭᠡᠳᠤ ᠡᠬᠦᠷᠭᠡ ᠵᠢᠨ ᠲᠤᠭᠤᠷᠢᠨ᠎ᠳᠤ᠂ ᠠᠰᠠᠭᠤᠳᠠᠯ ᠵᠶ᠋ᠠᠷ ᠤᠳᠤᠷᠢᠳᠤᠮᠵᠢ ᠪᠤᠯᠭ᠋ᠠᠬᠤ ᠵᠢ ᠲᠤᠪᠤᠢ᠍ᠢ᠍ᠯᠭ᠋ᠠᠵᠤ᠂ ᠲᠦᠷᠤᠯ ᠬᠤᠪᠢᠶᠠᠨ ᠵᠢᠯᠤᠭᠤᠳᠬᠤ ᠵᠢ ᠪᠠᠷᠢᠮᠳᠠᠯᠠᠨ᠂ ᠲᠤᠬᠯᠠᠯᠳᠠ᠎ᠪᠠᠷ ᠭᠤᠤᠯ ᠭᠤᠬ᠍ᠴᠤᠭ᠎ᠡ ᠪᠤᠯᠭ᠋ᠠᠵᠤ᠂ ᠤᠯᠤᠰ᠎ᠤᠨ ᠦᠮᠴᠢᠯᠡᠯ᠎ᠤᠨ ᠤᠳᠬ᠎ᠡ ᠤᠷᠠᠯᠢᠭ᠎ᠤᠨ ᠬᠦᠷᠢᠶᠠᠯᠠᠩ ᠪᠦᠯᠬᠦᠮ᠎ᠤᠨ ᠠᠮᠢᠵᠢᠷᠠᠯ᠎ᠤᠨ ᠬᠦᠴᠤᠨ᠎ᠢ ᠭᠦᠭᠵᠢᠬᠡᠨ᠂ ᠦᠵᠡᠯ ᠰᠠᠨᠠᠭ᠎ᠡ ᠬᠦᠨᠵᠡᠭᠡᠢ᠂ ᠤᠷᠠᠯᠢᠭ ᠭᠤᠴᠤ᠂ ᠦᠢ᠍ᠯᠡᠳᠦᠴᠡ ᠨᠠᠷᠢᠯᠢᠭ ᠰᠠᠢ᠍ᠢ᠍ᠨ ᠲᠠᠢ᠍ᠢ᠍ᠰᠠᠨ᠎ᠤ ᠤᠷᠠᠯᠢᠭ᠎ᠤᠨ ᠰᠢᠯᠢᠳᠡᠭ ᠪᠦᠳᠦᠭᠡᠯ᠎ᠢ ᠵᠤᠬᠢᠶᠠᠨ ᠪᠦᠳᠦᠭᠡᠵᠤ᠂ ᠠᠷᠠᠳ ᠲᠦᠮᠨᠨ᠎ᠤ ᠰᠠᠢ᠍ᠢ᠍ᠨ ᠰᠠᠢ᠍ᠢ᠍ᠬᠠᠨ ᠠᠮᠢᠳᠤᠷᠠᠯ᠎ᠢ ᠬᠦᠰᠡᠨ ᠡᠷᠡᠮᠡᠯᠵᠡᠬᠦ ᠤᠶᠤᠨ ᠰᠠᠨᠠᠭ᠎ᠡ ᠰᠤᠶᠤᠯ᠎ᠤᠨ ᠭᠡᠷᠡᠭᠴᠡᠭᠡ ᠵᠢ ᠬᠠᠨᠭ᠌ᠭ᠋ᠠᠬᠤ ᠭᠡᠷᠡᠭᠳᠠᠢ ᠭᠡᠵᠤ ᠴᠢᠬᠤᠯᠠᠴᠢᠯᠠᠪᠠ᠃
      ᠬᠤᠷᠠᠯ᠎ᠠᠴᠠ᠂ ᠨᠠᠮ᠎ᠤᠨ ᠠᠷᠪᠠᠨ ᠨᠠᠢ᠍ᠮᠠᠳᠤᠭ᠋ᠠᠷ ᠬᠤᠭᠤᠴᠠᠭ᠋ᠠᠨ᠎ᠤ ᠲᠦᠪ ᠬᠤᠷᠢᠶᠠᠨ᠎ᠤ ᠭᠤᠷᠪᠠᠳᠤᠭ᠋ᠠᠷ ᠪᠦᠭᠦᠳᠡ ᠬᠤᠷᠠᠯ᠎ᠠᠴᠠ ᠨᠠᠭ᠋ᠠᠰᠢ᠂ ᠪᠢᠳᠡ ᠡᠷᠡᠭᠦᠯ ᠬᠠᠮᠠᠭ᠋ᠠᠯᠠᠯ ᠡᠷᠡᠭᠦᠯ ᠮᠡᠨᠳᠦ ᠵᠢᠨ ᠵᠠᠰᠠᠯᠳᠠ ᠵᠢᠨ ᠰᠢᠰᠲᠸᠮ᠎ᠤᠨ ᠪᠦᠬᠦᠯᠢ ᠴᠤᠭᠴᠠ ᠵᠢᠨ ᠦᠢ᠍ᠯᠡᠳᠦᠯ ᠴᠢᠳᠠᠪᠬᠢ ᠵᠢ ᠬᠦᠴᠦᠯᠡᠨ ᠴᠢᠩᠭ᠋ᠠᠳᠬᠠᠵᠤ᠂ ᠡᠮ ᠡᠮᠨᠡᠯᠭᠡ ᠡᠷᠡᠭᠦᠯ ᠬᠠᠮᠠᠭ᠋ᠠᠯᠠᠯ᠎ᠤᠨ ᠡᠬᠢ ᠪᠠᠶᠠᠯᠢᠭ᠎ᠤᠨ ᠲᠤᠬᠢᠷᠠᠭᠤᠯᠤᠯᠳᠠ ᠵᠢ ᠰᠢᠯᠢᠳᠡᠭᠵᠢᠭᠦᠯᠵᠤ᠂ ᠡᠮᠴᠢᠯᠡᠭᠡ ᠡᠷᠡᠭᠦᠯ ᠬᠠᠮᠠᠭ᠋ᠠᠯᠠᠯ᠎ᠤᠨ ᠦᠢ᠍ᠯᠡᠴᠢᠯᠡᠭᠡᠨ᠎ᠤ ᠲᠦᠪᠰᠢᠨ᠎ᠢ ᠳᠡᠭᠡᠭᠰᠢᠯᠡᠭᠦᠯᠵᠤ᠂ ᠳᠡᠯᠡᠬᠡᠢ ᠳᠡᠭᠡᠷᠡᠬᠢ ᠬᠠᠮᠤᠭ᠎ᠤᠨ ᠶᠡᠬᠡ ᠬᠡᠪᠴᠢᠶ᠎ᠠ ᠪᠦᠬᠦᠢ ᠦᠨᠳᠦᠰᠦᠨ ᠡᠮᠴᠢᠯᠡᠭᠡᠨ᠎ᠤ ᠪᠠᠳᠤᠯᠠᠭ᠎ᠠ ᠵᠢᠨ ᠲᠤᠤᠷ ᠪᠠᠢ᠍ᠢ᠍ᠭᠤᠯᠬᠤ ᠵᠢ ᠠᠬᠢᠭᠤᠯᠵᠤ᠂ ᠡᠪᠡᠳᠴᠢᠳᠡᠨ᠎ᠤ ᠡᠪᠡᠳᠴᠢᠨ ᠦᠵᠡᠭᠦᠯᠬᠦ ᠳᠠᠷᠤᠭ᠋ᠠᠰᠤ ᠠᠯᠬᠤᠮ ᠠᠯᠬᠤᠮ ᠵᠶ᠋ᠠᠷ ᠬᠦᠩᠭᠡᠷᠡᠵᠤ᠂ ᠠᠷᠠᠳ ᠲᠦᠮᠡᠨ᠎ᠤ ᠡᠷᠡᠭᠦᠯ ᠮᠡᠨᠳᠦ ᠵᠢᠨ ᠪᠠᠢ᠍ᠢ᠍ᠳᠠᠯ ᠪᠠ ᠦᠨᠳᠦᠰᠤᠨ ᠡᠮᠴᠢᠯᠡᠭᠡ ᠡᠷᠡᠭᠦᠯ ᠬᠠᠮᠠᠭ᠋ᠠᠯᠠᠯ᠎ᠤᠨ ᠦᠢ᠍ᠯᠡᠴᠢᠯᠡᠭᠡᠨ᠎ᠤ ᠲᠦᠪ ᠭᠤᠤᠯᠴᠢ ᠴᠢᠨᠠᠷ ᠵᠠᠯᠭ᠋ᠠᠭ᠎ᠠ᠎ᠪᠠᠷ ᠰᠠᠢ᠍ᠢ᠍ᠵᠢᠷᠠᠵᠠᠢ᠃ ᠡᠨᠡ ᠤᠳᠠᠭ᠎ᠠ ᠰᠢᠨ᠎ᠠ ᠲᠢᠳᠢᠮᠯᠢᠭ ᠠᠭᠤᠰᠬᠢᠨ ᠦᠷᠪᠢᠰᠦᠯ᠎ᠤᠨ ᠬᠢᠵᠢᠭ᠎ᠤᠨ ᠪᠠᠢ᠍ᠢ᠍ᠳᠠᠯ᠎ᠢ ᠠᠷᠭ᠋ᠠᠴᠠᠭ᠋ᠠᠬᠤ᠎ᠳᠤ ᠪᠢᠳᠡᠨ᠎ᠤ ᠡᠮ ᠡᠮᠨᠡᠯᠭᠡ ᠡᠷᠡᠭᠦᠯ ᠬᠠᠮᠠᠭ᠋ᠠᠯᠠᠯ᠎ᠤᠨ ᠰᠢᠰᠲᠸᠮ ᠰᠢᠯᠭ᠋ᠠᠯᠳᠠ ᠵᠢ ᠳᠠᠭ᠋ᠠᠭ᠋ᠠᠵᠤ᠂ ᠰᠢᠨ᠎ᠠ ᠲᠢᠳᠢᠮᠯᠢᠭ ᠠᠭᠤᠰᠬᠢᠨ ᠦᠷᠪᠢᠰᠦᠯ᠎ᠤᠨ ᠬᠢᠵᠢᠭ᠎ᠤᠨ ᠪᠠᠢ᠍ᠢ᠍ᠳᠠᠯ᠎ᠢ ᠰᠡᠷᠭᠡᠢ᠍ᠢ᠍ᠯᠡᠨ ᠡᠵᠡᠮᠳᠡᠬᠦ ᠬᠤᠷᠢᠬᠯᠠᠯᠳᠠ ᠵᠢᠨ ᠳᠠᠢ᠍ᠢ᠍ᠯᠠᠯᠳᠤᠭ᠋ᠠᠨ᠎ᠤ ᠢᠯᠠᠯᠳᠠ ᠵᠢ ᠤᠯᠬᠤ᠎ᠳᠤ ᠴᠢᠬᠤᠯᠠ ᠦᠢ᠍ᠯᠡᠳᠦᠯ ᠦᠵᠡᠭᠦᠯᠪᠡ᠃ ᠠᠷᠠᠳ ᠲᠦᠮᠡᠨ᠎ᠤ ᠠᠮᠢ ᠨᠠᠰᠤᠨ᠎ᠤ ᠠᠮᠤᠷ ᠲᠦᠪᠰᠢᠨ ᠪᠤᠯᠤᠨ ᠪᠡᠶ᠎ᠠ ᠮᠠᠬᠠᠪᠤᠳ᠎ᠤᠨ ᠡᠷᠡᠭᠦᠯ ᠮᠡᠨᠳᠦ ᠵᠢ ᠲᠡᠷᠢᠭᠦᠨ᠎ᠳᠤ ᠲᠠᠯᠪᠢᠬᠤ ᠵᠢ ᠪᠠᠷᠢᠮᠳᠠᠯᠠᠵᠤ᠂ ᠲᠤᠮᠤ ᠡᠷᠡᠭᠦᠯ ᠬᠠᠮᠠᠭ᠋ᠠᠯᠠᠯ ᠲᠤᠮᠤ ᠡᠷᠡᠭᠦᠯ ᠮᠡᠨᠳᠦ ᠵᠢᠨ ᠤᠢ᠍ᠢ᠍ᠯᠠᠭ᠋ᠠᠭᠳᠠᠬᠤᠨ᠎ᠢ ᠴᠢᠩᠭ᠋ᠠᠳᠬᠠᠵᠤ᠂ ᠰᠡᠷᠭᠡᠢ᠍ᠢ᠍ᠯᠡᠬᠦ᠎ᠪᠠᠷ ᠭᠤᠤᠯ ᠪᠤᠯᠭ᠋ᠠᠬᠤ ᠵᠢ ᠨᠡᠩ ᠳᠤᠪᠤᠢ᠍ᠢ᠍ᠮ᠎ᠠ ᠪᠠᠢ᠍ᠢ᠍ᠷᠢᠨ᠎ᠳᠤ ᠲᠠᠯᠪᠢᠬᠤ ᠬᠡᠷᠡᠭᠳᠠᠢ᠃ ᠡᠯ᠎ᠠ ᠭᠠᠵᠠᠷ᠎ᠤᠨ ᠡᠮ ᠡᠮᠨᠡᠯᠭᠡ ᠵᠢᠨ ᠪᠠᠢ᠍ᠢ᠍ᠭᠤᠯᠤᠮᠵᠢ ᠵᠢᠨ ᠦᠭᠡᠷᠡᠴᠢᠯᠡᠯᠳᠡ ᠵᠢᠨ ᠪᠠᠢ᠍ᠢ᠍ᠳᠠᠯ᠎ᠢ ᠡᠮᠬᠢᠯᠡᠵᠤ᠂ ᠰᠠᠢ᠍ᠢ᠍ᠨ ᠲᠤᠷᠰᠢᠯᠭ᠎ᠠ ᠬᠢᠳᠡᠯ᠎ᠢ ᠳ᠋ᠦᠩᠨᠡᠵᠤ᠂ ᠳᠡᠰ ᠬᠤᠪᠢᠶᠠᠨ ᠤᠨᠤᠰᠢᠯᠠᠨ ᠡᠮᠨᠡᠬᠦ ᠳᠦᠷᠢᠮ᠎ᠢ ᠪᠦᠷᠢᠨᠰᠢᠭᠦᠯᠬᠦ᠂ ᠡᠮᠨᠡᠬᠦ ᠰᠡᠷᠭᠡᠢ᠍ᠢ᠍ᠯᠡᠬᠦ ᠵᠢ ᠬᠠᠮᠵᠢᠯᠴᠠᠭᠤᠯᠬᠤ ᠲᠤᠭᠲᠠᠴᠠ ᠵᠢ ᠲᠡᠭᠦᠯᠳᠡᠷᠵᠢᠭᠦᠯᠬᠦ᠂ ᠠᠯᠪᠠᠨ᠎ᠠᠴᠠ ᠪᠠᠢ᠍ᠢ᠍ᠭᠤᠯᠤᠭᠰᠠᠨ ᠡᠮᠨᠡᠯᠭᠡ ᠵᠢᠨ ᠬᠤᠷᠢᠶᠠᠨ᠎ᠤ ᠦᠭᠡᠷᠡᠴᠢᠯᠡᠯᠳᠡ ᠵᠢ ᠭᠦᠨᠵᠡᠭᠡᠢ᠍ᠢ᠍ᠷᠡᠭᠦᠯᠬᠦ᠂ ᠡᠮ ᠡᠮᠨᠡᠯᠭᠡ ᠵᠢᠨ ᠲᠠᠭ᠋ᠠᠳᠬᠠᠯ ᠪᠠᠳᠤᠯᠠᠭ᠎ᠠ ᠵᠢᠨ ᠮᠦᠨᠭᠭᠦ ᠵᠢ ᠭᠠᠷᠭ᠋ᠠᠨ ᠦᠭᠭᠦ ᠠᠷᠭ᠎ᠠ ᠬᠡᠯᠪᠡᠷᠢ ᠵᠢᠨ ᠦᠭᠡᠷᠡᠴᠢᠯᠡᠯᠳᠡ ᠵᠢ ᠭᠦᠨᠵᠡᠭᠡᠢ᠍ᠢ᠍ᠷᠡᠭᠦᠯᠬᠦ᠂ ᠡᠮ ᠡᠮᠨᠡᠯᠭᠡ ᠵᠢᠨ ᠲᠠᠭ᠋ᠠᠳᠬᠠᠯ ᠪᠠᠳᠤᠯᠠᠭ᠎ᠠ ᠵᠢᠨ ᠰᠠᠭᠤᠷᠢ ᠮᠦᠩᠭᠦᠨ᠎ᠤ ᠬᠢᠨᠠᠯᠳᠠ ᠵᠢ ᠴᠢᠩᠭ᠋ᠠᠳᠬᠠᠬᠤ᠂ ᠦᠨᠳᠦᠰᠦᠨ ᠱᠠᠳᠤᠨ᠎ᠤ ᠡᠮᠴᠢᠯᠡᠭᠡ ᠡᠷᠡᠭᠦᠯ ᠬᠠᠮᠠᠭ᠋ᠠᠯᠠᠯ᠎ᠤᠨ ᠪᠠᠢ᠍ᠢ᠍ᠭᠤᠯᠤᠮᠵᠢ ᠵᠢᠨ ᠴᠢᠳᠠᠪᠤᠷᠢ ᠵᠢᠨ ᠪᠠᠢ᠍ᠢ᠍ᠭᠤᠯᠤᠯᠳᠠ ᠵᠢ ᠴᠢᠩᠭ᠋ᠠᠳᠬᠠᠬᠤ᠂ ᠡᠮ᠎ᠤᠨ ᠵᠦᠢ᠍ᠯᠡᠰ᠎ᠤᠨ ᠬᠠᠩᠭ᠋ᠠᠯᠭ᠎ᠠ ᠪᠠᠳᠤᠯᠠᠭ᠎ᠠ ᠵᠢᠨ ᠰᠢᠰᠲᠸᠮ᠎ᠢ ᠲᠡᠭᠦᠯᠳᠡᠷᠵᠢᠭᠦᠯᠬᠦ ᠵᠡᠷᠭᠡ ᠭᠤᠤᠯᠳᠠᠯᠭ᠎ᠠ᠎ᠲᠠᠢ ᠡᠭᠦᠷᠭᠡ ᠵᠢ ᠲᠦᠷᠭᠡᠨ ᠠᠬᠢᠭᠤᠯᠵᠤ᠂ ᠬᠤᠯᠪᠤᠭᠳᠠᠯ ᠪᠦᠬᠦᠢ ᠢᠵᠢ ᠲᠦᠬᠦᠷᠵᠢᠭᠦᠯᠬᠦ ᠲᠤᠯᠭ᠋ᠠᠭᠤᠷᠢᠯᠠᠬᠤ ᠲᠦᠷᠦ ᠵᠢᠨ ᠪᠤᠳᠤᠯᠭ᠎ᠠ ᠵᠢ ᠲᠡᠭᠦᠯᠳᠡᠷᠵᠢᠭᠦᠯᠵᠤ᠂ ᠦᠭᠡᠷᠡᠴᠢᠯᠡᠯᠳᠡ ᠵᠢᠨ ᠬᠠᠮ ᠠᠷᠭ᠎ᠠ ᠬᠡᠮᠵᠢᠶ᠎ᠠ ᠵᠢ ᠰᠠᠢ᠍ᠢ᠍ᠳᠤᠷ ᠬᠡᠷᠡᠭᠵᠢᠭᠦᠯᠬᠦ ᠬᠡᠷᠡᠭᠳᠠᠢ᠃ ᠰᠢᠨ᠎ᠠ ᠨᠢᠭᠡ ᠦᠶ᠎ᠠ ᠵᠢᠨ ᠮᠡᠳᠡᠭᠡ ᠵᠠᠩᠭᠢ ᠵᠢᠨ ᠮᠡᠷᠭᠡᠵᠢᠯ᠎ᠤᠨ ᠡᠮ ᠡᠮᠨᠡᠯᠭᠡ ᠡᠷᠡᠭᠦᠯ ᠬᠠᠮᠠᠭ᠋ᠠᠯᠠᠯ᠎ᠤᠨ ᠬᠦᠷᠢᠶᠡᠨ᠎ᠳᠤ ᠦᠵᠡᠭᠦᠯᠬᠦ ᠦᠢ᠍ᠯᠡᠳᠦᠯ᠎ᠢ ᠳᠡᠭᠡᠳᠤ ᠬᠡᠮᠵᠢᠶ᠎ᠠ᠎ᠪᠠᠷ ᠴᠢᠬᠤᠯᠠᠴᠢᠯᠠᠵᠤ᠂ ᠡᠮ ᠡᠮᠨᠡᠯᠭᠡ ᠡᠷᠡᠭᠦᠯ ᠬᠠᠮᠠᠭ᠋ᠠᠯᠠᠯ᠎ᠤᠨ ᠬᠠᠮᠢᠶᠠᠷᠤᠯᠳᠠ ᠪᠠ ᠦᠢ᠍ᠯᠡᠴᠢᠯᠡᠭᠡ ᠵᠢᠨ ᠵᠠᠭᠪᠤᠷ᠎ᠢ ᠳᠠᠬᠢᠨ ᠱᠤᠭᠤᠵᠤ᠂ ᠡᠬᠢ ᠪᠠᠶᠠᠯᠢᠭ᠎ᠤᠨ ᠲᠤᠬᠢᠷᠠᠭᠤᠯᠤᠯᠳᠠ ᠵᠢ ᠰᠢᠯᠢᠳᠡᠭᠵᠢᠭᠦᠯᠵᠤ᠂ ᠦᠢ᠍ᠯᠡᠴᠢᠯᠡᠭᠡ ᠵᠢᠨ ᠦᠷ᠎ᠠ ᠪᠦᠲᠦᠮᠵᠢ ᠵᠢ ᠳᠡᠭᠡᠭᠰᠢᠯᠡᠬᠦᠯᠬᠦ ᠬᠡᠷᠡᠭᠳᠠᠢ᠃ ᠤᠢ᠍ᠢ᠍ᠷ᠎ᠠ ᠵᠢᠨ ᠬᠤᠭᠤᠴᠠᠭ᠋ᠠᠨ᠎ᠳᠤ ᠵᠠᠷᠢᠮ ᠭᠠᠵᠠᠷ᠎ᠤᠨ ᠬᠢᠵᠢᠭ᠎ᠤᠨ ᠪᠠᠢ᠍ᠢ᠍ᠳᠠᠯ᠎ᠢ ᠰᠡᠷᠭᠡᠢ᠍ᠢ᠍ᠯᠡᠨ ᠡᠵᠡᠮᠳᠡᠬᠦ ᠳᠤᠮᠳᠠ ᠢᠯᠡᠷᠡᠭᠰᠡᠨ ᠳᠤᠪᠤᠢ᠍ᠢ᠍ᠮ᠎ᠠ ᠠᠰᠠᠭᠤᠳᠠᠯ᠎ᠳᠤ ᠬᠠᠨᠳᠤᠭᠤᠯᠤᠨ ᠳᠠᠷᠤᠢ ᠲᠦᠷᠭᠡᠨ ᠪᠠᠢ᠍ᠢ᠍ᠭᠤᠯᠤᠮᠵᠢ ᠲᠤᠭᠳᠠᠴᠠ ᠵᠢᠨ ᠲᠠᠯ᠎ᠠ᠎ᠪᠠᠷ ᠠᠷᠭ᠎ᠠ ᠪᠤᠳᠤᠯᠬᠢᠯᠠᠵᠤ᠂ ᠳᠤᠳᠠᠭᠳᠠᠯ᠎ᠢ ᠨᠦᠬᠦᠪᠦᠷᠢᠯᠡᠵᠤ᠂ ᠬᠢᠵᠢᠭ᠎ᠤᠨ ᠪᠠᠢ᠍ᠢ᠍ᠳᠠᠯ ᠳᠠᠬᠢᠨ ᠰᠡᠷᠭᠦᠬᠦ ᠵᠢ ᠡᠷᠡᠰ ᠬᠤᠷᠢᠬᠯᠠᠬᠤ ᠬᠡᠷᠡᠭᠳᠠᠢ ᠭᠡᠵᠤ ᠵᠢᠭ᠋ᠠᠵᠤ ᠭᠠᠷᠭ᠋ᠠᠵᠠᠢ᠃
      ᠬᠤᠷᠠᠯ᠎ᠠᠴᠠ᠂ ᠨᠠᠮ᠎ᠤᠨ ᠠᠷᠪᠠᠨ ᠨᠠᠢ᠍ᠮᠠᠳᠤᠭ᠋ᠠᠷ ᠬᠤᠭᠤᠴᠠᠭ᠋ᠠᠨ᠎ᠤ ᠲᠦᠪ ᠬᠤᠷᠢᠶᠠᠨ᠎ᠤ ᠭᠤᠷᠪᠠᠳᠤᠭ᠋ᠠᠷ ᠪᠦᠭᠦᠳᠡ ᠬᠤᠷᠠᠯ᠎ᠠᠴᠠ ᠨᠠᠭ᠋ᠠᠰᠢ ᠪᠠᠢ᠍ᠢ᠍ᠷᠢᠯᠠᠭᠤᠯᠤᠭᠰᠠᠨ ᠦᠭᠡᠷᠡᠴᠢᠯᠡᠯᠳᠡ ᠵᠢᠨ ᠡᠭᠦᠷᠭᠡ ᠵᠢ ᠨᠠᠢ᠍ᠢ᠍ᠳᠠᠪᠤᠷᠢᠵᠢᠭᠤᠯᠬᠤ ᠵᠢ 《ᠠᠷᠪᠠᠨ ᠭᠤᠷᠪᠠᠳᠤᠭ᠋ᠠᠷ ᠲᠠᠪᠤᠨ ᠵᠢᠯ》᠎ᠤᠨ ᠲᠦᠯᠦᠪᠵᠢᠭᠦᠯᠭᠡ ᠵᠢᠨ ᠭᠤᠤᠯ ᠬᠠᠷᠠᠯᠳᠠ ᠡᠭᠦᠷᠭᠡ᠂ ᠶᠠᠳᠠᠭᠤ᠎ᠠᠴᠠ ᠠᠩᠭᠢᠵᠢᠷᠠᠭᠤᠯᠬᠤ ᠪᠤᠭᠤᠮᠳᠠ ᠰᠢᠪᠳᠤᠯᠬᠤ ᠳᠠᠢ᠍ᠢ᠍ᠯᠠᠯᠳᠤᠭ᠋ᠠᠨ᠎ᠤ ᠰᠢᠢ᠍ᠳᠪᠦᠷᠢᠳᠤ ᠢᠯᠠᠯᠳᠠ ᠵᠢ ᠤᠯᠬᠤ᠂ ᠴᠢᠨᠡᠭᠡᠯᠢᠭ ᠨᠡᠢ᠍ᠢ᠍ᠭᠡᠮ᠎ᠢ ᠪᠦᠬᠦ ᠲᠠᠯ᠎ᠠ᠎ᠪᠠᠷ ᠪᠡᠶᠡᠯᠡᠭᠦᠯᠬᠦ᠎ᠲᠠᠢ ᠤᠶᠠᠯᠳᠤᠭᠤᠯᠵᠤ᠂ ᠬᠢᠵᠢᠭ᠎ᠤᠨ ᠪᠠᠢ᠍ᠢ᠍ᠳᠠᠯ᠎ᠢ ᠰᠡᠷᠭᠡᠢ᠍ᠢ᠍ᠯᠡᠨ ᠡᠵᠡᠮᠳᠡᠬᠦ ᠵᠢ ᠪᠠᠢ᠍ᠢ᠍ᠩᠭᠤᠵᠢᠭᠤᠯᠬᠤ ᠪᠤᠯᠤᠨ ᠠᠵᠤ ᠠᠬᠤᠢ ᠨᠡᠢ᠍ᠢ᠍ᠭᠡᠮ᠎ᠤᠨ ᠬᠦᠭᠵᠢᠯᠳᠡ ᠵᠢᠨ ᠠᠵᠢᠯ᠎ᠢ ᠨᠢᠭᠡᠳᠦᠯᠳᠠᠢ ᠲᠦᠯᠦᠪᠵᠢᠭᠦᠯᠦᠨ ᠠᠬᠢᠭᠤᠯᠬᠤ ᠵᠢ ᠠᠪᠴᠠᠯᠳᠤᠭᠤᠯᠵᠤ᠂ ᠵᠠᠩᠭᠢᠯᠠᠭ᠎ᠠ ᠵᠢᠨ ᠴᠢᠨᠠᠷᠳᠠᠢ ᠦᠭᠡᠷᠡᠴᠢᠯᠡᠯᠳᠡ ᠵᠢ ᠬᠠᠨᠳᠤᠯᠭ᠋ᠠᠳᠤ ᠴᠢᠨᠠᠷᠳᠠᠢ᠎ᠪᠠᠷ ᠪᠠᠢ᠍ᠢ᠍ᠷᠢᠯᠠᠭᠤᠯᠤᠨ ᠠᠬᠢᠭᠤᠯᠬᠤ ᠬᠡᠷᠡᠭᠳᠠᠢ᠃ 《ᠠᠷᠪᠠᠨ ᠳᠦᠷᠪᠡᠳᠦᠭᠡᠷ ᠲᠠᠪᠤᠨ ᠵᠢᠯ》᠎ᠤᠨ ᠬᠤᠭᠤᠴᠠᠭ᠋ᠠᠨ᠎ᠤ ᠦᠭᠡᠷᠡᠴᠢᠯᠡᠯᠳᠡ ᠵᠢᠨ ᠠᠵᠢᠯ᠎ᠢ ᠤᠷᠢᠳᠴᠢᠯᠡᠨ ᠲᠦᠯᠦᠪᠵᠢᠭᠦᠯᠵᠤ᠂ ᠳᠦᠷᠢᠮ ᠪᠠ ᠵᠠᠰᠠᠯᠳᠠ ᠵᠢᠨ ᠰᠢᠰᠲᠸᠮ᠎ᠤᠨ ᠪᠠᠢ᠍ᠢ᠍ᠭᠤᠯᠤᠯᠳᠠ ᠵᠢ ᠨᠡᠩ ᠴᠢᠬᠤᠯᠠᠴᠢᠯᠠᠵᠤ᠂ ᠭᠦᠨ ᠳᠠᠪᠬᠤᠷᠭ᠎ᠠ ᠵᠢᠨ ᠪᠠᠢ᠍ᠢ᠍ᠭᠤᠯᠤᠮᠵᠢ ᠲᠤᠭᠳᠠᠴᠠ ᠵᠢᠨ ᠠᠰᠠᠭᠤᠳᠠᠯ᠎ᠢ ᠨᠡᠩ ᠤᠯᠠᠨ ᠰᠢᠢ᠍ᠳᠪᠦᠷᠢᠯᠡᠬᠦ ᠬᠡᠷᠡᠭᠳᠠᠢ᠃ ᠦᠭᠡᠷᠡᠴᠢᠯᠡᠯᠳᠡ ᠬᠢᠵᠤ ᠰᠢᠨ᠎ᠠ ᠵᠢ ᠡᠭᠦᠳᠬᠦ ᠵᠢᠨ ᠬᠠᠮᠤᠭ᠎ᠤᠨ ᠶᠡᠬᠡ ᠠᠮᠢᠵᠢᠷᠠᠯ᠎ᠤᠨ ᠬᠦᠴᠦ᠎ᠨᠢ ᠦᠨᠳᠦᠰᠦᠨ ᠱᠠᠳᠤ ᠪᠠ ᠤᠯᠠᠨ ᠲᠦᠮᠡᠨ᠎ᠤ ᠳᠤᠮᠳᠠ ᠪᠠᠢ᠍ᠢ᠍ᠨ᠎ᠠ᠂ ᠰᠢᠨ᠎ᠠ ᠬᠡᠷᠡᠭ ᠪᠤᠳᠠᠰ ᠰᠢᠨ᠎ᠠ ᠠᠷᠭ᠎ᠠ ᠬᠢᠳᠡᠯ᠎ᠳᠤ ᠬᠠᠨᠲᠤᠬᠤ᠎ᠳᠠᠭᠠᠨ ᠵᠤᠷᠢᠭᠵᠢᠭᠤᠯᠬᠤ ᠪᠠ ᠬᠦᠲᠦᠯᠦᠨ ᠵᠢᠯᠤᠭᠤᠳᠬᠤ᠎ᠪᠠᠨ ᠴᠢᠩᠭ᠋ᠠᠳᠬᠠᠵᠤ᠂ ᠰᠢᠨ᠎ᠠ ᠬᠡᠷᠡᠭ ᠪᠤᠳᠠᠰ᠎ᠢ ᠡᠷᠡᠭᠦᠯ ᠵᠶ᠋ᠠᠷ ᠪᠤᠢ᠍ᠢ᠍ᠵᠢᠭᠤᠯᠵᠤ᠂ ᠬᠦᠭᠵᠢᠯᠳᠡ ᠵᠢᠨ ᠰᠢᠨ᠎ᠠ ᠬᠦᠳᠡᠯᠭᠡᠬᠦ ᠡᠨ᠋ᠸᠷᠭᠢ ᠵᠢ ᠲᠦᠷᠭᠡᠨ ᠪᠤᠵᠠᠭ᠋ᠠᠢ᠍ᠢ᠍ᠷᠠᠭᠤᠯᠬᠤ ᠬᠡᠷᠡᠭᠳᠠᠢ ᠭᠡᠵᠤ ᠴᠢᠬᠤᠯᠠᠴᠢᠯᠠᠵᠠᠢ᠃
      ᠲᠦᠪ᠎ᠤᠨ ᠦᠭᠡᠷᠡᠴᠢᠯᠡᠯᠳᠡ ᠵᠢ ᠪᠦᠬᠦ ᠲᠠᠯ᠎ᠠ᠎ᠪᠠᠷ ᠭᠦᠨᠵᠡᠭᠡᠢ᠍ᠢ᠍ᠷᠡᠭᠦᠯᠬᠦ ᠵᠦᠪᠯᠡᠯ᠎ᠤᠨ ᠭᠡᠰᠢᠭᠦᠨ ᠬᠤᠷᠠᠯ᠎ᠳᠤ ᠤᠷᠤᠯᠴᠠᠵᠤ᠂ ᠲᠦᠪ᠎ᠤᠨ ᠪᠠ ᠲᠦᠷᠦ ᠵᠢᠨ ᠪᠠᠢ᠍ᠢ᠍ᠭᠤᠯᠭ᠎ᠠ ᠵᠢᠨ ᠬᠤᠯᠪᠤᠭᠳᠠᠯ ᠪᠦᠬᠦᠢ ᠰᠠᠯᠠᠭ᠎ᠠ ᠮᠦᠴᠢᠷ᠎ᠤᠨ ᠬᠠᠷᠢᠭᠤᠴᠠᠯᠭ᠋ᠠᠳᠠᠨ ᠬᠤᠷᠠᠯ᠎ᠳᠤ ᠰᠤᠯᠠ ᠤᠷᠤᠯᠴᠠᠵᠠᠢ᠃


ᠢᠷᠡᠯᠲᠡ᠄ ᠳᠤᠮᠳᠠᠳᠤ ᠤᠯᠤᠰ᠎ᠤᠨ ᠮᠣᠩᠭᠣᠯ ᠬᠡᠯᠡᠨ᠎ᠤ ᠰᠣᠨᠢᠨ ᠮᠡᠳᠡᠭᠡ ᠵᠢᠨ ᠰᠦᠯᠵᠢᠶ᠎ᠡ
          
ᠬᠠᠮᠢᠶ᠎ᠡ ᠪᠦᠬᠦᠢ ᠰᠣᠨᠢᠨ
ᠰᠢ ᠵᠢᠨ ᠫᠢᠩ ᠠᠵᠤ ᠠᠬᠤᠶ᠋ᠢᠯᠠᠯᠲᠠᠳ᠎ᠤᠨ ᠶᠠᠷᠢᠯᠴᠠᠬᠤ ᠬᠤᠷᠠᠯ᠎ᠢ ᠡᠷᠬᠢᠯᠡᠨ ᠬᠤᠷᠠᠯᠳᠤᠭᠤᠯᠬᠤ ᠵᠢᠨ ᠬᠠᠮᠲᠤ ᠴᠢᠬᠤᠯᠠ ᠶᠠᠷᠢᠶ᠎ᠠ ᠲᠠᠯᠪᠢᠪᠠ
ᠰᠢ ᠵᠢᠨ ᠫᠢᠩ᠄ ᠡᠷᠳᠡᠮ ᠮᠡᠳᠡᠯᠭᠡ ᠵᠢ ᠰᠢᠷᠭ᠋ᠠᠭᠤ ᠰᠤᠷᠤᠯᠴᠠᠵᠤ ᠬᠦᠰᠡᠯᠡᠩ ᠢᠳᠡᠭᠡᠯ ᠪᠢᠰᠢᠷᠡᠯ ᠵᠶ᠋ᠠᠨ ᠪᠠᠳᠤᠳᠬᠠᠨ ᠡᠷᠡᠰ ᠬᠠᠳᠠᠨ ᠵᠤᠷᠢᠭ᠎ᠢ ᠳᠠᠪᠳᠠᠨ ᠪᠤᠯᠪᠠᠰᠤᠷᠠᠭᠤᠯᠵᠤ ᠪᠡᠶ᠎ᠠ ᠮᠠᠬᠠᠪᠤᠳ ᠵᠶ᠋ᠠᠨ ᠴᠢᠬᠢᠷᠠᠭᠵᠢᠭᠤᠯᠤᠨ ᠳᠤᠮᠳᠠᠳᠤ ᠵᠢᠨ ᠦᠨᠳᠦᠰᠦᠳᠡᠨ᠎ᠤ ᠠᠭᠤᠤ ᠶᠡᠬᠡ ᠰᠡᠷᠭᠦᠨ ᠮᠠᠨᠳᠤᠯᠳᠠ ᠵᠢᠨ ᠳᠤᠮᠳᠠᠳᠤ ᠵᠢᠨ ᠵᠡᠭᠦᠳᠦ ᠵᠢ ᠲᠡᠷᠭᠡᠯᠰᠢᠭᠦᠯᠬᠦ᠎ᠳᠤ ᠴᠠᠭ ᠢᠮᠠᠭᠲᠠ ᠪᠡᠯᠡᠬᠡᠨ ᠪᠠᠢ᠌ᠬᠣ ᠬᠡᠷᠡᠭᠲᠡᠢ
ᠨᠠᠮ᠎ᠤᠨ ᠲᠦᠪ ᠬᠤᠷᠢᠶᠠᠨ᠎ᠤ ᠤᠯᠤᠰ ᠲᠦᠷᠦ ᠵᠢᠨ ᠲᠤᠪᠴᠢᠶᠠᠨ᠎ᠤ ᠪᠠᠢ᠍ᠢ᠍ᠩᠭᠤ ᠵᠢᠨ ᠬᠤᠷᠢᠶ᠎ᠠ ᠬᠤᠷᠠᠯ ᠬᠤᠷᠠᠯᠳᠤᠭᠤᠯᠵᠤ ᠦᠶᠡᠷ᠎ᠢ ᠰᠡᠷᠭᠡᠢ᠍ᠢ᠍ᠯᠡᠵᠦ ᠭᠠᠮᠰᠢᠭ᠎ᠠᠴᠠ ᠠᠪᠤᠷᠠᠬᠤ ᠠᠵᠢᠯ᠎ᠢ ᠰᠤᠳᠤᠯᠤᠨ ᠪᠠᠢ᠍ᠢ᠍ᠷᠢᠯᠠᠭᠤᠯᠪᠠ
ᠰᠢ ᠵᠢᠨ ᠫᠢᠩ ᠠᠰᠫᠢᠷᠠᠨᠲ᠎ᠤᠨ ᠰᠤᠷᠭ᠋ᠠᠨ ᠬᠦᠮᠦᠵᠢᠯ᠎ᠤᠨ ᠠᠵᠢᠯ᠎ᠳᠤ ᠴᠢᠬᠤᠯᠠ ᠵᠢᠭ᠋ᠠᠪᠤᠷᠢ ᠦᠭᠴᠤ ᠴᠢᠬᠤᠯᠠᠴᠢᠯᠠᠭᠰᠠᠨ᠎ᠨᠢ ᠨᠠᠮ ᠪᠠ ᠤᠯᠤᠰ᠎ᠤᠨ ᠦᠢ᠍ᠯᠡᠰ᠎ᠤᠨ ᠬᠦᠭᠵᠢᠯᠳᠡ ᠵᠢᠨ ᠬᠡᠷᠡᠭᠴᠡᠭᠡ᠎ᠳᠤ ᠵᠤᠬᠢᠴᠠᠭᠤᠯᠵᠤ ᠶᠡᠬᠡ ᠬᠡᠮᠵᠢᠶᠠᠨ᠎ᠤ ᠮᠤᠷᠠᠯ ᠴᠢᠳᠠᠪᠤᠷᠢ ᠬᠤᠤᠰᠯᠠᠭᠰᠠᠨ ᠳᠡᠭᠡᠳᠦ ᠳᠡᠰ᠎ᠤᠨ ᠴᠢᠳᠠᠪᠤᠷᠢᠳᠠᠨ᠎ᠢ ᠬᠦᠮᠦᠵᠢᠭᠦᠯᠬᠦ ᠬᠡᠷᠡᠭᠳᠠᠢ ᠯᠢ ᠺᠸ ᠴᠢᠶᠠᠩ ᠴᠤᠬᠤᠯᠠᠪᠤᠷᠢ ᠦᠭᠪᠡ
《ᠦᠨᠡᠨ ᠰᠡᠳᠬᠦᠯ》 ᠶᠡᠷᠤᠨᠭ᠌ᠭᠡᠢ ᠱᠦᠵᠢ ᠰᠢ ᠵᠢᠨ ᠫᠢᠩ᠎ᠤᠨ ᠴᠢᠬᠤᠯᠠ ᠵᠤᠬᠢᠶᠠᠯ 《ᠢᠷᠭᠡᠨ᠎ᠤ ᠬᠠᠤᠯᠢ ᠵᠢᠨ ᠪᠢᠴᠢᠭ᠎ᠢ ᠨᠡᠢ᠍ᠢ᠍ᠳᠡᠯᠡᠨ ᠭᠡᠷᠡᠭᠵᠢᠬᠦᠯᠬᠦ ᠵᠢᠨ ᠴᠢᠬᠤᠯᠠ ᠶᠡᠭᠡ ᠠᠴᠢ ᠬᠤᠯᠪᠤᠬᠳᠠᠯ᠎ᠢ ᠬᠦᠢ᠍ᠴᠡᠳ ᠲᠠᠨᠢᠵᠤ ᠠᠷᠠᠳ ᠲᠦᠮᠡᠨ᠎ᠤ ᠬᠠᠤᠯᠢ ᠶᠤᠰᠤᠨ᠎ᠤ ᠡᠷᠭᠡ ᠠᠰᠢᠭ᠎ᠢ ᠬᠠᠤᠯᠢ ᠶᠤᠰᠤᠭ᠋ᠠᠷ ᠨᠡᠩ ᠰᠠᠢ᠍ᠢ᠍ᠨ ᠪᠠᠳᠤᠯᠠᠬᠤ ᠭᠡᠷᠡᠭᠳᠠᠢ》᠎ᠢ ᠨᠡᠢ᠍ᠢ᠍ᠳᠡᠯᠡᠪᠡ
 
            