ᠠᠽᠢᠶ᠎ᠠ ᠲᠢᠪ᠎ᠤᠨ ᠰᠠᠭᠤᠷᠢ ᠲᠦᠭᠦᠭᠡᠷᠦᠮᠵᠢ ᠵᠢᠨ ᠪᠡᠯᠡ ᠤᠷᠤᠭᠤᠯᠤᠯᠲᠠ ᠵᠢᠨ ᠪᠠᠩᠭᠢ᠎ᠨᠢ ᠪᠦᠷᠢᠯᠳᠦᠭᠦᠨᠨᠦᠭᠦᠳᠤᠨ ᠵᠶ᠋ᠠᠨ ᠬᠠᠮᠳᠤ ᠵᠢᠨ ᠬᠦᠭᠵᠢᠯᠲᠡ ᠵᠢ ᠠᠬᠢᠭᠤᠯᠬᠤ᠂ ᠬᠦᠮᠦᠨ ᠲᠦᠷᠦᠯᠬᠢᠳᠡᠨ᠎ᠤ ᠬᠤᠪᠢ ᠵᠠᠶᠠᠭ᠋ᠠᠨ᠎ᠤ ᠬᠠᠮᠳᠤ ᠵᠢᠨ ᠴᠤᠭᠴᠠ ᠵᠢᠨ ᠪᠠᠶ᠋ᠢᠭᠤᠯᠤᠯᠲᠠ ᠵᠢ ᠠᠬᠢᠭᠤᠯᠬᠤ ᠰᠢᠨ᠎ᠡ ᠲᠠᠪᠴᠠᠩ ᠪᠣᠯᠪᠠᠯ ᠵᠤᠬᠢᠨ᠎ᠠ ᠬᠡᠵᠦ ᠴᠢᠬᠤᠯᠠᠴᠢᠯᠠᠵᠠᠢ

7 ᠰᠠᠷ᠎ᠠ ᠵᠢᠨ 28᠎ᠤ ᠡᠳᠤᠷ᠂ ᠤᠯᠤᠰ᠎ᠤᠨ ᠲᠡᠷᠢᠭᠦᠯᠡᠭᠴᠢ ᠰᠢ ᠵᠢᠨ ᠫᠢᠩ ᠠᠽᠢᠶ᠎ᠠ ᠲᠢᠪ᠎ᠤᠨ ᠰᠠᠭᠤᠷᠢ ᠲᠦᠬᠦᠭᠡᠷᠤᠮᠵᠢ ᠵᠢᠨ ᠪᠡᠯᠡ ᠤᠷᠤᠭᠤᠯᠤᠯᠳᠠ ᠵᠢᠨ ᠪᠠᠩᠭᠢ ᠵᠢᠨ ᠲᠠᠪᠤᠳᠤᠭ᠋ᠠᠷ ᠬᠤᠭᠤᠴᠠᠭ᠋ᠠᠨ᠎ᠤ ᠬᠡᠷᠡᠭ ᠡᠷᠬᠢᠯᠡᠭᠴᠢᠳ᠎ᠤᠨ ᠬᠤᠷᠠᠯ᠎ᠤᠨ ᠤᠨ᠎ᠤ ᠬᠤᠷᠠᠯ᠎ᠤᠨ ᠸᠢᠳᠢᠣ᠋ ᠬᠤᠷᠠᠯ᠎ᠤᠨ ᠡᠬᠢᠯᠡᠯᠳᠡ ᠵᠢᠨ ᠶᠤᠰᠤᠯᠠᠯ ᠳᠡᠭᠡᠷ᠎ᠠ ᠪᠠᠶᠠᠷ᠎ᠤᠨ ᠦᠭᠡ ᠬᠡᠯᠡᠪᠡ᠃
ᠰᠢᠨᠬᠤᠸᠠ ᠬᠤᠷᠢᠶᠠᠨ᠎ᠤ ᠰᠤᠷᠪᠤᠯᠵᠢᠯᠠᠭᠴᠢ ᠵᠢᠤᠢ ᠫᠧᠩ ᠰᠡᠬᠦᠳᠡᠷᠯᠡᠪᠡ
ᠰᠢᠨᠬᠤᠸᠠ ᠬᠤᠷᠢᠶᠠᠨ᠎ᠤ ᠪᠡᠭᠡᠵᠢᠩ᠎ᠤᠨ 7 ᠰᠠᠷ᠎ᠠ ᠵᠢᠨ 28᠎ᠤ ᠴᠠᠬᠢᠯᠭ᠋ᠠᠨ ᠮᠡᠳᠡᠭᠡ ᠤᠯᠤᠰ᠎ᠤᠨ ᠲᠡᠷᠢᠭᠦᠯᠡᠭᠴᠢ ᠰᠢ ᠵᠢᠨ ᠫᠢᠩ 28᠎ᠤ ᠡᠳᠦᠷ ᠠᠽᠢᠶ᠎ᠠ ᠲᠢᠪ᠎ᠤᠨ ᠰᠠᠭᠤᠷᠢ ᠲᠦᠬᠦᠭᠡᠷᠤᠮᠵᠢ ᠵᠢᠨ ᠪᠡᠯᠡ ᠤᠷᠤᠭᠤᠯᠤᠯᠳᠠ ᠵᠢᠨ ᠪᠠᠩᠭᠢ ᠵᠢᠨ ᠲᠠᠪᠤᠳᠤᠭ᠋ᠠᠷ ᠬᠤᠭᠤᠴᠠᠭ᠋ᠠᠨ᠎ᠤ ᠬᠡᠷᠡᠭ ᠡᠷᠬᠢᠯᠡᠭᠴᠢᠳ᠎ᠤᠨ ᠬᠤᠷᠠᠯ᠎ᠤᠨ ᠤᠨ᠎ᠤ ᠬᠤᠷᠠᠯ᠎ᠤᠨ ᠸᠢᠳᠢᠣ᠋ ᠬᠤᠷᠠᠯ᠎ᠤᠨ ᠡᠬᠢᠯᠡᠯᠳᠡ ᠵᠢᠨ ᠶᠤᠰᠤᠯᠠᠯ ᠳᠡᠭᠡᠷ᠎ᠠ ᠪᠠᠶᠠᠷ᠎ᠤᠨ ᠦᠭᠡ ᠬᠡᠯᠡᠪᠡ᠃ ᠰᠢ ᠵᠢᠨ ᠫᠢᠩ ᠬᠤᠷᠠᠯ ᠬᠤᠷᠠᠯᠳᠤᠭᠰᠠᠨ᠎ᠳᠤ ᠪᠠᠶᠠᠷ ᠬᠦᠷᠭᠡᠨ᠂ ᠠᠽᠢᠶ᠎ᠠ ᠲᠢᠪ᠎ᠤᠨ ᠰᠠᠭᠤᠷᠢ ᠲᠦᠬᠦᠭᠡᠷᠤᠮᠵᠢ ᠵᠢᠨ ᠪᠡᠯᠡ ᠤᠷᠤᠭᠤᠯᠤᠯᠳᠠ ᠵᠢᠨ ᠪᠠᠩᠭᠢ ᠵᠢᠨ ᠲᠠᠰᠤᠷᠠᠯᠳᠠ ᠦᠭᠡᠢ ᠬᠦᠭᠵᠢᠨ ᠪᠤᠵᠠᠭ᠋ᠠᠢ᠍ᠢ᠍ᠷᠠᠵᠤ ᠪᠠᠶ᠋ᠢᠬᠤ ᠵᠢ ᠢᠳᠡᠪᠬᠢᠳᠠᠢ ᠦᠨᠡᠯᠡᠵᠤ᠂ ᠠᠽᠢᠶ᠎ᠠ ᠲᠢᠪ᠎ᠤᠨ ᠰᠠᠭᠤᠷᠢ ᠲᠦᠬᠦᠭᠡᠷᠤᠮᠵᠢ ᠵᠢᠨ ᠪᠡᠯᠡ ᠤᠷᠤᠭᠤᠯᠤᠯᠳᠠ ᠵᠢᠨ ᠪᠠᠩᠭᠢ᠎ᠨᠢ ᠪᠦᠷᠢᠯᠳᠦᠭᠦᠨᠨᠦᠭᠦᠳᠤᠨ ᠵᠶ᠋ᠠᠨ ᠬᠠᠮᠳᠤ ᠵᠢᠨ ᠬᠦᠭᠵᠢᠯᠳᠡ ᠵᠢ ᠠᠬᠢᠭᠤᠯᠬᠤ᠂ ᠬᠦᠮᠦᠨ ᠲᠦᠷᠦᠯᠬᠢᠳᠡᠨ᠎ᠤ ᠬᠤᠪᠢ ᠵᠠᠶᠠᠭ᠋ᠠᠨ᠎ᠤ ᠬᠠᠮᠳᠤ ᠵᠢᠨ ᠴᠤᠭᠴᠠ ᠵᠢᠨ ᠪᠠᠶ᠋ᠢᠭᠤᠯᠤᠯᠳᠠ ᠵᠢ ᠠᠬᠢᠭᠤᠯᠬᠤ ᠰᠢᠨ᠎ᠠ ᠲᠠᠪᠴᠠᠩ ᠪᠤᠯᠪᠠᠯ ᠵᠤᠬᠢᠨ᠎ᠠ᠃ ᠡᠯ᠎ᠠ ᠪᠦᠷᠢᠯᠳᠦᠭᠦᠨ᠎ᠨᠢ ᠬᠠᠮᠳᠤ ᠵᠢᠨ ᠬᠦᠭᠵᠢᠯᠳᠡ᠎ᠳᠤ ᠠᠩᠬᠠᠷᠤᠯ ᠵᠶ᠋ᠠᠨ ᠲᠦᠪᠯᠡᠷᠡᠬᠦᠯᠦᠨ᠂ ᠵᠤᠷᠢᠭᠳᠠᠢ᠎ᠪᠠᠷ ᠵᠠᠮ ᠨᠡᠬᠡᠬᠡᠨ ᠰᠢᠨ᠎ᠠ ᠵᠢ ᠡᠭᠦᠳᠴᠤ᠂ ᠬᠠᠮᠤᠭ᠎ᠤᠨ ᠰᠠᠶ᠋ᠢᠨ ᠦᠢ᠍ᠯᠡᠳᠦᠯᠭᠡ ᠵᠢ ᠡᠭᠦᠳᠴᠤ᠂ ᠨᠡᠬᠡᠬᠡᠯᠳᠡᠳᠤ ᠪᠠᠭᠳᠠᠭ᠋ᠠᠮᠵᠢᠳᠠᠢ ᠪᠠᠶ᠋ᠢᠬᠤ ᠵᠢ ᠪᠠᠷᠢᠮᠳᠠᠯᠠᠨ᠂ ᠠᠽᠢᠶ᠎ᠠ ᠲᠢᠪ᠎ᠤᠨ ᠰᠠᠭᠤᠷᠢ ᠲᠦᠬᠦᠭᠡᠷᠤᠮᠵᠢ ᠵᠢᠨ ᠪᠡᠯᠡ ᠤᠷᠤᠭᠤᠯᠤᠯᠳᠠ ᠵᠢᠨ ᠪᠠᠩᠭᠢ ᠵᠢ ᠳᠡᠯᠡᠬᠡᠢ ᠳ᠋ᠠᠬᠢᠨ᠎ᠤ ᠬᠠᠮᠳᠦ ᠵᠢᠨ ᠬᠦᠭᠵᠢᠯᠳᠡ ᠵᠢ ᠠᠬᠢᠭᠤᠯᠬᠤ ᠰᠢᠨ᠎ᠠ ᠬᠡᠯᠪᠡᠷᠢ ᠵᠢᠨ ᠤᠯᠠᠨ ᠳᠠᠯᠠᠳᠦ ᠨᠡᠭᠡᠭᠡᠨ ᠬᠦᠭᠵᠢᠭᠦᠯᠦᠯᠳᠡ ᠵᠢᠨ ᠪᠠᠩᠭᠢ᠂ ᠴᠠᠭ ᠦᠶ᠎ᠠ᠎ᠲᠠᠢ ᠵᠡᠷᠭᠡ᠎ᠪᠠᠷ ᠤᠷᠤᠭᠰᠢᠯᠠᠭᠰᠠᠨ ᠰᠢᠨ᠎ᠠ ᠬᠡᠯᠪᠡᠷᠢ ᠵᠢᠨ ᠬᠦᠭᠵᠢᠯᠳᠡ ᠵᠢᠨ ᠦᠢ᠍ᠯᠡᠳᠦᠯᠭᠡ ᠵᠢᠨ ᠲᠠᠪᠴᠠᠩ᠂ ᠦᠨᠳᠦᠷ ᠪᠠᠷᠢᠮᠵᠢᠶ᠎ᠠ ᠪᠦᠬᠦᠢ ᠰᠢᠨ᠎ᠠ ᠬᠡᠯᠪᠡᠷᠢ ᠵᠢᠨ ᠤᠯᠠᠨ ᠤᠯᠤᠰ᠎ᠤᠨ ᠬᠠᠮᠳᠤᠷᠠᠯᠴᠠᠭ᠋ᠠᠨ᠎ᠤ ᠪᠠᠶ᠋ᠢᠭᠤᠯᠤᠮᠵᠢ ᠪᠠ ᠤᠯᠠᠨ ᠤᠯᠤᠰ᠎ᠤᠨ ᠤᠯᠠᠨ ᠲᠠᠯ᠎ᠠ᠎ᠳᠤ ᠬᠠᠮᠳᠤᠷᠠᠯᠴᠠᠭ᠋ᠠᠨ᠎ᠤ ᠰᠢᠨ᠎ᠠ ᠬᠡᠪ ᠳᠠᠭᠤᠷᠢᠶᠠᠯ ᠪᠤᠯᠭ᠋ᠠᠨ ᠪᠦᠲᠦᠭᠡᠨ ᠪᠠᠶ᠋ᠢᠭᠤᠯᠤᠶ᠎ᠠ᠃ ᠳᠤᠮᠳᠠᠳᠤ ᠤᠯᠤᠰ ᠢᠮᠠᠭᠳᠠ ᠤᠯᠠᠨ ᠲᠠᠯ᠎ᠠ᠎ᠳᠤ ᠦᠵᠡᠯ᠎ᠢ ᠳᠡᠮᠵᠢᠨ ᠦᠢ᠍ᠯᠡᠳᠦᠯᠭᠡᠵᠢᠭᠦᠯᠵᠤ᠂ ᠨᠡᠬᠡᠬᠡᠯᠳᠡ ᠬᠢᠬᠦ᠂ ᠬᠠᠮᠳᠤᠷᠠᠯᠴᠠᠬᠤ᠂ ᠬᠠᠮᠳᠦ᠎ᠪᠠᠷ ᠠᠰᠢᠭ ᠬᠦᠷᠳᠡᠬᠦ ᠵᠤᠷᠢᠭ ᠰᠠᠨᠠᠭ᠎ᠠ᠎ᠪᠠᠷ ᠦᠷᠭᠦᠯᠵᠢᠯᠡᠨ ᠡᠯ᠎ᠠ ᠪᠦᠷᠢᠯᠳᠦᠭᠦᠨ᠎ᠲᠠᠢ ᠬᠠᠮᠳᠦ᠎ᠪᠠᠷ ᠠᠽᠢᠶ᠎ᠠ ᠲᠢᠪ᠎ᠤᠨ ᠰᠠᠭᠤᠷᠢ ᠲᠦᠬᠦᠭᠡᠷᠤᠮᠵᠢ ᠵᠢᠨ ᠪᠡᠯᠡ ᠤᠷᠤᠭᠤᠯᠤᠯᠳᠠ ᠵᠢᠨ ᠪᠠᠩᠭᠢ ᠵᠢ ᠳᠡᠮᠵᠢᠬᠦ ᠪᠠ ᠰᠠᠶ᠋ᠢᠳᠤᠷ ᠡᠷᠬᠢᠯᠡᠵᠤ᠂ ᠳᠡᠯᠡᠬᠡᠢ ᠨᠡᠶ᠋ᠢᠳᠡ ᠵᠢᠨ ᠠᠶᠤᠯ ᠲᠦᠭᠰᠢᠭᠦᠷᠢ ᠪᠤᠯᠤᠨ ᠦᠷᠢᠰᠦᠯᠳᠦᠭᠡᠨ᠎ᠢ ᠠᠷᠭ᠋ᠠᠴᠠᠭ᠋ᠠᠬᠤ᠂ ᠬᠠᠮᠳᠤ ᠵᠢᠨ ᠬᠦᠭᠵᠢᠯᠳᠡ ᠵᠢ ᠪᠡᠶᠡᠯᠡᠭᠦᠯᠬᠦ᠎ᠳᠤ ᠨᠡᠩ ᠶᠡᠭᠡ ᠬᠤᠪᠢ ᠨᠡᠮᠡᠷᠢ ᠦᠵᠡᠭᠦᠯᠦᠨ᠎ᠠ ᠭᠡᠵᠤ ᠵᠢᠭ᠋ᠠᠵᠤ ᠭᠠᠷᠭ᠋ᠠᠪᠠ᠃
ᠰᠢ ᠵᠢᠨ ᠫᠢᠩ ᠪᠠᠶᠠᠷ᠎ᠤᠨ ᠦᠭᠡ᠎ᠳᠡᠭᠡᠨ᠂ 2013 ᠤᠨ᠎ᠤ ᠵᠢᠯ᠎ᠤᠨ ᠰᠡᠭᠦᠯᠴᠢ᠎ᠪᠠᠷ ᠪᠢ ᠳᠤᠮᠳᠠᠳᠤ ᠤᠯᠤᠰ᠎ᠢ ᠲᠦᠯᠦᠭᠡᠯᠡᠨ ᠠᠽᠢᠶ᠎ᠠ ᠲᠢᠪ᠎ᠤᠨ ᠰᠠᠭᠤᠷᠢ ᠲᠦᠬᠦᠭᠡᠷᠤᠮᠵᠢ ᠵᠢᠨ ᠪᠡᠯᠡ ᠤᠷᠤᠭᠤᠯᠤᠯᠳᠠ ᠵᠢᠨ ᠪᠠᠩᠭᠢ ᠪᠠᠶ᠋ᠢᠭᠤᠯᠬᠤ ᠰᠠᠨᠠᠭᠤᠯᠭ᠎ᠠ ᠳᠤᠷᠠᠳᠴᠤ᠂ ᠠᠽᠢᠶ᠎ᠠ ᠲᠢᠪ᠎ᠤᠨ ᠭᠠᠵᠠᠷ ᠤᠷᠤᠨ᠎ᠤ ᠰᠠᠭᠤᠷᠢ ᠲᠦᠬᠦᠭᠡᠷᠤᠮᠵᠢ ᠵᠢᠨ ᠪᠦᠲᠦᠭᠡᠨ ᠪᠠᠶ᠋ᠢᠭᠤᠯᠤᠯᠳᠠ ᠪᠤᠯᠤᠨ ᠬᠠᠷᠢᠯᠴᠠᠨ ᠬᠤᠯᠪᠤᠯᠳᠤᠵᠤ ᠬᠠᠷᠢᠯᠴᠠᠨ ᠨᠡᠪᠳᠡᠷᠡᠯᠴᠡᠬᠦ ᠵᠢ ᠠᠬᠢᠭᠤᠯᠤᠨ᠂ ᠤᠷᠤᠨ ᠪᠦᠰᠡ ᠵᠢᠨ ᠬᠠᠮᠳᠤᠷᠠᠯᠴᠠᠭ᠎ᠠ ᠵᠢ ᠭᠦᠨᠵᠡᠭᠡᠶ᠋ᠢᠷᠡᠭᠦᠯᠵᠤ᠂ ᠬᠠᠮᠳᠤ ᠵᠢᠨ ᠬᠦᠭᠵᠢᠯᠳᠡ ᠵᠢ ᠪᠡᠶᠡᠯᠡᠭᠦᠯᠬᠦ ᠵᠢ ᠵᠤᠷᠢᠵᠠᠢ᠃ ᠡᠵᠡᠩᠨᠡᠯᠳᠡ᠎ᠪᠠᠨ ᠡᠬᠢᠯᠡᠭᠦᠯᠦᠭᠰᠡᠨ 4 ᠵᠢᠯ ᠭᠠᠷᠤᠢ ᠵᠢᠨ ᠲᠤᠷᠰᠢ᠂ ᠠᠽᠢᠶ᠎ᠠ ᠲᠢᠪ᠎ᠤᠨ ᠰᠠᠭᠤᠷᠢ ᠲᠦᠬᠦᠭᠡᠷᠤᠮᠵᠢ ᠵᠢᠨ ᠪᠡᠯᠡ ᠤᠷᠤᠭᠤᠯᠤᠯᠳᠠ ᠵᠢᠨ ᠪᠠᠩᠭᠢ ᠤᠯᠠᠨ ᠤᠯᠤᠰ᠎ᠤᠨ ᠴᠢᠨᠠᠷ᠂ ᠵᠢᠷᠤᠮᠵᠢᠭᠰᠠᠨ ᠴᠢᠨᠠᠷ᠂ ᠦᠨᠳᠦᠷ ᠪᠠᠷᠢᠮᠵᠢᠶ᠎ᠠ᠎ᠳᠤ ᠴᠢᠨᠠᠷ᠎ᠢ ᠪᠠᠷᠢᠮᠳᠠᠯᠠᠨ᠂ ᠰᠠᠶ᠋ᠢᠨ ᠰᠠᠶ᠋ᠢᠬᠠᠨ ᠡᠬᠢᠯᠡᠯᠳᠡ᠎ᠲᠠᠢ ᠪᠤᠯᠵᠤ᠂ ᠬᠠᠮᠤᠭ ᠠᠩᠬᠠᠨ᠎ᠤ 57 ᠡᠭᠦᠰᠭᠡᠨ ᠪᠠᠶ᠋ᠢᠭᠤᠯᠤᠭᠴᠢ ᠵᠢᠨ ᠪᠦᠷᠢᠯᠳᠦᠬᠦᠨ᠎ᠲᠠᠢ ᠪᠠᠶ᠋ᠢᠭᠰᠠᠨ᠎ᠠᠴᠠ᠎ᠪᠠᠨ ᠤᠳᠤ ᠵᠢᠷᠭᠤᠭ᠋ᠠᠨ ᠶᠡᠭᠡ ᠲᠢᠪ᠎ᠤᠨ 102 ᠪᠦᠷᠢᠯᠳᠦᠭᠦᠨ᠎ᠲᠠᠢ ᠪᠤᠯᠵᠤ᠂ ᠨᠠᠶ᠋ᠢᠵᠠ ᠵᠢᠨ ᠲᠤᠭᠤᠷᠢᠭ ᠤᠯᠠᠮ᠎ᠠᠴᠠ ᠤᠯᠠᠮ ᠦᠷᠬᠡᠵᠢᠨ᠂ ᠰᠠᠶ᠋ᠢᠨ ᠬᠠᠨᠢᠳᠠᠨ ᠶᠠᠪᠤᠬᠤ ᠲᠤᠳᠤᠮ ᠤᠯᠠᠰᠢᠷᠠᠵᠤ᠂ ᠬᠠᠮᠳᠤᠷᠠᠯᠴᠠᠭ᠋ᠠᠨ᠎ᠤ ᠶᠠᠰᠤ ᠴᠢᠨᠠᠷ ᠶᠠᠪᠤᠬᠤ ᠲᠤᠳᠤᠮ ᠰᠠᠶ᠋ᠢᠵᠢᠷᠠᠵᠤ᠂ ᠲᠤᠰᠬᠠᠢ᠍ᠢ᠍ᠵᠢᠭᠰᠠᠨ᠂ ᠦᠨᠳᠦᠷ ᠪᠦᠲᠦᠮᠵᠢᠳᠠᠢ᠂ ᠠᠷᠢᠭᠤᠨ ᠴᠢᠭᠡᠴᠢ ᠰᠢᠨ᠎ᠠ ᠬᠡᠯᠪᠡᠷᠢ ᠵᠢᠨ ᠤᠯᠠᠨ ᠲᠠᠯ᠎ᠠ᠎ᠳᠤ ᠨᠡᠭᠡᠭᠡᠨ ᠬᠦᠭᠵᠢᠭᠦᠯᠦᠯᠳᠡ ᠵᠢᠨ ᠪᠠᠩᠭᠢ ᠵᠢᠨ ᠴᠣ᠌ ᠰᠢᠨ᠎ᠠ ᠳᠦᠷᠢ ᠳᠦᠷᠬᠦ ᠵᠢ ᠢᠯᠡᠷᠡᠭᠦᠯᠦᠭᠰᠡᠨ ᠪᠠᠶ᠋ᠢᠨ᠎ᠠ ᠭᠡᠵᠤ ᠴᠢᠬᠤᠯᠠᠴᠢᠯᠠᠪᠠ᠃
ᠰᠢ ᠵᠢᠨ ᠫᠢᠩ᠂ ᠲᠠᠯᠡᠬᠡᠢ ᠳ᠋ᠠᠬᠢᠨ᠎ᠤ ᠰᠢᠨ᠎ᠠ ᠲᠢᠳᠢᠮᠯᠢᠭ ᠠᠭᠤᠰᠬᠢᠨ ᠦᠷᠪᠢᠰᠦᠯ᠎ᠤᠨ ᠬᠢᠵᠢᠭ᠎ᠲᠠᠢ ᠲᠡᠮᠡᠴᠡᠭᠰᠡᠨ ᠦᠢ᠍ᠯᠡᠳᠦᠯᠭᠡ᠎ᠨᠢ ᠬᠦᠮᠦᠨ ᠲᠦᠷᠦᠯᠬᠢᠳᠡᠨ ᠪᠤᠯ ᠵᠢᠷᠭ᠋ᠠᠯ ᠵᠤᠪᠠᠯᠠᠩ ᠨᠢᠭᠡᠳᠠᠢ᠂ ᠰᠠᠯᠬᠢ ᠪᠤᠷᠤᠭ᠋ᠠᠨ᠎ᠢ ᠬᠠᠮᠳᠦ᠎ᠪᠠᠷ ᠲᠤᠭᠤᠯᠬᠤ ᠬᠤᠪᠢ ᠵᠠᠶᠠᠭ᠋ᠠᠨ᠎ᠤ ᠬᠠᠮᠳᠤ ᠵᠢᠨ ᠴᠤᠭᠴᠠ ᠮᠦᠨ᠂ ᠭᠠᠭᠴᠠ ᠬᠦ᠌ ᠬᠠᠷᠢᠯᠴᠠᠨ ᠳᠡᠮᠵᠢᠵᠦ ᠪᠦᠯᠬᠦᠮᠳᠡᠨ ᠬᠠᠮᠳᠤᠷᠠᠯᠴᠠᠪᠠᠯ ᠰᠠᠶᠢ ᠬᠢᠮᠤᠷᠠᠯ᠎ᠢ ᠢᠯᠠᠨ ᠳᠠᠪᠠᠵᠤ ᠴᠢᠳᠠᠨ᠎ᠠ ᠬᠡᠳᠡᠭ᠎ᠢ ᠬᠠᠷᠠᠭᠤᠯᠵᠠᠢ᠃ ᠠᠵᠤ ᠠᠬᠤᠢ ᠵᠢᠨ ᠳᠡᠯᠡᠬᠡᠶ᠋ᠢᠵᠢᠯᠳᠡ ᠵᠢᠨ ᠶᠠᠪᠤᠴᠠ᠎ᠳᠤ ᠢᠯᠡᠷᠡᠭᠰᠡᠨ ᠵᠦᠷᠢᠴᠡᠯ᠎ᠢ ᠰᠢᠢ᠍ᠳᠪᠦᠷᠢᠯᠡᠬᠦ᠎ᠳᠤ ᠡᠯ᠎ᠠ ᠤᠯᠤᠰ᠎ᠤᠨ᠎ᠬᠢᠨ ᠨᠡᠩ ᠠᠭᠤᠳᠠᠮ ᠪᠠᠭᠳᠠᠭ᠋ᠠᠮᠵᠢᠳᠠᠢ ᠪᠦᠬᠦ ᠳᠡᠯᠡᠭᠡᠢ ᠵᠢᠨ ᠵᠠᠰᠠᠯᠳᠠ᠂ ᠨᠡᠩ ᠪᠦᠲᠦᠮᠵᠢᠳᠠᠢ ᠤᠯᠠᠨ ᠲᠠᠯ᠎ᠠ᠎ᠳᠤ ᠲᠤᠭᠳᠠᠴᠠ᠂ ᠨᠡᠩ ᠢᠳᠡᠪᠬᠢᠳᠠᠢ ᠤᠷᠤᠨ ᠪᠦᠰᠡ ᠵᠢᠨ ᠬᠠᠮᠳᠤᠷᠠᠯᠴᠠᠭ᠎ᠠ ᠵᠢ ᠴᠢᠷᠮᠠᠶ᠋ᠢᠨ ᠪᠦᠷᠢᠯᠳᠦᠭᠦᠯᠪᠡᠯ ᠵᠤᠬᠢᠨ᠎ᠠ᠃ ᠠᠽᠢᠶ᠎ᠠ ᠲᠢᠪ᠎ᠤᠨ ᠰᠠᠭᠤᠷᠢ ᠲᠦᠬᠦᠭᠡᠷᠤᠮᠵᠢ ᠵᠢᠨ ᠪᠡᠯᠡ ᠤᠷᠤᠭᠤᠯᠤᠯᠳᠠ ᠵᠢᠨ ᠪᠠᠩᠭᠢ᠎ᠨᠢ ᠪᠦᠷᠢᠯᠳᠦᠭᠦᠨᠨᠦᠭᠦᠳᠤᠨ ᠵᠶ᠋ᠠᠨ ᠬᠠᠮᠳᠤ ᠵᠢᠨ ᠬᠦᠭᠵᠢᠯᠳᠡ ᠵᠢ ᠠᠬᠢᠭᠤᠯᠬᠤ᠂ ᠬᠦᠮᠦᠨ ᠲᠦᠷᠦᠯᠬᠢᠳᠡᠨ᠎ᠤ ᠬᠤᠪᠢ ᠵᠠᠶᠠᠭ᠋ᠠᠨ᠎ᠤ ᠬᠠᠮᠳᠤ ᠵᠢᠨ ᠴᠤᠭᠴᠠ ᠵᠢᠨ ᠪᠠᠶ᠋ᠢᠭᠤᠯᠤᠯᠳᠠ ᠵᠢ ᠠᠬᠢᠭᠤᠯᠬᠤ ᠰᠢᠨ᠎ᠠ ᠲᠠᠪᠴᠠᠩ ᠪᠤᠯᠪᠠᠯ ᠵᠤᠬᠢᠨ᠎ᠠ ᠭᠡᠵᠤ ᠵᠢᠭ᠋ᠠᠵᠤ ᠭᠠᠷᠭ᠋ᠠᠪᠠ᠃
ᠨᠢᠭᠡ᠎ᠳᠤ᠂ ᠬᠠᠮᠲᠤ ᠵᠢᠨ ᠬᠦᠭᠵᠢᠯᠲᠠ᠎ᠳᠤ ᠠᠩᠬᠠᠷᠤᠯ ᠵᠶ᠋ᠠᠨ ᠲᠦᠪᠯᠡᠷᠡᠭᠦᠯᠵᠦ᠂ ᠠᠽᠢᠶ᠎ᠠ ᠲᠢᠪ᠎ᠤᠨ ᠰᠠᠭᠤᠷᠢ ᠲᠦᠬᠦᠭᠡᠷᠦᠮᠵᠢ ᠵᠢᠨ ᠪᠡᠯᠡ ᠤᠷᠤᠭᠤᠯᠤᠯᠲᠠ ᠵᠢᠨ ᠪᠠᠩᠭᠢ ᠵᠢ ᠪᠦᠬᠦ ᠲᠡᠯᠡᠭᠡᠢ ᠵᠢᠨ ᠬᠠᠮᠲᠤ ᠵᠢᠨ ᠬᠦᠭᠵᠢᠯᠲᠠ ᠵᠢ ᠠᠬᠢᠭᠤᠯᠬᠤ ᠰᠢᠨ᠎ᠠ ᠬᠡᠯᠪᠡᠷᠢ ᠵᠢᠨ ᠤᠯᠠᠠ ᠲᠠᠯᠠᠲᠦ ᠨᠡᠭᠡᠭᠡᠨ ᠬᠦᠭᠵᠢᠭᠦᠯᠦᠯᠳᠡ ᠵᠢᠨ ᠪᠠᠩᠭᠢ ᠪᠤᠯᠭ᠋ᠠᠠ ᠪᠦᠲᠦᠭᠡᠨ ᠪᠠᠶ᠋ᠢᠭᠤᠯᠤᠶ᠎ᠠ᠃ ᠠᠽᠢᠶ᠎ᠠ ᠲᠢᠪ᠎ᠤᠨ ᠰᠠᠭᠤᠷᠢ ᠲᠦᠬᠦᠭᠡᠷᠦᠮᠵᠢ ᠵᠢᠨ ᠪᠡᠯᠡ ᠤᠷᠤᠭᠤᠯᠤᠯᠲᠠ ᠵᠢᠨ ᠪᠠᠩᠭᠢ ᠪᠦᠬᠦ ᠪᠦᠷᠢᠯᠲᠦᠭᠦᠨᠤᠪᠠᠨ ᠬᠦᠭᠵᠢᠯᠲᠠ ᠵᠢᠨ ᠭᠡᠷᠡᠭᠴᠡᠭᠡ᠎ᠳᠤ ᠦᠢ᠍ᠯᠡᠴᠢᠯᠡᠬᠦ᠎ᠪᠠᠷ ᠴᠢᠷᠮᠠᠶ᠋ᠢᠵᠦ᠂ ᠨᠡᠩ ᠤᠯᠠᠠ ᠴᠢᠨᠠᠷ ᠰᠠᠶ᠋ᠢᠲᠠᠢ᠂ ᠦᠪᠡᠷ᠎ᠤᠨ ᠦᠷᠲᠡᠭ ᠵᠶ᠋ᠠᠷ ᠲᠤᠤᠷ᠎ᠠ᠂ ᠤᠳᠠᠭ᠋ᠠᠨ ᠲᠠᠭ᠋ᠠᠭ᠋ᠠᠮᠠᠭ᠋ᠠᠢ ᠰᠠᠭᠤᠷᠢ ᠲᠦᠭᠦᠭᠡᠷᠦᠮᠵᠢ ᠵᠢᠨ ᠪᠡᠯᠡ ᠤᠷᠤᠭᠤᠯᠤᠯᠳᠠ ᠬᠠᠩᠭ᠋ᠠᠨ᠂ ᠤᠯᠠᠮᠵᠢᠯᠠᠯᠲᠦ ᠰᠠᠭᠤᠷᠢ ᠲᠦᠬᠦᠭᠡᠷᠦᠮᠵᠢ ᠵᠢ ᠲᠡᠮᠵᠢᠬᠦ᠎ᠪᠠᠷ ᠪᠠᠷᠠᠬᠤ ᠦᠭᠡᠢ ᠰᠢᠨ᠎ᠠ ᠬᠡᠯᠪᠡᠷᠢ ᠵᠢᠨ ᠰᠠᠭᠤᠷᠢ ᠲᠦᠬᠦᠭᠡᠷᠦᠮᠵᠢ ᠵᠢ ᠴᠤ᠌ ᠲᠡᠮᠵᠢᠵᠦ᠂ ᠠᠽᠢᠶ᠎ᠠ ᠲᠢᠪ ᠵᠢᠴᠢ ᠪᠤᠰᠤᠳ ᠭᠠᠵᠠᠷ ᠤᠷᠤᠨ᠎ᠤ ᠠᠵᠦ ᠠᠬᠤᠢ ᠨᠡᠶ᠋ᠢᠭᠡᠮ᠎ᠤᠨ ᠬᠦᠭᠵᠢᠯᠲᠠ ᠵᠢ ᠠᠬᠢᠭᠤᠯᠬᠤ᠎ᠳᠤ ᠰᠢᠨ᠎ᠠ ᠬᠦᠲᠡᠯᠭᠡᠬᠦ ᠬᠦᠴᠤᠨ ᠬᠠᠩᠭ᠋ᠠᠪᠠᠯ ᠵᠤᠬᠢᠨ᠎ᠠ᠃
ᠬᠤᠶᠠᠷ᠎ᠲᠤ᠂ ᠵᠤᠷᠢᠠᠠᠲᠠᠢ᠎ᠪᠠᠷ ᠵᠠᠮ ᠨᠡᠭᠡᠭᠡᠡ ᠰᠢᠨ᠎ᠠ ᠵᠢ ᠡᠭᠦᠳᠴᠤ᠂ ᠠᠽᠢᠶ᠎ᠠ ᠲᠢᠪ᠎ᠤᠨ ᠰᠠᠭᠤᠷᠢ ᠲᠦᠬᠦᠭᠡᠷᠦᠮᠵᠢ ᠵᠢᠨ ᠪᠡᠯᠡ ᠤᠷᠤᠭᠤᠯᠤᠯᠲᠠ ᠵᠢᠨ ᠪᠠᠩᠭᠢ ᠵᠢ ᠴᠠᠭ ᠦᠶ᠎ᠠ᠎ᠲᠠᠢ ᠵᠡᠷᠭᠡ᠎ᠪᠠᠷ ᠤᠷᠤᠭᠰᠢᠯᠠᠬᠤ ᠰᠢᠨ᠎ᠠ ᠬᠡᠯᠪᠡᠷᠢ ᠵᠢᠨ ᠬᠦᠭᠵᠢᠯᠲᠠ ᠵᠢᠨ ᠦᠢ᠍ᠯᠡᠲᠦᠯᠭᠡ ᠵᠢᠨ ᠳᠠᠪᠴᠠᠩ ᠪᠤᠯᠭ᠋ᠠᠨ ᠪᠦᠲᠦᠭᠡᠨ ᠪᠠᠶ᠋ᠢᠭᠤᠯᠤᠶ᠎ᠠ᠃ ᠠᠽᠢᠶ᠎ᠠ ᠲᠢᠪ᠎ᠤᠨ ᠰᠠᠭᠤᠷᠢ ᠲᠦᠬᠦᠭᠡᠷᠦᠮᠵᠢ ᠵᠢᠨ ᠪᠡᠯᠡ ᠤᠷᠤᠭᠤᠯᠤᠯᠲᠠ ᠵᠢᠨ ᠪᠠᠩᠭᠢ᠎ᠨᠢ ᠬᠦᠭᠵᠢᠯᠲᠠ ᠵᠢᠨ ᠤᠢ᠍ᠢ᠍ᠯᠠᠭ᠋ᠠᠭᠲᠠᠬᠤᠨ᠂ ᠲᠤᠬᠠᠢ᠍ᠢ᠍ᠯᠠᠭᠰᠠᠠ ᠠᠵᠢᠯ᠎ᠤᠨ ᠬᠡᠯᠪᠡᠷᠢ᠂ ᠪᠠᠶ᠋ᠢᠭᠤᠯᠤᠮᠵᠢ ᠵᠢᠨ ᠵᠠᠰᠠᠯᠲᠠ ᠵᠢᠨ ᠰᠢᠨ᠎ᠠ ᠵᠢ ᠡᠭᠦᠳᠴᠤ᠂ ᠪᠡᠯᠡ ᠬᠤᠷᠠᠮᠳᠤᠭᠤᠯᠬᠤ ᠪᠦᠲᠦᠭᠡᠭᠳᠡᠭᠦᠨ ᠵᠶ᠋ᠠᠨ ᠠᠮᠢᠳᠤᠯᠢᠭ ᠪᠦᠬᠡᠳ ᠤᠯᠠᠨ ᠶᠠᠩᠵᠤ᠎ᠪᠠᠷ ᠬᠦᠭᠵᠢᠭᠦᠯᠬᠦ᠎ᠪᠠᠷ ᠲᠠᠮᠵᠢᠨ ᠬᠠᠷᠢᠯᠴᠠᠨ ᠬᠤᠯᠪᠤᠯᠲᠤᠵᠤ ᠬᠠᠷᠢᠯᠴᠠᠨ ᠨᠡᠪᠲᠡᠷᠡᠯᠴᠡᠬᠦ ᠵᠢ ᠠᠬᠢᠭᠤᠯᠵᠦ᠂ ᠪᠤᠬᠢᠷᠲᠤᠯ ᠦᠭᠡᠢ ᠬᠦᠭᠵᠢᠯᠲᠠ ᠵᠢ ᠠᠬᠢᠭᠤᠯᠵᠦ᠂ ᠮᠡᠷᠭᠡᠵᠢᠯ᠎ᠤᠨ ᠲᠠᠪᠰᠢᠯᠲᠠ ᠵᠢ ᠳᠡᠮᠵᠢᠪᠡᠯ ᠵᠤᠬᠢᠨ᠎ᠠ᠃
ᠭᠤᠷᠪᠠ᠎ᠳᠤ᠂ ᠬᠠᠮᠤᠭ᠎ᠤᠨ ᠰᠠᠶ᠋ᠢᠠ ᠦᠢ᠍ᠯᠡᠲᠦᠯᠭᠡ ᠵᠢ ᠡᠭᠦᠳᠴᠤ᠂ ᠠᠽᠢᠶ᠎ᠠ ᠲᠢᠪ᠎ᠤᠨ ᠰᠠᠭᠤᠷᠢ ᠲᠦᠬᠦᠭᠡᠷᠦᠮᠵᠢ ᠵᠢᠨ ᠪᠡᠯᠡ ᠤᠷᠤᠭᠤᠯᠤᠯᠲᠠ ᠵᠢᠨ ᠪᠠᠩᠭᠢ ᠵᠢ ᠦᠨᠲᠦᠷ ᠪᠠᠷᠢᠮᠵᠢᠶ᠎ᠠ ᠪᠦᠬᠦᠢ ᠰᠢᠨ᠎ᠠ ᠬᠡᠯᠪᠡᠷᠢ ᠵᠢᠨ ᠤᠯᠠᠠ ᠤᠯᠤᠰ᠎ᠤᠨ ᠬᠠᠮᠳᠤᠷᠠᠯᠴᠠᠭ᠋ᠠᠨ᠎ᠤ ᠪᠠᠶ᠋ᠢᠭᠤᠯᠤᠮᠵᠢ ᠪᠤᠯᠭ᠋ᠠᠠ ᠪᠦᠲᠦᠭᠡᠡ ᠪᠠᠶ᠋ᠢᠭᠤᠯᠤᠶ᠎ᠠ᠃ ᠠᠽᠢᠶ᠎ᠠ ᠲᠢᠪ᠎ᠤᠨ ᠰᠠᠭᠤᠷᠢ ᠲᠦᠬᠦᠭᠡᠷᠦᠮᠵᠢ ᠵᠢᠨ ᠪᠡᠯᠡ ᠤᠷᠤᠭᠤᠯᠤᠯᠲᠠ ᠵᠢᠨ ᠪᠠᠩᠭᠢ᠎ᠨᠢ ᠳᠡᠯᠡᠬᠡᠢ ᠨᠡᠶ᠋ᠢᠳᠡ ᠵᠢᠨ ᠨᠡᠶ᠋ᠢᠲᠡᠮ ᠬᠡᠷᠡᠭᠯᠡᠬᠦ ᠪᠠᠷᠢᠮᠵᠢᠶ᠎ᠠ ᠵᠢ ᠵᠢᠷᠤᠮᠯᠠᠬᠤ᠂ ᠲᠦᠭᠡᠮᠡᠯ ᠬᠦᠭᠵᠢᠯᠲᠠ ᠵᠢᠨ ᠵᠢᠮ᠎ᠠ ᠶᠤᠰᠤ ᠵᠢ ᠬᠦᠨᠳᠤᠳᠬᠦ ᠵᠢ ᠡᠯ᠎ᠠ ᠪᠦᠷᠢᠯᠲᠦᠭᠦᠨᠤᠪᠠᠨ ᠲᠤᠰ ᠪᠡᠶ᠎ᠠ ᠵᠢᠨ ᠬᠦᠭᠵᠢᠯᠲᠠ ᠵᠢᠨ ᠪᠤᠲᠠᠲᠤ ᠭᠡᠷᠡᠭᠴᠡᠭᠡ᠎ᠲᠠᠢ ᠤᠷᠭ᠋ᠠᠨᠢᠭ ᠵᠶ᠋ᠠᠷ ᠤᠶᠠᠯᠳᠤᠭᠤᠯᠵᠤ᠂ ᠤᠯᠠᠠ ᠤᠯᠤᠰ᠎ᠤᠨ ᠬᠦᠭᠵᠢᠯᠲᠠ ᠵᠢᠨ ᠬᠠᠮᠳᠤᠷᠠᠯᠴᠠᠭ᠋ᠠᠨ᠎ᠤ ᠬᠠᠮᠤᠭ᠎ᠤᠨ ᠰᠠᠶ᠋ᠢᠨ ᠦᠢ᠍ᠯᠡᠲᠦᠯᠭᠡ ᠵᠢ ᠡᠭᠦᠳᠤᠶ᠎ᠠ᠃
ᠲᠦᠷᠪᠡ᠎ᠳᠤ᠂ ᠨᠡᠭᠡᠭᠡᠯᠲᠠ᠎ᠳᠤ ᠪᠠᠭᠲᠠᠭ᠋ᠠᠮᠵᠢᠲᠠᠢ ᠪᠠᠶ᠋ᠢᠬᠤ ᠵᠢ ᠪᠠᠷᠢᠮᠲᠠᠯᠠᠵᠦ᠂ ᠠᠽᠢᠶ᠎ᠠ ᠲᠢᠪ᠎ᠤᠨ ᠰᠠᠭᠤᠷᠢ ᠲᠦᠬᠦᠭᠡᠷᠦᠮᠵᠢ ᠵᠢᠨ ᠪᠡᠯᠡ ᠤᠷᠤᠭᠤᠯᠤᠯᠲᠠ ᠵᠢᠨ ᠪᠠᠩᠭᠢ ᠵᠢ ᠤᠯᠠᠠ ᠤᠯᠤᠰ᠎ᠤᠨ ᠤᠯᠠᠠ ᠳᠠᠯᠠᠳᠦ ᠬᠠᠮᠳᠤᠷᠠᠯᠴᠠᠭ᠋ᠠᠨ᠎ᠤ ᠰᠢᠨ᠎ᠠ ᠬᠡᠪ ᠳᠠᠭᠤᠷᠢᠶᠠᠯ ᠪᠤᠯᠭ᠋ᠠᠠ ᠪᠦᠲᠦᠭᠡᠡ ᠪᠠᠶ᠋ᠢᠭᠤᠯᠤᠶ᠎ᠠ᠃ ᠬᠠᠮᠲᠤ᠎ᠪᠠᠷ ᠵᠦᠪᠳᠡᠬᠦ ᠬᠠᠮᠲᠤ᠎ᠪᠠᠷ ᠪᠠᠶ᠋ᠢᠭᠤᠯᠬᠤ ᠬᠠᠮᠲᠤ᠎ᠪᠠᠷ ᠡᠳ᠋ᠯᠡᠬᠦ ᠵᠠᠷᠴᠢᠮ᠎ᠢ ᠪᠠᠷᠢᠮᠲᠠᠯᠠᠨ᠂ ᠲᠡᠯᠡᠭᠡᠢ ᠵᠢᠨ ᠠᠵᠦ ᠠᠬᠤᠢ ᠵᠢᠨ ᠪᠠᠶ᠋ᠢᠷᠢᠰᠢᠯ᠎ᠤᠨ ᠲᠤᠬᠢᠷᠠᠭᠤᠯᠤᠯᠲᠠ ᠪᠠ ᠬᠤᠪᠢᠰᠤᠯᠲᠠ ᠵᠢᠨ ᠬᠠᠨᠲᠤᠰᠢ᠎ᠳᠤ ᠵᠤᠬᠢᠴᠠᠵᠤ᠂ ᠨᠡᠩ ᠤᠯᠠᠠ ᠬᠦᠭᠵᠢᠯᠲᠠ ᠵᠢᠨ ᠬᠠᠨᠢᠲᠠᠠᠯᠤᠭᠠ ᠬᠠᠮᠲᠤᠷᠠᠯᠴᠠᠭ᠎ᠠ ᠦᠷᠨᠢᠭᠦᠯᠤᠨ᠂ ᠤᠷᠤᠨ ᠪᠦᠰᠡ ᠵᠢᠨ ᠠᠵᠦ ᠠᠬᠤᠢ ᠵᠢᠨ ᠨᠢᠭᠡ ᠴᠤᠭᠴᠠᠵᠢᠯᠳᠠ ᠵᠢ ᠠᠬᠢᠭᠤᠯᠵᠦ᠂ ᠠᠵᠦ ᠠᠬᠤᠢ ᠵᠢᠨ ᠲᠡᠯᠡᠭᠡᠶ᠋ᠢᠵᠢᠯᠲᠠ ᠵᠢᠨ ᠨᠡᠩ ᠨᠡᠭᠡᠭᠡᠯᠳᠠᠳᠠᠢ᠂ ᠪᠠᠭᠲᠠᠭ᠋ᠠᠮᠵᠢᠲᠠᠢ᠂ ᠲᠦᠭᠡᠮᠡᠯ ᠠᠰᠢᠭ ᠬᠦᠷᠲᠡᠭᠡᠬᠦ᠂ ᠲᠡᠩᠴᠡᠬᠦᠷᠢᠲᠠᠢ᠂ ᠬᠠᠮᠲᠤ᠎ᠪᠠᠷ ᠠᠰᠢᠭ ᠬᠦᠷᠳᠡᠬᠦ ᠲᠡᠶ᠋ᠢᠰᠢ ᠬᠦᠭᠵᠢᠭᠦ ᠵᠢ ᠠᠬᠢᠭᠤᠯᠤᠶ᠎ᠠ᠃
ᠰᠢ ᠵᠢᠨ ᠫᠢᠩ ᠬᠠᠮᠤᠭ ᠰᠡᠭᠦᠯ᠎ᠳᠤ᠂ ᠲᠤᠮᠲᠠᠲᠤ ᠤᠯᠤᠰ ᠢᠮᠠᠭᠲᠠ ᠤᠯᠠᠠ ᠲᠠᠯᠠᠲᠦ ᠦᠵᠡᠯ᠎ᠢ ᠲᠡᠮᠵᠢᠵᠦ ᠤᠯᠠᠠ ᠲᠠᠯᠠᠲᠦ ᠦᠵᠡᠯ᠎ᠢ ᠦᠢ᠍ᠯᠡᠲᠦᠯᠭᠡᠵᠢᠭᠦᠯᠦᠨ᠂ ᠨᠡᠭᠡᠭᠡᠯᠲᠡ ᠬᠢᠬᠦ᠂ ᠬᠠᠮᠲᠤᠷᠠᠯᠴᠠᠬᠤ᠂ ᠬᠠᠮᠲᠤ᠎ᠪᠠᠷ ᠠᠰᠢᠭ ᠬᠦᠷᠲᠡᠬᠦ ᠵᠤᠷᠢᠭ ᠰᠠᠨᠠᠭ᠎ᠠ᠎ᠪᠠᠷ ᠲᠡᠯᠡᠭᠡᠢ ᠵᠢᠨ ᠡᠯ᠎ᠠ ᠤᠯᠤᠰ᠎ᠲᠠᠢ ᠬᠠᠮᠲᠤ᠎ᠪᠠᠷ ᠬᠦᠭᠵᠢᠬᠦ ᠵᠢ ᠡᠷᠢᠯᠬᠢᠯᠡᠨ᠎ᠠ᠃ ᠲᠤᠮᠲᠠᠲᠤ ᠤᠯᠤᠰ ᠦᠷᠬᠦᠯᠵᠢᠯᠡᠡ ᠡᠯ᠎ᠠ ᠪᠦᠷᠢᠯᠲᠦᠭᠦᠨᠯᠦᠭᠡ ᠬᠠᠮᠲᠤ᠎ᠪᠠᠷ ᠠᠽᠢᠶ᠎ᠠ ᠲᠢᠪ᠎ᠤᠨ ᠰᠠᠭᠤᠷᠢ ᠲᠦᠬᠦᠭᠡᠷᠦᠮᠵᠢ ᠵᠢᠨ ᠪᠡᠯᠡ ᠤᠷᠤᠭᠤᠯᠤᠯᠲᠠ ᠵᠢᠨ ᠪᠠᠩᠭᠢ ᠵᠢ ᠲᠡᠮᠵᠢᠵᠦ᠂ ᠠᠽᠢᠶ᠎ᠠ ᠲᠢᠪ᠎ᠤᠨ ᠰᠠᠭᠤᠷᠢ ᠲᠦᠬᠦᠭᠡᠷᠦᠮᠵᠢ ᠵᠢᠨ ᠪᠡᠯᠡ ᠤᠷᠤᠭᠤᠯᠤᠯᠲᠠ ᠵᠢᠨ ᠪᠠᠩᠭᠢ ᠵᠢ ᠰᠠᠶ᠋ᠢᠳᠦᠷ ᠡᠷᠬᠢᠯᠡᠨ᠂ ᠲᠡᠯᠡᠭᠡᠢ ᠨᠡᠶ᠋ᠢᠳᠡ ᠵᠢᠨ ᠠᠶᠤᠯ ᠲᠦᠭᠰᠢᠬᠦᠷᠢ ᠦᠷᠢᠰᠦᠯᠲᠦᠭᠡᠡ᠎ᠢ ᠠᠷᠭ᠋ᠠᠴᠠᠭ᠋ᠠᠬᠤ᠂ ᠬᠠᠮᠲᠤ ᠵᠢᠨ ᠬᠦᠭᠵᠢᠯᠲᠠ ᠵᠢ ᠪᠡᠶᠡᠯᠡᠭᠦᠯᠬᠦ᠎ᠳᠤ ᠨᠡᠩ ᠶᠡᠭᠡ ᠬᠤᠪᠢ ᠨᠡᠮᠡᠷᠢ ᠦᠵᠡᠭᠦᠯᠦᠨ᠎ᠠ ᠭᠡᠵᠦ ᠴᠢᠬᠤᠯᠠᠴᠢᠯᠠᠪᠠ᠃