ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠴᠠᠬᠢᠮ ᠰᠣᠷᠪᠣᠯᠵᠢᠯᠠᠭ᠎ᠠ
ᠲᠡᠷᠢᠭᠦᠨ ᠬᠠᠭᠤᠳᠠᠰᠤ   -   ᠲᠡᠷᠢᠭᠦᠨ ᠵᠣᠷᠪᠣᠰ
ᠰᠢ ᠵᠢᠨ ᠫᠢᠩ ᠤᠳᠤᠷᠢᠳᠬᠤ ᠬᠥᠮᠦᠰ᠎ᠤᠨ ᠠᠭᠤᠷ ᠠᠮᠢᠰᠬᠤᠯ᠎ᠤᠨ ᠲᠦᠷᠦᠭᠦᠴᠦᠳ᠎ᠤᠨ ᠬᠤᠷᠠᠯ᠎ᠳᠤ ᠤᠷᠤᠯᠴᠠᠭᠰᠠᠨ ᠪᠦᠭᠡᠳ ᠴᠢᠬᠤᠯᠠ ᠶᠠᠷᠢᠶ᠎ᠠ ᠳᠠᠯᠪᠢᠪᠠ
ᠨᠡᠶ᠋ᠢᠲᠡᠯᠡᠭᠰᠡᠨ ᠴᠠᠭ᠄ 2021-04-23

      ᠪᠤᠬᠢᠷᠳᠤᠯ ᠦᠬᠡᠢ ᠬᠦᠭᠵᠢᠯᠳᠡ ᠵᠢ ᠪᠠᠷᠢᠮᠳᠠᠯᠠᠵᠥ᠂ ᠤᠯᠠᠨ ᠳᠠᠯᠠᠳᠤ ᠦᠵᠡᠯ᠎ᠢ ᠪᠠᠷᠢᠮᠳᠠᠯᠠᠵᠥ᠂ ᠬᠠᠮᠲᠤ ᠵᠢᠨ ᠪᠣᠯᠪᠠᠴᠤ ᠢᠯᠭ᠋ᠠᠭ᠎ᠠ᠎ᠲᠠᠢ ᠬᠠᠷᠢᠭᠤᠴᠠᠯᠭ᠎ᠠ ᠵᠢᠨ ᠵᠠᠷᠴᠢᠮ᠎ᠢ ᠪᠠᠷᠢᠮᠲᠠᠯᠠᠵᠥ᠂ ᠬᠦᠮᠦᠨ ᠪᠠ ᠪᠠᠶ᠋ᠢᠭ᠋ᠠᠯᠢ ᠵᠢᠨ ᠠᠮᠢ ᠨᠠᠰᠤᠨ᠎ᠤ ᠬᠠᠮᠳᠤ ᠴᠤᠬ᠍ᠴᠠ ᠵᠢ ᠬᠠᠮᠳᠤ᠎ᠪᠠᠷ ᠪᠠᠶ᠋ᠢᠭᠤᠯᠤᠶ᠎ᠠ ᠬᠡᠵᠥ ᠴᠢᠬᠤᠯᠠᠴᠢᠯᠠᠵᠠᠢ


      ᠠᠮᠧᠷᠢᠺᠠ ᠵᠢᠨ ᠶᠡᠷᠦᠩᠬᠡᠶ᠋ᠢᠯᠡᠭᠴᠢ ᠪᠠᠶ᠋ᠢᠳᠧᠨ᠎ᠤ ᠤᠷᠢᠯᠭ᠎ᠠ᠎ᠪᠠᠷ᠂ ᠤᠯᠤᠰ᠎ᠤᠨ ᠳᠡᠷᠢᠬᠦᠯᠡᠭᠴᠢ ᠰᠢ ᠵᠢᠨ ᠫᠢᠩ 22᠎ᠤᠨ ᠤᠷᠤᠢ ᠪᠡᠬᠡᠵᠢᠩ᠎ᠳᠤ ᠸᠢᠳᠢᠣ᠋ ᠬᠡᠯᠪᠡᠷᠢ᠎ᠪᠠᠷ ᠤᠳᠤᠷᠢᠳᠬᠤ ᠬᠦᠮᠦᠰ᠎ᠤᠨ ᠠᠭᠤᠷ ᠠᠮᠢᠰᠬᠤᠯ᠎ᠤᠨ ᠳᠦᠷᠦᠬᠦᠴᠦᠳ᠎ᠤᠨ ᠬᠤᠷᠠᠯ᠎ᠳᠤ ᠤᠷᠤᠯᠴᠠᠭᠰᠠᠨ ᠪᠦᠭᠡᠳ 《ᠬᠦᠮᠦᠨ ᠪᠠ ᠪᠠᠶ᠋ᠢᠭ᠋ᠠᠯᠢ ᠵᠢᠨ ᠠᠮᠢ ᠨᠠᠰᠤᠨ᠎ᠤ ᠬᠠᠮᠳᠤ ᠴᠤᠬ᠍ᠴᠠ ᠵᠢ ᠬᠠᠮᠳᠤ᠎ᠪᠠᠷ ᠪᠠᠶ᠋ᠢᠭᠤᠯᠤᠶ᠎ᠠ》 ᠬᠡᠬᠦ ᠰᠡᠳᠦᠪᠳᠤ ᠴᠢᠬᠤᠯᠠ ᠶᠠᠷᠢᠶ᠎ᠠ ᠳᠠᠯᠪᠢᠪᠠ᠃



习近平出席领导人气候峰会并发表重要讲话 .jpg 


     4 ᠰᠠᠷ᠎ᠠ ᠵᠢᠨ 22᠎ᠤᠨ ᠤᠷᠤᠢ᠂ ᠠᠮᠧᠷᠢᠺᠠ ᠵᠢᠨ ᠶᠡᠷᠦᠩᠬᠡᠶ᠋ᠢᠯᠡᠭᠴᠢ ᠪᠠᠶ᠋ᠢᠳᠧᠨ᠎ᠤ ᠤᠷᠢᠯᠭ᠎ᠠ᠎ᠪᠠᠷ᠂ ᠤᠯᠤᠰ᠎ᠤᠨ ᠳᠡᠷᠢᠬᠦᠯᠡᠭᠴᠢ ᠰᠢ ᠵᠢᠨ ᠫᠢᠩ ᠪᠡᠬᠡᠵᠢᠩ᠎ᠳᠤ ᠸᠢᠳᠢᠣ᠋ ᠬᠡᠯᠪᠡᠷᠢ᠎ᠪᠠᠷ ᠤᠳᠤᠷᠢᠳᠬᠤ ᠬᠦᠮᠦᠰ᠎ᠤᠨ ᠠᠭᠤᠷ ᠠᠮᠢᠰᠬᠤᠯ᠎ᠤᠨ ᠳᠦᠷᠦᠬᠦᠴᠦᠳ᠎ᠤᠨ ᠬᠤᠷᠠᠯ᠎ᠳᠤ ᠤᠷᠤᠯᠴᠠᠬᠰᠠᠨ ᠪᠦᠬᠡᠳ 《ᠬᠦᠮᠦᠨ ᠪᠠ ᠪᠠᠶ᠋ᠢᠭ᠋ᠠᠯᠢ ᠵᠢᠨ ᠠᠮᠢ ᠨᠠᠰᠤᠨ᠎ᠤ ᠬᠠᠮᠳᠤ ᠴᠤᠬ᠍ᠴᠠ ᠵᠢ ᠬᠠᠮᠳᠤ᠎ᠪᠠᠷ ᠪᠠᠶ᠋ᠢᠭᠤᠯᠤᠶ᠎ᠠ》 ᠬᠡᠬᠦ ᠰᠡᠳᠦᠪᠳᠦ ᠴᠢᠬᠤᠯᠠ ᠶᠠᠷᠢᠶ᠎ᠠ ᠳᠠᠯᠪᠢᠪᠠ᠃
      ᠰᠢᠨᠬᠤᠸᠠ ᠬᠤᠷᠢᠶᠠᠨ᠎ᠤ ᠰᠤᠷᠪᠤᠯᠵᠢᠯᠠᠬ᠍ᠴᠢ ᠬᠤᠸᠠᠩ ᠵᠢᠩ ᠸᠧᠨ ᠰᠡᠬᠦᠳᠡᠷᠯᠡᠪᠡ


      ᠰᠢ ᠵᠢᠨ ᠫᠢᠩ᠂ ᠠᠭᠤᠷ ᠠᠮᠢᠰᠬᠤᠯ᠎ᠤᠨ ᠬᠤᠪᠢᠷᠠᠯᠳᠠ ᠬᠥᠮᠦᠨ ᠲᠥᠷᠥᠯᠬᠢᠲᠡᠨ᠎ᠤ ᠣᠷᠣᠰᠢᠯ ᠲᠣᠭᠲᠠᠨᠢᠯ ᠪᠠ ᠬᠥᠭᠵᠢᠯᠲᠡ᠎ᠳᠤ ᠬᠦᠨᠳᠦ ᠨᠣᠴᠢᠲᠠᠢ ᠥᠷᠢᠰᠥᠯᠳᠦᠭᠡᠨ ᠠᠪᠴᠢᠷᠠᠭᠰᠠᠨ ᠪᠠᠶ᠋ᠢᠨ᠎ᠠ᠃ ᠪᠦᠬᠦ ᠪᠥᠮᠪᠥᠷᠴᠡᠭ᠎ᠤᠨ ᠣᠷᠴᠢᠨ ᠲᠣᠭᠤᠷᠢᠨ᠎ᠤ ᠵᠠᠰᠠᠯᠲᠠ ᠵᠢᠨ ᠤᠷᠢᠳ ᠡᠮᠦᠨ᠎ᠡ ᠪᠠᠶ᠋ᠢᠭ᠎ᠠ ᠦᠭᠡᠢ ᠬᠦᠴᠢᠷᠳᠡᠯ᠎ᠤᠨ ᠡᠮᠦᠨ᠎ᠡ᠂ ᠳᠡᠯᠡᠬᠡᠢ ᠨᠡᠶ᠋ᠢᠳᠡ᠎ᠪᠠᠷ ᠵᠶ᠋ᠠᠨ ᠤᠷᠢᠳ ᠡᠮᠦᠨ᠎ᠡ ᠪᠠᠶ᠋ᠢᠭ᠎ᠠ ᠦᠭᠡᠢ ᠡᠷᠡᠯᠬᠡᠭ ᠵᠤᠷᠢᠭ ᠠᠤᠭ᠎ᠠ ᠰᠠᠨᠠᠭ᠎ᠠ ᠪᠠ ᠦᠢ᠍ᠯᠡ ᠠᠵᠢᠯᠯᠠᠭ᠎ᠠ᠎ᠪᠠᠷ ᠠᠭᠤᠷ ᠠᠮᠢᠰᠬᠤᠯ᠎ᠤᠨ ᠬᠤᠪᠢᠷᠠᠯᠲᠠ ᠵᠢᠨ ᠦᠷᠢᠰᠦᠯᠳᠦᠬᠡᠨ᠎ᠢ ᠠᠷᠭ᠋ᠠᠴᠠᠭ᠋ᠠᠬᠤ ᠠᠷᠭ᠎ᠠ ᠪᠤᠳᠤᠯᠭ᠎ᠠ ᠵᠢ ᠬᠠᠮᠲᠤ᠎ᠪᠠᠷ ᠵᠥᠪᠳᠡᠯᠴᠡᠨ᠂ ᠬᠥᠮᠦᠨ ᠪᠠ ᠪᠠᠶ᠋ᠢᠭ᠋ᠠᠯᠢ ᠡᠶ᠎ᠡ ᠵᠣᠬᠢᠴᠠᠩᠭᠤᠢ᠎ᠪᠠᠷ ᠬᠠᠮᠲᠤ ᠣᠷᠣᠰᠢᠬᠤ ᠠᠷᠭ᠎ᠠ ᠵᠠᠮ᠎ᠢ ᠬᠠᠮᠲᠤ᠎ᠪᠠᠷ ᠰᠦᠪᠡᠭᠴᠢᠯᠡᠵᠥ᠂ ᠵᠣᠷᠢᠭᠲᠠᠢ᠎ᠪᠠᠷ ᠬᠠᠷᠢᠭᠤᠴᠠᠯᠭ᠎ᠠ ᠡᠭᠦᠷᠭᠡᠯᠡᠵᠦ᠂ ᠰᠡᠳᠬᠢᠯ ᠨᠢᠭᠡᠳᠦᠨ ᠬᠦᠴᠦ᠎ᠪᠠᠨ ᠬᠠᠮᠲᠤᠳᠬᠠᠵᠤ᠂ ᠬᠥᠮᠦᠨ ᠪᠠ ᠪᠠᠶ᠋ᠢᠭ᠋ᠠᠯᠢ ᠵᠢᠨ ᠠᠮᠢ ᠨᠠᠰᠤᠨ᠎ᠤ ᠬᠠᠮᠲᠤ ᠴᠣᠭᠴᠠ ᠵᠢ ᠬᠠᠮᠲᠤ᠎ᠪᠠᠷ ᠪᠠᠶ᠋ᠢᠭᠤᠯᠪᠠᠯ ᠵᠤᠬᠢᠨ᠎ᠠ᠃


2.jpg


      4 ᠰᠠᠷ᠎ᠠ ᠵᠢᠨ 22᠎ᠤᠨ ᠤᠷᠤᠢ᠂ ᠠᠮᠧᠷᠢᠺᠠ ᠵᠢᠨ ᠶᠡᠷᠦᠩᠬᠡᠶ᠋ᠢᠯᠡᠭᠴᠢ ᠪᠠᠶ᠋ᠢᠳᠧᠨ᠎ᠤ ᠤᠷᠢᠯᠭ᠎ᠠ᠎ᠪᠠᠷ᠂ ᠤᠯᠤᠰ᠎ᠤᠨ ᠳᠡᠷᠢᠬᠦᠯᠡᠭᠴᠢ ᠰᠢ ᠵᠢᠨ ᠫᠢᠩ ᠪᠡᠬᠡᠵᠢᠩ᠎ᠳᠤ ᠸᠢᠳᠢᠣ᠋ ᠬᠡᠯᠪᠡᠷᠢ᠎ᠪᠠᠷ ᠤᠳᠤᠷᠢᠳᠬᠤ ᠬᠦᠮᠦᠰ᠎ᠤᠨ ᠠᠭᠤᠷ ᠠᠮᠢᠰᠬᠤᠯ᠎ᠤᠨ ᠳᠦᠷᠦᠬᠦᠴᠦᠳ᠎ᠤᠨ ᠬᠤᠷᠠᠯ᠎ᠳᠤ ᠤᠷᠤᠯᠴᠠᠬᠰᠠᠨ ᠪᠦᠬᠡᠳ 《ᠬᠦᠮᠦᠨ ᠪᠠ ᠪᠠᠶ᠋ᠢᠭ᠋ᠠᠯᠢ ᠵᠢᠨ ᠠᠮᠢ ᠨᠠᠰᠤᠨ᠎ᠤ ᠬᠠᠮᠳᠤ ᠴᠤᠬ᠍ᠴᠠ ᠵᠢ ᠬᠠᠮᠳᠤ᠎ᠪᠠᠷ ᠪᠠᠶ᠋ᠢᠭᠤᠯᠤᠶ᠎ᠠ》 ᠬᠡᠬᠦ ᠰᠡᠳᠦᠪᠳᠦ ᠴᠢᠬᠤᠯᠠ ᠶᠠᠷᠢᠶ᠎ᠠ ᠳᠠᠯᠪᠢᠪᠠ᠃
      ᠰᠢᠨᠬᠤᠸᠠ ᠬᠤᠷᠢᠶᠠᠨ᠎ᠤ ᠰᠤᠷᠪᠤᠯᠵᠢᠯᠠᠬ᠍ᠴᠢ ᠯᠢ ᠰᠢᠶᠠᠩ ᠰᠡᠬᠦᠳᠡᠷᠯᠡᠪᠡ


      ᠨᠢᠬᠡ᠎ᠳᠤ᠂ ᠬᠥᠮᠦᠨ ᠪᠠ ᠪᠠᠶ᠋ᠢᠭ᠋ᠠᠯᠢ ᠵᠢᠨ ᠡᠶ᠎ᠡ ᠵᠣᠬᠢᠴᠠᠩᠭᠤᠢ᠎ᠪᠠᠷ ᠬᠠᠮᠲᠤ ᠣᠷᠣᠰᠢᠬᠤ ᠵᠢ ᠪᠠᠷᠢᠮᠲᠠᠯᠠᠶ᠎ᠠ᠃ ᠬᠥᠮᠦᠨ ᠲᠥᠷᠥᠯᠬᠢᠲᠡᠨ ᠪᠠᠶ᠋ᠢᠭ᠋ᠠᠯᠢ᠎ᠪᠠᠷ ᠦᠨᠳᠦᠰᠦ ᠪᠣᠯᠭ᠋ᠠᠨ᠂ ᠪᠠᠶ᠋ᠢᠭ᠋ᠠᠯᠢ ᠵᠢ ᠬᠦᠨᠳᠦᠳᠬᠡᠵᠤ᠂ ᠪᠠᠶ᠋ᠢᠭ᠋ᠠᠯᠢ᠎ᠲᠠᠢ ᠵᠣᠬᠢᠴᠠᠵᠤ᠂ ᠪᠠᠶ᠋ᠢᠭ᠋ᠠᠯᠢ ᠵᠢ ᠬᠠᠮᠠᠭ᠋ᠠᠯᠠᠬᠤ ᠬᠡᠷᠡᠭᠲᠡᠶ᠃ ᠨᠢᠳᠤᠨ᠎ᠤ ᠴᠡᠴᠡᠭᠡᠢ᠎ᠪᠠᠨ ᠬᠠᠮᠠᠭ᠋ᠠᠯᠠᠬᠤ ᠰᠢᠭ᠋ ᠵᠶ᠋ᠠᠷ ᠪᠠᠶ᠋ᠢᠭ᠋ᠠᠯᠢ ᠪᠣᠯᠤᠨ ᠠᠮᠢ ᠠᠬᠤᠢ ᠣᠷᠴᠢᠨ ᠲᠣᠭᠤᠷᠢᠨ᠎ᠢ ᠬᠠᠮᠠᠭ᠋ᠠᠯᠠᠵᠤ᠂ ᠬᠥᠮᠦᠨ ᠪᠠ ᠪᠠᠶ᠋ᠢᠭ᠋ᠠᠯᠢ ᠵᠢᠨ ᠡᠶ᠎ᠡ ᠵᠣᠬᠢᠴᠠᠩᠭᠤᠢ᠎ᠪᠠᠷ ᠬᠠᠮᠲᠤ ᠣᠷᠣᠰᠢᠬᠤ ᠰᠢᠨ᠎ᠡ ᠪᠠᠶ᠋ᠢᠷᠢᠰᠢᠯ ᠪᠦᠷᠢᠯᠳᠦᠭᠦ ᠵᠢ ᠠᠬᠢᠭᠤᠯᠬᠤ ᠬᠡᠷᠡᠭᠲᠡᠢ᠃
      ᠬᠤᠶᠠᠷ᠎ᠲᠤ᠂ ᠪᠣᠬᠢᠷᠲᠤᠯ ᠦᠭᠡᠢ ᠬᠥᠭᠵᠢᠯᠲᠡ ᠵᠢ ᠪᠠᠷᠢᠮᠲᠠᠯᠠᠶ᠎ᠠ᠃ ᠠᠮᠢ ᠠᠬᠤᠢ ᠣᠷᠴᠢᠨ ᠳᠤᠭᠤᠷᠢᠨ᠎ᠢ ᠬᠠᠮᠠᠭ᠋ᠠᠯᠠᠬᠤ ᠪᠣᠯ ᠳᠠᠷᠤᠢ ᠦᠢ᠍ᠯᠡᠳᠪᠦᠷᠢᠯᠡᠯ᠎ᠤᠨ ᠬᠦᠴᠦᠨ᠎ᠢ ᠬᠠᠮᠠᠭ᠋ᠠᠯᠠᠵᠤ ᠪᠠᠶ᠋ᠢᠬᠤ ᠶᠠᠪᠤᠳᠠᠯ ᠪᠤᠯᠤᠨ᠎ᠠ᠂ ᠠᠮᠢ ᠠᠬᠤᠢ ᠣᠷᠴᠢᠨ ᠳᠤᠭᠤᠷᠢᠨ᠎ᠢ ᠰᠠᠶ᠋ᠢᠵᠢᠷᠠᠭᠤᠯᠬᠤ ᠪᠣᠯ ᠳᠠᠷᠤᠢ ᠦᠢ᠍ᠯᠡᠳᠪᠦᠷᠢᠯᠡᠯ᠎ᠤᠨ ᠬᠦᠴᠦᠨ᠎ᠢ ᠬᠥᠭᠵᠢᠭᠦᠯᠵᠥ ᠪᠠᠶ᠋ᠢᠬᠤ ᠶᠠᠪᠤᠳᠠᠯ ᠪᠤᠯᠤᠨ᠎ᠠ᠃ ᠠᠮᠢ ᠠᠬᠤᠢ ᠣᠷᠴᠢᠨ ᠲᠣᠭᠤᠷᠢᠨ᠎ᠢ ᠬᠤᠬᠢᠷᠠᠭᠤᠯᠬᠤ ᠴᠢᠨᠠᠭᠰᠢᠯᠠᠪᠠᠯ ᠡᠪᠳᠡᠬᠦ ᠬᠥᠭᠵᠢᠯᠲᠡ ᠵᠢᠨ ᠵᠠᠭᠪᠤᠷ᠎ᠢ ᠲᠠᠶᠠᠭᠳᠠᠵᠤ᠂ ᠣᠷᠴᠢᠨ ᠲᠣᠭᠤᠷᠢᠨ᠎ᠢ ᠦᠷᠡᠭᠳᠡᠭᠦᠯᠬᠦ᠎ᠪᠠᠷ ᠳᠠᠮᠵᠢᠨ ᠨᠢᠭᠡᠨ ᠴᠠᠭ᠎ᠤᠨ ᠬᠥᠭᠵᠢᠯᠲᠡ ᠵᠢ ᠤᠯᠬᠤ ᠪᠠᠯᠠᠢ ᠠᠷᠭ᠎ᠠ ᠬᠢᠳᠡᠯ᠎ᠢ ᠲᠠᠶᠠᠭᠳᠠᠬᠤ ᠬᠡᠷᠡᠭᠲᠡᠢ᠃ ᠠᠵᠤ ᠠᠬᠤᠢ᠂ ᠡᠨᠧᠷᠭᠢ᠂ ᠠᠵᠤ ᠦᠢ᠍ᠯᠡᠰ᠎ᠤᠨ ᠪᠦᠲᠦᠴᠡ ᠵᠢᠨ ᠬᠡᠯᠪᠡᠷᠢ ᠵᠢ ᠬᠤᠪᠢᠷᠠᠭᠤᠯᠤᠨ ᠲᠡᠰ ᠳᠡᠪᠰᠢᠭᠦᠯᠬᠦ ᠵᠢ ᠶᠡᠭᠡ᠎ᠪᠠᠷ ᠠᠬᠢᠭᠤᠯᠵᠤ᠂ ᠰᠠᠶ᠋ᠢᠨ ᠰᠠᠶ᠋ᠢᠬᠠᠨ ᠠᠮᠢ ᠠᠬᠤᠢ ᠣᠷᠴᠢᠨ ᠲᠣᠭᠤᠷᠢᠨ᠎ᠢ ᠪᠦᠬᠦ ᠪᠥᠮᠪᠥᠷᠴᠡᠭ᠎ᠤᠨ ᠠᠵᠤ ᠠᠬᠤᠢ ᠨᠡᠶ᠋ᠢᠭᠡᠮ᠎ᠤᠨ ᠦᠷᠭᠦᠯᠵᠢᠯᠡᠬᠦ ᠬᠥᠭᠵᠢᠯᠲᠡ ᠵᠢᠨ ᠲᠤᠯᠭ᠋ᠠᠭᠤᠷᠢᠯᠠᠯ ᠪᠣᠯᠭ᠋ᠠᠬᠤ ᠬᠡᠷᠡᠭᠲᠡᠢ᠃
      ᠭᠤᠷᠪᠠ᠎ᠳᠤ᠂ ᠰᠢᠰᠲ᠋ᠧᠮ᠎ᠲᠠᠢ ᠵᠠᠰᠠᠬᠤ ᠵᠢ ᠪᠠᠷᠢᠮᠲᠠᠯᠠᠶ᠎ᠠ᠃ ᠠᠭᠤᠯᠠ ᠤᠰᠤ ᠤᠢ ᠮᠤᠳᠤ ᠭᠠᠵᠠᠷ ᠲᠠᠷᠢᠶ᠎ᠠ ᠨᠠᠭᠤᠷ ᠪᠦᠷᠢᠳᠤ ᠨᠤᠳᠤᠬ ᠪᠡᠯᠴᠢᠭᠡᠷ ᠡᠯᠡᠰᠦ ᠮᠠᠩᠬ᠎ᠠ ᠪᠣᠯ ᠰᠠᠯᠵᠤ ᠪᠣᠯᠤᠰᠢ ᠦᠭᠡᠢ ᠠᠮᠢ ᠠᠬᠤᠢ ᠵᠢᠨ ᠰᠢᠰᠲ᠋ᠧᠮ ᠮᠥᠨ᠃ ᠠᠮᠢ ᠠᠬᠤᠢ ᠵᠢᠨ ᠰᠢᠰᠲ᠋ᠧᠮ᠎ᠤᠨ ᠳᠣᠲᠣᠭ᠋ᠠᠳᠤ ᠵᠢᠮ᠎ᠡ ᠶᠣᠰᠣ ᠵᠢ ᠦᠨᠳᠦᠰᠦᠯᠡᠨ᠂ ᠪᠠᠶ᠋ᠢᠭ᠋ᠠᠯᠢ ᠵᠢᠨ ᠠᠮᠢ ᠠᠬᠤᠢ ᠵᠢᠨ ᠴᠢᠬᠤᠯᠠ ᠡᠯᠧᠮᠧᠨ᠋ᠲ᠎ᠤᠳ᠎ᠢ ᠨᠢᠭᠡᠳᠦᠯᠲᠡᠢ ᠲᠥᠯᠥᠪᠯᠡᠨ ᠪᠣᠳᠣᠯᠬᠢᠯᠠᠵᠤ᠂ ᠲᠡᠭᠦᠨᠴᠢᠯᠡᠨ ᠠᠮᠢ ᠠᠬᠤᠢ ᠵᠢᠨ ᠰᠢᠰᠲ᠋ᠧᠮ᠎ᠤᠨ ᠤᠷᠴᠢᠬᠤ ᠴᠢᠳᠠᠪᠤᠷᠢ ᠵᠢ ᠴᠢᠩᠭ᠋ᠠᠷᠠᠭᠤᠯᠤᠨ᠂ ᠠᠮᠢ ᠠᠬᠤᠢ ᠵᠢᠨ ᠲᠡᠩᠴᠡᠭᠦᠷᠢ ᠵᠢ ᠪᠠᠳᠤᠯᠠᠬᠤ ᠬᠠᠷᠠᠯᠲᠠ᠎ᠳᠤ ᠬᠦᠷᠬᠦ ᠬᠡᠷᠡᠭᠳᠠᠢ᠃
      ᠳᠦᠷᠪᠡ᠎ᠳᠤ᠂ ᠬᠥᠮᠦᠨ ᠵᠶ᠋ᠠᠷ ᠦᠨᠳᠦᠰᠦ ᠪᠣᠯᠭ᠋ᠠᠬᠤ ᠵᠢ ᠪᠠᠷᠢᠮᠲᠠᠯᠠᠶ᠎ᠠ᠃ ᠣᠷᠴᠢᠨ ᠲᠤᠭᠤᠷᠢᠨ᠎ᠢ ᠬᠠᠮᠠᠭ᠋ᠠᠯᠠᠬᠤ ᠪᠠ ᠠᠵᠤ ᠠᠬᠤᠢ ᠵᠢ ᠬᠥᠭᠵᠢᠭᠦᠯᠬᠦ᠂ ᠠᠵᠢᠯ ᠣᠯᠭᠤᠯᠲᠠ ᠵᠢ ᠡᠭᠦᠳᠬᠦ᠂ ᠶᠠᠳᠠᠭᠤ ᠬᠦᠴᠢᠷᠳᠡᠯ᠎ᠢ ᠠᠷᠢᠯᠭ᠋ᠠᠬᠤ ᠵᠢ ᠵᠡᠷᠭᠡ᠎ᠪᠠᠷ ᠠᠬᠢᠭᠤᠯᠤᠨ ᠦᠷ᠎ᠠ ᠠᠰᠢᠭ᠎ᠢ᠎ᠨᠢ ᠨᠡᠮᠡᠭᠳᠡᠭᠦᠯᠬᠦ ᠵᠢ ᠬᠠᠶ᠋ᠢᠨ ᠰᠦᠪᠡᠭᠴᠢᠯᠡᠵᠦ᠂ ᠪᠣᠬᠢᠷᠲᠤᠯ ᠦᠭᠡᠢ ᠲᠡᠶ᠋ᠢᠰᠢ ᠬᠡᠯᠪᠡᠷᠢ᠎ᠪᠠᠨ ᠬᠤᠪᠢᠷᠠᠭᠤᠯᠬᠤ ᠶᠠᠪᠤᠴᠠ᠎ᠳᠤ ᠨᠡᠶ᠋ᠢᠭᠡᠮ᠎ᠤᠨ ᠲᠥᠪ ᠭᠤᠣᠯᠴᠢ ᠰᠢᠳᠤᠷᠭᠤ ᠶᠣᠰᠣ ᠵᠢ ᠴᠢᠷᠮᠠᠶ᠋ᠢᠨ ᠪᠡᠶᠡᠯᠡᠭᠦᠯᠵᠦ᠂ ᠡᠯ᠎ᠡ ᠤᠯᠤᠰ᠎ᠤᠨ ᠠᠷᠠᠳ ᠲᠦᠮᠡᠨ᠎ᠤ ᠬᠦᠷᠳᠡᠮᠵᠢ ᠵᠢᠨ ᠲᠦᠷᠦᠭᠳᠡᠯ᠂ ᠵᠢᠷᠭ᠋ᠠᠯᠲᠤ ᠲᠦᠷᠦᠭᠳᠡᠯ᠂ ᠠᠮᠤᠷ ᠲᠦᠪᠰᠢᠨ᠎ᠤ ᠲᠦᠷᠦᠭᠳᠡᠯ᠎ᠢ ᠨᠡᠮᠡᠭᠳᠡᠭᠦᠯᠬᠦ ᠬᠡᠷᠡᠭᠳᠠᠢ᠃
      ᠲᠠᠪᠤ᠎ᠳᠤ᠂ ᠣᠯᠠᠨ ᠲᠠᠯᠠᠲᠤ ᠦᠵᠡᠯ᠎ᠢ ᠪᠠᠷᠢᠮᠲᠠᠯᠠᠶ᠎ᠠ᠃ ᠤᠯᠠᠨ ᠤᠯᠤᠰ᠎ᠤᠨ ᠬᠠᠤᠯᠢ᠎ᠪᠠᠷ ᠰᠠᠭᠤᠷᠢ ᠪᠣᠯᠭ᠋ᠠᠬᠤ᠂ ᠲᠥᠪ ᠭᠤᠣᠯᠴᠢ ᠰᠢᠳᠤᠷᠭᠤ ᠶᠣᠰᠣ᠎ᠪᠠᠷ ᠭᠤᠣᠯ ᠵᠣᠷᠢᠯᠲᠠ ᠪᠣᠯᠭ᠋ᠠᠬᠤ᠂ ᠪᠦᠲᠦᠮᠵᠢᠲᠡᠢ ᠠᠵᠢᠯᠯᠠᠭ᠎ᠠ᠎ᠪᠠᠷ ᠤᠳᠤᠷᠢᠳᠤᠮᠵᠢ ᠪᠣᠯᠭ᠋ᠠᠬᠤ ᠵᠢ ᠪᠠᠷᠢᠮᠲᠠᠯᠠᠵᠤ᠂ ᠤᠯᠠᠨ ᠤᠯᠤᠰ᠎ᠤᠨ ᠬᠤᠯᠪᠣᠭ᠋ᠠᠲᠤ ᠪᠠᠶ᠋ᠢᠭᠤᠯᠭ᠎ᠠ᠎ᠪᠠᠷ ᠭᠤᠣᠯ ᠪᠣᠯᠭ᠋ᠠᠭᠰᠠᠨ ᠳᠡᠯᠡᠬᠡᠢ ᠵᠢᠨ ᠰᠢᠰᠲ᠋ᠧᠮ᠎ᠢ ᠬᠠᠮᠠᠭ᠋ᠠᠯᠠᠵᠤ᠂ 《ᠤᠯᠠᠨ ᠤᠯᠤᠰ᠎ᠤᠨ ᠬᠤᠯᠪᠣᠭ᠋ᠠᠲᠤ ᠪᠠᠶ᠋ᠢᠭᠤᠯᠭ᠎ᠠ ᠵᠢᠨ ᠠᠭᠤᠷ ᠠᠮᠢᠰᠬᠤᠯ᠎ᠤᠨ ᠬᠤᠪᠢᠷᠠᠯᠲᠠ ᠵᠢᠨ ᠪᠦᠲᠦᠭᠦᠪᠴᠢ ᠨᠡᠶ᠋ᠢᠲᠡ ᠵᠢᠨ ᠭᠡᠷ᠎ᠡ》 ᠵᠢᠴᠢ ᠲᠡᠭᠦᠨ᠎ᠤ 《ᠫᠠᠷᠢᠰ᠎ᠤᠨ ᠬᠡᠯᠡᠯᠴᠡᠭᠡᠷ》᠎ᠤᠨ ᠬᠠᠷᠠᠯᠲᠠ ᠪᠠ ᠵᠠᠷᠴᠢᠮ᠎ᠢ ᠵᠢᠷᠤᠮᠯᠠᠬᠤ ᠬᠡᠷᠡᠭᠳᠠᠢ᠃ ᠠᠮᠧᠷᠢᠺᠠ ᠵᠢᠨ᠎ᠬᠢᠨ᠎ᠤ ᠤᠯᠠᠨ ᠲᠠᠯᠠᠲᠤ ᠠᠭᠤᠷ ᠠᠮᠢᠰᠬᠤᠯ᠎ᠤᠨ ᠵᠠᠰᠠᠯᠲᠠ ᠵᠢᠨ ᠠᠬᠢᠴᠠ᠎ᠳᠤ ᠳᠠᠬᠢᠨ ᠪᠤᠴᠠᠭᠰᠠᠨ᠎ᠢ ᠳᠤᠮᠳᠠᠳᠤ ᠤᠯᠤᠰ ᠪᠠᠶᠠᠷᠯᠠᠨ ᠤᠭᠲᠤᠵᠤ᠂ ᠠᠮᠧᠷᠢᠺᠠ ᠵᠢ ᠪᠠᠭᠲᠠᠭ᠋ᠠᠭᠰᠠᠨ ᠳᠡᠯᠡᠬᠡᠢ ᠨᠡᠶ᠋ᠢᠳᠡ ᠵᠢᠨ᠎ᠬᠢᠨ᠎ᠲᠠᠢ ᠬᠠᠮᠲᠤ᠎ᠪᠠᠷ ᠪᠦᠬᠦ ᠪᠥᠮᠪᠥᠷᠴᠡᠭ᠎ᠤᠨ ᠣᠷᠴᠢᠨ ᠲᠤᠭᠤᠷᠢᠨ᠎ᠤ ᠵᠠᠰᠠᠯᠲᠠ ᠵᠢ ᠠᠬᠢᠭᠤᠯᠬᠤ ᠵᠢᠨ ᠲᠥᠯᠥᠭᠡ ᠴᠢᠷᠮᠠᠶ᠋ᠢᠬᠤ ᠵᠢ ᠳᠤᠮᠳᠠᠳᠤ ᠤᠯᠤᠰ ᠬᠦᠰᠡᠵᠦ ᠪᠠᠶ᠋ᠢᠨ᠎ᠠ᠃
      ᠵᠢᠷᠭᠤᠭ᠎ᠠ᠎ᠳᠤ᠂ ᠬᠠᠮᠲᠤ ᠵᠢᠨ ᠪᠣᠯᠪᠠᠴᠤ ᠢᠯᠭ᠋ᠠᠭ᠎ᠠ᠎ᠲᠠᠢ ᠬᠠᠷᠢᠭᠤᠴᠠᠯᠭ᠎ᠠ ᠵᠢᠨ ᠵᠠᠷᠴᠢᠮ᠎ᠢ ᠪᠠᠷᠢᠮᠲᠠᠯᠠᠶ᠎ᠠ᠃ ᠬᠥᠭᠵᠢᠵᠦ ᠪᠠᠶ᠋ᠢᠭ᠎ᠠ ᠤᠯᠤᠰ᠎ᠤᠳ᠎ᠤᠨ ᠠᠭᠤᠷ ᠠᠮᠢᠰᠬᠤᠯ᠎ᠤᠨ ᠬᠤᠪᠢᠷᠠᠯᠲᠠ ᠵᠢ ᠠᠷᠭ᠋ᠠᠴᠠᠭ᠋ᠠᠬᠤ᠎ᠳᠤ ᠦᠵᠡᠭᠦᠯᠦᠭᠰᠡᠨ ᠬᠤᠪᠢ ᠨᠡᠮᠡᠷᠢ ᠵᠢ ᠭᠦᠢ᠍ᠴᠡᠳ ᠨᠤᠲᠠᠯᠠᠵᠤ᠂ ᠲᠡᠳᠡᠨ᠎ᠤ ᠣᠨᠴᠠᠭ᠋ᠠᠢ ᠬᠦᠴᠢᠷᠳᠡᠯ ᠪᠠ ᠠᠩᠬᠠᠷᠤᠨ ᠬᠠᠯᠠᠮᠵᠢᠯᠠᠵᠤ ᠪᠠᠶ᠋ᠢᠭ᠎ᠠ ᠠᠰᠠᠭᠤᠳᠠᠯ᠎ᠢ ᠬᠠᠷᠠᠭ᠋ᠠᠯᠵᠠᠶ᠎ᠠ᠃ ᠬᠥᠭᠵᠢᠭᠰᠡᠨ ᠤᠯᠤᠰ᠎ᠤᠳ ᠨᠡᠩ ᠶᠡᠭᠡ ᠡᠷᠡᠯᠬᠡᠭ ᠵᠤᠷᠢᠭ ᠠᠤᠭ᠎ᠠ ᠰᠠᠨᠠᠭ᠎ᠠ ᠪᠠ ᠦᠢ᠍ᠯᠡ ᠠᠵᠢᠯᠯᠠᠭ᠎ᠠ᠎ᠪᠠᠨ ᠢᠯᠡᠷᠡᠭᠦᠯᠬᠦ ᠵᠢᠨ ᠬᠠᠮᠲᠤ ᠬᠥᠭᠵᠢᠵᠦ ᠪᠠᠶ᠋ᠢᠭ᠎ᠠ ᠤᠯᠤᠰ᠎ᠤᠳ᠎ᠲᠤ ᠪᠡᠯᠡ ᠮᠥᠩᠭᠦ᠂ ᠮᠡᠷᠭᠡᠵᠢᠯ᠂ ᠴᠢᠳᠠᠪᠤᠷᠢ ᠵᠢᠨ ᠪᠠᠶ᠋ᠢᠭᠤᠯᠤᠯᠲᠠ ᠵᠡᠷᠭᠡ ᠲᠠᠯ᠎ᠠ ᠵᠢᠨ ᠳᠡᠮᠵᠢᠯᠭᠡ ᠬᠠᠩᠭ᠋ᠠᠪᠠᠯ ᠵᠤᠬᠢᠨ᠎ᠠ ᠭᠡᠵᠦ ᠵᠢᠭ᠋ᠠᠵᠤ ᠭᠠᠷᠭ᠋ᠠᠪᠠ᠃
      ᠰᠢ ᠵᠢᠨ ᠫᠢᠩ᠂ ᠳᠤᠮᠳᠠᠳᠤ ᠤᠯᠤᠰ ᠠᠮᠢ ᠠᠬᠤᠶ ᠵᠢᠨ ᠪᠣᠯᠪᠠᠰᠤᠨ᠎ᠤ ᠣᠶ᠋ᠢᠯᠠᠭ᠋ᠠᠭᠳᠠᠬᠤᠨ ᠪᠠ ᠠᠮᠢ ᠠᠬᠤᠶ ᠵᠢᠨ ᠪᠣᠯᠪᠠᠰᠤᠨ᠎ᠤ ᠪᠠᠶ᠋ᠢᠭᠤᠯᠤᠯᠲᠠ ᠵᠢ ᠳᠤᠮᠳᠠᠳᠤ ᠤᠯᠤᠰ᠎ᠤᠨ ᠣᠨᠴᠠᠯᠢᠭ᠎ᠲᠠᠢ ᠨᠡᠶ᠋ᠢᠭᠡᠮ ᠵᠢᠷᠤᠮ᠎ᠤᠨ ᠶᠡᠷᠦᠩᠬᠡᠶ ᠪᠠᠶ᠋ᠢᠷᠢᠰᠢᠭᠤᠯᠤᠯᠳᠠ᠎ᠳᠤ ᠣᠷᠣᠭᠤᠯᠵᠤ᠂ ᠠᠮᠢ ᠠᠬᠤᠢ ᠵᠢ ᠤᠷᠢᠳ ᠵᠶ᠋ᠠᠷ ᠪᠣᠳᠣᠯᠬᠢᠯᠠᠬᠤ᠂ ᠪᠣᠬᠢᠷᠲᠤᠯ ᠦᠭᠡᠢ ᠳᠤᠤᠷ᠎ᠠ ᠨᠡᠭᠦᠷᠡᠰᠦᠲᠥ᠋ᠷᠥᠭᠴᠢᠳᠤ ᠬᠥᠭᠵᠢᠯᠲᠡ ᠵᠢᠨ ᠵᠠᠮ ᠵᠶ᠋ᠠᠷ ᠵᠠᠮᠨᠠᠬᠤ ᠵᠢ ᠪᠠᠷᠢᠮᠲᠠᠯᠠᠨ᠎ᠠ᠃ ᠳᠤᠮᠳᠠᠳᠤ ᠤᠯᠤᠰ 2030 ᠣᠨ᠎ᠠᠴᠠ ᠡᠮᠦᠨ᠎ᠡ ᠨᠡᠭᠦᠷᠡᠰᠦᠲᠥ᠋ᠷᠥᠭᠴᠢ ᠵᠢ ᠤᠷᠬᠢᠯ ᠬᠡᠮᠵᠢᠭᠳᠡᠯ᠎ᠳᠤ ᠬᠦᠷᠬᠡᠬᠦ᠂ 2060 ᠣᠨ᠎ᠠᠴᠠ ᠡᠮᠦᠨ᠎ᠡ ᠨᠡᠭᠦᠷᠡᠰᠦᠲᠥ᠋ᠷᠥᠭᠴᠢ ᠵᠢ ᠰᠠᠭ᠋ᠠᠷᠮᠠᠭᠵᠢᠭᠤᠯᠬᠤ ᠵᠢ ᠪᠡᠶᠡᠯᠡᠭᠦᠯᠬᠦ᠎ᠪᠠᠷ ᠴᠢᠷᠮᠠᠶ᠋ᠢᠨ᠎ᠠ ᠭᠡᠵᠦ ᠨᠡᠶ᠋ᠢᠲᠡᠯᠡᠭᠰᠡᠨ ᠪᠣᠯ ᠬᠥᠮᠦᠨ ᠲᠥᠷᠥᠯᠬᠢᠲᠡᠨ᠎ᠤ ᠬᠤᠪᠢ ᠵᠠᠶᠠᠭ᠋ᠠᠨ᠎ᠤ ᠬᠠᠮᠲᠤ ᠴᠣᠭᠴᠠ ᠵᠢᠨ ᠪᠠᠶ᠋ᠢᠭᠤᠯᠤᠯᠲᠠ ᠵᠢ ᠠᠬᠢᠭᠤᠯᠬᠤ ᠪᠣᠯᠤᠨ ᠦᠷᠭᠦᠯᠵᠢᠯᠡᠬᠦ ᠬᠥᠭᠵᠢᠯᠲᠡ ᠵᠢ ᠪᠡᠶᠡᠯᠡᠭᠦᠯᠬᠦ᠎ᠳᠤ ᠰᠠᠭᠤᠷᠢᠯᠠᠵᠤ ᠭᠠᠷᠭ᠋ᠠᠭᠰᠠᠨ ᠴᠢᠬᠤᠯᠠ ᠶᠡᠭᠡ ᠪᠠᠶ᠋ᠢᠯᠳᠤᠬᠤ ᠪᠤᠳᠤᠯᠭ᠎ᠠ ᠵᠢᠨ ᠰᠢᠢ᠍ᠳᠪᠦᠷᠢᠲᠦ ᠪᠤᠳᠤᠯᠭ᠎ᠠ ᠪᠣᠯᠤᠨ᠎ᠠ᠂ ᠡᠭᠦᠨ᠎ᠤ ᠲᠦᠯᠦᠭᠡ ᠳᠤᠮᠳᠠᠳᠤ ᠵᠢᠨ ᠲᠠᠯ᠎ᠠ ᠵᠢᠨ᠎ᠬᠢᠨ ᠰᠢᠷᠭ᠋ᠠᠭᠤ ᠬᠠᠲᠠᠭᠤᠵᠢᠯᠲᠠᠢ ᠴᠢᠷᠮᠠᠶ᠋ᠢᠬᠤ ᠬᠡᠷᠡᠭᠳᠠᠢ᠃ ᠳᠤᠮᠳᠠᠳᠤ ᠤᠯᠤᠰ ᠶᠠᠭ ᠨᠡᠬᠦᠷᠡᠰᠦᠳᠦ᠋ᠷᠦᠭᠴᠢ ᠵᠢ ᠤᠷᠬᠢᠯ ᠬᠡᠮᠵᠢᠭᠳᠡᠯ᠎ᠳᠤ ᠬᠦᠷᠬᠡᠬᠦ ᠠᠵᠢᠯᠯᠠᠭ᠋ᠠᠨ᠎ᠤ ᠲᠥᠯᠥᠪᠯᠡᠭᠡ ᠲᠣᠭᠲᠠᠭ᠋ᠠᠵᠤ᠂ ᠨᠡᠭᠦᠷᠡᠰᠦᠲᠥ᠋ᠷᠥᠭᠴᠢ ᠵᠢ ᠤᠷᠬᠢᠯ ᠬᠡᠮᠵᠢᠭᠳᠡᠯ᠎ᠳᠤ ᠬᠦᠷᠬᠡᠬᠦ ᠠᠵᠢᠯᠯᠠᠭ᠎ᠠ ᠵᠢ ᠥᠷᠭᠡᠨ ᠭᠦ᠍ᠨᠵᠡᠭᠡᠢ ᠥᠷᠨᠢᠭᠦᠯᠤᠨ᠂ ᠨᠥᠬᠦᠴᠡᠯ ᠪᠦ᠍ᠬᠦᠢ ᠭᠠᠵᠠᠷ ᠣᠷᠣᠨ ᠪᠠ ᠭᠤᠣᠯᠳᠠᠯᠭ᠎ᠠ᠎ᠲᠠᠢ ᠠᠵᠢᠯ ᠲᠦᠷᠦᠯ᠂ ᠭᠤᠣᠯᠳᠠᠯᠭ᠎ᠠ᠎ᠲᠠᠢ ᠠᠵᠤ ᠠᠬᠤᠶ᠋ᠢᠯᠠᠯ᠎ᠤᠨ᠎ᠬᠢᠨ ᠲᠦᠷᠦᠭᠦᠯᠡᠨ ᠤᠷᠬᠢᠯ ᠬᠡᠮᠵᠢᠭᠳᠡᠯ᠎ᠳᠤ ᠬᠦᠷᠬᠡᠬᠦ ᠵᠢ ᠲᠡᠮᠵᠢᠵᠤ ᠪᠠᠶ᠋ᠢᠨ᠎ᠠ᠃ ᠳᠤᠮᠳᠠᠳᠤ ᠤᠯᠤᠰ ᠨᠡᠭᠦᠷᠡᠰᠦᠨ ᠴᠠᠬᠢᠯᠭ᠋ᠠᠨ᠎ᠤ ᠲᠥᠷᠥᠯ ᠵᠦᠢ᠍ᠯ᠎ᠢ ᠴᠢᠩᠭ᠎ᠠ ᠬᠢᠵᠠᠭ᠋ᠠᠷᠯᠠᠵᠤ᠂ 《ᠠᠷᠪᠠᠨ ᠳᠥᠷᠪᠡᠳᠦᠭᠡᠷ ᠲᠠᠪᠤᠨ ᠵᠢᠯ》᠎ᠤᠨ ᠬᠤᠭᠤᠴᠠᠭ᠋ᠠᠨ᠎ᠳᠤ ᠨᠡᠭᠦᠷᠡᠰᠦᠨ᠎ᠤ ᠬᠡᠷᠡᠭᠯᠡᠭᠡᠨ᠎ᠤ ᠨᠡᠮᠡᠭᠳᠡᠯ᠎ᠢ ᠴᠢᠩᠭ᠎ᠠ ᠬᠢᠵᠠᠭ᠋ᠠᠷᠯᠠᠨ᠂ 《ᠠᠷᠪᠠᠨ ᠲᠠᠪᠤᠳᠤᠭ᠋ᠠᠷ ᠲᠠᠪᠤᠨ ᠵᠢᠯ》᠎ᠤᠨ ᠬᠤᠭᠤᠴᠠᠭ᠋ᠠᠨ᠎ᠳᠤ ᠠᠯᠬᠤᠮ ᠠᠯᠬᠤᠮ ᠵᠶ᠋ᠠᠷ ᠪᠠᠭ᠋ᠠᠰᠬᠠᠨ᠎ᠠ ᠭᠡᠵᠤ ᠴᠢᠬᠤᠯᠠᠴᠢᠯᠠᠵᠠᠢ᠃
      ᠰᠢ ᠵᠢᠨ ᠫᠢᠩ᠂ ᠪᠦᠬᠦ ᠪᠥᠮᠪᠥᠷᠴᠡᠭ᠎ᠤᠨ ᠠᠮᠢ ᠠᠬᠤᠢ ᠵᠢᠨ ᠪᠣᠯᠪᠠᠰᠤᠨ᠎ᠤ ᠪᠠᠶ᠋ᠢᠭᠤᠯᠤᠯᠲᠠ ᠵᠢᠨ ᠣᠷᠣᠯᠴᠠᠭᠴᠢ᠂ ᠬᠤᠪᠢ ᠨᠡᠮᠡᠷᠢ ᠦᠵᠡᠭᠦᠯᠦᠭᠴᠢ᠂ ᠬᠦᠳᠦᠯᠦᠨ ᠳᠠᠭ᠋ᠠᠭᠤᠯᠤᠭᠴᠢ ᠪᠣᠯᠤᠭᠰᠠᠨ᠎ᠤ ᠬᠤᠪᠢ᠎ᠳᠤ᠂ ᠳᠤᠮᠳᠠᠳᠤ ᠤᠯᠤᠰ ᠤᠯᠠᠨ ᠲᠠᠯᠠᠲᠤ ᠦᠵᠡᠯ᠎ᠢ ᠡᠷᠡᠰ ᠦᠢ᠍ᠯᠡᠳᠦᠯᠭᠡᠵᠢᠭᠦᠯᠵᠦ᠂ ᠲᠥᠪ ᠭᠤᠣᠯᠴᠢ ᠵᠦᠢ ᠵᠣᠬᠢᠰᠲᠠᠢ᠂ ᠬᠠᠮᠲᠤᠷᠠᠯᠴᠠᠵᠤ ᠬᠠᠮᠲᠤ᠎ᠪᠠᠷ ᠠᠰᠢᠭ ᠬᠦᠷᠳᠡᠬᠦ ᠪᠦᠬᠦ ᠪᠥᠮᠪᠥᠷᠴᠡᠭ᠎ᠤᠨ ᠣᠷᠴᠢᠨ ᠲᠣᠭᠤᠷᠢᠨ᠎ᠤ ᠵᠠᠰᠠᠯᠲᠠ ᠵᠢᠨ ᠰᠢᠰᠲ᠋ᠧᠮ᠎ᠢ ᠪᠠᠶ᠋ᠢᠭᠤᠯᠬᠤ ᠵᠢ ᠴᠢᠷᠮᠠᠶ᠋ᠢᠨ ᠠᠬᠢᠭᠤᠯᠤᠨ᠎ᠠ᠃ ᠳᠤᠮᠳᠠᠳᠤ ᠤᠯᠤᠰ ᠡᠨᠡ ᠵᠢᠯ᠎ᠤᠨ 10 ᠰᠠᠷ᠎ᠠ᠎ᠳᠤ 《ᠠᠮᠢᠳᠤ ᠪᠣᠳᠠᠰ᠎ᠤᠨ ᠤᠯᠠᠨ ᠶᠠᠩᠵᠤᠲᠤ ᠴᠢᠨᠠᠷ᠎ᠤᠨ ᠨᠡᠶ᠋ᠢᠲᠡ ᠵᠢᠨ ᠭᠡᠷ᠎ᠡ》 ᠵᠢᠨ ᠠᠷᠪᠠᠨ ᠲᠠᠪᠤᠳᠤᠭ᠋ᠠᠷ ᠤᠳᠠᠭ᠎ᠠ ᠵᠢᠨ ᠭᠡᠷᠡᠲᠦ ᠲᠠᠯ᠎ᠠ ᠵᠢᠨ ᠶᠡᠭᠡ ᠬᠤᠷᠠᠯ᠎ᠢ ᠡᠷᠬᠢᠯᠡᠨ ᠬᠤᠷᠠᠯᠳᠤᠭᠤᠯᠵᠤ᠂ ᠡᠯ᠎ᠡ ᠲᠠᠯ᠎ᠠ ᠵᠢᠨ᠎ᠬᠢᠨ᠎ᠲᠠᠢ ᠬᠠᠮᠲᠤ᠎ᠪᠠᠷ ᠪᠦᠬᠦ ᠪᠥᠮᠪᠥᠷᠴᠡᠭ᠎ᠤᠨ ᠠᠮᠢᠳᠤ ᠪᠣᠳᠠᠰ᠎ᠤᠨ ᠤᠯᠠᠨ ᠶᠠᠩᠵᠤᠲᠤ ᠴᠢᠨᠠᠷ᠎ᠤᠨ ᠵᠠᠰᠠᠯᠲᠠ ᠰᠢᠨ᠎ᠡ ᠳᠡᠭᠲᠡᠷ᠎ᠲᠤ ᠭᠠᠷᠬᠤ ᠵᠢ ᠠᠬᠢᠭᠤᠯᠤᠨ᠎ᠠ᠃ ᠳᠤᠮᠳᠠᠳᠤ ᠤᠯᠤᠰ ᠤᠯᠠᠨ ᠵᠦᠢ᠍ᠯ᠎ᠤᠨ ᠬᠡᠯᠪᠡᠷᠢ ᠵᠢᠨ ᠬᠥᠭᠵᠢᠵᠦ ᠪᠠᠶ᠋ᠢᠭ᠎ᠠ ᠤᠯᠤᠰ᠎ᠤᠳ᠎ᠤᠨ ᠪᠣᠳᠠᠲᠠᠢ ᠵᠢ ᠡᠷᠬᠢᠮᠯᠡᠭᠰᠡᠨ ᠬᠠᠮᠲᠤᠷᠠᠯᠴᠠᠭ᠎ᠠ᠎ᠪᠠᠷ ᠳᠠᠮᠵᠢᠭᠤᠯᠤᠨ᠂ ᠬᠥᠭᠵᠢᠵᠦ ᠪᠠᠶ᠋ᠢᠭ᠎ᠠ ᠤᠯᠤᠰ᠎ᠤᠳ᠎ᠢ ᠬᠠᠪᠰᠤᠷᠤᠨ ᠠᠭᠤᠷ ᠠᠮᠢᠰᠬᠤᠯ᠎ᠤᠨ ᠬᠤᠪᠢᠷᠠᠯᠲᠠ ᠵᠢ ᠠᠷᠭ᠋ᠠᠴᠠᠭ᠋ᠠᠬᠤ ᠴᠢᠳᠠᠪᠤᠷᠢ ᠵᠢ᠎ᠨᠢ ᠳᠡᠭᠡᠭᠰᠢᠯᠡᠭᠦᠯᠦᠨ᠎ᠡ᠃ ᠳᠤᠮᠳᠠᠳᠤ ᠤᠯᠤᠰ ᠪᠠᠰᠠ ᠠᠮᠢ ᠠᠬᠤᠶ ᠵᠢᠨ ᠪᠣᠯᠪᠠᠰᠤᠨ᠎ᠤ ᠬᠦᠷᠢᠶᠡᠨ᠎ᠳᠠᠬᠢ ᠬᠠᠮᠲᠤᠷᠠᠯᠴᠠᠭ᠎ᠠ ᠵᠢ 《ᠨᠢᠭᠡ ᠪᠦᠰᠡ ᠨᠢᠭᠡ ᠵᠠᠮ》᠎ᠢ ᠬᠠᠮᠲᠤ᠎ᠪᠠᠷ ᠪᠥᠲᠥᠭᠡᠨ ᠪᠠᠶ᠋ᠢᠭᠤᠯᠬᠤ ᠵᠢᠨ ᠭᠤᠤᠯᠳᠠᠯᠭ᠎ᠠ᠎ᠲᠠᠢ ᠠᠭᠤᠯᠭ᠎ᠠ ᠪᠣᠯᠭ᠋ᠠᠵᠤ᠂ 《ᠨᠢᠭᠡ ᠪᠦᠰᠡ ᠨᠢᠭᠡ ᠵᠠᠮ》᠎ᠢ ᠬᠠᠮᠲᠤ᠎ᠪᠠᠷ ᠪᠥᠲᠥᠭᠡᠨ ᠪᠠᠶ᠋ᠢᠭᠤᠯᠬᠤ᠎ᠳᠤ ᠣᠷᠣᠯᠴᠠᠭᠰᠠᠨ ᠡᠯ᠎ᠡ ᠤᠯᠤᠰ᠎ᠤᠨ ᠠᠷᠠᠳ ᠲᠦᠮᠡᠨ᠎ᠳᠤ ᠦᠷᠭᠦᠯᠵᠢᠯᠡᠨ ᠪᠤᠶᠠᠨ ᠦᠢ᠍ᠯᠡᠳᠦᠨ᠎ᠡ ᠬᠡᠵᠤ ᠵᠢᠭ᠋ᠠᠵᠤ ᠭᠠᠷᠭ᠋ᠠᠪᠠ᠃
      ᠰᠢ ᠵᠢᠨ ᠫᠢᠩ᠂ ᠠᠭᠤᠷ ᠠᠮᠢᠰᠬᠤᠯ᠎ᠤᠨ ᠬᠤᠪᠢᠷᠠᠯᠲᠠ ᠵᠢᠨ ᠬᠥᠮᠦᠨ ᠲᠥᠷᠥᠯᠬᠢᠲᠡᠨ᠎ᠳᠤ ᠠᠪᠴᠢᠷᠠᠭᠰᠠᠨ ᠥᠷᠢᠰᠥᠯᠳᠦᠭᠡᠨ ᠪᠣᠯ ᠪᠣᠳᠠᠲᠠᠶ᠂ ᠬᠦᠨᠳᠤ ᠬᠡᠴᠡᠭᠦᠦ᠂ ᠠᠯᠤᠰ ᠬᠡᠲᠦ ᠵᠢᠨ ᠶᠤᠮ᠃ ᠪᠢᠳᠡ ᠰᠡᠳᠬᠢᠯ ᠨᠢᠭᠡᠳᠦᠨ ᠬᠦᠴᠦ᠎ᠪᠠᠨ ᠬᠠᠮᠲᠤᠳᠬᠠᠳᠠᠭ ᠯᠠ ᠶᠤᠮ ᠪᠣᠯ ᠬᠥᠮᠦᠨ ᠲᠥᠷᠥᠯᠬᠢᠲᠡᠨ ᠯᠠᠪᠲᠠᠢ ᠪᠦᠬᠦ ᠪᠥᠮᠪᠥᠷᠴᠡᠭ᠎ᠤᠨ ᠠᠭᠤᠷ ᠠᠮᠢᠰᠬᠤᠯ ᠣᠷᠴᠢᠨ ᠲᠣᠭᠤᠷᠢᠨ᠎ᠤ ᠥᠷᠢᠰᠥᠯᠳᠦᠭᠡᠨ᠎ᠢ ᠰᠠᠶ᠋ᠢᠲᠤᠷ ᠠᠷᠭ᠋ᠠᠴᠠᠭ᠋ᠠᠨ᠂ ᠠᠷᠢᠭᠤᠨ ᠴᠡᠪᠡᠷ ᠦᠵᠡᠰᠬᠦᠯᠡᠩᠲᠦ ᠰᠠᠶ᠋ᠢᠬᠠᠨ ᠳᠡᠯᠡᠬᠡᠢ ᠶᠢᠷᠲᠢᠨᠴᠦ ᠵᠢ ᠦᠷ᠎ᠡ ᠬᠤᠶ᠋ᠢᠴᠢᠰ᠎ᠲᠠᠭᠠᠨ ᠦᠯᠡᠳᠡᠭᠡᠵᠦ ᠦᠭᠬᠦ ᠶᠤᠮ ᠭᠡᠳᠡᠭ᠎ᠢ ᠪᠢ ᠪᠠᠲᠤ ᠢᠲᠡᠭᠡᠵᠦ ᠪᠠᠶ᠋ᠢᠨ᠎ᠠ ᠬᠡᠵᠤ ᠵᠢᠭ᠋ᠠᠵᠤ ᠭᠠᠷᠭ᠋ᠠᠪᠠ᠃


3.jpg


      ᠬᠤᠷᠠᠯ᠎ᠳᠤ ᠣᠷᠣᠯᠴᠠᠭᠰᠠᠨ ᠤᠳᠤᠷᠢᠳᠬᠤ ᠬᠥᠮᠦᠰ᠂ ᠠᠭᠤᠷ ᠠᠮᠢᠰᠬᠤᠯ᠎ᠤᠨ ᠬᠤᠪᠢᠷᠠᠯᠲᠠ ᠪᠣᠯ ᠳᠡᠯᠡᠬᠡᠢ ᠨᠡᠶ᠋ᠢᠳᠡ᠎ᠳᠤ ᠬᠠᠮᠳᠤ᠎ᠪᠠᠷ ᠲᠤᠯᠭ᠋ᠠᠷᠠᠵᠤ ᠪᠠᠶ᠋ᠢᠭ᠎ᠠ ᠬᠦᠨᠳᠤ ᠨᠤᠴᠢᠳᠠᠢ ᠥᠷᠢᠰᠥᠯᠳᠦᠭᠡᠨ ᠮᠥᠨ᠂ ᠪᠦᠬᠦ ᠪᠥᠮᠪᠥᠷᠴᠡᠭ ᠵᠶ᠋ᠠᠷ ᠵᠶ᠋ᠠᠨ ᠬᠦᠴᠦ᠎ᠪᠠᠨ ᠬᠠᠮᠲᠤᠳᠬᠠᠨ ᠠᠷᠭ᠋ᠠᠴᠠᠭ᠋ᠠᠬᠤ ᠬᠡᠷᠡᠭᠳᠠᠢ᠃ ᠦᠳᠲᠡᠷ ᠲᠦᠷᠭᠡᠨ ᠠᠵᠢᠯᠯᠠᠭ᠎ᠠ ᠠᠪᠴᠤ᠂ ᠪᠤᠬᠢᠷᠳᠦᠯ ᠭᠠᠳᠠᠭᠰᠢᠯᠠᠭᠤᠯᠬᠤ ᠵᠢ ᠪᠠᠭ᠋ᠠᠰᠬᠠᠬᠤ ᠡᠷᠴᠢᠮ᠎ᠢ ᠤᠯᠠᠮ ᠴᠢᠨᠠᠬᠰᠢᠳᠠ ᠴᠢᠩᠭ᠋ᠠᠷᠠᠭᠤᠯᠤᠨ᠂ ᠮᠡᠷᠭᠡᠵᠢᠯ᠎ᠤᠨ ᠰᠢᠨ᠎ᠡ ᠡᠭᠦᠳᠦᠯᠲᠡ ᠵᠢ ᠴᠢᠩᠭ᠋ᠠᠳᠬᠠᠵᠤ᠂ ᠠᠷᠢᠭᠤᠨ ᠴᠡᠪᠡᠷ ᠡᠨᠧᠷᠭᠢ ᠵᠢ ᠶᠡᠭᠡ᠎ᠪᠠᠷ ᠬᠥᠭᠵᠢᠭᠦᠯᠦᠨ᠂ ᠨᠡᠩ ᠤᠯᠠᠨ ᠠᠵᠢᠯ ᠣᠯᠭᠤᠯᠲᠠ ᠵᠢᠨ ᠲᠣᠬᠢᠶᠠᠯ ᠪᠤᠯᠤᠨ ᠨᠡᠩ ᠶᠡᠭᠡ ᠨᠡᠮᠡᠭᠳᠡᠯ᠎ᠤᠨ ᠣᠷᠣᠨ ᠵᠠᠢ ᠡᠭᠦᠳᠴᠦ᠂ ᠪᠣᠬᠢᠷᠲᠤᠯ ᠦᠭᠡᠢ᠂ ᠨᠡᠩ ᠦᠷᠭᠦᠯᠵᠢᠯᠡᠬᠦ ᠬᠥᠭᠵᠢᠯᠲᠡ ᠵᠢ ᠪᠡᠶᠡᠯᠡᠭᠦᠯᠦᠨ᠂ ᠬᠥᠮᠦᠨ ᠲᠥᠷᠥᠯᠬᠢᠲᠡᠨ᠎ᠤ ᠬᠠᠮᠲᠤ ᠵᠢᠨ ᠪᠥᠮᠪᠥᠷᠴᠡᠭ᠎ᠢ ᠰᠠᠶ᠋ᠢᠲᠤᠷ ᠬᠠᠮᠠᠭ᠋ᠠᠯᠠᠵᠤ᠂ ᠬᠥᠮᠦᠨ ᠪᠠ ᠪᠠᠶ᠋ᠢᠭ᠋ᠠᠯᠢ ᠡᠶ᠎ᠡ ᠵᠤᠬᠢᠴᠠᠩᠭᠤᠢ᠎ᠪᠠᠷ ᠬᠠᠮᠲᠤ ᠣᠷᠣᠰᠢᠬᠤ ᠵᠢ ᠪᠡᠶᠡᠯᠡᠭᠦᠯᠦᠨ᠂ ᠦᠷ᠎ᠡ ᠬᠤᠶ᠋ᠢᠴᠢᠰ᠎ᠲᠠᠭᠠᠨ ᠪᠤᠶᠠᠨ ᠦᠢ᠍ᠯᠡᠳᠬᠦ ᠬᠡᠷᠡᠭᠲᠡᠢ᠃ ᠺᠦᠨᠮᠢᠩ᠎ᠤᠨ 《ᠠᠮᠢᠳᠤ ᠪᠣᠳᠠᠰ᠎ᠤᠨ ᠣᠯᠠᠨ ᠶᠠᠩᠵᠤᠲᠤ ᠴᠢᠨᠠᠷ᠎ᠤᠨ ᠨᠡᠶ᠋ᠢᠲᠡ ᠵᠢᠨ ᠭᠡᠷ᠎ᠡ》 ᠵᠢᠨ ᠠᠷᠪᠠᠨ ᠲᠠᠪᠤᠳᠤᠭ᠋ᠠᠷ ᠤᠳᠠᠭ᠎ᠠ ᠵᠢᠨ ᠭᠡᠷᠡᠲᠦ ᠲᠠᠯ᠎ᠠ ᠵᠢᠨ ᠶᠡᠭᠡ ᠬᠤᠷᠠᠯ᠎ᠤᠨ ᠠᠮᠵᠢᠯᠲᠠ᠎ᠲᠠᠢ ᠬᠤᠷᠠᠯᠳᠤᠬᠤ ᠵᠢ ᠳᠡᠮᠵᠢᠨ᠎ᠡ᠃ ᠲᠤᠷᠤᠢ ᠪᠠᠭᠤᠷᠠᠢ ᠤᠯᠤᠰ ᠤᠷᠤᠨ ᠪᠠ ᠬᠦᠮᠦᠰ᠎ᠢ ᠨᠡᠩ ᠢᠯᠡᠭᠦᠦ ᠠᠩᠬᠠᠷᠤᠨ ᠬᠠᠯᠠᠮᠵᠢᠯᠠᠵᠤ᠂ ᠬᠥᠭᠵᠢᠭᠰᠡᠨ ᠤᠯᠤᠰ᠎ᠤᠳ ᠬᠥᠭᠵᠢᠵᠦ ᠪᠠᠶ᠋ᠢᠭ᠎ᠠ ᠤᠯᠤᠰ᠎ᠲᠤ ᠨᠡᠩ ᠤᠯᠠᠨ ᠪᠡᠯᠡ ᠮᠥᠩᠭᠦ ᠪᠠ ᠮᠡᠷᠭᠡᠵᠢᠯ᠎ᠤᠨ ᠳᠡᠮᠵᠢᠯᠭᠡ ᠬᠠᠩᠭ᠋ᠠᠨ᠂ ᠲᠡᠳᠡᠨ᠎ᠢ ᠬᠠᠪᠰᠤᠷᠤᠨ ᠠᠭᠤᠷ ᠠᠮᠢᠰᠬᠤᠯ᠎ᠤᠨ ᠬᠤᠪᠢᠷᠠᠯᠲᠠ ᠵᠢ ᠠᠷᠭ᠋ᠠᠴᠠᠭ᠋ᠠᠬᠤ ᠪᠠ ᠲᠡᠭᠦᠨ᠎ᠳᠤ ᠵᠤᠬᠢᠴᠠᠬᠤ᠎ᠳᠤ ᠬᠦᠷᠭᠡᠬᠦ ᠬᠡᠷᠡᠭᠲᠡᠢ ᠬᠡᠵᠤ ᠢᠯᠡᠳᠬᠡᠵᠡᠬᠡᠪᠡ᠃
      ᠳ᠋ᠢᠩ ᠰᠢᠤᠸᠠᠢ ᠰᠢᠶᠠᠩ᠂ ᠶᠠᠩ ᠵᠢᠶᠧ ᠊ᠤᠤᠢ᠂ ᠸᠠᠩ ᠢ᠂ ᠾᠧ ᠯᠢ ᠹᠧᠩ ᠨᠠᠷ ᠣᠷᠣᠯᠴᠠᠪᠠ᠃

ᠢᠷᠡᠯᠲᠡ᠄ ᠥᠪᠥᠷ ᠮᠣᠩᠭᠣᠯ᠎ᠤᠨ ᠡᠳᠦᠷ᠎ᠤᠨ ᠰᠣᠨᠢᠨ
          
ᠬᠠᠮᠢᠶ᠎ᠡ ᠪᠦᠬᠦᠢ ᠰᠣᠨᠢᠨ
ᠰᠢ ᠵᠢᠨ ᠫᠢᠩ ᠭᠤᠸᠠᠩᠰᠢ᠎ᠳᠤ ᠬᠦᠷᠴᠦ ᠰᠢᠨᠵᠢᠯᠡᠨ ᠪᠠᠢ᠌ᠴᠠᠭ᠋ᠠᠪᠠ
ᠰᠢ ᠵᠢᠨ ᠫᠢᠩ ᠯᠢᠦᠵᠧᠦ᠎ᠳᠤ ᠪᠠᠶ᠋ᠢᠴᠠᠭ᠋ᠠᠨ ᠰᠤᠳᠤᠯᠤᠯᠲᠠ ᠬᠢᠪᠡ
ᠰᠢ ᠵᠢᠨ ᠫᠢᠩ᠎ᠤᠨ 《ᠤᠳᠤᠷᠢᠳᠬᠤ ᠬᠥᠮᠦᠰ᠎ᠤᠨ ᠠᠭᠤᠷ ᠠᠮᠢᠰᠬᠤᠯ᠎ᠤᠨ ᠲᠦᠷᠦᠭᠦᠴᠦᠳ᠎ᠤᠨ ᠬᠤᠷᠠᠯ》 ᠳᠡᠭᠡᠷᠡᠬᠢ ᠶᠠᠷᠢᠶ᠎ᠠ
ᠰᠢ ᠵᠢᠨ ᠫᠢᠩ ᠨᠠᠨᠨᠢᠩ᠎ᠳᠤ ᠰᠢᠨᠵᠢᠯᠡᠨ ᠪᠠᠢ᠌ᠴᠠᠭ᠋ᠠᠪᠠ
ᠯᠢ ᠺᠸ ᠴᠢᠶᠠᠩ ᠲᠦᠷᠦ ᠵᠢᠨ ᠶᠠᠪᠤᠳᠠᠯ᠎ᠤᠨ ᠬᠣᠷᠢᠶᠠᠨ᠎ᠤ ᠪᠠᠶ᠋ᠢᠩᠭᠤ ᠵᠢᠨ ᠬᠤᠷᠠᠯ᠎ᠢ ᠡᠷᠬᠢᠯᠡᠨ ᠬᠤᠷᠠᠯᠳᠤᠭᠤᠯᠵᠤ ᠰᠢᠶᠠᠨ᠎ᠤ ᠬᠡᠪᠴᠢᠶᠡᠨ᠎ᠤ ᠬᠤᠳᠠᠯᠳᠤᠭ᠋ᠠᠨ᠎ᠤ ᠲᠣᠭᠲᠠᠯᠴᠠᠭ᠎ᠠ ᠵᠢᠨ ᠪᠠᠢ᠌ᠭᠤᠯᠤᠯᠲᠠ ᠵᠢ ᠴᠢᠩᠭ᠋ᠠᠳᠬᠠᠬᠤ ᠵᠡᠷᠭᠡ ᠠᠵᠢᠯ᠎ᠢ ᠪᠠᠢ᠌ᠷᠢᠯᠠᠭᠤᠯᠪᠠ
 
            