ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠴᠠᠬᠢᠮ ᠰᠣᠷᠪᠣᠯᠵᠢᠯᠠᠭ᠎ᠠ
ᠲᠡᠷᠢᠭᠦᠨ ᠬᠠᠭᠤᠳᠠᠰᠤ   -   ᠲᠡᠷᠢᠭᠦᠨ ᠵᠣᠷᠪᠣᠰ
ᠰᠢ ᠵᠢᠨ ᠫᠢᠩ 《ᠨᠢᠭᠡ ᠪᠦᠰᠡ ᠨᠢᠭᠡ ᠵᠠᠮ》᠎ᠤᠨ ᠠᠽᠢᠶ᠎ᠠ ᠲᠢᠪ ᠨᠣᠮᠣᠬᠠᠨ ᠲᠡᠯᠡᠶ ᠵᠢᠨ ᠣᠷᠣᠨ᠎ᠤ ᠣᠯᠠᠨ ᠤᠯᠤᠰ᠎ᠤᠨ ᠬᠠᠮᠲᠤᠷᠠᠯᠴᠠᠭ᠋ᠠᠨ᠎ᠤ ᠳᠡᠭᠡᠳᠦ ᠲᠠᠰ᠎ᠤᠨ ᠬᠤᠷᠠᠯ᠎ᠳᠤ ᠪᠢᠴᠢᠭ᠎ᠤᠨ ᠬᠡᠯᠪᠡᠷᠢ᠎ᠪᠠᠷ ᠪᠠᠶᠠᠷ᠎ᠤᠨ ᠦᠭᠡ ᠬᠡᠯᠡᠪᠡ
ᠨᠡᠶ᠋ᠢᠲᠡᠯᠡᠭᠰᠡᠨ ᠴᠠᠭ᠄ 2021-06-24

      ᠰᠢᠨᠬᠤᠸᠠ ᠬᠤᠷᠢᠶᠠᠨ᠎ᠤ ᠪᠡᠭᠡᠵᠢᠩ᠎ᠤᠨ 6 ᠰᠠᠷ᠎ᠠ ᠵᠢᠨ 23᠎ᠤ ᠴᠠᠬᠢᠯᠭ᠋ᠠᠨ ᠮᠡᠳᠡᠭᠡ  6 ᠰᠠᠷ᠎ᠠ ᠵᠢᠨ 23᠎ᠤ ᠡᠳᠦᠷ᠂ ᠤᠯᠤᠰ᠎ᠤᠨ ᠲᠡᠷᠢᠭᠦᠯᠡᠭᠴᠢ ᠰᠢ ᠵᠢᠨ ᠫᠢᠩ 《ᠨᠢᠭᠡ ᠪᠦᠰᠡ ᠨᠢᠭᠡ ᠵᠠᠮ》᠎ᠤᠨ ᠠᠽᠢᠶ᠎ᠠ ᠲᠢᠪ ᠨᠣᠮᠣᠬᠠᠨ ᠲᠡᠯᠡᠶ ᠵᠢᠨ ᠣᠷᠣᠨ᠎ᠤ ᠣᠯᠠᠨ ᠤᠯᠤᠰ᠎ᠤᠨ ᠬᠠᠮᠲᠤᠷᠠᠯᠴᠠᠭ᠋ᠠᠨ᠎ᠤ ᠳᠡᠭᠡᠳᠦ ᠲᠠᠰ᠎ᠤᠨ ᠬᠤᠷᠠᠯ᠎ᠳᠤ ᠪᠢᠴᠢᠭ᠎ᠤᠨ ᠬᠡᠯᠪᠡᠷᠢ᠎ᠪᠠᠷ ᠪᠠᠶᠠᠷ᠎ᠤᠨ ᠦᠭᠡ ᠬᠡᠯᠡᠪᠡ᠃
      ᠰᠢ ᠵᠢᠨ ᠫᠢᠩ᠂ ᠪᠢ 《ᠨᠢᠭᠡ ᠪᠦᠰᠡ ᠨᠢᠭᠡ ᠵᠠᠮ》᠎ᠢ ᠬᠠᠮᠲᠤ᠎ᠪᠠᠷ ᠪᠦᠲᠦᠭᠡᠨ ᠪᠠᠶ᠋ᠢᠭᠤᠯᠬᠤ ᠰᠠᠨᠠᠭ᠋ᠠᠴᠢᠯᠠᠭ᠎ᠠ ᠵᠢ ᠳᠤᠷᠠᠳᠤᠭᠰᠠᠨ᠎ᠨᠢ ᠲᠣᠷᠭ᠋ᠠᠨ ᠵᠠᠮ᠎ᠤᠨ ᠵᠣᠷᠢᠭ ᠰᠠᠨᠠᠭ᠎ᠠ ᠵᠢ ᠤᠯᠠᠮᠵᠢᠯᠠᠵᠥ᠂ ᠨᠡᠭᠡᠭᠡᠯᠲᠡᠲᠦ ᠬᠠᠮᠲᠤᠷᠠᠯᠴᠠᠭ᠋ᠠᠨ᠎ᠤ ᠲᠠᠪᠴᠠᠩ᠎ᠢ ᠭᠠᠷ ᠬᠤᠯᠪᠣᠨ ᠪᠠᠶ᠋ᠢᠭᠤᠯᠵᠤ᠂ ᠡᠯ᠎ᠡ ᠤᠯᠤᠰ᠎ᠤᠨ ᠬᠠᠮᠲᠤᠷᠠᠯᠴᠠᠨ ᠬᠥᠭᠵᠢᠬᠦ᠎ᠳᠤ ᠰᠢᠨ᠎ᠡ ᠬᠥᠳᠡᠯᠭᠡᠬᠦ ᠬᠦᠴᠦᠨ ᠬᠠᠩᠭ᠋ᠠᠬᠤ ᠵᠢ ᠵᠤᠷᠢᠪᠠ᠃ 8 ᠵᠢᠯ᠎ᠤᠨ ᠲᠤᠷᠰᠢ᠂ 140 ᠤᠯᠤᠰ ᠳᠤᠮᠳᠠᠳᠤ ᠤᠯᠤᠰ᠎ᠯᠤᠭ᠎ᠠ 《ᠨᠢᠭᠡ ᠪᠦᠰᠡ ᠨᠢᠭᠡ ᠵᠠᠮ》᠎ᠢ ᠬᠠᠮᠲᠤ᠎ᠪᠠᠷ ᠪᠦᠳᠦᠭᠡᠨ ᠪᠠᠶ᠋ᠢᠭᠤᠯᠬᠤ ᠬᠠᠮᠲᠤᠷᠠᠯᠴᠠᠭ᠋ᠠᠨ᠎ᠤ ᠵᠥᠪᠯᠡᠯᠴᠡᠭᠡᠷ ᠲᠤᠬᠢᠷᠠᠯᠴᠠᠵᠥ᠂ ᠬᠠᠮᠲᠤᠷᠠᠯᠴᠠᠭ᠋ᠠᠨ᠎ᠤ ᠬᠠᠨᠢᠲᠠᠨ ᠶᠠᠪᠤᠬᠤ ᠲᠤᠳᠤᠮ ᠣᠯᠠᠰᠢᠷᠠᠪᠠ᠃ ᠡᠯ᠎ᠡ ᠲᠠᠯ᠎ᠠ ᠵᠢᠨ᠎ᠬᠢᠨ ᠲᠦᠷᠦ ᠵᠢᠨ ᠪᠤᠳᠤᠯᠭ᠎ᠠ ᠵᠢᠨ ᠨᠡᠪᠲᠡᠷᠡᠯᠴᠡᠭᠡ᠂ ᠳᠤᠨᠤᠭ ᠲᠥᠬᠦᠭᠡᠷᠦᠮᠵᠢ ᠵᠢᠨ ᠨᠡᠪᠲᠡᠷᠡᠯᠴᠡᠭᠡ᠂ ᠠᠷᠠᠯᠵᠢᠶ᠎ᠠ ᠬᠤᠳᠠᠯᠳᠤᠭ᠋ᠠᠨ᠎ᠤ ᠨᠡᠪᠲᠡᠷᠡᠯᠴᠡᠭᠡ᠂ ᠪᠡᠯᠡ ᠮᠥᠩᠭᠦᠨ᠎ᠤ ᠨᠡᠪᠳᠡᠷᠡᠯᠴᠡᠭᠡ᠂ ᠠᠷᠠᠳ᠎ᠤᠨ ᠰᠡᠳᠬᠢᠯ᠎ᠤᠨ ᠨᠡᠪᠲᠡᠷᠡᠯᠴᠡᠭᠡ ᠵᠢ ᠢᠳᠡᠪᠬᠢᠲᠡᠢ ᠠᠬᠢᠭᠤᠯᠵᠤ᠂ ᠶᠡᠭᠡ ᠬᠡᠮᠵᠢᠶᠡᠨ᠎ᠤ ᠪᠣᠳᠠᠲᠠᠢ ᠵᠢ ᠡᠷᠬᠢᠮᠯᠡᠭᠰᠡᠨ ᠬᠠᠮᠲᠤᠷᠠᠯᠴᠠᠭ᠎ᠠ᠂ ᠠᠷᠠᠳ ᠤᠯᠠᠨ᠎ᠳᠤ ᠪᠤᠶᠠᠨ ᠦᠢ᠍ᠯᠡᠳᠬᠦ ᠲᠦᠷᠦᠯ ᠵᠦᠢ᠍ᠯ᠎ᠢ ᠡᠬᠢᠯᠡᠭᠦᠯᠵᠦ᠂ ᠪᠦᠬᠦ ᠲᠠᠯ᠎ᠠ ᠵᠢᠨ᠂ ᠬᠠᠮ ᠬᠡᠯᠪᠡᠷᠢ ᠵᠢᠨ ᠬᠤᠯᠪᠣᠯᠳᠤᠨ ᠨᠡᠪᠲᠡᠷᠡᠯᠴᠡᠬᠦ ᠬᠠᠨᠢᠲᠠᠨ᠎ᠤ ᠬᠠᠷᠢᠯᠴᠠᠭ᠎ᠠ ᠵᠢ ᠪᠠᠶ᠋ᠢᠭᠤᠯᠵᠤ᠂ ᠬᠠᠮᠲᠤ᠎ᠪᠠᠷ ᠬᠥᠭᠵᠢᠬᠦ ᠰᠢᠨ᠎ᠡ ᠢᠷᠡᠭᠡᠳᠦᠢ ᠵᠢ ᠨᠡᠭᠡᠭᠡᠵᠡᠢ᠃ ᠬᠡᠨᠡᠳᠲᠡ ᠡᠭᠦᠰᠦᠭᠰᠡᠨ ᠰᠢᠨ᠎ᠡ ᠲᠢᠲᠢᠮᠯᠢᠭ ᠠᠭᠤᠰᠬᠢᠨ ᠦᠷᠪᠢᠰᠦᠯ᠎ᠤᠨ ᠬᠢᠵᠢᠭ᠎ᠤᠨ ᠪᠠᠶ᠋ᠢᠳᠠᠯ᠎ᠤᠨ ᠡᠮᠦᠨ᠎ᠡ᠂ ᠪᠢᠳᠡ ᠰᠠᠬᠢᠨ ᠪᠡᠷᠡᠯᠡᠵᠦ ᠬᠠᠷᠢᠯᠴᠠᠨ ᠬᠠᠪᠰᠤᠷᠤᠯᠴᠠᠵᠤ᠂ ᠴᠠᠭ᠎ᠤᠨ ᠪᠡᠷᠬᠡ ᠵᠢ ᠬᠠᠮᠲᠤ᠎ᠪᠠᠷ ᠳᠤᠭᠤᠯᠵᠤ᠂ 《ᠨᠢᠭᠡ ᠪᠦᠰᠡ ᠨᠢᠭᠡ ᠵᠠᠮ》᠎ᠢ ᠬᠠᠮᠲᠤ᠎ᠪᠠᠷ ᠪᠥᠲᠥᠭᠡᠨ ᠪᠠᠶ᠋ᠢᠭᠤᠯᠬᠤ ᠵᠢ ᠦᠷᠭᠦᠯᠵᠢᠯᠡᠨ ᠠᠬᠢᠭᠤᠯᠵᠤ᠂ ᠳᠡᠯᠡᠬᠡᠶ ᠨᠡᠶ᠋ᠢᠲᠡ᠎ᠳᠤ ᠢᠲᠡᠭᠡᠯ ᠵᠣᠷᠢᠭ ᠪᠠ ᠬᠦᠴᠦᠨ ᠴᠢᠳᠠᠯ ᠵᠶ᠋ᠠᠨ ᠳᠠᠮᠵᠢᠭᠤᠯᠵᠤ᠂ ᠪᠥᠬᠦ ᠪᠥᠮᠪᠥᠷᠴᠡᠭ᠎ᠤᠨ ᠬᠢᠵᠢᠭ᠎ᠲᠠᠢ ᠲᠡᠮᠡᠴᠡᠬᠦ ᠬᠠᠮᠲᠤᠷᠠᠯᠴᠠᠭ᠎ᠠ ᠪᠠ ᠠᠵᠤ ᠠᠬᠤᠶ ᠵᠢᠨ ᠰᠡᠷᠭᠦᠯᠲᠡ᠎ᠳᠤ ᠴᠢᠬᠤᠯᠠ ᠬᠤᠪᠢ ᠨᠡᠮᠡᠷᠢ ᠦᠵᠡᠭᠦᠯᠪᠡ ᠭᠡᠵᠤ ᠴᠢᠬᠤᠯᠠᠴᠢᠯᠠᠵᠠᠢ᠃
      ᠰᠢ ᠵᠢᠨ ᠫᠢᠩ᠂ 《ᠨᠢᠭᠡ ᠪᠦᠰᠡ ᠨᠢᠭᠡ ᠵᠠᠮ》᠎ᠢ ᠬᠠᠮᠲᠤ᠎ᠪᠠᠷ ᠪᠦᠲᠦᠭᠡᠨ ᠪᠠᠶ᠋ᠢᠭᠤᠯᠬᠤ᠎ᠳᠤ ᠬᠠᠮᠲᠤ᠎ᠪᠠᠷ ᠵᠥᠪᠳᠡᠬᠦ ᠬᠠᠮᠲᠤ᠎ᠪᠠᠷ ᠪᠠᠶ᠋ᠢᠭᠤᠯᠬᠤ ᠬᠠᠮᠲᠤ᠎ᠪᠠᠷ ᠡᠳ᠋ᠯᠡᠬᠦ ᠬᠠᠮᠲᠤᠷᠠᠯᠴᠠᠭ᠋ᠠᠨ᠎ᠤ ᠵᠠᠷᠴᠢᠮ᠎ᠢ ᠪᠠᠷᠢᠮᠲᠠᠯᠠᠵᠤ᠂ ᠨᠡᠭᠡᠭᠡᠯᠲᠡᠲᠦ᠂ ᠪᠣᠬᠢᠷᠲᠤᠯ ᠦᠭᠡᠢ᠂ ᠠᠷᠢᠭᠤᠨ ᠴᠢᠬᠡᠴᠢ᠂ ᠬᠠᠮᠲᠤᠷᠠᠯᠴᠠᠭ᠋ᠠᠨ᠎ᠤ ᠣᠶ᠋ᠢᠯᠠᠭ᠋ᠠᠭᠳᠠᠬᠤᠨ᠎ᠢ ᠪᠠᠷᠢᠮᠲᠠᠯᠠᠵᠤ᠂ ᠥᠨᠳᠥᠷ ᠪᠠᠷᠢᠮᠵᠢᠶ᠎ᠠ᠎ᠲᠠᠢ᠂ ᠠᠷᠠᠳ᠎ᠲᠤ ᠠᠰᠢᠭ ᠬᠦᠷᠲᠡᠭᠡᠬᠦ᠂ ᠦᠷᠭᠦᠯᠵᠢᠯᠡᠬᠦ ᠬᠠᠮᠲᠤᠷᠠᠯᠴᠠᠭ᠋ᠠᠨ᠎ᠤ ᠬᠠᠷᠠᠯᠲᠠ ᠵᠢᠨ ᠲᠦᠯᠦᠭᠡ ᠴᠢᠷᠮᠠᠶ᠋ᠢᠶ᠎ᠠ᠃ ᠳᠤᠮᠳᠠᠳᠤ ᠤᠯᠤᠰ ᠰᠢᠨ᠎ᠡ ᠬᠥᠭᠵᠢᠯᠲᠡ ᠵᠢᠨ ᠱᠠᠲᠤᠨ᠎ᠳᠤ ᠣᠷᠣᠵᠤ᠂ ᠰᠢᠨ᠎ᠡ ᠬᠥᠭᠵᠢᠯᠲᠡ ᠵᠢᠨ ᠣᠶ᠋ᠢᠯᠠᠭ᠋ᠠᠭᠳᠠᠬᠤᠨ᠎ᠢ ᠲᠤᠭᠤᠰᠢᠯᠠᠭᠤᠯᠵᠤ᠂ ᠰᠢᠨ᠎ᠡ ᠬᠥᠭᠵᠢᠯᠲᠡ ᠵᠢᠨ ᠪᠠᠶ᠋ᠢᠷᠢᠰᠢᠯ᠎ᠢ ᠪᠠᠶ᠋ᠢᠭᠤᠯᠵᠤ᠂ 《ᠨᠢᠭᠡ ᠪᠦᠰᠡ ᠨᠢᠭᠡ ᠵᠠᠮ》᠎ᠤᠨ ᠬᠠᠮᠲᠤᠷᠠᠯᠴᠠᠭ᠋ᠠᠨ᠎ᠤ ᠬᠠᠨᠢᠲᠠᠨ᠎ᠳᠤ ᠨᠡᠩ ᠤᠯᠠᠨ ᠵᠠᠬ᠎ᠠ ᠳᠡᠯᠭᠡᠭᠦᠷ᠎ᠤᠨ ᠠᠵᠠ ᠲᠣᠬᠢᠶᠠᠯ᠂ ᠪᠡᠯᠡ ᠣᠷᠣᠭᠤᠯᠤᠯᠲᠠ ᠵᠢᠨ ᠠᠵᠠ ᠲᠣᠬᠢᠶᠠᠯ᠂ ᠨᠡᠮᠡᠭᠳᠡᠯ᠎ᠤᠨ ᠠᠵᠠ ᠲᠣᠬᠢᠶᠠᠯ ᠬᠠᠩᠭ᠋ᠠᠪᠠ᠃ ᠳᠤᠮᠳᠠᠳᠤ ᠤᠯᠤᠰ ᠳᠤᠷᠠᠲᠠᠶ᠎ᠠ ᠡᠯ᠎ᠡ ᠲᠠᠯ᠎ᠠ ᠵᠢᠨ᠎ᠬᠢᠨ᠎ᠲᠠᠢ ᠬᠠᠮᠲᠤ᠎ᠪᠠᠷ᠂ ᠨᠡᠩ ᠨᠢᠭᠲᠠ 《ᠨᠢᠭᠡ ᠪᠦᠰᠡ ᠨᠢᠭᠡ ᠵᠠᠮ》᠎ᠤᠨ ᠬᠠᠨᠢᠲᠠᠨ᠎ᠤ ᠬᠠᠷᠢᠯᠴᠠᠭ᠎ᠠ ᠵᠢ ᠪᠠᠶ᠋ᠢᠭᠤᠯᠵᠤ᠂ ᠪᠦᠯᠬᠦᠮᠳᠡᠨ ᠬᠠᠮᠲᠤᠷᠠᠯᠴᠠᠬᠤ᠂ ᠬᠤᠯᠪᠣᠯᠳᠤᠨ ᠨᠡᠪᠲᠡᠷᠡᠯᠴᠡᠬᠦ᠂ ᠬᠠᠮᠲᠤ᠎ᠪᠠᠷ ᠬᠥᠭᠵᠢᠬᠦ ᠵᠠᠮ ᠵᠶ᠋ᠠᠷ ᠵᠠᠮᠨᠠᠬᠤ ᠵᠢ ᠪᠠᠷᠢᠮᠲᠠᠯᠠᠵᠤ᠂ ᠬᠥᠮᠦᠨ ᠲᠥᠷᠥᠯᠬᠢᠲᠡᠨ᠎ᠤ ᠬᠤᠪᠢ ᠵᠠᠶᠠᠭ᠋ᠠᠨ᠎ᠤ ᠬᠠᠮᠲᠤ ᠴᠣᠭᠴᠠ ᠵᠢ ᠪᠠᠶ᠋ᠢᠭᠤᠯᠬᠤ ᠵᠢ ᠬᠠᠮᠲᠤ᠎ᠪᠠᠷ ᠠᠬᠢᠭᠤᠯᠤᠨ᠎ᠠ ᠭᠡᠵᠤ ᠴᠢᠬᠤᠯᠠᠴᠢᠯᠠᠵᠠᠢ᠃

ᠢᠷᠡᠯᠲᠡ᠄ ᠥᠪᠥᠷ ᠮᠣᠩᠭᠣᠯ᠎ᠤᠨ ᠡᠳᠦᠷ᠎ᠤᠨ ᠰᠣᠨᠢᠨ
          
ᠬᠠᠮᠢᠶ᠎ᠡ ᠪᠦᠬᠦᠢ ᠰᠣᠨᠢᠨ
ᠰᠢ ᠵᠢᠨ ᠫᠢᠩ ᠬᠤᠪᠢᠯᠭ᠋ᠠᠨ ᠣᠩᠭᠤᠴᠠ ᠠᠷᠪᠠᠨ ᠬᠤᠶᠠᠳᠤᠭ᠋ᠠᠷ᠎ᠤᠨ ᠰᠠᠨᠰᠠᠷᠴᠢᠳ᠎ᠲᠠᠢ ᠳᠣᠲᠣᠨᠣ᠎ᠪᠠᠷ ᠶᠠᠷᠢᠯᠴᠠᠪᠠ
ᠯᠢ ᠺᠸ ᠴᠢᠶᠠᠩ ᠲᠥᠷᠥ ᠵᠢᠨ ᠶᠠᠪᠤᠳᠠᠯ᠎ᠤᠨ ᠬᠣᠷᠢᠶᠠᠨ᠎ᠤ ᠪᠠᠶ᠋ᠢᠩᠭᠤ ᠵᠢᠨ ᠬᠤᠷᠠᠯ᠎ᠢ ᠡᠷᠬᠢᠯᠡᠨ ᠬᠤᠷᠠᠯᠳᠤᠭᠤᠯᠵᠤ 《ᠠᠷᠪᠠᠨ ᠳᠥᠷᠪᠡᠳᠦᠭᠡᠷ ᠲᠠᠪᠤᠨ ᠵᠢᠯ》᠎ᠤᠨ ᠬᠤᠭᠤᠴᠠᠭ᠋ᠠᠨ᠎ᠳᠤ ᠣᠯᠠᠨ ᠵᠶ᠋ᠠᠷ ᠵᠶ᠋ᠠᠨ ᠦᠢ᠍ᠯᠡᠰ ᠴᠣᠭᠴᠠᠯᠠᠵᠤ ᠲᠦᠮᠡᠨ ᠵᠶ᠋ᠠᠷ ᠵᠶ᠋ᠡᠨ ᠰᠢᠨ᠎ᠡ ᠵᠢ ᠡᠭᠦᠳᠬᠦ ᠵᠢ ᠭᠦᠨᠵᠡᠭᠡᠶ᠋ᠢᠷᠡᠭᠦᠯᠦᠨ ᠠᠬᠢᠭᠤᠯᠵᠤ ᠵᠠᠬ᠎ᠠ ᠳᠡᠯᠭᠡᠭᠦᠷ᠎ᠤᠨ ᠠᠮᠢᠵᠢᠷᠠᠯ᠎ᠤᠨ ᠬᠦᠴᠦᠨ᠎ᠢ ᠨᠡᠩ ᠶᠡᠬᠡ᠎ᠪᠠᠷ ᠬᠥᠭᠵᠢᠭᠡᠨ ᠬᠥᠭᠵᠢᠯᠲᠡ ᠵᠢ ᠠᠬᠢᠭᠤᠯᠵᠤ ᠠᠵᠢᠯ ᠣᠯᠭᠣᠯᠲᠠ ᠵᠢ ᠥᠷᠭᠡᠳᠬᠡᠨ ᠠᠷᠠᠳ᠎ᠤᠨ ᠠᠮᠢᠳᠤᠷᠠᠯ᠎ᠳᠤ ᠠᠰᠢᠭ ᠬᠦᠷᠲᠡᠭᠡᠬᠦ ᠵᠡᠷᠭᠡ ᠠᠵᠢᠯ᠎ᠤᠳ᠎ᠢ ᠪᠠᠢ᠌ᠷᠢᠯᠠᠭᠤᠯᠪᠠ
ᠰᠢ ᠵᠢᠨ ᠫᠢᠩ ᠹᠢᠵᠢ ᠵᠢᠨ ᠶᠡᠷᠦᠩᠬᠡᠢ ᠰᠠᠶ᠋ᠢᠳ ᠮᠦᠪᠠᠢ᠍ᠢ᠍ᠨᠢᠮᠠᠯᠠᠮᠠ᠎ᠲᠠᠢ ᠤᠲᠠᠰᠤ᠎ᠪᠠᠷ ᠶᠠᠷᠢᠯᠴᠠᠪᠠ
ᠰᠢ ᠵᠢᠨ ᠫᠢᠩ ᠰᠧᠷᠪᠢᠶ᠎ᠠ ᠵᠢᠨ ᠶᠡᠷᠦᠩᠬᠡᠶ᠋ᠢᠯᠡᠭᠴᠢ ᠥᠴᠢᠴᠢ᠎ᠲᠠᠢ ᠤᠲᠠᠰᠤ᠎ᠪᠠᠷ ᠶᠠᠷᠢᠯᠴᠠᠪᠠ
ᠰᠢ ᠵᠢᠨ ᠫᠢᠩ ᠨᠠᠮ᠎ᠤᠨ ᠲᠥᠪ ᠬᠣᠷᠢᠶᠠᠨ᠎ᠤ ᠤᠯᠤᠰ ᠲᠦᠷᠦ ᠵᠢᠨ ᠲᠣᠪᠴᠢᠶᠠᠨ᠎ᠤ ᠭᠤᠴᠢᠨ ᠨᠢᠭᠡᠳᠦᠭᠡᠷ ᠤᠳᠠᠭ᠎ᠠ ᠵᠢᠨ ᠬᠠᠮᠲᠤ ᠵᠢᠨ ᠰᠤᠷᠤᠯᠴᠠᠯᠭ᠎ᠠ ᠳᠡᠭᠡᠷ᠎ᠡ ᠴᠢᠬᠤᠯᠠᠴᠢᠯᠠᠭᠰᠠᠨ᠎ᠨᠢ ᠬᠤᠪᠢᠰᠬᠠᠯ᠎ᠤᠨ ᠡᠬᠢ ᠪᠠᠶᠠᠯᠢᠭ᠎ᠢ ᠰᠠᠶ᠋ᠢᠲᠤᠷ ᠠᠰᠢᠬᠯᠠᠵᠤ ᠬᠤᠪᠢᠰᠬᠠᠯ᠎ᠤᠨ ᠠᠮᠢᠨ ᠰᠤᠳᠠᠰᠤ ᠵᠢ ᠵᠠᠯᠭ᠋ᠠᠮᠵᠢᠯᠠᠵᠥ ᠲᠡᠦᠬᠡ ᠪᠤᠯᠤᠨ ᠠᠷᠠᠳ ᠲᠦᠮᠡᠨ᠎ᠳᠤ ᠦᠯᠦ ᠣᠰᠣᠯᠳᠠᠬᠤ ᠰᠢᠨ᠎ᠡ ᠠᠮᠵᠢᠯᠲᠠ ᠪᠦᠲᠦᠮᠵᠢ ᠵᠢ ᠴᠢᠷᠮᠠᠶ᠋ᠢᠨ ᠡᠭᠦᠳᠬᠦ ᠬᠡᠷᠡᠭᠲᠡᠢ
 
            