ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠴᠠᠬᠢᠮ ᠰᠣᠷᠪᠣᠯᠵᠢᠯᠠᠭ᠎ᠠ
ᠲᠡᠷᠢᠭᠦᠨ ᠬᠠᠭᠤᠳᠠᠰᠤ   -   ᠤᠮᠠᠷᠠᠲᠤ᠎ᠶᠢᠨ ᠰᠣᠶᠣᠯ
ᠤᠮᠠᠷᠠᠲᠤ ᠬᠢᠯᠢ ᠪᠡᠷ ᠬᠠᠢᠷ᠎ᠠ ᠪᠢᠯᠬᠠᠵᠤ ᠪᠤᠭᠤᠲᠤ ᠬᠤᠳᠠ ᠪᠡᠷ ᠦᠵᠡᠮᠵᠢ ᠰᠣᠯᠣᠩᠭᠠᠷᠠᠨ᠎ᠠ
ᠨᠡᠶ᠋ᠢᠲᠡᠯᠡᠭᠰᠡᠨ ᠴᠠᠭ᠄ 2025-10-16

2025 ᠣᠨ᠎ᠤ ᠨᠠᠢ᠍ᠮᠠᠨ ᠰᠠᠷ᠎ᠠ ᠵᠢᠨ ᠲᠡᠷᠭᠡᠯ ᠪᠠᠶᠠᠷ᠂ ᠤᠯᠤᠰ᠎ᠤᠨ ᠪᠠᠶᠠᠷ᠎ᠤᠨ ᠠᠮᠠᠷᠠᠯᠲᠠ᠎ᠶᠢᠨ ᠬᠤᠭᠤᠴᠠᠭᠠᠨ᠎ᠳᠤ᠂ ᠪᠤᠭᠤᠲᠤ ᠬᠣᠲᠠ《ᠭᠦᠷ ᠬᠥᠭᠵᠢᠶᠡᠨᠲᠦ ᠪᠤᠭᠤᠲᠤ ᠬᠤᠳᠠ·ᠳᠤᠮᠳᠠᠳᠤ ᠪᠠᠨ ᠮᠠᠭᠲᠠᠨ ᠳᠠᠭᠤᠯᠠᠶ᠎ᠠ》 ᠭᠡᠬᠦ 10 ᠶᠡᠬᠡ ᠰᠣᠶᠣᠯ ᠵᠢᠭᠤᠯᠴᠢᠯᠠᠯ᠎ᠤᠨ ᠠᠵᠢᠯᠯᠠᠭ᠎ᠠ ᠲᠣᠬᠢᠷᠠᠭᠤᠯᠵᠤ᠂ ᠪᠦᠭᠦ ᠬᠣᠲᠠ᠎ᠶᠢᠨ ᠦᠵᠡᠮᠵᠢ᠎ᠶᠢᠨ ᠭᠠᠵᠠᠷ᠂ ᠰᠥᠨᠢ᠎ᠶᠢᠨ ᠵᠠᠬ᠎ᠠ ᠵᠡᠭᠡᠯᠢ ᠲᠣᠭᠣᠷᠢᠭ᠋᠂ ᠬᠤᠳᠠᠯᠳᠤᠭᠠᠨ᠎ᠤ ᠲᠠᠯᠠᠪᠤᠷ ᠵᠡᠷᠭᠡ ᠲᠠᠯᠠᠪᠤᠷ ᠭᠠᠵᠠᠷ᠎ᠲᠤ 120 ᠭᠠᠷᠤᠢ ᠵᠦᠢᠯ᠎ᠦᠨ᠂ 600 ᠭᠠᠷᠤᠢ ᠲᠠᠯᠠᠪᠠᠢ ᠤᠳᠠᠭᠠᠨ᠎ᠤ ᠥᠪᠡᠷᠮᠢᠴᠡ ᠣᠨᠴᠠᠯᠢᠭ᠋᠎ᠲᠠᠢ ᠠᠵᠢᠯᠯᠠᠭ᠎ᠠ᠎ᠶᠢ ᠲᠥᠪᠯᠡᠷᠡᠭᠦᠯᠦᠨ ᠥᠷᠨᠢᠭᠦᠯᠵᠦ᠂ 10 ᠵᠤᠷᠪᠤᠰ ᠰᠣᠳᠣᠨ ᠵᠢᠭᠤᠯᠴᠢᠯᠠᠯ᠎ᠤᠨ ᠵᠠᠮ ᠱᠤᠭᠤᠮ᠎ᠢ ᠵᠡᠷᠭᠡ ᠪᠡᠷ ᠭᠠᠷᠭᠠᠵᠤ᠂ ᠪᠦᠭᠦ ᠦᠵᠡᠮᠵᠢ᠂ ᠣᠯᠠᠨ ᠬᠠᠷᠠᠭᠠᠰᠤ᠎ᠪᠠᠷ ᠵᠢᠭᠤᠯᠴᠢᠯᠠᠬ᠍ᠰᠠᠳ᠎ᠲᠤ ᠠᠮᠠᠷᠠᠯᠲᠠ᠎ᠶᠢᠨ ᠦᠪᠡᠳᠡᠭᠰᠢ ᠳᠠᠢᠯᠠᠯᠭ᠎ᠠ᠎ᠶᠢ ᠳᠡᠪᠰᠢᠭᠦᠯᠵᠦ ᠥᠭᠬᠦ ᠪᠣᠯᠣᠨ᠎ᠠ᠃

10 ᠶᠡᠬᠡ ᠰᠣᠶᠣᠯ ᠵᠢᠭᠤᠯᠴᠢᠯᠠᠯ᠎ᠤᠨ ᠠᠵᠢᠯᠯᠠᠭ᠎ᠠ ᠳ᠋ᠤ᠌ ᠭᠢᠯᠠᠰ ᠴᠡᠭ ᠲᠠᠰᠤᠷᠠᠯᠳᠠ ᠦᠭᠡᠢ ᠢᠯᠡᠷᠡᠨ᠎ᠡ᠃ ᠲᠡᠭᠷᠢ᠎ᠶᠢᠨ ᠳᠣᠣᠷᠠᠬᠢ ᠬᠠᠳᠤᠨ ᠭᠣᠣᠯ᠎ᠤᠨ ᠨᠢᠭᠡᠳᠦᠭᠡᠷ ᠲᠣᠰᠬᠣᠨ᠂ ᠨᠠᠨ ᠬᠠᠢ ᠨᠤᠭᠤ ᠭᠠᠵᠠᠷ᠎ᠤᠨ ᠦᠵᠡᠮᠵᠢ᠎ᠶᠢᠨ ᠣᠷᠣᠨ ᠵᠡᠷᠭᠡ 《ᠬᠠᠳᠤᠨ ᠭᠣᠣᠯ ᠤ᠋ᠨ ᠠᠶ᠎ᠠ ᠳᠠᠭᠤᠤ》 ᠠᠬᠤᠢ ᠲᠠᠯᠠᠪᠠᠢ᠎ᠳᠤ ᠮᠢᠩᠭᠠᠨ ᠬᠥᠮᠥᠨ᠎ᠦ ᠴᠠᠭᠢᠯᠭᠠᠨ ᠠᠶ᠎ᠠ ᠶ᠋ᠢ ᠬᠠᠩᠭᠢᠨᠠᠭᠤᠯᠵᠤ᠂ ᠭᠦᠷ ᠬᠥᠭᠵᠢᠶᠡᠨᠲᠦ ᠳᠠᠭᠤᠤ ᠬᠥᠭᠵᠢᠮ ᠤ᠋ᠨ ᠨᠠᠢᠷ ᠢ᠋ ᠤᠯᠠᠨ ᠳ᠋ᠤ᠌ ᠡᠷᠭᠦᠪᠡ; ᠪᠤᠭᠤᠲᠤ ᠵᠢᠨ ᠬᠥᠪᠥᠩ ᠤ᠋ᠨ ᠦᠢᠯᠡᠳᠪᠦᠷᠢ 1958᠂ ᠪᠤᠭᠤᠲᠤ ᠵᠢᠨ ᠶᠠᠪᠠᠭᠠᠨ ᠵᠡᠭᠡᠯᠢ ᠵᠡᠷᠭᠡ ᠵᠢᠨ《ᠵᠡᠭᠡᠯᠢ ᠭᠤᠳᠤᠮᠵᠢ》 ᠵᠢᠨ ᠠᠬᠤᠢ ᠲᠠᠯᠠᠪᠠᠢ ᠳ᠋ᠤ᠌᠂ ᠨᠠᠢ᠍ᠮᠠᠨ ᠰᠠᠷ᠎ᠠ᠎ᠶᠢᠨ ᠲᠡᠷᠭᠡᠯ ᠪᠠᠶᠠᠷ᠎ᠤᠨ 《ᠰᠠᠷᠠᠨ᠎ᠳᠤ ᠮᠥᠷᠭᠥᠬᠦ ᠶᠣᠰᠣᠯᠠᠯ》᠂ ᠤᠯᠤᠰ᠎ᠤᠨ ᠪᠠᠶᠠᠷ᠎ᠤᠨ ᠵᠠᠯᠠᠭᠤᠴᠤᠳ᠎ᠤᠨ ᠵᠠᠬ᠎ᠠ ᠳᠡᠯᠭᠡᠭᠦᠷ ᠵᠡᠷᠭᠡ ᠠᠵᠢᠯᠯᠠᠭ᠎ᠠ ᠲᠣᠬᠢᠷᠠᠭᠤᠯᠵᠤ᠂ 《ᠡᠷᠲᠡᠨ᠎ᠦ ᠵᠠᠩᠰᠢᠯ ᠪᠣᠯᠣᠨ ᠤᠳᠤ ᠴᠠᠭ ᠤ᠋ᠨ ᠤᠷᠤᠰᠬᠠᠯ》 ᠤ᠋ᠨ ᠭᠣᠢᠳᠠ ᠰᠠᠢᠬᠠᠨ ᠶᠠᠷᠢᠯᠴᠠᠭ᠎ᠠ᠎ᠶᠢ ᠦᠵᠡᠭᠦᠯᠪᠡ; ᠸᠠᠨ ᠳᠠ ᠠᠭᠤᠳᠠᠮ ᠲᠠᠯᠠᠪᠠᠢ᠂ ᠮᠣᠣ ᠶᠧ ᠲᠢᠶᠠᠨ ᠳᠢ ᠵᠡᠷᠭᠡ 《ᠬᠤᠳᠠᠯᠳᠤᠭᠠᠨ᠎ᠤ ᠲᠣᠭᠣᠷᠢᠭ᠋》 ᠤ᠋ᠨ ᠠᠬᠤᠢ ᠲᠠᠯᠠᠪᠠᠢ᠎ᠳᠦ᠂ ᠱᠣᠭ ᠶᠠᠷᠢᠶ᠎ᠠ ᠰᠣᠨᠣᠰᠴᠤ᠂ ᠱᠣᠣᠮᠠᠢ ᠱᠣᠭ ᠵᠦᠴᠦᠭᠡ ᠦᠵᠡᠵᠦ᠂ ᠬᠤᠳᠠ᠎ᠶᠢᠨ ᠠᠷᠠᠳ᠎ᠤᠨ ᠳᠠᠭᠤᠤ ᠳᠠᠭᠤᠯᠠᠵᠤ᠂ ᠢᠨᠢᠶᠡᠳᠦ ᠪᠠᠶᠠᠷ ᠵᠢᠡᠷ ᠪᠢᠯᠬᠠᠨ᠎ᠠ; ᠰᠠᠢᠬᠠᠨᠲᠠᠯ᠎ᠠ᠂ ᠪᠤᠭᠤᠲᠤ᠎ᠶᠢᠨ ᠡᠷᠲᠡᠨ᠎ᠦ ᠬᠣᠲᠠ ᠵᠡᠷᠭᠡ ᠦᠵᠡᠮᠵᠢ ᠵᠢᠨ ᠣᠷᠣᠨ ᠤ᠋ ᠠᠬᠤᠢ ᠲᠠᠯᠠᠪᠠᠢ ᠳ᠋ᠤ᠌᠂ 《ᠦᠵᠡᠰᠬᠦᠯᠡᠩᠲᠦ ᠰᠠᠢᠬᠠᠨ ᠮᠢᠨᠤ ᠨᠤᠲᠤᠭ》ᠭᠡᠬᠦ ᠤᠯᠤᠰ᠎ᠤᠨ ᠪᠠᠶᠠᠷ᠎ᠤᠨ ᠳᠠᠭᠤᠤ ᠬᠥᠭᠵᠢᠮ᠎ᠦᠨ ᠴᠤᠭᠯᠠᠭᠠᠨ᠂ ᠪᠤᠭᠤᠲᠤ᠎ᠶᠢᠨ ᠮᠢᠩᠭᠠᠨ ᠳ᠋ᠧᠩ᠎ᠦᠨ ᠴᠤᠭᠯᠠᠭᠠᠨ᠂ ᠲᠣᠣᠷᠠᠢ ᠤᠯᠢᠶᠠᠰᠤ ᠵᠢᠨ ᠤᠢ ᠪᠡᠷ ᠥᠪᠡᠷ ᠵᠢᠡᠨ ᠲᠡᠷᠭᠡ ᠵᠢᠯᠤᠭᠣᠳᠴᠤ ᠲᠣᠭᠣᠷᠢᠬᠤ ᠵᠡᠷᠭᠡ ᠠᠵᠢᠯᠯᠠᠭ᠎ᠠ ᠭᠠᠷᠭᠠᠪᠠ; ᠵᠢᠦᠶᠤᠸᠠᠨ᠎ᠤ ᠾᠧᠩ ᠱᠤ᠌ ᠵᠡᠭᠡᠯᠢ᠂ ᠳ᠋ᠦᠩ ᠳᠡ ᠱᠠᠨ ᠤᠷᠠᠯᠢᠭ᠋᠎ᠤᠨ ᠲᠥᠪ ᠵᠡᠷᠭᠡ《ᠪᠣᠳᠠᠰ᠎ᠤᠨ ᠪᠤᠰᠤ ᠰᠣᠶᠣᠯ᠎ᠤᠨ ᠥᠪ᠎ᠦᠨ ᠠᠮᠲᠠᠲᠤ ᠢᠳᠡᠭᠡᠨ》 ᠤ᠋ ᠠᠬᠤᠢ ᠲᠠᠯᠠᠪᠠᠢ᠎ᠳᠤ᠂ ᠪᠣᠳᠠᠰ᠎ᠤᠨ ᠪᠤᠰᠤ ᠰᠣᠶᠣᠯ᠎ᠤᠨ ᠥᠪ᠎ᠦᠨ ᠠᠮᠲᠠᠲᠤ ᠢᠳᠡᠭᠡᠨ᠎ᠢ ᠠᠮᠲᠠᠯᠠᠵᠤ᠂ ᠪᠣᠳᠠᠰ᠎ᠤᠨ ᠪᠤᠰᠤ ᠰᠣᠶᠣᠯ᠎ᠤᠨ ᠥᠪ᠎ᠦᠨ ᠤᠯᠠᠮᠵᠢᠯᠠᠯ᠎ᠢ ᠪᠡᠶᠡᠴᠢᠯᠡᠨ ᠣᠢᠯᠠᠭᠠᠵᠤ ᠪᠤᠯᠤᠨ᠎ᠠ; ᠪᠤᠭᠤᠲᠤ᠎ᠶᠢᠨ ᠶᠡᠬᠡ ᠲᠢᠶᠠᠲᠷ᠂ ᠪᠠᠭ᠎ᠠ ᠲᠢᠶᠠᠲᠷ ᠵᠡᠷᠭᠡ 《ᠲᠢᠶᠠᠲᠷ᠎ᠤᠨ ᠮᠠᠭᠲᠠᠭᠠᠯ》ᠤ᠋ᠨ ᠠᠬᠤᠢ ᠲᠠᠯᠠᠪᠠᠢ᠎ᠳᠤ᠂ ᠤᠯᠤᠰ᠎ᠤᠨ ᠪᠠᠶᠠᠷ᠎ᠤᠨ ᠨᠠᠢᠷᠠᠯ ᠬᠥᠭᠵᠢᠮ᠎ᠦᠨ ᠦᠳᠡᠰᠢᠯᠡᠭᠡ᠂ ᠵᠣᠭᠣᠭ ᠤ᠋ᠨ ᠱᠤᠹ᠂ ᠬᠡᠦᠬᠡᠳ᠎ᠦᠨ ᠵᠦᠴᠦᠭᠡ ᠲᠣᠬᠢᠷᠠᠭᠤᠯᠵᠤ᠂ ᠡᠯ᠎ᠡ ᠨᠠᠰᠤᠨ᠎ᠤ ᠵᠢᠭᠤᠯᠴᠢᠯᠠᠬ᠍ᠰᠠᠳ ᠲᠤ᠌ ᠴᠥᠮ ᠬᠠᠪᠤ ᠴᠡᠩᠭᠡᠯ᠎ᠢ ᠣᠯᠭᠣᠨ᠎ᠠ; ᠪᠤᠭᠤᠲᠤ᠎ᠶᠢᠨ ᠮᠦᠽᠧᠢ᠂ ᠤᠷᠠᠨ ᠵᠢᠷᠤᠭ᠎ᠤᠨ ᠣᠷᠳᠣᠨ ᠵᠡᠷᠭᠡ 《ᠰᠣᠶᠣᠯ᠎ᠤᠨ ᠦᠵᠡᠰᠭᠦᠯᠡᠩ》 ᠤ᠋ᠨ ᠠᠬᠤᠢ ᠲᠠᠯᠠᠪᠠᠢ᠎ᠳᠤ᠂ 《ᠡᠬᠡ ᠤᠯᠤᠰ᠎ᠤᠨ ᠮᠡᠨᠳᠦᠯᠡᠭᠰᠡᠨ ᠡᠳᠦᠷ᠎ᠢ ᠬᠠᠮᠲᠤ᠎ᠪᠠᠷ ᠪᠡᠯᠭᠡᠯᠡᠵᠦ ᠲᠡᠦᠬᠡᠨ ᠳᠤᠷᠠᠰᠬᠠᠯ ᠢ᠋ ᠤᠯᠠᠮᠵᠢᠯᠠᠬᠤᠢ》ᠣᠨᠴᠠᠭᠠᠢ ᠦᠵᠡᠰᠭᠦᠯᠡᠩ᠂ ᠤᠯᠤᠰ᠎ᠤᠨ ᠪᠠᠶᠠᠷ ᠪᠠ ᠨᠠᠢ᠍ᠮᠠᠨ ᠰᠠᠷ᠎ᠠ᠎ᠶᠢᠨ ᠲᠡᠷᠭᠡᠯ ᠪᠠᠶᠠᠷ᠎ᠤᠨ ᠤᠷᠠᠯᠢᠭ᠋᠎ᠤᠨ ᠪᠦᠲᠦᠭᠡᠯ᠎ᠦᠨ ᠴᠤᠭᠯᠠᠭᠠᠨ ᠲᠣᠬᠢᠷᠠᠭᠤᠯᠵᠤ᠂ ᠬᠤᠳᠠ᠎ᠶᠢᠨ ᠭᠦᠨ ᠵᠤᠵᠠᠭᠠᠨ ᠰᠣᠶᠣᠯ᠎ᠤᠨ ᠠᠭᠤᠯᠤᠭᠳᠠᠬᠤᠨ ᠢ᠋ ᠦᠵᠡᠭᠦᠯᠪᠡ;ᠸᠠᠩ ᠷᠥᠸᠧ ᠹᠧᠢ ᠵᠢᠨ ᠳᠤᠷᠠᠰᠬᠠᠯ᠎ᠤᠨ ᠣᠷᠳᠣᠨ᠂ ᠲᠢᠶᠠᠨ ᠾᠧ ᠵᠢᠮᠢᠰ ᠲᠡᠭᠦᠬᠦ ᠬᠦᠷᠢᠶᠡᠯᠡᠩ ᠵᠡᠷᠭᠡ《ᠬᠡᠦᠬᠡᠳ᠎ᠦᠨ ᠰᠤᠳᠤᠯᠤᠨ ᠰᠤᠷᠤᠯᠴᠠᠬᠤ ᠵᠤᠭ᠎ᠠ ᠴᠡᠩᠭᠡᠯ》ᠤ᠋ᠨ ᠠᠬᠤᠢ ᠲᠠᠯᠠᠪᠠᠢ᠎ᠳᠤ᠂ ᠭᠠᠢᠬᠠᠮᠰᠢᠭ᠍ᠲᠤ ᠣᠨ ᠰᠠᠷ᠎ᠠ᠎ᠶᠢ ᠲᠠᠭᠢᠨ ᠡᠷᠭᠢᠴᠡᠭᠦᠯᠬᠦ᠂ ᠬᠠᠯᠠᠭᠤᠨ ᠪᠦᠰᠡᠨ᠎ᠦ ᠪᠣᠷᠣᠭᠠᠨᠲᠤ ᠤᠢ᠎ᠶᠢᠨ ᠬᠠᠴᠢᠨ ᠭᠠᠢᠬᠠᠮᠰᠢᠭ᠍ᠲᠤ ᠠᠮᠢᠳᠠᠨ ᠵᠡᠷᠭᠡ ᠠᠵᠢᠯᠯᠠᠭ᠎ᠠ ᠲᠣᠬᠢᠷᠠᠭᠤᠯᠵᠤ᠂ ᠵᠢᠭᠤᠯᠴᠢᠯᠠᠬ᠍ᠰᠠᠳ ᠤ᠋ᠨ ᠤᠯᠤᠰ ᠵᠢᠡᠨ ᠬᠠᠢᠷᠠᠯᠠᠬᠤ ᠤᠭ ᠰᠠᠨᠠᠭ᠎ᠠ ᠶ᠋ᠢ ᠪᠠᠲᠤᠳᠬᠠᠵᠤ᠂ ᠡᠬᠡ ᠪᠠᠢᠭᠠᠯᠢ᠎ᠶᠢ ᠨᠡᠩ ᠳᠣᠲᠣᠨᠣᠴᠢᠯᠠᠬᠤ ᠪᠤᠯᠭᠠᠪᠠ;ᠪᠤᠭᠤᠲᠤ ᠳ᠋ᠡᠭᠢ ᠪᠠᠷᠠᠭᠤᠨ ᠪᠣᠭᠣᠮᠲᠠ ᠪᠡᠷ ᠭᠠᠷᠤᠭᠰᠠᠨ ᠲᠡᠦᠬᠡ ᠰᠣᠶᠣᠯ᠎ᠤᠨ ᠵᠡᠭᠡᠯᠢ ᠲᠣᠭᠣᠷᠢᠭ᠋᠂ ᠪᠤᠭᠤᠲᠤ᠎ᠶᠢᠨ ᠵᠢᠨ ᠵᠢᠶᠧ ᠵᠡᠭᠡᠯᠢ ᠵᠡᠷᠭᠡ《ᠪᠠᠷᠠᠭᠤᠨ ᠪᠣᠭᠣᠮᠲᠠ ᠪᠡᠷ ᠭᠠᠷᠤᠭᠰᠠᠨ ᠲᠦᠷᠦᠯ ᠰᠠᠳᠤᠨ᠎ᠢᠶᠠᠨ ᠡᠷᠭᠢᠨ ᠦᠵᠡᠬᠦ》 ᠠᠬᠤᠢ ᠲᠠᠯᠠᠪᠠᠢ᠎ᠳᠦ᠂ 《ᠬᠠᠭᠤᠴᠢᠨ ᠪᠤᠭᠤᠲᠤ》 ᠵᠢᠨ ᠰᠣᠶᠣᠯ᠎ᠤᠨ ᠲᠣᠬ᠍ᠯᠠᠯᠲᠠ᠂ ᠤᠯᠠᠮᠵᠢᠯᠠᠯᠲᠤ ᠵᠠᠩ ᠦᠢᠯᠡ᠎ᠶᠢ ᠪᠡᠶᠡᠴᠢᠯᠡᠨ ᠣᠢᠯᠠᠭᠠᠬᠤ ᠵᠡᠷᠭᠡ ᠠᠵᠢᠯᠯᠠᠭ᠎ᠠ ᠥᠷᠨᠢᠭᠦᠯᠵᠦ᠂ ᠵᠢᠭᠤᠯᠴᠢᠯᠠᠬ᠍ᠰᠠᠳ᠎ᠲᠤ ᠪᠠᠷᠠᠭᠤᠨ ᠪᠣᠭᠣᠮᠲᠠ ᠪᠡᠷ ᠭᠠᠷᠤᠭᠰᠠᠨ ᠰᠣᠶᠣᠯ᠎ᠤᠨ ᠭᠦᠨ ᠵᠤᠵᠠᠭᠠᠨ ᠰᠠᠭᠤᠷᠢ ᠪᠠ ᠤᠯᠠᠮᠵᠢᠯᠠᠯ᠎ᠢ ᠮᠡᠳᠡᠷᠡᠭᠦᠯᠦᠨ᠎ᠠ; ᠲᠤᠤ ᠮᠠ ᠭᠧᠦ ᠲᠠᠷᠢᠶᠠᠯᠠᠩ᠎ᠤᠨ ᠡᠳ᠋ᠯᠡᠩ᠂ ᠬᠡᠭᠡᠷ᠎ᠡ ᠪᠠᠭᠤᠳᠠᠯᠯᠠᠬᠤ ᠭᠠᠵᠠᠷ ᠵᠡᠷᠭᠡ《ᠬᠥᠳᠡᠭᠡ ᠲᠣᠰᠬᠣᠨ᠎ᠤ ᠪᠠᠶᠠᠷ ᠭᠦᠷ》 ᠤ᠋ᠨ ᠠᠬᠤᠢ ᠲᠠᠯᠠᠪᠠᠢ ᠳ᠋ᠤ᠌᠂ ᠱᠣᠭ ᠵᠦᠴᠦᠭᠡ᠂ ᠪᠣᠳᠠᠲᠤ ᠦᠵᠡᠭᠳᠡᠯᠲᠦ ᠵᠦᠴᠦᠭᠡ᠂ ᠬᠡᠭᠡᠷ᠎ᠡ ᠪᠠᠭᠤᠳᠠᠯᠯᠠᠬᠤ ᠵᠡᠷᠭᠡ ᠶ᠋ᠢ ᠲᠣᠬᠢᠷᠠᠭᠤᠯᠵᠤ᠂ ᠵᠢᠭᠤᠯᠴᠢᠯᠠᠬ᠍ᠰᠠᠳ ᠢ᠋ 《ᠲᠣᠭᠣᠷᠢᠨ ᠦᠵᠡᠭᠴᠢ》 ᠡᠴᠡ 《ᠣᠷᠣᠯᠴᠠᠭ᠍ᠴᠢ》 ᠪᠤᠯᠭᠠᠵᠤ᠂ ᠪᠠᠶᠠᠷ ᠪᠠᠶᠠᠰᠤᠯ᠎ᠢ ᠡᠳ᠋ᠯᠡᠭᠦᠯᠦᠨ᠎ᠡ᠃

《ᠬᠤᠪᠢᠰᠬᠠᠯ᠎ᠤᠨ ᠤᠯᠠ ᠮᠥᠷ·ᠤᠭ ᠰᠠᠨᠠᠭ᠎ᠠ ᠵᠢᠨ ᠭᠠᠵᠠᠷ》᠂ 《ᠪᠣᠯᠣᠳ ᠲᠡᠮᠦᠷ᠎ᠦᠨ ᠨᠢᠷᠤᠭᠤ· ᠪᠣᠯᠣᠳ ᠬᠤᠳᠠ᠎ᠶᠢᠨ ᠦᠳᠡᠰᠢ》᠂ 《ᠲᠠᠯ᠎ᠠ ᠨᠤᠲᠤᠭ᠎ᠤᠨ ᠨᠠᠮᠤᠷ·ᠮᠠᠯᠵᠢᠯ ᠤ᠋ᠨ ᠳᠠᠭᠤᠤ》᠂《ᠤᠷᠳᠤ ᠴᠠᠭᠠᠨ ᠬᠡᠷᠡᠮ᠎ᠦᠨ ᠳᠣᠲᠣᠨ᠎ᠠ ᠭᠠᠳᠠᠨ᠎ᠠ·ᠬᠢᠯᠢ ᠬᠢᠵᠠᠭᠠᠷ ᠤ᠋ᠨ ᠬᠠᠢᠷ᠎ᠠ ᠰᠡᠳᠬᠢᠯᠭᠡ》᠂ 《ᠬᠠᠳᠤᠨ ᠭᠣᠣᠯ᠎ᠤᠨ ᠭᠦᠪᠡᠭᠡ·ᠡᠷᠲᠡᠨ᠎ᠦ ᠥᠩᠭᠡ》᠂《ᠪᠣᠳᠠᠰ᠎ᠤᠨ ᠪᠤᠰᠤ ᠰᠣᠶᠣᠯ᠎ᠤᠨ ᠥᠪ᠎ᠢ ᠬᠠᠢᠬᠤᠢ·ᠤᠷᠠᠨ ᠳᠠᠷᠬᠠᠨ᠎ᠤ ᠰᠡᠳᠬᠢᠯ》᠂ 《ᠦᠵᠡᠰᠬᠦᠯᠡᠩᠲᠦ ᠨᠠᠢᠷᠠᠮᠳᠠᠭᠤ ᠬᠥᠳᠡᠭᠡ ᠲᠣᠰᠬᠣᠨ·ᠡᠯᠪᠡᠭ ᠬᠤᠷᠢᠶᠠᠯᠲᠠ᠎ᠶᠢᠨ ᠳᠠᠢᠯᠠᠯᠭ᠎ᠠ》᠂ 《ᠪᠠᠷᠠᠭᠤᠨ ᠪᠣᠭᠣᠮᠲᠠ᠎ᠶᠢᠨ ᠬᠠᠢᠷ᠎ᠠ ᠰᠡᠳᠬᠢᠯᠭᠡ·ᠨᠤᠲᠤᠭ ᠪᠤᠴᠠᠬᠤ ᠵᠠᠮ》᠂《ᠤᠷᠤᠰᠬᠠᠯᠲᠤ ᠵᠡᠭᠡᠯᠢ·ᠠᠮᠢᠳᠤᠷᠠᠯ ᠤ᠋ᠨ ᠠᠭᠤᠷ ᠠᠮᠢᠰᠬᠤᠯ》᠂ 《ᠰᠣᠶᠣᠯ ᠤ᠋ᠨ ᠦᠯᠡᠳᠡᠭᠳᠡᠯ》 ᠵᠡᠷᠭᠡ 10 ᠰᠣᠳᠣᠨ ᠵᠢᠭᠤᠯᠴᠢᠯᠠᠯ ᠤ᠋ᠨ ᠱᠤᠭᠤᠮ ᠨᠢ ᠥᠪᠡᠷᠮᠢᠴᠡ ᠰᠣᠶᠣᠯ ᠵᠢᠭᠤᠯᠴᠢᠯᠠᠯ᠎ᠤᠨ ᠳᠤᠷᠠᠰᠤᠮᠵᠢ ᠶ᠋ᠢ ᠬᠣᠯᠪᠣᠵᠤ᠂ ᠥᠷᠭᠡᠨ ᠣᠯᠠᠨ ᠵᠢᠭᠤᠯᠴᠢᠯᠠᠬ᠍ᠰᠠᠳ ᠲᠤ᠌ ᠬᠠᠳᠤᠨ ᠭᠣᠣᠯ᠎ᠤᠨ ᠰᠦᠷᠯᠢᠭ ᠰᠠᠢᠬᠠᠨ᠂ ᠠᠵᠤ ᠦᠢᠯᠡᠳᠪᠦᠷᠢ᠎ᠶᠢᠨ ᠰᠠᠭᠤᠷᠢ᠂ ᠪᠠᠷᠠᠭᠤᠨ ᠪᠣᠭᠣᠮᠲᠠ ᠵᠢᠨ ᠵᠠᠩ ᠦᠢᠯᠡ᠂ ᠬᠤᠳᠠ᠎ᠶᠢᠨ ᠠᠷᠠᠳ ᠤ᠋ᠨ ᠠᠮᠢᠳᠤᠷᠠᠯ ᠢ᠋ ᠣᠢᠯᠠᠭᠠᠭᠤᠯᠵᠤ᠂ 《ᠨᠢᠭᠡ ᠱᠤᠭᠤᠮ ᠵᠢᠡᠷ ᠤᠯᠠᠨ ᠵᠦᠢᠯ ᠢ᠋ ᠬᠠᠷᠠᠭᠤᠯᠬᠤ》  ᠶ᠋ᠢ  ᠪᠡᠶᠡᠯᠡᠭᠦᠯᠪᠡ᠃

ᠬᠠᠲᠤᠨ ᠭᠣᠣᠯ ᠡᠴᠡ ᠵᠡᠭᠡᠯᠢ ᠲᠣᠭᠣᠷᠢᠭ᠋ ᠭᠦᠷᠲᠡᠯ᠎ᠡ᠂ ᠬᠤᠳᠠᠯᠳᠤᠭᠠᠨ᠎ᠤ ᠲᠣᠭᠣᠷᠢᠭ᠋ ᠡᠴᠡ ᠬᠥᠳᠡᠭᠡ ᠲᠣᠰᠬᠣᠨ ᠭᠦᠷᠲᠡᠯ᠎ᠡ᠂ ᠪᠤᠭᠤᠲᠤ ᠬᠣᠲᠠ ᠡᠯᠪᠡᠭ ᠪᠠᠶᠠᠯᠢᠭ᠋ ᠣᠯᠠᠨ ᠡᠰᠢᠲᠦ ᠰᠣᠶᠣᠯ ᠵᠢᠭᠤᠯᠴᠢᠯᠠᠯ᠎ᠤᠨ ᠠᠵᠢᠯᠯᠠᠭ᠎ᠠ᠎ᠪᠠᠷ ᠠᠮᠠᠷᠠᠯᠲᠠ᠎ᠶᠢᠨ ᠡᠳᠦᠷ᠎ᠦᠨ ᠬᠡᠷᠡᠭᠯᠡᠭᠡ᠎ᠶᠢ ᠬᠥᠭᠵᠢᠭᠡᠪᠡ᠃  ᠤᠮᠠᠷᠠᠲᠤ ᠬᠢᠯᠢ᠎ᠶᠢᠨ ᠪᠤᠭᠤᠲᠤ ᠲᠠ ᠨᠠᠷ ᠵᠢᠡᠨ ᠪᠠᠶᠠᠷᠯᠠᠨ ᠤᠭᠲᠤᠬᠤ ᠴᠢᠩ ᠦᠨᠡᠨᠴᠢ ᠤᠷᠢᠯᠭ᠎ᠠ᠎ᠶᠢ ᠨᠢᠭᠡᠨᠲᠡ ᠲᠠᠷᠬᠠᠭᠠᠵᠤ᠂ ᠳᠦᠷᠪᠡᠨ ᠵᠦᠭ ᠨᠠᠢ᠍ᠮᠠᠨ ᠵᠣᠪᠬᠢᠰ᠎ᠤᠨ ᠵᠢᠭᠤᠯᠴᠢᠯᠠᠬ᠍ᠰᠠᠳ ᠡᠨᠡ ᠤᠳᠠᠭᠠᠨ᠎ᠤ ᠰᠣᠶᠣᠯ ᠵᠢᠭᠤᠯᠴᠢᠯᠠᠯ᠎ᠤᠨ ᠦᠪᠡᠳᠡᠭᠰᠢ ᠳᠠᠢᠯᠠᠯᠭ᠎ᠠ᠎ᠳᠤ ᠣᠷᠤᠯᠴᠠᠬᠤ᠎ᠶᠢ ᠬᠦᠯᠢᠶᠡᠵᠦ ᠪᠠᠢᠨ᠎ᠠ᠃

ᠢᠷᠡᠯᠲᠡ᠄ ᠲᠤᠮᠳᠠᠳᠤ ᠤᠯᠤᠰ᠎ᠤᠨ ᠮᠣᠩᠭᠣᠯ ᠬᠡᠯᠡᠨ᠎ᠤ ᠰᠣᠨᠢᠨ ᠮᠡᠳᠡᠭᠡ᠎ᠶᠢᠨ ᠰᠦᠯᠵᠢᠶ᠎ᠡ
          
ᠬᠠᠮᠢᠶ᠎ᠡ ᠪᠦᠬᠦᠢ ᠰᠣᠨᠢᠨ
 
            