ᠪᠤᠯᠤᠩ ᠡᠬᠢᠯᠡᠬᠦ ᠦᠭᠡ᠄
ᠥᠪᠥᠷ ᠮᠣᠩᠭᠣᠯ᠎ᠤᠨ ᠡᠬᠡ ᠭᠠᠵᠠᠷ ᠲᠤ᠌ ᠪᠣᠳᠠᠰ᠎ᠤᠨ ᠪᠤᠰᠤ ᠰᠣᠶᠣᠯ᠎ᠤᠨ ᠥᠪ ᠠᠮᠢᠵᠢᠷᠠᠯ᠎ᠤᠨ ᠬᠦᠴᠦᠨ ᠵᠢᠡᠷ ᠪᠢᠯᠬᠠᠮ᠎ᠠ ᠪᠠᠢᠳᠠᠭ᠃ ᠴᠠᠭᠠᠨ ᠢᠳᠡᠭᠡ ᠵᠢᠨ ᠠᠩᠬᠢᠯᠤᠮ᠎ᠠ ᠦᠨᠦᠷ ᠲᠤ᠌ ᠨᠡᠭᠦᠳᠡᠯᠴᠢᠨ ᠦᠨᠳᠦᠰᠦᠲᠡᠨ ᠠᠮᠢᠳᠤᠷᠠᠬᠤᠢ ᠵᠢᠨ ᠤᠬᠠᠭᠠᠨ ᠰᠢᠩᠭᠡᠵᠦ᠂ ᠮᠣᠷᠢᠨ ᠬᠤᠭᠤᠷ᠎ᠤᠨ ᠠᠶᠠᠯᠭᠤᠨ ᠤᠮᠠᠷᠠᠲᠤ ᠬᠢᠯᠢ ᠵᠢᠨ ᠬᠥᠪᠡᠭᠦᠳ ᠥᠬᠢᠳ᠎ᠤᠨ ᠥᠭᠡᠳᠡᠷᠬᠡᠭ ᠰᠡᠳᠬᠢᠯᠭᠡ ᠶ᠋ᠢ ᠴᠢᠪᠬᠠᠳᠠᠨ᠎ᠠ᠃ ᠮᠥᠩᠭᠥᠨ ᠲᠠᠷᠬᠠᠨ ᠴᠠᠭ ᠦᠶ᠎ᠡ ᠶ᠋ᠢ ᠵᠠᠭᠠᠭᠯᠠᠭᠰᠠᠨ ᠬᠡ ᠤᠭᠠᠯᠵᠠ ᠶ᠋ᠢ ᠰᠡᠢᠯᠵᠤ᠂ ᠴᠠᠭᠠᠰᠤᠨ ᠬᠠᠢᠴᠢᠯᠠᠮᠠᠯ ᠦᠨᠳᠦᠰᠦᠲᠡᠨ᠎ᠤ ᠤᠷᠠᠯᠢᠭ᠋᠎ᠤᠨ ᠭᠤᠸ᠎ᠠ ᠰᠠᠢᠬᠠᠨ᠎ᠢ ᠭᠠᠢᠬᠠᠭᠤᠯᠤᠨ᠎ᠠ ᠁ ᠡᠨᠡ ᠪᠦᠭᠦᠨ ᠲᠠᠯ᠎ᠠ ᠨᠤᠲᠤᠭ᠎ᠤᠨ ᠪᠣᠯᠪᠠᠰᠤᠨ᠎ᠤ ᠤᠨᠲᠠᠷᠠᠰᠢ ᠦᠭᠡᠢ ᠭᠠᠯ ᠪᠤᠯᠬᠤ ᠪᠡᠷ ᠦᠯᠦ ᠪᠠᠷᠠᠮ ᠴᠠᠭ ᠬᠤᠭᠤᠴᠠᠭ᠎ᠠ ᠪᠣᠯᠣᠨ ᠤᠷᠠᠨ ᠲᠠᠷᠬᠠᠨ ᠬᠠᠮᠲᠤ ᠪᠡᠷ ᠳᠠᠪᠲᠠᠭᠰᠠᠨ ᠰᠣᠶᠣᠯ᠎ᠤᠨ ᠦᠨᠡᠲᠦ ᠡᠷᠳᠡᠨᠢ ᠪᠣᠯᠣᠨ᠎ᠠ᠃ ᠪᠣᠯᠪᠠᠰᠤᠨ᠎ᠤ ᠤᠯᠠᠮᠵᠢᠯᠠᠯ᠂ ᠭᠡᠷᠡᠯ ᠰᠡᠭᠦᠳᠡᠷ᠎ᠤᠨ ᠭᠡᠷᠡᠴᠢᠯᠡᠯ᠃ ᠲᠤᠰ ᠳ᠋ᠤᠭᠠᠷ ᠡᠴᠡ ᠡᠬᠢᠯᠡᠵᠦ 《ᠪᠣᠳᠠᠰ᠎ᠤᠨ ᠪᠤᠰᠤ ᠰᠣᠶᠣᠯ᠎ᠤᠨ ᠥᠪ᠎ᠢ ᠵᠢᠷᠤᠭ ᠵᠢᠡᠷ ᠥᠭᠦᠯᠡᠬᠦᠢ》 ᠲᠤᠰᠬᠠᠢ ᠪᠤᠯᠤᠩ ᠨᠡᠭᠡᠭᠡᠵᠦ᠂ ᠥᠪᠥᠷ ᠮᠣᠩᠭᠣᠯ᠎ᠤᠨ ᠪᠣᠳᠠᠰ᠎ᠤᠨ ᠪᠤᠰᠤ ᠰᠣᠶᠣᠯ᠎ᠤᠨ ᠥᠪ᠎ᠤᠨ ᠭᠦᠨ ᠵᠤᠵᠠᠭᠠᠨ ᠠᠭᠤᠯᠬᠤᠨ ᠪᠣᠯᠣᠨ ᠴᠠᠭ ᠦᠶ᠎ᠡ ᠵᠢᠨ ᠭᠡᠷᠡᠯ ᠭᠢᠯᠪᠠᠭ᠎ᠠ ᠶ᠋ᠢ ᠬᠠᠷᠠᠭᠤᠯᠬᠤ ᠪᠣᠯᠣᠨ᠎ᠠ᠃ ᠲᠠᠭᠠᠯᠠᠨ ᠰᠣᠨᠢᠷᠬᠠᠮᠤ!
ᠲᠤᠷᠤᠨ᠎ᠠ ᠵᠢᠭᠠᠬᠠᠨ ᠬᠡᠰᠡᠭ ᠬᠤᠷᠤᠳᠢ ᠳᠤ ᠬᠢᠬᠦ ᠭᠱᠠᠨ᠎ᠳᠤ ᠤᠨᠴᠠᠭᠠᠢ ᠰᠠᠢᠬᠠᠨ ᠦᠨᠦᠷ ᠠᠮᠲᠠ ᠠᠩᠬᠢᠯᠤᠨ᠂ ᠪᠣᠳᠠᠰ᠎ᠤᠨ ᠪᠤᠰᠤ ᠰᠣᠶᠣᠯ᠎ᠤᠨ ᠥᠪ ᠪᠣᠯᠣᠨ ᠴᠠᠭ᠎ᠤᠨ ᠤᠷᠤᠰᠬᠠᠯ ᠢᠩᠭᠢᠵᠦ ᠠᠭᠤᠰᠤᠯᠴᠠᠨ᠂ ᠰᠢᠯᠢ ᠵᠢᠨ ᠭᠣᠣᠯ᠎ᠤᠨ ᠴᠠᠭᠠᠨ ᠢᠳᠡᠭᠡ ᠪᠣᠯᠣᠨ ᠱᠠᠩᠬᠠᠢ ᠵᠢᠨ ᠤᠷᠤᠢᠳᠠᠵᠤ ᠤᠴᠠᠷᠠᠭᠰᠠᠨ᠎ᠳᠠᠭᠠᠨ ᠬᠠᠷᠠᠭᠤᠰᠤᠨ᠎ᠠ᠃ ᠡᠨᠡ ᠪᠣᠯ ᠪᠠᠷᠢᠮᠲᠠᠲᠤ ᠹᠢᠯᠢᠮ᠎ᠤᠨ ᠨᠢᠭᠡᠨ ᠦᠵᠡᠭᠳᠡᠯ ᠪᠣᠯᠣᠨ᠎ᠠ᠃

ᠰᠢᠨᠡᠬᠡᠨ ᠬᠢᠭᠰᠡᠨ ᠴᠠᠭᠠᠨ ᠢᠳᠡᠭᠡ
ᠴᠠᠭᠠᠨ ᠢᠳᠡᠭᠡ ᠪᠣᠯ ᠴᠤᠯ ᠰᠦ ᠪᠡᠷ ᠬᠢᠭᠰᠡᠨ ᠪᠦᠲᠦᠭᠡᠭᠳᠡᠬᠦᠨ ᠪᠠᠢᠵᠤ᠂ ᠲᠦᠷᠦᠯ ᠵᠦᠢᠯ ᠨᠢ ᠤᠯᠠᠨ᠂ ᠦᠨᠦᠷ ᠠᠮᠲᠠ ᠰᠠᠢᠲᠠᠢ᠂ ᠰᠢᠮ᠎ᠡ ᠲᠡᠵᠢᠭᠡᠯ ᠡᠯᠪᠡᠭ ᠪᠠᠢᠳᠠᠭ᠃ 2014 ᠣᠨ᠎ᠳᠤ᠂ ᠴᠠᠭᠠᠨ ᠢᠳᠡᠭᠡ ᠬᠢᠬᠦ ᠮᠡᠷᠭᠡᠵᠢᠯ (ᠴᠠᠭᠠᠨ ᠢᠳᠡᠭᠡ) ᠨᠢ ᠳᠥᠷᠪᠡᠳᠦᠭᠡᠷ ᠪᠦᠯᠦᠭ᠎ᠤᠨ ᠤᠯᠤᠰ᠎ᠤᠨ ᠲᠡᠰ᠎ᠤᠨ ᠪᠣᠳᠠᠰ᠎ᠤᠨ ᠪᠤᠰᠤ ᠰᠣᠶᠣᠯ᠎ᠤᠨ ᠥᠪ᠎ᠤᠨ ᠲᠥᠯᠥᠭᠡᠯᠡᠭᠴᠢ ᠴᠢᠨᠠᠷᠲᠠᠢ ᠲᠦᠷᠦᠯ ᠵᠦᠢᠯ᠎ᠤᠨ ᠨᠡᠷᠡᠰ᠎ᠤᠨ ᠵᠢᠭ᠍ᠰᠠᠭᠠᠯᠲᠠ᠎ᠳᠤ ᠪᠦᠷᠢᠳᠬᠡᠭᠦᠯᠵᠡᠢ᠃
ᠪᠣᠳᠠᠰ᠎ᠤᠨ ᠪᠤᠰᠤ ᠰᠣᠶᠣᠯ᠎ᠤᠨ ᠥᠪ᠎ᠤᠨ ᠵᠢᠵᠢᠭ ᠮᠡᠳᠡᠯᠭᠡ᠄
ᠴᠠᠭᠠᠨ ᠢᠳᠡᠭᠡ ᠬᠢᠬᠦ ᠮᠡᠷᠭᠡᠵᠢᠯ ᠪᠣᠯ ᠮᠣᠩᠭᠣᠯ ᠦᠨᠳᠦᠰᠦᠲᠡᠨ᠎ᠤ ᠤᠯᠠᠮᠵᠢᠯᠠᠯᠲᠤ ᠴᠠᠭᠠᠨ ᠢᠳᠡᠭᠡ ᠪᠤᠯᠪᠠᠰᠤᠷᠠᠭᠤᠯᠬᠤ ᠮᠡᠷᠭᠡᠵᠢᠯ ᠪᠠᠢᠵᠤ᠂ ᠴᠤᠯ ᠰᠦ ᠪᠡᠷ ᠬᠢᠳᠡᠭ᠃ ᠪᠦᠲᠦᠭᠡᠭᠳᠡᠬᠦᠨ ᠨᠢ 30 ᠭᠠᠷᠤᠢ ᠲᠦᠷᠦᠯ ᠵᠦᠢᠯ ᠪᠠᠢᠳᠠᠭ᠃ ᠦᠨᠳᠦᠰᠦᠨ ᠮᠡᠷᠭᠡᠵᠢᠯ ᠨᠢ ᠪᠣᠯ ᠲᠦᠭᠦᠬᠡᠢ ᠰᠦ ᠪᠠᠨ ᠡᠭᠡᠳᠡᠭᠦᠯᠵᠦ᠂ ᠰᠢᠷᠠᠰᠤ ᠶ᠋ᠢ ᠨᠢ ᠢᠯᠭᠠᠷᠠᠭᠤᠯᠤᠨ᠂ ᠵᠥᠭᠡᠯᠡᠨ ᠭᠠᠯ ᠵᠢᠡᠷ ᠪᠤᠴᠠᠯᠭᠠᠵᠤ ᠨᠤᠬᠤᠬᠤ ᠵᠡᠷᠭᠡ ᠶᠠᠪᠤᠴᠠ ᠶ᠋ᠢ ᠲᠠᠮᠵᠢᠵᠤ᠂ ᠠᠳᠠᠯᠢ ᠪᠤᠰᠤ ᠵᠢᠨ ᠲᠦᠷᠦᠯ ᠵᠦᠢᠯ᠎ᠤᠨ ᠴᠠᠭᠠᠨ ᠢᠳᠡᠭᠡ ᠶ᠋ᠢ ᠪᠤᠯᠪᠠᠰᠤᠷᠠᠭᠤᠯᠵᠤ ᠭᠠᠷᠭᠠᠳᠠᠭ᠃ ᠴᠠᠭᠠᠨ ᠢᠳᠡᠭᠡᠨ ᠪᠤᠯᠪᠠᠰᠤᠷᠠᠭᠤᠯᠬᠤ ᠮᠡᠷᠭᠡᠵᠢᠯ ᠪᠤᠳᠤᠯᠢᠶᠠᠨᠲᠠᠢ᠂ ᠲᠠᠰ ᠲᠠᠷᠠᠭ᠎ᠠ ᠨᠢ ᠨᠠᠷᠢᠯᠢᠭ᠋᠂ ᠤᠷ᠎ᠠ ᠮᠡᠷᠭᠡᠵᠢᠯ᠎ᠤᠨ ᠱᠠᠭᠠᠷᠳᠠᠯᠭ᠎ᠠ ᠥᠨᠳᠥᠷ ᠪᠠᠢᠳᠠᠭ᠃ 2014 ᠣᠨ᠎ᠳᠤ᠂ ᠴᠠᠭᠠᠨ ᠢᠳᠡᠭᠡ ᠬᠢᠬᠦ ᠮᠡᠷᠭᠡᠵᠢᠯ (ᠴᠠᠭᠠᠨ ᠢᠳᠡᠭᠡ) ᠳᠥᠷᠪᠡᠳᠦᠭᠡᠷ ᠪᠦᠯᠦᠭ᠎ᠤᠨ ᠤᠯᠤᠰ᠎ᠤᠨ ᠲᠡᠰ᠎ᠤᠨ ᠪᠣᠳᠠᠰ᠎ᠤᠨ ᠪᠤᠰᠤ ᠰᠣᠶᠣᠯ᠎ᠤᠨ ᠥᠪ᠎ᠤᠨ ᠲᠥᠯᠥᠭᠡᠯᠡᠬᠦ ᠴᠢᠨᠠᠷᠲᠠᠢ ᠲᠦᠷᠦᠯ ᠵᠦᠢᠯ᠎ᠤᠨ ᠨᠡᠷᠡᠰ᠎ᠤᠨ ᠵᠢᠭ᠍ᠰᠠᠭᠠᠯᠲᠠ᠎ᠳᠤ ᠪᠦᠷᠢᠳᠬᠡᠭᠦᠯᠵᠡᠢ᠃