ᠤᠯᠤᠰ᠎ᠤᠨ ᠡᠷᠡᠭᠦᠯ ᠬᠠᠮᠠᠭᠠᠯᠠᠯ ᠡᠷᠡᠭᠦᠯ ᠮᠡᠨᠳᠦ᠎ᠶᠢᠨ ᠵᠥᠪᠯᠡᠯ 8᠎ᠤ ᠡᠳᠦᠷ ᠰᠣᠨᠢᠨ ᠮᠡᠳᠡᠭᠡ ᠨᠡᠶ᠋ᠢᠲᠡᠯᠡᠬᠦ ᠬᠤᠷᠠᠯ ᠬᠢᠪᠠ᠃ ᠬᠤᠷᠠᠯ ᠳᠡᠭᠡᠷ᠎ᠡ ᠲᠠᠨᠢᠯᠴᠠᠭᠤᠯᠬᠤ᠎ᠳᠠᠭᠠᠨ ᠂ 8᠎ᠤ ᠡᠳᠦᠷ᠎ᠠᠴᠠ ᠡᠬᠢᠯᠡᠨ ᠂ ᠬᠡᠦᠬᠡᠳ ᠦᠰᠭᠡᠨ ᠪᠣᠶ᠋ᠢᠵᠢᠭᠤᠯᠬᠤ ᠨᠥᠬᠥᠪᠥᠷᠢ ᠭᠤᠶᠤᠴᠢᠯᠠᠨ ᠠᠪᠬᠤ ᠶᠠᠪᠤᠳᠠᠯ᠎ᠢ ᠵᠢᠩᠬᠢᠨᠢ᠎ᠪᠠᠷ ᠪᠥᠬᠥ ᠲᠠᠯ᠎ᠠ᠎ᠪᠠᠷ ᠴᠢᠯᠥᠭᠡᠲᠡᠶ ᠪᠤᠯᠭᠠᠪᠠ ᠂ 《 ᠲᠣᠭᠠᠴᠠᠭ᠎ᠠ ᠬᠢᠬᠦ ᠡᠷᠳᠡᠨᠢ 》 ᠂ ᠸᠢᠴᠠᠲ ᠪᠠ ᠡᠯ᠎ᠡ ᠮᠤᠵᠢ᠎ᠶᠢᠨ ᠵᠠᠰᠠᠭ᠎ᠤᠨ ᠶᠠᠪᠤᠳᠠᠯ᠎ᠤᠨ ᠤᠢᠯᠡᠴᠢᠯᠡᠭᠡᠨ᠎ᠤ ᠲᠠᠪᠴᠠᠩ᠎ᠢᠶᠠᠷ ᠳᠠᠮᠵᠢᠨ ᠰᠦᠯᠵᠢᠶᠡᠨ ᠳᠡᠭᠡᠷ᠎ᠡ ᠭᠤᠶᠤᠴᠢᠯᠠᠨ ᠠᠪᠴᠤ ᠪᠤᠯᠬᠤ ᠪᠦᠭᠡᠳ ᠪᠠᠰᠠ ᠨᠢᠯᠬ᠎ᠠ ᠬᠡᠦᠬᠡᠳ᠎ᠤᠨ ᠡᠷᠦᠬᠡ ᠠᠮᠠ᠎ᠶᠢᠨ ᠲᠠᠩᠰᠠ ᠪᠠᠶ᠋ᠢᠭ᠎ᠠ ᠭᠠᠵᠠᠷ᠎ᠤᠨ ᠰᠢᠶᠠᠩ ᠪᠠᠯᠭᠠᠰᠤᠨ᠎ᠤ ᠵᠠᠰᠠᠭ᠎ᠤᠨ ᠣᠷᠳᠣᠨ᠎ᠳᠤ ᠬᠦᠷᠴᠦ ᠭᠤᠶᠤᠴᠢᠯᠠᠨ ᠠᠪᠴᠤ ᠪᠣᠯᠤᠨ᠎ᠠ ᠃
ᠣᠶ᠋ᠢᠷ᠎ᠠ᠎ᠳᠤ ᠂ ᠵᠠᠷᠢᠮ ᠬᠠᠤᠯᠢ ᠪᠤᠰᠤ ᠡᠲᠡᠭᠡᠳ ᠮᠠᠭᠤ ᠰᠠᠨᠠᠭ᠎ᠠ ᠡᠪᠦᠷᠯᠡᠨ ᠂ ᠣᠬᠣᠷ ᠮᠡᠳᠡᠭᠡ ᠂ ᠨᠡᠶ᠋ᠢᠭᠡᠮ᠎ᠤᠨ ᠬᠠᠷᠢᠯᠴᠠᠭᠠᠨ᠎ᠤ ᠲᠠᠪᠴᠠᠩ᠎ᠢᠶᠠᠷ ᠳᠠᠮᠵᠢᠭᠤᠯᠤᠨ ᠬᠤᠳᠠᠯ ᠬᠠᠭᠤᠷᠮᠠᠭ ᠭᠤᠶᠤᠴᠢᠯᠠᠨ ᠠᠪᠬᠤ ᠮᠡᠳᠡᠭᠳᠡᠯ ᠲᠠᠷᠬᠠᠭᠠᠨ ᠮᠡᠬᠡᠯᠡᠯ ᠬᠢᠵᠦ ᠪᠠᠶ᠋ᠢᠨ᠎ᠠ ᠃
ᠵᠠᠷᠢᠮ ᠬᠠᠤᠯᠢ ᠪᠤᠰᠤ ᠡᠲᠡᠭᠡᠳ ᠨᠢ ᠪᠠᠰᠠ ᠵᠠᠰᠠᠭ᠎ᠤᠨ ᠣᠷᠳᠣᠨ᠎ᠤ ᠰᠠᠯᠠᠭ᠎ᠠ ᠮᠥᠴᠢᠷ᠎ᠢᠶᠠᠷ ᠣᠪᠯᠠᠬᠤ ᠪᠤᠶᠤ ᠡᠰᠡᠬᠦᠯ᠎ᠡ 《 ᠤᠯᠤᠰ᠎ᠤᠨ ᠵᠠᠰᠠᠭ᠎ᠤᠨ ᠶᠠᠪᠤᠳᠠᠯ᠎ᠤᠨ ᠤᠢᠯᠡᠴᠢᠯᠡᠭᠡᠨ᠎ᠤ ᠲᠠᠪᠴᠠᠩ 》᠎ᠤᠨ ᠲᠡᠮᠳᠡᠭ᠎ᠢ ᠬᠤᠯᠠᠭᠠᠶ᠋ᠢᠯᠠᠨ ᠬᠡᠷᠡᠭᠯᠡᠬᠦ᠎ᠪᠠᠷ ᠳᠠᠮᠵᠢᠨ ᠂ ᠳᠠᠭᠤᠷᠢᠶᠠᠮᠠᠯ ᠰᠦᠯᠵᠢᠶᠡᠨ᠎ᠤ ᠥᠷᠲᠡᠭᠡ᠎ᠶᠢ ᠪᠠᠶ᠋ᠢᠭᠤᠯᠵᠤ ᠪᠤᠢ ᠂ ᠡᠭᠦᠨ ᠳ᠋ᠥ ᠬᠡᠷᠪᠡ ᠪᠠᠩᠬᠢ᠎ᠶᠢᠨ ᠺᠠᠷᠲ ᠂ ᠰᠢᠯᠭᠠᠨ ᠪᠠᠲᠤᠯᠠᠬᠤ ᠺᠣᠳ᠋ ᠵᠡᠷᠭᠡ ᠮᠡᠳᠡᠭᠡ ᠵᠠᠩᠭᠢ ᠪᠡᠨ ᠣᠷᠣᠭᠤᠯᠬᠤ ᠳ᠋ᠥ ᠬᠦᠷᠪᠡᠯ ᠬᠠᠳᠠᠭᠠᠯᠠᠮᠵᠢ᠎ᠶᠢᠨ ᠵᠣᠭᠣᠰ ᠴᠢᠨᠢ ᠲᠡᠷᠡ ᠲᠤᠣᠷ᠎ᠠ ᠪᠠᠨ ᠠᠯᠠᠭ᠎ᠠ ᠪᠣᠯᠳᠠᠭ ᠃
ᠵᠠᠷᠢᠮ ᠮᠡᠬᠡᠯᠡᠭᠴᠢᠳ ᠡᠬᠡ ᠨᠢᠯᠬᠠᠰ᠎ᠤᠨ ᠬᠤᠯᠪᠤᠭ᠎ᠠ ᠂ ᠬᠡᠷ᠎ᠤᠨ ᠠᠬᠠᠮᠠᠳ᠎ᠤᠨ ᠬᠤᠯᠪᠤᠭ᠎ᠠ ᠳ᠋ᠥ ᠰᠢᠷᠭᠤᠨ ᠤᠷᠤᠭᠠᠳ《 ᠵᠥᠪᠬᠡᠨ 20 ᠬᠥᠮᠦᠨ ᠊ᠣ ᠲᠤᠭ᠎ᠠ ᠦᠯᠡᠳᠡᠵᠦ ᠪᠠᠶ᠋ᠢᠨ᠎ᠠ ! ᠲᠠᠷᠤᠢ ᠲᠦᠷᠭᠡᠨ ᠺᠣᠳ᠋ ᠢ᠋ ᠰᠢᠷᠪᠢᠭᠡᠷᠡᠢ 》 ᠬᠡᠬᠦ ᠮᠡᠳᠦ ᠵᠢᠨ ᠬᠤᠳᠠᠯ ᠬᠠᠭᠤᠷᠮᠠᠭ ᠮᠡᠳᠡᠭᠡ ᠵᠠᠩᠭᠢ ᠲᠠᠯᠪᠢᠵᠦ ᠂ ᠬᠡᠷ᠎ᠤᠨ ᠠᠬᠠᠮᠠᠳ᠎ᠤᠨ ᠵᠣᠪᠠᠨᠢᠯ᠎ᠢ ᠪᠣᠶ ᠪᠣᠯᠭᠠᠬᠤ᠎ᠪᠠᠷ ᠭᠤᠷᠢᠳᠠᠵᠦ ᠪᠤᠢ ᠬᠡᠪᠡ᠃