ᠦᠨᠡᠨ ᠪᠠᠢᠳᠠᠯ᠎ᠤᠨ ᠲᠠᠢᠯᠤᠮᠵᠢ ᠄
ᠲᠤᠢᠯ᠎ᠤᠨ ᠠᠶᠤᠯᠲᠠᠢ ! ᠲᠠᠮᠠᠬᠢ ᠲᠠᠲᠠᠬᠤ ᠦᠶᠡᠰ ᠡᠭᠦᠰᠦᠭᠰᠡᠨ ᠭᠠᠯ ᠳᠤᠯᠠᠭᠠᠨ᠎ᠤ ᠬᠡᠮᠵᠢᠶ᠎ᠡ ᠮᠠᠰᠢ ᠥᠨᠳᠥᠷ᠃ ᠣᠷᠣ᠌ ᠳᠡᠭᠡᠷ᠎ᠡ ᠪᠤᠶᠤ ᠱᠠᠹᠠ ᠳᠡᠭᠡᠷ᠎ᠡ ᠲᠠᠮᠠᠬᠢ ᠲᠠᠲᠠᠬᠤ᠎ᠳᠤ ᠂ ᠬᠥᠮᠥᠨ ᠮᠠᠰᠢ ᠠᠮᠠᠷᠬᠠᠨ ᠶᠠᠳᠠᠷᠠᠬᠤ ᠪᠤᠶᠤ ᠠᠷᠢᠬᠢᠨ᠎ᠳᠤ ᠰᠣᠭᠲᠣᠭᠰᠠᠨ ᠪᠠᠢᠳᠠᠯ ᠳᠣᠣᠷ᠎ᠠ ᠤᠨᠲᠠᠳᠠᠭ ᠂ ᠲᠠᠮᠠᠬᠢᠨ ᠤᠵᠠᠭᠤᠷ ᠪᠤᠶᠤ ᠭᠠᠯ ᠣᠴᠢ ᠤᠨᠠᠪᠠᠯ᠂ ᠦᠳᠲᠡᠷ ᠲᠦᠷᠭᠡᠨ ᠬᠥᠪᠥᠩ ᠬᠥᠨᠵᠢᠯᠡ᠂ ᠱᠠᠹᠠ ᠂ ᠬᠡᠪᠢᠰ ᠵᠡᠷᠭᠡ ᠪᠣᠳᠠᠰ᠎ᠢ ᠨᠣᠴᠣᠭᠠᠵᠤ᠂ ᠭᠠᠯ᠎ᠤᠨ ᠠᠶᠤᠯ ᠡᠭᠦᠰᠬᠡᠳᠡᠭ ᠂ ᠡᠢᠮᠦᠷᠬᠦᠦ ᠡᠨᠳᠡᠭᠳᠡᠯ ᠬᠠᠷᠠᠭᠳᠠᠳᠠᠭ᠃
ᠵᠥᠪ ᠠᠷᠭ᠎ᠠ ᠄
1᠂ ᠣᠷᠣ᠌ ᠳᠡᠭᠡᠷ᠎ᠡ ᠬᠡᠪᠲᠡᠵᠦ ᠲᠠᠮᠠᠬᠢ ᠲᠠᠲᠠᠬᠤ᠎ᠶᠢ ᠡᠷᠡᠰ ᠴᠠᠭᠠᠵᠠᠯᠠᠨ᠎ᠠ ᠄ ᠣᠷᠣ᠌ ᠂ ᠱᠠᠹᠠ ᠵᠡᠷᠭᠡ ᠵᠥᠭᠡᠯᠡᠨ ᠠᠮᠠᠷᠬᠠᠨ ᠨᠣᠴᠣᠬᠤ ᠪᠣᠳᠠᠰ ᠳᠡᠭᠡᠷ᠎ᠡ ᠶᠠᠭᠠᠬᠢᠭ᠍ᠰᠠᠨ ᠴᠤ᠌ ᠲᠠᠮᠠᠬᠢ ᠲᠠᠲᠠᠵᠤ ᠪᠣᠯᠬᠤ ᠦᠭᠡᠢ᠃
2᠂ ᠲᠣᠭᠲᠠᠮᠠᠯ ᠣᠷᠣᠨ᠎ᠳᠤ ᠲᠠᠮᠠᠬᠢ ᠲᠠᠲᠠᠬᠤ ᠬᠡᠷᠡᠭᠲᠡᠢ ᠄ ᠲᠣᠭᠲᠠᠭᠰᠠᠨ ᠂ ᠲᠠᠮᠠᠬᠢᠨ ᠦᠨᠡᠰᠦᠨ᠎ᠦ ᠰᠠᠪᠠ ᠲᠣᠬᠢᠷᠠᠭᠤᠯᠤᠭᠰᠠᠨ ᠣᠷᠣᠨ᠎ᠳᠤ ᠲᠠᠮᠠᠬᠢ ᠲᠠᠲᠠᠬᠤ ᠬᠡᠷᠡᠭᠲᠡᠢ᠃
3᠂ ᠪᠦᠷᠢᠮᠦᠰᠦᠨ ᠤᠨᠲᠠᠷᠠᠭᠠᠬᠤ᠎ᠶᠢ ᠪᠠᠲᠤᠯᠠᠬᠤ ᠬᠡᠷᠡᠭᠲᠡᠢ᠄ ᠲᠠᠮᠠᠬᠢᠨ ᠤᠵᠠᠭᠤᠷ ᠡᠷᠬᠡᠪᠰᠢ ᠲᠠᠮᠠᠬᠢᠨ ᠦᠨᠡᠰᠦᠨ ᠰᠠᠪᠠᠨ᠎ᠳᠤ ᠪᠦᠷᠢᠮᠦᠰᠦᠨ ᠴᠢᠮᠬᠢᠵᠦ ᠤᠨᠲᠠᠷᠠᠭᠠᠨ᠎ᠠ ᠂ ᠴᠠᠭᠠᠰᠤᠨ ᠰᠠᠪᠠ ᠪᠤᠶᠤ ᠬᠣᠭ ᠰᠠᠪᠠᠨ᠎ᠳᠤ ᠳᠤᠷ᠎ᠠ᠎ᠪᠠᠷ ᠬᠠᠶᠠᠵᠤ ᠪᠣᠯᠬᠤ ᠦᠭᠡᠢ᠃